ᠲᠡᠷᠢᠭᠦᠨ ᠬᠠᠭᠤᠳᠠᠰᠤ   -   ᠳᠤᠮᠳᠠᠳᠤ᠎ᠶᠢ ᠦᠭᠦᠯᠡᠬᠦᠢ
ᠲᠠᠡᠭ ᠤᠯᠤᠰ᠎ᠤᠨ ᠦᠶ᠎ᠡ᠎ᠳᠤ ᠴᠠᠢ ᠶᠠᠭ᠋ᠠᠬᠢᠭ᠋ᠠᠤᠨ ᠬᠢᠯᠢ ᠬᠢᠵᠠᠭ᠋ᠠᠷ ᠪᠤᠭᠤᠮᠳᠠ ᠵᠢᠨ ᠭᠠᠳᠠᠨ᠎ᠠ ᠤᠯᠠᠮᠵᠢᠯᠠᠭᠳᠠᠨ ᠬᠦᠷᠦᠭᠰᠡᠨ ᠪᠤᠢ
ᠨᠡᠶ᠋ᠢᠲᠡᠯᠡᠭᠰᠡᠨ ᠴᠠᠭ᠄ 2023-09-21

                                               ᠰᠦᠩ ᠱ᠌ᠢ ᠯᠸᠢ 
                                                ᠯᠢᠤ ᠮᠸᠩ ᠯᠢᠩ

     

       ᠲᠠᠡᠭ ᠤᠯᠤᠰ᠎ᠤᠨ ᠦᠶ᠎ᠡ᠎ᠳᠤ᠂ ᠬᠢᠯᠢ ᠬᠢᠵᠠᠭ᠋ᠠᠷ᠎ᠤᠨ ᠨᠡᠬᠦᠳᠡᠯᠴᠢᠨ ᠦᠨᠳᠤᠰᠤᠳᠡᠨ᠎ᠨᠦᠭᠦᠳ᠎ᠤᠨ ᠠ᠋ᠳᠤᠷ ᠲᠤᠳᠤᠮ᠎ᠤᠨ ᠢᠳᠡᠬᠡᠨ ᠤᠮᠳᠠᠭ᠋ᠠᠨ᠎ᠨᠢ ᠭᠤᠤᠯᠳᠠᠭᠤ ᠤᠯᠠᠭ᠋ᠠᠨ ᠢᠳᠡᠭᠡᠨ᠂ ᠴᠠᠭ᠋ᠠᠨ ᠢᠳᠡᠬᠡᠨ ᠪᠠᠶ᠋ᠢᠬᠰᠠᠨ ᠪᠤᠯᠬᠤᠷ᠂ ᠢᠳᠡᠭᠡᠨ ᠤᠮᠳᠠᠭ᠋ᠠᠨ᠎ᠳᠤ᠎ᠨᠢ ᠤᠭᠤᠷᠠᠭ ᠪᠠ ᠦᠬᠡᠬᠦ ᠵᠢᠨ ᠠᠭᠤᠯᠤᠬᠳᠠᠴᠨ ᠦᠨᠳᠤᠷ ᠪᠠᠢ᠍ᠢ᠍ᠵᠤ᠂ ᠸᠢᠲ᠋ᠠᠮᠢᠨ᠎ᠤ ᠠᠭᠤᠯᠤᠬᠳᠠᠴᠨ ᠶᠡᠬᠡᠳᠡᠢ ᠨᠤᠭᠤᠭ᠎ᠠ ᠵᠢᠮᠢᠰ᠎ᠢ ᠲᠤᠡᠭ ᠴᠦᠬᠡᠨ ᠢᠳᠡᠳᠡᠭ ᠪᠠᠢ᠍ᠢ᠍ᠵᠠᠢ᠃ ᠴᠠᠢ᠎ᠨᠢ ᠤᠮᠳᠠᠭ᠋ᠠᠨ᠎ᠤ ᠨᠢᠬᠡ ᠵᠦᠢ᠍ᠯ ᠪᠤᠯᠤᠬᠰᠠᠨ᠎ᠤ ᠬᠤᠪᠢ᠎ᠳᠤ ᠦᠬᠡᠬᠦ ᠵᠢ ᠪᠠᠭᠤᠷᠠᠭᠤᠯᠬᠤ᠂ ᠰᠢᠡᠭᠭᠡᠭᠡᠯᠳᠡ ᠵᠢ ᠰᠠᠶ᠋ᠢᠵᠢᠷᠠᠭᠤᠯᠬᠤ ᠦᠢ᠍ᠯᠡᠳᠤᠯ᠎ᠲᠠᠢ ᠶᠤᠮ᠃ ᠲᠤᠮᠳᠠᠳᠤ ᠤᠷᠤᠨ᠎ᠯᠤᠭ᠎ᠠ ᠵᠢᠨ ᠰᠤᠶᠤᠯ᠎ᠤᠨ ᠰᠤᠯᠢᠯᠴᠠᠭ᠋ᠠᠨ᠎ᠤ ᠶᠠᠪᠤᠴᠨ᠎ᠳᠤ ᠤᠶ᠋ᠢᠭᠤᠷ᠂ ᠲᠥᠪᠡᠳ᠂ ᠨᠠᠨ ᠵᠤᠤ ᠵᠡᠷᠬᠡ ᠬᠢᠯᠢ ᠬᠢᠵᠠᠭ᠋ᠠᠷ ᠤᠷᠤᠨ᠎ᠤ ᠴᠦᠬᠡᠨ ᠲᠤᠭ᠋ᠠᠳᠤ ᠦᠨᠳᠤᠰᠤᠳᠡᠨ᠎ᠨᠦᠭᠦᠳ᠎ᠤᠨ ᠡᠯ᠎ᠡ ᠲᠠᠪᠬᠤᠷᠭ᠎ᠠ ᠵᠢᠨ᠎ᠬᠢᠨ᠎ᠤ ᠲᠤᠮᠳᠠ ᠴᠠᠢ ᠤᠤᠭᠤᠬᠤ ᠵᠠᠡᠭᠰᠢᠯ ᠢᠳᠡᠭ ᠢᠳᠡᠭ ᠵᠶ᠋ᠡᠷ ᠲᠦᠭᠡᠭᠰᠡᠨ ᠵᠢᠡᠷ᠂ ᠲᠤᠮᠳᠠᠳᠤ ᠤᠷᠤᠨ᠎ᠠᠴᠠ ᠴᠠᠢ ᠤᠷᠤᠭᠤᠯᠤᠨ ᠦᠳᠳᠡᠷ ᠲᠦᠷᠭᠡᠨ ᠨᠡᠮᠡᠭᠳᠡᠵᠤ ᠪᠦᠬᠦᠢ ᠬᠡᠷᠡᠭᠯᠡᠬᠡᠨ᠎ᠤ ᠱᠠᠭ᠋ᠠᠷᠳᠠᠯᠭ᠎ᠠ᠎ᠪᠠᠨ ᠬᠠᠡᠭᠭ᠋ᠠᠬᠤ ᠬᠡᠷᠡᠭᠳᠡᠢ ᠪᠤᠯᠤᠬᠰᠠᠨ ᠲᠡᠳᠤᠢ ᠦᠬᠡᠢ᠂ 《ᠨᠢᠬᠡ ᠬᠤᠨᠤᠭ ᠴᠠᠢ ᠠ᠋ᠰᠡ ᠤᠤᠭᠤᠪᠠᠰᠤ ᠤᠨᠳᠤᠷᠤᠯᠭ᠎ᠠ ᠰᠠᠭ᠋ᠠᠷᠠᠵᠤ᠂ ᠬᠤᠶᠠᠷ ᠬᠤᠨᠤᠭ ᠴᠠᠢ ᠠ᠋ᠰᠡ ᠤᠤᠭᠤᠪᠠᠰᠤ ᠪᠡᠶ᠎ᠡ ᠡᠪᠡᠳᠴᠢᠯᠡᠬᠦᠢ》 ᠪᠠᠢ᠍ᠢ᠍ᠳᠠᠯ᠎ᠳᠤᠷ ᠬᠦᠷᠦᠭᠰᠡᠨ ᠪᠠᠢ᠍ᠢ᠍ᠨ᠎ᠠ᠃ 
      ᠨᠢᠬᠡ᠂ ᠴᠠᠢ ᠤᠶ᠋ᠢᠭᠤᠷ᠎ᠲᠤ ᠤᠷᠤᠬᠰᠠᠨ᠎ᠨᠢ᠄ ᠰᠠᠶ᠋ᠢᠨ ᠮᠤᠷᠢ᠎ᠪᠠᠷ ᠴᠠᠢ ᠰᠤᠯᠢᠭ᠋ᠠᠳ ᠬᠦᠯ ᠭᠠᠵᠠᠷ ᠬᠦᠷᠬᠦ ᠦᠬᠡᠢ ᠪᠠᠶᠠᠷᠯᠠᠨ ᠠ᠋ᠬᠡᠮᠤᠢ
      《ᠯᠦᠸᠸᠶᠠᠡᠭ ᠬᠤᠳᠠ ᠵᠢᠨ ᠰᠦᠮ᠎ᠡ ᠬᠡᠶ᠋ᠢᠳ᠎ᠢ ᠲᠤᠭᠤᠷᠢᠨ ᠦᠵᠡᠭᠰᠡᠨ ᠲᠡᠮᠳᠡᠭᠯᠡᠯ》᠎ᠳᠤ ᠠ᠋ᠮᠦᠨᠡᠳᠤ ᠲᠦᠷᠤ ᠵᠢᠨ ᠶᠡᠬᠡ ᠲᠦᠰᠢᠮᠡᠯ ᠸᠠᠡᠭ ᠰᠤ᠌ ᠤᠮᠠᠷᠠᠳᠤ ᠸᠸᠢ ᠤᠯᠤᠰ᠎ᠲᠤ ᠨᠤᠶᠠᠨ ᠪᠤᠯᠬᠤ᠎ᠪᠠᠷ ᠤᠴᠢᠬᠤ᠎ᠳᠤ᠎ᠪᠠᠨ ᠴᠠᠢ ᠤᠤᠭᠤᠬᠤ ᠲᠠᠳᠬᠠᠯ᠎ᠢ ᠠᠪᠴᠤ ᠤᠴᠢᠭ᠋ᠠᠳ ᠲᠦᠰᠢᠮᠡᠳ᠎ᠲᠤ ᠠ᠋ᠯᠡᠭᠯᠡᠭᠳᠡᠭᠰᠡᠨ ᠬᠡᠬᠦ ᠲᠡᠮᠳᠡᠭᠯᠡᠯ ᠪᠤᠢ᠃ ᠠ᠋ᠨᠡ᠎ᠨᠢ ᠤᠮᠠᠷᠠᠳᠤ ᠸᠸᠢ ᠤᠯᠤᠰ᠎ᠤᠨ᠎ᠬᠢᠨ ᠴᠠᠢ ᠵᠢ ᠨᠢᠬᠡᠨᠳᠡ ᠤᠶ᠋ᠢᠯᠠᠭ᠋ᠠᠬᠰᠠᠨ ᠪᠤᠯᠪᠠᠴᠤ ᠲᠤᠬᠠᠢ ᠵᠢᠨ ᠨᠤᠳᠤᠭ᠎ᠲᠤ ᠴᠠᠢ ᠤᠤᠭᠤᠬᠰᠠᠳ ᠬᠠᠷᠠᠬᠠᠨ ᠬᠤᠪᠤᠷ ᠪᠠᠶ᠋ᠢᠬᠰᠠᠨ᠎ᠢ ᠬᠠᠷᠠᠭᠤᠯᠵᠤ ᠪᠤᠢ᠃ ᠠ᠋ᠮᠦᠨᠡᠳᠤ ᠤᠮᠠᠷᠠᠳᠤ ᠲᠦᠷᠤ ᠵᠢᠨ ᠠᠭᠤᠰᠤᠯᠴᠠᠭ᠎ᠠ᠂ ᠤᠨᠴᠠᠭ᠋ᠠᠶ᠋ᠢᠯᠠᠨ ᠰᠦᠢ ᠲᠠᠡᠭ ᠤᠯᠤᠰ᠎ᠤᠨ ᠨᠢᠬᠡᠳᠤᠯ᠎ᠢ ᠲᠠᠭ᠋ᠠᠯᠳᠤᠨ ᠠ᠋ᠮᠦᠨᠡᠳᠤ ᠤᠷᠤᠨ᠎ᠤ᠎ᠬᠢᠨ᠎ᠤ ᠴᠠᠢ ᠤᠤᠭᠤᠬᠤ ᠵᠠᠡᠭᠰᠢᠯ ᠤᠮᠠᠷᠠᠳᠤ ᠤᠷᠤᠨ᠎ᠠ ᠦᠷᠬᠡᠨ ᠵᠶ᠋ᠡᠷ ᠤᠯᠠᠮᠵᠢᠯᠠᠬᠳᠠᠬᠰᠠᠨ ᠵᠶ᠋ᠡᠷ 《ᠹᠸᠡᠭ ᠤᠪᠤᠬᠳᠤ ᠵᠢᠨ ᠦᠵᠡᠵᠤ ᠰᠤᠨᠤᠰᠤᠬᠰᠠᠨ ᠲᠡᠮᠳᠡᠭᠯᠡᠯ》᠎ᠳᠤ᠂ ᠯᠢᠡᠭ ᠶᠠᠨ ᠰᠸ ᠬᠡᠶ᠋ᠢᠳ᠎ᠤᠨ ᠬᠤᠸᠠᠷᠠᠭ ᠪᠢᠰᠢᠯᠭ᠋ᠠᠯ᠎ᠳᠤᠷ ᠰᠠᠭᠤᠬᠤᠢ᠎ᠳᠤᠷ ᠤᠨᠳᠠᠵᠤ ᠪᠤᠯᠬᠤ ᠦᠬᠡᠢ᠂ ᠤᠷᠤᠢ ᠵᠢᠨ ᠬᠤᠭᠤᠯᠨ ᠢᠳᠡᠵᠤ ᠪᠤᠯᠬᠤ ᠦᠬᠡᠢ ᠪᠤᠯᠪᠠᠴᠤ ᠴᠠᠢ ᠤᠤᠭᠤᠵᠤ ᠪᠤᠯᠤᠮᠤᠢ ᠭᠡᠵᠤ ᠲᠡᠮᠳᠡᠭᠯᠡᠭᠰᠡᠨ ᠪᠠᠢ᠍ᠢ᠍ᠳᠠᠭ᠃ ᠬᠤᠵᠢᠮ᠎ᠨᠢ ᠬᠠᠮᠢᠭ᠎ᠠ ᠭᠠᠵᠠᠷ᠎ᠤᠨ ᠬᠤᠸᠠᠷᠠᠭ ᠴᠤ᠌ ᠴᠦᠮ ᠴᠠᠢ᠎ᠲᠠᠢ ᠶᠠᠪᠤᠵᠤ᠂ ᠴᠠᠢ ᠴᠢᠨᠠᠵᠤ ᠤᠤᠭᠤᠳᠠᠭ ᠪᠤᠯᠵᠤ᠂ ᠰᠡᠬᠦᠯ᠎ᠳᠤ᠎ᠨᠢ ᠴᠠᠢ ᠤᠤᠭᠤᠬᠤ᠎ᠨᠢ ᠪᠦᠷ ᠲᠠᠳᠬᠠᠯ ᠪᠤᠯᠵᠠᠢ᠃
       ᠲᠠᠡᠭ ᠤᠯᠤᠰ᠎ᠤᠨ ᠦᠶ᠎ᠡ᠎ᠳᠤ᠂ ᠤᠮᠠᠷᠠᠳᠤ ᠤᠷᠤᠨ᠎ᠠ ᠴᠠᠢ ᠤᠤᠭᠤᠬᠤ ᠵᠠᠡᠭᠰᠢᠯ ᠲᠡᠯᠬᠡᠷᠡᠭᠰᠡᠨ᠎ᠨᠢ ᠪᠠᠷᠠᠭᠤᠨ ᠬᠤᠶ᠋ᠢᠳᠤ ᠤᠷᠤᠨ᠎ᠤ ᠬᠢᠯᠢ ᠬᠢᠵᠠᠭ᠋ᠠᠷ᠎ᠤᠨ᠎ᠬᠢᠨ᠎ᠤ ᠴᠠᠢ ᠤᠤᠭᠤᠬᠤ ᠲᠠᠳᠬᠠᠯ᠎ᠢ ᠲᠠᠶ᠋ᠢᠴᠢᠯᠠᠬᠰᠠᠨ ᠠᠵᠢ᠃ ᠬᠠᠭᠤᠴᠢ ᠰᠤᠳᠤᠯᠤᠯ ᠵᠶ᠋ᠡᠷ ᠢᠯᠡᠷᠡᠬᠦᠯᠦᠭᠰᠡᠨ ᠰᠢᠨᠵᠢᠶᠠᠡᠭ᠎ᠤᠨ ᠲᠠᠡᠭ ᠤᠯᠤᠰ᠎ᠤᠨ ᠦᠶ᠎ᠡ ᠵᠢᠨ ᠤᠡᠭᠭᠤᠨ᠎ᠠᠴᠠ ᠤᠯᠳᠠᠬᠰᠠᠨ ᠲᠡᠤᠬᠡᠨ ᠲᠤᠷᠠᠰᠬᠠᠯᠳᠤ ᠵᠦᠢ᠍ᠯᠡᠰ᠎ᠤᠨ ᠲᠤᠳᠤᠷᠠᠬᠢ 《ᠬᠤᠯᠤᠰᠤᠨ ᠰᠠᠷᠠᠪᠴᠢᠨ᠎ᠠ ᠰᠢᠳᠠᠷ᠎ᠠ ᠲᠠᠯᠪᠢᠬᠤᠢ ᠵᠢᠷᠤᠭ》 ᠬᠡᠬᠦ ᠲᠤᠷᠭ᠋ᠠᠨ ᠵᠢᠷᠤᠭ᠎ᠤᠨ ᠲᠡᠭᠡᠳᠤ ᠲᠠᠯ᠎ᠠ᠎ᠳᠤ᠎ᠨᠢ ᠲᠠᠪᠠᠭ᠎ᠲᠤ ᠴᠠᠢ ᠪᠠᠷᠢᠵᠤ ᠪᠠᠶ᠋ᠢᠭ᠎ᠠ ᠵᠠᠷᠤᠳᠠᠰᠤ ᠠ᠋ᠮᠡᠭᠳᠡᠢ ᠵᠢᠨ ᠵᠢᠷᠤᠭ᠎ᠢ ᠵᠢᠷᠤᠬᠰᠠᠨ᠎ᠨᠢ ᠴᠠᠢ ᠵᠢᠨ ᠠᠷᠠᠯᠵᠢᠶ᠎ᠠ ᠪᠠ ᠴᠠᠢ ᠤᠤᠭᠤᠬᠤ ᠵᠠᠡᠭᠰᠢᠯ ᠰᠢᠨᠵᠢᠶᠠᠡᠭ ᠤᠷᠤᠨ᠎ᠠ ᠤᠷᠤᠬᠰᠠᠨ᠎ᠤ ᠬᠡᠷᠡᠴᠢ ᠪᠤᠯᠤᠨ᠎ᠠ᠃ ᠲᠠᠡᠭ ᠤᠯᠤᠰ᠎ᠤᠨ ᠲᠤᠮᠳᠠᠴᠢ᠎ᠪᠠᠷ ᠲᠤᠮᠳᠠᠳᠤ ᠤᠷᠤᠨ᠎ᠤ ᠴᠠᠢ ᠤᠤᠭᠤᠬᠤ ᠵᠠᠡᠭᠰᠢᠯ ᠪᠠᠷᠠᠭᠤᠨ ᠬᠤᠶ᠋ᠢᠳᠤ ᠬᠢᠯᠢ ᠬᠢᠵᠠᠭ᠋ᠠᠷ ᠤᠷᠤᠨ᠎ᠠ ᠤᠯᠠᠮ ᠴᠢᠨᠠᠬᠰᠢᠳᠠ ᠲᠡᠯᠬᠡᠷᠡᠭᠰᠡᠨ ᠠᠵᠢ᠃
      ᠴᠦᠬᠡᠨ ᠲᠤᠭ᠋ᠠᠳᠤ ᠦᠨᠳᠤᠰᠤᠳᠡᠨ᠎ᠤ ᠭᠠᠵᠠᠷ ᠤᠷᠤᠨ᠎ᠳᠤ ᠮᠢᠨᠳᠠᠰᠤ᠂ ᠲᠤᠷᠭ᠎ᠠ᠂ ᠴᠠᠢ ᠵᠢ ᠮᠠᠰᠢᠳᠠ ᠬᠡᠷᠡᠭᠰᠡᠵᠦ᠂ ᠲᠤᠮᠳᠠᠳᠤ ᠤᠷᠤᠨ᠎ᠤ᠎ᠬᠢᠨ ᠴᠤ᠌ ᠠᠳᠤᠭᠤ ᠤᠯᠬᠤ ᠵᠢ ᠬᠦᠰᠡᠳᠡᠭ᠎ᠠᠴᠠ ᠪᠤᠯᠤᠭ᠋ᠠᠳ ᠪᠤᠳᠠᠰ᠎ᠢ ᠪᠤᠳᠠᠰ ᠵᠶ᠋ᠡᠷ ᠰᠤᠯᠢᠬᠤ ᠰᠢᠨᠵᠢ ᠪᠦᠬᠦᠢ ᠬᠢᠯᠢ ᠵᠢᠨ ᠠᠷᠠᠯᠵᠢᠶ᠎ᠠ ᠲᠠᠡᠭ ᠤᠯᠤᠰ᠎ᠤᠨ ᠦᠶ᠎ᠡ᠎ᠳᠤ ᠬᠦᠭᠵᠢᠵᠤ ᠠ᠋ᠬᠢᠯᠡᠭᠰᠡᠨ ᠶᠤᠮ᠃ ᠲᠠᠡᠭ ᠤᠯᠤᠰ᠎ᠤᠨ ᠳ᠋ᠸᠽᠦ᠋ᠡᠭ ᠬᠠᠭ᠋ᠠᠨ᠎ᠤ ᠵᠸᠨ ᠶᠤᠸᠠᠨ᠎ᠤ ᠤᠨ (785 — 805 ᠤᠨ)᠎ᠳᠤ 《ᠪᠠᠷᠠᠭᠤᠨ ᠬᠤᠶ᠋ᠢᠳᠤ ᠬᠢᠯᠢ ᠬᠢᠵᠠᠭ᠋ᠠᠷ᠎ᠤᠨ ᠤᠶ᠋ᠢᠭᠤᠷ ᠨᠢᠬᠡᠨᠳᠡ ᠲᠠᠡᠭ ᠤᠯᠤᠰ᠎ᠯᠤᠭ᠎ᠠ ᠴᠠᠢ ᠠᠳᠤᠭᠤᠨ᠎ᠤ ᠠᠷᠠᠯᠵᠢᠶᠠᠨ᠎ᠤ ᠵᠠᠬ᠎ᠠ ᠭᠠᠷᠭ᠋ᠠᠬᠰᠠᠨ》 ᠬᠡᠰᠡᠨ ᠲᠤᠳᠤᠷᠬᠠᠢ ᠲᠡᠮᠳᠡᠭᠯᠡᠯ ᠪᠤᠢ᠃ ᠹᠸᠡᠭ ᠶᠢᠨ 《ᠹᠸᠡᠭ ᠤᠪᠤᠠᠠᠳᠤ ᠵᠢᠨ ᠦᠵᠡᠵᠤ ᠰᠤᠨᠤᠰᠤᠬᠰᠠᠨ ᠲᠡᠮᠳᠡᠭᠯᠡᠯ》᠎ᠳᠤ᠎ᠪᠠᠨ 《ᠦᠡᠭᠭᠡᠷᠡᠭᠰᠡᠨ᠎ᠳᠤᠷ ᠤᠶ᠋ᠢᠭᠤᠷ ᠨᠠᠷ ᠲᠦᠷᠤ᠎ᠳᠤᠷ ᠪᠠᠷᠠᠭ᠋ᠠᠯᠠᠬᠤᠢ᠎ᠳᠤᠷ ᠰᠠᠶ᠋ᠢᠨ ᠮᠤᠷᠢ ᠬᠦᠬᠡᠬᠡᠵᠤ ᠢᠷᠡᠬᠡᠳ ᠴᠠᠢ ᠰᠤᠯᠢᠵᠤ ᠠᠷᠠᠯᠵᠢᠭ᠋ᠠᠤᠨ ᠪᠤᠴᠠᠳᠠᠭ᠎ᠨᠢ ᠮᠦᠨ ᠴᠤ᠌ ᠰᠤᠨᠢᠨ ᠪᠢᠰᠢ ᠪᠤᠯᠪᠠᠢ》 ᠭᠡᠵᠡᠢ᠃ 《ᠰᠤᠨᠢᠨ ᠪᠢᠰᠢ ᠪᠤᠯᠪᠠᠢ》 ᠬᠡᠳᠡᠭ᠎ᠠᠴᠠ ᠦᠵᠡᠪᠡᠯ ᠲᠤᠬᠠᠢ ᠵᠢᠨ ᠦᠶ᠎ᠡ ᠵᠢᠨ ᠬᠦᠮᠦᠰ ᠴᠠᠢ᠎ᠪᠠᠷ ᠠᠳᠤᠭᠤ ᠰᠤᠯᠢᠬᠤ ᠵᠢ ᠨᠢᠬᠡᠨᠳᠡ ᠭᠠᠶ᠋ᠢᠬᠠᠬᠤ᠎ᠪᠠᠨ ᠪᠤᠯᠢᠵᠠᠢ᠃ 《ᠬᠦᠬᠡᠬᠡᠵᠤ ᠢᠷᠡᠬᠡᠳ》 ᠬᠡᠳᠡᠭ ᠦᠬᠡᠨ᠎ᠠᠴᠠ ᠪᠢᠳᠡ ᠲᠤᠬᠠᠢ ᠵᠢᠨ ᠦᠶ᠎ᠡ ᠵᠢᠨ ᠤᠶ᠋ᠢᠭᠤᠷᠴᠤᠳ ᠳᠣᠲᠣᠷ᠎ᠠ ᠭᠠᠵᠠᠷ ᠢᠷᠡᠳᠡᠭ᠎ᠤᠨ ᠲᠤᠯᠭ᠋ᠠᠮ ᠬᠦᠰᠡᠯ᠎ᠤᠨ ᠨᠢᠬᠡ ᠪᠤᠯ ᠴᠠᠢ ᠬᠤᠳᠠᠯᠳᠤᠵᠤ ᠠᠪᠤᠭ᠋ᠠᠳ ᠭᠠᠨᠵᠤᠭ᠎ᠠ ᠲᠦᠬᠦᠷᠡᠡᠭ ᠠ᠋ᠬᠡᠬᠦ ᠶᠠᠪᠤᠳᠠᠯ ᠬᠡᠳᠡᠭ᠎ᠢ ᠮᠠᠭ᠋ᠠᠳᠯᠠᠵᠤ ᠪᠤᠯᠬᠤ ᠠᠵᠢ᠃ ᠠ᠋ᠨᠡ ᠬᠦ᠌ ᠬᠦᠰᠡᠯ᠎ᠨᠢ ᠨᠢᠬᠡᠨᠳᠡ ᠪᠡᠶᠡᠯᠡᠭᠳᠡᠪᠡᠰᠤ ᠬᠦᠯ᠎ᠨᠢ ᠭᠠᠵᠠᠷ ᠬᠦᠷᠬᠦ ᠦᠬᠡᠢ ᠪᠠᠶᠠᠷᠯᠠᠳᠠᠭ ᠪᠠᠢ᠍ᠢ᠍ᠵᠠᠢ᠃

W020230404644498382521.png     

     

      ᠬᠤᠶᠠᠷ᠂ ᠴᠠᠢ ᠲᠦᠪᠡᠳ᠎ᠲᠤ ᠤᠷᠤᠬᠰᠠᠨ᠎ᠨᠢ᠄ ᠤᠷᠤᠬ᠍ᠴᠠᠭ᠋ᠠᠬᠰᠠᠨ ᠪᠠ ᠳᠣᠲᠣᠷ᠎ᠠ ᠭᠠᠵᠠᠷ᠎ᠤᠨ ᠴᠠᠢ ᠬᠢᠭᠡᠤᠨ ᠴᠠᠢ ᠵᠢᠨ ᠬᠡᠷᠡᠭᠰᠡᠯ ᠶᠡᠬᠡ᠎ᠪᠠᠷ ᠤᠷᠤᠠᠠᠰᠠᠨ᠎ᠨᠢ           

      ᠲᠠᠡᠭ ᠤᠯᠤᠰ᠎ᠤᠨ ᠵᠸᠨ ᠭᠤᠸᠠᠨ᠎ᠤ ᠨᠠᠢ᠍ᠮᠠᠳᠤᠭ᠋ᠠᠷ ᠤᠨ (634 ᠤᠨ)᠎ᠳᠤ ᠰᠦᠡᠭᠽᠠᠠᠺᠠᠮᠪᠤ ᠴᠠᠡᠭ ᠠᠨ᠎ᠳᠤ ᠠ᠋ᠯᠴᠢᠨ ᠲᠤᠮᠢᠯᠠᠵᠤ᠂ ᠲᠠᠡᠭ ᠤᠯᠤᠰ᠎ᠤᠨ ᠰᠤᠶᠤᠯ᠎ᠢ ᠲᠤᠭᠤᠷᠢᠨ ᠦᠵᠡᠬᠦᠯᠵᠠᠢ᠂ ᠲᠦᠪᠡᠳ ᠪᠠᠷᠤᠭ ᠯᠨ ᠠ᠋ᠨᠡ ᠦᠶ᠎ᠡ᠎ᠳᠤ ᠴᠠᠢ ᠪᠠᠢ᠍ᠢ᠍ᠳᠠᠭ ᠭᠡᠰᠡᠨ᠎ᠢ ᠮᠡᠳᠡᠭᠰᠡᠨ ᠪᠠᠶ᠋ᠢᠬ᠎ᠠ᠃ ᠯᠢ ᠪᠢᠨ ᠴᠸᠡᠭ᠎ᠤᠨ ᠦᠵᠡᠬᠦ᠎ᠪᠠᠷ ᠲᠦᠪᠡᠳ᠎ᠤᠨ ᠴᠠᠢ ᠤᠤᠭᠤᠬᠤ ᠵᠠᠡᠭᠰᠢᠯ᠎ᠤᠨ ᠪᠦᠷᠢᠯᠳᠦᠭᠰᠡᠨ᠎ᠨᠢ ᠭᠤᠤᠯᠳᠠᠭᠤ ᠲᠠᠡᠭ ᠤᠯᠤᠰ᠎ᠤᠨ ᠤᠷᠤᠬ᠍ᠴᠠᠭ᠋ᠠᠬᠤ ᠲᠦᠷᠤ ᠵᠢᠨ ᠪᠤᠳᠤᠯᠭ᠎ᠠ ᠵᠢᠨ ᠠᠴᠢ ᠭᠡᠵᠡᠢ᠃ ᠦᠬᠡᠷ᠎ᠡ᠎ᠪᠠᠷ ᠬᠡᠯᠡᠪᠡᠯ ᠵᠸᠨ ᠭᠤᠸᠠᠨ᠎ᠤ ᠠᠷᠪᠠᠨ ᠲᠠᠪᠤᠳᠤᠭ᠋ᠠᠷ ᠤᠨ᠎ᠳᠤ ᠸᠸᠨ ᠴᠸᠡᠭ ᠬᠦᠡᠭᠵᠤ ᠰᠦᠡᠭᠽᠠᠨᠺᠠᠮᠪᠤ᠎ᠳᠤ᠂ ᠵᠢᠡᠭ ᠯᠦᠡᠭ᠎ᠤᠨ ᠲᠦᠷᠪᠡᠳᠤᠬᠡᠷ ᠤᠨ᠎ᠳᠤ ᠵᠢᠨ ᠴᠸᠡᠭ ᠬᠦᠡᠭᠵᠤ ᠺᠾᠷᠢᠯᠳ᠋ᠸᠼᠦ᠋ᠡᠭᠼᠠᠨ᠎ᠳᠤ ᠮᠤᠷᠳᠠᠵᠤ ᠲᠦᠪᠡᠳ᠎ᠲᠤ ᠤᠴᠢᠬᠤ᠎ᠳᠤ᠎ᠪᠠᠨ ᠴᠦᠮ ᠴᠠᠢ ᠵᠢ ᠦᠨᠳᠦᠷᠯᠢᠭ᠎ᠤᠨ ᠤᠷᠤᠨ᠎ᠳᠤ ᠠᠪᠴᠤ ᠬᠦᠷᠴᠡᠢ᠃ 1328 ᠤᠨ᠎ᠳᠤ ᠰᠤᠨᠤᠮᠵᠠᠯᠰᠠᠨ᠎ᠤ ᠪᠢᠴᠢᠭᠰᠡᠨ 《ᠲᠦᠪᠡᠳ ᠸᠠᠡᠭ᠎ᠤᠨ ᠪᠦᠷᠢᠳᠬᠡᠯ》᠎ᠨᠢ ᠸᠸᠨ ᠴᠸᠡᠭ ᠬᠦᠡᠭᠵᠤ ᠴᠠᠢ ᠵᠢ ᠲᠦᠪᠡᠳ ᠤᠷᠤᠨ᠎ᠠ ᠲᠡᠯᠬᠡᠷᠡᠬᠦᠯᠬᠦ᠎ᠳᠤ ᠬᠤᠪᠢ ᠨᠡᠮᠡᠷᠢ ᠦᠵᠡᠬᠦᠯᠦᠭᠰᠡᠨ᠎ᠤ ᠬᠡᠷᠡᠴᠢ ᠪᠤᠯᠤᠨ᠎ᠠ᠃ 《ᠸᠸᠨ ᠴᠸᠡᠭ ᠬᠦᠡᠭᠵᠤ᠎ᠠᠴᠠ ᠠ᠋ᠬᠢᠯᠡᠬᠡᠳ ᠴᠠᠢ ᠲᠦᠪᠡᠳ᠎ᠲᠤᠷ ᠤᠷᠤᠬᠰᠠᠨ ᠪᠤᠯᠠᠢ》 ᠬᠡᠳᠡᠭ ᠲᠡᠮᠳᠡᠭᠯᠡᠯ ᠨᠡᠯᠢᠶᠡᠳ ᠠ᠋ᠷᠳᠡᠨ᠎ᠤ᠎ᠬᠢ ᠪᠤᠯᠬᠤᠷ ᠤᠯᠠᠡᠭᠭᠢ ᠠ᠋ᠷᠳᠡᠮᠳᠡᠡ ᠢᠳᠡᠬᠡᠳᠡᠭ᠃
      《ᠬᠢᠳᠡᠳ ᠲᠦᠪᠡᠳ᠎ᠤᠨ ᠲᠡᠤᠬᠡ ᠵᠢᠨ ᠴᠢᠭᠤᠯᠭ᠋ᠠᠨ》᠎ᠳᠤ ᠴᠠᠢ᠎ᠯᠤᠭ᠎ᠠ ᠬᠤᠯᠪᠤᠭ᠎ᠠ᠎ᠲᠠᠢ ᠬᠤᠶᠠᠷ ᠦᠯᠢᠬᠡᠷ᠎ᠢ ᠲᠡᠮᠳᠡᠭᠯᠡᠵᠤ ᠪᠤᠢ᠃ ᠨᠢᠬᠡ᠎ᠨᠢ᠂ ᠳ᠋ᠤᠰᠸᠷᠤᠡᠭ ᠮᠠᠡᠭᠪᠤᠵᠢ ᠤᠭ᠎ᠨᠢ ᠪᠡᠶ᠎ᠡ ᠰᠤᠯᠨ᠂ ᠬᠡᠨᠡᠳᠳᠡ ᠨᠢᠬᠡ ᠠ᠋ᠳᠤᠷ ᠰᠢᠪᠠᠭᠤᠨ᠎ᠤ ᠵᠠᠭᠤᠵᠤ ᠢᠷᠡᠭᠰᠡᠨ ᠮᠤᠳᠤ ᠵᠢ ᠠᠮᠳᠠᠯᠠᠡᠭᠭᠤᠳᠠ ᠴᠡᠬᠡᠵᠢ ᠵᠢᠷᠤᠬᠡ᠎ᠨᠢ ᠰᠠᠷᠠᠭᠤᠯᠵᠢᠬᠰᠠᠨ᠎ᠳᠤ ᠠ᠋ᠯᠢᠬᠡ ᠵᠢᠷᠤᠬᠡ ᠮᠡᠳᠤ ᠲᠤᠳᠤᠨᠤ ᠶᠡᠬᠡ ᠲᠦᠰᠢᠮᠡᠯ ᠵᠶ᠋ᠡᠨ ᠲᠤᠮᠢᠯᠠᠵᠤ ᠠ᠋ᠷᠢᠬᠦᠯᠦᠭᠰᠡᠨ᠎ᠡ ᠲᠤᠮᠳᠠᠳᠤ ᠤᠷᠤᠨ᠎ᠠᠴᠠ ᠲᠡᠬᠦᠨ᠎ᠢ ᠠ᠋ᠷᠢᠵᠤ ᠤᠯᠤᠭ᠋ᠠᠳ ᠶᠡᠬᠡ ᠲᠦᠰᠢᠮᠡᠯ᠎ᠨᠢ ᠪᠦᠳᠦᠬᠦᠨ ᠨᠢᠬᠡ ᠪᠤᠭᠤᠵᠢ ᠴᠠᠢ ᠠᠪᠴᠢᠷᠠᠪᠠ᠂ ᠽᠠᠮᠪᠤ ᠠ᠋ᠬᠦᠨ᠎ᠢ ᠴᠢᠨᠠᠵᠤ ᠤᠤᠭᠤᠬᠰᠠᠨ᠎ᠳᠤ᠂ ᠪᠡᠶ᠎ᠡ᠎ᠨᠢ ᠠ᠋ᠳᠤᠷ᠎ᠠᠴᠠ ᠠ᠋ᠳᠤᠷ ᠰᠠᠶ᠋ᠢᠵᠢᠷᠠᠬᠰᠠᠨ ᠵᠶ᠋ᠡᠷ ᠠ᠋ᠨᠡ ᠬᠦ᠌ ᠶᠠᠭᠤᠮ᠎ᠠ ᠵᠢ ᠲᠡᠬᠡᠳᠤ ᠲᠡᠰ᠎ᠤᠨ ᠠ᠋ᠷᠡᠬᠦᠯᠵᠢᠯ᠎ᠤᠨ ᠠ᠋ᠳ᠋ ᠪᠤᠯᠭ᠋ᠠᠬᠰᠠᠨ᠎ᠨᠢ ᠴᠠᠢ ᠠᠵᠤᠭᠤ᠃
      ᠨᠦᠬᠦᠬᠡ ᠦᠯᠢᠬᠡᠷ᠎ᠨᠢ ᠲᠦᠪᠡᠳ᠎ᠤᠨ ᠶᠡᠬᠡ ᠲᠦᠰᠢᠮᠡᠯ ᠲᠤᠮᠢ · ᠽᠠᠮᠪᠤᠳᠠ᠂ ᠰᠦᠡᠭᠽᠠᠠᠺᠠᠮᠪᠤ ᠵᠢᠨ ᠵᠠᠷᠯᠢᠭ ᠵᠶ᠋ᠡᠷ ᠲᠦᠪᠡᠳ ᠪᠢᠴᠢᠭ᠎ᠢ ᠵᠤᠬᠢᠶᠠᠬᠤᠢ᠎ᠳᠤ ᠲᠠᠷᠢᠬᠢ᠎ᠪᠠᠨ ᠭᠠᠰᠢᠯᠭ᠋ᠠᠭ᠋ᠠᠳ ᠤᠬᠠᠭ᠋ᠠᠨ᠎ᠢ ᠤᠯᠬᠤ ᠦᠬᠡᠢ ᠪᠠᠢ᠍ᠢ᠍ᠠᠠᠰᠠᠨ᠎ᠳᠤ ᠨᠢᠬᠡᠨ ᠰᠦᠨᠢ ᠨᠢᠭᠡ ᠬᠦᠭᠰᠢᠨ ᠠ᠋ᠮᠡᠭᠡᠨ ᠵᠡᠬᠦᠳᠤᠯᠡᠭᠳᠡᠵᠡᠢ᠃ ᠬᠠᠮᠢᠭ᠎ᠠ ᠤᠴᠢᠬᠤ ᠵᠢ᠎ᠨᠢ ᠠᠰᠠᠭᠤᠬᠰᠠᠨ᠎ᠳᠤ ᠬᠦᠭᠰᠢᠨ ᠠ᠋ᠮᠡᠭᠡᠨ᠄ 《ᠰᠠᠬᠠᠷ᠎ᠠᠴᠠ ᠢᠷᠡᠪᠡᠢ᠂ ᠲᠤᠭᠤᠨ᠎ᠳᠤᠷ ᠡᠴᠢᠮᠤᠢ》 ᠬᠡᠮᠡᠪᠡᠢ᠃ ᠪᠠᠰᠨ᠄ 《ᠶᠠᠮᠠᠷ ᠬᠦᠨᠡᠰᠤ ᠠᠪᠴᠤ ᠶᠠᠪᠤᠮᠤᠢ?》 ᠬᠡᠮᠡᠨ ᠠᠰᠠᠭᠤᠬᠤᠢ᠎ᠳᠤᠷ᠄ 《ᠴᠠᠢ ᠪᠠᠶ᠋ᠢᠮᠤᠢ》 ᠬᠡᠮᠡᠵᠤᠬᠦᠢ᠃ ᠲᠤᠮᠢ ᠨᠤᠶ᠋ᠢᠷ᠎ᠠᠴᠠ᠎ᠪᠠᠨ ᠰᠡᠷᠢᠭᠡᠤᠨ ᠰᠡᠬᠡᠰᠬᠢᠨ ᠤᠬᠠᠭ᠋ᠠᠷᠠᠪᠠ᠃ ᠵᠡᠬᠦᠳᠤᠨ᠎ᠳᠤ᠎ᠪᠠᠨ ᠬᠦᠭᠰᠢᠨ ᠠ᠋ᠮᠡᠭᠡᠨ᠎ᠯᠦᠭᠡ ᠬᠡᠯᠡᠯᠴᠡᠭᠰᠡᠨ ᠦᠬᠡᠨ᠎ᠳᠤ᠎ᠨᠢ ᠠ᠋ᠨᠡᠳᠭᠡᠭ ᠴᠠᠭ᠋ᠠᠨ ᠲᠤᠯᠤᠭ᠋ᠠᠢ᠎ᠳᠤ ᠪᠠᠶ᠋ᠢᠬᠤ ᠦᠬᠡᠢ ᠵᠢᠷᠭᠤᠭ᠋ᠠᠨ ᠴᠠᠭ᠋ᠠᠨ ᠲᠤᠯᠤᠭ᠋ᠠᠢ ᠵᠢᠨ ᠦᠰᠦᠭ ᠤᠷᠤᠬᠰᠠᠨ ᠭᠡᠨ᠎ᠡ᠂ ᠠ᠋ᠬᠦᠨ᠎ᠠᠴᠠ ᠪᠤᠯᠵᠤ ᠲᠦᠪᠡᠳ ᠦᠰᠦᠭ᠎ᠤᠨ 30 ᠴᠠᠭ᠋ᠠᠨ ᠲᠤᠯᠤᠭ᠋ᠠᠢ ᠵᠢ ᠠ᠋ᠬᠦᠳᠤᠨ ᠵᠤᠬᠢᠶᠠᠬᠰᠠᠨ ᠭᠡᠳᠡᠭ᠃ ᠲᠤᠮᠢ ᠪᠤᠯ ᠲᠤᠯᠤᠳᠤᠭ᠋ᠠᠷ ᠵᠠᠭᠤᠨ᠎ᠳᠤ ᠠᠮᠢᠳᠤᠷᠠᠵᠤ ᠪᠠᠢ᠍ᠢ᠍ᠠᠠᠰᠠᠨ ᠰᠦᠡᠭᠽᠠᠠᠺᠠᠮᠪᠤ ᠵᠢᠨ ᠲᠤᠯᠤᠭ᠋ᠠᠨ ᠰᠢᠳᠤᠷᠭᠤ ᠲᠦᠰᠢᠮᠡᠯ᠎ᠤᠨ ᠨᠢᠬᠡ᠎ᠨᠢ ᠪᠤᠯᠤᠨ᠎ᠠ᠃ ᠴᠠᠢ ᠲᠤᠯᠤᠳᠤᠭ᠋ᠠᠷ ᠵᠠᠭᠤᠨ᠎ᠳᠤ ᠨᠢᠬᠡᠨᠳᠡ ᠲᠦᠪᠡᠳ᠎ᠲᠤ ᠤᠷᠤᠬᠰᠠᠨ ᠲᠡᠳᠤᠢ ᠦᠬᠡᠢ ᠲᠦᠪᠡᠳ᠎ᠤᠨ ᠰᠤᠶᠤᠯ᠎ᠳᠤ ᠴᠤ᠌ ᠨᠡᠯᠢᠶᠡᠳ ᠴᠢᠬᠤᠯᠨ ᠪᠠᠶ᠋ᠢᠷᠢ ᠰᠠᠭᠤᠷᠢ᠎ᠲᠠᠢ ᠪᠠᠶ᠋ᠢᠬᠰᠠᠨ ᠪᠠᠢ᠍ᠢ᠍ᠨ᠎ᠠ ᠭᠡᠳᠡᠭ᠎ᠢ ᠠ᠋ᠨᠡ ᠬᠤᠶᠠᠷ ᠦᠯᠢᠬᠡᠷ ᠭᠡᠷᠡᠴᠢᠯᠡᠨ᠎ᠡ᠃ 
      ᠲᠤᠯᠤᠳᠤᠭ᠋ᠠᠷ ᠵᠠᠭᠤᠨ᠎ᠤ ᠰᠡᠬᠦᠯᠴᠢ᠎ᠠᠴᠠ ᠨᠠᠢ᠍ᠮᠠᠳᠤᠭ᠋ᠠᠷ ᠵᠠᠭᠤᠨ ᠪᠤᠯᠳᠠᠯ᠎ᠠ ᠲᠤᠮᠳᠠᠳᠤ ᠤᠷᠤᠨ᠎ᠤ ᠴᠠᠢ ᠲᠦᠪᠡᠳ᠎ᠲᠤ ᠶᠡᠬᠡ ᠬᠡᠮᠵᠢᠶ᠎ᠡ᠎ᠪᠠᠷ ᠤᠷᠤᠵᠠᠢ᠃ ᠴᠠᠢ ᠤᠷᠤᠬᠤ ᠵᠢ ᠲᠠᠭ᠋ᠠᠯᠳᠤᠨ ᠴᠠᠢ ᠵᠢᠨ ᠬᠡᠷᠡᠭᠰᠡᠯ ᠦᠢ᠍ᠯᠡᠳᠬᠦ ᠦᠢ᠍ᠯᠡᠰ ᠲᠦᠪᠡᠳ᠎ᠲᠤ ᠬᠦᠭᠵᠢᠵᠤ ᠠ᠋ᠬᠢᠯᠡᠪᠡ᠃ 《ᠬᠢᠳᠡᠳ ᠲᠦᠪᠡᠳ᠎ᠤᠨ ᠲᠡᠤᠬᠡ ᠵᠢᠨ ᠴᠢᠭᠤᠯᠭ᠋ᠠᠨ》᠎ᠳᠤ 《ᠲᠤᠮᠳᠠᠳᠤ ᠤᠷᠤᠨ᠎ᠠ 〈ᠠᠶᠠᠭ᠎ᠠ〉 ᠬᠡᠮᠡᠬᠦ ᠴᠠᠢ ᠵᠢᠨ ᠰᠠᠪᠠ ᠪᠠᠶ᠋ᠢᠬᠤ ᠵᠢ ᠰᠤᠨᠤᠰᠤᠭ᠋ᠠᠳ ᠳ᠋ᠤᠰᠸᠷᠤᠡᠭ ᠮᠠᠡᠭᠪᠤᠵᠢ ᠠᠶᠠᠭ᠎ᠠ ᠭᠤᠶᠤᠯᠠᠷ᠎ᠠ ᠲᠤᠮᠳᠠᠳᠤ ᠤᠷᠤᠨ᠎ᠳᠤᠷ ᠠ᠋ᠯᠴᠢᠨ ᠲᠤᠮᠢᠯᠠᠪᠠ》 ᠬᠡᠵᠦ ᠲᠡᠮᠳᠡᠭᠯᠡᠵᠤ ᠪᠤᠢ᠃ ᠲᠠᠡᠭ ᠤᠯᠤᠰ᠎ᠤᠨ ᠬᠠᠭ᠋ᠠᠨ ᠲᠦᠪᠡᠳ᠎ᠲᠤ ᠳᠠᠷᠬᠠᠳ ᠲᠤᠮᠢᠯᠠᠬᠰᠠᠨ᠎ᠳᠤ᠂ ᠲᠠᠷᠬᠠᠳ᠎ᠨᠢ ᠪᠤᠷᠤ ᠮᠠᠲ᠋ᠧᠷᠢᠶᠠᠯ᠎ᠤᠨ ᠰᠠᠶ᠋ᠢᠨ ᠮᠠᠭᠤ᠂ ᠲᠤᠡᠭᠭ᠋ᠠᠯᠠᠭ ᠪᠤᠯᠠᠡᠭᠭᠢᠷ᠎ᠢ ᠢᠯᠭ᠋ᠠᠵᠤ ᠰᠢᠡᠭ ᠱᠸᠤ ᠠᠶᠠᠭ᠎ᠠ ᠵᠡᠷᠬᠡ ᠵᠢᠷᠭᠤᠭ᠋ᠠᠨ ᠲᠦᠷᠤᠯ᠎ᠤᠨ ᠠᠶᠠᠭ᠎ᠠ ᠵᠢ ᠦᠢ᠍ᠯᠡᠳᠦᠨ ᠭᠠᠷᠭ᠋ᠠᠬᠰᠠᠨ ᠠᠵᠢ᠃
      《ᠬᠢᠳᠡᠳ ᠲᠦᠪᠡᠳ᠎ᠤᠨ ᠲᠡᠤᠬᠡ ᠵᠢᠨ ᠴᠢᠭᠤᠯᠭ᠋ᠠᠨ》᠎ᠳᠤ ᠪᠠᠰᠨ ᠴᠠᠢ ᠳᠣᠲᠣᠷ᠎ᠠ ᠭᠠᠵᠠᠷ᠎ᠤᠨ ᠯᠠᠮᠨ ᠬᠤᠸᠠᠷᠠᠭ ᠨᠠᠷ᠎ᠤᠨ ᠲᠤᠮᠳᠠ ᠲᠡᠯᠬᠡᠷᠡᠭᠰᠡᠨ ᠲᠤᠬᠠᠢ᠄ ᠴᠠᠢ ᠬᠤᠳᠠᠯᠳᠤᠬ᠍ᠴᠢ᠂ ᠴᠠᠢ ᠬᠤᠳᠠᠯᠳᠤᠨ ᠠᠪᠤᠬ᠍ᠴᠢ ᠪᠤᠯᠤᠨ ᠴᠠᠢ ᠤᠤᠭᠤᠬᠰᠠᠳ ᠤᠯᠠᠨ ᠪᠤᠯᠪᠠᠴᠤ ᠴᠠᠢ ᠤᠤᠭᠤᠬᠤ᠎ᠳᠤ ᠬᠠᠮᠤᠭ᠎ᠠᠴᠠ ᠮᠡᠷᠭᠡᠰᠢᠭᠰᠡᠨ᠎ᠨᠢ ᠬᠢᠳᠠᠳ ᠭᠠᠵᠠᠷ᠎ᠤᠨ ᠬᠤᠤᠱ᠌ᠠᠩ ᠨᠠᠷ ᠪᠤᠯᠠᠢ᠂ ᠲᠡᠬᠦᠨ᠎ᠠᠴᠠ ᠬᠤᠶ᠋ᠢᠰᠢ ᠭᠠᠮᠢ ᠸᠠᠡᠭ ᠬᠤᠤᠱ᠌ᠠᠡᠭ᠎ᠠᠴᠠ ᠴᠠᠢ ᠴᠢᠨᠠᠬᠤ ᠵᠢ ᠰᠤᠷᠴᠤ᠂ ᠮᠢᠵᠠᠭᠤᠮᠪᠤ ᠪᠠᠰᠠ᠂ ᠭᠠᠮᠢ ᠸᠠᠡᠭ᠎ᠠᠴᠠ ᠰᠤᠷᠤᠬᠰᠠᠨ ᠵᠶ᠋ᠡᠷ ᠬᠤᠵᠢᠮ᠎ᠨᠢ ᠠ᠋ᠶ᠋ᠢᠨ ᠤᠯᠠᠮᠵᠢᠯᠠᠵᠤ ᠢᠷᠡᠪᠡ ᠭᠡᠵᠤ ᠲᠤᠷᠠᠳᠤᠬᠰᠠᠨ ᠪᠠᠢ᠍ᠢ᠍ᠳᠠᠭ᠃ ᠭᠠᠮᠢ ᠸᠠᠡᠭ ᠪᠤᠯ ᠾᠸᠷᠢᠰᠤᠷᠤᠡᠭ ᠳ᠋ᠸᠪᠼᠣᠨ (742 — 797 ᠤᠨ) ᠶᠤᠮ᠂ ᠬᠢᠳᠠᠳ ᠭᠠᠵᠠᠷ᠎ᠤᠨ ᠯᠠᠮᠨ ᠬᠤᠸᠠᠷᠠᠭ ᠨᠠᠷ ᠽᠠᠮᠪᠤ᠎ᠳᠤ ᠴᠠᠢ ᠴᠢᠨᠠᠬᠤ ᠠᠷᠭ᠎ᠠ ᠵᠢ ᠤᠯᠠᠮᠵᠢᠯᠠᠬᠰᠠᠨ ᠶᠤᠮ ᠴᠢᠨᠢ ᠪᠤᠷᠬᠠᠨ᠎ᠤ ᠤᠬᠠᠭ᠋ᠠᠨ᠎ᠤ ᠲᠤᠬᠠᠢ ᠰᠤᠯᠢᠯᠴᠠᠬᠤ ᠦᠶᠡᠰ ᠲᠦᠪᠡᠳ᠎ᠤᠨ ᠯᠠᠮᠨ ᠬᠤᠸᠠᠷᠠᠭ ᠨᠠᠷ᠎ᠲᠤ ᠴᠤ᠌ ᠴᠠᠢ ᠵᠢ ᠤᠯᠠᠮᠵᠢᠯᠠᠬᠤ᠎ᠨᠢ ᠠᠶᠠᠨᠳᠠᠭ᠋ᠠᠨ᠎ᠤ ᠬᠡᠷᠡᠭ᠃ ᠲᠦᠪᠡᠳ᠎ᠤᠨ ᠬᠠᠮᠤᠭ᠎ᠤᠨ ᠰᠡᠬᠦᠯᠴᠢ ᠵᠢᠨ ᠽᠠᠮᠪᠤ ᠯᠠᠡᠭᠳ᠋ᠸᠷᠮ᠎ᠠ ᠰᠠᠭᠤᠷᠢᠨ᠎ᠳᠤ ᠪᠠᠶ᠋ᠢᠬᠤ᠎ᠳᠤ᠎ᠪᠠᠨ ᠪᠤᠷᠬᠠᠨ᠎ᠤ ᠱᠠᠰᠢᠨ᠎ᠢ ᠶᠡᠬᠡ᠎ᠪᠠᠷ ᠲᠠᠷᠤᠡᠭᠭᠤᠶ᠋ᠢᠯᠠᠬᠰᠠᠨ ᠵᠶ᠋ᠡᠷ ᠰᠦᠮ᠎ᠡ ᠬᠡᠶ᠋ᠢᠳ ᠡᠪᠳᠡᠭᠳᠡᠵᠤ᠂ ᠯᠠᠮᠨ ᠨᠠᠷ ᠬᠠᠷ᠎ᠠ ᠪᠤᠯᠤᠬᠰᠠᠨ ᠪᠤᠯᠪᠠᠴᠤ ᠴᠠᠢ ᠴᠢᠨᠠᠬᠤ ᠠᠷᠭ᠎ᠠ ᠪᠠ ᠴᠠᠢ ᠤᠤᠭᠤᠬᠤ ᠲᠠᠳᠬᠠᠯ ᠵᠶ᠋ᠡᠨ ᠤᠷᠬᠢᠠᠠᠰᠠᠨ ᠦᠬᠡᠢ᠂ ᠠ᠋ᠨᠡ᠎ᠨᠢ ᠵᠤᠬᠢᠬᠤ ᠤᠳᠬ᠎ᠠ᠎ᠠᠴᠠ ᠴᠠᠢ ᠤᠤᠭᠤᠬᠤ ᠲᠠᠳᠬᠠᠯ ᠠᠷᠠᠳ᠎ᠤᠨ ᠲᠤᠮᠳᠠ ᠨᠡᠩ ᠲᠦᠷᠭᠡᠨ ᠲᠡᠯᠬᠡᠷᠡᠬᠦ ᠵᠢ ᠠᠬᠢᠭᠤᠯᠵᠠᠢ᠃ 
      《ᠬᠢᠳᠡᠳ ᠲᠦᠪᠡᠳ᠎ᠤᠨ ᠲᠡᠤᠬᠡ ᠵᠢᠨ ᠴᠢᠭᠤᠯᠭ᠋ᠠᠨ》᠎ᠤ ᠲᠡᠮᠳᠡᠭᠯᠡᠯ᠎ᠠᠴᠠ ᠲᠦᠪᠡᠳᠴᠤᠳ᠎ᠤᠨ ᠴᠠᠢ ᠵᠢᠨ ᠲᠤᠬᠠᠢ ᠤᠶ᠋ᠢᠯᠠᠭ᠋ᠠᠯᠳᠠ ᠮᠠᠰᠢ ᠬᠦᠨᠵᠡᠬᠡᠶ᠋ᠢᠷᠡᠭᠰᠡᠨ᠎ᠢ ᠦᠵᠡᠵᠤ ᠭᠠᠷᠴᠤ ᠪᠤᠯᠬᠤ ᠶᠤᠮ᠂ ᠲᠦᠪᠡᠳᠴᠤᠳ ᠴᠠᠢ ᠵᠢᠨ ᠤᠷᠭᠤᠬᠤ ᠤᠷᠴᠢᠨ ᠲᠤᠭᠤᠷᠢᠨ᠂ ᠬᠦᠷᠤᠰᠤᠨ᠎ᠤ ᠴᠢᠨᠠᠷ᠂ ᠪᠤᠷᠳᠤᠭᠤᠷ ᠤᠷᠤᠭᠤᠯᠬᠤ ᠲᠦᠷᠤᠯ ᠵᠦᠢ᠍ᠯ ᠪᠠ ᠴᠠᠢ ᠵᠢᠨ ᠲᠦᠷᠤᠯ ᠵᠦᠢ᠍ᠯ᠂ ᠴᠠᠢ ᠬᠢᠬᠦ ᠤᠷ᠎ᠠ ᠮᠡᠷᠬᠡᠵᠢᠯ᠎ᠤᠨ ᠠᠳᠠᠯᠢ ᠪᠤᠰᠤ᠎ᠳᠤ ᠴᠢᠭᠯᠡᠬᠦᠯᠤᠨ ᠴᠠᠢ ᠵᠢ 16 ᠲᠦᠷᠤᠯ ᠬᠤᠪᠢᠶᠠᠬᠰᠠᠨ ᠪᠦᠬᠡᠳ ᠲᠦᠷᠤᠯ ᠪᠤᠯᠭ᠋ᠠᠨ᠎ᠤ ᠴᠠᠢ ᠵᠢᠨ ᠦᠡᠭᠭᠡ᠂ ᠦᠨᠤᠷ᠂ ᠴᠢᠳᠠᠯ ᠵᠡᠷᠬᠡ ᠲᠠᠯ᠎ᠠ᠎ᠠᠴᠠ ᠨᠠᠷᠢᠯᠢᠭ ᠢᠯᠭ᠋ᠠᠳᠠᠭ ᠪᠠᠶ᠋ᠢᠨ᠎ᠠ᠃
      21 ᠳ᠋ᠤᠬᠡᠷ ᠵᠠᠭᠤᠨ᠎ᠠᠴᠠ ᠢᠨᠠᠬᠰᠢ᠂ ᠴᠠᠢ᠎ᠯᠤᠭ᠎ᠠ ᠬᠤᠯᠪᠤᠭ᠎ᠠ᠎ᠲᠠᠢ ᠬᠠᠭᠤᠴᠢ ᠰᠤᠳᠤᠯᠤᠯ ᠮᠠᠰᠢ ᠠᠬᠢᠯᠳᠠ᠎ᠲᠠᠢ ᠪᠤᠯᠵᠤ᠂ ᠤᠯᠠᠮᠵᠢᠯᠠᠯᠳᠤ ᠲᠡᠤᠬᠡᠨ ᠰᠤᠷᠪᠤᠯᠵᠢᠰ᠎ᠤᠨ ᠲᠡᠮᠳᠡᠭᠯᠡᠯ ᠰᠠᠯᠳᠠ ᠵᠢ ᠲᠠᠪᠠᠵᠤ ᠲᠦᠪᠡᠳ᠎ᠲᠤ ᠴᠠᠢ ᠵᠢᠨ ᠤᠷᠤᠬᠰᠠᠨ ᠴᠠᠭ᠎ᠢ ᠨᠡᠩ ᠠ᠋ᠮᠦᠨᠡᠰᠢᠯᠡᠬᠦᠯᠪᠡ᠃ ᠠᠷᠢ ᠤᠷᠤᠨ᠎ᠤ ᠬᠦᠷᠤ ᠵᠠᠮ ᠬᠡᠶ᠋ᠢᠳ᠎ᠤᠨ ᠪᠠᠭᠤᠷᠢ᠎ᠠᠴᠠ ᠲᠦᠪᠡᠳ᠎ᠤᠨ ᠤᠳᠤ ᠪᠤᠯᠳᠠᠯᠠᠬᠢ ᠬᠠᠮᠤᠭ᠎ᠤᠨ ᠠᠡᠭᠬᠠᠨ᠎ᠤ ᠤᠯᠳᠠᠭᠳᠠᠭᠰᠠᠨ ᠴᠠᠢ ᠵᠢᠨ ᠦᠯᠡᠳᠡᠭᠳᠡᠯ᠎ᠢ ᠨᠡᠭᠦᠷᠡᠰᠦᠲᠥ᠋ᠷᠥᠭᠴᠢ 14᠎ᠪᠠᠷ ᠪᠠᠶ᠋ᠢᠴᠠᠭ᠋ᠠᠬᠰᠠᠨ᠎ᠤ ᠳ᠋ᠦᠡᠭ᠎ᠳᠤ ᠤᠳᠤ᠎ᠠᠴᠠ ᠪᠠᠷᠤᠭ 1800 ᠵᠢᠯ᠎ᠤᠨ ᠠ᠋ᠮᠤᠨᠡᠬᠢ ᠴᠠᠢ ᠪᠠᠢ᠍ᠢ᠍ᠪᠠ᠃
      ᠠ᠋ᠨᠡ᠎ᠨᠢ 1800 ᠵᠢᠯ᠎ᠤᠨ ᠠ᠋ᠮᠦᠨ᠎ᠡ ᠴᠠᠢ ᠨᠢᠬᠡᠨᠳᠡ ᠲᠠᠯᠠᠢ ᠵᠢᠨ ᠲᠦᠪᠰᠢᠨ᠎ᠠᠴᠠ 4500 ᠮᠧᠲᠷ ᠠ᠋ᠷᠬᠦᠭᠳᠡᠭᠰᠡᠨ ᠲᠦᠪᠡᠳ᠎ᠤᠨ ᠠᠷᠢ ᠤᠷᠤᠨ᠎ᠳᠤ ᠬᠦᠷᠦᠭᠰᠡᠨ᠎ᠢ ᠬᠡᠷᠡᠴᠢᠯᠡᠬᠦ ᠶᠤᠮ᠃ ᠲᠤᠬᠠᠢ ᠵᠢᠨ ᠦᠶ᠎ᠡ᠎ᠳᠤ ᠲᠤᠷᠭ᠋ᠠᠨ᠎ᠤ ᠵᠠᠮ᠎ᠤᠨ ᠠᠯᠢ ᠨᠢᠬᠡ ᠰᠠᠯᠠᠭ᠎ᠠ᠎ᠨᠢ ᠬᠦᠬᠡᠨᠠᠭᠤᠷ ᠲᠦᠪᠡᠳ᠎ᠤᠨ ᠦᠨᠳᠦᠷᠯᠢᠭ ᠵᠶ᠋ᠡᠷ ᠦᠡᠭᠭᠡᠷᠡᠵᠤ ᠪᠠᠶ᠋ᠢᠬᠰᠠᠨ᠎ᠨᠢ ᠪᠤᠯᠵᠤᠰᠢ ᠦᠬᠡᠢ᠃ ᠠ᠋ᠨᠡ᠎ᠨᠢ ᠮᠥᠨ ᠴᠤ᠌ ᠲᠠᠡᠭ ᠤᠯᠤᠰ᠎ᠠᠴᠠ ᠠ᠋ᠮᠦᠨ᠎ᠡ ᠬᠢᠳᠡᠳ ᠲᠦᠪᠡᠳ᠎ᠤᠨ ᠬᠤᠭᠤᠷᠤᠨᠳᠤ ᠨᠢᠬᠡᠨᠳᠡ ᠠᠵᠤ ᠠᠬᠤᠢ ᠵᠢᠨ ᠦᠷᠬᠡᠨ ᠬᠦᠨᠵᠡᠬᠡᠢ ᠰᠤᠯᠢᠯᠴᠠᠭ᠎ᠠ ᠦᠷᠨᠢᠵᠤ ᠪᠠᠶ᠋ᠢᠬᠰᠠᠨ᠎ᠢ ᠬᠡᠷᠡᠴᠢᠯᠡᠬᠦ ᠪᠦᠬᠡᠳ ᠦᠷᠬᠡᠴᠨ ᠬᠦᠨᠴᠨ᠎ᠨᠢ ᠦᠶ᠎ᠡ ᠤᠯᠠᠮᠵᠢᠯᠠᠬᠰᠠᠨ ᠰᠤᠷᠪᠤᠯᠵᠢ ᠪᠢᠴᠢᠭ᠎ᠤᠨ ᠲᠡᠮᠳᠡᠭᠯᠡᠯ᠎ᠠᠴᠠ ᠲᠠᠪᠠᠬᠰᠠᠨ ᠮᠠᠭ᠋ᠠᠳ᠎ᠲᠠᠢ᠃
      ᠭᠤᠷᠪᠠ᠂ ᠴᠠᠢ ᠨᠠᠨ ᠵᠤᠤ᠎ᠳᠤ ᠤᠷᠤᠬᠰᠠᠨ᠎ᠨᠢ᠄ ᠳᠣᠲᠣᠷ᠎ᠠ ᠤᠷᠤᠨ᠎ᠤ ᠠ᠋ᠷᠳᠡ ᠦᠶ᠎ᠡ ᠵᠢᠨ ᠴᠠᠢ ᠤᠤᠭᠤᠬᠤ ᠵᠠᠡᠭ ᠲᠠᠳᠬᠠᠯ᠎ᠳᠠᠬᠢ 《ᠠᠮᠢᠳᠤ ᠴᠢᠯᠠᠭᠤᠵᠢᠮᠠᠯ》       ᠴᠠᠢ ᠪᠠᠷᠠᠭᠤᠨ ᠠ᠋ᠮᠦᠨᠡᠳᠤ ᠤᠷᠤᠨ ᠲᠡᠶ᠋ᠢᠰᠢ ᠤᠯᠠᠮᠵᠢᠯᠠᠬᠳᠠᠬᠰᠠᠨ ᠲᠤᠬᠠᠢ ᠲᠡᠮᠳᠡᠭᠯᠡᠯ ᠲᠠᠡᠭ ᠤᠯᠤᠰ᠎ᠠᠴᠠ ᠠ᠋ᠮᠤᠨ᠎ᠡ ᠪᠤᠢ᠃ ᠵᠡᠬᠦᠨ ᠵᠢᠨ ᠤᠯᠤᠰ᠎ᠤᠨ ᠴᠠᠡᠭ ᠴᠢᠤᠢ 《ᠬᠤᠸᠨ ᠶᠠᠡᠭ ᠤᠯᠤᠰ᠎ᠤᠨ ᠤᠶ᠋ᠢᠯᠠᠯᠭ᠎ᠠ》᠎ᠳᠤ ᠪᠠᠷᠠᠭᠤᠨ ᠠ᠋ᠮᠦᠨᠡᠳᠤ ᠤᠷᠤᠨ᠎ᠤ ᠴᠠᠢ ᠲᠠᠷᠢᠬᠤ ᠲᠠᠯᠠᠪᠠᠢ ᠵᠤᠬᠢᠬᠤ ᠬᠡᠪᠴᠢᠶ᠎ᠡ᠎ᠲᠠᠢ ᠪᠤᠯᠤᠬᠰᠠᠨ ᠲᠤᠬᠠᠢ ᠲᠤᠷᠠᠳᠤᠠᠠᠰᠠᠨ ᠪᠠᠢ᠍ᠢ᠍ᠳᠠᠭ᠃ ᠯᠤ᠌ ᠢᠤᠢ ᠵᠢᠨ 《ᠴᠠᠢ ᠵᠢᠨ ᠨᠤᠮ》᠎ᠳᠤ 《ᠴᠢᠨ ᠵᠦᠡᠭ ᠯᠤ᠌ ᠵᠠᠮ (ᠬᠦᠢ᠍ᠵᠸᠤ ᠭᠠᠵᠠᠷ)᠎ᠤᠨ ᠴᠠᠢ ᠵᠢᠨ ᠭᠠᠷᠤᠯᠳᠠ ᠵᠢᠨ ᠤᠷᠤᠨ᠎ᠨᠢ ᠭᠤᠤᠯᠳᠠᠭᠤ ᠰᠸᠵᠸᠤ᠂ ᠪᠦᠸᠸᠵᠸᠤ᠂ ᠹᠸᠢᠢ᠍ᠵᠸᠤ᠂ ᠢᠵᠸᠤ᠎ᠪᠠᠷ ᠲᠠᠷᠬᠠᠬᠤ ᠪᠦᠬᠡᠳ ᠴᠠᠢ ᠵᠢᠨ ᠴᠢᠨᠠᠷ᠎ᠨᠢ ᠰᠠᠶ᠋ᠢᠨ》 ᠬᠡᠵᠡᠢ᠃ ᠲᠠᠡᠭ ᠤᠯᠤᠰ ᠴᠢᠨ ᠵᠦᠡᠭ ᠯᠤ᠌ ᠵᠠᠮ᠎ᠳᠠᠬᠢ ᠴᠦᠬᠡᠨ ᠲᠤᠭ᠋ᠠᠳᠤ ᠦᠨᠳᠤᠰᠤᠳᠡᠨ᠎ᠳᠤ ᠮᠥᠨ ᠢᠯᠪᠢᠨ ᠲᠠᠳᠠᠬᠤ ᠲᠦᠷᠤ ᠵᠢᠨ ᠪᠤᠳᠤᠯᠭ᠎ᠠ ᠠᠪᠴᠤ᠂ ᠢᠯᠪᠢᠨ ᠲᠠᠳᠠᠬᠤ ᠵᠸᠤ᠎ᠨᠦᠭᠦᠳ᠎ᠢ 50 ᠪᠠᠶ᠋ᠢᠭᠤᠯᠪᠠ᠃ ᠠ᠋ᠳᠡᠬᠡᠷ ᠵᠸᠤ᠎ᠨᠦᠭᠦᠳ᠎ᠲᠠᠢ ᠬᠠᠷᠢᠴᠠᠭᠤᠯᠬᠤ᠎ᠳᠤ ᠴᠠᠢ ᠵᠢᠨ ᠭᠠᠷᠤᠯᠳᠠ ᠵᠢᠨ ᠲᠦᠷᠪᠡᠨ ᠭᠠᠵᠠᠷ᠎ᠨᠢ ᠢᠯᠪᠢᠨ ᠲᠠᠳᠠᠬᠤ 50 ᠵᠸᠤ᠎ᠳᠤ ᠪᠠᠭᠲᠠᠭᠰᠠᠨ ᠦᠬᠡᠢ ᠪᠠᠢ᠍ᠢ᠍ᠪᠠ᠃ ᠠ᠋ᠨᠡ᠎ᠨᠢ ᠲᠠᠡᠭ ᠤᠯᠤᠰ᠎ᠤᠨ ᠦᠶ᠎ᠡ ᠵᠢᠨ ᠴᠢᠨ ᠵᠦᠡᠭ ᠯᠤ᠌ ᠵᠠᠮ᠎ᠤᠨ ᠴᠠᠢ ᠵᠢᠨ ᠲᠠᠷᠢᠶ᠎ᠠ ᠭᠤᠤᠯᠳᠠᠭᠤ ᠬᠢᠳᠠᠳ ᠦᠨᠳᠤᠰᠤᠳᠡᠨ᠎ᠤ ᠲᠦᠪᠯᠡᠷᠡᠨ ᠰᠠᠭᠤᠷᠢᠰᠢᠬᠰᠠᠨ ᠭᠠᠵᠠᠷ ᠤᠷᠤᠨ᠎ᠳᠤ ᠲᠠᠷᠬᠠᠵᠤ᠂ ᠬᠠᠷᠢᠨ ᠴᠦᠬᠡᠨ ᠲᠤᠭ᠋ᠠᠳᠤ ᠦᠨᠳᠤᠰᠤᠳᠡᠨ᠎ᠤ ᠰᠠᠭᠤᠷᠢᠰᠢᠠᠠᠰᠠᠨ ᠭᠠᠵᠠᠷ ᠤᠷᠤᠨ᠎ᠳᠤ ᠴᠦᠬᠡᠨ ᠪᠠᠢ᠍ᠢ᠍ᠠᠠᠰᠠᠨ᠎ᠢ ᠪᠤᠰᠤᠳᠴᠢ ᠲᠠᠯ᠎ᠠ᠎ᠠᠴᠠ ᠲᠤᠳᠤᠷᠬᠠᠢ᠍ᠢ᠍ᠯᠠᠵᠤ ᠪᠠᠢ᠍ᠢ᠍ᠭ᠎ᠠ ᠬᠡᠷᠡᠭ ᠶᠤᠮ᠃
      ᠺᠠᠢ ᠶᠤᠸᠠᠨ᠎ᠤ ᠬᠤᠷᠢᠨ ᠵᠢᠷᠭᠤᠳᠤᠭ᠋ᠠᠷ ᠤᠨ᠎ᠳᠤ ᠲᠠᠡᠭ ᠤᠯᠤᠰ ᠠ᠋ᠯᠴᠢ ᠲᠤᠮᠢᠯᠠᠨ ᠶᠦᠨᠨᠠᠨ᠎ᠳᠤ ᠤᠴᠢᠭᠤᠯᠵᠤ ᠨᠠᠨ ᠵᠤᠤ ᠤᠯᠤᠰ᠎ᠤᠨ ᠫᠢᠯᠦᠸᠸᠭᠸ ᠵᠢ ᠶᠦᠨᠨᠠᠨ ᠸᠠᠡᠭ ᠠ᠋ᠷᠬᠦᠮᠵᠢᠯᠡᠵᠤ᠂ ᠪᠠᠷᠠᠭᠤᠨ ᠠ᠋ᠮᠦᠨᠡᠳᠤ ᠵᠢᠨ ᠬᠠᠷᠢ ᠵᠢᠨ ᠬᠠᠯᠬᠠᠪᠴᠢ ᠪᠤᠯᠭ᠋ᠠᠪᠠ᠃ ᠨᠠᠨ ᠵᠤᠤ ᠵᠢᠨ ᠶᠡᠬᠡ ᠲᠠᠡᠭ ᠤᠯᠤᠰ᠎ᠲᠤ ᠠᠯᠪᠠ ᠪᠠᠷᠢᠬᠰᠠᠨ ᠶᠠᠭᠤᠮ᠎ᠠ᠎ᠳᠤ ᠴᠠᠢ ᠠᠯᠠᠭ᠎ᠠ ᠪᠤᠯᠪᠠᠴᠤ ᠹᠠᠨ ᠴᠦᠸᠸ ᠵᠢᠨ 《ᠮᠠᠠᠴᠤᠤᠨ᠎ᠤᠨ ᠪᠢᠴᠢᠭ》᠎ᠲᠤ 《ᠴᠠᠢ ᠠᠨᠤ ᠶᠢᠨ ᠱᠸᠡᠭ ᠴᠸᠡᠭ ᠬᠤᠳᠠ ᠵᠢᠨ ᠠᠭᠤᠯᠠᠰ᠎ᠠᠴᠠ ᠭᠠᠷᠤᠮᠤᠢ᠂ ᠲᠡᠬᠦᠵᠤ ᠬᠤᠷᠢᠶᠠᠬᠤᠢ ᠪᠠ ᠬᠠᠭᠤᠷᠴᠤ ᠪᠤᠯᠪᠠᠰᠤᠷᠠᠭᠤᠯᠬᠤᠢ᠎ᠳᠤᠷ ᠬᠡᠪ ᠭᠤᠷᠢᠮ ᠬᠡᠮᠡᠨ ᠦᠬᠡᠢ ᠠᠵᠤᠭᠤ᠂ ᠮᠸᠡᠭ ᠱᠸ ᠵᠢᠨ ᠮᠠᠨᠴᠤᠳ ᠶᠠᠷᠮ᠎ᠠ᠂ ᠭᠠ᠂ ᠭᠠᠪᠢᠷ᠎ᠠ ᠬᠤᠯᠢᠵᠤ ᠨᠡᠶ᠋ᠢᠯᠡᠬᠦᠯᠤᠨ ᠴᠢᠨᠠᠵᠤ ᠤᠤᠭᠤᠮᠤᠢ》 ᠭᠡᠵᠤ ᠲᠤᠳᠤᠷᠬᠠᠢ ᠲᠡᠮᠳᠡᠭᠯᠡᠵᠤ ᠪᠤᠢ᠃ ᠮᠸᠡᠭ ᠱᠸ ᠬᠡᠳᠡᠭ᠎ᠨᠢ ᠭᠤᠤᠯᠳᠠᠭᠤ ᠶᠦᠡᠨᠠᠨ ᠤᠷᠤᠨ᠎ᠤ ᠴᠦᠬᠡᠨ ᠲᠤᠭ᠋ᠠᠳᠤ ᠦᠨᠳᠤᠰᠤᠳᠡᠨ᠎ᠢ ᠬᠡᠯᠡᠵᠤ ᠪᠤᠢ᠃ ᠶᠢᠨ ᠱᠸᠡᠭ ᠴᠸᠡᠭ ᠬᠤᠳᠠ ᠵᠢᠨ ᠠᠭᠤᠯᠠᠰ᠎ᠨᠢ ᠶᠡᠬᠡ ᠲᠦᠯᠤᠪ ᠤᠳᠤ ᠵᠢᠨ ᠶᠦᠨᠨᠠᠨ ᠮᠤᠵᠢ ᠵᠢᠨ ᠰᠸ ᠮᠤᠤ ᠪᠠ ᠰᠢᠱ᠌ᠤᠸᠠᠩᠪᠠᠨᠨᠠ ᠤᠷᠴᠢᠮ ᠪᠤᠢ᠂ ᠲᠡᠷᠡ ᠦᠶ᠎ᠡ᠎ᠳᠤ ᠲᠡᠳᠡ ᠨᠢᠬᠡᠨᠳᠡ ᠴᠠᠢ ᠵᠢ ᠠᠰᠢᠬᠯᠠᠵᠤ ᠠ᠋ᠬᠢᠯᠡᠭᠰᠡᠨ ᠪᠤᠯᠪᠠᠴᠤ ᠲᠦᠷᠤ᠎ᠳᠤ ᠠ᠋ᠷᠬᠦᠵᠤ ᠪᠠᠶ᠋ᠢᠬᠰᠠᠨ ᠦᠬᠡᠢ᠎ᠨᠢ ᠨᠠᠨ ᠵᠤᠤ ᠵᠢᠨ ᠪᠠᠶ᠋ᠢᠷᠢ ᠰᠠᠭᠤᠷᠢ ᠦᠨᠳᠤᠷ ᠪᠢᠰᠢ ᠬᠡᠳᠡᠭ᠎ᠢ ᠬᠠᠷᠠᠭᠤᠯᠵᠤ ᠪᠠᠶ᠋ᠢᠨ᠎ᠠ᠃ ᠨᠦᠬᠦᠬᠡ ᠲᠠᠯ᠎ᠠ᠎ᠪᠠᠷ ᠲᠡᠬᠦᠬᠦ᠂ ᠪᠤᠯᠪᠠᠰᠤᠷᠠᠭᠤᠯᠬᠤ ᠲᠤᠬᠠᠢ 《ᠴᠠᠢ ᠵᠢᠨ ᠨᠤᠮ》᠎ᠳᠤ ᠭᠤᠤᠯᠳᠠᠯᠭ᠎ᠠ᠎ᠲᠠᠢ ᠲᠤᠷᠠᠳᠤᠬᠰᠠᠨ᠎ᠨᠢ ᠲᠠᠡᠭ ᠤᠯᠤᠰ᠎ᠤᠨ ᠦᠶ᠎ᠡ᠎ᠳᠤ ᠴᠠᠢ ᠵᠢ ᠠᠰᠢᠬᠯᠠᠬᠤ ᠲᠠᠯ᠎ᠠ᠎ᠪᠠᠷ ᠪᠤᠯᠪᠠᠰᠤᠷᠠᠡᠭᠭᠤᠢ ᠪᠤᠯᠤᠬᠰᠠᠨ ᠪᠤᠯᠪᠠᠴᠤ 《ᠮᠠᠨᠴᠤᠳ᠎ᠤᠨ ᠪᠢᠴᠢᠭ》᠎ᠲᠤ ᠮᠸᠡᠭ ᠱᠸ᠎ᠳᠤ 《ᠲᠡᠬᠦᠵᠤ ᠬᠤᠷᠢᠶᠠᠬᠤᠢ ᠪᠠ ᠬᠠᠭᠤᠷᠴᠤ ᠪᠤᠯᠪᠠᠰᠤᠷᠠᠭᠤᠯᠬᠤᠢ᠎ᠳᠤᠷ ᠬᠡᠪ ᠭᠤᠷᠢᠮ ᠬᠡᠮᠡᠨ ᠦᠬᠡᠢ ᠠᠵᠤᠭᠤ》 ᠬᠡᠰᠡᠨ᠎ᠨᠢ ᠲᠤᠬᠠᠢ ᠵᠢᠨ ᠦᠶ᠎ᠡ᠎ᠳᠤ ᠶᠦᠨᠨᠠᠨ᠎ᠤ ᠴᠦᠬᠡᠨ ᠲᠤᠭ᠋ᠠᠳᠤ ᠦᠨᠳᠤᠰᠤᠳᠡᠨ ᠴᠠᠢ ᠵᠢ ᠲᠡᠳᠤᠢ ᠯᠨ ᠪᠤᠯᠪᠠᠰᠤᠷᠠᠡᠭᠭᠤᠢ ᠠᠰᠢᠬᠯᠠᠵᠤ ᠪᠠᠶ᠋ᠢᠬᠰᠠᠨ ᠦᠬᠡᠢ ᠵᠢᠨ ᠬᠡᠷᠡᠴᠢ ᠪᠤᠯᠤᠨ᠎ᠠ᠃ ᠸᠸᠢ ᠵᠢᠨ ᠠ᠋ᠮᠦᠨᠡᠳᠤ ᠤᠮᠠᠷᠠᠳᠤ ᠲᠦᠷᠤ ᠵᠢᠨ ᠦᠶ᠎ᠡ᠎ᠳᠤ ᠴᠠᠢ ᠵᠢ ᠬᠤᠯᠢᠰᠢ᠎ᠲᠠᠢ ᠤᠤᠭᠤᠵᠤ ᠪᠠᠶ᠋ᠢᠬᠰᠠᠨ ᠠᠵᠢ᠃ 《ᠮᠠᠨᠴᠤᠳ᠎ᠤᠨ ᠪᠢᠴᠢᠭ》᠎ᠲᠤ ᠲᠡᠮᠳᠡᠭᠯᠡᠭᠰᠡᠨ ᠶᠦᠨᠨᠠᠨ᠎ᠤ ᠴᠠᠢ ᠤᠤᠭᠤᠬᠤ ᠠᠷᠭ᠎ᠠ᠎ᠨᠢ ᠸᠸᠢ ᠵᠢᠨ ᠠ᠋ᠮᠦᠨᠡᠳᠤ ᠤᠮᠠᠷᠠᠳᠤ ᠲᠦᠷᠤ ᠵᠢᠨ᠎ᠬᠢᠨ᠎ᠤ ᠤᠤᠭᠤᠬᠤ ᠠᠷᠭ᠎ᠠ᠎ᠲᠠᠢ ᠮᠠᠰᠢ ᠲᠦᠰᠦᠭᠡᠳᠡᠢ ᠪᠠᠢ᠍ᠢ᠍ᠳᠠᠭ᠎ᠨᠢ ᠲᠤᠬᠠᠢ ᠵᠢᠨ ᠦᠶ᠎ᠡ᠎ᠳᠤ ᠶᠦᠨᠨᠠᠨ᠎ᠤ ᠬᠢᠯᠢ ᠬᠢᠵᠠᠭ᠋ᠠᠷ ᠤᠷᠤᠨ᠎ᠤ ᠴᠦᠬᠡᠨ ᠲᠤᠭ᠋ᠠᠳᠤ ᠦᠨᠳᠤᠰᠤᠳᠡᠨ᠎ᠤ ᠴᠠᠢ ᠤᠤᠭᠤᠬᠤ ᠵᠠᠩᠰᠢᠯ᠎ᠨᠢ ᠬᠢᠳᠡᠳ ᠰᠤᠶᠤᠯ᠎ᠳᠤ ᠬᠦᠨᠵᠡᠬᠡᠢ ᠨᠦᠯᠦᠬᠡᠯᠡᠭᠳᠡᠭᠰᠡᠨ᠎ᠢ ᠬᠠᠷᠠᠭᠤᠯᠵᠤ ᠪᠠᠢ᠍ᠢ᠍ᠨ᠎ᠠ᠃ ᠬᠡᠪᠡᠴᠤ ᠲᠠᠡᠭ ᠤᠯᠤᠰ᠎ᠤᠨ ᠲᠤᠮᠳᠠᠴᠢ ᠦᠶ᠎ᠡ᠎ᠠᠴᠠ ᠬᠤᠶ᠋ᠢᠰᠢ ᠭᠠ᠎ᠲᠠᠢ ᠴᠠᠢ ᠵᠢ ᠪᠤᠰᠤᠳ ᠠᠮᠳᠠ ᠤᠷᠤᠭᠤᠯᠬᠤ ᠪᠤᠳᠠᠰ᠎ᠲᠠᠢ ᠬᠤᠯᠢᠵᠤ ᠬᠡᠷᠡᠭᠯᠡᠬᠦ ᠠᠷᠭ᠎ᠠ ᠪᠤᠯᠵᠤ ᠦᠬᠡᠷᠡᠴᠢᠯᠡᠭᠳᠡᠵᠠᠢ᠃ ᠫᠢ ᠿᠢ ᠰᠢᠤ ᠵᠢᠨ 《ᠴᠠᠢ ᠵᠢᠨ ᠬᠦᠷᠢᠶᠡᠯᠡᠡᠭ᠎ᠤᠨ ᠰᠤᠯᠨ ᠮᠠᠬᠳᠠᠭᠤ》᠎ᠳᠤ ᠯᠤ᠌ ᠢᠤᠢ ᠴᠠᠢ ᠤᠤᠭᠤᠬᠤ ᠠᠷᠭ᠎ᠠ ᠵᠢ ᠴᠠᠢ ᠴᠢᠨᠠᠬᠤ ᠠᠷᠭ᠎ᠠ ᠲᠡᠶ᠋ᠢᠰᠢ ᠤᠯᠠᠷᠢᠭᠤᠯᠤᠬᠰᠠᠨ ᠭᠡᠵᠤ ᠦᠵᠡᠭᠰᠡᠨ ᠪᠠᠢ᠍ᠢ᠍ᠪᠠ᠃ 
      ᠬᠢᠳᠡᠳ ᠰᠤᠶᠤᠯ᠎ᠳᠠᠬᠢ ᠴᠠᠢ ᠤᠤᠭᠤᠬᠤ ᠠᠷᠭ᠎ᠠ ᠲᠠᠰᠤᠷᠠᠯᠳᠠ ᠦᠬᠡᠢ ᠰᠢᠨᠡᠳᠦᠭᠰᠡᠬᠡᠷ ᠢᠷᠡᠭᠰᠡᠨ ᠪᠤᠯᠪᠠᠴᠤ ᠭᠠᠵᠠᠷ ᠤᠷᠤᠨ᠎ᠤ ᠰᠢᠯᠳᠠᠭ᠋ᠠᠨ ᠪᠤᠯᠤᠨ ᠠᠮᠢᠳᠤᠷᠠᠯ᠎ᠤᠨ ᠵᠠᠡᠭ ᠲᠠᠳᠬᠠᠯ᠎ᠤᠨ ᠬᠡᠷᠡᠭᠯᠡᠬᠡᠨ᠎ᠤ ᠰᠢᠨᠵᠢ ᠵᠡᠷᠬᠡ ᠰᠢᠯᠳᠠᠭ᠋ᠠᠨ᠎ᠠᠴᠠ ᠪᠤᠯᠵᠤ ᠴᠠᠢ ᠵᠢ ᠬᠤᠯᠢᠰᠢ᠎ᠲᠠᠢ ᠤᠤᠭᠤᠬᠤ ᠠᠷᠭ᠎ᠠ ᠴᠦᠬᠡᠨ ᠲᠤᠭ᠋ᠠᠳᠤ ᠦᠨᠳᠤᠰᠤᠳᠡᠨ᠎ᠤ ᠭᠠᠵᠠᠷ ᠤᠷᠤᠨ᠎ᠳᠤ ᠲᠡᠯᠬᠡᠷᠡᠭᠰᠡᠨ᠎ᠠᠴᠠ ᠬᠤᠶ᠋ᠢᠰᠢ ᠤᠯᠠᠮᠵᠢᠯᠠᠭᠳᠠᠨ ᠦᠯᠡᠳᠡᠵᠤ᠂ ᠲᠤᠮᠳᠠᠳᠤ ᠤᠷᠤᠨ᠎ᠤ ᠴᠠᠢ ᠵᠢᠨ ᠰᠤᠶᠤᠯ᠎ᠢ ᠲᠠᠭ᠋ᠠᠵᠤ ᠬᠤᠪᠢᠷᠠᠬᠰᠠᠨ ᠦᠬᠡᠢ᠃ ᠲᠠᠡᠭ ᠤᠯᠤᠰ᠎ᠤᠨ ᠦᠶ᠎ᠡ ᠵᠢᠨ ᠮᠸᠡᠭ ᠱᠸ ᠲᠡᠳᠤᠢ ᠦᠬᠡᠢ᠂ ᠬᠢᠯᠢ ᠬᠢᠵᠠᠭ᠋ᠠᠷ ᠤᠷᠤᠨ᠎ᠳᠤ ᠤᠳᠤ ᠪᠤᠯᠳᠠᠯ᠎ᠠ ᠴᠠᠢ ᠵᠢ ᠲᠠᠩ ᠴᠤᠯᠭᠤᠢ᠎ᠪᠠᠷ ᠪᠦᠷᠢᠬᠦ ᠦᠬᠡᠢ᠂ ᠪᠦᠷ ᠯᠨ ᠴᠠᠢ᠎ᠳᠤ ᠬᠤᠯᠢᠰᠢ ᠬᠢᠳᠡᠭ᠃ ᠵᠢᠱ᠌ᠢᠶᠡᠯᠡᠪᠡᠯ᠂ ᠮᠤᠡᠭᠭᠤᠯᠴᠤᠳ᠎ᠤᠨ ᠰᠦ᠎ᠲᠠᠢ ᠴᠠᠢ᠂ ᠲᠦᠪᠡᠳᠴᠤᠳ᠎ᠤᠨ ᠦᠷᠤᠮ᠎ᠡ᠎ᠲᠠᠢ ᠴᠠᠢ᠂ ᠲᠦᠵᠢᠶᠠᠴᠤᠳ᠎ᠤᠨ ᠵᠢᠭᠤᠷᠠᠬᠰᠠᠨ ᠴᠠᠢ ᠵᠡᠷᠭᠡ ᠪᠤᠢ᠃ ᠠ᠋ᠨᠡ ᠪᠤᠯ ᠬᠢᠯᠢ ᠬᠢᠵᠠᠭ᠋ᠠᠷ ᠤᠷᠤᠨ᠎ᠤ ᠴᠦᠬᠡᠨ ᠲᠤᠭ᠋ᠠᠳᠤ ᠦᠨᠳᠤᠰᠤᠳᠡᠨ᠎ᠨᠦᠭᠦᠳ᠎ᠤᠨ ᠴᠠᠢ ᠵᠢᠨ ᠰᠤᠶᠤᠯ᠎ᠤᠨ ᠨᠢᠭᠡᠨ ᠤᠨᠴᠠᠯᠢᠭ ᠪᠤᠯᠤᠨ᠎ᠠ᠃
      ᠲᠠᠡᠭ ᠤᠯᠤᠰ᠎ᠤᠨ ᠦᠶ᠎ᠡ ᠵᠢᠨ ᠲᠤᠮᠳᠠᠳᠤ ᠤᠷᠤᠨ᠎ᠤ ᠰᠤᠶᠤᠯ᠎ᠤᠨ ᠴᠠᠢ ᠤᠤᠭᠤᠬᠤ ᠬᠤᠶᠠᠳᠡᠬᠢ ᠤᠨᠴᠠᠯᠢᠭ᠎ᠨᠢ ᠮᠥᠨ ᠬᠢᠯᠢ ᠬᠢᠵᠠᠭ᠋ᠠᠷ᠎ᠤᠨ ᠴᠦᠬᠡᠨ ᠲᠤᠭ᠋ᠠᠳᠤ ᠦᠨᠳᠤᠰᠤᠳᠡᠨ᠎ᠳᠤ ᠦᠯᠡᠳᠡᠵᠤ ᠬᠤᠴᠤᠷᠪᠠ᠃ ᠲᠡᠳᠡᠨ᠎ᠤ ᠤᠤᠭᠤᠳᠠᠭ ᠴᠠᠢ ᠵᠢᠨ ᠤᠯᠠᠡᠭᠭᠢ᠎ᠨᠢ ᠬᠡᠪ᠎ᠤᠨ ᠴᠠᠢ (ᠲᠠᠷᠤᠰᠢᠭᠤᠯᠤᠬᠰᠠᠨ ᠴᠠᠢ) ᠶᠤᠮ᠃ 《ᠴᠠᠢ ᠵᠢᠨ ᠨᠤᠮ》᠎ᠳᠤ 《ᠪᠦᠳᠦᠬᠦᠯᠢᠭ ᠴᠠᠢ᠂ ᠰᠤᠯᠨ ᠴᠠᠢ᠂ ᠨᠠᠡᠭᠭᠢ ᠴᠠᠢ᠂ ᠲᠠᠪᠠᠭ ᠴᠠᠢ ᠵᠢ ᠤᠤᠭᠤᠮᠤᠢ》 ᠭᠡᠵᠤ ᠲᠡᠮᠳᠡᠭᠯᠡᠵᠡᠢ᠃ ᠲᠠᠪᠠᠭ ᠴᠠᠢ ᠬᠡᠳᠡᠭ᠎ᠨᠢ ᠨᠢᠠᠠᠳᠠ ᠲᠠᠷᠤᠰᠢᠭᠤᠯᠤᠬᠰᠠᠨ ᠴᠠᠢ᠂ ᠵᠢᠱ᠌ᠢᠶᠡᠯᠡᠪᠡᠯ ᠲᠠᠡᠭ ᠤᠯᠤᠰ᠎ᠤᠨ ᠵᠸᠡᠭ ᠴᠢᠡᠭ ᠲᠤᠸᠠᠨ ᠲᠠᠪᠠᠭ ᠴᠠᠢ᠂ ᠰᠦᠡᠭ ᠤᠯᠤᠰ᠎ᠤᠨ ᠦᠶ᠎ᠡ ᠵᠢᠨ ᠯᠦᠡᠭ ᠲᠤᠸᠠᠨ ᠹᠸᠡᠭ ᠪᠢᠡᠭ ᠴᠠᠢ ᠵᠡᠷᠬᠡ᠃ ᠠ᠋ᠶ᠋ᠢᠮᠤᠷᠬᠦᠤ ᠴᠠᠢ ᠵᠢ ᠨᠤᠶ᠋ᠢᠳᠠᠨ ᠵᠶ᠋ᠡᠷ᠎ᠨᠢ ᠵᠢᠡᠭᠨᠡᠵᠤ᠂ ᠬᠡᠮᠬᠡᠯᠵᠤ᠂ ᠲᠠᠷᠤᠰᠢᠭᠤᠯᠵᠤ ᠬᠡᠪᠰᠢᠬᠦᠯᠦᠭᠰᠡᠨ᠎ᠤ ᠬᠤᠶ᠋ᠢᠨ᠎ᠠ ᠬᠠᠳᠠᠭ᠋ᠠᠵᠤ ᠬᠢᠳᠡᠭ ᠪᠤᠯᠬᠤᠷ ᠴᠢᠭᠢᠭ ᠨᠤᠶ᠋ᠢᠳᠠᠨ᠎ᠳᠤ ᠲᠠᠭ᠋ᠠᠭ᠋ᠠᠴᠨ᠎ᠲᠠᠢ᠂ ᠵᠦᠬᠡᠬᠡᠪᠤᠷᠢᠯᠡᠬᠦ᠂ ᠬᠠᠳᠠᠭ᠋ᠠᠯᠠᠬᠤ᠎ᠳᠤ ᠲᠦᠬᠦᠮ᠂ ᠴᠠᠢ ᠵᠢᠨ ᠦᠨᠤᠷ ᠠᠮᠳᠠ᠎ᠨᠢ ᠦᠳᠬᠡᠨ᠂ ᠮᠠᠷᠢᠶ᠎ᠠ ᠰᠢᠭᠤᠷᠠᠭᠤᠯᠬᠤ᠎ᠳᠤ ᠲᠤᠬᠢᠷᠠᠮᠵᠢᠳᠠᠢ ᠵᠡᠷᠬᠡ ᠤᠨᠴᠠᠯᠢᠭ᠎ᠲᠠᠢ ᠪᠤᠯᠬᠤᠷ ᠬᠢᠯᠢ ᠬᠢᠵᠠᠭ᠋ᠠᠷ ᠤᠷᠤᠨ᠎ᠤ ᠴᠦᠬᠡᠨ ᠲᠤᠭ᠋ᠠᠳᠤ ᠦᠨᠳᠤᠰᠤᠳᠡᠨ᠎ᠤ᠎ᠬᠢᠨ᠎ᠳᠤ ᠮᠠᠰᠢ ᠲᠠᠭ᠋ᠠᠯᠠᠬᠳᠠᠳᠠᠭ ᠠᠵᠢ᠃
      ᠴᠠᠢ ᠤᠤᠭᠤᠬᠤ ᠵᠠᠡᠭᠰᠢᠯ᠎ᠤᠨ ᠬᠢᠯᠢ ᠬᠢᠵᠠᠭ᠋ᠠᠷ ᠪᠤᠭᠤᠮᠳᠠ ᠵᠢᠨ ᠭᠠᠳᠠᠨᠠᠬᠢ ᠴᠦᠬᠡᠨ ᠲᠤᠭ᠋ᠠᠳᠤ ᠦᠨᠳᠤᠰᠤᠳᠡᠨ᠎ᠤ ᠲᠦᠪᠯᠡᠷᠡᠨ ᠰᠠᠭᠤᠷᠢᠰᠢᠬᠰᠠᠨ ᠭᠠᠵᠠᠷ ᠤᠷᠤᠨ᠎ᠳᠤ ᠬᠦᠨ᠎ᠡ ᠲᠡᠯᠬᠡᠷᠡᠬᠦ ᠵᠢ ᠲᠠᠭ᠋ᠠᠯᠳᠤᠨ ᠲᠡᠳᠡᠨ᠎ᠤ ᠴᠠᠢ ᠵᠢᠨ ᠬᠡᠷᠡᠭᠴᠡᠬᠡ ᠴᠤ᠌ ᠲᠦᠷᠬᠡᠨ ᠨᠡᠮᠡᠭᠳᠡᠵᠡᠢ᠃ ᠬᠡᠪᠡᠴᠤ ᠬᠢᠵᠠᠭ᠋ᠠᠷ ᠤᠷᠤᠨ᠎ᠳᠤ ᠴᠠᠢ ᠭᠠᠷᠳᠠᠭ ᠦᠬᠡᠢ ᠤᠴᠢᠷ᠎ᠠᠴᠠ ᠲᠡᠳᠡᠨ᠎ᠢ ᠲᠠᠡᠭ᠎ᠤᠨ ᠸᠠᠩᠳᠦ ᠲᠦᠷᠤ ᠵᠢᠨ ᠴᠠᠢ ᠵᠢᠨ ᠠᠵᠤ ᠠᠬᠤᠢ ᠠᠷᠠᠯᠵᠢᠶ᠎ᠠ ᠬᠤᠳᠠᠯᠳᠤᠭ᠎ᠠ ᠵᠢᠨ ᠤᠷᠤᠰᠬᠠᠯ᠎ᠳᠤ ᠨᠡᠶ᠋ᠢᠯᠡᠵᠤ ᠪᠠᠢ᠍ᠢ᠍ᠮᠠᠠᠵᠢᠨ ᠰᠠᠶᠢ ᠴᠠᠢ ᠤᠯᠳᠠᠭ ᠪᠤᠯᠭ᠋ᠠᠵᠠᠢ᠃ 《ᠴᠠᠢ ᠵᠢᠨ ᠴᠠᠳᠢᠭ》᠎ᠲᠤ 《ᠪᠠᠰᠨ ᠬᠡᠪ᠎ᠤᠨ ᠬᠠᠷ᠎ᠠ ᠴᠠᠢ ᠪᠤᠢ᠂ ᠬᠡᠪ ᠪᠦᠷᠢ ᠲᠦᠴᠢᠨ ᠯᠠᠡᠭ᠂ ᠭᠤᠤᠯᠳᠠᠭᠤ ᠪᠠᠷᠠᠭᠤᠨ ᠲᠦᠪᠡᠳ᠂ ᠳ᠋ᠠᠡᠭᠰᠢᠶᠠᠡᠭ᠎ᠳᠤᠷ ᠤᠷᠤᠮᠤᠢ》 ᠭᠡᠵᠦ ᠲᠡᠮᠳᠡᠭᠯᠡᠵᠡᠢ᠃ ᠮᠤᠤ ᠸᠸᠨ ᠰᠢ ᠵᠢᠨ ᠲᠡᠮᠳᠡᠭᠯᠡᠭᠰᠡᠨ᠎ᠨᠢ ᠲᠠᠡᠭ ᠤᠯᠤᠰ ᠮᠦᠬᠦᠭᠰᠡᠨ᠎ᠤ ᠲᠠᠷᠠᠭ᠋ᠠᠬᠢ ᠲᠠᠪᠤᠨ ᠲᠦᠷᠤ ᠵᠢᠨ ᠦᠶ᠎ᠡ ᠵᠢᠨ ᠪᠠᠶ᠋ᠢᠳᠠᠯ ᠶᠤᠮ᠃ ᠠ᠋ᠬᠦᠨ᠎ᠠᠴᠠ᠂ ᠪᠢᠳᠠ ᠲᠤᠬᠠᠢ ᠵᠢᠨ ᠦᠶ᠎ᠡ᠎ᠳᠤ ᠲᠠᠪᠠᠭ ᠴᠠᠢ ᠵᠢ ᠬᠢᠯᠢ ᠬᠢᠵᠠᠭ᠋ᠠᠷ ᠤᠷᠤᠨ᠎ᠳᠤ ᠶᠡᠬᠡ ᠬᠡᠮᠵᠢᠶ᠎ᠡ᠎ᠪᠠᠷ ᠫᠠᠨᠽᠠᠯᠠᠨ ᠵᠦᠬᠡᠬᠡᠪᠤᠷᠢᠯᠡᠬᠡᠳ ᠬᠤᠳᠠᠯᠳᠤᠵᠤ ᠪᠠᠶ᠋ᠢᠬᠰᠠᠨ ᠭᠡᠰᠡᠨ᠎ᠢ ᠲᠠᠭ᠋ᠠᠮᠠᠬᠯᠠᠵᠤ ᠪᠤᠯᠤᠨ᠎ᠠ᠃

W020230428574301028801.png     

      ᠰᠦᠡᠭ ᠱ᠌ᠢ ᠯᠸᠢ᠄ ᠦᠬᠠᠨ ᠶᠡᠬᠡ ᠰᠤᠷᠭ᠋ᠠᠭᠤᠯᠢ ᠵᠢᠨ ᠴᠠᠢ ᠵᠢᠨ ᠰᠤᠶᠤᠯ᠎ᠤᠨ ᠰᠤᠳᠤᠯᠭ᠋ᠠᠨ᠎ᠤ ᠲᠦᠪ᠎ᠤᠨ ᠰᠤᠳᠤᠯᠤᠠᠠᠴᠢ᠂ ᠲᠡᠳ᠋ ᠠ᠋ᠷᠬᠢᠯᠡᠭᠴᠢ᠂ ᠲᠤᠮᠳᠠᠳᠤ ᠤᠯᠤᠰ᠎ᠤᠨ ᠤᠯᠠᠨ ᠤᠯᠤᠰ᠎ᠤᠨ ᠴᠠᠢ ᠵᠢᠨ ᠰᠤᠶᠤᠯ᠎ᠤᠨ ᠰᠤᠳᠤᠯᠭ᠋ᠠᠨ᠎ᠤ ᠨᠡᠶ᠋ᠢᠬᠡᠮᠯᠢᠭ᠎ᠤᠨ ᠠ᠋ᠷᠳᠡᠮ ᠰᠢᠨᠵᠢᠯᠡᠬᠡᠨ᠎ᠤ ᠵᠦᠪᠯᠡᠯ᠎ᠤᠨ ᠬᠡᠰᠢᠬᠦᠨ᠃
      ᠯᠢᠤ ᠮᠸᠡᠭ ᠯᠢᠡᠭ᠄ ᠦᠬᠠᠨ ᠶᠡᠬᠡ ᠰᠤᠷᠭ᠋ᠠᠭᠤᠯᠢ ᠵᠢᠨ ᠲᠡᠤᠬᠡ ᠵᠢᠨ ᠲᠡᠬᠡᠳᠤ ᠰᠤᠷᠭ᠋ᠠᠭᠤᠯᠢ ᠵᠢᠨ ᠮᠠᠰᠲ᠋ᠧᠷ᠃

 

ᠢᠷᠡᠯᠲᠡ᠄ ᠲᠤᠮᠳᠠᠳᠤ ᠵᠢ ᠥᠭᠦᠯᠡᠬᠦᠢ