ᠲᠡᠷᠢᠭᠦᠨ ᠬᠠᠭᠤᠳᠠᠰᠤ   -   ᠳᠤᠮᠳᠠᠳᠤ᠎ᠶᠢ ᠦᠭᠦᠯᠡᠬᠦᠢ
ᠲᠡᠷᠡ ᠪᠣᠯ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠵᠢ ᠭᠡᠷᠡᠴᠢᠯᠡᠭᠰᠡᠨ ᠠᠩᠬᠠᠳᠠᠭᠴᠢ ᠠᠯᠪᠠᠨ᠎ᠠᠴᠠ ᠡᠷᠬᠢᠯᠡᠭᠰᠡᠨ ᠰᠢᠨ᠎ᠡ ᠮᠠᠶᠢᠭ᠎ᠤᠨ ᠰᠤᠷᠭ᠋ᠠᠭᠤᠯᠢ ᠵᠢᠨ ᠲᠠᠩᠬᠢᠮ ᠶᠤᠮ
ᠨᠡᠶ᠋ᠢᠲᠡᠯᠡᠭᠰᠡᠨ ᠴᠠᠭ᠄ 2024-06-27

      ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠯᠠᠭ᠋ᠠᠨᠬᠠᠳᠠ ᠬᠣᠲᠠ ᠵᠢᠨ ᠬᠠᠷᠠᠴᠢᠨ ᠬᠣᠰᠢᠭᠤᠨ᠎ᠤ ᠪᠠᠷᠠᠭᠤᠨ ᠡᠮᠦᠨ᠎ᠡ᠂ ᠳᠤᠮᠳᠠᠳᠤ ᠤᠯᠤᠰ᠎ᠤᠨ ᠲᠡᠦᠬᠡ ᠰᠣᠶᠣᠯ᠎ᠤᠨ ᠨᠠᠷᠠᠲᠤ ᠪᠠᠯᠭ᠋ᠠᠰᠤ— ᠸᠠᠩ᠎ᠤᠨ ᠣᠷᠳᠣᠨ᠎ᠤ ᠪᠠᠯᠭ᠋ᠠᠰᠤ ᠪᠠᠢ᠌ᠳᠠᠭ᠂ ᠹᠧᠣᠳᠠᠯ᠎ᠤᠨ ᠦᠶ᠎ᠡ᠎ᠳᠤ ᠡᠨᠳᠡ ᠸᠠᠩ ᠬᠥᠩ ᠢᠵᠠᠭᠤᠷᠲᠠᠨ ᠠᠮᠢᠳᠤᠷᠠᠵᠤ ᠪᠠᠢ᠌ᠭᠰᠠᠨ ᠭᠡᠳᠡᠭ᠎ᠢ ᠵᠢᠵᠢᠭ ᠪᠠᠯᠭ᠋ᠠᠰᠤᠨ᠎ᠤ ᠨᠡᠷ᠎ᠡ᠎ᠠᠴᠠ ᠠᠮᠠᠷᠬᠠᠨ ᠮᠡᠳᠡᠵᠦ ᠪᠣᠯᠣᠨ᠎ᠠ᠃ ᠡᠨᠡ ᠬᠦ᠌ ᠭᠠᠵᠠᠷ ᠵᠢᠩᠬᠢᠨᠢ᠎ᠪᠠᠷ ᠨᠡᠷ᠎ᠡ ᠠᠯᠳᠠᠷᠰᠢᠭᠰᠠᠨ᠎ᠨᠢ ᠪᠦᠬᠦ ᠤᠯᠤᠰ᠎ᠲᠤ ᠬᠠᠮᠤᠭ᠎ᠤᠨ ᠪᠦᠷᠢᠨ ᠪᠦᠲᠦᠨ᠂ ᠬᠦᠷᠢᠶ᠎ᠡ ᠬᠡᠪᠴᠢᠶ᠎ᠡ᠎ᠪᠠᠷ ᠬᠠᠮᠤᠭ᠎ᠤᠨ ᠶᠡᠬᠡ ᠴᠢᠩ ᠤᠯᠤᠰ᠎ᠤᠨ ᠦᠶ᠎ᠡ ᠵᠢᠨ ᠮᠣᠩᠭᠣᠯ ᠸᠠᠩ ᠭᠦᠩ᠎ᠤᠨ ᠪᠠᠷᠢᠯᠭ᠎ᠠ᠎ᠤᠳ ᠪᠠᠢ᠌ᠳᠠᠭ᠎ᠠᠴᠠ ᠯᠠ ᠪᠣᠯᠤᠭᠰᠠᠨ ᠪᠢᠰᠢ᠂ ᠬᠠᠷᠢᠨ ᠥᠪᠥᠷ ᠮᠣᠩᠭᠣᠯ ᠣᠷᠣᠨ᠎ᠤ ᠣᠷᠴᠢᠨ ᠦᠶ᠎ᠡ ᠵᠢᠨ ᠲᠡᠦᠬᠡᠨ ᠲᠡᠭᠡᠷᠡᠬᠢ ᠠᠩᠬᠠᠳᠠᠭᠴᠢ ᠠᠯᠪᠠᠨ᠎ᠠᠴᠠ ᠡᠷᠬᠢᠯᠡᠭᠰᠡᠨ ᠰᠢᠨ᠎ᠡ ᠮᠠᠶᠢᠭ᠎ᠤᠨ ᠰᠤᠷᠭ᠋ᠠᠭᠤᠯᠢ —ᠲᠦᠪ᠎ᠢ ᠡᠷᠬᠢᠮᠯᠡᠬᠦ ᠲᠠᠩᠬᠢᠮ ᠡᠨᠳᠡ ᠪᠠᠢ᠌ᠭᠤᠯᠤᠭᠳᠠᠭᠰᠠᠨ᠎ᠠᠴᠠ ᠪᠣᠯᠤᠭᠰᠠᠨ ᠶᠤᠮ᠃ ᠡᠨᠡ ᠬᠦ᠌ ᠨᠡᠷ᠎ᠡ ᠴᠤᠤᠲᠠᠢ ᠰᠤᠷᠭ᠋ᠠᠭᠤᠯᠢ ᠵᠢᠨ ᠬᠦᠷᠢᠶᠡᠨ᠎ᠳᠤ ᠮᠠᠰᠢ ᠤᠯᠠᠨ ᠰᠡᠳᠬᠢᠯ᠎ᠢ ᠬᠥᠳᠡᠯᠭᠡᠮ᠎ᠡ ᠦᠯᠢᠭᠡᠷ  ᠡᠭᠦᠰᠦᠭᠰᠡᠨ ᠶᠤᠮ᠃

1.jpg

      ▲ ᠬᠠᠷᠠᠴᠢᠨ ᠴᠢᠨ ᠸᠠᠩ᠎ᠤᠨ ᠣᠷᠳᠣᠨ
      ᠰᠢᠨ᠎ᠡ ᠪᠦᠯᠦᠭ᠎ᠤᠨ ᠴᠢᠨ ᠸᠠᠩ᠂ ᠬᠠᠭᠤᠴᠢᠨ᠎ᠢ ᠥᠭᠡᠷᠡᠴᠢᠯᠡᠵᠦ ᠰᠢᠨ᠎ᠡ ᠵᠢ ᠪᠠᠢ᠌ᠭᠤᠯᠪᠠ 
       ᠡᠨᠡ ᠬᠦ᠌ ᠰᠤᠷᠭ᠋ᠠᠭᠤᠯᠢ ᠵᠢᠨ ᠲᠠᠩᠬᠢᠮ᠎ᠤᠨ ᠦᠯᠢᠭᠡᠷ᠎ᠢ ᠶᠠᠷᠢᠬᠤ᠎ᠳᠤ᠂ ᠨᠢᠭᠡ ᠬᠥᠮᠥᠨ᠎ᠢ ᠡᠷᠭᠡᠪᠰᠢ ᠲᠤᠷᠠᠳᠬᠤ ᠶᠤᠰᠤᠲᠠᠢ᠃ 
 2.jpg     

      ▲ ᠭᠦᠩᠰᠠᠩᠨᠣᠷᠪᠤ 
      ᠭᠦᠩᠰᠠᠩᠨᠣᠷᠪᠤ (1872 ᠣᠨ— 1931 ᠣᠨ)᠂ ᠪᠢᠴᠢᠭ᠎ᠤᠨ ᠨᠡᠷ᠎ᠡ ᠯᠧ ᠲᠢᠩ᠂ ᠡᠷᠬᠦᠭᠰᠡᠨ ᠨᠡᠷ᠎ᠡ ᠺᠦᠢ ᠠᠨ᠂ ᠴᠢᠩ ᠤᠯᠤᠰ᠎ᠤᠨ ᠦᠶ᠎ᠡ ᠵᠢᠨ ᠮᠣᠩᠭᠣᠯ᠎ᠤᠨ ᠬᠠᠷᠠᠴᠢᠨ ᠵᠠᠰᠠᠭ ᠲᠦᠷᠦ ᠵᠢᠨ ᠲᠦᠬᠦᠷᠡᠩ ᠵᠢᠶᠦ᠋ᠨ ᠸᠠᠩ ᠪᠥᠭᠡᠳ ᠵᠣᠰᠣᠲᠤ ᠵᠢᠨ ᠴᠢᠭᠤᠯᠭ᠋ᠠᠨ᠎ᠤ ᠳᠠᠷᠤᠭ᠎ᠠ  ᠸᠠᠩᠳᠤᠳᠨᠠᠮᠵᠢᠯ (ᠬᠥᠮᠥᠰ ᠸᠠᠩ ᠸᠠᠩ ᠭᠡᠳᠡᠭ) ᠎ᠤᠨ ᠤᠤᠭ᠋ᠠᠨ ᠬᠥᠪᠡᠭᠦᠨ ᠪᠣᠯᠣᠨ᠎ᠠ᠃ ᠪᠠᠳᠠᠷᠠᠭᠤᠯᠲᠤ ᠲᠥᠷᠥ ᠵᠢᠨ ᠬᠣᠷᠢᠨ ᠳᠥᠷᠪᠡᠳᠦᠭᠡᠷ ᠣᠨ (1898 ᠣᠨ)᠎ᠤ 4 ᠳ᠋ᠦ᠍ᠭᠡᠷ ᠰᠠᠷ᠎ᠠ᠎ᠳᠤ ᠸᠠᠩ ᠸᠠᠩ ᠡᠪᠡᠳᠴᠢᠨ ᠵᠶ᠋ᠡᠷ ᠨᠠᠰᠤ ᠪᠠᠷᠠᠪᠠ᠃ ᠪᠠᠳᠠᠷᠠᠭᠤᠯᠲᠤ ᠲᠥᠷᠥ ᠵᠢᠨ ᠬᠣᠷᠢᠨ ᠲᠠᠪᠤᠳᠤᠭ᠋ᠠᠷ ᠣᠨ (1899 ᠣᠨ)᠎ᠤ ᠬᠠᠪᠤᠷ᠂ ᠭᠦᠩᠰᠠᠩᠨᠣᠷᠪᠤ ᠵᠣᠰᠣᠲᠤ ᠵᠢᠨ ᠴᠢᠭᠤᠯᠭ᠋ᠠᠨ᠎ᠤ ᠬᠠᠷᠠᠴᠢᠨ ᠪᠠᠷᠠᠭᠤᠨ ᠬᠣᠰᠢᠭᠤᠨ᠎ᠤ ᠵᠠᠰᠠᠭ ᠵᠢᠶᠦ᠋ᠨ ᠸᠠᠩ᠎ᠤᠨ ᠵᠡᠷᠭᠡ ᠬᠡᠷᠬᠡᠮ᠎ᠢ ᠵᠢᠩᠬᠢᠨᠢ᠎ᠪᠠᠷ ᠵᠠᠯᠭ᠋ᠠᠮᠵᠢᠯᠠᠵᠤ᠂ ᠵᠤᠰᠤᠳᠤ ᠵᠢᠨ ᠴᠢᠭᠤᠯᠭ᠋ᠠᠨ᠎ᠤ ᠳᠠᠷᠤᠭ᠎ᠠ ᠵᠢᠨ ᠲᠤᠰᠢᠶᠠᠯ᠎ᠢ ᠬᠠᠪᠰᠤᠷᠭ᠋ᠠᠨ ᠬᠠᠷᠢᠭᠤᠴᠠᠪᠠ᠂ ᠲᠤᠬᠠᠢ ᠵᠢᠨ ᠵᠢᠯ᠎ᠳᠤ ᠲᠡᠷᠡ ᠰᠠᠶᠢ 27 ᠨᠠᠰᠤᠲᠠᠢ ᠪᠠᠢ᠌ᠭᠰᠠᠨ ᠲᠤᠯᠠ ᠬᠥᠮᠥᠰ ᠲᠡᠭᠦᠨ᠎ᠢ ᠬᠥᠩ ᠸᠠᠩ ᠭᠡᠵᠦ ᠳᠠᠭᠤᠳᠠᠵᠠᠢ᠃ ᠴᠠᠭ᠋ᠠᠭᠴᠢᠨ ᠭᠠᠬᠠᠢ ᠵᠢᠯ᠎ᠤᠨ ᠬᠤᠪᠢᠰᠬᠠᠯ᠎ᠤᠨ ᠳᠠᠷᠠᠭ᠎ᠠ᠂ ᠤᠮᠠᠷᠠᠲᠤ ᠵᠢᠨ ᠴᠡᠷᠢᠭ᠎ᠤᠨ ᠡᠷᠬᠡᠲᠡᠨ᠎ᠤ ᠵᠠᠰᠠᠭ᠎ᠤᠨ ᠭᠠᠵᠠᠷ᠎ᠠᠴᠠ ᠲᠡᠭᠦᠨ᠎ᠢ ᠴᠢᠨ ᠸᠠᠩ ᠡᠷᠬᠦᠮᠵᠢᠯᠡᠪᠡ᠃ 

      ᠬᠥᠩ ᠸᠠᠩ ᠬᠠᠷᠠᠬᠠᠨ ᠪᠠᠭ᠎ᠠ᠎ᠠᠴᠠ᠎ᠪᠠᠨ ᠰᠢᠯᠢᠳᠡᠭ ᠰᠠᠢ᠌ᠨ ᠰᠤᠷᠭ᠋ᠠᠨ ᠬᠥᠮᠦᠵᠢᠯ ᠭᠥᠷᠳᠡᠵᠦ᠂ ᠬᠢᠲᠠᠳ ᠮᠠᠨᠵᠤ ᠮᠣᠩᠭᠣᠯ ᠲᠥᠪᠡᠳ ᠳᠥᠷᠪᠡᠨ ᠬᠡᠯᠡᠨ᠎ᠳᠤ ᠨᠡᠪᠲᠡᠷᠡᠭᠰᠡᠨ ᠪᠥᠭᠡᠳ ᠰᠢᠯᠦᠭ ᠵᠢᠷᠤᠭ᠎ᠲᠤ ᠠᠪᠢᠶᠠᠰ᠎ᠲᠠᠢ᠂ ᠪᠢᠴᠢᠭ ᠴᠡᠷᠢᠭ᠎ᠤᠨ ᠡᠷᠳᠡᠮ ᠬᠤᠤᠰᠯᠠᠭᠰᠠᠨ ᠴᠢᠳᠠᠪᠤᠷᠢᠳᠠᠨ ᠶᠤᠮ᠃ ᠵᠡᠷᠭᠡ ᠬᠡᠷᠬᠡᠮ ᠵᠠᠯᠭ᠋ᠠᠮᠵᠢᠯᠠᠭᠰᠠᠨ᠎ᠤ ᠳᠠᠷᠠᠭ᠎ᠠ᠂ ᠲᠡᠷᠡ ᠬᠡᠮᠳᠦ ᠵᠠᠰᠠᠭ ᠪᠣᠯᠣᠨ ᠬᠠᠭᠤᠴᠢᠨ ᠳᠦᠷᠢᠮ᠎ᠢ ᠦᠭᠡᠷᠡᠴᠢᠯᠡᠨ ᠵᠠᠰᠠᠵᠦ᠂ ᠣᠷᠳᠣᠨ᠎ᠤ ᠳᠣᠲᠣᠷᠠᠬᠢ ᠠᠯᠢᠮ᠎ᠠ ᠵᠢᠨ ᠬᠦᠷᠢᠶᠡᠯᠡᠩ᠎ᠤᠨ ᠰᠢ ᠵᠦᠴᠦᠭᠡ  ᠵᠢᠨ ᠠᠩᠭᠢ ᠵᠢ ᠲᠠᠷᠬᠠᠭ᠋ᠠᠵᠤ᠂ ᠸᠠᠩ᠎ᠤᠨ ᠣᠷᠳᠣᠨ᠎ᠤ ᠠᠯᠪᠠ ᠬᠠᠭ᠋ᠠᠭᠴᠢᠳ᠎ᠤᠨ ᠬᠣᠭᠣᠯᠠ ᠤᠮᠳᠠ  ᠵᠢ ᠰᠠᠢ᠌ᠵᠢᠷᠠᠭᠤᠯᠵᠤ᠂ ᠡᠷᠡᠴᠦᠳ᠎ᠤᠨ ᠰᠠᠬᠢᠯ ᠠᠪᠴᠤ ᠬᠤᠸᠠᠷᠠᠭ ᠪᠣᠯᠬᠤ ᠵᠢ ᠬᠢᠵᠠᠭ᠋ᠠᠷᠯᠠᠵᠤ᠂  ᠴᠢᠨᠠᠭᠰᠢᠯᠠᠪᠠᠯ ᠰᠦᠬᠦᠳᠴᠦ ᠮᠦᠷᠬᠦᠬᠦ ᠶᠣᠰᠣᠯᠠᠯ᠎ᠢ ᠬᠦᠴᠦᠨ ᠦᠭᠡᠢ ᠪᠣᠯᠭ᠋ᠠᠵᠤ᠂ ᠬᠣᠰᠢᠭᠤᠨ᠎ᠤ ᠠᠷᠠᠳ᠎ᠢ ᠡᠷᠬᠢᠮ ᠳᠣᠣᠷᠠᠳᠤ ᠵᠡᠷᠭᠡ ᠳᠡᠰ ᠬᠤᠪᠢᠶᠠᠬᠤ ᠦᠭᠡᠢ ᠪᠣᠯᠭ᠋ᠠᠵᠠᠢ᠃
      ᠬᠥᠩ ᠸᠠᠩ᠎ᠤᠨ ᠲᠠᠷᠢᠬᠢ ᠲᠣᠯᠣᠭ᠋ᠠᠢ᠎ᠨᠢ ᠬᠤᠷᠴᠠ ᠰᠡᠷᠭᠡᠭ᠂ ᠦᠵᠡᠯ ᠰᠠᠨᠠᠭ᠎ᠠ᠎ᠨᠢ ᠴᠢᠯᠦᠭᠡᠲᠡᠢ ᠪᠠᠢ᠌ᠵᠤ᠂ ᠬᠣᠰᠢᠭᠤᠨ ᠳᠣᠲᠣᠷ᠎ᠠ᠎ᠪᠠᠨ ᠴᠡᠷᠢᠭ ᠪᠣᠯᠪᠠᠰᠤᠷᠠᠭᠤᠯᠤᠨ ᠵᠠᠮ ᠵᠠᠰᠠᠵᠤ᠂ ᠰᠢᠤᠳᠠᠨ ᠨᠡᠪᠲᠡᠷᠡᠭᠦᠯᠵᠦ ᠰᠣᠨᠢᠨ ᠡᠷᠭᠢᠯᠡᠵᠦ᠂ ᠲᠠᠷᠢᠶᠠᠯᠠᠩ ᠮᠠᠯ ᠠᠵᠤ ᠠᠬᠤᠢ ᠵᠢ ᠰᠠᠢ᠌ᠵᠢᠷᠠᠭᠤᠯᠵᠦ᠂ ᠵᠠᠩ ᠳᠠᠳᠬᠠᠯ᠎ᠢ ᠥᠭᠡᠷᠡᠴᠢᠯᠡᠵᠦ᠂ ᠦᠢ᠍ᠯᠡᠳᠪᠦᠷᠢ ᠬᠤᠳᠠᠯᠳᠤᠭ᠎ᠠ ᠵᠢ ᠬᠥᠭᠵᠢᠭᠦᠯᠵᠡᠢ᠃ ᠵᠦᠢ᠍ᠯ ᠵᠦᠢ᠍ᠯ᠎ᠤᠨ ᠰᠢᠨ᠎ᠡ ᠲᠥᠷᠥ ᠵᠢᠨ ᠪᠣᠳᠣᠯᠭ᠎ᠠ ᠵᠢ ᠬᠡᠷᠡᠭᠵᠢᠭᠦᠯᠦᠭᠰᠡᠨ᠎ᠠᠴᠠ ᠨᠡᠢ᠌ᠭᠡᠮ᠎ᠤᠨ ᠳᠦᠷᠰᠦ ᠪᠠᠢ᠌ᠳᠠᠯ ᠴᠣ᠌ ᠴᠤ ᠰᠢᠨ᠎ᠡ ᠪᠣᠯᠤᠭᠰᠠᠨ ᠪᠠᠢ᠌ᠨ᠎ᠠ᠃
      ᠰᠤᠷᠭ᠋ᠠᠨ ᠬᠥᠮᠦᠵᠢᠯ᠎ᠢ ᠡᠭᠦᠰᠬᠡᠨ ᠪᠠᠢ᠌ᠭᠤᠯᠵᠤ᠂ ᠠᠷᠠᠳ᠎ᠤᠨ ᠤᠶᠤᠨ ᠤᠬᠠᠭ᠋ᠠᠨ᠎ᠢ ᠰᠡᠩᠬᠡᠷᠡᠬᠦᠯᠪᠡ
       ᠬᠥᠩ ᠸᠠᠩ᠎ᠤᠨ ᠬᠤᠢ᠌ᠴᠢ ᠦᠶ᠎ᠡ᠎ᠳᠤ᠎ᠪᠠᠨ ᠬᠠᠮᠤᠭ᠎ᠤᠨ ᠶᠡᠬᠡ ᠨᠥᠯᠥᠭᠡ ᠦᠵᠡᠭᠦᠯᠦᠭᠰᠡᠨ ᠠᠷᠭ᠎ᠠ ᠬᠡᠮᠵᠢᠶ᠎ᠡ ᠵᠢ ᠬᠡᠯᠡᠪᠡᠯ᠂ ᠤᠷᠴᠢᠨ ᠦᠶ᠎ᠡ ᠵᠢᠨ ᠥᠪᠥᠷ ᠮᠣᠩᠭᠣᠯ ᠣᠷᠣᠨ᠎ᠤ ᠠᠩᠬᠠᠳᠠᠭᠴᠢ ᠠᠯᠪᠠᠨ᠎ᠠᠴᠠ ᠡᠷᠭᠢᠯᠡᠭᠰᠡᠨ ᠰᠢᠨ᠎ᠡ ᠮᠠᠶᠢᠭ᠎ᠤᠨ ᠰᠤᠷᠭ᠋ᠠᠭᠤᠯᠢ ᠵᠢᠨ ᠲᠠᠩᠭᠢᠮ᠎ᠢ ᠡᠭᠦᠰᠬᠡᠨ ᠪᠠᠢ᠌ᠭᠤᠯᠤᠭᠰᠠᠨ ᠶᠠᠪᠤᠳᠠᠯ ᠪᠣᠯᠣᠨ᠎ᠠ᠃ ᠴᠢᠩ ᠤᠯᠤᠰ᠎ᠤᠨ ᠳᠤᠮᠳᠠᠴᠢ ᠦᠶ᠎ᠡ᠎ᠠᠴᠠ ᠡᠬᠢᠯᠡᠨ ᠪᠣᠭᠣᠮᠲᠠ ᠳᠤᠳᠤᠷ᠎ᠠ᠎ᠠᠴᠠ ᠶᠡᠬᠡ ᠬᠡᠮᠵᠢᠶᠡᠨ᠎ᠤ ᠬᠥᠮᠥᠨ ᠥᠪᠥᠷ ᠮᠣᠩᠭᠣᠯ᠎ᠳᠤ ᠨᠡᠬᠦᠳᠡᠯᠯᠡᠨ ᠢᠷᠡᠵᠦ ᠠᠵᠤ ᠲᠦᠷᠦᠬᠦ ᠪᠤᠯᠵᠡᠢ᠂ ᠬᠠᠷᠠᠴᠢᠨ ᠬᠤᠰᠢᠭᠤ ᠡᠮᠦᠨ᠎ᠡ ᠲᠠᠯ᠎ᠠ᠎ᠪᠠᠷ ᠵᠶ᠋ᠠᠨ ᡁᠢ ᠯᠢ (ᠣᠳᠣ ᠵᠢᠨ ᠾᠧᠪᠧᠢ)᠎ᠲᠠᠢ ᠬᠥᠷᠰᠢᠯᠡᠵᠦ ᠪᠣᠢ ᠲᠤᠯᠠ᠂ ᠶᠡᠬᠡ ᠬᠡᠮᠵᠢᠶᠡᠨ᠎ᠤ ᠬᠢᠲᠠᠳ ᠲᠠᠷᠢᠶᠠᠴᠢᠨ ᠪᠠ ᠬᠤᠳᠠᠯᠳᠤᠭ᠋ᠠᠴᠢᠨ ᠣᠷᠤᠵᠦ ᠢᠷᠡᠭᠰᠡᠨ ᠪᠠᠢ᠌ᠨ᠎ᠠ᠃ ᠬᠥᠩ ᠸᠠᠩ ᠮᠣᠩᠭᠣᠯ ᠬᠢᠲᠠᠳ ᠬᠣᠯᠪᠣᠭ᠋ᠠᠯᠠᠬᠤ ᠵᠢ ᠰᠠᠨᠠᠭ᠋ᠠᠴᠢᠯᠠᠬᠤ ᠵᠢᠨ ᠬᠠᠮᠲᠤ ᠰᠤᠷᠭ᠋ᠠᠭᠤᠯᠢ ᠪᠠᠶ᠋ᠢᠭᠤᠯᠬᠤ ᠪᠤᠳᠤᠯ᠎ᠲᠠᠢ ᠪᠠᠢ᠌ᠭᠰᠠᠨ ᠪᠣᠯᠪᠠᠴᠤ ᠨᠣᠶᠠᠳ ᠲᠦᠰᠢᠮᠡᠳ᠎ᠨᠢ ᠮᠣᠩᠭᠣᠯ ᠬᠢᠲᠠᠳ᠎ᠤᠨ ᠬᠠᠷᠢᠴᠠᠭ᠎ᠠ ᠵᠢ ᠰᠢᠢ᠍ᠳᠪᠦᠷᠢᠯᠡᠬᠦ᠂ ᠡᠷᠬᠡ ᠵᠢ ᠲᠡᠮᠡᠴᠡᠨ ᠣᠯᠬᠤ ᠶᠠᠪᠤᠳᠠᠯ᠎ᠢ ᠲᠡᠷᠢᠭᠦᠨ ᠴᠢᠬᠤᠯᠠ ᠡᠭᠦᠷᠭᠡ᠎ᠪᠠᠨ ᠪᠣᠯᠭ᠋ᠠᠬᠤ ᠵᠢ ᠪᠠᠷᠢᠮᠲᠠᠯᠠᠵᠤ ᠪᠠᠢ᠌ᠪᠠ᠃ ᠬᠣᠶᠠᠷ ᠲᠠᠯ᠎ᠠ᠎ᠪᠠᠷ ᠵᠶ᠋ᠠᠨ ᠥᠪᠡᠷ ᠥᠪᠡᠷ᠎ᠤᠨ ᠦᠵᠡᠯᠲᠡ᠎ᠪᠠᠨ ᠪᠠᠷᠢᠮᠲᠠᠯᠠᠵᠤ᠂ ᠬᠥᠰᠢᠭᠦᠨ ᠪᠠᠢ᠌ᠳᠠᠯ᠎ᠳᠤ ᠣᠷᠣᠪᠠ᠃ ᠬᠥᠩ ᠸᠠᠩ ᠠᠷᠭ᠎ᠠ ᠪᠤᠰᠤ ᠤᠷᠢᠳ ᠵᠶ᠋ᠠᠷ ᠵᠢᠷᠤᠮ᠎ᠤᠨ ᠰᠤᠷᠭ᠋ᠠᠭᠤᠯᠢ ᠪᠠᠢ᠌ᠭᠤᠯᠵᠤ᠂ ᠢᠵᠠᠭᠤᠷᠲᠠᠨ᠎ᠤ ᠦᠷ᠎ᠡ ᠬᠡᠦᠬᠡᠳ᠎ᠢ ᠵᠢᠭ᠋ᠠᠨ ᠰᠤᠷᠭ᠋ᠠᠵᠤ᠂  ᠲᠣᠬᠢᠶᠠᠯ ᠬᠦᠯᠢᠶᠡᠬᠦ᠎ᠪᠠᠷ ᠪᠣᠯᠪᠠ᠃ ᠪᠠᠳᠠᠷᠠᠭᠤᠯᠲᠤ ᠲᠥᠷᠥ ᠵᠢᠨ ᠬᠣᠷᠢᠨ ᠨᠠᠢ᠍ᠮᠠᠳᠤᠭ᠋ᠠᠷ ᠣᠨ (1902 ᠣᠨ)᠎ᠤ ᠰᠡᠭᠦᠯᠴᠢ᠎ᠪᠠᠷ ᠬᠥᠩ ᠸᠠᠩ ᠳᠠᠷᠤᠯᠲᠠ ᠵᠢ ᠲᠤᠯᠵᠤ᠂ ᠸᠠᠩ᠎ᠤᠨ ᠣᠷᠳᠣᠨ᠎ᠤ ᠪᠠᠷᠠᠭᠤᠨ ᠬᠦᠷᠢᠶᠡᠨ᠎ᠳᠤ ᠲᠦᠪ᠎ᠢ ᠡᠷᠬᠢᠮᠯᠡᠬᠦ ᠲᠠᠩᠬᠢᠮ᠎ᠢ ᠡᠭᠦᠰᠬᠡᠨ ᠪᠠᠢ᠌ᠭᠤᠯᠵᠤ᠂ ᠥᠪᠡᠷ᠎ᠤᠨ ᠪᠡᠶ᠎ᠡ᠎ᠪᠠᠷ ᠵᠶ᠋ᠡᠨ ᠰᠤᠷᠭ᠋ᠠᠭᠤᠯᠢ ᠵᠢᠨ ᠵᠠᠬᠢᠷᠤᠯ᠎ᠤᠨ ᠲᠤᠰᠢᠶᠠᠯ᠎ᠢ ᠬᠠᠷᠢᠭᠤᠴᠠᠵᠠᠢ᠃
      ᠡᠨᠡ ᠪᠣᠯ ᠭᠦᠩ ᠸᠠᠩ᠎ᠤᠨ ᠲᠦᠪ᠎ᠢ ᠡᠷᠬᠢᠮᠯᠡᠬᠦ ᠲᠠᠩᠬᠢᠮ᠎ᠢ ᠡᠷᠬᠢᠯᠡᠬᠦ ᠵᠢᠨ ᠲᠥᠯᠥᠭᠡ ᠵᠣᠬᠢᠶᠠᠨ ᠪᠦᠲᠦᠭᠡᠭᠰᠡᠨ ᠳᠤᠯᠤᠭ᠋ᠠᠨ ᠦᠰᠦᠭᠳᠦ ᠰᠢᠯᠦᠭ ᠪᠣᠯᠣᠨ᠎ᠠ᠂ ᠡᠭᠦᠨ᠎ᠳᠤ ᠡᠯ᠎ᠡ ᠦᠨᠳᠦᠰᠦᠲᠡᠨ᠎ᠤ ᠰᠤᠷᠤᠭᠴᠢᠳ᠎ᠲᠤ ᠲᠠᠯᠪᠢᠭᠰᠠᠨ ᠴᠢᠩ ᠰᠡᠳᠬᠢᠯ᠎ᠤᠨ ᠬᠦᠰᠡᠯ ᠡᠷᠡᠮᠡᠯᠵᠡᠯ ᠪᠤᠢ᠃   
       ᠲᠦᠷᠦ ᠬᠦᠷᠦᠨ ᠰᠢᠨᠡᠴᠢᠯᠡᠬᠦ ᠵᠢ ᠵᠤᠷᠢᠨ ᠵᠠᠭᠤᠨ ᠵᠦᠢ᠍ᠯ ᠵᠶ᠋ᠡᠷ ᠴᠢᠷᠮᠠᠢ᠌ᠬᠤᠶ᠎ᠠ᠂
       ᠬᠢᠵᠠᠭ᠋ᠠᠷ ᠬᠤᠰᠢᠭᠤ ᠡᠭᠡᠨᠡᠭᠲᠡ ᠮᠦᠨ ᠤᠬᠠᠭ᠋ᠠᠨ ᠭᠡᠭᠡᠷᠡᠬᠦᠢ ᠵᠢ ᠵᠤᠷᠢᠨᠠᠮ᠃
      ᠲᠦᠪ᠎ᠢ ᠡᠷᠬᠢᠮᠯᠡᠬᠦ ᠢᠨᠦ ᠤᠷᠢᠳᠠᠬᠢᠨ ᠲᠠᠨ᠎ᠤ ᠤᠯᠠᠨ᠎ᠠᠴᠠ ᠡᠬᠢᠯᠡᠬᠦᠶ᠎ᠡ᠂ 
       ᠡᠷᠳᠡᠮ ᠴᠢᠳᠠᠯ ᠵᠶ᠋ᠠᠨ ᠡᠬᠦᠰᠭᠡᠨ ᠬᠦᠭᠵᠢᠬᠦᠯᠵᠦ ᠪᠢᠴᠢᠭᠳᠡᠨ᠎ᠢ ᠡᠰᠡ ᠭᠤᠮᠤᠳᠠᠭ᠋ᠠᠮᠤᠢ᠃
       ᠤᠳᠤ ᠴᠠᠭ᠎ᠤᠨ ᠡᠷᠡᠮᠡᠭᠡᠢ ᠵᠤᠷᠢᠭᠳᠠᠨ᠎ᠢ ᠰᠡᠳᠬᠢᠯ ᠪᠠᠬᠠᠳᠤᠨ ᠬᠠᠷᠠᠬᠤᠶ᠎ᠠ᠂
       ᠢᠷᠡᠬᠦ ᠤᠨ᠎ᠳᠤ ᠲᠦᠰᠢᠭ ᠪᠤᠯᠬᠤ ᠵᠢ ᠮᠢᠨᠦ ᠪᠡᠶ᠎ᠡ ᠬᠦᠰᠡᠮᠵᠢᠯᠡᠨᠡᠮ᠃
       ᠬᠢᠵᠠᠭ᠋ᠠᠯᠠᠰᠢ ᠦᠭᠡᠢ ᠡᠷᠡᠯᠭᠡᠭ ᠰᠠᠨᠠᠭ᠋ᠠᠨ᠎ᠳᠤᠷ ᠰᠦᠯᠳᠡ ᠬᠦᠴᠦ ᠬᠦᠪᠴᠢᠯᠡᠷᠦᠨ᠂
       ᠬᠡᠮᠵᠢᠶᠡᠯᠡᠰᠢ ᠦᠭᠡᠢ ᠵᠤᠷᠢᠭ ᠰᠦᠰᠦᠭᠳᠡᠨ ᠬᠦᠷᠦᠰᠢ ᠬᠦᠷᠦᠨ᠎ᠳᠤᠷ ᠮᠦᠴᠡᠷᠬᠡᠮᠦᠢ᠃
       ᠰᠤᠷᠭ᠋ᠠᠨ ᠬᠥᠮᠦᠵᠢᠯ᠎ᠢ ᠬᠦᠭᠵᠢᠭᠦᠯᠬᠦ᠎ᠪᠠᠷ ᠠᠷᠠᠳ᠎ᠤᠨ ᠤᠶᠤᠨ ᠤᠬᠠᠭ᠋ᠠᠨ᠎ᠢ ᠰᠡᠩᠬᠡᠷᠡᠭᠦᠯᠬᠦ ᠪᠣᠯ ᠭᠦᠩ ᠸᠠᠩ᠎ᠤᠨ ᠬᠠᠮᠤᠭ᠎ᠤᠨ ᠶᠡᠬᠡ ᠬᠦᠰᠡᠯ ᠡᠷᠡᠮᠡᠯᠵᠡᠯ ᠮᠥᠨ᠃ ᠰᠤᠷᠭ᠋ᠠᠭᠤᠯᠢ᠎ᠨᠢ ᠶᠠᠮᠠᠷ ᠴᠤ᠌ ᠰᠦᠢ᠍ᠳᠬᠡᠯ ᠬᠤᠷᠢᠶᠠᠬᠤ ᠦᠭᠡᠢ᠂ ᠡᠷᠡᠭᠲᠡᠢ ᠡᠮᠡᠭᠲᠡᠢ ᠭᠡᠵᠦ ᠢᠯᠭ᠋ᠠᠯ ᠦᠭᠡᠢ ᠡᠯᠰᠡᠵᠦ᠂ ᠡᠯ᠎ᠡ ᠦᠨᠳᠦᠰᠦᠲᠡᠨ᠎ᠤ ᠰᠤᠷᠤᠭᠴᠢᠳ ᠬᠤᠯᠢᠯᠳᠦᠨ ᠰᠤᠷᠤᠯᠴᠠᠵᠤ᠂ ᠢᠵᠠᠭᠤᠷᠲᠠᠨ ᠪᠠ ᠡᠭᠡᠯ ᠠᠷᠠᠳ ᠪᠦᠷ ᠡᠷᠭᠡ ᠲᠡᠭᠰᠢ ᠪᠠᠢ᠌ᠪᠠ᠃ ᠰᠣᠷᠣᠭᠴᠢ ᠡᠯᠰᠡᠬᠦ ᠵᠢ ᠥᠷᠭᠡᠳᠬᠡᠬᠦ ᠵᠢᠨ ᠲᠥᠯᠥᠭᠡ᠂ ᠴᠢᠨᠠᠭᠰᠢᠯᠠᠪᠠᠯ ᠬᠡᠦᠬᠡᠳ ᠵᠶ᠋ᠠᠨ ᠰᠤᠷᠭ᠋ᠠᠭᠤᠯᠢ᠎ᠳᠤ ᠣᠷᠣᠭᠤᠯᠤᠭᠰᠠᠨ ᠭᠡᠷ ᠪᠦᠯᠢ ᠵᠢᠨ ᠭᠠᠢ᠌ᠯᠢ ᠲᠠᠲᠠᠪᠤᠷᠢ ᠵᠢ ᠬᠥᠩᠭᠡᠯᠡᠵᠦ ᠭᠡᠯᠳᠦᠷᠢᠬᠦᠯᠪᠡ᠃ ᠪᠠᠭᠰᠢ ᠵᠢᠨ ᠡᠩᠨᠡᠭᠡᠨ᠎ᠤ ᠪᠠᠢ᠌ᠭᠤᠯᠤᠯᠲᠠ ᠵᠢᠨ ᠲᠠᠯ᠎ᠠ᠎ᠪᠠᠷ ᠭᠦᠩ ᠸᠠᠩ ᠮᠦᠩᠬᠦ ᠵᠤᠭᠤᠰ ᠬᠠᠢ᠌ᠷᠠᠯᠠᠯ ᠦᠭᠡᠢ᠎ᠪᠠᠷ ᠡᠷᠳᠡᠮᠲᠡᠨ ᠮᠡᠷᠭᠡᠳ᠎ᠢ ᠡᠯᠰᠡᠵᠦ᠂ ᠴᠢᠳᠠᠪᠤᠷᠢᠲᠠᠨ᠎ᠢ ᠥᠷᠭᠡᠨ ᠵᠶ᠋ᠡᠷ ᠤᠷᠢᠵᠤ᠂ ᠵᠢᠶᠠᠩᠨᠠᠨ᠎ᠤ ᠨᠡᠷᠡᠲᠦ ᠬᠥᠮᠥᠰ᠎ᠢ ᠤᠷᠢᠵᠤ ᠪᠠᠭᠰᠢᠯᠠᠭᠤᠯᠪᠠ᠃ ᠬᠢᠴᠢᠶᠡᠯ᠎ᠤᠨ ᠲᠣᠬᠢᠷᠠᠭᠤᠯᠤᠯᠲᠠ ᠵᠢᠨ ᠲᠠᠯ᠎ᠠ᠎ᠪᠠᠷ ᠮᠣᠩᠭᠣᠯ ᠬᠢᠲᠠᠳ ᠬᠡᠯᠡᠨ᠎ᠤ 《ᠭᠤᠷᠪᠠᠨ ᠦᠰᠦᠭᠲᠦ ᠨᠣᠮ》᠂ 《ᠮᠢᠩᠭ᠋ᠠᠨ ᠦᠰᠦᠭᠳᠦ ᠨᠣᠮ》᠂ 《ᠲᠦᠷᠪᠡᠨ ᠪᠢᠴᠢᠭ》᠂ 《ᠲᠠᠪᠤᠨ ᠨᠣᠮ》᠎ᠠᠴᠠ ᠭᠠᠳᠠᠨ᠎ᠠ ᠪᠠᠰᠠ ᠲᠣᠭ᠎ᠠ ᠪᠣᠳᠣᠯᠭ᠎ᠠ᠂ ᠰᠢᠨᠵᠢᠯᠡᠬᠦ ᠤᠬᠠᠭ᠋ᠠᠨ᠂ ᠤᠷᠠᠨ ᠪᠢᠴᠢᠯᠭᠡ᠂ ᠤᠷᠠᠨ ᠵᠢᠷᠤᠭ᠂ ᠳᠠᠭᠤᠤ ᠬᠥᠭᠵᠢᠮ᠂ ᠪᠡᠶ᠎ᠡ ᠲᠠᠮᠢᠷ ᠵᠡᠷᠭᠡ ᠬᠢᠴᠢᠶᠡᠯ᠎ᠢ ᠲᠣᠬᠢᠷᠠᠭᠤᠯᠵᠠᠢ᠃ 
      ᠲᠦᠪ᠎ᠢ ᠡᠷᠬᠢᠮᠯᠡᠬᠦ ᠲᠠᠩᠬᠢᠮ᠎ᠨᠢ ᠥᠪᠥᠷ ᠮᠣᠩᠭᠣᠯ ᠣᠷᠣᠨ᠎ᠳᠤ ᠣᠷᠴᠢᠨ ᠦᠶ᠎ᠡ ᠵᠢᠨ ᠰᠤᠷᠭ᠋ᠠᠨ ᠬᠥᠮᠦᠵᠢᠯ᠎ᠤᠨ ᠠᠩᠬᠠᠨ᠎ᠤ ᠬᠦᠰᠢᠭᠡ ᠵᠢ ᠰᠡᠬᠦᠵᠦ᠂ ᠬᠢᠯᠢ ᠬᠢᠵᠠᠭ᠋ᠠᠷ᠎ᠤᠨ ᠦᠨᠳᠦᠰᠦᠲᠡᠨ᠎ᠤ ᠣᠷᠣᠨ᠎ᠤ ᠰᠣᠶᠣᠯ ᠰᠤᠷᠭ᠋ᠠᠨ ᠬᠥᠮᠦᠵᠢᠯ᠎ᠤᠨ ᠦᠢ᠍ᠯᠡᠰ᠎ᠤᠨ ᠬᠥᠭᠵᠢᠯᠲᠡ᠎ᠳᠤ ᠮᠠᠰᠢ ᠰᠠᠢ᠌ᠨ ᠵᠢᠱ᠌ᠢᠶ᠎ᠡ ᠦᠵᠡᠭᠦᠯᠪᠡ᠃ ᠰᠤᠷᠭ᠋ᠠᠭᠤᠯᠢ᠎ᠨᠢ ᠣᠷᠴᠢᠨ ᠦᠶ᠎ᠡ ᠵᠢᠨ ᠥᠪᠥᠷ ᠮᠣᠩᠭᠣᠯ᠎ᠤᠨ ᠤᠯᠤᠰ ᠲᠦᠷᠦ᠂ ᠰᠣᠶᠣᠯ᠂ ᠡᠮ ᠡᠮᠨᠡᠯᠭᠡ᠂ ᠴᠡᠷᠢᠭ᠎ᠤᠨ ᠶᠠᠪᠤᠳᠠᠯ ᠵᠡᠷᠭᠡ ᠴᠠᠷᠠᠭ᠎ᠠ ᠬᠦᠷᠢᠶᠡᠨ᠎ᠳᠤ ᠶᠡᠬᠡ ᠬᠡᠮᠵᠢᠶᠡᠨ᠎ᠤ ᠴᠢᠳᠠᠪᠤᠷᠢᠲᠠᠨ᠎ᠢ ᠬᠦᠮᠦᠵᠢᠬᠦᠯᠦᠭᠰᠡᠨ ᠵᠶ᠋ᠡᠷ ᠪᠠᠷᠠᠬᠤ ᠦᠭᠡᠢ ᠪᠠᠰᠠ ᠳᠣᠲᠣᠷ᠎ᠠ ᠭᠠᠵᠠᠷ᠎ᠲᠤ ᠶᠡᠬᠡ ᠬᠡᠮᠵᠢᠶᠡᠨ᠎ᠤ ᠰᠢᠯᠢᠳᠡᠭ ᠲᠡᠭᠦᠰᠦᠭᠰᠡᠨ ᠰᠤᠷᠤᠭᠴᠢᠳ᠎ᠢ ᠬᠦᠷᠭᠡᠭᠰᠡᠨ ᠪᠠᠢ᠌ᠨ᠎ᠠ᠃ ᠳᠣᠲᠣᠭ᠋ᠠᠳᠤ ᠵᠢᠨ ᠵᠣᠪᠠᠯᠠᠩ ᠭᠠᠳᠠᠭ᠋ᠠᠳᠤ ᠵᠢᠨ ᠠᠶᠤᠯ᠎ᠳᠤ ᠲᠤᠯᠭ᠋ᠠᠷᠠᠭᠰᠠᠨ ᠪᠠᠳᠠᠷᠠᠭᠤᠯᠲᠤ ᠲᠥᠷᠥ ᠬᠠᠭ᠋ᠠᠨ ᠡᠨᠡ ᠬᠦ᠌  ᠡᠷᠡᠰ ᠵᠣᠷᠢᠭ᠎ᠲᠠᠢ ᠬᠤᠪᠢᠰᠤᠯᠲᠠ ᠵᠢ ᠶᠡᠬᠡ᠎ᠪᠠᠷ ᠮᠠᠭᠲᠠᠨ ᠰᠠᠢ᠌ᠰᠢᠶᠠᠵᠤ᠂ ᠪᠠᠳᠠᠷᠠᠭᠤᠯᠲᠤ ᠲᠥᠷᠥ ᠵᠢᠨ ᠭᠤᠴᠢᠨ ᠬᠣᠶᠠᠳᠤᠭ᠋ᠠᠷ ᠣᠨ (1906 ᠣᠨ)᠎ᠳᠤ ᠬᠥᠩ ᠸᠠᠩ᠎ᠤᠨ ᠠᠷᠠᠳ᠎ᠤᠨ ᠤᠬᠠᠭ᠋ᠠᠨ᠎ᠢ ᠭᠡᠭᠡᠷᠡᠬᠦᠯᠦᠭᠰᠡᠨ ᠭᠠᠪᠢᠶ᠎ᠠ ᠵᠢ ᠬᠥᠬᠢᠭᠦᠯᠦᠨ ᠰᠠᠢ᠌ᠰᠢᠶᠠᠬᠤ  ᠵᠢᠨ ᠲᠥᠯᠥᠭᠡ 《ᠮᠤᠩᠭᠤᠯ ᠬᠢᠵᠠᠭ᠋ᠠᠷ᠎ᠢ ᠭᠡᠭᠡᠷᠡᠬᠦᠯᠦᠭᠰᠡᠨ》 ᠭᠡᠰᠡᠨ ᠢᠯᠡᠷᠭᠡᠢ᠌ᠯᠡᠯ᠎ᠢ ᠱᠠᠩᠨᠠᠵᠠᠢ᠃ 
       ᠪᠢᠴᠢᠭ ᠴᠡᠷᠢᠭ᠎ᠤᠨ ᠡᠷᠳᠡᠮ᠎ᠢ ᠬᠤᠤᠰᠯᠠᠭᠤᠯᠵᠦ ᠡᠷᠡᠭᠲᠡᠢ ᠡᠮᠡᠭᠲᠡᠢ ᠡᠷᠬᠡ ᠲᠡᠭᠰᠢ ᠪᠠᠢ᠌ᠬᠤ ᠵᠢ ᠡᠷᠬᠢᠮᠯᠡᠪᠡ
       ᠲᠦᠪ ᠶᠤᠰᠤ ᠴᠢᠭᠴᠢ ᠰᠤᠷᠳᠠᠯ᠎ᠢ ᠪᠡᠶ᠎ᠡ ᠴᠡᠭᠡᠵᠢᠨ᠎ᠳᠤ᠎ᠪᠠᠨ ᠠᠬᠤᠭᠤᠯᠵᠤ᠂ ᠡᠷᠬᠢᠮ ᠪᠤᠳᠤᠯ ᠡᠷᠡᠯᠭᠡᠭ ᠵᠤᠷᠢᠭ ᠵᠶ᠋ᠠᠷ ᠡᠩ ᠶᠢᠷᠳᠢᠨᠴᠦ ᠵᠢ ᠦᠭᠡᠷᠡᠴᠢᠯᠡᠰᠦᠬᠦᠢ᠃      

      ᠡᠨᠡ ᠪᠣᠯ ᠭᠦᠩ ᠸᠠᠩ᠎ᠤᠨ ᠲᠦᠪ᠎ᠢ ᠡᠷᠬᠢᠮᠯᠡᠬᠦ ᠲᠠᠩᠬᠢᠮ᠎ᠤᠨ ᠬᠢᠴᠢᠶᠡᠯ ᠡᠬᠢᠯᠡᠬᠦ ᠶᠣᠰᠣᠯᠠᠯ ᠳᠡᠭᠡᠷ᠎ᠡ ᠪᠢᠴᠢᠭᠰᠡᠨ ᠬᠣᠣᠰ ᠤᠶᠠᠩᠭ᠎ᠠ ᠪᠣᠯᠣᠨ᠎ᠠ᠃ ᠰᠤᠷᠤᠭᠴᠢᠳ ᠵᠢᠴᠢ ᠰᠤᠷᠭ᠋ᠠᠨ ᠬᠥᠮᠦᠵᠢᠯ᠎ᠤᠨ ᠦᠢ᠍ᠯᠡᠰ᠎ᠲᠤ ᠲᠠᠯᠪᠢᠭᠰᠠᠨ ᠲᠡᠭᠦᠨ᠎ᠤ ᠬᠢᠵᠠᠭ᠋ᠠᠯᠠᠰᠢ ᠦᠭᠡᠢ ᠬᠦᠰᠡᠯ ᠡᠷᠡᠮᠡᠯᠵᠡᠯ᠎ᠨᠢ ᠥᠭᠡᠷᠡᠴᠢᠯᠡᠯᠲᠡ ᠬᠢᠵᠦ ᠰᠤᠷᠭ᠋ᠠᠭᠤᠯᠢ ᠡᠷᠬᠢᠯᠡᠬᠦ ᠶᠠᠪᠤᠴᠠ᠎ᠳᠤ ᠭᠦᠢ᠍ᠴᠡᠳ ᠪᠡᠶᠡᠯᠡᠯᠳᠡ᠎ᠪᠠᠨ ᠣᠯᠣᠭᠰᠠᠨ ᠪᠠᠢ᠌ᠨ᠎ᠠ᠃ ᠳᠤᠮᠳᠠᠳᠤ ᠵᠢᠨ ᠦᠨᠳᠦᠰᠦᠲᠡᠨ ᠵᠡᠪᠰᠡᠭ᠎ᠤᠨ ᠡᠷᠳᠡᠮ᠎ᠢ ᠡᠷᠬᠢᠮᠯᠡᠬᠦ ᠤᠳᠤᠮᠰᠢᠯ᠎ᠲᠠᠢ᠂ ᠨᠡᠬᠦᠳᠡᠯᠴᠢᠨ ᠦᠨᠳᠦᠰᠦᠲᠡᠨ᠎ᠤ ᠭᠠᠷᠤᠯ᠎ᠲᠠᠢ ᠭᠦᠩ ᠸᠠᠩ ᠴᠡᠷᠢᠭ᠎ᠤᠨ ᠪᠡᠯᠡᠳᠬᠡᠯ᠎ᠢ ᠨᠡᠩ ᠴᠢᠬᠤᠯᠠᠴᠢᠯᠠᠳᠠᠭ᠃ ᠨᠠᠢ᠍ᠮᠠᠨ ᠤᠯᠤᠰ᠎ᠤᠨ ᠬᠣᠯᠪᠣᠭ᠋ᠠᠲᠤ ᠴᠡᠷᠢᠭ ᠳᠤᠮᠳᠠᠳᠤ ᠤᠯᠤᠰ᠎ᠢ ᠲᠦᠷᠢᠮᠡᠬᠡᠢ᠌ᠯᠡᠭᠰᠡᠨ᠎ᠤ ᠳᠠᠷᠠᠭ᠎ᠠ᠂ ᠬᠥᠩ ᠸᠠᠩ ᠢᠳᠡᠪᠬᠢᠲᠡᠢ᠎ᠪᠠᠷ ᠤᠷᠢᠶᠠᠯᠠᠭ᠎ᠠ ᠵᠢ ᠴᠤᠤᠷᠢᠶᠠᠲᠤᠨ ᠳᠠᠭ᠋ᠠᠵᠤ᠂ ᠵᠠᠯᠠᠭᠤ ᠢᠳᠡᠷᠴᠦᠳ᠎ᠢ ᠰᠣᠩᠭᠣᠨ ᠸᠠᠩ᠎ᠤᠨ ᠣᠷᠳᠣᠨ᠎ᠤ ᠰᠡᠷᠭᠡᠢ᠌ᠯᠡᠨ ᠬᠠᠮᠠᠭ᠋ᠠᠯᠠᠬᠤ ᠠᠩᠭᠢ᠎ᠲᠠᠢ ᠬᠠᠮᠲᠤ ᠰᠢᠨ᠎ᠡ ᠮᠠᠶᠢᠭ᠎ᠤᠨ ᠴᠡᠷᠢᠭ ᠠᠩᠭᠢ ᠪᠣᠯᠭ᠋ᠠᠨ ᠴᠡᠭᠴᠡᠯᠡᠨ ᠪᠠᠢ᠌ᠭᠤᠯᠵᠤ᠂ ᠪᠦᠦ ᠳ᠋ᠢᠩ᠎ᠤᠨ ᠴᠡᠷᠢᠭ᠎ᠤᠨ ᠪᠡᠯᠡᠳᠬᠡᠯ᠎ᠤᠨ ᠰᠤᠷᠭ᠋ᠠᠭᠤᠯᠢ᠎ᠠᠴᠠ ᠲᠡᠭᠦᠰᠦᠭᠰᠡᠨ ᠵᠧᠦ ᠴᠦᠨ ᠹᠠᠩ᠎ᠢ ᠪᠠᠭᠰᠢ᠎ᠪᠠᠷ ᠤᠷᠢᠵᠤ᠂ ᠤᠮᠠᠷᠠᠲᠤ ᠵᠢᠨ ᠰᠢᠨ᠎ᠡ ᠴᠡᠷᠢᠭ᠎ᠤᠨ ᠪᠠᠷᠢᠮᠵᠢᠶ᠎ᠠ᠎ᠪᠠᠷ ᠪᠣᠯᠪᠠᠰᠤᠷᠠᠯ ᠬᠢᠯᠭᠡᠵᠡᠢ᠃ ᠲᠦᠪ᠎ᠢ ᠡᠷᠬᠢᠮᠯᠡᠬᠦ ᠲᠠᠩᠬᠢᠮ ᠪᠠᠢ᠌ᠭᠤᠯᠤᠭᠳᠠᠭᠰᠠᠨ᠎ᠤ ᠳᠠᠷᠠᠭ᠎ᠠ᠂ ᠭᠦᠩ ᠸᠠᠩ ᠬᠤᠪᠢ ᠬᠥᠮᠥᠨ᠎ᠤ ᠨᠡᠷ᠎ᠡ᠎ᠪᠠᠷ ᠶᠠᠫᠤᠨ᠎ᠳᠤ ᠬᠦᠷᠴᠦ ᠮᠸᠢᠢ᠍ᠵᠢ ᠵᠢᠨ ᠰᠢᠨᠡᠴᠢᠯᠡᠯᠲᠡ ᠵᠢᠨ ᠦᠷ᠎ᠡ ᠪᠦᠲᠦᠭᠡᠯ᠎ᠢ ᠪᠠᠢ᠌ᠴᠠᠭ᠋ᠠᠪᠠ᠃ ᠤᠯᠤᠰ᠎ᠲᠤ᠎ᠪᠠᠨ ᠪᠤᠴᠠᠭᠰᠠᠨ᠎ᠤ ᠳᠠᠷᠠᠭ᠎ᠠ ᠬᠥᠩ ᠸᠠᠩ ᠳᠠᠷᠤᠢ ᠲᠦᠪ᠎ᠢ ᠰᠠᠬᠢᠬᠤ ᠲᠠᠩᠬᠢᠮ᠎ᠢ ᠡᠭᠦᠰᠬᠡᠨ ᠪᠠᠢ᠌ᠭᠤᠯᠵᠤ᠂ 30 ᠬᠥᠮᠥᠨ᠎ᠢ ᠰᠣᠩᠭᠣᠨ ᠰᠤᠷᠤᠯᠴᠠᠭᠤᠯᠵᠠᠢ᠃ ᠰᠤᠷᠭ᠋ᠠᠭᠤᠯᠢ ᠡᠷᠬᠢᠯᠡᠭᠰᠡᠨ ᠦᠷ᠎ᠡ ᠪᠦᠲᠦᠭᠡᠯ ᠵᠶ᠋ᠡᠨ ᠤᠯᠠᠮ ᠨᠢᠭᠡ ᠠᠯᠬᠤᠮ ᠳᠡᠭᠡᠭᠰᠢᠯᠡᠭᠦᠯᠬᠦ ᠵᠢᠨ ᠲᠥᠯᠥᠭᠡ᠂ ᠬᠥᠩ ᠸᠠᠩ ᠤᠷᠢᠳ ᠬᠣᠵᠢᠳ ᠣᠯᠠᠨ ᠰᠢᠯᠢᠳᠡᠭ ᠲᠡᠭᠦᠰᠦᠭᠰᠡᠨ ᠰᠣᠷᠣᠭᠴᠢ ᠵᠢ ᠪᠡᠭᠡᠵᠢᠩ᠂ ᠪᠤᠤ ᠳ᠋ᠢᠩ ᠵᠢᠴᠢ ᠶᠠᠫᠤᠨ᠎ᠳᠤ ᠲᠣᠮᠢᠯᠠᠨ ᠰᠤᠷᠤᠯᠴᠠᠭᠤᠯᠪᠠ᠃ 
      ᠡᠷᠲᠡᠨ᠎ᠤ ᠬᠥᠮᠥᠰ 《ᠡᠮᠡᠭᠲᠡᠢ ᠬᠥᠮᠥᠨ ᠠᠪᠢᠶᠠᠰ ᠴᠢᠳᠠᠪᠤᠷᠢ ᠦᠭᠡᠢ ᠵᠢᠨ ᠲᠤᠯᠠᠲᠠ ᠶᠤᠰᠤᠷᠬᠠᠭ》 ᠬᠡᠮᠡᠨ ᠦᠵᠡᠵᠦ᠂ ᠡᠮᠡᠭᠲᠡᠢ᠌ᠴᠦᠳ᠎ᠤᠨ ᠰᠤᠷᠭ᠋ᠠᠨ ᠬᠥᠮᠦᠵᠢᠯ᠎ᠢ ᠬᠦᠨᠳᠦᠳᠬᠡᠳᠡᠭ ᠦᠭᠡᠢ ᠪᠠᠢ᠌ᠯ᠎ᠠ᠃ ᠬᠥᠩ ᠸᠠᠩ ᠡᠮᠡᠭᠲᠡᠢ᠌ᠴᠦᠳ᠎ᠤᠨ ᠪᠠᠢ᠌ᠷᠢ ᠰᠠᠭᠤᠷᠢ ᠵᠢ ᠳᠡᠭᠡᠭᠰᠢᠯᠡᠭᠦᠯᠬᠦ ᠪᠣᠯ ᠦᠨᠳᠦᠰᠦᠲᠡᠨ ᠵᠶ᠋ᠡᠨ ᠬᠥᠭᠵᠢᠭᠦᠯᠦᠨ ᠮᠠᠨᠳᠤᠭᠤᠯᠬᠤ ᠵᠢᠨ ᠵᠠᠩᠭᠢᠯᠠᠭ᠎ᠠ ᠵᠢᠨ ᠨᠢᠭᠡ ᠪᠤᠯᠤᠨ᠎ᠠ ᠭᠡᠳᠡᠭ᠎ᠢ ᠭᠦᠨᠵᠡᠭᠡᠢ ᠲᠠᠨᠢᠵᠤ᠂ ᠬᠡᠷᠡᠭᠵᠢᠭᠦᠯᠦᠭᠰᠡᠨ ᠰᠢᠨ᠎ᠡ ᠲᠥᠷᠥ ᠵᠢᠨ ᠪᠣᠳᠣᠯᠭ᠎ᠠ᠎ᠳᠤ ᠬᠥᠯ ᠣᠷᠢᠶᠠᠬᠤ ᠵᠢ ᠴᠠᠭ᠋ᠠᠵᠠᠯᠠᠬᠤ᠂ ᠡᠮᠡᠭᠲᠡᠢ ᠴᠢᠳᠠᠪᠤᠷᠢᠳᠠᠨ᠎ᠢ ᠬᠦᠨᠳᠦ᠎ᠪᠠᠷ ᠬᠡᠷᠡᠭᠯᠡᠬᠦ ᠵᠡᠷᠭᠡ ᠠᠷᠭ᠎ᠠ ᠬᠡᠮᠵᠢᠶ᠎ᠡ ᠵᠢ ᠪᠠᠭᠲᠠᠭ᠋ᠠᠵᠤ᠂ ᠪᠠᠰᠠ ᠨᠢᠯᠬ᠎ᠠ ᠬᠡᠦᠬᠡᠳ ᠪᠤᠢ᠌ᠵᠢᠭᠤᠯᠬᠤ ᠲᠠᠩᠬᠢᠮ ᠪᠠᠢ᠌ᠭᠤᠯᠵᠦ ᠭᠣᠯᠣᠭᠳᠠᠭᠰᠠᠨ ᠨᠢᠯᠬ᠎ᠠ ᠬᠡᠦᠬᠡᠳ᠎ᠢ ᠡᠷᠭᠦᠨ ᠲᠡᠵᠢᠭᠡᠵᠦ᠂ ᠪᠥᠰ ᠨᠡᠬᠡᠬᠦ ᠦᠢ᠍ᠯᠡᠳᠪᠦᠷᠢ ᠪᠠᠢ᠌ᠭᠤᠯᠵᠦ ᠡᠮᠡᠭᠲᠡᠢ᠌ᠴᠦᠳ᠎ᠲᠤ ᠠᠵᠢᠯ᠎ᠤᠨ ᠪᠠᠢ᠌ᠷᠢ ᠬᠠᠩᠭ᠋ᠠᠭᠰᠠᠨ ᠪᠠᠢ᠌ᠨ᠎ᠠ᠃
      ᠡᠮᠡᠭᠲᠡᠢ᠌ᠴᠦᠳ᠎ᠢ ᠡᠢ᠌ᠮᠦᠷᠬᠦᠤ ᠦᠵᠡᠯ ᠰᠠᠨᠠᠭ᠎ᠠ᠎ᠪᠠᠷ ᠬᠦᠯᠢᠶᠡᠰᠦᠯᠡᠭᠰᠡᠨ ᠪᠡᠬᠢᠯᠡᠯᠲᠡ ᠵᠢ ᠤᠯᠠᠮ ᠨᠢᠭᠡ ᠠᠯᠬᠤᠮ ᠡᠪᠳᠡᠬᠦ ᠵᠢᠨ ᠲᠥᠯᠥᠭᠡ᠂ ᠪᠠᠳᠠᠷᠠᠭᠤᠯᠲᠤ ᠲᠦᠷᠦ ᠵᠢᠨ ᠬᠣᠷᠢ ᠶᠢᠰᠦᠳᠦᠭᠡᠷ ᠣᠨ (1903 ᠣᠨ)᠎ᠤ ᠠᠷᠪᠠᠨ ᠬᠣᠶᠠᠳᠤᠭ᠋ᠠᠷ ᠰᠠᠷ᠎ᠠ᠎ᠳᠤ ᠬᠥᠩ ᠸᠠᠩ ᠸᠠᠩ᠎ᠤᠨ ᠣᠷᠳᠣᠨ᠎ᠤ ᠤᠤᠯ᠎ᠤᠨ ᠰᠢ ᠲᠣᠭᠯᠠᠭᠴᠢᠳ᠎ᠤᠨ ᠰᠠᠭᠤᠳᠠᠭ ᠪᠠᠭ᠎ᠠ ᠬᠦᠷᠢᠶᠡᠨ᠎ᠳᠤ ᠲᠦᠪ᠎ᠢ ᠬᠦᠮᠦᠵᠢᠬᠦᠯᠬᠦ ᠦᠬᠢᠳ᠎ᠤᠨ ᠪᠢᠴᠢᠭ᠎ᠤᠨ ᠲᠠᠩᠬᠢᠮ᠎ᠢ ᠪᠠᠢ᠌ᠭᠤᠯᠵᠤ᠂ ᠲᠡᠬᠦᠨ᠎ᠤ ᠹᠦᠵᠢᠨ ᠬᠠᠳᠤᠨ ᠱᠠᠨ ᠺᠦᠨ ᠥᠪᠡᠷ᠎ᠤᠨ ᠪᠡᠶ᠎ᠡ᠎ᠪᠠᠷ ᠵᠶ᠋ᠡᠨ ᠰᠤᠷᠭ᠋ᠠᠭᠤᠯᠢ ᠵᠢᠨ ᠶᠠᠪᠤᠳᠠᠯ᠎ᠢ ᠡᠷᠬᠢᠯᠡᠪᠡ᠃ ᠡᠨᠡ ᠪᠣᠯ ᠥᠪᠥᠷ ᠮᠣᠩᠭᠣᠯ ᠣᠷᠣᠨ᠎ᠤ ᠠᠩᠬᠠᠳᠠᠭᠴᠢ ᠰᠢᠨ᠎ᠡ ᠮᠠᠶᠢᠭ᠎ᠤᠨ ᠥᠬᠢᠳ᠎ᠤᠨ ᠰᠤᠷᠭ᠋ᠠᠭᠤᠯᠢ ᠪᠣᠯᠬᠤ ᠪᠥᠭᠡᠳ ᠥᠬᠢᠳ᠎ᠤᠨ ᠰᠤᠷᠭ᠋ᠠᠨ ᠬᠥᠮᠦᠵᠢᠯ᠎ᠤᠨ ᠠᠩᠬᠠᠨ᠎ᠤ ᠬᠦᠰᠢᠭᠡ ᠵᠢ ᠰᠡᠬᠦᠭᠰᠡᠨ ᠶᠠᠪᠤᠳᠠᠯ ᠪᠣᠯᠤᠨ᠎ᠠ᠃ ᠱᠠᠨ ᠺᠦᠨ ᠰᠤᠷᠭ᠋ᠠᠭᠤᠯᠢ ᠡᠬᠢᠯᠡᠬᠦ ᠶᠣᠰᠣᠯᠠᠯ ᠳᠡᠭᠡᠷ᠎ᠡ ᠡᠷᠡᠭᠲᠡᠢ ᠡᠮᠡᠭᠲᠡᠢ ᠶᠡᠷᠦ᠎ᠠᠴᠠ᠎ᠪᠠᠨ ᠡᠷᠬᠡ ᠲᠡᠭᠰᠢ᠂ ᠲᠣᠰ ᠲᠣᠰ᠎ᠤᠨ ᠬᠢᠪᠡᠰᠦ ᠵᠣᠬᠢᠬᠤ ᠠᠵᠢᠯ ᠦᠢ᠍ᠯᠡᠰ᠎ᠲᠠᠢ ᠪᠠᠢ᠌ᠵᠦ᠂ ᠡᠮᠡᠭᠲᠡᠢ ᠬᠥᠮᠥᠨ ᠰᠤᠷᠭ᠋ᠠᠨ ᠬᠥᠮᠦᠵᠢᠯ ᠠᠳᠠᠯᠢᠬᠠᠨ ᠭᠥᠷᠳᠡᠬᠦ ᠡᠷᠬᠡ᠎ᠲᠠᠢ ᠭᠡᠵᠦ ᠢᠯᠡᠳᠭᠡᠭᠰᠡᠨ ᠪᠠᠢ᠌ᠨ᠎ᠠ᠃
      ᠪᠠᠢ᠌ᠩᠭᠤ ᠵᠢᠨ ᠬᠢᠴᠢᠶᠡᠯ᠎ᠠᠴᠠ ᠭᠠᠳᠠᠨ᠎ᠠ᠂ ᠲᠦᠪ᠎ᠢ ᠬᠦᠮᠦᠵᠢᠬᠦᠯᠬᠦ ᠦᠬᠢᠳ᠎ᠤᠨ ᠪᠢᠴᠢᠭ᠎ᠤᠨ ᠲᠠᠩᠬᠢᠮ᠎ᠳᠤ ᠪᠠᠰᠠ ᠡᠷᠡᠭᠦᠯ ᠬᠠᠮᠠᠭ᠋ᠠᠯᠠᠯ᠂ ᠹᠢᠽᠢᠣᠯᠣᠭᠢ᠂ ᠬᠤᠪᠴᠠᠰᠤ ᠬᠤᠨᠠᠷ᠂ ᠬᠣᠭᠣᠯᠠ ᠵᠠᠭᠤᠰᠢ᠂ ᠬᠡᠦᠬᠡᠳ ᠪᠣᠢ᠌ᠵᠢᠭᠤᠯᠬᠤ᠂ ᠣᠶᠣᠳᠠᠯ ᠡᠰᠬᠡᠬᠦ ᠵᠡᠷᠭᠡ ᠡᠮᠡᠭᠲᠡᠢ᠌ᠴᠦᠳ᠎ᠳᠤ ᠴᠢᠭᠤᠯᠭ᠋ᠠᠨ ᠲᠣᠬᠢᠷᠠᠬᠤ ᠥᠪᠡᠷᠮᠢᠴᠡ ᠣᠨᠴᠠᠯᠢᠭ᠎ᠲᠠᠢ ᠬᠢᠴᠢᠶᠡᠯ ᠲᠣᠬᠢᠷᠠᠭᠤᠯᠤᠭᠰᠠᠨ ᠪᠠᠢ᠌ᠳᠠᠭ᠃ ᠬᠥᠩ ᠸᠠᠩ ᠥᠪᠡᠷ᠎ᠤᠨ ᠭᠡᠷ᠎ᠤᠨ ᠬᠥᠮᠥᠰ ᠵᠶ᠋ᠡᠷ ᠵᠶ᠋ᠡᠨ ᠦᠯᠢᠭᠡᠷ ᠵᠢᠱ᠌ᠢᠶ᠎ᠡ ᠪᠣᠯᠭ᠋ᠠᠵᠤ᠂ ᠥᠬᠢᠨ ᠳᠡᠭᠦᠦ ᠯᠠᠨ ᠵᠧᠨ ᠵᠶ᠋ᠡᠨ ᠲᠠᠩᠬᠢᠮ᠎ᠳᠤ ᠬᠦᠷᠭᠡᠨ ᠰᠤᠷᠤᠯᠴᠠᠭᠤᠯᠵᠤ᠂ ᠡᠭᠡᠯ ᠠᠷᠠᠳ᠎ᠤᠨ ᠬᠡᠦᠬᠡᠳ᠎ᠲᠠᠢ ᠬᠠᠮᠲᠤ ᠢᠳᠡᠵᠦ ᠬᠠᠮᠲᠤ ᠬᠣᠨᠣᠵᠤ᠂ ᠪᠠᠰᠠ ᠨᠠᠰᠤ ᠠᠬᠠᠰᠢᠷᠠᠭᠰᠠᠨ ᠬᠥᠭᠰᠢᠨ ᠡᠵᠢ᠎ᠪᠠᠨ ᠵᠠᠯᠠᠵᠤ᠂ ᠦᠰᠦᠭ ᠲᠠᠨᠢᠭᠤᠯᠵᠤ ᠰᠤᠶᠤᠯ᠎ᠤᠨ ᠪᠠᠯᠠᠢ ᠵᠢ ᠠᠷᠢᠯᠭ᠋ᠠᠬᠤ ᠬᠥᠳᠡᠯᠭᠡᠭᠡᠨ᠎ᠢ ᠲᠦᠷᠦᠭᠦᠯᠡᠨ ᠥᠷᠨᠢᠭᠦᠯᠪᠡ᠃ ᠲᠦᠪ᠎ᠢ ᠬᠦᠮᠦᠵᠢᠬᠦᠯᠬᠦ  ᠦᠬᠢᠳ᠎ᠤᠨ ᠪᠢᠴᠢᠭ᠎ᠤᠨ ᠲᠠᠩᠬᠢᠮ ᠪᠠᠰᠠ ᠤᠷᠢᠳ ᠬᠣᠵᠢᠳ ᠰᠤᠷᠤᠭᠴᠢᠳ᠎ᠢ ᠲᠣᠮᠢᠯᠠᠨ ᠱᠠᠩᠬᠠᠢ᠂ ᠶᠠᠫᠤᠨ ᠵᠡᠷᠭᠡ ᠭᠠᠵᠠᠷ ᠵᠶ᠋ᠠᠷ ᠰᠤᠷᠤᠯᠴᠠᠭᠤᠯᠵᠠᠶ᠃ ᠡᠮᠡᠭᠲᠡᠢ᠌ᠴᠦᠳ᠎ᠤᠨ ᠬᠦᠮᠦᠵᠢᠯ᠎ᠳᠤ ᠬᠥᠩ ᠸᠠᠩ᠎ᠤᠨ ᠦᠵᠡᠭᠦᠯᠦᠭᠰᠡᠨ ᠠᠤᠭ᠎ᠠ ᠶᠡᠬᠡ ᠭᠠᠪᠢᠶ᠎ᠠ ᠵᠢᠳᠬᠦᠯ᠎ᠢ ᠬᠥᠬᠢᠭᠦᠯᠦᠨ ᠰᠠᠢ᠌ᠰᠢᠶᠠᠬᠤ ᠵᠢᠨ ᠲᠥᠯᠥᠭᠡ᠂ ᠪᠠᠳᠠᠷᠠᠭᠤᠯᠲᠤ ᠲᠦᠷᠦ ᠬᠠᠭ᠋ᠠᠨ ᠪᠠᠰᠠ 《ᠰᠤᠷᠭ᠋ᠠᠯ ᠰᠠᠢ᠌ᠨ ᠵᠠᠮ ᠲᠠᠷᠳᠠᠩ》 ᠭᠡᠰᠡᠨ ᠪᠢᠴᠢᠭᠡᠰᠦ᠎ᠲᠠᠢ ᠢᠯᠡᠷᠬᠡᠢ᠌ᠯᠡᠯ᠎ᠢ ᠱᠠᠩᠨᠠᠵᠠᠢ᠃
      ᠦᠨᠳᠦᠰᠦᠲᠡᠨ᠎ᠨᠦᠭᠦᠳ ᠪᠦᠯᠬᠦᠮᠳᠡᠵᠡᠭᠡᠵᠦ ᠢᠷᠡᠭᠡᠳᠦᠢ᠎ᠪᠠᠨ ᠬᠠᠮᠲᠤ᠎ᠪᠠᠷ ᠴᠤᠭᠴᠠᠯᠠᠪᠠ
       ᠰᠢᠨᠵᠢᠯᠡᠬᠦ ᠤᠬᠠᠭ᠋ᠠᠨᠴᠢ ᠲᠥᠯᠦᠪᠵᠢᠭᠦᠯᠭᠡ᠎ᠪᠠᠷ ᠳᠤᠲᠠᠮᠠᠭ᠎ᠠᠴᠠ ᠪᠣᠯᠵᠤ᠂ ᠢᠷᠡᠬᠦ ᠵᠢᠯ᠎ᠤᠨ ᠬᠦᠨᠡᠰᠦ᠎ᠪᠠᠨ ᠡᠨᠡ ᠵᠢᠯ᠎ᠳᠤ᠎ᠪᠠᠨ ᠢᠳᠡᠬᠦ ᠲᠤᠮᠦ ᠪᠡᠯᠡ ᠣᠷᠤᠭᠤᠯᠤᠭᠰᠠᠨ ᠵᠶ᠋ᠠᠷ ᠸᠠᠩ᠎ᠤᠨ ᠣᠷᠳᠣᠨ᠎ᠤ ᠡᠳ᠋᠎ᠤᠨ ᠵᠠᠰᠠᠭ᠎ᠲᠤ ᠯᠤᠲᠤ ᠶᠡᠬᠡ ᠦᠷᠢ ᠭᠠᠷᠴᠤ᠂ ᠲᠦᠪ᠎ᠢ ᠰᠠᠬᠢᠬᠤ ᠲᠠᠩᠬᠢᠮ ᠪᠣᠯᠣᠨ ᠲᠦᠪ᠎ᠢ ᠬᠦᠮᠦᠵᠢᠬᠦᠯᠬᠦ ᠦᠬᠢᠳ᠎ᠤᠨ ᠪᠢᠴᠢᠭ᠎ᠤᠨ ᠲᠠᠩᠬᠢᠮ᠎ᠨᠢ ᠴᠦᠮ ᠡᠭᠦᠳᠡ᠎ᠪᠠᠨ ᠬᠠᠭ᠋ᠠᠭᠰᠠᠨ ᠲᠤᠯᠠ ᠰᠤᠷᠤᠭᠴᠢᠳ᠎ᠢ ᠪᠦᠷ ᠲᠦᠪ᠎ᠢ ᠡᠷᠬᠢᠮᠯᠡᠬᠦ ᠲᠠᠩᠬᠢᠮ᠎ᠳᠤ ᠨᠡᠢ᠌ᠯᠡᠭᠦᠯᠪᠡ᠃ ᠭᠡᠪᠡᠴᠦ ᠬᠡᠳᠦᠢ ᠶᠡᠬᠡ ᠬᠦᠴᠢᠷᠳᠡᠯ ᠲᠤᠯᠭ᠋ᠠᠷᠠᠭᠰᠠᠨ ᠴᠤ᠌ ᠬᠥᠩ ᠸᠠᠩ᠎ᠤᠨ ᠬᠡᠬᠦᠳᠡᠭ ᠳᠦᠭᠦᠷᠡᠩ ᠬᠠᠯᠠᠭᠤᠨ ᠰᠡᠳᠬᠢᠯᠭᠡ ᠵᠢ ᠮᠤᠬᠤᠭᠤᠵᠤ ᠴᠢᠳᠠᠬᠤ ᠦᠭᠡᠢ ᠪᠠᠢ᠌ᠵᠦ᠂ ᠲᠡᠷᠡ ᠬᠤᠪᠢ ᠵᠢᠨ ᠣᠷᠳᠣᠨ᠎ᠤ ᠡᠳ᠋ ᠪᠣᠳᠠᠰ ᠪᠠ ᠡᠷᠲᠡᠨ᠎ᠤ ᠵᠦᠢ᠍ᠯᠡᠰ᠎ᠢ ᠶᠡᠬᠡ᠎ᠪᠠᠷ ᠬᠤᠳᠠᠯᠳᠤᠵᠤ᠂ ᠲᠡᠨᠦᠭᠦᠯ ᠠᠷᠠᠳ᠎ᠢ ᠡᠯᠰᠡᠨ ᠠᠲᠠᠷ ᠬᠠᠭ᠋ᠠᠯᠪᠤᠷᠢᠯᠠᠭᠤᠯᠤᠨ ᠲᠦᠷᠢᠶᠡᠰᠦ ᠬᠤᠷᠢᠶᠠᠵᠦ᠂ ᠴᠢᠨᠠᠭᠰᠢᠯᠠᠪᠠᠯ ᠠᠷᠠᠳ ᠢᠷᠭᠡᠳ᠎ᠢ ᠮᠥᠯᠵᠢᠳᠡᠭ ᠰᠢᠨᠤᠬᠠᠢ ᠨᠣᠶᠠᠳ᠂ ᠬᠠᠷᠭᠢᠰ ᠪᠠᠶᠠᠳ᠎ᠢ ᠴᠡᠭᠴᠡᠯᠡᠨ ᠵᠠᠰᠠᠵᠤ᠂ ᠡᠳ᠋ ᠬᠥᠷᠥᠩᠭᠡ ᠵᠢ᠎ᠨᠢ ᠬᠣᠷᠢᠶᠠᠨ ᠠᠪᠬᠤ ᠵᠡᠷᠭᠡ ᠬᠡᠯᠪᠡᠷᠢ᠎ᠪᠠᠷ ᠡᠳ᠋᠎ᠤᠨ ᠵᠠᠰᠠᠭ ᠎ᠢ ᠨᠡᠮᠡᠭᠳᠡᠬᠦᠯᠵᠦ᠂ ᠰᠤᠷᠭ᠋ᠠᠭᠤᠯᠢ  ᠵᠢᠨ ᠬᠡᠪ᠎ᠤᠨ ᠠᠵᠢᠯᠯᠠᠭ᠎ᠠ  ᠵᠢ ᠪᠠᠲᠤᠯᠠᠭᠰᠠᠨ ᠪᠠᠢ᠌ᠨ᠎ᠠ᠃ 
      ᠴᠠᠭ᠋ᠠᠭᠴᠢᠨ ᠭᠠᠬᠠᠢ ᠵᠢᠯ᠎ᠤᠨ ᠬᠤᠪᠢᠰᠬᠠᠯ᠎ᠤᠨ ᠲᠠᠷᠠᠭ᠎ᠠ᠂ ᠬᠦᠩ ᠸᠠᠩ ᠪᠥᠬᠥᠳᠡ ᠨᠠᠢ᠌ᠷᠠᠮᠳᠠᠬᠤ ᠵᠢ ᠬᠦᠴᠦᠯᠡᠨ ᠲᠡᠮᠵᠢᠪᠡ᠃ ᠲᠦᠪ᠎ᠢ ᠡᠷᠬᠢᠮᠯᠡᠬᠦ ᠲᠠᠩᠬᠢᠮ ᠤᠷᠢᠳ ᠬᠣᠵᠢᠳ ᠰᠢᠩ ᡁᠢ ᠰᠢᠶᠠᠩ᠂ ᠦ᠋ ᠴᠦᠨ ᠯᠢᠩ ᠵᠡᠷᠭᠡ ᠰᠤᠷᠭ᠋ᠠᠭᠤᠯᠢ ᠵᠢᠨ ᠵᠠᠬᠢᠷᠤᠯ᠎ᠤᠨ ᠳᠠᠭ᠋ᠠᠭᠤᠯᠭ᠎ᠠ᠎ᠪᠠᠷ ᠴᠡᠷᠢᠭ᠎ᠤᠨ ᠡᠷᠬᠡᠲᠡᠨ᠎ᠤ ᠰᠠᠮᠠᠭᠤᠨ ᠲᠠᠢ᠍ᠢ᠍ᠨ᠂ ᠬᠠᠭᠤᠷᠮᠠᠭ ᠮᠠᠨᠵᠤ ᠵᠢᠨ ᠨᠣᠶᠠᠷᠬᠠᠯ᠂ ᠶᠠᠫᠤᠨ᠎ᠢ ᠡᠰᠡᠷᠭᠦᠴᠡᠬᠦ ᠲᠠᠢ᠍ᠢ᠍ᠨ ᠵᠡᠷᠭᠡ ᠣᠨ ᠵᠢᠯ᠎ᠤᠳ᠎ᠢ ᠦᠩᠭᠡᠷᠡᠬᠦᠯᠵᠦ᠂ ᠡᠯ᠎ᠡ ᠦᠨᠳᠦᠰᠦᠲᠡᠨ᠎ᠤ ᠬᠥᠪᠡᠭᠦᠳ ᠥᠬᠢᠳ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠵᠤ᠂  ᠵᠠᠮ ᠨᠡᠭᠡᠭᠡᠨ ᠤᠷᠤᠭᠰᠢᠯᠠᠵᠤ᠂ ᠰᠡᠳᠬᠢᠯ ᠬᠥᠳᠡᠯᠭᠡᠮ᠎ᠡ ᠦᠯᠢᠭᠡᠷ᠎ᠤᠳ᠎ᠢ ᠪᠢᠴᠢᠭᠯᠡᠭᠰᠡᠨ ᠪᠠᠢ᠌ᠨ᠎ᠠ᠃ 
       ᠲᠦᠪ᠎ᠢ ᠡᠷᠬᠢᠮᠯᠡᠬᠦ ᠲᠠᠩᠬᠢᠮ᠎ᠤᠨ ᠰᠣᠷᠣᠭᠴᠢ ᠡᠯᠰᠡᠬᠦ ᠡᠬᠢᠨ᠎ᠤ ᠬᠤᠭᠤᠴᠠᠭ᠋ᠠᠨ᠎ᠳᠤ ᠨᠥᠯᠥᠭᠡᠯᠡᠬᠦ ᠬᠦᠴᠦᠨ ᠵᠶ᠋ᠡᠨ ᠥᠷᠭᠡᠳᠬᠡᠬᠦ ᠵᠢᠨ ᠲᠥᠯᠥᠭᠡ᠂ ᠬᠥᠩ ᠸᠠᠩ ᠠᠷᠠᠳ᠎ᠤᠨ ᠳᠤᠮᠳᠠ᠎ᠠᠴᠠ ᠨᠢᠭᠡ ᠵᠢᠷᠤᠮ᠎ᠤᠨ ᠬᠥᠪᠡᠭᠦᠨ ᠲᠠᠨᠢᠵᠦ᠂ ᠨᠡᠷ᠎ᠡ᠎ᠨᠢ ᠲᠡᠮᠭᠡᠲᠦ ᠭᠡᠳᠡᠭ᠃  ᠲᠡᠮᠭᠡᠲᠦ ᠵᠢᠨ ᠳᠡᠭᠡᠳᠦᠰ᠎ᠤᠨ ᠨᠤᠲᠤᠭ᠎ᠨᠢ ᠱᠠᠨᠳᠦ᠋ᠩ᠎ᠳᠤ ᠪᠠᠢ᠌ᠵᠦ᠂ ᠰᠤᠷᠭ᠋ᠠᠭᠤᠯᠢ᠎ᠳᠤ ᠣᠷᠣᠭᠰᠠᠨ᠎ᠤ᠎ᠪᠠᠨ ᠳᠠᠷᠠᠭ᠎ᠠ ᠰᠢᠷᠭ᠋ᠠᠭᠤ ᠬᠠᠳᠠᠭᠤᠵᠢᠯᠳᠠᠢ ᠰᠤᠷᠤᠯᠴᠠᠵᠤ᠂ ᠰᠢᠯᠢᠳᠡᠭ ᠬᠢᠷᠢ ᠪᠦᠲᠦᠮᠵᠢ ᠤᠯᠵᠦ᠂ ᠭᠦᠩ ᠸᠠᠩ᠎ᠤᠨ ᠲᠠᠭ᠋ᠠᠰᠢᠶᠠᠯ᠎ᠢ ᠶᠡᠬᠡᠳᠡ ᠣᠯᠵᠤ᠂ ᠲᠡᠷᠡᠪᠡᠷ ᠲᠦᠪ᠎ᠢ ᠡᠷᠬᠢᠮᠯᠡᠬᠦ ᠲᠠᠩᠬᠢᠮ᠎ᠠᠴᠠ ᠲᠡᠭᠦᠰᠦᠭᠰᠡᠨ᠎ᠤ ᠳᠠᠷᠠᠭ᠎ᠠ ᠶᠠᠫᠤᠨ᠎ᠳᠤ ᠰᠤᠷᠤᠯᠴᠠᠵᠤ᠂ ᠴᠡᠷᠢᠭ᠎ᠤᠨ ᠶᠠᠪᠤᠳᠠᠯ ᠪᠠ ᠡᠮᠨᠡᠯᠭᠡ ᠵᠢᠨ ᠤᠬᠠᠭ᠋ᠠᠨ᠎ᠢ ᠭᠣᠣᠯᠯᠠᠨ ᠰᠤᠷᠤᠯᠴᠠᠪᠠ᠃ ᠤᠯᠤᠰ᠎ᠲᠤ᠎ᠪᠠᠨ ᠪᠤᠴᠠᠭᠰᠠᠨ᠎ᠤ ᠲᠠᠷᠠᠭ᠎ᠠ᠂ ᠲᠡᠷᠡ ᠯᠦ᠍ ᠰᠢᠶᠦ᠋ᠨ ᠠᠪᠤᠭ᠋ᠠᠢ᠎ᠲᠠᠢ ᠠᠳᠠᠯᠢ᠎ᠪᠠᠷ 《ᠠᠨᠠᠭ᠋ᠠᠬᠤ ᠤᠬᠠᠭ᠋ᠠᠨ᠎ᠢ ᠲᠠᠶᠠᠭᠳᠠᠨ ᠦᠰᠦᠭ ᠪᠢᠴᠢᠭ᠎ᠢ ᠡᠷᠬᠢᠮᠯᠡᠬᠦ》 ᠵᠠᠮ᠎ᠢ ᠰᠣᠩᠭᠣᠵᠤ᠂ ᠴᠥᠭᠡᠨ ᠲᠣᠭ᠋ᠠᠲᠤ ᠦᠨᠳᠦᠰᠦᠲᠡᠨ᠎ᠤ ᠦᠰᠦᠭ ᠪᠢᠴᠢᠭ ᠵᠶ᠋ᠡᠷ ᠬᠢᠲᠠᠳ ᠬᠡᠯᠡᠨ᠎ᠤ ᠰᠣᠩᠭᠣᠳᠠᠭ ᠵᠣᠬᠢᠶᠠᠯ᠎ᠢ ᠶᠡᠬᠡ ᠬᠡᠮᠵᠢᠶ᠎ᠡ᠎ᠪᠠᠷ ᠣᠷᠴᠢᠭᠤᠯᠤᠨ ᠬᠡᠪᠯᠡᠭᠦᠯᠦᠭᠰᠡᠨ ᠪᠥᠭᠡᠳ ᠤᠷᠢᠳ ᠬᠣᠵᠢᠳ ᠮᠣᠩᠭᠣᠯ ᠦᠰᠦᠭ᠂ ᠮᠠᠨᠵᠤ ᠦᠰᠦᠭ᠂ ᠲᠥᠪᠡᠳ ᠬᠡᠯᠡᠨ᠎ᠤ ᠬᠣᠷᠭᠣᠯᠵᠢᠨ ᠥᠷᠥᠮᠡᠯ ᠦᠰᠦᠭ᠎ᠢ ᠠᠮᠵᠢᠯᠲᠠ᠎ᠲᠠᠢ ᠪᠦᠲᠦᠭᠡᠵᠦ᠂ ᠳᠤᠮᠳᠠᠳᠤ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠦᠰᠦᠭ ᠪᠢᠴᠢᠭ᠎ᠤᠨ ᠬᠡᠪᠯᠡᠯ᠎ᠤᠨ ᠦᠢ᠍ᠯᠡᠰ᠎ᠤᠨ ᠰᠢᠨ᠎ᠡ ᠬᠠᠭᠤᠳᠠᠰᠤ ᠵᠢ ᠨᠡᠭᠡᠭᠡᠵᠦ᠂ ᠡᠯ᠎ᠡ ᠦᠨᠳᠦᠰᠦᠲᠡᠨ᠎ᠤ ᠰᠣᠶᠣᠯ᠎ᠤᠨ ᠰᠣᠯᠢᠯᠴᠠᠭ᠎ᠠ ᠵᠢ ᠠᠬᠢᠭᠤᠯᠤᠭᠰᠠᠨ᠎ᠠᠴᠠ 《ᠮᠣᠩᠭᠣᠯ ᠦᠨᠳᠦᠰᠦᠲᠡᠨ᠎ᠤ ᠪᠢ ᠱᠧᠩ》 ᠬᠡᠮᠡᠭᠳᠡᠪᠡ᠃
  3.jpg   

      ▲ ᠲᠡᠮᠭᠡᠲᠦ
        ᠠᠷᠠᠳᠴᠢᠯᠠᠭᠰᠠᠨ ᠬᠤᠪᠢᠰᠬᠠᠯ᠎ᠤᠨ ᠦᠶ᠎ᠡ᠎ᠳᠤ ᠲᠦᠪ᠎ᠢ ᠡᠷᠬᠢᠮᠯᠡᠬᠦ ᠲᠠᠩᠬᠢᠮ᠎ᠤᠨ ᠰᠤᠷᠤᠭᠴᠢᠳ ᠲᠠᠪᠤᠨ ᠰᠠᠷ᠎ᠠ ᠵᠢᠨ ᠲᠦᠷᠪᠡᠨ᠎ᠤ ᠬᠥᠳᠡᠯᠭᠡᠭᠡᠨ᠎ᠢ ᠢᠳᠡᠪᠬᠢᠲᠡᠢ ᠲᠡᠮᠵᠢᠵᠤ᠂ 《ᠬᠣᠷᠢᠨ ᠨᠢᠭᠡᠨ ᠵᠤᠷᠪᠤᠰ》᠎ᠢ ᠡᠰᠡᠷᠭᠦᠴᠡᠨ ᠬᠣᠷᠢᠭᠯᠠᠵᠤ᠂ ᠬᠤᠪᠢᠰᠬᠠᠯᠳᠤ ᠦᠵᠡᠯ ᠰᠠᠨᠠᠭ᠎ᠠ ᠵᠢ ᠤᠬᠠᠭᠤᠯᠪᠠ᠃ ᠶᠠᠫᠤᠨ᠎ᠢ ᠡᠰᠡᠷᠭᠦᠴᠡᠬᠦ ᠲᠠᠢ᠍ᠢ᠍ᠨ᠎ᠤ ᠦᠶ᠎ᠡ᠎ᠳᠤ ᠶᠠᠫᠤᠨ᠎ᠢ ᠡᠰᠡᠷᠭᠦᠴᠡᠬᠦ ᠡᠯ᠎ᠡ ᠲᠠᠯ᠎ᠠ ᠵᠢᠨ ᠬᠦᠴᠦᠨ᠎ᠳᠤ ᠢᠳᠡᠪᠬᠢᠲᠡᠢ᠎ᠪᠠᠷ ᠬᠠᠪᠰᠤᠷᠤᠯᠭ᠎ᠠ ᠦᠵᠡᠭᠦᠯᠵᠦ᠂ ᠨᠡᠩ ᠤᠯᠠᠨ ᠰᠤᠷᠤᠭᠴᠢᠳ ᠶᠠᠫᠤᠨ᠎ᠢ ᠡᠰᠡᠷᠭᠦᠴᠡᠨ ᠮᠥᠬᠥᠯ᠎ᠠᠴᠠ ᠠᠪᠤᠷᠠᠬᠤ ᠬᠥᠳᠡᠯᠭᠡᠭᠡᠨ᠎ᠳᠤ ᠰᠢᠭᠤᠳ ᠣᠷᠣᠯᠴᠠᠵᠤ᠂  ᠪᠠᠭᠰᠢ ᠰᠤᠷᠤᠭᠴᠢᠳ ᠶᠠᠫᠤᠨ᠎ᠤ ᠲᠦᠷᠢᠮᠡᠬᠡᠢ᠌ᠯᠡᠭᠴᠢᠳ᠎ᠲᠠᠢ ᠪᠠᠭ᠋ᠠᠲᠤᠷᠯᠢᠭ ᠵᠶ᠋ᠠᠷ ᠲᠡᠮᠡᠴᠡᠵᠦ᠂ ᠬᠦᠴᠢᠷ ᠪᠡᠷᠬᠡᠰᠢᠶᠡᠯ᠎ᠤᠨ ᠳᠤᠮᠳᠠ ᠰᠤᠷᠭ᠋ᠠᠨ ᠬᠥᠮᠦᠵᠢᠯ᠎ᠤᠨ ᠦᠢ᠍ᠯᠡᠰ ᠵᠶ᠋ᠠᠨ ᠦᠷᠭᠦᠯᠵᠢᠯᠡᠭᠦᠯᠵᠦ᠂ ᠬᠦᠴᠢᠷ ᠪᠡᠷᠭᠡᠰᠢᠶᠡᠯ᠎ᠤᠨ ᠳᠤᠮᠳᠠ ᠬᠤᠪᠢᠰᠬᠠᠯ᠎ᠤᠨ ᠣᠴᠢ ᠵᠢ ᠲᠠᠮᠵᠢᠭᠤᠯᠵᠠᠢ᠃ ᠦᠨᠳᠦᠰᠦᠲᠡᠨ᠎ᠨᠦᠭᠦᠳ᠎ᠤᠨ ᠬᠥᠪᠡᠭᠦᠳ ᠥᠬᠢᠳ ᠭᠠᠷ ᠭᠠᠷ ᠵᠶ᠋ᠠᠨ ᠬᠣᠯᠪᠣᠯᠴᠠᠨ ᠬᠠᠮᠲᠤ᠎ᠪᠠᠷ ᠤᠷᠤᠭᠰᠢᠯᠠᠵᠤ᠂ ᠶᠠᠫᠤᠨ᠎ᠤ ᠺᠣᠨᠰᠦ᠋ᠯ᠎ᠤᠨ ᠭᠠᠵᠠᠷ᠎ᠢ ᠪᠦᠰᠡᠯᠡᠨ ᠲᠠᠭ᠋ᠠᠷᠢᠬᠤ᠂ 《ᠡᠷᠤᠭᠡ ᠵᠢ ᠴᠤᠬᠯᠠᠭᠤᠯᠵᠤ ᠲᠣᠰᠬᠣᠨ᠎ᠢ ᠨᠡᠢ᠌ᠯᠡᠭᠦᠯᠬᠦ》 ᠵᠢ ᠡᠰᠡᠷᠭᠦᠴᠡᠬᠦ ᠲᠡᠮᠡᠴᠡᠯ᠎ᠳᠤ ᠢᠳᠡᠪᠬᠢᠲᠡᠢ ᠣᠷᠣᠯᠴᠠᠵᠤ᠂ ᠨᠠᠢ᠍ᠮᠠᠳᠤᠭ᠋ᠠᠷ ᠵᠠᠮ᠎ᠤᠨ ᠴᠡᠷᠢᠭ᠎ᠢ ᠬᠠᠪᠰᠤᠷᠤᠨ ᠫᠠᠷᠲ᠋ᠢᠽᠠᠨ ᠲᠠᠢ᠍ᠢ᠍ᠨ ᠥᠷᠨᠢᠭᠦᠯᠬᠦ ᠵᠡᠷᠭᠡ  ᠠᠯᠢ ᠤᠯᠠᠨ ᠡᠬᠡ ᠣᠷᠣᠨᠴᠢ ᠬᠥᠳᠡᠯᠭᠡᠭᠡᠨ᠎ᠢ ᠥᠷᠨᠢᠭᠦᠯᠵᠡᠢ᠃ ᠰᠢᠨ᠎ᠡ ᠳᠤᠮᠳᠠᠳᠤ ᠤᠯᠤᠰ ᠪᠠᠢ᠌ᠭᠤᠯᠤᠭᠳᠠᠬᠤ ᠵᠢᠨ ᠡᠮᠦᠨ᠎ᠡ ᠬᠤᠢ᠌ᠨ᠎ᠠ᠂ ᠡᠯ᠎ᠡ ᠦᠨᠳᠦᠰᠦᠲᠡᠨ᠎ᠤ ᠬᠥᠪᠡᠭᠦᠳ ᠥᠬᠢᠳ ᠨᠠᠮ᠎ᠤᠨ ᠦᠨᠳᠦᠰᠦᠲᠡᠨ᠎ᠤ ᠲᠦᠷᠦ ᠵᠢᠨ ᠪᠣᠳᠣᠯᠭ᠎ᠠ ᠵᠢ ᠢᠳᠡᠪᠬᠢᠲᠡᠢ ᠬᠦᠷᠢᠶᠡᠯᠡᠵᠦ᠂ ᠤᠯᠤᠰ ᠣᠷᠣᠨ᠎ᠤ ᠨᠢᠭᠡᠳᠦᠯ᠎ᠢ ᠬᠠᠮᠠᠭ᠋ᠠᠯᠠᠬᠤ᠂ ᠦᠨᠳᠦᠰᠦᠲᠡᠨ᠎ᠤ ᠪᠦᠯᠬᠦᠮᠳᠡᠯ᠎ᠢ ᠪᠡᠬᠢᠵᠢᠭᠦᠯᠬᠦ᠎ᠳᠤ ᠬᠦᠴᠦᠨ ᠴᠢᠳᠠᠯ ᠵᠶ᠋ᠠᠨ ᠡᠷᠬᠦᠭᠰᠡᠨ ᠪᠠᠢ᠌ᠨ᠎ᠠ᠃ 
       ᠰᠤᠷᠭ᠋ᠠᠨ ᠬᠥᠮᠦᠵᠢᠯ ᠪᠣᠯ ᠨᠢᠭᠡ ᠤᠯᠤᠰ᠎ᠤᠨ ᠴᠡᠴᠡᠭᠯᠡᠨ ᠬᠥᠭᠵᠢᠬᠦ᠎ᠳᠤ ᠬᠣᠯᠪᠣᠭᠳᠠᠬᠤ ᠮᠢᠩᠭ᠋ᠠᠨ ᠣᠨ᠎ᠤ ᠶᠡᠬᠡ ᠪᠣᠳᠣᠯᠭ᠎ᠠ ᠮᠥᠨ᠃ ᠲᠦᠪ᠎ᠢ ᠡᠷᠬᠢᠮᠯᠡᠬᠦ ᠲᠠᠩᠬᠢᠮ᠎ᠨᠢ ᠤᠷᠴᠢᠨ ᠦᠶ᠎ᠡ ᠵᠢᠨ ᠥᠪᠥᠷ ᠮᠣᠩᠭᠣᠯ ᠣᠷᠣᠨ᠎ᠤ ᠰᠤᠷᠭ᠋ᠠᠨ ᠬᠥᠮᠦᠵᠢᠯ᠎ᠤᠨ ᠦᠢ᠍ᠯᠡᠰ᠎ᠤᠨ ᠬᠥᠭᠵᠢᠯᠲᠡ ᠵᠢ ᠬᠥᠲᠥᠯᠥᠨ ᠳᠠᠭ᠋ᠠᠭᠤᠯᠵᠤ᠂ ᠶᠡᠬᠡ ᠬᠡᠮᠵᠢᠶᠡᠨ᠎ᠤ ᠴᠢᠳᠠᠪᠤᠷᠢᠲᠠᠨ᠎ᠢ ᠬᠥᠮᠥᠵᠢᠭᠦᠯᠵᠦ᠂ ᠦᠨᠳᠦᠰᠦᠲᠡᠨ᠎ᠨᠦᠭᠦᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠵᠢᠨ ᠰᠠᠢ᠌ᠬᠠᠨ ᠲᠠᠭᠤᠷᠢᠰᠬᠠᠯ᠎ᠢ ᠭᠡᠷᠡᠴᠢᠯᠡᠭᠰᠡᠨ ᠪᠠᠢ᠌ᠨ᠎ᠠ᠃ ᠲᠡᠭᠦᠨ᠎ᠤ ᠨᠡᠷ᠎ᠡ᠎ᠨᠢ ᠦᠨᠳᠦᠰᠦᠲᠡᠨ᠎ᠤ ᠪᠦᠯᠬᠦᠮᠳᠡᠯ᠎ᠤᠨ ᠪᠠᠯᠠᠷᠠᠰᠢ ᠦᠭᠡᠢ ᠬᠥᠰᠢᠶ᠎ᠡ ᠳᠡᠭᠡᠷ᠎ᠡ ᠭᠦᠨ ᠰᠡᠢ᠌ᠯᠦᠭᠳᠡᠬᠦ᠎ᠨᠢ ᠯᠠᠪᠲᠠᠢ ᠶᠤᠮ᠃

 

 

           ᠬᠢᠨᠠᠨ ᠣᠷᠴᠢᠭᠤᠯᠤᠭᠴᠢ᠄ ᠠᠳᠢᠶ᠎ᠠ   ᠰᠠᠴᠤᠷᠠᠯ
          ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠥᠸᠠᠢ ᠳ᠋ᠦᠩ

 

 

ᠢᠷᠡᠯᠲᠡ᠄ ᠲᠤᠮᠳᠠᠳᠤ ᠵᠢ ᠥᠭᠦᠯᠡᠬᠦᠢ