ᠲᠡᠷᠢᠭᠦᠨ ᠬᠠᠭᠤᠳᠠᠰᠤ   -   ᠳᠤᠮᠳᠠᠳᠤ᠎ᠶᠢ ᠦᠭᠦᠯᠡᠬᠦᠢ
ᠥᠪᠥᠷ ᠮᠣᠩᠭᠣᠯ᠎ᠤᠨ ᠲᠠᠯ᠎ᠠ ᠨᠤᠲᠤᠭ᠎ᠤᠨ ᠠ᠋ᠨᠡ ᠬᠦ᠌ ᠠ᠋ᠷᠲᠡᠨ᠎ᠤ ᠬᠣᠲᠠ᠎ᠨᠢ 800 ᠵᠢᠯ᠎ᠤᠨ ᠠ᠋ᠮᠦᠨ᠎ᠡ ᠬᠤᠳᠠᠯᠳᠤᠭ᠋ᠠᠴᠢᠳ ᠬᠤᠷᠠᠨ ᠴᠤᠭᠯᠠᠷᠠᠳᠠᠭ ᠬᠠᠷᠠᠭ᠎ᠠ ᠵᠢ ᠪᠤᠯᠢᠶᠠᠭᠰᠠᠨ ᠭᠠᠵᠠᠷ ᠪᠠᠶ᠋ᠢᠭᠰᠠᠨ ᠤᠤ?
ᠨᠡᠶ᠋ᠢᠲᠡᠯᠡᠭᠰᠡᠨ ᠴᠠᠭ᠄ 2024-04-26

      ᠭᠠᠵᠠᠷ ᠵᠦᠶ ᠵᠢᠨ ᠣᠷᠴᠢᠨ ᠨᠦᠬᠦᠴᠠᠯ ᠪᠣᠯ ᠪᠣᠯᠪᠠᠰᠤᠨ᠎ᠤ ᠬᠦᠪᠤᠷᠠᠯ᠎ᠤᠨ ᠥᠯᠥᠭᠡᠶ ᠮᠥᠨ᠃ ᠮᠠᠨ᠎ᠤ ᠤᠯᠤᠰ᠎ᠤᠨ ᠭᠤᠷᠪᠠᠨ ᠳᠡᠰ᠎ᠤᠨ ᠱᠠᠲᠤᠯᠢᠭ ᠭᠠᠵᠠᠷ᠎ᠤᠨ ᠭᠠᠳᠠᠷᠭᠤ᠎ᠨᠢ ᠠᠳᠠᠯᠢ ᠪᠤᠰᠤ ᠰᠣᠯᠪᠢᠴᠠᠭᠰᠠᠨ ᠣᠷᠣᠨ ᠪᠦᠰᠡ ᠪᠣᠯᠵᠤ ᠪᠦᠷᠢᠯᠳᠦᠵᠡᠶ᠃ ᠠ᠋ᠨᠡ ᠬᠦ᠌ ᠨᠠᠷᠢᠨ ᠪᠤᠳᠤᠯᠢᠶᠠᠨᠲᠠᠶ ᠭᠠᠵᠠᠷ ᠵᠦᠶ ᠵᠢᠨ ᠪᠦᠲᠦᠴᠡ᠎ᠨᠢ ᠳᠤᠮᠳᠠᠳᠤ ᠵᠢᠨ ᠦᠨᠳᠦᠰᠦᠲᠡᠨ᠎ᠤ ᠳᠣᠲᠣᠭ᠋ᠠᠳᠤ᠎ᠳᠤ᠎ᠪᠠᠨ ᠲᠥᠪᠯᠡᠷᠡᠩᠭᠦᠢ ᠨᠢᠭᠡᠳᠦᠯᠲᠦ ᠰᠢᠨᠵᠢ ᠪᠠ ᠭᠠᠳᠠᠭᠰᠢ᠎ᠪᠠᠨ ᠨᠡᠭᠡᠭᠡᠯᠲᠡ᠎ᠲᠠᠢ ᠪᠠᠭᠲᠠᠭ᠋ᠠᠮᠵᠢᠲᠤ ᠤᠨᠴᠠᠯᠢᠭ᠎ᠢ ᠪᠣᠶ᠋ᠢᠵᠢᠭᠤᠯᠵᠠᠶ᠃
      ᠲᠣᠰ ᠲᠤᠰᠬᠠᠶ ᠪᠤᠯᠤᠩ᠎ᠳᠤ ᠠᠳᠠᠯᠢ ᠪᠤᠰᠤ ᠰᠣᠯᠪᠢᠴᠠᠭᠰᠠᠨ ᠣᠷᠣᠨ ᠪᠦᠰᠡ᠎ᠳᠠᠬᠢ ᠬᠥᠮᠦᠰ᠎ᠤᠨ ᠬᠥᠭᠵᠢᠯᠲᠡ ᠵᠢᠨ ᠲᠡᠦᠬᠡ᠎ᠪᠠᠷ ᠠ᠋ᠨᠡ ᠬᠦ᠌ ᠭᠠᠵᠠᠷ ᠣᠷᠣᠨ᠎ᠤ ᠦᠨᠳᠦᠰᠦᠲᠡᠨ᠎ᠨᠦᠭᠦᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠵᠢᠨ ᠠᠮᠢᠳᠤᠯᠢᠭ ᠦᠢ᠍ᠯᠡᠳᠦᠯᠭᠡ ᠵᠢ ᠳᠡᠯᠭᠡᠨ ᠦᠵᠡᠭᠦᠯᠵᠦ᠂ ᠳᠤᠮᠳᠠᠳᠤ ᠵᠢᠨ ᠦᠨᠳᠦᠰᠦᠲᠡᠨ᠎ᠤ ᠪᠦᠷᠢᠯᠳᠦᠯ᠎ᠤᠨ ᠭᠠᠵᠠᠷ ᠣᠷᠣᠨ᠎ᠤ ᠲᠤᠷᠰᠢᠯᠭ᠎ᠠ ᠵᠢ ᠬᠠᠷᠠᠭᠤᠯᠬᠤ ᠪᠤᠯᠤᠨ᠎ᠠ᠃
      ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠯᠠᠭ᠋ᠠᠨᠴᠠᠪ ᠬᠣᠲᠠ ᠵᠢᠨ ᠵᠢᠨᠢᠩ ᠲᠣᠭᠣᠷᠢᠭ᠎ᠲᠤ ᠬᠠᠭᠤᠴᠢ ᠰᠤᠳᠤᠯᠤᠯ᠎ᠤᠨ ᠦᠨ᠎ᠡ ᠥᠷᠲᠡᠭ ᠪᠦᠬᠦᠢ ᠶᠤᠸᠠᠨ ᠤᠯᠤᠰ᠎ᠤᠨ ᠦᠶ᠎ᠡ ᠵᠢᠨ ᠠ᠋ᠷᠳᠡᠨ᠎ᠤ ᠪᠠᠭᠤᠷᠢ ᠪᠠᠶ᠋ᠢᠳᠠᠭ᠂ ᠠ᠋ᠨ᠋ᠨ᠎ᠨᠢ ᠳᠠᠷᠤᠢ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ ᠪᠤᠯᠤᠨ᠎ᠠ᠃ ᠪᠠᠭᠤᠷᠢ ᠵᠢᠨ ᠵᠡᠭᠦᠨ ᠲᠠᠯ᠎ᠠ᠎ᠨᠢ ᠴᠢᠭᠤᠯᠤᠯᠲᠤ ᠬᠠᠭ᠋ᠠᠯᠭ᠎ᠠ᠎ᠠᠴᠠ 140 ᠺᠢᠯᠣᠮᠧᠲᠷ ᠵᠠᠶ᠋ᠢᠳᠠᠢ᠂ ᠠ᠋ᠮᠦᠨ᠎ᠡ ᠲᠠᠯ᠎ᠠ᠎ᠨᠢ ᠳ᠋ᠠᠲ᠋ᠦ᠋ᠩ ᠬᠣᠲᠠ᠎ᠠᠴᠠ 90 ᠺᠢᠯᠣᠮᠧᠲᠷ ᠵᠠᠶ᠋ᠢᠲᠠᠶ᠂ ᠠᠷᠤ᠎ᠳᠤ᠎ᠨᠢ ᠮᠣᠩᠭᠣᠯ᠎ᠤᠨ ᠭᠣᠪᠢ ᠨᠤᠲᠤᠭ᠂ ᠡᠮᠦᠨ᠎ᠡ᠎ᠨᠢ ᠳᠤᠮᠳᠠᠳᠤ ᠣᠷᠣᠨ ᠪᠠᠢ᠌ᠷᠢᠯᠠᠵᠤ᠂ ᠲᠠᠯ᠎ᠠ ᠨᠤᠲᠤᠭ᠎ᠤᠨ ᠲᠣᠷᠭ᠋ᠠᠨ᠎ᠤ ᠵᠠᠮ᠎ᠤᠨ ᠵᠡᠭᠦᠨ᠎ᠳᠤ᠎ᠬᠢ ᠴᠢᠬᠤᠯᠠ ᠠ᠋ᠬᠢᠯᠡᠯᠲᠡ ᠵᠢᠨ ᠴᠡᠭ ᠪᠤᠯᠤᠨ᠎ᠠ᠃ ᠡᠨᠳᠡᠬᠢ᠎ᠨᠢ ᠤᠤᠯ᠎ᠳᠤ᠎ᠪᠠᠨ ᠮᠠᠰᠢ ᠴᠡᠴᠡᠭᠯᠡᠨ ᠬᠦᠭᠵᠢᠭᠰᠡᠨ ᠲᠠᠯ᠎ᠠ ᠨᠤᠲᠤᠭ᠎ᠤᠨ ᠬᠣᠲᠠ ᠪᠠᠯᠭ᠋ᠠᠰᠤ᠂ ᠨᠡᠭᠦᠳᠡᠯ ᠮᠠᠯᠵᠢᠯ᠎ᠤᠨ ᠪᠣᠯᠪᠠᠰᠤᠨ ᠪᠠ ᠲᠠᠷᠢᠶᠠᠯᠠᠬᠤ ᠪᠣᠯᠪᠠᠰᠤᠨ ᠠᠭᠤᠰᠤᠯᠴᠠᠨ ᠬᠥᠭᠵᠢᠵᠦ᠂ ᠦᠨᠳᠦᠰᠦᠲᠡᠨ᠎ᠨᠦᠭᠦᠳ ᠬᠤᠯᠢᠯᠳᠤᠨ ᠰᠠᠭᠤᠷᠢᠰᠢᠭᠰᠠᠨ ᠭᠠᠵᠠᠷ ᠪᠠᠢ᠍ᠢ᠍ᠠᠠᠰᠠᠨ ᠵᠢᠡᠷ ᠠᠳᠠᠯᠢ ᠪᠤᠰᠤ ᠵᠠᠩ ᠦᠢ᠍ᠯᠡ᠂ ᠥᠪ ᠰᠣᠶᠣᠯ ᠠ᠋ᠨ᠋ᠨ ᠬᠦ᠌ ᠨᠤᠳᠤᠭ᠎ᠲᠤ ᠬᠤᠷᠠᠨ ᠴᠤᠭᠯᠠᠷᠠᠵᠤ᠂ ᠬᠠᠷᠢᠯᠴᠠᠨ ᠠᠭᠤᠰᠤᠯᠴᠠᠨ ᠤᠯᠠᠮᠵᠢᠯᠠᠭᠳᠠᠵᠤ᠂ ᠢᠯᠡ ᠲᠣᠳᠣ ᠭᠠᠵᠠᠷ ᠣᠷᠣᠨ᠎ᠤ ᠣᠨᠴᠠᠯᠢᠭ᠎ᠲᠠᠢ ᠤᠮᠠᠷᠠᠲᠤ ᠬᠢᠯᠢ ᠵᠢᠨ ᠰᠣᠶᠣᠯ᠎ᠢ ᠪᠦᠷᠢᠯᠳᠦᠬᠦᠯᠦᠭᠰᠡᠨ ᠪᠠᠶ᠋ᠢᠳᠠᠭ᠃ 
      ᠮᠢᠩᠭ᠋ᠠᠨ ᠤᠨ᠎ᠤ ᠠ᠋ᠷᠬᠢᠴᠡᠬᠦᠯᠤᠯ   ᠠ᠋ᠷᠳᠡᠨ᠎ᠤ ᠬᠤᠳᠠ ᠵᠢᠨ ᠮᠠᠭᠳᠠᠭᠤ
      ᠤᠮᠠᠷᠠᠲᠤ ᠵᠢᠨ ᠦᠨᠳᠦᠰᠦᠲᠡᠨ ᠪᠤᠯ 《ᠤᠰᠤ ᠪᠡᠯᠴᠢᠬᠡᠷ᠎ᠲᠠᠭᠠᠨ ᠨᠡᠬᠦᠳᠡᠯᠯᠡᠨ ᠰᠠᠭᠤᠷᠢᠰᠢᠳᠠᠭ》  ᠤᠯᠠᠮᠵᠢᠯᠠᠯᠲᠤ ᠳᠠᠳᠬᠠᠯ ᠪᠠ ᠦᠢ᠍ᠯᠡᠳᠪᠤᠷᠢᠯᠡᠯ ᠠᠮᠢᠳᠤᠷᠠᠯ᠎ᠤᠨ ᠵᠢᠮ᠎ᠡ ᠶᠤᠰᠤ᠎ᠲᠠᠢ᠃ 1192 ᠣᠨ᠎ᠳᠤ᠂ ᠠᠯᠳᠠᠨ ᠤᠯᠤᠰ᠎ᠤᠨ ᠵᠠᠩᠽᠦᠢ᠍ᠡᠭ ᠬᠠᠭ᠋ᠠᠨ ᠸᠠᠨ ᠶᠠᠨ ᠵᠢᠩ᠎ᠪᠠᠷ ᠠᠯᠳᠠᠨ ᠤᠯᠤᠰ᠂ ᠮᠤᠩᠭᠤᠯ᠂ ᠬᠢᠳᠠᠨ᠎ᠤ ᠬᠢᠵᠠᠭ᠋ᠠᠷ᠎ᠲᠠᠬᠢ ᠴᠠᠭ᠋ᠠᠨ ᠬᠦᠷᠢᠶ᠎ᠡ (ᠣᠳᠣ ᠵᠢᠨ ᠭᠦᠯᠦ ᠰᠢᠷ᠎ᠠ ᠨᠠᠭᠤᠷ) ᠵᠢᠨ ᠵᠡᠭᠦᠨ ᠠ᠋ᠷᠭᠢ ᠵᠢ ᠰᠣᠩᠭᠣᠵᠤ᠂ ᠲᠥᠪ ᠵᠠᠰᠠᠭ᠎ᠠᠴᠠ ᠭᠣᠣᠯᠯᠠᠨ ᠵᠠᠬᠢᠷᠤᠭᠰᠠᠨ 《ᠵᠢᠨᠢᠩ》  ᠬᠡᠳᠡᠭ ᠬᠠᠪᠤᠷ᠎ᠤᠨ ᠠᠷᠠᠯᠵᠢᠶᠠᠨ᠎ᠤ ᠵᠠᠬ᠎ᠠ ᠵᠢ ᠪᠠᠶ᠋ᠢᠭᠤᠯᠵᠠᠶ᠃ 《ᠵᠢᠨᠢᠩ》  ᠭᠡᠳᠡᠭ᠎ᠨᠢ 《ᠠᠮᠤᠷ ᠲᠠᠶ᠋ᠢᠪᠤᠩ ᠠᠷᠠᠯᠵᠢᠶᠠᠨ᠎ᠤ ᠵᠠᠬ᠎ᠠ》  ᠭᠡᠰᠡᠨ ᠤᠳᠬ᠎ᠠ᠎ᠲᠠᠢ᠂ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ᠎ᠨᠢ ᠠ᠋ᠭᠦᠨ᠎ᠠᠴᠠ ᠠ᠋ᠬᠦᠰᠦᠯ᠎ᠲᠠᠢ ᠶᠤᠮ᠃
      ᠠ᠋ᠷᠲᠡᠨ᠎ᠤ ᠬᠣᠲᠠ᠎ᠨᠢ ᠬᠣᠶ᠋ᠢᠲᠤ ᠲᠠᠯ᠎ᠠ᠎ᠪᠠᠷ ᠵᠢᠡᠨ ᠲᠤᠬᠤᠢ᠌ᠯᠠᠭᠰᠠᠨ ᠭᠡᠯᠪᠡᠷᠢᠳᠡᠢ ᠠᠭᠤᠯᠠᠷᠬᠠᠭ ᠭᠠᠵᠠᠷ᠎ᠢ ᠲᠦᠰᠢᠵᠦ᠂ ᠠ᠋ᠮᠦᠨ᠎ᠡ ᠲᠠᠯ᠎ᠠ᠎ᠪᠠᠷ ᠵᠢᠡᠨ ᠭᠦᠯᠦ ᠰᠢᠷ᠎ᠠ ᠨᠠᠭᠤᠷ (ᠠᠯᠲᠠᠨ ᠤᠯᠤᠰ᠎ᠤᠨ ᠦᠶ᠎ᠡ᠎ᠳᠤ ᠴᠠᠭ᠋ᠠᠨ ᠤᠰᠤᠨ ᠨᠠᠭᠤᠷ ᠭᠡᠳᠡᠭ)᠎ᠲᠠᠢ ᠨᠢᠭᠤᠷᠯᠠᠵᠤ᠂ ᠠᠭᠤᠯᠠ ᠵᠢ ᠲᠦᠰᠢᠵᠦ ᠤᠰᠤ ᠵᠢ ᠪᠠᠷᠠᠯᠠᠠᠠᠰᠠᠨ᠂ ᠭᠠᠵᠠᠷ᠎ᠤᠨ ᠪᠠᠶ᠋ᠢᠴᠠ᠎ᠨᠢ ᠳᠡᠭᠰᠢ ᠰᠠᠷᠠᠭᠤᠯ᠂ ᠵᠠᠮ ᠬᠠᠷᠢᠯᠴᠠᠭ᠎ᠠ ᠳᠥᠭᠥᠮ᠂ ᠨᠡᠭᠦᠳᠡᠯᠯᠡᠨ ᠮᠠᠯᠵᠢᠬᠤ ᠪᠠ ᠳᠠᠷᠢᠶᠠᠯᠠᠡᠭ᠎ᠤᠨ ᠰᠤᠯᠢᠯᠴᠠᠭ᠎ᠠ᠎ᠳᠤ ᠮᠠᠰᠢ ᠲᠣᠬᠢᠷᠠᠮᠵᠢᠲᠠᠶ ᠭᠠᠵᠠᠷ ᠪᠠᠶ᠋ᠢᠪᠠ᠃ ᠠ᠋ᠷᠲᠡᠨ᠎ᠤ ᠬᠣᠲᠠ ᠵᠢᠨ ᠵᠡᠭᠦᠨ ᠪᠠ ᠬᠤᠶ᠋ᠢᠳᠤ ᠳᠠᠯ᠎ᠠ ᠵᠢᠨ ᠬᠣᠲᠠ ᠵᠢᠨ ᠬᠡᠷᠡᠮ᠎ᠨᠢ ᠦᠯᠡᠳᠡᠵᠦ᠂ ᠪᠠᠷᠠᠭᠤᠨ ᠪᠠ ᠠ᠋ᠮᠦᠨ᠎ᠡ ᠳᠠᠯ᠎ᠠ ᠵᠢᠨ ᠬᠣᠲᠠ ᠵᠢᠨ ᠬᠡᠷᠡᠮ᠎ᠨᠢ ᠶᠡᠭᠦᠷᠡᠵᠦ ᠪᠤᠯᠠᠭᠳᠠᠵᠠᠢ᠃

W020240129390295736497.png     

      ᠵᠢᠷᠤᠭ 1᠄ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ ᠵᠢᠨ ᠮᠠᠯᠲᠠᠵᠤ ᠢᠯᠡᠷᠡᠭᠦᠯᠦᠭᠰᠡᠨ ᠬᠡᠰᠡᠭ (ᠭᠡᠷᠡᠯ ᠵᠢᠷᠤᠭ᠎ᠤᠨ ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠡᠦᠬᠡ ᠵᠢᠨ ᠳᠤᠷᠠᠰᠬᠠᠯᠲᠤ ᠵᠦᠢ᠍ᠯᠡᠰ ᠬᠠᠭᠤᠴᠢ ᠰᠤᠳᠤᠯᠤᠯ᠎ᠤᠨ ᠬᠦᠷᠢᠶᠡᠯᠡᠩ)
      ᠠ᠋ᠷᠲᠡᠨ᠎ᠤ ᠬᠣᠲᠠ ᠵᠢᠨ ᠵᠡᠭᠦᠨ᠂ ᠪᠠᠷᠠᠭᠤᠨ ᠬᠡᠷᠡᠮ᠎ᠳᠤ᠎ᠨᠢ ᠲᠤᠰ ᠪᠦᠷᠢ ᠨᠢᠭᠡ ᠬᠣᠲᠠ ᠵᠢᠨ ᠬᠠᠭ᠋ᠠᠯᠭ᠎ᠠ᠎ᠲᠠᠢ᠂ ᠵᠡᠭᠦᠨ ᠬᠠᠭ᠋ᠠᠯᠭ᠎ᠠ᠎ᠨᠢ ᠬᠣᠲᠠ ᠵᠢᠨ ᠵᠡᠭᠦᠨ ᠬᠡᠷᠡᠮ᠎ᠤᠨ ᠬᠣᠶ᠋ᠢᠲᠤ ᠬᠡᠰᠡᠭ᠎ᠲᠤ ᠪᠠᠶ᠋ᠢᠷᠢᠯᠠᠵᠤ᠂ ᠭᠠᠳᠠᠨ᠎ᠠ᠎ᠪᠠᠨ ᠳᠥᠷᠪᠡᠯᠵᠢᠨ ᠬᠠᠯᠬᠠᠭ᠎ᠠ ᠬᠣᠲᠠ᠎ᠲᠠᠢ; ᠪᠠᠷᠠᠭᠤᠨ ᠬᠠᠭ᠋ᠠᠯᠭ᠎ᠠ᠎ᠨᠢ ᠬᠣᠲᠠ ᠵᠢᠨ ᠪᠠᠷᠠᠭᠤᠨ ᠬᠡᠷᠡᠮ᠎ᠤᠨ ᠳᠤᠮᠳᠠ ᠬᠡᠰᠡᠭ᠎ᠲᠤ ᠣᠷᠣᠰᠢᠵᠤ᠂ ᠭᠠᠳᠠᠨ᠎ᠠ᠎ᠨᠢ ᠮᠣᠷᠢᠨ ᠲᠤᠭᠤᠷᠠᠶ ᠵᠢᠨ ᠬᠡᠯᠪᠡᠷᠢᠲᠡᠶ ᠬᠠᠯᠬᠠᠭ᠎ᠠ ᠬᠣᠲᠠ᠎ᠲᠠᠢ᠃ ᠬᠣᠲᠠ ᠵᠢᠨ ᠳᠤᠳᠤᠷᠠᠬᠢ ᠵᠢᠷᠭᠤᠭ᠋ᠠᠨ ᠭᠤᠯᠳᠤ ᠵᠠᠮ᠂ ᠳᠣᠯᠣᠭ᠋ᠠᠨ ᠬᠥᠨᠳᠡᠯᠡᠨ ᠵᠠᠮ᠎ᠨᠢ ᠠ᠋ᠷᠲᠡᠨ᠎ᠤ ᠬᠣᠲᠠ ᠵᠢ ᠭᠤᠴᠢᠨ ᠨᠢᠭᠡᠨ ᠨᠢᠭᠡᠴᠢ ᠪᠤᠯᠭ᠋ᠠᠨ ᠬᠤᠪᠢᠶᠠᠵᠠᠢ᠃ ᠬᠣᠲᠠ ᠵᠢᠨ ᠳᠣᠲᠣᠷᠠᠬᠢ ᠬᠣᠶ᠋ᠢᠲᠤ ᠬᠡᠰᠡᠭ᠎ᠲᠤ᠎ᠨᠢ ᠲᠣᠮᠣ ᠬᠡᠯᠪᠡᠷᠢ ᠵᠢᠨ ᠪᠠᠷᠢᠯᠭ᠎ᠠ ᠵᠢᠨ ᠰᠠᠭᠤᠷᠢ᠎ᠲᠠᠢ᠂ ᠰᠠᠭᠤᠷᠢ ᠵᠢᠨ ᠠ᠋ᠮᠦᠨ᠎ᠡ ᠬᠡᠰᠡᠭ᠎ᠨᠢ ᠳᠠᠷᠤᠢ ᠬᠣᠲᠠ ᠵᠢᠨ ᠠᠷᠠᠯᠵᠢᠶᠠᠨ᠎ᠤ ᠵᠠᠬ᠎ᠠ ᠵᠢᠨ ᠪᠠᠭᠤᠷᠢ ᠪᠣᠯᠤᠨ᠎ᠠ᠃ ᠬᠣᠲᠠ ᠵᠢᠨ ᠪᠠᠷᠠᠭᠤᠨ ᠵᠠᠬ᠎ᠠ᠎ᠪᠠᠷ᠎ᠨᠢ ᠠ᠋ᠮᠦᠨᠡᠰᠢ ᠤᠮᠠᠷᠠᠰᠢ ᠨᠡᠪᠲᠡᠷᠡᠭᠰᠡᠨ ᠵᠠᠮ ᠪᠠᠶ᠋ᠢᠳᠠᠭ᠂ ᠠ᠋ᠨ᠋ᠨ ᠵᠠᠮ᠎ᠨᠢ ᠪᠠᠷᠠᠭᠤᠨ ᠬᠠᠭ᠋ᠠᠯᠭ᠎ᠠ ᠵᠢᠨ ᠬᠠᠯᠬᠠᠭ᠎ᠠ ᠬᠤᠳᠠ ᠬᠢᠭᠡᠳ ᠬᠤᠳᠠ ᠵᠢᠨ ᠳᠣᠲᠣᠷᠠᠬᠢ ᠵᠠᠮ᠎ᠲᠠᠢ ᠵᠠᠯᠭ᠋ᠠᠯᠳᠤᠳᠠᠭ᠃ 

   W020240129390295812116.png      

      ᠵᠢᠷᠤᠭ 2᠄ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ ᠵᠢᠨ ᠪᠠᠷᠠᠭᠤᠨ ᠬᠠᠭ᠋ᠠᠯᠭ᠎ᠠ ᠵᠢᠨ ᠬᠠᠯᠬᠠᠭ᠎ᠠ ᠬᠤᠳᠠ ᠵᠢᠨ ᠪᠠᠭᠤᠷᠢ (ᠭᠡᠷᠡᠯ ᠵᠢᠷᠤᠭ᠎ᠤᠨ ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠡᠦᠬᠡ ᠵᠢᠨ ᠳᠤᠷᠠᠰᠬᠠᠯᠲᠤ ᠵᠦᠢ᠍ᠯᠡᠰ ᠬᠠᠭᠤᠴᠢ ᠰᠤᠳᠤᠯᠤᠯ᠎ᠤᠨ ᠬᠦᠷᠢᠶᠡᠯᠡᠩ)
      ᠲᠡᠦᠬᠡ ᠵᠢᠨ ᠨᠤᠮ 《ᠠᠯᠲᠠᠨ ᠤᠯᠤᠰ᠎ᠤᠨ ᠲᠡᠦᠬᠡ · ᠭᠠᠵᠠᠷ ᠵᠦᠢ ᠵᠢᠨ ᠤᠢ᠍ᠢ᠍ᠯᠠᠯᠭ᠎ᠠ》᠎ᠳᠤ 《ᠰᠢ ᠵᠢᠩ ᠴᠦᠷᠬᠡᠯᠡᠭᠡ ᠵᠢᠨ ᠬᠠᠷᠢᠶᠠᠨ᠎ᠳᠤ ᠷᠸᠦ ᠶᠤᠸᠠᠨ᠂ ᠵᠢᠨᠢᠩ ᠵᠡᠷᠭᠡ ᠰᠢᠶᠠᠨ ᠪᠠᠢ᠍ᠢ᠍ᠳᠠᠭ》  ᠭᠡᠵᠦ ᠳᠡᠮᠳᠡᠭᠯᠡᠭᠰᠡᠨ ᠪᠠᠶ᠋ᠢᠳᠠᠭ᠃ ᠠᠯᠲᠠᠨ ᠤᠯᠤᠰ᠎ᠤᠨ ᠦᠶ᠎ᠡ ᠵᠢᠨ ᠹᠦᠵᠧᠦ᠎ᠨᠢ ᠣᠳᠣ ᠵᠢᠨ ᠭᠠᠵᠠᠷ ᠤᠷᠤᠨ᠎ᠤ ᠳᠡᠰ᠎ᠤᠨ ᠵᠠᠰᠠᠭ ᠵᠠᠬᠢᠷᠭ᠋ᠠᠨ᠎ᠤ ᠪᠠᠶ᠋ᠢᠭᠤᠯᠤᠮᠵᠢ᠎ᠲᠠᠢ ᠲᠡᠩᠴᠡᠵᠦ᠂ ᠲᠡᠭᠦᠨ᠎ᠤ ᠬᠠᠷᠢᠶᠠᠨ᠎ᠳᠠᠬᠢ ᠷᠸᠦ ᠶᠤᠸᠠᠨ (ᠣᠳᠣ ᠵᠢᠨ ᠾᠸᠪᠸᠢ ᠮᠤᠵᠢ ᠵᠢᠨ ᠵᠠᠩᠪᠸᠢ ᠰᠢᠶᠠᠨ)᠂ ᠵᠢᠨᠢᠩ᠎ᠨᠢ ᠰᠢᠶᠠᠨ᠎ᠤ ᠳᠡᠰ᠎ᠤᠨ ᠪᠠᠶ᠋ᠢᠭᠤᠯᠤᠮᠵᠢ ᠪᠠᠢ᠌ᠵᠠᠢ᠃
       ᠶᠤᠸᠠᠨ ᠤᠯᠤᠰ ᠪᠠᠶ᠋ᠢᠭᠤᠯᠤᠭᠳᠠᠭᠰᠠᠨ᠎ᠤ ᠳᠠᠷᠠᠭ᠎ᠠ᠂ ᠰᠢᠶᠠᠨᠽᠦ᠋ᠩ ᠬᠠᠭ᠋ᠠᠨ (1251 — 1259 ᠣᠨ) ᠵᠢᠨᠢᠩ ᠰᠢᠶᠠᠨ᠎ᠢ ᠵᠢᠨᠢᠩ ᠴᠦᠷᠬᠡᠯᠡᠭᠡ ᠪᠣᠯᠭ᠋ᠠᠨ ᠳᠡᠪᠰᠢᠬᠦᠯᠵᠦ᠂ ᠠ᠋ᠨ᠋ᠨ᠎ᠨᠢ ᠣᠳᠣ ᠵᠢᠨ ᠭᠠᠵᠠᠷ ᠤᠷᠤᠨ᠎ᠤ ᠳᠡᠰ᠎ᠤᠨ ᠬᠣᠲᠠ ᠵᠢᠨ ᠪᠠᠶ᠋ᠢᠭᠤᠯᠤᠮᠵᠢ᠎ᠲᠠᠢ ᠳᠡᠩᠴᠠᠨ᠎ᠠ᠂ ᠵᠢᠨᠢᠩ ᠴᠦᠷᠬᠡᠯᠡᠭᠡ᠎ᠨᠢ ᠵᠦᠩ ᠱᠤ᠌ ᠱᠸᠩ ᠮᠤᠵᠢ᠎ᠳᠤ ᠬᠠᠮᠢᠶᠠᠷᠤᠭᠳᠠᠵᠤ᠂ ᠶᠤᠸᠠᠨ ᠤᠯᠤᠰ᠎ᠤᠨ ᠨᠡᠶ᠋ᠢᠰᠯᠡᠯ᠎ᠤᠨ ᠲᠤᠳᠤᠭ᠋ᠠᠳᠤ ᠤᠷᠤᠨ ᠪᠠᠶ᠋ᠢᠪᠠ᠃
       ᠠ᠋ᠷᠲᠡᠨ᠎ᠤ ᠬᠣᠲᠠ ᠵᠢᠨ ᠪᠠᠭᠤᠷᠢ ᠵᠢᠨ ᠬᠡᠪᠴᠢᠶ᠎ᠡ ᠪᠠ ᠮᠠᠯᠲᠠᠵᠤ ᠭᠠᠷᠭ᠋ᠠᠭᠰᠠᠨ ᠲᠡᠦᠬᠡ ᠵᠢᠨ ᠳᠤᠷᠠᠰᠬᠠᠯᠲᠤ ᠵᠦᠢ᠍ᠯᠡᠰ᠎ᠤᠨ ᠪᠠᠶ᠋ᠢᠳᠠᠯ᠎ᠠᠴᠠ ᠮᠠᠭ᠋ᠠᠳᠯᠠᠪᠠᠯ᠂ ᠲᠤᠬᠠᠶ ᠵᠢᠨ ᠦᠶ᠎ᠡ᠎ᠳᠤ ᠵᠢᠨᠢᠩ ᠴᠦᠷᠬᠡᠯᠡᠭᠡ᠎ᠨᠢ ᠮᠠᠰᠢ ᠴᠡᠴᠡᠭᠯᠡᠨ ᠬᠥᠭᠵᠢᠭᠰᠡᠨ ᠲᠠᠯ᠎ᠠ ᠨᠤᠲᠤᠭ᠎ᠤᠨ ᠬᠣᠲᠠ ᠪᠠᠶ᠋ᠢᠵᠠᠶ᠃ ᠠ᠋ᠢ᠍ᠢ᠍ᠮᠦ ᠨᠢᠭᠡᠨ ᠠ᠋ᠷᠲᠡᠨ᠎ᠤ ᠲᠡᠦᠬᠡ᠎ᠲᠠᠢ ᠬᠤᠲᠠ᠎ᠨᠢ ᠳᠠᠶ᠋ᠢᠨ ᠲᠠᠵᠢᠨ᠎ᠤ ᠲᠡᠷᠢ ᠵᠢᠨ ᠤᠳᠤᠭ᠎ᠠ ᠪᠠ ᠤᠨ ᠰᠠᠷ᠎ᠠ ᠵᠢᠨ ᠠ᠋ᠯᠡᠭᠳᠡᠯ᠎ᠳᠤ ᠪᠠᠯᠠᠷᠠᠵᠤ᠂ ᠬᠣᠵᠢᠮ᠎ᠤᠨ ᠬᠥᠮᠦᠰ᠎ᠲᠤ ᠬᠢᠵᠠᠭ᠋ᠠᠯᠠᠰᠢ ᠦᠭᠡᠢ ᠮᠠᠭ᠋ᠠᠳᠯᠠᠯ ᠪᠠ ᠰᠡᠳᠬᠢᠭᠳᠡᠯ ᠦᠯᠡᠳᠡᠭᠡᠭᠰᠡᠨ ᠪᠠᠢ᠍ᠢ᠍ᠨ᠎ᠠ᠃ 
       ᠰᠤᠶᠤᠯ ᠪᠤᠯᠪᠠᠰᠤᠨ᠎ᠤ ᠠᠭᠤᠰᠤᠯᠴᠠᠭ᠎ᠠ   ᠠ᠋ᠷᠳᠡᠨ ᠠ᠋ᠳᠦᠭᠡ ᠵᠢᠨ ᠤᠯᠠᠮᠵᠢᠯᠠᠯ
      ᠬᠡᠳᠦᠶ᠋ᠢᠪᠡᠷ ᠲᠡᠦᠬᠡᠨ ᠮᠠᠲ᠋ᠧᠷᠢᠶᠠᠯ᠎ᠳᠤ ᠳᠡᠮᠳᠡᠭᠯᠡᠭᠳᠡᠵᠦ ᠪᠠᠶ᠋ᠢᠭ᠎ᠠ ᠪᠣᠯᠪᠠᠴᠤ ᠵᠢᠨᠢᠩ᠎ᠤᠨ ᠳᠤᠳᠤᠷᠬᠠᠢ ᠤᠷᠤᠨ ᠪᠠᠶ᠋ᠢᠷᠢ ᠵᠢ ᠶᠡᠷᠦ᠎ᠨᠢ ᠲᠤᠳᠤᠯᠠᠵᠤ ᠳᠡᠢ᠍ᠢ᠍ᠯᠦᠭᠡ ᠦᠭᠡᠢ ᠪᠠᠶ᠋ᠢᠵᠠᠢ᠃ ᠢᠨᠭᠬᠢᠵᠦ ᠪᠠᠢ᠍ᠢ᠍ᠠᠠᠰᠠᠭ᠋ᠠᠷ 1922 ᠣᠨ᠎ᠳᠤ᠂ ᠤᠤᠯ᠎ᠤᠨ ᠴᠠᠬᠠᠷ᠎ᠤᠨ ᠰᠢᠯᠤᠭᠤᠨ ᠰᠢᠷ᠎ᠠ ᠬᠣᠰᠢᠭᠤᠨ᠎ᠤ ᠨᠠᠢ᠍ᠮᠠᠨ ᠰᠤᠮᠤ ᠵᠢᠨ ᠳ᠋ᠠ᠎ᠲᠤ ᠴᠸᠡᠭ᠎ᠠᠴᠠ ᠨᠢᠬᠡ ᠠ᠋ᠷᠲᠡᠨ᠎ᠤ ᠬᠣᠲᠠ ᠵᠢᠨ ᠪᠠᠭᠤᠷᠢ ᠢᠯᠡᠷᠡᠭᠦᠯᠵᠦ᠂ ᠠ᠋ᠷᠲᠡᠨ᠎ᠤ ᠬᠣᠲᠠ ᠵᠢᠨ ᠺᠦᠩᠽᠢ ᠵᠢᠨ ᠰᠦᠮ᠎ᠡ ᠵᠢᠨ ᠪᠠᠭᠤᠷᠢ᠎ᠠᠴᠠ ᠶᠤᠸᠠᠨ ᠤᠯᠤᠰ᠎ᠤᠨ ᠷᠸᠨᠽᠦᠢ᠍ᠩ ᠬᠠᠭ᠋ᠠᠨ᠎ᠤ ᠬᠤᠸᠠᠩ ᠴᠢᠩ᠎ᠤᠨ ᠲᠡᠷᠢᠭᠦᠨ ᠣᠨ (1312 ᠣᠨ)᠎ᠳᠤ ᠰᠡᠶ᠋ᠢᠯᠦᠭᠰᠡᠨ 《ᠪᠤᠭᠳᠠ ᠸᠸᠨ ᠰᠢᠤᠸᠠᠨ ᠸᠠᠩ᠎ᠤᠨ ᠰᠦᠮ᠎ᠡ ᠵᠢᠨ ᠰᠤᠷᠭ᠋ᠠᠭᠤᠯᠢ ᠵᠢᠨ ᠬᠥᠰᠢᠶ᠎ᠡ》 ᠵᠢ ᠢᠯᠡᠷᠡᠬᠦᠯᠪᠠ᠂ ᠲᠤᠰ ᠬᠥᠰᠢᠶᠡᠨ ᠳᠡᠭᠡᠷ᠎ᠡ 《ᠵᠢᠨᠢᠩ》  ᠬᠡᠰᠡᠨ ᠦᠰᠦᠭ᠎ᠢ ᠰᠡᠶ᠋ᠢᠯᠦᠭᠰᠡᠨ ᠪᠠᠶ᠋ᠢᠪᠠ᠃ ᠲᠡᠦᠬᠡ ᠰᠤᠳᠤᠯᠤᠭ᠋ᠠᠴᠢ ᠵᠢᠨ ᠮᠠᠭ᠋ᠠᠳᠯᠠᠭᠰᠠᠨ ᠵᠢᠡᠷ ᠠ᠋ᠨᠡ ᠪᠣᠯ ᠳᠠᠷᠤᠶ ᠠᠯᠲᠠᠨ ᠤᠯᠤᠰ᠎ᠤᠨ ᠵᠢᠨᠢᠩ ᠰᠢᠶᠠᠨ᠂ ᠶᠤᠸᠠᠨ ᠤᠯᠤᠰ᠎ᠤᠨ ᠵᠢᠨᠢᠩ ᠴᠦᠷᠬᠡᠯᠡᠭᠡ ᠵᠢᠨ ᠪᠠᠭᠤᠷᠢ ᠪᠣᠯᠤᠨ᠎ᠠ᠃

W020240129390295878870.png     

      ᠵᠢᠷᠤᠭ 3᠄ ᠤᠳᠤ ᠤᠯᠠᠭ᠋ᠠᠨᠴᠠᠪ ᠬᠤᠳᠠ ᠵᠢᠨ ᠮᠦᠽᠧᠢ ᠵᠢᠨ ᠣᠷᠳᠣᠨ᠎ᠤ ᠠ᠋ᠮᠦᠨ᠎ᠡ ᠪᠣᠰᠬᠠᠭᠰᠠᠨ ᠶᠤᠸᠠᠨ ᠤᠯᠤᠰ᠎ᠤᠨ ᠦᠶ᠎ᠡ ᠵᠢᠨ ᠵᠢᠨᠢᠩ ᠴᠦᠷᠬᠡᠯᠡᠭᠡ ᠵᠢᠨ 《ᠪᠤᠭᠳᠠ ᠸᠸᠨ ᠰᠢᠤᠸᠠᠨ ᠸᠠᠩ᠎ᠤᠨ ᠰᠦᠮ᠎ᠡ ᠵᠢᠨ ᠰᠤᠷᠭ᠋ᠠᠭᠤᠯᠢ ᠵᠢᠨ ᠬᠥᠰᠢᠢ᠎ᠡ》 (ᠬᠡᠷᠡᠯ ᠵᠢᠷᠤᠭ᠎ᠤᠨ ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠰᠦᠯᠵᠢᠶ᠎ᠡ)
      ᠶᠤᠸᠠᠨ ᠤᠯᠤᠰ᠎ᠤᠨ ᠲᠥᠪ ᠵᠠᠰᠠᠭ᠎ᠠᠴᠠ ᠲᠦᠷᠦ ᠬᠦᠷᠦᠨ ᠵᠢᠡᠨ ᠪᠦᠲᠦᠮᠵᠢᠲᠡᠢ ᠵᠠᠰᠠᠬᠤ ᠵᠢᠨ ᠲᠥᠯᠥᠭᠡ ᠺᠦᠩᠽᠢ ᠵᠢᠨ ᠰᠤᠷᠭ᠋ᠠᠯᠲᠠᠨ᠎ᠤ ᠰᠣᠶᠣᠯ᠎ᠢ ᠶᠡᠬᠡ᠎ᠪᠠᠷ ᠳᠡᠯᠭᠡᠷᠡᠭᠦᠯᠵᠡᠢ᠃ ᠡᠯ᠎ᠡ ᠬᠠᠭ᠋ᠠᠨ ᠡᠵᠡᠳ ᠪᠢᠴᠢᠭ᠎ᠤᠨ ᠰᠤᠷᠭ᠋ᠠᠯ᠎ᠢ ᠠ᠋ᠷᠬᠢᠮᠯᠡᠨ ᠺᠦᠩᠽᠢ ᠵᠢ ᠬᠦᠨᠳᠦᠳᠬᠡᠵᠦ᠂ ᠺᠦᠩᠽᠢ ᠵᠢᠨ ᠰᠦᠮ᠎ᠡ ᠵᠢ ᠶᠡᠬᠡ᠎ᠪᠠᠷ ᠪᠠᠶ᠋ᠢᠭᠤᠯᠵᠤ᠂ ᠪᠢᠴᠢᠭ᠎ᠤᠨ ᠰᠤᠷᠭ᠋ᠠᠯᠲᠠᠨ᠎ᠤ ᠰᠣᠶᠣᠯ᠎ᠢ ᠨᠤᠶᠠᠷᠬᠠᠯ᠎ᠤᠨ ᠲᠥᠷᠥ ᠵᠢᠨ ᠪᠣᠳᠣᠯᠭ᠎ᠠ ᠵᠢᠨ ᠵᠶ᠋ᠠᠨ ᠦᠨᠳᠦᠰᠦᠨ ᠠᠭᠤᠯᠭ᠎ᠠ ᠪᠣᠯᠭ᠋ᠠᠵᠤ᠂ ᠺᠦᠩᠽᠢ ᠵᠢ ᠨᠡᠩ ᠴᠤ᠌ 《ᠪᠤᠭᠳᠠ ᠸᠸᠨ ᠰᠢᠤᠸᠠᠨ ᠸᠠᠩ》  ᠭᠡᠵᠦ ᠠ᠋ᠷᠭᠦᠮᠵᠢᠯᠡᠪᠡ᠂ ᠠ᠋ᠨᠡ ᠪᠣᠯ ᠲᠡᠦᠬᠡᠨ ᠳᠡᠭᠡᠷᠡᠬᠢ ᠡᠯ᠎ᠡ ᠲᠥᠷᠥ ᠭᠦᠷᠦᠨ᠎ᠤ ᠳᠤᠲᠤᠷ᠎ᠠ ᠺᠦᠩᠽᠢ᠎ᠳᠤ ᠣᠯᠭᠣᠭᠰᠠᠨ ᠬᠠᠮᠤᠭ᠎ᠤᠨ ᠳᠡᠭᠡᠳᠦ ᠴᠣᠯᠠ ᠪᠣᠯᠤᠨ᠎ᠠ᠃
      ᠥᠨᠥᠳᠦᠷ᠎ᠤᠨ ᠤᠯᠠᠭ᠋ᠠᠨᠴᠠᠪ ᠬᠤᠳᠠ ᠵᠢᠨ ᠮᠦᠽᠧᠢ᠎ᠳᠤ ᠬᠠᠳᠠᠭ᠋ᠠᠯᠠᠭᠳᠠᠵᠤ ᠪᠠᠶ᠋ᠢᠭ᠎ᠠ ᠵᠢᠨᠢᠩ ᠴᠦᠷᠬᠡᠯᠡᠭᠡ ᠵᠢᠨ 《ᠪᠤᠭᠳᠠ ᠸᠸᠨ ᠰᠢᠤᠸᠠᠨ ᠸᠠᠩ᠎ᠤᠨ ᠰᠦᠮ᠎ᠡ ᠵᠢᠨ ᠰᠤᠷᠭ᠋ᠠᠭᠤᠯᠢ ᠵᠢᠨ ᠬᠥᠰᠢᠢ᠎ᠡ》 ᠎ᠨᠢ ᠶᠤᠸᠠᠨ ᠤᠯᠤᠰ᠎ᠤᠨ ᠬᠠᠭ᠋ᠠᠨ ᠺᠦᠩᠽᠢ ᠵᠢ ᠬᠢᠵᠠᠭ᠋ᠠᠯᠠᠰᠢ ᠦᠭᠡᠢ ᠬᠦᠨᠳᠦᠳᠬᠡᠵᠦ ᠪᠠᠶ᠋ᠢᠭᠰᠠᠨ᠎ᠢ ᠬᠠᠷᠠᠭᠤᠯᠵᠤ ᠪᠠᠶ᠋ᠢᠭ᠎ᠠ ᠪᠥᠭᠡᠳ ᠠ᠋ᠨᠡ᠎ᠨᠢ ᠶᠤᠸᠠᠨ ᠤᠯᠤᠰ᠎ᠤᠨ ᠦᠶ᠎ᠡ᠎ᠳᠤ ᠪᠢᠴᠢᠭ᠎ᠤᠨ ᠰᠤᠷᠭ᠋ᠠᠯ ᠵᠢᠨᠢᠩ ᠤᠷᠤᠨ ᠵᠶ᠋ᠠᠷ ᠳᠡᠯᠭᠡᠷᠡᠭᠰᠡᠨ᠎ᠤ ᠴᠢᠬᠤᠯᠠ ᠭᠡᠷᠡᠴᠢ ᠶᠤᠮ᠃ ᠪᠢᠴᠢᠭ᠎ᠤᠨ ᠰᠤᠷᠭ᠋ᠠᠯ᠎ᠤᠨ ᠰᠤᠷᠭ᠋ᠠᠨ ᠬᠥᠮᠦᠵᠢᠯ᠎ᠢ ᠶᠡᠬᠡ᠎ᠪᠠᠷ ᠠ᠋ᠷᠬᠢᠮᠯᠡᠬᠦ᠎ᠪᠠᠷ ᠳᠠᠮᠵᠢᠭᠤᠯᠤᠨ ᠶᠤᠸᠠᠨ ᠤᠯᠤᠰ᠎ᠲᠤ ᠰᠣᠶᠣᠯ᠎ᠤᠨ ᠠᠭᠤᠰᠤᠯᠴᠠᠨ ᠬᠥᠭᠵᠢᠬᠦ ᠵᠢ ᠤᠯᠠᠮ ᠨᠢᠭᠡ ᠠᠯᠬᠤᠮ ᠪᠡᠶᠡᠯᠡᠭᠦᠯᠵᠡᠢ᠃ 
      ᠵᠢᠨᠢᠩ ᠴᠦᠷᠬᠡᠯᠡᠭᠡ ᠵᠢᠨ ᠪᠠᠭᠤᠷᠢ ᠵᠢ ᠢᠯᠡᠷᠡᠭᠦᠯᠬᠦ ᠦᠶ᠎ᠡ᠎ᠳᠤ ᠫᠢᠩ ᠰᠦᠢ ᠲᠡᠮᠦᠷ ᠵᠠᠮ᠎ᠢ ᠶᠠᠭ ᠪᠠᠶ᠋ᠢᠭᠤᠯᠵᠤ ᠪᠠᠶ᠋ᠢᠪᠠ᠃ ᠤᠤᠯ᠎ᠨᠢ ᠫᠢᠡᠭ ᠳ᠋ᠢ ᠴᠢᠤᠸᠠᠨ᠎ᠳᠤ ᠲᠡᠷᠭᠡᠨ ᠥᠷᠲᠡᠭᠡ ᠪᠠᠶ᠋ᠢᠭᠤᠯᠬᠤ᠎ᠪᠠᠷ ᠲᠥᠯᠥᠪᠯᠡᠵᠦ ᠪᠠᠶ᠋ᠢᠵᠠᠶ᠂ ᠭᠡᠪᠡᠴᠦ ᠲᠤᠬᠠᠶ ᠵᠢᠨ ᠭᠠᠵᠠᠷ᠎ᠤᠨ ᠱᠠᠰᠢᠨ᠎ᠤ ᠨᠡᠶ᠋ᠢᠭᠡᠮᠯᠢᠭ᠎ᠤᠨ ᠬᠠᠷᠰᠢᠯᠠᠭᠰᠠᠨ᠎ᠠᠴᠠ ᠪᠣᠯᠵᠤ᠂ ᠠᠷᠭ᠎ᠠ ᠪᠤᠰᠤ ᠲᠡᠷᠭᠡᠨ ᠥᠷᠲᠡᠭᠡ᠎ᠪᠠᠨ ᠬᠡᠷᠢᠶᠡᠨ ᠠᠮᠠ (ᠤᠤᠯ᠎ᠤᠨ ᠵᠢᠨᠢᠩ)᠎ᠳᠤ ᠪᠠᠶ᠋ᠢᠭᠤᠯᠵᠤ᠂ ᠫᠢᠡᠭ ᠳ᠋ᠢ ᠴᠢᠤᠸᠠᠨ ᠲᠡᠷᠭᠡᠨ ᠥᠷᠲᠡᠭᠡ ᠭᠡᠵᠦ ᠨᠡᠷᠡᠶ᠋ᠢᠳᠪᠡ᠃ 1922 ᠣᠨ᠎ᠳᠤ ᠢᠷᠭᠡᠨ ᠤᠯᠤᠰ᠎ᠤᠨ ᠵᠠᠰᠠᠭ᠎ᠤᠨ ᠣᠷᠳᠣᠨ ᠫᠢᠡᠭ ᠳᠢ ᠴᠢᠤᠸᠠᠨ ᠣᠷᠴᠢᠮ ᠫᠢᠡᠭᠴᠢᠤᠸᠠᠨ ᠰᠢᠶᠠᠨ᠎ᠢ ᠪᠠᠶ᠋ᠢᠭᠤᠯᠬᠤ ᠭᠡᠰᠡᠨ ᠪᠣᠯᠪᠠᠴᠤ ᠾᠸᠪᠸᠢ ᠮᠤᠵᠢ ᠵᠢᠨ ᠫᠢᠩᠴᠢᠤᠸᠠᠨ ᠰᠢᠶᠠᠨ᠎ᠲᠠᠢ ᠨᠠᠷ᠎ᠠ ᠳᠠᠪᠬᠤᠴᠠᠭᠰᠠᠨ᠎ᠠᠴᠠ ᠪᠤᠯᠵᠤ ᠪᠠᠶ᠋ᠢᠭᠤᠯᠵᠤ ᠴᠢᠳᠠᠭᠰᠠᠨ ᠦᠬᠡᠢ᠃

W020240129390295947788.png   

      ᠵᠢᠷᠤᠭ 4᠄ ᠫᠢᠩ ᠰᠦᠢ ᠲᠡᠮᠤᠷ ᠵᠠᠮ᠎ᠤᠨ ᠵᠢᠨᠢᠩ ᠰᠢᠶᠠᠨ ᠭᠠᠯᠳᠤ ᠲᠡᠷᠭᠡᠨ᠎ᠤ ᠦᠷᠳᠡᠭᠡ᠂ ᠵᠢᠨᠢᠩ᠎ᠨᠢ ᠲᠤᠬᠠᠢ ᠵᠢᠨ ᠦᠶ᠎ᠡ᠎ᠳᠤ ᠰᠤᠢ᠍ᠢ᠍ᠶᠤᠸᠠᠨ ᠮᠤᠵᠢ ᠵᠢᠨ ᠵᠠᠮ ᠬᠠᠷᠢᠯᠴᠠᠭ᠎ᠠ ᠵᠢᠴᠢ ᠴᠡᠷᠢᠭ᠎ᠤᠨ ᠶᠠᠪᠤᠳᠠᠯ᠎ᠤᠨ ᠴᠢᠬᠤᠯᠠ ᠪᠠᠯᠭ᠋ᠠᠰᠤ ᠪᠠᠢ᠍ᠢ᠍ᠪᠠ᠃ ᠹᠡᠩ ᠳ᠋ᠠ ᠽᠸᠩ
 1936 ᠤᠨ᠎ᠳᠤ ᠰᠡᠬᠦᠳᠡᠷᠯᠡᠪᠡ᠃ (ᠵᠢᠷᠤᠭ᠎ᠤᠨ ᠢᠷᠡᠯᠳᠡ᠄ ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠷᠠᠤᠨ᠎ᠤᠨ ᠵᠠᠰᠠᠭ᠎ᠤᠨ ᠤᠷᠳᠤᠨ᠎ᠤ ᠠᠯᠪᠠᠨ ᠰᠦᠯᠵᠢᠶ᠎ᠠ)

      ᠥᠭᠡᠷ᠎ᠡ ᠨᠡᠷ᠎ᠡ ᠰᠣᠩᠭᠣᠬᠤ ᠦᠶ᠎ᠡ᠎ᠳᠤ᠎ᠪᠠᠨ ᠵᠢᠨᠢᠩ ᠴᠦᠷᠬᠡᠯᠡᠭᠡ ᠵᠢᠨ ᠠ᠋ᠷᠲᠡᠨ᠎ᠤ ᠬᠤᠳᠠ ᠵᠢᠨ ᠪᠠᠭᠤᠷᠢ᠎ᠠᠴᠠ ᠣᠯᠳᠠᠭᠰᠠᠨ ᠴᠢᠯᠠᠭᠤᠨ ᠬᠥᠰᠢᠶᠡᠨ ᠳᠡᠭᠡᠷᠡᠬᠢ 《ᠵᠢᠨᠢᠩ》  ᠭᠡᠬᠦ ᠦᠰᠦᠭ᠎ᠢ ᠬᠡᠷᠡᠭᠯᠡᠵᠡᠢ᠂ ᠤᠳᠤ ᠵᠢᠨ ᠵᠢᠨᠢᠩ ᠴᠤ᠌ ᠠ᠋ᠭᠦᠨ᠎ᠠᠴᠠ ᠠ᠋ᠬᠦᠰᠤᠯ᠎ᠲᠠᠢ᠃ 1924 ᠣᠨ᠎ᠤ 2 ᠰᠠᠷ᠎ᠠ ᠵᠢᠨ 15᠎ᠤ ᠠ᠋ᠳᠦᠷ᠂ ᠵᠢᠨᠢᠩ ᠰᠢᠶᠠᠨ ᠵᠢᠩᠬᠢᠨᠢ᠎ᠪᠠᠷ ᠪᠠᠶ᠋ᠢᠭᠤᠯᠤᠭᠳᠠᠵᠤ᠂ ᠵᠢᠨᠢᠩ ᠬᠡᠬᠦ ᠨᠡᠷ᠎ᠠ᠎ᠪᠠᠨ ᠦᠷᠬᠦᠯᠵᠢᠯᠡᠨ ᠬᠡᠷᠡᠭᠯᠡᠵᠡᠢ᠃ ᠮᠥᠬᠥᠭᠰᠡᠨ ᠠ᠋ᠷᠲᠡᠨ᠎ᠤ ᠬᠣᠲᠠ ᠪᠤᠯᠤᠨ ᠣᠳᠣ ᠦᠶ᠎ᠡ ᠵᠢᠨ ᠬᠣᠲᠠ᠎ᠨᠢ ᠡᠢ᠌ᠨ ᠬᠦ᠌ ᠵᠤᠯᠭ᠋ᠠᠯᠳᠤᠨ ᠤᠯᠠᠮᠵᠢᠯᠠᠭᠳᠠᠪᠠ᠃
      ᠬᠤᠳᠠᠯᠳᠤᠭ᠋ᠠᠴᠢᠳ ᠬᠤᠷᠠᠨ ᠴᠤᠭᠯᠠᠷᠠᠵᠤ   ᠬᠠᠷᠢᠯᠴᠠᠨ ᠰᠢᠬᠢᠤᠡᠴᠤ ᠬᠦᠭᠵᠢᠨᠠᠮ
      ᠶᠤᠸᠠᠨ ᠤᠯᠤᠰ᠎ᠤᠨ ᠦᠶ᠎ᠡ᠎ᠳᠤ ᠧᠦ᠋ᠷᠣᠫᠠ ᠠᠽᠢᠶ᠎ᠠ ᠵᠢᠨ ᠠ᠋ᠬᠡ ᠬᠠᠭᠤᠷᠠᠶ ᠵᠢᠨ ᠠ᠋ᠮᠦᠨᠡᠲᠦ ᠤᠮᠠᠷᠠᠲᠤ᠂ ᠵᠡᠭᠦᠨ ᠪᠠᠷᠠᠭᠤᠨ ᠣᠷᠣᠨ᠎ᠤ ᠠᠵᠤ ᠠᠬᠤᠶ ᠰᠣᠶᠣᠯ᠎ᠤᠨ ᠰᠣᠯᠢᠯᠴᠠᠭ᠎ᠠ ᠠ᠋ᠳᠦᠷ ᠢᠷᠡᠬᠦᠶ᠎ᠠ ᠣᠯᠠᠰᠢᠷᠠᠵᠤ᠂ ᠠᠷᠠᠯᠵᠢᠶ᠎ᠠ ᠬᠤᠳᠠᠯᠳᠤᠭ᠎ᠠ ᠤᠯᠠᠮ ᠵᠢᠡᠷ ᠬᠥᠭᠵᠢᠵᠦ᠂ ᠵᠢᠨᠢᠩ᠎ᠤᠨ ᠠ᠋ᠷᠲᠡᠨ᠎ᠤ ᠬᠣᠲᠠ᠎ᠨᠢ ᠳᠤᠮᠳᠠᠳᠤ ᠣᠷᠣᠨ᠎ᠠᠴᠠ ᠭᠣᠪᠢ ᠵᠢᠨ ᠠᠷᠤ᠎ᠳᠤ ᠨᠡᠪᠲᠡᠷᠡᠬᠦ ᠵᠠᠮ ᠬᠠᠷᠢᠯᠴᠠᠭ᠋ᠠᠨ᠎ᠤ ᠴᠢᠬᠤᠯᠠ ᠬᠤᠳᠠ ᠪᠣᠯᠵᠤ ᠪᠠᠶ᠋ᠢᠪᠠ᠃ ᠶᠤᠸᠠᠨ ᠤᠯᠤᠰ᠎ᠤᠨ ᠦᠶ᠎ᠡ᠎ᠳᠤ ᠵᠢᠨᠢᠩ ᠰᠢᠶᠠᠨ᠎ᠢ ᠵᠢᠨᠢᠩ ᠴᠦᠷᠬᠡᠯᠡᠭᠡ ᠪᠤᠯᠭ᠋ᠠᠨ ᠲᠡᠭᠡᠭᠰᠢᠯᠡᠬᠦᠯᠵᠦ᠂ ᠪᠠᠳᠤ ᠪᠡᠬᠢᠯᠢᠭ ᠬᠤᠳᠠ ᠰᠠᠭᠤᠷᠢᠨ᠎ᠢ ᠪᠠᠶ᠋ᠢᠭᠤᠯᠵᠤ᠂ ᠰᠠᠭᠤᠭ᠋ᠠᠯᠢ ᠠᠷᠠᠳ᠂ ᠬᠤᠳᠠᠯᠳᠤᠭ᠋ᠠᠴᠢᠳ ᠪᠠ ᠠ᠋ᠳ᠋ ᠪᠣᠳᠠᠰ᠎ᠢ ᠬᠠᠮᠠᠭ᠋ᠠᠯᠠᠵᠤ ᠪᠠᠶ᠋ᠢᠵᠠᠢ᠃
      ᠠ᠋ᠨᠡ᠎ᠨᠢ ᠤᠮᠠᠷᠠᠲᠤ ᠵᠢᠨ ᠦᠨᠳᠦᠰᠦᠲᠡᠨ ᠪᠣᠯᠤᠨ ᠳᠤᠮᠳᠠᠳᠤ ᠣᠷᠣᠨ᠎ᠤ ᠠᠷᠠᠳ ᠢᠷᠬᠡᠳ᠎ᠤᠨ ᠬᠠᠷᠢᠯᠴᠠᠨ ᠠᠰᠢᠭᠲᠠᠶ ᠶᠠᠪᠤᠯᠴᠠᠭ᠎ᠠ ᠰᠤᠯᠢᠯᠴᠠᠭ᠎ᠠ ᠵᠢ ᠠᠬᠢᠭᠤᠯᠪᠠ᠃ ᠤᠮᠠᠷᠠᠲᠤ ᠣᠷᠣᠨ᠎ᠨᠢ ᠨᠣᠤᠰᠣᠨ ᠨᠡᠬᠡᠮᠡᠯ᠂ ᠵᠡᠷᠯᠢᠭ ᠠᠷᠢᠶᠠᠲᠠᠨ᠎ᠤ ᠠᠷᠠᠰᠤ᠂ ᠪᠣᠳᠠ ᠮᠠᠯ᠂ ᠳᠠᠪᠤᠰᠤ᠂ ᠲᠡᠮᠦᠷ ᠵᠡᠷᠭᠡ ᠠ᠋ᠳ᠋ ᠪᠠᠷᠠᠭ᠎ᠠ᠎ᠪᠠᠷ ᠳᠤᠮᠳᠠᠳᠤ ᠣᠷᠣᠨ᠎ᠤ ᠴᠠᠭ᠋ᠠᠨ ᠮᠥᠩᠭᠥ᠂ ᠪᠦᠰ ᠪᠠᠷᠠᠭ᠎ᠠ᠂ ᠴᠠᠶ᠂ ᠲᠣᠷᠭ᠎ᠠ ᠵᠡᠷᠭᠡ ᠵᠢ ᠰᠤᠯᠢᠨ ᠠᠪᠴᠢᠷᠠᠳᠠᠭ᠂ ᠠ᠋ᠬᠦᠨ᠎ᠢ ᠠ᠋ᠷᠬᠡ ᠲᠡᠭᠰᠢ ᠬᠠᠷᠢᠯᠴᠠᠨ ᠮᠠᠶ᠋ᠢᠮᠠᠶ᠋ᠢᠯᠠᠬᠤ᠂ ᠵᠠᠰᠠᠭ᠎ᠲᠤ ᠳᠤᠰᠠᠲᠠᠢ ᠠᠷᠠᠳ᠎ᠲᠤ ᠠᠰᠢᠭᠲᠠᠶ ᠶᠠᠪᠤᠳᠠᠯ ᠭᠡᠵᠦ ᠬᠡᠯᠡᠵᠦ ᠪᠣᠯᠤᠨ᠎ᠠ᠃ ᠨᠡᠭᠦᠳᠡᠯᠯᠡᠨ ᠮᠠᠯᠵᠢᠳᠠᠭ ᠦᠨᠳᠦᠰᠦᠲᠡᠨ᠎ᠤ ᠴᠢᠬᠤᠯᠠ ᠬᠡᠷᠡᠭᠴᠡᠬᠡᠳᠦ ᠠᠮᠢᠳᠤᠷᠠᠯ᠎ᠤᠨ ᠬᠡᠷᠡᠭᠰᠡᠯ᠂ ᠭᠠᠷ ᠦᠢ᠍ᠯᠡᠳᠪᠦᠷᠢᠯᠡᠯ᠎ᠤᠨ ᠬᠡᠷᠡᠭᠰᠡᠯ᠎ᠨᠢ ᠳᠤᠮᠳᠠᠳᠤ ᠣᠷᠣᠨ᠎ᠠᠴᠠ ᠲᠠᠰᠤᠷᠠᠯᠲᠠ ᠦᠭᠡᠶ ᠭᠣᠪᠢ ᠵᠢᠨ ᠠᠷᠤ᠎ᠳᠤ ᠣᠷᠣᠵᠤ ᠢᠷᠡᠪᠡ᠃ ᠠ᠋ᠬᠦᠨ᠎ᠤ ᠬᠠᠮᠲᠤ᠂ 《ᠳᠤᠮᠳᠠᠳᠤ ᠣᠷᠣᠨ᠎ᠳᠤ ᠮᠠᠯ ᠲᠡᠵᠢᠭᠡᠪᠤᠷᠢ ᠭᠡᠭᠡᠷ᠎ᠡ ᠲᠦᠬᠦᠷᠴᠦ》᠂ ᠳᠤᠮᠳᠠᠳᠤ ᠣᠷᠣᠨ᠎ᠤ ᠲᠠᠷᠢᠶᠠᠯᠠᠩ᠎ᠤᠨ ᠦᠢ᠍ᠯᠡᠳᠪᠦᠷᠢᠯᠡᠯ᠎ᠤᠨ ᠬᠦᠴᠦᠨ᠎ᠤ ᠬᠥᠭᠵᠢᠯᠲᠡ ᠵᠢ ᠠᠬᠢᠭᠤᠯᠪᠠ᠃
      ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠲᠥᠪ ᠬᠡᠰᠡᠭ᠎ᠲᠤ ᠨᠢᠭᠡᠨ ᠪᠦᠷᠢᠨ ᠪᠦᠲᠦᠨ ᠬᠣᠲᠠ ᠵᠢᠨ ᠪᠠᠭᠤᠷᠢ ᠵᠢ ᠢᠯᠡᠷᠡᠬᠦᠯᠪᠠ᠂ ᠠ᠋ᠨ᠋ᠨ ᠪᠠᠭᠤᠷᠢ ᠵᠡᠭᠦᠨᠰᠢ ᠪᠠᠷᠠᠭᠤᠨᠰᠢ᠎ᠪᠠᠨ 100 ᠮᠧᠲᠷ᠂ ᠠ᠋ᠮᠦᠨᠡᠰᠢ ᠤᠮᠠᠷᠠᠰᠢ᠎ᠪᠠᠨ 60 ᠮᠧᠲᠷ ᠪᠠᠶ᠋ᠢᠨ᠎ᠠ᠃ ᠤᠷᠤᠨ ᠰᠠᠭᠤᠴᠠ᠎ᠨᠢ ᠲᠤᠭᠤᠨᠤᠯᠵᠢᠨ ᠵᠡᠭᠡᠯᠢ ᠵᠢᠨ ᠬᠣᠶᠠᠷ ᠬᠠᠵᠠᠭᠤ᠎ᠪᠠᠷ ᠲᠠᠷᠬᠠᠵᠤ᠂ ᠵᠡᠭᠡᠯᠢ ᠳᠠᠭ᠋ᠠᠤ ᠭᠡᠷ ᠪᠠᠶ᠋ᠢᠰᠢᠩ᠎ᠨᠢ ᠬᠡᠷᠡᠰᠬᠡ ᠬᠡᠯᠪᠡᠷᠢ᠎ᠪᠠᠷ ᠪᠠᠶ᠋ᠢᠷᠢᠯᠠᠵᠤ ᠪᠠᠶ᠋ᠢᠵᠠᠢ᠃ ᠮᠠᠭ᠋ᠠᠳᠯᠠᠯ ᠵᠢᠡᠷ ᠵᠡᠭᠡᠯᠢ ᠳᠠᠭ᠋ᠠᠤ ᠵᠢᠨ ᠭᠡᠷ ᠪᠠᠶ᠋ᠢᠰᠢᠩ᠎ᠨᠢ ᠣᠷᠣᠨ ᠰᠠᠭᠤᠴᠠ᠂ ᠠᠷᠠᠯᠵᠢᠶᠠᠨ᠎ᠤ ᠲᠠᠯᠠᠪᠤᠷ᠂ ᠳᠣᠲᠣᠷ᠎ᠠ ᠲᠠᠯ᠎ᠠ ᠵᠢᠨ ᠭᠡᠷ ᠪᠠᠶ᠋ᠢᠰᠢᠩ᠎ᠨᠢ ᠦᠢ᠍ᠯᠡᠳᠬᠡᠯ᠎ᠤᠨ ᠭᠠᠵᠠᠷ ᠪᠤᠶᠤ ᠠ᠋ᠳ᠋ ᠪᠣᠳᠠᠰ ᠬᠠᠳᠠᠭ᠋ᠠᠯᠠᠬᠤ ᠭᠠᠵᠠᠷ ᠪᠠᠢ᠌ᠵᠤ ᠠ᠋ᠷᠲᠡᠨ᠎ᠤ ᠬᠤᠳᠠ ᠵᠢᠨ ᠲᠠᠸᠠᠷ᠎ᠤᠨ ᠠᠷᠠᠯᠵᠢᠶᠠᠨ᠎ᠤ ᠴᠢᠬᠤᠯᠠ ᠲᠠᠯᠠᠪᠤᠷ ᠪᠣᠯᠤᠨ᠎ᠠ᠃ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ᠎ᠨᠢ ᠰᠢᠭᠤᠳ ᠪᠠᠷᠠᠭᠤᠨ ᠬᠣᠲᠠ ᠵᠢᠨ ᠬᠠᠭ᠋ᠠᠯᠭ᠎ᠠ᠎ᠳᠤ ᠬᠦᠷᠬᠦ ᠲᠤᠭᠤᠨᠤᠯᠵᠢᠨ ᠵᠠᠮ᠎ᠤᠨ ᠬᠣᠶᠠᠷ ᠬᠠᠵᠠᠭᠤ᠎ᠪᠠᠷ ᠪᠠᠶ᠋ᠢᠷᠢᠯᠠᠵᠤ᠂ ᠬᠣᠲᠠ ᠵᠢᠨ ᠳᠥᠪ᠎ᠤᠨ ᠴᠢᠬᠤᠯᠠ ᠭᠠᠵᠠᠷ᠎ᠲᠤ ᠬᠠᠷᠢᠶᠠᠯᠠᠭᠳᠠᠵᠤ᠂ ᠶᠤᠸᠠᠨ ᠤᠯᠤᠰ᠎ᠠᠴᠠ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠠᠷᠠᠯᠵᠢᠶ᠎ᠠ ᠬᠤᠳᠠᠯᠳᠤᠭ᠋ᠠᠨ᠎ᠤ ᠴᠢᠳᠠᠮᠵᠢ ᠵᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ ᠪᠠᠶ᠋ᠢᠭᠰᠠᠨ᠎ᠢ ᠭᠦᠢ᠍ᠴᠡᠳ ᠬᠠᠷᠠᠭᠤᠯᠵᠤ ᠪᠠᠶ᠋ᠢᠨ᠎ᠠ᠃

W020240129390295995756.jpg 
     ᠵᠢᠷᠤᠭ 5᠄ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ᠎ᠠᠴᠠ ᠮᠠᠯᠳᠠᠵᠤ ᠴᠡᠪᠡᠷᠯᠡᠵᠦ ᠢᠯᠡᠷᠡᠭᠦᠯᠦᠭᠰᠡᠨ ᠬᠣᠲᠠ ᠵᠢᠨ ᠪᠠᠭᠤᠷᠢ (ᠭᠡᠷᠡᠯ ᠵᠢᠷᠤᠭ᠎ᠤᠨ ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠡᠦᠬᠡ ᠵᠢᠨ ᠳᠤᠷᠠᠰᠬᠠᠯᠲᠤ
  ᠵᠦᠢ᠍ᠯᠡᠰ ᠬᠠᠭᠤᠴᠢ ᠰᠤᠳᠤᠯᠤᠯ᠎ᠤᠨ ᠬᠦᠷᠢᠶᠡᠯᠡᠩ)

     ᠲᠤᠬᠠᠶ ᠵᠢᠨ ᠦᠶ᠎ᠡ ᠵᠢᠨ ᠵᠢᠨᠢᠩ ᠴᠦᠷᠬᠡᠯᠡᠭᠡ᠎ᠨᠢ ᠪᠣᠭᠣᠮᠲᠠ ᠵᠢᠨ ᠭᠠᠳᠠᠨᠠᠬᠢ ᠬᠤᠳᠠᠯᠳᠤᠭ᠋ᠠᠨ᠎ᠤ ᠬᠣᠲᠠ ᠪᠣᠯᠤᠭᠰᠠᠨ᠎ᠤ ᠬᠤᠪᠢ᠎ᠳᠤ ᠬᠣᠲᠠ ᠵᠢᠨ ᠴᠢᠳᠠᠮᠵᠢ᠎ᠨᠢ ᠪᠦᠷᠢᠨ ᠲᠡᠭᠦᠯᠳᠡᠷ᠂ ᠲᠠᠸᠠᠷ᠎ᠤᠨ ᠰᠣᠯᠢᠯᠴᠠᠭ᠋ᠠᠨ᠎ᠤ ᠠᠭᠤᠯᠭ᠎ᠠ᠎ᠨᠢ ᠴᠤ᠌ ᠮᠠᠰᠢ ᠥᠷᠭᠡᠨ ᠳᠡᠯᠭᠡᠷ ᠪᠠᠢ᠍ᠢ᠍ᠵᠠᠢ᠃
     ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ᠎ᠠᠴᠠ 3 ᠲᠦᠮᠡ ᠭᠠᠷᠤᠶ ᠠ᠋ᠷᠲᠡᠨ᠎ᠤ ᠵᠣᠭᠣᠰ᠎ᠢ ᠮᠠᠯᠲᠠᠨ ᠭᠠᠷᠭ᠋ᠠᠪᠠ᠃ ᠲᠤᠭᠤᠨᠤᠯᠵᠢᠨ ᠵᠡᠭᠡᠯᠢ ᠵᠢᠨ ᠬᠥᠭᠵᠢᠶᠡᠨ ᠨᠠᠷᠭᠢᠶᠠᠨ᠎ᠲᠠᠢ ᠵᠡᠭᠡᠯᠢ ᠳᠠᠭ᠋ᠠᠤ ᠵᠢᠨ ᠵᠠᠷᠢᠮ ᠭᠡᠷ᠎ᠤᠨ ᠪᠠᠭᠤᠷᠢ᠎ᠠᠴᠠ ᠢᠳᠡᠭᠡᠨ᠎ᠤ ᠵᠤᠢ᠍ᠢ᠍ᠯ᠎ᠢ ᠰᠢᠷᠠᠵᠤ ᠬᠠᠭᠰᠠᠭ᠋ᠠᠬᠤ ᠵᠤᠤᠬ᠎ᠠ ᠵᠢ ᠢᠯᠡᠷᠡᠬᠦᠯᠵᠦ᠂ ᠵᠤᠤᠬᠠᠨ ᠳᠣᠲᠣᠷ᠎ᠠ ᠰᠢᠷᠠᠵᠤ ᠬᠡᠦᠷᠰᠢᠭᠰᠡᠨ ᠢᠳᠡᠭᠡᠨ᠎ᠤ ᠦᠯᠡᠳᠡᠭᠳᠡᠯ ᠬᠠᠳᠠᠭ᠋ᠠᠯᠠᠭᠳᠠᠵᠤ ᠪᠠᠢ᠍ᠢ᠍ᠪᠠ᠂ ᠵᠠᠷᠢᠮ ᠭᠡᠷ᠎ᠤᠨ ᠪᠠᠭᠤᠷᠢ᠎ᠠᠴᠠ ᠪᠠᠰᠠ ᠬᠡᠯᠬᠢᠶ᠎ᠡ᠎ᠲᠠᠢ ᠵᠠᠰᠠᠯ ᠴᠢᠮᠡᠭ ᠵᠢᠴᠢ ᠬᠠᠰ ᠴᠢᠯᠠᠭᠤ ᠵᠢᠨ ᠵᠠᠰᠠᠯ ᠵᠢᠮᠰᠡᠭ ᠤᠯᠳᠠᠪᠠ᠃ ᠠ᠋ᠭᠦᠨ᠎ᠠᠴᠠ ᠭᠠᠳᠠᠨ᠎ᠠ᠂ ᠵᠡᠭᠦᠨᠰᠢ ᠪᠠᠷᠠᠭᠤᠨᠰᠢ ᠴᠢᠭᠯᠡᠯ᠎ᠤᠨ ᠵᠡᠭᠡᠯᠢ ᠵᠢᠨ ᠵᠡᠭᠦᠨ ᠦᠵᠦᠭᠦᠷ᠎ᠤᠨ ᠨᠢᠭᠡ ᠪᠦᠯᠦᠭ ᠭᠡᠷ ᠳᠣᠲᠣᠷ᠎ᠠ᠎ᠠᠴᠠ 9 ᠵᠣᠭᠣᠷᠢ ᠵᠢ ᠢᠯᠡᠷᠡᠬᠦᠯᠵᠤ᠂ ᠡᠭᠦᠨ᠎ᠳᠤ ᠱᠠᠭ᠋ᠠᠵᠠᠩ ᠰᠠᠪᠠ᠎ᠠᠴᠠ ᠭᠠᠳᠠᠨ᠎ᠠ ᠭᠠᠤᠯᠢᠨ ᠰᠢᠨᠠᠭ᠎ᠠ᠂ ᠭᠠᠤᠯᠢᠨ ᠬᠠᠯᠪᠠᠭ᠎ᠠ᠂ ᠭᠠᠤᠯᠢᠨ ᠫᠢᠯᠠ ᠵᠡᠷᠭᠡ ᠰᠠᠪᠠ ᠬᠡᠷᠡᠭᠰᠡᠯ᠎ᠢ ᠮᠠᠯᠳᠠᠵᠤ ᠭᠠᠷᠭ᠋ᠠᠪᠠ᠃ ᠱᠠᠭ᠋ᠠᠵᠠᠩ ᠰᠠᠪᠠ ᠵᠢᠨ ᠢᠷᠤᠭ᠋ᠠᠷ᠎ᠤᠨ ᠬᠡᠰᠡᠭ᠎ᠲᠤ᠎ᠬᠢ 《ᠸᠠᠩ ᠤᠪᠤᠭᠳᠤ ᠵᠢᠨ ᠡᠮ᠎ᠤᠨ ᠫᠦᠰᠡ》  ᠬᠡᠰᠡᠨ ᠪᠢᠴᠢᠭᠡᠰᠦ᠎ᠠᠴᠠ ᠦᠵᠡᠪᠡᠯ᠂ ᠨᠢᠭᠡᠨ ᠲᠤᠮᠤ ᠡᠮ᠎ᠤᠨ ᠳᠡᠯᠭᠡᠭᠦᠷ ᠪᠠᠢ᠌ᠭᠰᠠᠨ ᠪᠣᠯᠣᠯᠲᠠᠢ᠃

W020240129390296027599.png 
   

      ᠵᠢᠷᠤᠭ 6᠄ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ᠎ᠠᠴᠠ ᠢᠯᠡᠷᠡᠬᠦᠯᠦᠭᠰᠡᠨ ᠲᠡᠮᠦᠷᠯᠢᠭ ᠵᠤᠭᠤᠰ᠂ ᠮᠠᠯᠳᠠᠵᠤ ᠭᠠᠷᠭ᠋ᠠᠬᠤ ᠦᠶ᠎ᠡ ᠵᠢᠨ ᠤᠤᠯ ᠪᠠᠶ᠋ᠢᠳᠠᠯ (ᠭᠡᠷᠡᠯ ᠵᠢᠷᠤᠭ᠎ᠤᠨ ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠡᠦᠬᠡ ᠵᠢᠨ ᠳᠤᠷᠠᠰᠬᠠᠯᠲᠤ ᠵᠦᠢ᠍ᠯᠡᠰ ᠬᠠᠭᠤᠴᠢ ᠰᠤᠳᠤᠯᠤᠯ᠎ᠤᠨ ᠬᠦᠷᠢᠶᠡᠯᠡᠩ)
      ᡁᠢ ᠶᠤᠸᠠᠨ᠎ᠤ ᠠᠷᠪᠠᠨ ᠲᠠᠪᠤᠳᠤᠭ᠋ᠠᠷ ᠣᠨ (1278 ᠣᠨ)᠎ᠳᠤ ᠶᠤᠸᠠᠨ ᠤᠯᠤᠰ ᠵᠢᠩ ᠳ᠋ᠸ ᠵᠧᠨ᠎ᠳᠤ ᠲᠤᠰᠬᠠᠶ᠋ᠢᠯᠠᠨ ᠱᠠᠭ᠋ᠠᠵᠠᠩ ᠭᠡᠷᠡᠭᠰᠡᠯ᠎ᠢ ᠭᠣᠣᠯᠯᠠᠨ ᠬᠠᠮᠢᠶᠠᠷᠬᠤ ᠪᠠᠶ᠋ᠢᠭᠤᠯᠤᠮᠵᠢ — ᠹᠦᠯᠢᠶᠠᠩ ᠱᠠᠭ᠋ᠠᠵᠠᠩ᠎ᠤᠨ ᠲᠣᠪᠴᠢᠢ᠎ᠠ ᠵᠢ ᠪᠠᠶ᠋ᠢᠭᠤᠯᠵᠤ᠂ 《ᠠᠯᠳᠠ ᠬᠠᠰ ᠳᠠᠷᠬᠠᠳ᠎ᠤᠨ ᠶᠡᠷᠦᠩᠬᠡᠢ ᠵᠠᠬᠢᠷᠤᠭᠴᠢ ᠵᠢᠨ ᠣᠷᠳᠣᠨ》᠎ᠳᠤ ᠬᠠᠮᠢᠶᠠᠷᠤᠭᠤᠯᠵᠠᠢ᠂ ᠠ᠋ᠨᠡ ᠪᠣᠯ ᠳᠤᠮᠳᠠᠳᠤ ᠤᠯᠤᠰ᠎ᠤᠨ ᠤᠯᠠᠨ ᠲᠦᠷᠦ᠎ᠳᠤ᠎ᠬᠢ ᠱᠠᠭ᠋ᠠᠵᠠᠩ ᠭᠡᠷᠡᠭᠰᠡᠯ ᠬᠢᠬᠦ ᠵᠢ ᠲᠤᠰᠬᠠᠶ᠋ᠢᠯᠠᠨ ᠬᠠᠮᠢᠶᠠᠷᠬᠤ ᠴᠤᠷᠢ ᠵᠢᠨ ᠭᠠᠭᠴᠠ ᠠᠯᠪᠠᠨ᠎ᠤ ᠪᠠᠶ᠋ᠢᠭᠤᠯᠤᠮᠵᠢ ᠶᠤᠮ᠃ ᠲᠠᠩ ᠤᠯᠤᠰ ᠰᠦᠩ ᠤᠯᠤᠰ᠎ᠤᠨ ᠦᠶ᠎ᠡ᠎ᠠᠴᠠ ᠤᠯᠠᠮᠵᠢᠯᠠᠭᠳᠠᠵᠤ ᠢᠷᠡᠭᠰᠡᠨ ᠱᠠᠭ᠋ᠠᠵᠠᠩ ᠭᠡᠷᠡᠭᠰᠡᠯ ᠬᠢᠬᠦ ᠮᠡᠷᠭᠡᠵᠢᠯ ᠶᠤᠸᠠᠨ ᠤᠯᠤᠰ᠎ᠤᠨ ᠦᠶ᠎ᠡ᠎ᠳᠤ ᠤᠷᠢᠳᠤ ᠠ᠋ᠮᠦᠨ᠎ᠡ ᠭᠠᠷᠤᠭ᠎ᠠ ᠦᠭᠡᠶ ᠬᠦᠭᠵᠢᠪᠡ᠃ ᠵᠢᠡᠭ ᠳ᠋ᠸ ᠵᠸᠨ ᠪᠠᠯᠭ᠋ᠠᠰᠤ᠎ᠪᠠᠷ ᠲᠥᠪ ᠪᠣᠯᠭ᠋ᠠᠵᠤ᠂ ᠯᠦᠩ ᠴᠢᠤᠸᠠᠨ ᠶᠣᠣ᠂ ᠳ᠋ᠢᠩ ᠶᠣᠣ᠂ ᠶᠣᠣ ᠵᠧᠦ ᠶᠣᠣ᠂ ᠵᠢᠶᠦ᠋ᠨ ᠶᠣᠣ᠂ ᠼᠢ ᠵᠧᠦ ᠶᠣᠣ ᠵᠡᠷᠭᠡ ᠨᠠᠷᠠᠲᠤ ᠤᠭᠤᠷᠭ᠋ᠠᠢ ᠦᠷᠭᠦᠯᠵᠢᠯᠡᠨ ᠤᠢ᠍ᠢ᠍ᠯᠡᠳᠪᠦᠷᠢᠯᠡᠯ ᠵᠶ᠋ᠡᠨ ᠥᠷᠭᠡᠳᠬᠡᠬᠦ ᠵᠢᠨ ᠬᠠᠮᠲᠤ ᠠᠷᠠᠳ᠎ᠤᠨ ᠨᠢᠭᠡ ᠪᠦᠯᠦᠭ ᠤᠭᠤᠷᠭ᠋ᠠᠢ ᠴᠤ᠌ ᠮᠥᠷᠡᠨ᠎ᠤ ᠠ᠋ᠮᠦᠨ᠎ᠡ ᠤᠮᠠᠷ᠎ᠠ᠎ᠠᠴᠠ ᠥᠷᠨᠢᠨ ᠮᠠᠨᠳᠤᠵᠤ᠂ ᠨᠢᠭᠡ ᠦᠶ᠎ᠡ ᠦᠷᠨᠢᠨ ᠲᠡᠯᠭᠡᠷᠡᠪᠡ᠃ 
      ᠲᠤᠮᠳᠠᠳᠤ ᠣᠷᠣᠨ᠎ᠤ ᠵᠡᠭᠦᠨ ᠪᠠᠷᠠᠭᠤᠨ ᠠ᠋ᠮᠦᠨ᠎ᠡ ᠤᠮᠠᠷ᠎ᠠ ᠵᠢᠨ ᠡᠯ᠎ᠡ ᠶᠡᠬᠡ ᠤᠭᠤᠷᠭ᠋ᠠᠢ ᠵᠢᠨ ᠱᠠᠭ᠋ᠠᠵᠠᠩ ᠭᠡᠷᠡᠭᠰᠡᠯ ᠶᠡᠬᠡ ᠬᠡᠮᠵᠢᠶ᠎ᠡ᠎ᠪᠠᠷ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ᠎ᠳᠤ ᠴᠤᠭᠯᠠᠷᠠᠵᠠᠢ᠃ ᠪᠦᠷᠢᠳᠬᠡᠯ᠎ᠳᠤ ᠦᠨᠳᠦᠰᠦᠯᠡᠪᠡᠯ᠂ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ᠎ᠠᠴᠠ ᠮᠠᠯᠲᠠᠵᠤ ᠭᠠᠷᠭ᠋ᠠᠭᠰᠠᠨ ᠡᠯ᠎ᠡ ᠶᠡᠬᠡ ᠤᠭᠤᠷᠭ᠋ᠠᠢ ᠵᠢᠨ ᠰᠢᠰᠲ᠋ᠧᠮ᠎ᠤᠨ ᠪᠦᠷᠢᠨ ᠪᠦᠲᠦᠨ ᠱᠠᠭ᠋ᠠᠵᠠᠩ ᠭᠡᠷᠡᠭᠰᠡᠯ 200 ᠭᠠᠷᠤᠶ ᠵᠦᠢ᠍ᠯ᠂ ᠤᠤᠯ ᠪᠠᠢ᠍ᠢ᠍ᠳᠠᠯ᠎ᠢ᠎ᠨᠢ ᠰᠡᠷᠭᠦᠭᠡᠵᠦ ᠪᠣᠯᠬᠤ ᠱᠠᠭ᠋ᠠᠵᠠᠩ ᠭᠡᠷᠡᠭᠰᠡᠯ 7000 ᠭᠠᠷᠤᠶ ᠵᠦᠢ᠍ᠯ᠂ ᠱᠠᠭ᠋ᠠᠵᠠᠩ ᠰᠠᠪᠠ ᠵᠢᠨ ᠵᠠᠭᠪᠤᠷ ᠲᠦᠮᠡ ᠭᠠᠷᠤᠶ ᠵᠦᠢ᠍ᠯ᠎ᠳᠤ ᠬᠦᠷᠴᠦ᠂ ᠴᠢᠨᠠᠷ ᠰᠠᠶ᠋ᠢᠲᠠᠶ ᠮᠥᠷᠳᠡᠭᠡᠨ ᠨᠠᠷᠢᠯᠢᠭ ᠬᠢᠴᠡ᠎ᠲᠠᠢ ᠠᠵᠢ᠃ ᠢᠯᠠᠩᠭᠤᠶ᠎ᠠ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ᠎ᠠᠴᠠ ᠢᠯᠡᠷᠡᠭᠦᠯᠦᠭᠰᠡᠨ ᠵᠣᠭᠣᠷᠢ 19 ᠪᠤᠯᠤᠨ ᠵᠣᠭᠣᠷᠢ 24᠎ᠳᠤ᠎ᠨᠢ ᠪᠦᠷᠢᠨ ᠪᠦᠳᠦᠨ ᠬᠥᠬᠡ ᠬᠤᠸᠠᠷᠲᠠᠶ 7 ᠱᠠᠭ᠋ᠠᠵᠠᠩ ᠰᠠᠪᠠ᠂ ᠢᠵᠢ ᠪᠦᠷᠢᠨ ᠬᠥᠬᠡ ᠬᠤᠸᠠᠷᠲᠠᠶ ᠥᠨᠳᠥᠷ ᠬᠥᠯᠲᠦ 6 ᠠᠶᠠᠭ᠎ᠠ᠎ᠨᠢ ᠬᠠᠭᠤᠴᠢ ᠰᠤᠳᠤᠯᠤᠯ᠎ᠤᠨ ᠴᠢᠬᠤᠯᠠ ᠢᠯᠡᠷᠡᠭᠦᠯᠦᠯᠲᠡ ᠪᠣᠯᠵᠠᠶ᠃

W020240129390296080995.png    

      ᠵᠢᠷᠤᠭ 7᠄ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ ᠵᠢᠨ ᠵᠤᠭᠤᠷᠢ 24᠎ᠠᠴᠠ ᠢᠯᠡᠷᠡᠬᠦᠯᠦᠭᠰᠡᠨ ᠱᠠᠭ᠋ᠠᠵᠠᠩ ᠰᠠᠪᠠ᠂ ᠮᠠᠯᠳᠠᠵᠤ ᠭᠠᠷᠭ᠋ᠠᠬᠤ ᠦᠶ᠎ᠡ ᠵᠢᠨ ᠪᠠᠶ᠋ᠢᠳᠠᠯ (ᠬᠡᠷᠡᠯ ᠵᠢᠷᠤᠭ᠎ᠤᠨ ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠰᠦᠯᠵᠢᠶ᠎ᠠ) 

微信图片_20240426165143.jpg     

      ᠵᠢᠷᠤᠭ 8᠄ ᠵᠢᠨᠢᠩ ᠴᠦᠷᠬᠡᠯᠡᠭᠡ ᠵᠢᠨ ᠠ᠋ᠷᠲᠡᠨ᠎ᠤ ᠬᠣᠲᠠ ᠵᠢᠨ ᠪᠠᠭᠤᠷᠢ᠎ᠠᠴᠠ ᠮᠠᠯᠲᠠᠵᠤ ᠭᠠᠷᠭ᠋ᠠᠭᠰᠠᠨ ᠰᠢᠷ ᠪᠤᠳᠤᠭ ᠰᠠᠭᠤᠯᠭ᠋ᠠᠭᠰᠠᠨ ᠤᠯᠠᠭ᠋ᠠᠨ ᠬᠠᠰ ᠯᠣᠩᠬᠣ (ᠵᠡᠭᠦᠨ) ᠪᠣᠯᠤᠨ ᠬᠥᠬᠡ ᠬᠤᠸᠠᠷᠳᠠᠢ ᠠᠯᠢᠮᠠᠨ ᠬᠡᠯᠪᠡᠷᠢ᠎ᠲᠠᠢ ᠳᠡᠪᠦᠷ᠎ᠡ (ᠪᠠᠷᠠᠭᠤᠨ) (ᠭᠡᠷᠡᠯ ᠵᠢᠷᠤᠭ᠎ᠤᠨ ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠡᠦᠬᠡ ᠵᠢᠨ ᠳᠤᠷᠠᠰᠬᠠᠯᠲᠤ ᠵᠦᠢ᠍ᠯᠡᠰ ᠬᠠᠭᠤᠴᠢ ᠰᠤᠳᠤᠯᠤᠯ᠎ᠤᠨ ᠬᠦᠷᠢᠶᠡᠯᠡᠩ)
      ᠵᠢᠩ ᠳ᠋ᠸ ᠵᠧᠨ ᠪᠠᠯᠭ᠋ᠠᠰᠤ᠎ᠠᠴᠠ ᠵᠢᠨᠢᠩ ᠴᠦᠷᠬᠡᠯᠡᠭᠡ ᠬᠦᠷᠳᠡᠯᠡᠬᠢ ᠬᠡᠳᠦᠨ ᠮᠢᠩᠭ᠋ᠠᠨ ᠺᠢᠯᠣᠮᠧᠲᠷ ᠠᠯᠤᠰ᠎ᠤᠨ ᠵᠠᠮ᠎ᠳᠤ ᠬᠥᠮᠦᠨ ᠤᠨᠤᠭ᠎ᠠ ᠠ᠋ᠩᠬᠦᠯ ᠳᠤᠩᠬᠤᠯ ᠵᠠᠮ ᠵᠶ᠋ᠠᠷ ᠴᠣᠪᠣᠷᠠᠵᠤ ᠶᠠᠪᠤᠳᠠᠭ᠃ ᠮᠠᠯᠲᠠᠵᠤ ᠭᠠᠷᠭ᠋ᠠᠭᠰᠠᠨ ᠳᠤᠮᠳᠠᠳᠤ ᠣᠷᠣᠨ᠎ᠤ ᠡᠯ᠎ᠡ ᠶᠡᠬᠡ ᠤᠭᠤᠷᠭ᠋ᠠᠢ ᠵᠢᠨ ᠴᠢᠨᠠᠷ ᠰᠠᠶ᠋ᠢᠨ ᠨᠠᠷᠢᠯᠢᠭ ᠬᠢᠴᠡ᠎ᠲᠠᠢ ᠱᠠᠭ᠋ᠠᠵᠠᠩ ᠭᠡᠷᠡᠭᠰᠡᠯ᠎ᠨᠢ ᠲᠠᠯ᠎ᠠ ᠨᠤᠲᠤᠭ᠎ᠤᠨ ᠲᠣᠷᠭ᠋ᠠᠨ᠎ᠤ ᠵᠠᠮ᠎ᠤᠨ ᠥᠩᠭᠡᠷᠡᠭᠰᠡᠨ᠎ᠤ ᠬᠥᠭᠵᠢᠯ ᠴᠡᠴᠡᠭᠯᠡᠯ ᠪᠣᠯᠤᠨ ᠦᠨᠳᠦᠰᠦᠲᠡᠨ᠎ᠨᠦᠭᠦᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠵᠢᠨ ᠬᠡᠷᠡᠴᠢᠯᠡᠯ ᠪᠤᠯᠬᠤ ᠶᠤᠮ᠃
      (ᠢᠷᠡᠯᠳᠡ᠄ ᠥᠪᠥᠷ ᠮᠣᠩᠭᠣᠯ᠎ᠤᠨ ᠤᠯᠠᠭ᠋ᠠᠨᠴᠠᠪ ᠬᠣᠲᠠ ᠵᠢᠨ ᠵᠢᠨᠢᠩ ᠲᠣᠭᠣᠷᠢᠭ᠎ᠤᠨ ᠦᠨᠳᠦᠰᠦᠲᠡᠨ᠎ᠤ ᠵᠥᠪᠯᠡᠯ᠎ᠠᠴᠠ ᠡᠮᠬᠢᠳᠬᠡᠨ ᠡᠬᠡ ᠪᠢᠴᠢᠭ ᠬᠠᠩᠭ᠋ᠠᠪᠠ)
      ᠬᠢᠨᠠᠨ ᠦᠢ᠍ᠯᠡᠳᠦᠭᠴᠢ᠄ ᠸᠠᠩ ᠰᠢᠶᠠᠩ ᠢᠦᠢ
      ᠬᠠᠷᠢᠭᠤᠴᠠᠭᠰᠠᠨ ᠨᠠᠢ᠌ᠷᠠᠭᠤᠯᠤᠭᠴᠢ᠄ ᠼᠠᠢ ᠯᠢ ᠶᠤᠸᠠᠨ
      ᠬᠢᠨᠠᠨ ᠬᠠᠷᠭᠤᠭᠤᠯᠤᠭᠰᠠᠨ᠄ ᠯᠠᠨ ᠰᠢ ᠹᠸᠩ
      ᠬᠢᠵᠦ ᠦᠢ᠍ᠯᠡᠳᠦᠭᠰᠡᠨ᠎ᠨᠢ᠄ ᠬᠤ᠌ ᠰᠢᠶᠣᠤ ᠳ᠋ᠢᠶᠸ

 

              ᠣᠷᠴᠢᠭᠤᠯᠤᠭᠴᠢ᠄ ᠣᠶᠤᠨᠰᠡᠴᠡᠨ
              ᠬᠢᠨᠠᠨ ᠣᠷᠴᠢᠭᠤᠯᠤᠭᠴᠢ᠄ ᠠᠳᠢᠶ᠎ᠠ   ᠰᠠᠴᠤᠷᠠᠯ
              ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠦᠸᠠᠢ ᠳ᠋ᠦᠩ

ᠢᠷᠡᠯᠲᠡ᠄ ᠲᠤᠮᠳᠠᠳᠤ ᠵᠢ ᠥᠭᠦᠯᠡᠬᠦᠢ