《ᠮᠣᠨᠢ ᠠᠭᠤᠯᠠ ᠵᠢᠨ ᠬᠣᠷᠮᠣᠢᠳᠤᠷ
ᠴᠡᠯᠡᠭᠡᠷ ᠠᠭᠤᠳᠠᠮ ᠲᠠᠯ᠎ᠠ ᠨᠤᠲᠤᠭ
ᠮᠣᠩᠭᠣᠯ ᠭᠡᠷ ᠮᠡᠲᠦ ᠲᠡᠭᠷᠢ ᠢᠨᠤ
ᠬᠥᠳᠡᠭᠡ ᠬᠡᠭᠡᠷ᠎ᠡ ᠵᠢ ᠪᠦᠷᠬᠦᠨᠡᠮ᠃
ᠥᠨᠳᠥᠷ ᠣᠭᠲᠠᠷᠭᠤᠢ ᠬᠥᠬᠡᠷᠡᠨ ᠬᠥᠬᠡᠷᠡᠵᠦ
ᠥᠷᠭᠡᠨ ᠲᠠᠯ᠎ᠠ ᠰᠠᠷᠠᠭᠤᠯᠬᠠᠨ
ᠡᠪᠡᠰᠦ ᠰᠠᠯᠬᠢᠨ᠎ᠠ ᠨᠠᠢ᠌ᠭᠤᠨ ᠨᠠᠢ᠌ᠭᠤᠬᠤᠢᠳᠤᠷ
ᠦᠬᠡᠷ ᠬᠣᠨᠢᠳ ᠢᠯᠡᠷᠡᠮᠦᠢ᠃》 — 《ᠴᠡᠯᠡᠭᠡᠷ ᠲᠠᠯ᠎ᠠ ᠵᠢᠨ ᠳᠠᠭᠤᠤ》 ᠭᠡᠬᠦ ᠡᠨᠡ ᠬᠦ᠌ ᠡᠮᠦᠨᠡᠲᠦ ᠤᠮᠠᠷᠠᠲᠤ ᠲᠦᠷᠦ ᠵᠢᠨ ᠦᠶ᠎ᠡ ᠵᠢᠨ ᠲᠠᠯ᠎ᠠ ᠨᠤᠲᠤᠭ᠎ᠤᠨ ᠮᠠᠯᠴᠢᠳ᠎ᠤᠨ ᠳᠠᠭᠤᠤ᠎ᠨᠢ ᠤᠨ ᠤᠳᠠᠭ᠋ᠠᠨ ᠵᠢᠯ ᠤᠯᠠᠮᠵᠢᠯᠠᠭᠳᠠᠨ ᠳᠠᠭᠤᠯᠠᠭᠳᠠᠵᠤ᠂ ᠪᠠᠭ᠎ᠠ ᠰᠤᠷᠭ᠋ᠠᠭᠤᠯᠢ ᠵᠢᠨ ᠬᠡᠯᠡ ᠪᠢᠴᠢᠭ᠎ᠤᠨ ᠵᠢᠭ᠋ᠠᠬᠤ ᠮᠠᠲ᠋ᠧᠷᠢᠶᠠᠯ᠎ᠳᠤ ᠴᠦ᠍ ᠳᠡᠭᠦᠪᠦᠷᠢᠯᠡᠭᠳᠡᠭᠰᠡᠨ ᠪᠥᠭᠡᠳ ᠲᠣᠭ᠎ᠠ ᠲᠣᠮᠰᠢ ᠦᠭᠡᠢ ᠬᠥᠮᠦᠰ᠎ᠲᠤ ᠲᠠᠯ᠎ᠠ ᠨᠤᠲᠤᠭ᠎ᠤᠨ ᠲᠤᠬᠠᠢ ᠬᠠᠮᠤᠭ᠎ᠤᠨ ᠠᠩᠬᠠᠨ᠎ᠤ ᠳᠥᠰᠦᠭᠡᠯᠡᠯ ᠪᠣᠯᠣᠭᠰᠠᠭ᠋ᠠᠷ ᠢᠷᠡᠵᠡᠢ᠃

ᠴᠡᠯᠡᠭᠡᠷ ᠲᠠᠯ᠎ᠠ᠃ (ᠵᠢᠷᠤᠭ᠎ᠤᠨ ᠢᠷᠡᠯᠲᠡ᠄ ᠬᠠᠷᠠᠭ᠋ᠠᠨ ᠰᠡᠷᠡᠯ᠎ᠳᠠᠬᠢ ᠳᠤᠮᠳᠠᠳᠤ ᠤᠯᠤᠰ)
ᠬᠠᠲᠤᠨ ᠭᠣᠣᠯ᠎ᠤᠨ ᠬᠣᠢ᠌ᠲᠤ ᠡᠷᠭᠢ᠎ᠳᠠᠬᠢ ᠮᠤᠨᠢ ᠠᠭᠤᠯᠠ ᠵᠢᠨ ᠡᠮᠦᠨ᠎ᠡ ᠬᠣᠷᠮᠣᠶ ᠵᠢᠨ ᠴᠡᠯᠡᠭᠡᠷ ᠲᠠᠯ᠎ᠠ ᠵᠢᠨ ᠳᠡᠨᠵᠢᠨ᠎ᠳᠤ ᠦᠵᠡᠰᠬᠦᠯᠡᠩᠲᠦ ᠰᠠᠢ᠌ᠬᠠᠨ ᠲᠠᠯ᠎ᠠ ᠨᠤᠲᠤᠭ᠎ᠤᠨ ᠬᠣᠲᠠ ᠪᠣᠯᠬᠤ ᠬᠥᠬᠡᠬᠣᠲᠠ ᠪᠠᠢ᠌ᠷᠢᠯᠠᠳᠠᠭ᠃ ᠬᠥᠬᠡᠬᠣᠲᠠ ᠪᠣᠯ ᠬᠦᠭᠡ ᠥᠩᠭᠡ᠎ᠲᠠᠢ ᠬᠤᠳᠠ ᠭᠡᠰᠡᠨ ᠮᠣᠩᠭᠣᠯ ᠨᠡᠷᠡᠢ᠌ᠳᠦᠯ᠎ᠢ ᠬᠢᠳᠠᠳ ᠵᠶ᠋ᠠᠷ ᠠᠪᠢᠶᠠᠴᠢᠯᠠᠭᠰᠠᠨ ᠨᠡᠷ᠎ᠡ ᠪᠣᠯᠬᠤ ᠪᠥᠭᠡᠳ ᠪᠠᠰᠠ 《ᠰᠠᠨ ᠨᠢᠶᠠᠩ ᠽᠢ ᠵᠢᠨ ᠬᠤᠳᠠ》 ᠴᠦ᠍ ᠭᠡᠳᠡᠭ᠃ ᠳᠡᠭᠡᠪᠡᠯ ᠰᠠᠨ ᠨᠢᠶᠠᠩ ᠽᠢ ᠭᠡᠭᠴᠢ ᠬᠡᠨ ᠪᠤᠢ? ᠶᠠᠭ᠋ᠠᠬᠢᠭ᠋ᠠᠳ ᠬᠥᠬᠡᠬᠣᠲᠠ ᠵᠢ 《ᠰᠠᠨ ᠨᠢᠶᠠᠩ ᠽᠢ ᠵᠢᠨ ᠬᠤᠳᠠ》 ᠭᠡᠵᠦ ᠨᠡᠷᠡᠯᠡᠭᠰᠡᠨ ᠪᠤᠢ?

ᠬᠥᠬᠡᠬᠣᠲᠠ ᠵᠢᠨ ᠥᠩᠭᠡ ᠦᠵᠡᠮᠵᠢ᠃ (ᠵᠢᠷᠤᠭ᠎ᠤᠨ ᠢᠷᠡᠯᠲᠡ᠄ ᠬᠠᠷᠠᠭ᠋ᠠᠨ ᠰᠡᠷᠡᠯ᠎ᠳᠠᠬᠢ ᠳᠤᠮᠳᠠᠳᠤ ᠤᠯᠤᠰ)
ᠠᠯᠳᠠᠨ ᠬᠠᠨ ᠡᠷᠭᠦᠮᠵᠢᠯᠡᠯ ᠬᠦᠷᠲᠡᠭᠰᠡᠨ᠎ᠨᠢ
ᠮᠢᠩ ᠤᠯᠤᠰ ᠪᠠᠢ᠌ᠭᠤᠯᠤᠭᠳᠠᠭᠰᠠᠨ᠎ᠠᠴᠠ ᠨᠠᠭ᠋ᠠᠰᠢ ᠤᠮᠠᠷᠠᠲᠤ ᠬᠢᠯᠢ᠎ᠪᠠᠨ ᠭᠤᠤᠯ ᠰᠡᠷᠭᠡᠢ᠌ᠯᠡᠯᠲᠡ ᠵᠢᠨ ᠭᠠᠵᠠᠷ ᠪᠣᠯᠭ᠋ᠠᠭᠰᠠᠭ᠋ᠠᠷ ᠢᠷᠡᠵᠡᠢ᠃
ᠮᠢᠩ ᠤᠯᠤᠰ ᠵᠡᠭᠦᠨ᠎ᠠᠴᠠ ᠪᠠᠷᠠᠭᠤᠨᠰᠢ ᠯᠢᠶᠣᠤᠳᠦ᠋ᠩ᠂ ᠵᠢᠵᠸᠤ᠂ ᠰᠢᠤᠸᠠᠨ ᠹᠦ᠋᠂ ᠳ᠋ᠠᠲ᠋ᠦ᠋ᠩ᠂ ᠱᠠᠨ ᠰᠢ᠂ ᠶᠡᠨᠰᠦᠢ᠍ᠢ᠂ ᠨᠢᠩᠰᠢᠶᠠ᠂ ᠬᠥ᠋ ᠶᠤᠸᠠᠨ᠂ ᠭᠠᠨᠰᠦ ᠵᠡᠷᠭᠡ ᠶᠢᠰᠦᠨ ᠶᠡᠬᠡ ᠴᠡᠷᠢᠭ᠎ᠤᠨ ᠶᠠᠪᠤᠳᠠᠯ᠎ᠤᠨ ᠴᠢᠬᠤᠯᠠ ᠪᠠᠯᠭ᠋ᠠᠰᠤ ᠪᠣᠯᠬᠤ 《ᠬᠢᠯᠢ ᠵᠢᠨ ᠶᠢᠰᠦ》 ᠵᠢ ᠪᠠᠢ᠌ᠭᠤᠯᠵᠠᠶ᠃ ᠡᠭᠦᠨ᠎ᠤ ᠬᠠᠮᠲᠤ ᠵᠡᠭᠦᠨᠲᠡᠢ ᠶᠠᠯᠦᠢ᠍ᠵᠢᠶᠠᠩ ᠮᠥᠷᠡᠨ᠎ᠠᠴᠠ ᠡᠬᠢᠯᠡᠵᠦ᠂ ᠪᠠᠷᠠᠭᠤᠨᠲᠠᠢ ᠰᠠᠢ᠌ᠬᠠᠨ ᠵᠠᠪᠠᠢ ᠪᠤᠭᠤᠮᠳᠠ ᠬᠦᠷᠲᠡᠯᠡᠬᠢ ᠲᠦᠮᠡ ᠭᠠᠷᠤᠶ ᠭᠠᠵᠠᠷ᠎ᠤᠨ ᠣᠷᠳᠣ ᠴᠠᠭ᠋ᠠᠨ ᠬᠡᠷᠡᠮ᠎ᠢ ᠪᠠᠢ᠌ᠭᠤᠯᠪᠠ᠃ 《ᠬᠢᠯᠢ ᠵᠢᠨ ᠶᠢᠰᠦ》 ᠪᠣᠯᠤᠨ ᠤᠷᠳᠤ ᠴᠠᠭ᠋ᠠᠨ ᠬᠡᠷᠡᠮ ᠬᠠᠷᠢᠯᠴᠠᠨ ᠲᠦᠰᠢᠭᠯᠡᠯᠴᠡᠵᠦ᠂ ᠮᠢᠩ ᠤᠯᠤᠰ᠎ᠤᠨ ᠬᠢᠯᠢ ᠵᠢᠨ ᠶᠢᠰᠦᠨ ᠭᠠᠵᠠᠷ᠎ᠤᠨ ᠥᠪᠡᠷᠮᠢᠴᠡ ᠣᠨᠴᠠᠯᠢᠭ᠎ᠲᠠᠢ ᠰᠡᠷᠭᠡᠢ᠌ᠯᠡᠯᠲᠡ ᠵᠢᠨ ᠲᠣᠭᠲᠠᠯᠴᠠᠭ᠎ᠠ ᠵᠢ ᠪᠦᠷᠢᠯᠳᠦᠭᠦᠯᠵᠡᠢ᠃

ᠥᠪᠥᠷ ᠮᠣᠩᠭᠣᠯ ᠪᠠ ᠱᠠᠨ ᠰᠢ ᠵᠢᠨ ᠠᠭᠤᠯᠵᠠᠷ᠎ᠲᠠᠬᠢ ᠯᠣᠤ ᠨᠢᠤ ᠸᠠᠨ᠎ᠤ ᠮᠢᠩ ᠤᠯᠤᠰ᠎ᠤᠨ ᠦᠶ᠎ᠡ ᠵᠢᠨ ᠴᠠᠭ᠋ᠠᠨ ᠬᠡᠷᠡᠮ᠎ᠤᠨ ᠪᠠᠭᠤᠷᠢ᠃ (ᠵᠢᠷᠤᠭ᠎ᠤᠨ ᠢᠷᠡᠯᠲᠡ᠄ ᠬᠠᠷᠠᠭ᠋ᠠᠨ ᠰᠡᠷᠡᠯ᠎ᠳᠠᠬᠢ ᠳᠤᠮᠳᠠᠳᠤ ᠤᠯᠤᠰ)
ᠮᠢᠩ ᠤᠯᠤᠰ᠎ᠨᠢ ᠮᠣᠩᠭᠣᠯ ᠠᠢ᠌ᠮᠠᠭ ᠪᠦᠯᠦᠭᠤᠳᠲᠠᠢ ᠢᠮᠠᠭᠳᠠ ᠲᠡᠮᠡᠴᠡᠨ ᠤᠷᠤᠭᠰᠢᠭᠰᠠᠭ᠋ᠠᠷ ᠪᠠᠢ᠌ᠪᠠ᠃ ᠢᠯᠠᠩᠭᠤᠶ᠎ᠠ ᠮᠢᠩ ᠤᠯᠤᠰ᠎ᠤᠨ ᠬᠣᠩ ᡁᠢ ᠵᠢᠨ ᠤᠨ᠎ᠠᠴᠠ ᠬᠤᠢ᠌ᠰᠢ ᠬᠣᠶᠠᠷ ᠡᠲᠡᠭᠡᠳ ᠴᠢᠩᠭ᠎ᠠ ᠡᠰᠡᠷᠭᠦᠴᠡᠯᠳᠦᠵᠦ᠂ ᠮᠣᠩᠭᠣᠯ ᠠᠢ᠌ᠮᠠᠭ ᠪᠦᠯᠦᠭᠤᠳᠨᠢ ᠤᠷᠲᠤ ᠴᠠᠭ᠋ᠠᠨ ᠬᠡᠷᠡᠮ᠎ᠢ ᠳᠠᠪᠠᠨ ᠳᠣᠲᠣᠷ᠎ᠠ ᠭᠠᠵᠠᠷ ᠵᠶ᠋ᠠᠷ ᠲᠠᠰᠤᠷᠠᠯᠲᠠ ᠦᠭᠡᠢ ᠪᠤᠯᠢᠶᠠᠨ ᠳᠡᠬᠡᠷᠡᠮᠳᠡᠬᠦᠳᠤ ᠮᠢᠩ ᠤᠯᠤᠰ᠎ᠤᠨ ᠴᠡᠷᠢᠭ ᠬᠠᠷᠢᠨ ᠵᠠᠬ᠎ᠠ ᠬᠢᠵᠠᠭ᠋ᠠᠷ ᠵᠶ᠋ᠠᠷ ᠳᠦᠢ᠍ᠮᠡᠷ ᠳᠠᠯᠪᠢᠵᠤ ᠠᠲᠠᠷ ᠭᠠᠯᠳᠠᠵᠤ᠂ ᠠᠳᠤᠭᠤ ᠮᠣᠷᠢ ᠬᠥᠭᠡᠭᠡᠨ ᠭᠡᠷ ᠮᠠᠢ᠌ᠬᠠᠨᠢ ᠨᠤᠷᠠᠭ᠋ᠠᠨ ᠳᠦᠢ᠍ᠪᠡᠭᠡᠵᠦ᠂ ᠤᠷᠲᠤ ᠴᠠᠭ᠋ᠠᠨ ᠬᠡᠷᠡᠮ᠎ᠤᠨ ᠳᠣᠲᠣᠷ᠎ᠠ ᠭᠠᠳᠠᠨ᠎ᠠ ᠳᠠᠷᠢ ᠵᠢᠨ ᠤᠲᠤᠭ᠎ᠠ ᠮᠠᠨᠠᠷᠠᠵᠤ᠂ ᠭᠠᠵᠠᠷ ᠪᠣᠯᠭ᠋ᠠᠨ᠎ᠳᠤ ᠡᠪᠳᠡᠷᠡᠵᠦ ᠰᠦᠢ᠍ᠷᠡᠭᠰᠡᠨ ᠪᠠᠢ᠌ᠳᠠᠯ ᠢᠯᠡᠷᠡᠵᠦ᠂ ᠡᠯ᠎ᠡ ᠦᠨᠳᠦᠰᠦᠲᠡᠨ᠎ᠤ ᠠᠷᠠᠳ ᠲᠦᠮᠡᠨ᠎ᠳᠤ ᠬᠦᠨᠳᠦ ᠨᠣᠴᠢᠲᠠᠶ ᠭᠠᠶ ᠭᠠᠮᠰᠢᠭ ᠤᠴᠠᠷᠠᠭᠤᠯᠤᠭᠰᠠᠨ᠎ᠠᠴᠠ ᠵᠦᠷᠢᠴᠡᠯ ᠮᠥᠷᠭᠥᠯᠳᠦᠭᠡᠨ᠎ᠢ ᠵᠣᠭᠰᠣᠭ᠋ᠠᠬᠤ᠂ ᠨᠠᠢ᠌ᠷᠠᠮᠳᠠᠯ ᠵᠶ᠋ᠠᠷ ᠶᠠᠪᠤᠯᠴᠠᠬᠤ᠎ᠨᠢ ᠬᠥᠮᠦᠰ᠎ᠤᠨ ᠬᠠᠮᠲᠤ ᠵᠢᠨ ᠬᠦᠰᠡᠯ ᠱᠠᠭ᠋ᠠᠷᠳᠠᠯᠭ᠎ᠠ ᠪᠤᠯᠵᠤ ᠪᠠᠢ᠌ᠵᠠᠢ᠃

ᠴᠡᠯᠡᠭᠡᠷ ᠲᠠᠯ᠎ᠠ᠃ (ᠵᠢᠷᠤᠭ᠎ᠤᠨ ᠢᠷᠡᠯᠲᠡ᠄ᠲᠤ ᠴᠦᠩ ᠡᠭᠦᠳᠦᠯᠲᠡ)
ᠮᠢᠩ ᠤᠯᠤᠰ᠎ᠤᠨ ᠰᠠᠢ᠌ᠰᠢᠶᠠᠯ᠎ᠲᠤ ᠢᠷᠥᠭᠡᠯᠲᠦ ᠵᠢᠨ ᠦᠶ᠎ᠡ᠎ᠳᠤ ᠤᠳᠤ ᠵᠢᠨ ᠬᠥᠬᠡᠬᠣᠲᠠ ᠤᠷᠴᠢᠮ ᠵᠶ᠋ᠠᠷ ᠮᠠᠯ ᠮᠠᠯᠵᠢᠨ ᠰᠠᠭᠤᠷᠢᠰᠢᠵᠤ ᠪᠠᠢ᠌ᠭᠰᠠᠨ ᠲᠦᠮᠡᠳ ᠠᠢ᠌ᠮᠠᠭ ᠠᠭ᠋ᠠᠵᠢᠮ ᠵᠶ᠋ᠠᠷ ᠬᠦᠴᠦᠷᠬᠡᠭᠵᠢᠵᠦ᠂ ᠠᠯᠲᠠᠨ ᠬᠠᠨ ᠮᠣᠩᠭᠣᠯ᠎ᠤᠨ ᠪᠠᠷᠠᠭᠤᠨ ᠭᠠᠷᠤᠨ ᠴᠢᠭᠤᠯᠭ᠋ᠠᠨ᠎ᠤ ᠡᠵᠡᠨ ᠪᠣᠯᠪᠠ᠃
1534 ᠣᠨ᠎ᠳᠤ᠂ ᠠᠯᠲᠠᠨ ᠬᠠᠨ ᠠᠩᠬ᠎ᠠ ᠤᠳᠠᠭ᠎ᠠ ᠮᠢᠩ ᠤᠯᠤᠰ᠎ᠠᠴᠠ 《ᠡᠷᠭᠦᠮᠵᠢᠯᠡᠯ ᠭᠤᠶᠤᠴᠢᠯᠠᠬᠤ》 ᠱᠠᠭ᠋ᠠᠷᠳᠠᠯᠭ᠎ᠠ ᠳᠤᠷᠠᠳᠴᠤ᠂ ᠬᠢᠯᠢ ᠵᠢᠨ ᠬᠤᠳᠠᠯᠳᠤᠭ᠋ᠠᠨ᠎ᠤ ᠬᠡᠯᠪᠡᠷᠢ᠎ᠪᠠᠷ ᠳᠣᠲᠣᠷ᠎ᠠ ᠭᠠᠵᠠᠷ᠎ᠲᠠᠢ ᠠᠵᠤ ᠠᠬᠤᠶ ᠵᠢᠨ ᠬᠡᠪ᠎ᠤᠨ ᠬᠠᠷᠢᠯᠴᠠᠭ᠎ᠠ᠎ᠲᠠᠢ ᠪᠣᠯᠬᠤ ᠵᠢ ᠬᠦᠰᠡᠵᠡᠶ᠃ ᠡᠭᠦᠨ᠎ᠠᠴᠠ ᠬᠣᠢ᠌ᠰᠢᠬᠢ ᠬᠡᠳᠦᠨ ᠠᠷᠪᠠᠨ ᠵᠢᠯ᠎ᠤᠨ ᠲᠤᠷᠰᠢ᠂ ᠲᠡᠷᠡ ᠴᠥᠬᠥᠷᠡᠯ ᠦᠭᠡᠢ ᠴᠢᠷᠮᠠᠢ᠌ᠨ ᠲᠠᠰᠤᠷᠠᠯᠲᠠ ᠦᠭᠡᠢ ᠡᠷᠭᠦᠮᠵᠢᠯᠡᠯ ᠭᠤᠶᠤᠴᠢᠯᠠᠭᠰᠠᠨ ᠪᠣᠯᠪᠠᠴᠤ ᠶᠡᠷᠦ᠎ᠨᠢ ᠪᠡᠶᠡᠯᠡᠭᠳᠡᠭᠰᠡᠨ ᠦᠭᠡᠢ ᠪᠠᠢ᠌ᠵᠠᠢ᠃
1570 ᠣᠨ᠎ᠳᠤ᠂ ᠠᠯᠲᠠᠨ ᠬᠠᠨ᠎ᠤ ᠣᠮᠪᠣᠯᠣ ᠪᠠᠭ᠎ᠠ ᠠᠴᠢ ᠲᠠᠢ᠌ᠵᠢ ᠭᠡᠷ ᠪᠦᠯᠢ ᠵᠢᠨ ᠵᠦᠷᠢᠴᠡᠯ᠎ᠠᠴᠠ ᠪᠣᠯᠵᠤ ᠮᠢᠡᠭ ᠤᠯᠤᠰ᠎ᠲᠤ ᠪᠠᠭᠤᠵᠤ ᠥᠭᠴᠡᠢ᠃ ᠭᠡᠨᠡᠳᠲᠡ᠎ᠪᠠᠷ ᠡᠬᠦᠰᠦᠭᠰᠡᠨ ᠡᠨᠡ ᠬᠦ᠌ ᠤᠴᠢᠷ᠎ᠢ ᠬᠡᠷᠬᠢᠨ ᠲᠣᠬᠢᠲᠠᠢ ᠰᠢᠢ᠍ᠳᠪᠦᠷᠢᠯᠡᠬᠦ᠎ᠨᠢ ᠳᠡᠷᠡ ᠦᠶ᠎ᠡ᠎ᠳᠤ᠎ᠪᠠᠨ ᠬᠣᠶᠠᠷ ᠲᠠᠯ᠎ᠠ ᠵᠢᠨ ᠤᠯᠤᠰ ᠲᠦᠷᠦ ᠵᠢᠨ ᠤᠬᠠᠭ᠋ᠠᠨ᠎ᠢ ᠰᠢᠯᠭ᠋ᠠᠵᠤ ᠪᠠᠢ᠌ᠭᠰᠠᠨ ᠵᠶ᠋ᠠᠷ ᠪᠠᠷᠠᠬᠤ ᠦᠭᠡᠢ ᠦᠷ᠎ᠡ ᠳ᠋ᠦᠩ᠎ᠨᠢ ᠴᠦ᠍ ᠬᠣᠶᠠᠷ ᠲᠠᠯ᠎ᠠ ᠵᠢᠨ ᠬᠠᠷᠢᠴᠠᠭ᠋ᠠᠨ᠎ᠤ ᠬᠥᠭᠵᠢᠯᠲᠡ ᠵᠢᠨ ᠬᠠᠨᠳᠤᠰᠢ ᠵᠢ ᠰᠢᠭᠤᠳ ᠨᠥᠯᠥᠭᠡᠯᠡᠬᠦ ᠵᠦᠢ᠍ᠯ ᠪᠤᠯᠵᠤ ᠪᠠᠢ᠌ᠪᠠ᠃
ᠬᠠᠭ᠋ᠠᠨᠲᠤ ᠲᠦᠷᠦ ᠵᠢᠨ ᠵᠥᠪᠰᠢᠶᠡᠷᠡᠯ ᠵᠶ᠋ᠡᠷ ᠸᠠᠩ ᠴᠥᠩ ᠭᠦ᠋ᠪᠠᠷ ᠲᠥᠯᠥᠭᠡᠯᠡᠭᠦᠯᠦᠭᠰᠡᠨ ᠮᠢᠩ ᠤᠯᠤᠰ᠎ᠤᠨ ᠨᠣᠶᠠᠳ ᠠᠯᠲᠠᠨ ᠬᠠᠨ᠎ᠲᠠᠢ ᠤᠯᠠᠨ ᠤᠳᠠᠭ᠎ᠠ ᠵᠥᠪᠳᠡᠯᠴᠡᠭᠰᠡᠨ᠎ᠤ ᠡᠴᠦᠰ᠎ᠲᠤ ᠪᠠᠭ᠎ᠠ ᠠᠴᠢ ᠲᠠᠢ᠌ᠵᠢ ᠵᠢ ᠲᠦᠮᠡᠳ᠎ᠲᠤ ᠳᠤᠲᠠᠭ᠋ᠠᠵᠤ ᠣᠴᠢᠭᠰᠠᠨ ᠬᠢᠲᠠᠳ᠎ᠤᠨ ᠲᠦᠷᠦᠭᠦᠦ ᠵᠤᠤ ᠴᠢᠤᠸᠠᠨ ᠨᠠᠷ ᠵᠶ᠋ᠠᠷ ᠰᠤᠯᠢᠬᠤ᠎ᠪᠠᠷ ᠳᠤᠬᠢᠷᠠᠯᠴᠠᠵᠤ᠂ ᠡᠨᠡ ᠤᠳᠠᠭ᠋ᠠᠨ᠎ᠤ ᠬᠡᠷᠡᠭ᠎ᠢ ᠡᠪᠳᠡᠢ ᠰᠠᠢ᠌ᠬᠠᠨ ᠰᠢᠢ᠍ᠳᠪᠦᠷᠢᠯᠡᠭᠰᠡᠨ ᠪᠠᠢ᠌ᠨ᠎ᠠ᠃

ᠬᠥᠬᠡᠬᠣᠲᠠ ᠵᠢᠨ ᠶᠡᠬᠡ ᠵᠤᠤ ᠲᠠᠯᠠᠪᠠᠢ᠎ᠳᠠᠬᠢ ᠠᠯᠲᠠᠨ ᠬᠠᠨ᠎ᠤ ᠱᠤᠭᠤᠮᠠᠯ᠃ (ᠵᠢᠷᠤᠭ᠎ᠤᠨ ᠢᠷᠡᠯᠲᠡ᠄ᠲᠤ ᠴᠦᠩ ᠡᠭᠦᠳᠦᠯᠲᠡ)᠃
1571 ᠣᠨ᠎ᠳᠤ᠂ ᠮᠢᠩ᠎ᠤᠨ ᠲᠦᠷᠦ᠎ᠠᠴᠠ ᠠᠯᠲᠠᠨ ᠬᠠᠨᠢ ᠱᠦᠨ ᠢ ᠸᠠᠩ ᠡᠷᠭᠦᠮᠵᠢᠯᠡᠵᠦ᠂ ᠪᠤᠰᠤᠳ ᠲᠦᠷᠦᠭᠦᠴᠦᠳ᠎ᠲᠤ ᠲᠤᠰ ᠲᠤᠰ ᠠᠳᠠᠯᠢ ᠪᠤᠰᠤ ᠵᠡᠷᠭᠡ ᠲᠤᠰᠢᠶᠠᠯ ᠣᠯᠭᠣᠭᠰᠠᠨ ᠪᠥᠭᠡᠳ ᠰᠢᠤᠸᠠᠨ ᠹᠦ᠋᠂ ᠳ᠋ᠠᠲ᠋ᠦ᠋ᠩ᠂ ᠱᠠᠨ ᠰᠢ᠂ ᠶᠠᠨ ᠰᠦᠶ᠂ ᠨᠢᠩᠰᠢᠶᠠ᠂ ᠭᠠᠨᠰᠦ ᠵᠡᠷᠭᠡ ᠤᠷᠳᠤ ᠴᠠᠭ᠋ᠠᠨ ᠬᠡᠷᠡᠮ ᠳᠠᠭ᠋ᠠᠤ ᠬᠢᠯᠢ ᠵᠢᠨ ᠪᠤᠭᠤᠮᠳᠠ ᠵᠢᠨ ᠬᠤᠳᠠ᠎ᠳᠤ ᠵᠠᠯᠭ᠋ᠠᠭ᠎ᠠ᠎ᠪᠠᠷ ᠠᠳᠤᠭᠤᠨ ᠵᠠᠬ᠎ᠠ ᠪᠣᠯᠤᠨ ᠵᠢᠵᠢᠭ ᠠᠷᠠᠯᠵᠢᠶᠠᠨ᠎ᠤ ᠵᠠᠬ᠎ᠠ ᠨᠡᠭᠡᠭᠡᠵᠡᠶ᠃ ᠡᠨᠡ ᠪᠣᠯ ᠳᠠᠷᠤᠶ 《ᠠᠯᠳᠠᠨ ᠬᠠᠨ᠎ᠤ ᠡᠷᠭᠦᠮᠵᠢᠯᠡᠯ》 (ᠳᠠᠷᠤᠶ 《ᠯᠦᠩ ᠴᠢᠩ᠎ᠤᠨ ᠨᠠᠢ᠌ᠷᠠᠮᠳᠠᠯ᠎ᠤᠨ ᠭᠡᠷ᠎ᠡ》) ᠪᠣᠯᠤᠨ᠎ᠠ᠃ ᠡᠭᠦᠨ᠎ᠠᠴᠠ ᠬᠣᠢ᠌ᠰᠢ᠂ 《ᠬᠢᠵᠠᠭ᠋ᠠᠷᠴᠤᠳ ᠳᠡᠮᠦᠷ ᠵᠡᠪᠰᠡᠭ ᠵᠶ᠋ᠠᠨ ᠲᠠᠷᠢᠶᠠᠯᠠᠩ᠎ᠤᠨ ᠪᠠᠭ᠋ᠠᠵᠢ᠎ᠪᠠᠷ ᠰᠣᠯᠢᠵᠤ᠂ ᠪᠣᠭᠣᠮᠲᠠ ᠭᠠᠵᠠᠷ᠎ᠤᠨ ᠳᠠᠢ᠌ᠨ ᠳᠠᠵᠢᠨ ᠵᠣᠭᠰᠣᠵᠤ ᠠᠮᠤᠷ ᠲᠠᠢ᠌ᠪᠤᠩ ᠪᠤᠯᠪᠠᠢ》᠃
ᠡᠨᠡ ᠶᠠᠪᠤᠴᠠ᠎ᠳᠤ᠂ ᠰᠠᠨ ᠨᠢᠶᠠᠩ ᠽᠢ ᠮᠠᠰᠢ ᠴᠢᠬᠤᠯᠠ ᠦᠢᠯᠡᠳᠦᠯ ᠦᠵᠡᠭᠦᠯᠦᠭᠰᠡᠨ ᠶᠤᠮ᠃
ᠰᠠᠨ ᠨᠢᠶᠠᠩ ᠽᠢ ᠵᠢᠨ ᠤᠭ ᠨᠡᠷ᠎ᠡ᠎ᠨᠢ ᠨᠤᠶᠠᠨᠴᠤ ᠭᠡᠳᠡᠭ᠂ ᠮᠣᠩᠭᠣᠯ᠎ᠤᠨ ᠤᠷᠳᠤᠰ ᠠᠢ᠌ᠮᠠᠭ᠎ᠤᠨ ᠬᠦᠮᠦᠨ (ᠰᠢᠨᠵᠢᠶᠠᠩ᠎ᠤᠨ ᠬᠠᠮᠢᠯ᠎ᠤᠨ ᠬᠣᠢ᠌ᠲᠤ ᠬᠡᠰᠡᠭ᠎ᠤᠨ ᠪᠠᠷᠠᠭᠤᠨ ᠮᠤᠩᠭᠤᠯ ᠴᠦ᠍ ᠭᠡᠳᠡᠭ) ᠪᠣᠯᠤᠨ᠎ᠠ᠂ ᠤᠴᠢᠷ᠎ᠨᠢ ᠲᠡᠷᠡ ᠪᠣᠯ ᠠᠯᠲᠠᠨ ᠬᠠᠨ᠎ᠤ ᠭᠤᠷᠪᠠᠳᠤᠭ᠋ᠠᠷ ᠬᠠᠲᠤᠨ ᠪᠣᠯᠬᠣᠷ ᠰᠠᠨ ᠨᠢᠶᠠᠩ ᠽᠢ ᠬᠡᠮᠡᠭᠳᠡᠵᠦ᠂ ᠪᠠᠰᠠ ᠡᠷᠬᠡᠲᠦ ᠬᠠᠲᠤᠨ᠂ ᠵᠦᠩᠭᠡᠨ ᠬᠠᠲᠤᠨ ᠴᠦ᠍ ᠭᠡᠳᠡᠭ ᠪᠠᠢ᠌ᠵᠠᠢ᠃
ᠰᠠᠨ ᠨᠢᠶᠠᠩ ᠽᠢ ᠬᠠᠷᠠᠬᠠᠨ ᠪᠠᠭ᠎ᠠ᠎ᠠᠴᠠ᠎ᠪᠠᠨ ᠰᠡᠴᠡᠨ ᠰᠡᠷᠭᠦᠯᠡᠩ᠂ 《ᠲᠥᠪᠡᠳ ᠪᠢᠴᠢᠭ》 ᠠᠷᠪᠢᠨ ᠤᠩᠰᠢᠵᠤ᠂ ᠴᠡᠷᠢᠭ ᠲᠡᠢ᠌ᠨ᠎ᠤ ᠤᠬᠠᠭ᠋ᠠᠨ᠎ᠳᠤ ᠨᠡᠪᠳᠡᠷᠡᠵᠦ᠂ ᠬᠠᠷᠪᠤᠵᠤ ᠨᠠᠮᠨᠠᠬᠤᠳᠤᠪᠠᠨ ᠭᠠᠷᠮᠠᠭ᠋ᠠᠢ ᠪᠥᠭᠡᠳ ᠮᠠᠰᠢ ᠭᠤᠶᠤ ᠳᠥᠷᠦᠭᠰᠡᠨ ᠬᠦᠮᠦᠨ ᠪᠠᠢ᠌ᠭᠰᠠᠨ ᠪᠤᠯᠬᠤᠷ ᠮᠢᠩ ᠤᠯᠤᠰ᠎ᠤᠨ ᠬᠦᠮᠦᠰ 《ᠰᠠᠷᠬᠤᠳ᠎ᠤᠨ ᠬᠦᠴᠦᠨᠳᠤᠷ ᠬᠠᠭ᠋ᠠᠰ ᠬᠦᠯᠴᠦᠭᠦᠷᠡᠭᠰᠡᠨ ᠴᠦ᠍ ᠬᠠᠴᠠᠷ ᠳᠠᠭ᠋ᠠᠷᠠᠨ ᠵᠢᠮᠵᠢᠭᠡᠨᠡᠮᠤᠢ᠂ ᠬᠠᠷᠢᠨ ᠴᠦ᠍ ᠳᠤᠤᠭᠤᠷ᠎ᠤᠨ ᠴᠡᠴᠡᠭ᠎ᠤᠨ ᠭᠤᠶᠤᠮᠰᠤᠭ ᠠᠨ᠎ᠤ ᠬᠠᠪᠤᠷ᠎ᠤᠨ ᠬᠦᠢ᠍ᠳᠡᠨ᠎ᠢ ᠳᠠᠷᠤᠵᠤᠬᠤᠢ》 ᠭᠡᠬᠦ ᠮᠡᠳᠦ᠎ᠪᠠᠷ ᠲᠡᠭᠦᠨ᠎ᠢ ᠮᠠᠭᠲᠠᠨ ᠰᠢᠯᠦᠭᠯᠡᠭᠰᠡᠨ ᠪᠠᠢ᠌ᠳᠠᠭ᠃ ᠵᠠᠯᠠᠭᠤ ᠭᠤᠶᠤᠮᠰᠤᠭ᠂ ᠪᠢᠴᠢᠭ ᠴᠡᠷᠢᠭ᠎ᠤᠨ ᠡᠷᠳᠡᠮ ᠬᠣᠣᠰᠯᠠᠭᠰᠠᠨ ᠰᠠᠨ ᠨᠢᠶᠠᠩ ᠽᠢ ᠵᠢ ᠠᠯᠲᠠᠨ ᠬᠠᠨ ᠮᠠᠰᠢ ᠡᠩᠬᠦᠷᠡᠢ᠌ᠯᠡᠨ ᠬᠦᠨᠳᠦᠳᠭᠡᠳᠡᠭ ᠪᠤᠯᠬᠤᠷ 《ᠶᠡᠬᠡ ᠪᠠᠭ᠎ᠠ ᠬᠡᠷᠡᠭ ᠶᠠᠪᠤᠳᠠᠯ᠎ᠳᠤ ᠴᠥᠮ ᠰᠠᠨᠠᠯ᠎ᠢ᠎ᠨᠢ ᠰᠤᠨᠤᠰᠴᠤ ᠰᠢᠢ᠍ᠳᠪᠦᠷᠢ ᠭᠠᠷᠭ᠋ᠠᠳᠠᠭ》 ᠪᠥᠭᠡᠳ ᠵᠠᠰᠠᠭ ᠳᠥᠷᠦ ᠵᠢᠨ ᠶᠠᠪᠤᠳᠠᠯ᠎ᠳᠤ᠎ᠪᠠᠨ ᠴᠦ᠍ ᠤᠷᠤᠯᠴᠠᠭᠤᠯᠳᠠᠭ ᠪᠠᠢ᠌ᠵᠠᠢ᠃
ᠪᠠᠭ᠎ᠠ ᠠᠴᠢ ᠲᠠᠢ᠌ᠵᠢ ᠵᠢᠨ ᠬᠡᠷᠡᠭ ᠡᠭᠦᠰᠬᠦ ᠦᠶ᠎ᠡ᠎ᠳᠤ᠂ ᠰᠠᠨ ᠨᠢᠶᠠᠩ ᠽᠢ ᠠᠯᠲᠠᠨ ᠬᠠᠨ᠎ᠤ ᠴᠡᠷᠢᠭ ᠵᠡᠪᠰᠡᠭ ᠬᠦᠳᠡᠯᠭᠡᠬᠦ ᠵᠢ ᠶᠡᠬᠡ᠎ᠪᠠᠷ ᠬᠤᠷᠢᠭᠯᠠᠨ ᠢᠳᠬᠠᠵᠤ᠂ ᠮᠢᠩ ᠤᠯᠤᠰ᠎ᠤᠨ ᠨᠥᠬᠥᠴᠡᠯ᠎ᠢ ᠵᠥᠪᠰᠢᠶᠡᠷᠡᠵᠦ᠂ ᠤᠳᠤ᠎ᠠᠴᠠ ᠴᠡᠷᠢᠭ ᠵᠡᠪᠰᠡᠭ ᠵᠶ᠋ᠡᠨ ᠬᠤᠷᠢᠶᠠᠵᠤ᠂ ᠨᠠᠢ᠌ᠷᠠᠮᠳᠠᠯ ᠵᠶ᠋ᠠᠷ ᠠᠷᠠᠯᠵᠢᠶ᠎ᠠ ᠬᠢᠬᠦ ᠬᠡᠷᠡᠭᠲᠡᠶ ᠭᠡᠵᠦ ᠰᠠᠨᠠᠭᠤᠯᠵᠠᠢ᠃ ᠠᠯᠲᠠᠨ ᠬᠠᠨ ᠳᠡᠭᠦᠨ᠎ᠤ ᠰᠠᠨᠠᠭᠤᠯᠭ᠎ᠠ ᠵᠢ ᠳᠤᠷᠠᠳᠠᠢ᠌ᠶ᠎ᠠ ᠬᠦᠯᠢᠶᠡᠨ ᠠᠪᠤᠭᠰᠠᠨ ᠵᠶ᠋ᠠᠷ ᠡᠷᠭᠦᠮᠵᠢᠯᠡᠯ᠎ᠳᠤ ᠰᠠᠨᠠᠯ ᠨᠢᠭᠡᠳᠴᠡᠢ᠃ ᠲᠡᠦᠬᠡ
ᠰᠤᠳᠤᠷ᠎ᠲᠤ᠄ 《ᠡᠷᠭᠦᠮᠵᠢᠯᠡᠯ᠎ᠤᠨ ᠤᠴᠢᠷ ᠪᠥᠳᠦᠭᠰᠡᠨ ᠠᠨ᠎ᠤ ᠦᠨᠡᠬᠡᠷ ᠵᠦᠩᠭᠡᠨ ᠬᠠᠲᠤᠨ᠎ᠤ ᠰᠠᠨᠠᠭ᠎ᠠ ᠠᠮᠤᠢ》 ᠬᠡᠮᠡᠨ ᠳᠡᠮᠳᠡᠭᠯᠡᠵᠦ᠂ ᠰᠠᠨ ᠨᠢᠶᠠᠩ ᠽᠢ ᠵᠢᠨ ᠭᠠᠪᠢᠶ᠎ᠠ ᠵᠢᠳᠬᠦᠯ᠎ᠢ ᠨᠤᠳᠠᠯᠠᠭᠰᠠᠨ ᠪᠠᠢ᠌ᠳᠠᠭ᠃

ᠮᠠᠢ᠌ᠳᠠᠷᠢ ᠵᠢᠨ ᠵᠣᠣ ᠵᠢᠨ ᠴᠣᠭᠴᠢᠨ ᠳᠤᠭ᠋ᠠᠩᠤᠨ ᠰᠠᠨ ᠨᠢᠶᠠᠩ ᠽᠢ ᠵᠢᠨ ᠬᠠᠨᠠᠨ ᠵᠢᠷᠤᠭ᠃ (ᠭᠡᠷᠡᠯ ᠵᠢᠷᠤᠭ᠎ᠤᠨ ᠢᠷᠡᠯᠲᠡ᠄ ᠵᠢᠪᠬᠤᠭ᠋ᠠᠲᠤ ᠲᠦᠮᠡᠳ ᠪᠠᠷᠠᠭᠤᠨ ᠬᠣᠰᠢᠭᠤ)
ᠨᠠᠢ᠌ᠷᠠᠮᠳᠠᠯ ᠵᠶ᠋ᠡᠷ ᠬᠢᠯᠢ ᠵᠢᠨ ᠬᠤᠳᠠᠯᠳᠤᠭ᠎ᠠ ᠨᠡᠭᠡᠭᠡᠭᠰᠡᠨ᠎ᠨᠢ
ᠠᠯᠲᠠᠨ ᠬᠠᠨ᠎ᠤ ᠦᠶ᠎ᠡ᠎ᠳᠤ᠂ ᠰᠠᠨ ᠨᠢᠶᠠᠩ ᠽᠢ 《ᠠᠯᠲᠠᠨ ᠬᠠᠨᠳᠤᠷ ᠳᠤᠰᠠᠯᠠᠨ ᠡᠷᠭᠦᠮᠵᠢᠯᠡᠭᠰᠡᠨ ᠠᠷᠠᠯᠵᠢᠶᠠᠨ᠎ᠤ ᠵᠠᠬ᠎ᠠ ᠵᠢ ᠬᠠᠷᠢᠭᠤᠴᠠᠭᠰᠠᠨᠳᠤᠷ ᠡᠯ᠎ᠡ ᠠᠢ᠌ᠮᠠᠭ ᠴᠥᠮ ᠲᠡᠭᠦᠨᠳᠤᠷ ᠬᠢᠵᠠᠭ᠋ᠠᠷᠯᠠᠭᠳᠠᠪᠠᠢ》᠃ ᠠᠷᠠᠯᠵᠢᠶᠠᠨ᠎ᠤ ᠵᠠᠬ᠎ᠠ ᠨᠡᠭᠡᠭᠡᠬᠦ ᠡᠳᠦᠷ ᠪᠤᠯᠤᠭᠰᠠᠭ᠋ᠠᠷ ᠲᠡᠷᠡ 《ᠰᠠᠢ᠌ᠨ ᠠᠬᠳᠠ ᠤᠨᠤᠵᠤ᠂ ᠰᠠᠢ᠌ᠳ ᠳᠦᠰᠢᠮᠡᠳ ᠳᠠᠭ᠋ᠠᠭᠤᠯᠵᠤ᠂ ᠪᠤᠯᠠᠭ᠋ᠠᠨ ᠮᠠᠯᠠᠭ᠋ᠠᠢ ᠵᠡᠭᠦᠵᠦ ᠬᠡᠮᠡᠷᠯᠢᠭ ᠲᠡᠪᠡᠯ ᠡᠮᠦᠰᠴᠦ᠂ ᠪᠤᠭᠤᠮᠳᠠ ᠵᠢᠨ ᠠᠷᠤ᠎ᠪᠠᠷ ᠳᠠᠪᠬᠢᠭᠤᠯᠵᠤ》 ᠬᠢᠯᠢ ᠵᠢᠨ ᠬᠤᠳᠠᠯᠳᠤᠭ᠎ᠠ᠎ᠪᠠᠷ ᠲᠣᠭᠣᠷᠢᠨ ᠪᠠᠢ᠌ᠴᠠᠭ᠋ᠠᠵᠤ ᠡᠮᠬᠢ ᠳᠢᠭᠯᠢᠮ᠎ᠢ ᠪᠠᠲᠤᠯᠠᠳᠠᠭ᠃ ᠪᠠᠭᠤᠷᠢ ᠮᠣᠷᠢ᠎ᠪᠠᠷ ᠰᠠᠢ᠌ᠨ ᠠᠬᠳᠠ ᠵᠢ ᠣᠷᠣᠯᠠᠭᠤᠯᠬᠤ᠂ ᠢᠯᠡ᠎ᠪᠠᠷ ᠪᠤᠯᠢᠶᠠᠨ ᠳᠠᠯᠳᠠᠭᠤᠷ ᠬᠤᠯᠠᠭ᠋ᠠᠢ᠌ᠯᠠᠬᠤ ᠵᠡᠷᠭᠡ ᠵᠠᠬ᠎ᠠ ᠳᠡᠯᠭᠡᠭᠦᠷ᠎ᠤᠨ ᠡᠮᠬᠢ ᠳᠢᠭᠯᠢᠮ᠎ᠢ ᠰᠠᠮᠠᠭᠤᠷᠠᠭᠤᠯᠤᠭᠰᠠᠨ ᠠᠵᠢᠯᠯᠠᠭ᠎ᠠ ᠪᠠ ᠡᠮᠦᠨᠡᠰᠢ ᠲᠦᠷᠢᠵᠦ ᠬᠢᠯᠢ ᠬᠢᠵᠠᠭ᠋ᠠᠷ᠎ᠢ ᠲᠦᠢ᠍ᠪᠡᠭᠡᠭᠰᠡᠨ ᠮᠣᠩᠭᠣᠯ ᠠᠷᠠᠳ᠎ᠢ 《ᠰᠠᠨ ᠨᠢᠶᠠᠩ ᠽᠢ ᠴᠥᠮ ᠵᠶ᠋ᠡᠷ ᠵᠠᠯᠬᠠᠭ᠋ᠠᠨ ᠰᠢᠳᠭᠡᠳᠡᠭ》 ᠪᠠᠢ᠌ᠵᠠᠢ᠃
ᠰᠠᠨ ᠨᠢᠶᠠᠩ ᠽᠢ ᠵᠢᠨ ᠴᠢᠷᠮᠠᠢ᠌ᠯᠭ᠎ᠠ᠎ᠪᠠᠷ᠂ ᠵᠠᠷᠢᠮ ᠶᠠᠯᠢᠮ ᠦᠭᠡᠢ ᠵᠥᠷᠢᠴᠡᠯ ᠵᠢᠭᠤᠷᠠᠯᠳᠤᠭ᠋ᠠᠨ ᠪᠠ ᠭᠠᠷᠴᠤ ᠮᠡᠳᠡᠬᠦ ᠮᠥᠷᠭᠥᠯᠳᠦᠭᠡᠨ᠎ᠢ ᠨᠠᠮᠳᠠᠭᠤᠯᠤᠭᠰᠠᠨ ᠪᠠ ᠲᠡᠭᠦᠨ᠎ᠠᠴᠠ ᠵᠠᠢ᠌ᠯᠠᠰᠬᠢᠵᠤ᠂ ᠬᠢᠯᠢ ᠵᠢᠨ ᠬᠤᠳᠠᠯᠳᠤᠭ᠋ᠠᠨ᠎ᠤ ᠡᠮᠬᠢ ᠳᠢᠭᠯᠢᠮ᠎ᠢ ᠪᠠᠲᠤᠯᠠᠭᠰᠠᠨ ᠵᠶ᠋ᠠᠷ ᠴᠡᠴᠡᠭᠯᠡᠨ ᠬᠥᠭᠵᠢᠭᠰᠡᠨ ᠪᠠᠢ᠌ᠳᠠᠯ ᠢᠯᠡᠷᠡᠵᠦ᠂ ᠮᠢᠩ ᠤᠯᠤᠰ᠎ᠤᠨ ᠠᠯᠪᠠᠨ ᠲᠤᠰᠢᠶᠠᠯᠲᠠᠨ ᠴᠤ᠌ 《ᠰᠠᠨ ᠨᠢᠶᠠᠩ ᠽᠢ ᠬᠢᠯᠢ ᠵᠢᠨ ᠬᠤᠳᠠᠯᠳᠤᠭ᠎ᠠ ᠵᠢ ᠬᠠᠷᠢᠭᠤᠴᠠᠪᠠᠯ᠂ ᠠᠮᠤᠷ ᠲᠠᠢ᠌ᠪᠤᠩ ᠪᠠᠢ᠌ᠬᠤ ᠪᠣᠯᠤᠨ᠎ᠠ》 ᠭᠡᠳᠡᠭ᠃

ᠮᠣᠩᠭᠣᠯ ᠬᠢᠲᠠᠳ ᠬᠢᠯᠢ ᠵᠢᠨ ᠬᠤᠳᠠᠯᠳᠤᠭ᠋ᠠᠨ᠎ᠤ ᠵᠢᠷᠤᠭ᠃ (ᠭᠡᠷᠡᠯ ᠵᠢᠷᠤᠭ᠎ᠤᠨ ᠢᠷᠡᠯᠲᠡ᠄ ᠵᠢᠪᠬᠤᠭ᠋ᠠᠲᠤ ᠲᠦᠮᠡᠳ ᠪᠠᠷᠠᠭᠤᠨ ᠬᠣᠰᠢᠭᠤ)
ᠠᠯᠪᠠᠨ᠎ᠤ ᠳᠠᠯ᠎ᠠ ᠵᠢᠨ ᠠᠷᠠᠯᠵᠢᠶ᠎ᠠ᠎ᠠᠴᠠ ᠭᠠᠳᠠᠨ᠎ᠠ᠂ ᠰᠠᠨ ᠨᠢᠶᠠᠩ ᠽᠢ ᠪᠠᠰᠠ ᠲᠠᠯ᠎ᠠ ᠨᠤᠲᠤᠭ᠎ᠤᠨ ᠮᠠᠯᠴᠢᠳ ᠳᠣᠲᠣᠷ᠎ᠠ ᠭᠠᠵᠠᠷ᠎ᠤᠨ ᠴᠡᠷᠢᠭ ᠠᠷᠠᠳ᠎ᠲᠠᠢ ᠠᠷᠠᠳ᠎ᠤᠨ ᠬᠣᠭᠣᠷᠣᠨᠳᠤᠬᠢ ᠠᠷᠠᠯᠵᠢᠶ᠎ᠠ ᠵᠢ ᠥᠷᠭᠡᠨ ᠵᠶ᠋ᠡᠷ ᠬᠢᠬᠦ ᠵᠢ ᠵᠦᠪᠰᠢᠶᠡᠷᠡᠵᠦ᠂ ᠦᠬᠡᠷ ᠬᠣᠨᠢ ᠵᠡᠷᠭᠡ ᠮᠠᠯ ᠤᠨᠤᠭ᠎ᠠ ᠵᠢᠴᠢ ᠠᠷᠠᠰᠤ ᠨᠣᠣᠰᠣ᠂ ᠳᠡᠯ ᠰᠡᠭᠦᠯ ᠵᠡᠷᠭᠡ ᠮᠠᠯ᠎ᠤᠨ ᠠᠰᠢᠭ ᠰᠢᠮ᠎ᠡ᠎ᠪᠠᠷ ᠳᠤᠮᠳᠠᠳᠤ ᠣᠷᠣᠨ᠎ᠤ ᠪᠥᠰ ᠲᠣᠷᠭ᠎ᠠ᠂ ᠠᠷᠠᠰᠤ ᠰᠢᠷᠢ᠂ ᠠᠮᠤ ᠪᠤᠳᠠᠭ᠎ᠠ᠂ ᠡᠮ ᠲᠠᠩ᠂ ᠵᠠᠰᠠᠯ ᠵᠢᠮᠰᠡᠭ᠂ ᠬᠤᠪᠴᠠᠰᠤ ᠬᠤᠨᠠᠷ᠂ ᠲᠣᠭᠣᠭ᠎ᠠ ᠰᠢᠨᠠᠭ᠎ᠠ᠂ ᠲᠠᠷᠢᠶᠠᠯᠠᠩ᠎ᠤᠨ ᠪᠠᠭ᠋ᠠᠵᠢ ᠵᠡᠷᠭᠡ ᠡᠳᠦᠷ ᠲᠤᠲᠤᠮ᠎ᠤᠨ ᠠᠮᠢᠳᠤᠷᠠᠯ᠎ᠤᠨ ᠬᠡᠷᠡᠭᠰᠡᠯ ᠵᠶ᠋ᠡᠨ ᠰᠣᠯᠢᠯᠴᠠᠬᠤ ᠵᠢ ᠵᠥᠪᠰᠢᠶᠡᠷᠡᠵᠡᠶ᠃ ᠬᠢᠯᠢ ᠵᠢᠨ ᠬᠤᠳᠠᠯᠳᠤᠭ᠎ᠠ ᠥᠷᠨᠢᠭᠰᠡᠨ᠎ᠨᠢ ᠲᠦᠮᠡᠳ ᠮᠣᠩᠭᠣᠯ ᠪᠣᠯᠤᠨ ᠮᠢᠩ ᠤᠯᠤᠰ᠎ᠤᠨ ᠠᠵᠤ ᠠᠬᠤᠶ ᠵᠢᠨ ᠬᠠᠷᠢᠯᠴᠠᠭ᠎ᠠ ᠵᠢ ᠨᠢᠭᠲᠠᠷᠠᠭᠤᠯᠵᠤ᠂ ᠰᠣᠶᠣᠯ᠎ᠤᠨ ᠬᠥᠭᠵᠢᠯᠲᠡ᠂ ᠬᠣᠲᠠ ᠪᠠᠯᠭ᠋ᠠᠰᠤᠵᠢᠯᠢ ᠠᠬᠢᠭᠤᠯᠵᠤ᠂ ᠥᠷᠭᠡᠨ ᠣᠯᠠᠨ ᠮᠠᠯᠴᠢᠳ᠎ᠤᠨ ᠠᠮᠢᠳᠤᠷᠠᠯ᠎ᠤᠨ ᠨᠥᠬᠥᠴᠡᠯ᠎ᠢ ᠶᠡᠬᠡ᠎ᠪᠠᠷ ᠰᠠᠢ᠌ᠵᠢᠷᠠᠭᠤᠯᠪᠠ᠃
ᠬᠢᠯᠢ ᠬᠢᠵᠠᠭ᠋ᠠᠷ᠎ᠤᠨ ᠠᠮᠤᠷ ᠲᠣᠭᠲᠠᠭᠤᠨ᠂ ᠵᠠᠬ᠎ᠠ ᠳᠡᠯᠭᠡᠭᠦᠷ᠎ᠤᠨ ᠬᠥᠭᠵᠢᠯ ᠴᠡᠴᠡᠭᠯᠡᠯ ᠪᠠ ᠠᠮᠢᠳᠤᠷᠠᠯ᠎ᠤᠨ ᠨᠥᠬᠥᠴᠡᠯ ᠤᠯᠠᠮ ᠨᠢᠭᠡ ᠠᠯᠬᠤᠮ ᠰᠠᠢ᠌ᠵᠢᠷᠠᠭᠰᠠᠨ ᠵᠶ᠋ᠠᠷ ᠮᠣᠩᠭᠣᠯ ᠬᠢᠲᠠᠳ ᠬᠣᠶᠠᠷ ᠲᠠᠯ᠎ᠠ᠎ᠪᠠᠷ ᠵᠶ᠋ᠠᠨ ᠴᠥᠮ ᠨᠠᠢ᠌ᠷᠠᠮᠳᠠᠯ᠎ᠤᠨ ᠬᠢᠯᠢ ᠵᠢᠨ ᠬᠤᠳᠠᠯᠳᠤᠭ᠎ᠠ ᠪᠤᠯ ᠬᠣᠶᠠᠷ ᠲᠠᠯ᠎ᠠ ᠵᠢᠨ ᠠᠰᠢᠭ ᠲᠤᠰᠠ᠎ᠳᠤ ᠨᠡᠢ᠌ᠴᠡᠬᠦ ᠴᠣᠷ᠎ᠤᠨ ᠭᠠᠭᠴᠠ ᠵᠠᠮ ᠮᠥᠨ ᠭᠡᠳᠡᠭ᠎ᠢ ᠲᠠᠨᠢᠵᠤ ᠤᠢ᠌ᠯᠠᠭ᠋ᠠᠵᠠᠢ᠃
1581 ᠣᠨ᠎ᠳᠤ ᠠᠯᠲᠠᠨ ᠬᠠᠨ ᠡᠪᠡᠳᠴᠢᠨ ᠵᠶ᠋ᠡᠷ ᠨᠠᠰᠤ ᠪᠠᠷᠠᠪᠠ᠃ ᠰᠠᠨ ᠨᠢᠶᠠᠩ ᠽᠢ ᠲᠦᠮᠡᠳ ᠮᠣᠩᠭᠣᠯ᠎ᠤᠨ ᠤᠯᠤᠰ ᠲᠦᠷᠦ ᠵᠢᠨ ᠭᠣᠣᠯᠯᠠᠭᠴᠢ ᠬᠥᠮᠦᠨ ᠪᠤᠯᠵᠤ᠂ ᠳᠡᠷᠡᠪᠡᠷ 《ᠰᠡᠴᠡᠨ ᠰᠡᠷᠭᠦᠯᠡᠩ ᠠᠷᠭ᠎ᠠ ᠪᠤᠳᠤᠯᠭ᠎ᠠ᠎ᠲᠠᠢ᠂ ᠴᠡᠷᠢᠭ᠎ᠤᠨ ᠡᠷᠬᠡ ᠵᠢ ᠠᠳᠬᠤᠵᠤ᠂ ᠡᠵᠡᠨ ᠳᠥᠷᠦ᠎ᠳᠤ ᠳᠤᠰᠠᠯᠠᠨ ᠡᠯ᠎ᠡ ᠠᠢ᠌ᠮᠠᠭ᠎ᠢ ᠢᠯᠪᠢᠨ ᠲᠣᠬᠣᠨᠢᠭᠤᠯᠵᠤ᠂ ᠵᠠᠷᠯᠢᠭ ᠪᠣᠯᠭ᠋ᠠᠨ ᠬᠡᠷᠡᠭᠵᠢᠵᠦ᠂ ᠬᠤᠷᠢᠭ ᠪᠥᠬᠦᠨ ᠵᠤᠭᠰᠤᠵᠤ》᠂ ᠮᠣᠩᠭᠣᠯ᠎ᠤᠨ ᠪᠠᠷᠠᠭᠤᠨ ᠭᠠᠷᠤᠨ ᠣᠷᠣᠨ᠎ᠤ ᠠᠮᠤᠷ ᠲᠣᠭᠲᠠᠭᠤᠨ ᠪᠠᠢ᠌ᠳᠠᠯ᠎ᠢ ᠬᠠᠮᠠᠭ᠋ᠠᠯᠠᠵᠤ᠂ ᠮᠢᠩ ᠤᠯᠤᠰ᠎ᠯᠤᠭ᠎ᠠ ᠵᠢᠨ ᠠᠷᠠᠯᠵᠢᠶ᠎ᠠ ᠬᠤᠳᠠᠯᠳᠤᠭ᠋ᠠᠨ᠎ᠤ ᠬᠠᠷᠢᠴᠠᠭ᠎ᠠ᠎ᠪᠠᠨ ᠬᠠᠮᠠᠭ᠋ᠠᠯᠠᠵᠤ᠂ ᠲᠦᠮᠡᠳ᠎ᠤᠨ ᠨᠡᠢ᠌ᠭᠡᠮ᠎ᠤᠨ ᠠᠵᠤ ᠠᠬᠤᠶ ᠰᠣᠶᠣᠯ᠎ᠢ ᠲᠠᠰᠤᠷᠠᠯᠲᠠ ᠦᠭᠡᠢ ᠬᠥᠭᠵᠢᠭᠦᠯᠵᠦ᠂ ᠡᠯ᠎ᠡ ᠦᠨᠳᠦᠰᠦᠲᠡᠨ᠎ᠤ ᠨᠥᠬᠥᠷᠰᠡᠭ ᠶᠠᠪᠤᠯᠴᠠᠭ᠎ᠠ ᠬᠠᠷᠢᠯᠴᠠᠭ᠎ᠠ ᠵᠢ ᠪᠡᠬᠢᠵᠢᠭᠦᠯᠵᠡᠶ᠃ 1587 ᠣᠨ᠎ᠳᠤ ᠮᠢᠩ᠎ᠤᠨ ᠲᠥᠷᠥ᠎ᠠᠴᠠ ᠲᠡᠭᠦᠨ᠎ᠢ 《ᠵᠥᠩ ᠱᠦᠨ ᠬᠠᠲᠤᠨ》 ᠬᠡᠮᠡᠨ ᠡᠷᠬᠦᠮᠵᠢᠯᠡᠪᠠ᠃

《ᠠᠯᠳᠠᠨ ᠬᠠᠨ ᠡᠷᠭᠦᠮᠵᠢᠯᠡᠭᠳᠡᠭᠰᠡᠨ》᠎ᠤ ᠳᠠᠷᠠᠭ᠎ᠠ ᠴᠢᠭᠤᠯᠤᠯᠲᠤ ᠬᠠᠭ᠋ᠠᠯᠭ᠎ᠠ ᠬᠥᠭᠵᠢᠭᠡᠳ ᠬᠤᠳᠠᠯᠳᠤᠭ᠋ᠠᠨ᠎ᠤ ᠲᠣᠮᠣ ᠪᠠᠯᠭ᠋ᠠᠰᠤ ᠪᠣᠯᠪᠠ᠃ ᠵᠢᠷᠤᠭ ᠪᠣᠯ ᠴᠢᠭᠤᠯᠤᠯᠲᠤ ᠬᠠᠭ᠋ᠠᠯᠭ᠎ᠠ ᠵᠢᠨ ᠳ᠋ᠠ ᠵᠢᠩ ᠮᠧᠨ ᠦᠵᠡᠮᠵᠢ ᠵᠢᠨ ᠣᠷᠣᠨ᠎ᠳᠠᠬᠢ ᠰᠠᠨ ᠨᠢᠶᠠᠩ ᠽᠢ ᠵᠢᠨ ᠰᠦᠮ᠎ᠡ᠃ (ᠵᠢᠷᠤᠭ᠎ᠤᠨ ᠢᠷᠡᠯᠲᠡ᠄ ᠬᠠᠷᠠᠭ᠋ᠠᠨ ᠰᠡᠷᠡᠯ᠎ᠳᠠᠬᠢ ᠳᠤᠮᠳᠠᠳᠤ ᠤᠯᠤᠰ)
ᠰᠠᠨ ᠨᠢᠶᠠᠩ ᠽᠢ ᠲᠤᠮᠳᠠᠳᠤ ᠣᠷᠣᠨ᠎ᠤ ᠰᠣᠶᠣᠯ᠎ᠢ ᠶᠡᠬᠡᠳᠡ ᠪᠠᠬᠠᠷᠬᠠᠳᠠᠭ ᠳᠤᠯᠠ ᠤᠯᠠᠨ ᠤᠳᠠᠭ᠎ᠠ ᠪᠣᠭᠣᠮᠲᠠ᠎ᠳᠤ ᠣᠷᠣᠵᠤ ᠠᠯᠪᠠ ᠪᠠᠷᠢᠵᠤ ᠪᠠᠢ᠌ᠵᠠᠢ᠃ ᠳᠡᠷᠡᠪᠡᠷ ᠬᠡᠳᠦᠨ ᠦᠶ᠎ᠡ ᠵᠢᠨ ᠴᠡᠷᠢᠭ᠎ᠤᠨ ᠶᠡᠷᠦᠩᠬᠡᠶ ᠵᠠᠬᠢᠷᠤᠭᠴᠢ᠂ ᠴᠠᠭᠳᠠᠨ ᠪᠠᠢ᠌ᠴᠠᠭ᠋ᠠᠭᠴᠢᠨᠤᠭᠤᠳᠲᠠᠢ ᠨᠢᠭᠲᠠ ᠬᠠᠷᠢᠯᠴᠠᠵᠤ᠂ ᠬᠢᠯᠢ ᠵᠢᠨ ᠪᠣᠭᠣᠮᠲᠠ ᠵᠢᠨ ᠵᠦᠷᠢᠴᠡᠯ ᠮᠥᠷᠭᠥᠯᠳᠦᠭᠡᠨ᠎ᠢ ᠬᠠᠪᠰᠤᠷᠤᠨ ᠰᠢᠢ᠍ᠳᠪᠦᠷᠢᠯᠡᠳᠡᠭ ᠪᠠᠢ᠌ᠪᠠ᠃
1590 ᠣᠨ᠎ᠳᠤ᠂ ᠭᠤᠷᠪᠠᠳᠤᠭ᠋ᠠᠷ ᠦᠶ᠎ᠡ ᠵᠢᠨ ᠱᠦᠨ ᠢ ᠸᠠᠩ ᠴᠢᠷᠦᠬᠡ ᠪᠠᠷᠠᠭᠤᠨᠰᠢ ᠬᠥᠬᠡᠨᠠᠭᠤᠷ᠎ᠲᠤ ᠣᠷᠣᠭᠰᠠᠨ ᠶᠠᠪᠤᠳᠠᠯ᠎ᠨᠢ ᠬᠥᠬᠡᠨᠠᠭᠤᠷ ᠵᠢᠴᠢ ᠪᠣᠷᠣᠲᠣᠬᠣᠶ ᠵᠢᠨ ᠮᠣᠩᠭᠣᠯ ᠠᠢ᠌ᠮᠠᠭᠤᠳᠤᠨ ᠵᠥᠷᠢᠴᠡᠯ᠎ᠢ ᠤᠯᠠᠮ ᠬᠤᠷᠴᠠᠳᠬᠠᠪᠠ᠂ ᠲᠡᠳᠡ ᠲᠤᠤᠵᠸᠤ ᠵᠢ ᠲᠦᠷᠢᠮᠡᠬᠡᠢ᠌ᠯᠡᠵᠦ᠂ ᠾᠧᠵᠧᠦ ᠵᠢ ᠶᠡᠬᠡ᠎ᠪᠠᠷ ᠳᠡᠭᠡᠷᠡᠮᠳᠡᠵᠦ᠂ ᠭᠠᠨ ᠯᠢᠶᠠᠩ᠂ ᠰᠢᠨᠢᠩᠢ ᠲᠤᠪᠲᠤᠯᠤᠭᠰᠠᠨ ᠵᠶ᠋ᠠᠷ᠂ ᠰᠧᠴᠤᠸᠠᠨ ᠱᠠᠨᠰᠢ ᠵᠢ ᠳᠣᠩᠰᠣᠯᠭ᠋ᠠᠪᠠ᠂ ᠮᠢᠩ ᠤᠯᠤᠰ᠎ᠤᠨ ᠵᠠᠰᠠᠭ᠎ᠤᠨ ᠭᠠᠵᠠᠷ᠎ᠠᠴᠠ ᠴᠡᠷᠢᠭ᠎ᠤᠨ ᠶᠠᠪᠤᠳᠠᠯ᠎ᠤᠨ ᠶᠠᠮᠤᠨ᠎ᠤ ᠰᠠᠢ᠌ᠳ ᠵᠧᠩ ᠯᠦᠸᠧ ᠵᠢ ᠴᠡᠷᠢᠭ ᠳᠠᠢ᠌ᠴᠢᠯᠠᠨ ᠳᠠᠢ᠌ᠯᠠᠭᠤᠯᠪᠠ᠃
ᠵᠧᠩ ᠯᠦᠸᠧ ᠤᠷᠲᠤ ᠬᠤᠭᠤᠴᠠᠭ᠎ᠠ᠎ᠪᠠᠷ ᠴᠡᠷᠢᠭ᠎ᠤᠨ ᠶᠡᠷᠦᠩᠭᠡᠢ ᠵᠠᠬᠢᠷᠤᠭᠴᠢ ᠵᠢᠨ ᠳᠤᠰᠢᠶᠠᠯ᠎ᠳᠤ ᠪᠠᠢ᠌ᠭᠰᠠᠨ᠎ᠠᠴᠠ ᠰᠠᠨ ᠨᠢᠶᠠᠩ ᠽᠢᠲᠠᠢ ᠣᠯᠠᠨ ᠵᠢᠯ᠎ᠤᠨ ᠳᠣᠲᠣᠨᠣ ᠨᠠᠢ᠌ᠵᠠ ᠪᠠᠢ᠌ᠭᠰᠠᠨ᠎ᠠᠴᠠ ᠴᠢᠷᠦᠬᠡ ᠵᠢ ᠵᠡᠭᠦᠨᠰᠢ ᠡᠬᠡᠭᠦᠯᠬᠦᠪᠠᠷ ᠢᠳᠬᠠᠭᠤᠯᠬᠤᠪᠠᠷ ᠰᠠᠨ ᠨᠢᠶᠠᠩ ᠽᠢᠳᠤ ᠵᠠᠬᠢᠳᠠᠯ ᠢᠯᠡᠭᠡᠵᠡᠢ᠃ ᠰᠠᠨ ᠨᠢᠶᠠᠩ ᠽᠢ ᠶᠡᠷᠦ᠎ᠨᠢ ᠬᠡᠷᠡᠭ ᠶᠠᠪᠤᠳᠠᠯ᠎ᠤᠨ ᠬᠥᠭᠵᠢᠯᠲᠡ᠎ᠳᠤ ᠬᠠᠷᠠᠮᠰᠠᠵᠤ ᠪᠠᠢ᠌ᠭᠰᠠᠨ ᠪᠣᠯᠬᠣᠷ ᠴᠢᠷᠦᠬᠡ ᠵᠢ ᠬᠦᠯᠢᠴᠡᠩᠭᠦᠢ᠎ᠪᠠᠷ ᠢᠳᠬᠠᠵᠤ᠂ ᠪᠠᠢ᠌ᠳᠠᠯ᠎ᠢ ᠳᠠᠬᠢᠨ ᠳᠠᠪᠲᠠᠨ ᠲᠣᠳᠣᠷᠬᠠᠢ᠌ᠯᠠᠵᠤ᠂ ᠰᠠᠢ᠌ᠨ ᠮᠠᠭᠤ ᠳᠠᠯ᠎ᠠ ᠵᠢ ᠳᠠᠢ᠌ᠯᠪᠤᠷᠢᠯᠠᠵᠤ ᠥᠭᠴᠡᠢ᠃ ᠡᠭᠦᠨ᠎ᠤ ᠡᠴᠦᠰ᠎ᠲᠤ᠂ ᠴᠢᠷᠦᠬᠡ ᠣᠯᠠᠨ ᠵᠶ᠋ᠠᠨ ᠳᠠᠭ᠋ᠠᠭᠤᠯᠤᠨ ᠵᠡᠭᠦᠨᠰᠢ ᠡᠭᠡᠪᠡ᠃ ᠪᠤᠴᠠᠬᠤ ᠵᠠᠮ᠎ᠳᠤ᠎ᠪᠠᠨ ᠰᠠᠨ ᠨᠢᠶᠠᠩ ᠽᠢ ᠵᠧᠩ ᠯᠦᠸᠧ᠎ᠳᠤ ᠬᠠᠷᠢᠭᠤ ᠵᠠᠬᠢᠳᠠᠯ ᠢᠯᠡᠭᠡᠵᠦ᠂ ᠡᠷᠲᠡᠬᠡᠨ ᠪᠤᠴᠠᠬᠤ᠎ᠪᠠᠨ ᠢᠯᠡᠳᠬᠡᠭᠰᠡᠨ᠎ᠤ ᠬᠠᠮᠲᠤ 《ᠳᠤᠮᠳᠠᠳᠤ ᠣᠷᠣᠨ ᠪᠣᠯᠣᠨ ᠤᠮᠠᠷᠠᠲᠤ ᠵᠢᠨ ᠶᠡᠬᠡ ᠬᠡᠷᠡᠭ᠎ᠲᠤ ᠨᠢᠭᠡᠨ ᠴᠠᠭ ᠵᠶ᠋ᠠᠷ ᠴᠠᠯᠠᠭ᠋ᠠᠢ᠌ᠷᠠᠪᠠ》 ᠭᠡᠵᠦ ᠣᠰᠣᠯ ᠬᠦᠯᠢᠶᠡᠵᠦ ᠪᠠᠢ᠌ᠬᠤ᠎ᠪᠠᠨ ᠢᠯᠡᠳᠬᠡᠪᠡ᠃
ᠲᠦᠮᠡᠳ ᠨᠤᠳᠤᠭ᠎ᠲᠤ᠎ᠪᠠᠨ ᠪᠤᠴᠠᠭᠰᠠᠨ᠎ᠠᠴᠠ ᠬᠣᠢ᠌ᠰᠢ᠂ ᠰᠠᠨ ᠨᠢᠶᠠᠩ ᠽᠢ᠂ ᠴᠢᠷᠦᠬᠡ ᠠᠨᠳᠠᠭ᠋ᠠᠢ ᠬᠡᠷ᠎ᠡ᠎ᠪᠠᠨ ᠪᠠᠲᠤ ᠰᠠᠬᠢᠵᠤ᠂ ᠮᠢᠩ᠎ᠤᠨ ᠲᠥᠷᠥ᠎ᠲᠠᠢ ᠨᠥᠬᠥᠷᠰᠡᠭ ᠵᠶ᠋ᠡᠷ ᠶᠠᠪᠤᠯᠴᠠᠵᠤ᠂ ᠰᠠᠨ ᠨᠢᠶᠠᠩ ᠽᠢ ᠵᠢ ᠨᠠᠰᠤ ᠪᠠᠷᠠᠲᠠᠯ᠎ᠠ ᠳᠠᠬᠢᠵᠤ ᠦᠢ᠍ᠮᠡᠭᠡᠨ ᠳᠡᠪᠵᠢᠶᠡᠨ ᠡᠭᠦᠰᠦᠭᠰᠡᠨ ᠦᠭᠡᠢ ᠪᠢᠯᠡ᠃
ᠬᠥᠬᠡᠬᠣᠲᠠ᠃ (ᠵᠢᠷᠤᠭ᠎ᠤᠨ ᠢᠷᠡᠯᠲᠡ᠄ ᠬᠠᠷᠠᠭ᠋ᠠᠨ ᠰᠡᠷᠡᠯ᠎ᠳᠠᠬᠢ ᠳᠤᠮᠳᠠᠳᠤ ᠤᠯᠤᠰ)
ᠬᠥᠬᠡᠬᠣᠲᠠ ᠵᠢ ᠪᠠᠢ᠌ᠭᠤᠯᠤᠭᠰᠠᠨ᠎ᠨᠢ
ᠠᠯᠲᠠᠨ ᠬᠠᠨ᠎ᠠᠴᠠ ᠡᠮᠦᠨ᠎ᠡ ᠪᠣᠭᠣᠮᠲᠠ ᠵᠢᠨ ᠭᠠᠳᠠᠨᠠᠬᠢ ᠲᠠᠯ᠎ᠠ ᠨᠤᠲᠤᠭ᠎ᠲᠤ ᠲᠣᠮᠣᠬᠠᠨ ᠬᠣᠲᠠ ᠭᠡᠵᠦ ᠪᠠᠢ᠌ᠭᠰᠠᠨ ᠦᠭᠡᠢ᠃ 《ᠠᠯᠳᠠᠨ ᠬᠠᠨ᠎ᠤ ᠡᠷᠭᠦᠮᠵᠢᠯᠡᠯ》 ᠪᠤᠯᠤᠨ ᠬᠢᠯᠢ ᠵᠢᠨ ᠬᠤᠳᠠᠯᠳᠤᠭ᠎ᠠ ᠵᠢ ᠤᠷᠤᠭᠰᠢᠲᠠᠶ ᠥᠷᠨᠢᠭᠦᠯᠦᠭᠰᠡᠨ᠎ᠨᠢ ᠬᠤᠳᠠ ᠪᠠᠢ᠌ᠭᠤᠯᠬᠤ᠎ᠳᠤ ᠠᠮᠤᠷ ᠲᠠᠢ᠌ᠪᠤᠩ ᠣᠷᠴᠢᠨ ᠪᠠᠢ᠌ᠳᠠᠯ ᠪᠠ ᠪᠣᠯᠣᠯᠴᠠᠭ᠋ᠠᠲᠤ ᠨᠥᠬᠥᠴᠡᠯ ᠪᠤᠯᠤᠮᠵᠢ ᠵᠢ ᠬᠠᠩᠭ᠋ᠠᠵᠠᠢ᠃
ᠬᠥᠬᠡᠬᠣᠲᠠ ᠵᠢ ᠪᠠᠢ᠌ᠭᠤᠯᠤᠭᠰᠠᠨ ᠲᠡᠦᠬᠡ ᠵᠢ ᠪᠠᠢ᠌ᠯᠳᠤᠭ᠋ᠠᠨᠲᠤ ᠤᠯᠤᠰ᠎ᠤᠨ ᠦᠶ᠎ᠡ ᠬᠦᠷᠲᠡᠯ᠎ᠡ ᠮᠥᠷᠳᠡᠵᠦ ᠪᠣᠯᠤᠨ᠎ᠠ᠃ ᠤᠳᠤ ᠦᠶ᠎ᠡ ᠵᠢᠨ ᠬᠥᠬᠡᠬᠣᠲᠠ ᠵᠢᠨ ᠠᠩᠬᠠᠨ᠎ᠤ ᠳᠦᠷᠰᠦ᠎ᠨᠢ ᠶᠠᠭ ᠡᠨᠡ ᠦᠶ᠎ᠡ᠎ᠳᠤ ᠪᠤᠢ ᠪᠣᠯᠤᠭᠰᠠᠨ ᠶᠤᠮ᠃ 1572 ᠣᠨ᠎ᠳᠤ ᠠᠯᠲᠠᠨ ᠬᠠᠨ ᠪᠣᠯᠤᠨ ᠰᠠᠨ ᠨᠢᠶᠠᠩ ᠽᠢ ᠬᠠᠮᠳᠤ᠎ᠪᠠᠷ ᠬᠥᠬᠡᠬᠣᠲᠠ ᠵᠢ ᠪᠠᠢ᠌ᠭᠤᠯᠬᠤ ᠠᠵᠢᠯ᠎ᠢ ᠶᠡᠬᠡ ᠬᠡᠪᠴᠢᠶ᠎ᠡ᠎ᠪᠠᠷ ᠡᠬᠢᠯᠡᠭᠦᠯᠪᠡ᠃ ᠪᠠᠷᠢᠯᠭ᠎ᠠ ᠵᠢᠨ ᠬᠤᠭᠤᠴᠠᠭ᠋ᠠᠨ᠎ᠳᠤ ᠮᠢᠩ᠎ᠤᠨ ᠲᠥᠷᠥ᠎ᠠᠴᠠ ᠬᠣᠲᠠ ᠪᠠᠢ᠌ᠭᠤᠯᠬᠤ᠎ᠳᠤ ᠬᠡᠷᠡᠭᠰᠡᠬᠦ ᠰᠢᠷ ᠪᠤᠳᠤᠭ᠂ ᠲᠡᠷᠭᠡ ᠬᠥᠰᠬᠡ᠂ ᠠᠮᠤ ᠪᠤᠳᠠᠭ᠎ᠠ ᠵᠡᠷᠭᠡ ᠡᠳ᠋ ᠪᠠᠷᠠᠭ᠎ᠠ᠎ᠪᠠᠷ ᠶᠡᠬᠡᠳᠡ ᠳᠡᠮᠵᠢᠵᠡᠢ᠃ 1575 ᠣᠨ᠎ᠳᠤ ᠬᠣᠲᠠ ᠵᠢ ᠦᠨᠳᠦᠰᠦᠨ᠎ᠳᠤ᠎ᠪᠠᠨ ᠪᠠᠢ᠌ᠭᠤᠯᠤᠨ ᠳᠠᠭᠤᠰᠬᠠᠵᠤ᠂ ᠮᠢᠩ ᠤᠯᠤᠰ᠎ᠤᠨ ᠸᠠᠨ ᠯᠢ ᠬᠠᠭ᠋ᠠᠨ ᠡᠨᠡ ᠬᠦ᠌ ᠰᠢᠨ᠎ᠡ ᠬᠣᠲᠠ᠎ᠳᠤ 《ᠭᠦᠢ ᠬᠤᠸᠠ》 ᠭᠡᠰᠡᠨ ᠨᠡᠷ᠎ᠡ ᠬᠠᠢ᠌ᠷᠠᠯᠠᠭᠰᠠᠨ ᠪᠣᠯᠪᠠᠴᠤ ᠬᠥᠮᠦᠰ ᠮᠥᠨ ᠯᠡ ᠬᠥᠬᠡᠬᠣᠲᠠ ᠭᠡᠵᠦ ᠳᠠᠭᠤᠳᠠᠭᠰᠠᠭ᠋ᠠᠷ ᠪᠠᠢ᠌ᠪᠠ᠃
ᠬᠥᠬᠡᠬᠣᠲᠠ ᠵᠢᠨ ᠥᠩᠭᠡ ᠦᠵᠡᠮᠵᠢ᠃ (ᠵᠢᠷᠤᠭ᠎ᠤᠨ ᠢᠷᠡᠯᠲᠡ᠄ ᠬᠠᠷᠠᠭ᠋ᠠᠨ ᠰᠡᠷᠡᠯ᠎ᠳᠠᠬᠢ ᠳᠤᠮᠳᠠᠳᠤ ᠤᠯᠤᠰ)
ᠬᠥᠬᠡᠬᠣᠲᠠ ᠭᠡᠬᠦ ᠡᠨᠡ ᠬᠦ᠌ ᠲᠠᠯ᠎ᠠ ᠨᠤᠲᠤᠭ᠎ᠤᠨ ᠬᠣᠲᠠ᠎ᠨᠢ ᠶᠠᠭ ᠯᠠ ᠲᠠᠷᠢᠶᠠᠯᠠᠩ ᠮᠠᠯ ᠠᠵᠤ ᠠᠬᠤᠢ ᠰᠣᠯᠪᠢᠴᠠᠭᠰᠠᠨ ᠴᠡᠯᠡᠭᠡᠷ ᠲᠠᠯ᠎ᠠ᠎ᠳᠤ ᠰᠢᠭᠢᠳᠬᠡᠭᠰᠡᠨ ᠰᠤᠪᠤᠳ ᠰᠢᠭ᠋ ᠬᠠᠷᠠᠭᠳᠠᠨ᠎ᠠ᠃ ᠰᠠᠨ ᠨᠢᠶᠠᠩ ᠽᠢ ᠵᠢᠨ ᠴᠢᠷᠮᠠᠢ᠌ᠨ ᠵᠢᠳᠭᠦᠭᠰᠡᠨ ᠵᠶ᠋ᠠᠷ ᠠᠯᠪᠠ ᠡᠷᠭᠦᠮᠵᠢᠯᠡᠯ᠎ᠤᠨ ᠬᠢᠯᠢ ᠵᠢᠨ ᠬᠤᠳᠠᠯᠳᠤᠭ᠎ᠠ ᠤᠷᠤᠭᠰᠢᠲᠠᠢ ᠶᠠᠪᠤᠭᠳᠠᠵᠤ᠂ ᠤᠯᠤᠰ ᠲᠦᠷᠦ ᠤᠷᠳᠤ ᠬᠤᠭᠤᠴᠠᠭ᠎ᠠ᠎ᠪᠠᠷ ᠲᠣᠭᠲᠠᠭᠤᠨ ᠪᠤᠯᠵᠤ᠂ ᠡᠯ᠎ᠡ ᠦᠨᠳᠦᠰᠦᠲᠡᠨ᠎ᠤ ᠠᠵᠤ ᠠᠬᠤᠢ ᠰᠣᠶᠣᠯ᠎ᠤᠨ ᠰᠣᠯᠢᠯᠴᠠᠭ᠎ᠠ ᠡᠳᠦᠷ ᠢᠷᠡᠬᠦᠶ᠎ᠡ ᠨᠢᠭᠲᠠᠷᠠᠪᠠ᠃ ᠲᠡᠭᠦᠨ᠎ᠢ ᠳᠤᠷᠠᠰᠬᠠᠬᠤ ᠵᠢᠨ ᠲᠥᠯᠥᠭᠡ ᠬᠥᠮᠦᠰ ᠲᠡᠭᠦᠨ᠎ᠤ ᠡᠷᠬᠢᠯᠡᠵᠦ ᠪᠠᠢ᠌ᠭᠤᠯᠤᠭᠰᠠᠨ ᠪᠥᠭᠡᠳ ᠤᠷᠳᠤ ᠬᠤᠭᠤᠴᠠᠭ᠎ᠠ᠎ᠪᠠᠷ ᠰᠠᠭᠤᠷᠢᠰᠢᠨ ᠠᠮᠢᠳᠤᠷᠠᠭᠰᠠᠨ ᠬᠥᠬᠡᠬᠣᠲᠠ ᠵᠢ 《ᠰᠠᠨ ᠨᠢᠶᠠᠩ ᠽᠢ ᠵᠢᠨ ᠬᠤᠳᠠ》 ᠭᠡᠳᠡᠭ᠃
(ᠵᠣᠬᠢᠶᠠᠭᠴᠢ ᠵᠢᠨ ᠲᠣᠪᠴᠢ ᠲᠠᠨᠢᠯᠴᠠᠭᠤᠯᠭ᠎ᠠ᠄ ᠢᠤᠢ ᠮᠥᠸᠸ ᠶᠢᠩ᠂ ᠥᠪᠥᠷ ᠮᠣᠩᠭᠣᠯ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠲᠡᠦᠬᠡ ᠰᠤᠳᠤᠯᠬᠤ ᠭᠠᠵᠠᠷ᠎ᠤᠨ ᠰᠤᠳᠤᠯᠤᠭᠴᠢ)
ᠣᠷᠴᠢᠭᠤᠯᠤᠭᠴᠢ᠄ ᠣᠶᠤᠨᠰᠡᠴᠡᠨ
ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠦᠸᠠᠢ ᠳ᠋ᠦᠩ