ᠬᠠᠷᠪᠢᠨ᠎ᠤ ᠠᠶᠠᠯᠠᠯ ᠵᠢᠭᠤᠯᠴᠢᠯᠠᠯ ᠥᠷᠨᠢᠨ ᠬᠥᠭᠵᠢᠬᠦ ᠵᠢ ᠳᠠᠭ᠋ᠠᠯᠳᠤᠨ 《ᠣᠷᠴᠣᠨ ᠦᠨᠳᠦᠰᠦᠲᠡᠨ᠎ᠢ ᠴᠤ᠌ ᠤᠷᠢᠭ᠋ᠠᠳ ᠠᠪᠴᠢᠷᠠᠪᠠ》 ᠭᠡᠬᠦ ᠵᠡᠷᠭᠡ ᠬᠠᠮᠢᠶ᠎ᠠ ᠪᠦᠬᠦᠢ ᠶᠠᠷᠢᠶᠠᠨ᠎ᠤ ᠰᠡᠳᠦᠪ᠎ᠨᠢ ᠬᠠᠯᠠᠮᠰᠢᠯ ᠪᠣᠯᠵᠤ᠂ ᠣᠷᠴᠣᠨ ᠦᠨᠳᠦᠰᠦᠲᠡᠨ᠎ᠨᠢ ᠬᠠᠷᠪᠢᠨ᠎ᠳᠤ ᠡᠯ᠎ᠡ ᠦᠨᠳᠦᠰᠦᠲᠡᠨ᠎ᠲᠠᠢ ᠬᠠᠮᠲᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠭᠤᠢ᠍ᠢ᠍ᠳᠠ ᠰᠠᠢ᠍ᠢ᠍ᠬᠠᠨ ᠬᠣᠯᠪᠣᠭ᠋ᠠᠯᠠᠯ ᠬᠢᠭᠰᠡᠨ ᠪᠠᠶ᠋ᠢᠨ᠎ᠠ᠃ ᠰᠣᠶᠣᠯ ᠵᠶ᠋ᠠᠷ ᠵᠠᠭᠤᠴᠢᠯᠠᠭᠤᠷ ᠪᠣᠯᠭ᠋ᠠᠵᠤ᠂ ᠡᠯ᠎ᠡ ᠭᠠᠵᠠᠷ᠎ᠤᠨ᠎ᠬᠢᠨ ᠰᠣᠯᠢᠯᠴᠠᠵᠤ ᠠᠶ᠋ᠢᠯᠴᠢᠯᠠᠯᠲᠠ ᠬᠢᠬᠦ ᠠᠵᠢᠯᠯᠠᠭ᠎ᠠ ᠵᠢ ᠭᠦᠨᠵᠡᠭᠡᠢ ᠥᠷᠨᠢᠭᠦᠯᠵᠦ᠂ 《ᠳᠤᠮᠳᠠᠳᠤ ᠵᠢᠨ ᠦᠨᠳᠦᠰᠦᠲᠡᠨ ᠨᠢᠭᠡ ᠭᠡᠷ ᠪᠦᠯᠢ ᠵᠢᠨ᠎ᠬᠢᠨ ᠮᠡᠲᠦ ᠳᠣᠲᠣᠨᠣ ᠪᠠᠢ᠍ᠢ᠍ᠬᠤ》 ᠠᠮᠢᠳᠤᠯᠢᠭ ᠵᠢᠷᠤᠭ᠎ᠢ ᠵᠢᠷᠤᠭᠯᠠᠪᠠ᠃

ᠬᠠᠷᠪᠢᠨ᠎ᠤ ᠵᠡᠭᠡᠯᠢ ᠳᠡᠭᠡᠷ᠎ᠡ ᠵᠢᠭᠤᠯᠴᠢᠯᠠᠭᠴᠢ ᠭᠤᠷ᠎ᠠ ᠵᠢᠨ ᠡᠪᠡᠷᠲᠦ ᠮᠠᠯᠠᠭ᠋ᠠᠢ ᠵᠡᠭᠦᠭᠰᠡᠨ ᠣᠷᠴᠤᠨᠴᠤᠳᠲᠠᠢ ᠰᠡᠭᠦᠳᠡᠷ ᠲᠠᠲᠠᠵᠤ ᠪᠠᠢ᠌ᠭ᠎ᠠ᠎ᠨᠢ
ᠨᠡᠭᠦᠳᠡᠯᠴᠢᠨ ᠠᠩᠴᠢᠳ ᠠᠭᠤᠯᠠᠨ᠎ᠠᠴᠠ ᠪᠠᠭᠤᠵᠤ ᠰᠤᠶᠤᠯ᠎ᠤᠨ ᠠᠭᠤᠰᠤᠯᠴᠠᠯ᠎ᠢ ᠠᠬᠢᠭᠤᠯᠪᠠ
ᠣᠷᠴᠣᠨ ᠦᠨᠳᠦᠰᠦᠲᠡᠨ᠎ᠤ ᠣᠷᠣᠰᠢᠨ ᠰᠠᠭᠤᠳᠠᠭ ᠪᠦᠰᠡ ᠨᠤᠲᠤᠭ᠎ᠢ ᠲᠤᠬᠠᠢ ᠵᠢᠨ ᠦᠶ᠎ᠡ᠎ᠳᠤ ᠶᠡᠬᠡ ᠰᠢᠶᠡᠨᠪᠢ ᠠᠭᠤᠯᠠ ᠭᠡᠳᠡᠭ᠃ ᠲᠣᠪᠠ ᠰᠢᠶᠡᠨᠪᠢ ᠵᠢᠨ ᠠ᠋ᠷᠲᠡ ᠦᠶ᠎ᠡ᠎ᠳᠤ ᠠᠮᠢᠳᠤᠷᠠᠵᠤ ᠪᠠᠶ᠋ᠢᠭᠰᠠᠨ ᠭᠠᠰᠢᠶᠠᠨ ᠠᠭᠤᠶ᠎ᠨᠢ ᠡᠨᠳᠡ ᠪᠤᠢ᠂ ᠲᠡᠳᠡ ᠠᠩ ᠠᠩᠨᠠᠬᠤ᠎ᠪᠠᠷ ᠠᠳᠠᠯ ᠵᠢᠡᠨ ᠪᠤᠯᠭ᠋ᠠᠵᠤ᠂ ᠣᠶ ᠰᠢᠭᠤᠶ ᠵᠢᠨ ᠠᠩ ᠠᠩᠨᠠᠯ᠎ᠤᠨ ᠰᠣᠶᠣᠯ᠎ᠢ ᠠ᠋ᠭᠦᠳᠦᠭᠰᠡᠨ ᠪᠠᠶ᠋ᠢᠨ᠎ᠠ᠃ ᠳᠠᠷᠠᠭ᠎ᠠ᠎ᠨᠢ ᠠ᠋ᠮᠦᠨᠡᠰᠢ ᠳ᠋ᠠ ᠽᠧᠳᠤ ᠨᠡᠭᠦᠵᠦ᠂ ᠬᠥᠯᠥᠨ ᠪᠣᠶ᠋ᠢᠷ᠎ᠤᠨ ᠲᠠᠯ᠎ᠠ ᠨᠤᠲᠤᠭ᠎ᠲᠤ ᠬᠦᠷᠴᠦ᠂ ᠠ᠋ᠮᠦᠨᠡᠲᠦ ᠤᠮᠠᠷᠠᠲᠤ ᠲᠥᠷᠥ ᠵᠢᠨ ᠦᠶ᠎ᠡ᠎ᠳᠤ ᠳᠤᠮᠳᠠᠳᠤ ᠤᠯᠤᠰ᠎ᠤᠨ ᠤᠮᠠᠷᠠᠲᠤ ᠣᠷᠣᠨ᠎ᠢ ᠨᠢᠭᠡᠳᠬᠡᠨ ᠤᠮᠠᠷᠠᠲᠤ ᠸᠧᠶ ᠤᠯᠤᠰ᠎ᠢ ᠪᠠᠶ᠋ᠢᠭᠤᠯᠵᠤ᠂ ᠡᠴᠤᠰ᠎ᠲᠤ ᠯᠦᠸᠸᠶᠠᠩᠳᠤ ᠨᠡᠭᠦᠵᠦ ᠨᠡᠶ᠋ᠢᠰᠯᠡᠵᠡᠶ᠃ ᠲᠡᠭᠦᠨ᠎ᠤ ᠨᠣᠶᠠᠷᠬᠠᠵᠤ ᠪᠠᠶ᠋ᠢᠭᠰᠠᠨ 148 ᠵᠢᠯ᠎ᠤᠨ ᠬᠣᠭᠤᠷᠤᠨᠳᠤ ᠤᠮᠠᠷᠠᠲᠤ ᠸᠧᠶ ᠤᠯᠤᠰ ᠠᠯᠢ ᠣᠯᠠᠨ ᠬᠢᠲᠠᠳᠴᠢᠯᠠᠬᠤ ᠥᠭᠡᠷᠡᠴᠢᠯᠡᠯᠲᠡ ᠬᠢᠵᠦ᠂ ᠳᠤᠮᠳᠠᠳᠤ ᠣᠷᠣᠨ᠎ᠤ ᠰᠣᠶᠣᠯ᠎ᠢ ᠢᠳᠡᠪᠬᠢᠲᠡᠶ ᠰᠤᠷᠤᠯᠴᠠᠵᠤ᠂ ᠦᠨᠳᠦᠰᠦᠲᠡᠨ᠎ᠤ ᠬᠣᠭᠣᠷᠣᠨᠳᠣᠬᠢ ᠶᠠᠪᠤᠯᠴᠠᠭ᠎ᠠ ᠠᠭᠤᠰᠤᠯᠴᠠᠭ᠎ᠠ ᠵᠢ ᠲᠦᠷᠭᠡᠳᠬᠡᠪᠡ᠃ ᠤᠮᠠᠷᠠᠲᠤ ᠸᠧᠶ ᠤᠯᠤᠰ᠎ᠤᠨ᠎ᠲᠠᠢ ᠡᠦ ᠳ᠋ᠢ ᠬᠠᠭ᠋ᠠᠨ ᠲᠠᠪᠠᠭ᠋ᠠᠴᠠ ᠲᠤᠤ᠂ ᠡᠦ ᠯᠦᠸᠧ ᠠ᠋ᠾᠸᠤ ᠤᠯᠤᠰ᠎ᠤᠨ ᠠᠯᠪᠠ ᠪᠠᠷᠢᠬᠤ᠎ᠪᠠᠷ ᠢᠷᠡᠭᠰᠡᠨ ᠠ᠋ᠯᠴᠢᠠᠴᠠ ᠡᠦ ᠯᠦᠸᠧ ᠠ᠋ᠾᠸᠤ ᠤᠯᠤᠰ᠎ᠤᠨ ᠪᠠᠷᠠᠭᠤᠨ ᠬᠣᠶ᠋ᠢᠲᠤ ᠬᠡᠰᠡᠭ᠎ᠲᠤ ᠤᠮᠠᠷᠠᠲᠤ ᠸᠧᠶ ᠤᠯᠤᠰ᠎ᠤᠨ ᠡᠪᠦᠭᠡ ᠳᠡᠭᠡᠳᠦᠰ᠎ᠤᠨ ᠰᠠᠭᠤᠷᠢᠰᠢᠵᠤ ᠪᠠᠶ᠋ᠢᠭᠰᠠᠨ ᠴᠢᠯᠠᠭᠤᠨ ᠰᠦᠮ᠎ᠡ ᠪᠠᠶ᠋ᠢᠬᠤ ᠪᠥᠭᠡᠳ ᠠ᠋ᠷᠭᠢᠨ ᠲᠣᠭᠣᠷᠢᠨ᠎ᠤ ᠬᠥᠮᠦᠰ᠎ᠨᠢ ᠦᠷᠭᠦᠯᠵᠢ ᠴᠢᠯᠠᠭᠤᠨ ᠰᠦᠮ᠎ᠡ᠎ᠳᠤ ᠤᠴᠢᠵᠤ ᠡᠪᠦᠭᠡ ᠳᠡᠭᠡᠳᠦᠰᠲᠤᠪᠠᠨ ᠪᠣᠷᠣᠭ᠋ᠠᠨ ᠬᠤᠷ᠎ᠠ ᠲᠡᠭᠰᠢ᠂ ᠬᠥᠮᠦᠨ ᠮᠠᠯ ᠥᠨᠢᠷ ᠥᠰᠬᠦ ᠵᠢ ᠳᠠᠭ᠋ᠠᠳᠬᠠᠳᠠᠭ ᠭᠡᠵᠦ ᠬᠡᠯᠡᠬᠦ ᠵᠢ ᠰᠣᠨᠤᠰᠤᠭ᠋ᠠᠳ ᠶᠡᠬᠡ ᠲᠦᠰᠢᠮᠡᠯ ᠯᠢ ᠴᠠᠩᠢ ᠲᠣᠮᠢᠯᠠᠨ ᠣᠯᠠᠨ᠎ᠢ ᠳᠠᠭ᠋ᠠᠭᠤᠯᠤᠨ ᠭᠠᠰᠢᠶᠠᠨ ᠠᠭᠤᠢ᠎ᠳᠤ ᠤᠴᠢᠭᠤᠯᠵᠤ ᠡᠪᠦᠭᠡ ᠳᠡᠭᠡᠳᠦᠰ ᠵᠶ᠋ᠡᠨ ᠳᠠᠭᠢᠵᠤ᠂ ᠲᠠᠢ᠍ᠢ᠍ᠯᠭ᠋ᠠᠨᠤ ᠪᠢᠴᠢᠭ᠎ᠲᠤ ᠲᠡᠭᠦᠨ᠎ᠤ ᠡᠪᠦᠭᠡ ᠳᠡᠭᠡᠳᠦᠰ᠎ᠤᠨ ᠵᠶ᠋ᠠᠨ ᠢᠪᠡᠭᠡᠭᠰᠡᠨ ᠬᠡᠰᠢᠭ ᠪᠤᠶᠠᠨ᠎ᠤ ᠬᠠᠷᠢᠭᠤ᠎ᠳᠤ ᠲᠠᠯᠠᠷᠬᠠᠯ ᠵᠢᠡᠨ ᠢᠯᠡᠳᠭᠡᠭᠰᠡᠨ ᠦᠴᠢᠭ ᠰᠡᠢ᠍ᠢ᠍ᠯᠦᠬᠦᠯᠪᠡ᠃ ᠭᠠᠰᠢᠶᠠᠨ ᠠᠭᠤᠢ ᠶᠠᠭ ᠤᠳᠤ ᠵᠢᠨ ᠣᠷᠴᠣᠨ᠎ᠤ ᠥᠪᠡᠷᠲᠡᠭᠡᠨ ᠵᠠᠰᠠᠬᠤ ᠬᠣᠰᠢᠭᠤᠨ᠎ᠳᠤ ᠪᠤᠢ᠂ ᠥᠴᠢᠭ᠎ᠲᠤ ᠲᠤᠬᠠᠢ ᠵᠢᠨ ᠵᠢᠯ᠎ᠳᠤ᠎ᠲᠠᠢ ᠡᠦ ᠳ᠋ᠢ ᠬᠠᠭ᠋ᠠᠨ ᠲᠣᠪᠠ ᠰᠢᠶᠡᠨᠪᠢ ᠵᠢᠨ ᠶᠠᠪᠤᠵᠤ ᠢᠷᠡᠭᠰᠡᠨ ᠥᠩᠭᠡᠷᠡᠯᠲᠡ ᠵᠢ ᠠ᠋ᠷᠭᠢᠴᠡᠭᠦᠯᠦᠭᠡᠳ ᠰᠡᠳᠬᠢᠯ ᠬᠦᠳᠡᠯᠦᠭᠰᠡᠨ ᠪᠠ ᠲᠠᠯᠠᠷᠬᠠᠭᠰᠠᠨ ᠰᠡᠳᠭᠢᠯᠭᠡ ᠵᠢ ᠢᠯᠠᠤᠡᠭᠡᠵᠡᠢ᠃ ᠤᠮᠠᠷᠠᠲᠤ ᠵᠢᠨ ᠨᠡᠭᠦᠳᠡᠯᠴᠢᠨ ᠠᠩᠴᠢᠳ ᠠ᠋ᠨᠡ ᠤᠳᠠᠭ᠎ᠠ ᠠᠭᠤᠯᠠᠨ᠎ᠠᠴᠠ ᠪᠠᠭᠤᠭᠰᠠᠨ᠎ᠨᠢ ᠳᠤᠮᠳᠠᠳᠤ ᠤᠯᠤᠰ᠎ᠤᠨ ᠨᠡᠭᠦᠳᠡᠯ ᠠᠩᠨᠠᠯ᠎ᠤᠨ ᠪᠣᠯᠪᠠᠰᠤᠨ ᠪᠣᠯᠤᠨ ᠲᠠᠷᠢᠶᠠᠯᠠᠬᠤ ᠪᠣᠯᠪᠠᠰᠤᠨ᠎ᠤ ᠠᠭᠤᠰᠤᠯᠴᠠᠭ᠎ᠠ᠎ᠳᠤ ᠪᠠᠲᠤ ᠪᠠᠬᠢ ᠰᠠᠭᠤᠷᠢ ᠵᠢ ᠲᠠᠯᠪᠢᠵᠠᠢ᠃

ᠭᠠᠰᠢᠶᠠᠨ ᠠᠭᠤᠢ ᠵᠢᠨ ᠲᠠᠢ᠌ᠯᠭ᠋ᠠᠨᠤ ᠪᠢᠴᠢᠭ᠎ᠤᠨ ᠳᠠᠷᠤᠮᠠᠯ ᠢᠯᠳᠡᠰᠦ (ᠵᠢᠷᠤᠭ᠎ᠤᠨ ᠢᠷᠡᠯᠲᠡ᠄ ᠥᠪᠥᠷ ᠮᠤᠩᠭᠤᠯ᠎ᠤᠨ ᠰᠣᠨᠢᠨ ᠮᠡᠳᠡᠭᠡᠨ᠎ᠤ ᠲᠥᠪ)
ᠣᠷᠴᠤᠨᠴᠤᠳᠤᠨ ᠠ᠋ᠭᠦᠰᠦᠯ ᠭᠠᠷᠤᠯ᠎ᠤᠨ ᠲᠤᠬᠠᠶ ᠠ᠋ᠷᠳᠡᠮ ᠰᠢᠨᠵᠢᠯᠡᠭᠡᠨᠤᠬᠢᠨᠤ ᠨᠡᠯᠢᠶᠡᠳ ᠭᠣᠣᠯ ᠪᠤᠯᠬᠤ ᠦᠵᠡᠯᠳᠡ ᠪᠣᠯ 《ᠱ᠌ᠢ ᠸᠧᠶ᠎ᠠᠴᠠ ᠭᠠᠷᠤᠯ᠎ᠲᠠᠢ》 ᠭᠡᠬᠦ ᠦᠬᠦᠯᠡᠮᠵᠢ ᠪᠣᠯᠤᠨ᠎ᠠ᠂ ᠲᠤᠬᠠᠢ᠍ᠢ᠍ᠯᠠᠪᠠᠯ ᠣᠷᠴᠣᠨ ᠬᠥᠮᠦᠨ ᠪᠣᠯ ᠳᠤᠮᠳᠠᠳᠤ ᠤᠯᠤᠰ᠎ᠤᠨ ᠵᠡᠭᠦᠨ ᠬᠣᠶ᠋ᠢᠲᠤ ᠣᠷᠣᠨ᠎ᠤ ᠱ᠌ᠢ ᠸᠧᠶ ᠬᠥᠮᠦᠨ᠎ᠠᠴᠠ ᠬᠥᠭᠵᠢᠵᠦ ᠢᠷᠡᠭᠰᠡᠨ ᠭᠡᠵᠦ ᠦᠵᠡᠳᠡᠭ᠃ ᠱ᠌ᠢ ᠸᠧᠶ ᠬᠦᠮᠦᠨ ᠲᠡᠥᠬᠡᠨ ᠪᠢᠴᠢᠭ᠎ᠲᠤ ᠠᠩᠬ᠎ᠠ 《ᠸᠧᠶ ᠤᠯᠤᠰ᠎ᠤᠨ ᠪᠢᠴᠢᠭ》 ᠪᠣᠯᠤᠨ 《ᠤᠮᠠᠷᠠᠲᠤ ᠴᠢ ᠤᠯᠤᠰ᠎ᠤᠨ ᠪᠢᠴᠢᠭ》᠎ᠲᠤ ᠢᠯᠡᠷᠡᠵᠡᠢ᠂ ᠲᠣᠬᠠᠢ ᠵᠢᠨ ᠦᠶ᠎ᠡ᠎ᠳᠤ ᠱ᠌ᠢ ᠸᠧᠶ ᠬᠥᠮᠦᠨ ᠨᠢᠭᠡᠨᠲᠡ ᠳᠤᠮᠳᠠᠳᠤ ᠣᠷᠣᠨ᠎ᠤ ᠸᠠᠩᠲᠤ ᠲᠥᠷᠥ᠎ᠳᠤ ᠠᠯᠪᠠ ᠠ᠋ᠷᠭᠦᠵᠦ ᠠ᠋ᠬᠢᠯᠡᠵᠡᠶ᠃ ᠲᠠᠩ ᠤᠯᠤᠰ᠎ᠤᠨ ᠦᠶ᠎ᠡ᠎ᠳᠤ ᠵᠡᠭᠦᠨ ᠬᠣᠶ᠋ᠢᠲᠤ ᠣᠷᠣᠨ᠎ᠤ ᠱ᠌ᠢ ᠸᠧᠶ ᠬᠥᠮᠦᠨ ᠨᠢᠭᠡᠨᠲᠡ 20 ᠭᠠᠷᠤᠶ ᠠᠶ᠋ᠢᠮᠠᠭ ᠪᠣᠯᠵᠤ ᠬᠥᠭᠵᠢᠭᠡᠳ ᠲᠠᠩ ᠤᠯᠤᠰ᠎ᠠᠴᠠ ᠱ᠌ᠢ ᠸᠧᠶ ᠵᠢᠨ ᠪᠥᠬᠥᠳᠡ ᠵᠢ ᠵᠠᠬᠢᠷᠤᠭᠴᠢ ᠵᠢᠨ ᠣᠷᠳᠣᠨ᠎ᠢ ᠪᠠᠶ᠋ᠢᠭᠤᠯᠵᠤ ᠬᠠᠮᠢᠶᠠᠷᠤᠭᠤᠯᠪᠠ᠃ ᠯᠢᠶᠣᠤ ᠤᠯᠤᠰ᠎ᠤᠨ ᠦᠶ᠎ᠡ᠎ᠳᠤ ᠬᠦᠷᠦᠭᠡᠳ ᠱ᠌ᠢ ᠸᠧᠶ ᠤᠯᠤᠰ᠎ᠤᠨ ᠸᠠᠩ᠎ᠤᠨ ᠣᠷᠳᠣᠨ᠎ᠢ ᠪᠠᠶ᠋ᠢᠭᠤᠯᠵᠤ᠂ ᠱᠸᠡᠭᠽᠦᠢ᠍ᠡᠭ ᠬᠠᠭ᠋ᠠᠨ᠎ᠤ ᠦᠶ᠎ᠡ᠎ᠳᠤ ᠪᠠᠰᠠ ᠱ᠌ᠢ ᠸᠧᠶ ᠵᠢᠶᠧ ᠳ᠋ᠦ᠋ ᠱ᠌ᠢ ᠲᠦᠰᠢᠮᠡᠯ ᠲᠣᠬᠢᠷᠠᠭᠤᠯᠵᠤ᠂ ᠪᠠᠷᠠᠭᠤᠨ ᠬᠣᠶ᠋ᠢᠲᠤ ᠵᠠᠮ᠎ᠤᠨ ᠴᠡᠷᠢᠭ ᠠ᠋ᠯᠰᠡᠬᠦ ᠵᠤᠷᠭ᠋ᠠᠨ᠎ᠳᠤ ᠬᠠᠷᠢᠶᠠᠯᠠᠭᠤᠯᠤᠨ ᠠ᠋ᠨᠡ ᠬᠠᠪᠢ ᠵᠢᠨ ᠱ᠌ᠢ ᠸᠧᠶ ᠬᠥᠮᠦᠨ᠎ᠤ ᠬᠠᠮᠢᠶᠠᠷᠤᠯᠲᠠ ᠵᠢ ᠴᠢᠩᠭ᠋ᠠᠳᠬᠠᠵᠠᠶ᠃ ᠠᠯᠲᠠᠨ ᠤᠯᠤᠰ᠎ᠤᠨ ᠦᠶ᠎ᠡ᠎ᠳᠤ ᠾᠦᠸᠧ ᠯᠤ᠌ ᠾᠦᠸᠧ ᠲᠤᠸᠠᠨ ᠮᠧᠦ ᠺᠧ ᠵᠢᠨ ᠬᠠᠷᠢᠶᠠᠨ᠎ᠠᠴᠠ ᠭᠠᠳᠠᠨᠠᠬᠢ ᠬᠢᠩᠭ᠋ᠠᠨ ᠲᠠᠪᠠᠭ᠋ᠠᠨᠠᠴᠠ ᠠ᠋ᠮᠦᠨᠡᠰᠢ᠎ᠬᠢ ᠭᠠᠵᠠᠷ᠎ᠢ ᠵᠠᠬᠢᠷᠤᠨ ᠬᠠᠮᠢᠶᠠᠷᠴᠤ ᠪᠠᠶ᠋ᠢᠪᠠ᠃ ᠶᠤᠸᠠᠨ ᠤᠯᠤᠰ᠎ᠤᠨ ᠦᠶ᠎ᠡ᠎ᠳᠤ ᠣᠷᠴᠣᠨᠴᠤᠳ 《ᠤᠢ ᠵᠢᠨ ᠢᠷᠭᠡᠤᠨ》 ᠪᠠ 《ᠤᠮᠠᠷᠠᠲᠤ ᠠᠭᠤᠯᠠᠨ᠎ᠤ ᠵᠡᠷᠯᠢᠭ ᠬᠥᠮᠦᠨ》 ᠬᠡᠮᠡᠭᠳᠡᠵᠦ᠂ ᠮᠠᠰᠢ ᠥᠷᠭᠡᠨ ᠠᠭᠤᠳᠠᠮ ᠲᠠᠷᠬᠠᠯᠲᠠ᠎ᠲᠠᠢ ᠪᠠᠢ᠍ᠢ᠍ᠠᠠᠰᠠᠨ ᠪᠦᠭᠡᠤᠨ ᠯᠢᠶᠤᠤᠶᠠᠩ᠎ᠤᠨ ᠵᠠᠬᠢᠷᠭ᠋ᠠᠨ ᠮᠤᠵᠢ ᠵᠢᠨ ᠬᠠᠷᠢᠶᠠᠨ᠎ᠳᠤ ᠪᠠᠶ᠋ᠢᠵᠠᠢ᠃ ᠮᠢᠩ ᠤᠯᠤᠰ᠎ᠤᠨ ᠦᠶ᠎ᠡ᠎ᠳᠤ᠂ ᠬᠠᠷᠠᠮᠥ᠋ᠷᠡᠨ᠎ᠠᠴᠠ ᠤᠮᠠᠷᠠᠰᠢᠬᠢ 《ᠪᠤᠭᠤ ᠬᠥᠯᠥᠭᠯᠡᠨ ᠶᠠᠪᠤᠠᠠᠰᠠᠤᠨ》᠂ 《ᠤᠮᠠᠷᠠᠲᠤ ᠠᠭᠤᠯᠠᠨ᠎ᠤ ᠵᠡᠷᠯᠢᠭ ᠬᠥᠮᠦᠨ》 ᠭᠡᠳᠡᠭ᠎ᠨᠢ ᠳᠠᠷᠤᠶ ᠪᠠᠶ᠋ᠢᠭ᠋ᠠᠯ ᠨᠠᠭᠤᠷ᠎ᠠᠴᠠ ᠵᠡᠭᠦᠨᠰᠢᠬᠢ᠂ ᠬᠠᠷᠠᠮᠥ᠋ᠷᠡᠨ᠎ᠠᠴᠠ ᠤᠮᠠᠷᠠᠰᠢᠬᠢ 《ᠪᠤᠭᠤ ᠭᠡᠷᠡᠭᠯᠡᠳᠡᠭ ᠠᠶ᠋ᠢᠮᠠᠭ》᠎ᠢ ᠵᠢᠭ᠋ᠠᠵᠤ ᠪᠠᠢ᠍ᠢ᠍ᠵᠠᠢ᠂ ᠲᠤᠬᠠᠢ᠍ᠢ᠍ᠯᠠᠪᠠᠯ ᠣᠷᠴᠤᠨᠴᠣᠳ ᠪᠣᠯᠤᠨ᠎ᠠ᠃ ᠴᠢᠩ ᠤᠯᠤᠰ᠎ᠤᠨ ᠠ᠋ᠬᠢᠨ᠎ᠤ ᠦᠶ᠎ᠡ ᠵᠢᠨ ᠰᠤᠷᠪᠤᠯᠵᠢ ᠪᠢᠴᠢᠭ᠎ᠲᠤ ᠣᠷᠴᠣᠨᠴᠤᠳᠢ 《ᠤᠢ ᠵᠢᠨ ᠲᠤᠮᠳᠠᠬᠢ ᠬᠥᠮᠦᠨ》 ᠭᠡᠳᠡᠭ᠃ ᠴᠢᠩ ᠤᠯᠤᠰ᠎ᠤᠨ ᠳᠡᠭᠡᠳᠦ ᠠ᠋ᠷᠳᠡᠮ᠎ᠲᠦ ᠵᠢᠨ ᠲᠠᠪᠤᠳᠤᠭ᠋ᠠᠷ ᠣᠨ (1640 ᠣᠨ)᠎ᠳᠤ 《ᠠ᠋ᠸᠷᠲ᠋ᠤᠨ》᠎ᠨᠢ ᠣᠷᠴᠣᠨ ᠦᠨᠳᠦᠰᠦᠲᠡᠨ᠎ᠤ ᠨᠡᠷᠡᠶ᠋ᠢᠳᠦᠯ᠎ᠤᠨ ᠬᠤᠪᠢ᠎ᠪᠠᠷ ᠰᠤᠷᠪᠤᠯᠵᠢ ᠪᠢᠴᠢᠭ᠎ᠲᠤ ᠢᠯᠡᠷᠡᠭᠰᠡᠨ ᠶᠤᠮ᠃ ᠲᠤᠰ ᠵᠢᠯ᠎ᠳᠤ 《ᠰᠣᠯᠣᠨ ᠠᠶ᠋ᠢᠮᠠᠭ》᠎ᠨᠢ ᠨᠠᠢ᠍ᠮᠠᠨ ᠰᠤᠮᠤ ᠪᠣᠯᠤᠨ ᠬᠤᠪᠢᠶᠠᠭᠳᠠᠵᠤ᠂ ᠣᠷᠴᠤᠨᠴᠤᠳᠨᠢ ᠰᠣᠯᠣᠨ ᠠᠶ᠋ᠢᠮᠠᠭ᠎ᠤᠨ ᠨᠢᠭᠡ ᠬᠡᠰᠡᠭ ᠪᠣᠯᠵᠠᠢ᠃ ᠠ᠋ᠩᠬᠡ ᠠᠮᠤᠭᠤᠯᠠᠩ᠎ᠤᠨ ᠨᠠᠢ᠍ᠮᠠᠳᠤᠭ᠋ᠠᠷ ᠣᠨ (1669 ᠣᠨ)᠎ᠳᠤ ᠴᠢᠩ ᠤᠯᠤᠰ᠎ᠤᠨ ᠵᠠᠰᠠᠭ᠎ᠤᠨ ᠭᠠᠵᠠᠷ ᠨᠢᠩᠭᠦᠲ᠋ᠠ ᠵᠠᠩᠵᠤᠨ᠎ᠤ ᠳᠣᠣᠷ᠎ᠠ ᠪᠤᠳᠬ᠎ᠠ ᠵᠢᠨ ᠨᠠᠢ᠍ᠮᠠᠨ ᠬᠣᠰᠢᠭᠤ ᠵᠢ ᠪᠠᠶ᠋ᠢᠭᠤᠯᠵᠤ᠂ ᠬᠠᠷᠠᠮᠥ᠋ᠷᠡᠨ᠎ᠤ ᠳᠡᠭᠡᠳᠦ᠂ ᠳᠤᠮᠳᠠᠳᠤ ᠤᠷᠤᠰᠬᠠᠯ᠎ᠤᠨ ᠣᠷᠴᠣᠨ᠂ ᠠ᠋ᠸᠡᠩᠬᠢ᠂ ᠳᠠᠭᠤᠷ ᠵᠡᠷᠭᠡ ᠦᠨᠳᠦᠰᠦᠲᠡᠨ᠎ᠢ ᠬᠠᠮᠢᠶᠠᠷᠤᠭᠤᠯᠵᠠᠢ᠃ 《ᠬᠠᠷᠠᠮᠥ᠋ᠷᠡᠨ᠎ᠤ ᠲᠤᠬᠠᠢ ᠲᠤᠪᠴᠢ ᠦᠬᠦᠯᠡᠯ》᠎ᠳᠤ ᠲᠡᠮᠳᠡᠭᠯᠡᠭᠰᠡᠨᠢ ᠦᠨᠳᠦᠰᠦᠯᠡᠪᠡᠯ᠂ ᠲᠤᠬᠠᠶ ᠵᠢᠨ ᠦᠶ᠎ᠡ᠎ᠳᠤ ᠬᠠᠷᠠᠮᠥ᠋ᠷᠡᠨ ᠣᠷᠤᠨ᠎ᠳᠤ ᠰᠠᠭᠤᠷᠢᠰᠢᠵᠤ ᠪᠠᠶ᠋ᠢᠭᠰᠠᠨ ᠬᠥᠮᠦᠰ ᠠᠯᠢ ᠠᠶ᠋ᠢᠮᠠᠭ ᠶᠠᠰᠤᠲᠠᠨ᠎ᠳᠤ ᠬᠠᠷᠢᠶᠠᠯᠠᠭᠳᠠᠳᠠᠭ ᠴᠤ᠌ ᠪᠦᠷ ᠰᠣᠯᠣᠨ (ᠬᠠᠷᠠᠮᠥ᠋ᠷᠡᠨ᠎ᠤ ᠦᠶ᠎ᠡ ᠵᠠᠯᠭ᠋ᠠᠮᠵᠢᠯᠠᠭᠰᠠᠨ ᠬᠥᠮᠦᠨ᠎ᠢ ᠠᠶ᠋ᠢᠮᠠᠭ ᠶᠠᠰᠤᠲᠠᠨ ᠢᠯᠭ᠋ᠠᠯ ᠦᠭᠡᠢ ᠴᠦᠮ ᠰᠣᠯᠣᠨ ᠭᠡᠳᠡᠭ) ᠭᠡᠳᠡᠭ᠃

ᠲᠠᠩ ᠤᠯᠤᠰ᠎ᠤᠨ ᠦᠶ᠎ᠡ᠎ᠳᠤ ᠵᠡᠭᠦᠨ ᠬᠣᠢ᠌ᠲᠤ ᠬᠡᠰᠡᠭ᠎ᠲᠤ ᠱ᠌ᠢ ᠸᠸᠢ ᠪᠦᠭᠦᠳᠡ ᠵᠢ ᠵᠠᠬᠢᠷᠤᠭᠴᠢ ᠵᠢᠨ ᠣᠷᠳᠤᠨ᠎ᠢ ᠪᠠᠢ᠌ᠭᠤᠯᠵᠤ ᠬᠠᠮᠢᠶᠠᠷᠠᠭᠤᠯᠪᠠ
( ᠵᠢᠷᠤᠭ᠎ᠤᠨ ᠢᠷᠡᠯᠲᠡ᠄ ᠲᠠᠨ ᠴᠢ ᠰᠢᠶᠠᠩ᠎ᠤᠨ ᠲᠡᠥᠭᠡ ᠵᠢᠨ ᠭᠠᠵᠠᠷ᠎ᠤᠨ ᠵᠢᠷᠤᠭ᠎ᠤᠨ ᠲᠡᠭᠦᠪᠦᠷᠢ)
ᠵᠠᠶ᠋ᠢᠯᠠᠭᠤᠯᠵᠤ ᠪᠣᠯᠤᠰᠢ ᠦᠭᠡᠢ ᠵᠢᠷᠦᠮ ᠵᠢᠡᠷ ᠠᠭᠤᠯᠠᠨ᠎ᠠᠴᠠ ᠪᠠᠭᠤᠵᠤ ᠤᠯᠤᠰ᠎ᠲᠤ᠎ᠪᠠᠨ ᠵᠢᠳᠭᠦᠪᠡ
ᠴᠢᠩ ᠤᠯᠤᠰ᠎ᠤᠨ ᠦᠶ᠎ᠡ᠎ᠳᠤ ᠰᠣᠯᠣᠨ ᠠᠶ᠋ᠢᠮᠠᠭ᠎ᠲᠤ ᠬᠤᠪᠢᠶᠠᠭᠳᠠᠨ ᠤᠷᠤᠭᠰᠠᠨ ᠣᠷᠴᠤᠨᠴᠣᠳ ᠴᠢᠩ ᠤᠯᠤᠰ᠎ᠤᠨ ᠴᠡᠷᠢᠭ᠎ᠤᠨ ᠭᠣᠣᠯ ᠪᠠᠶ᠋ᠢᠯᠳᠤᠬᠤ ᠬᠦᠴᠦᠨ᠎ᠤ ᠨᠢᠭᠡ᠎ᠨᠢ ᠪᠤᠯᠵᠤ᠂ ᠶᠡᠬᠡᠳᠡ ᠴᠢᠬᠤᠯᠠᠴᠢᠯᠠᠠᠠᠳᠠᠵᠤ ᠪᠠᠶ᠋ᠢᠠᠠᠰᠠᠨ ᠶᠤᠮ᠃ ᠲᠡᠳᠡ ᠬᠡᠳᠦᠶ᠋ᠢᠪᠡᠷ ᠮᠠᠨ᠎ᠤ ᠤᠯᠤᠰ᠎ᠤᠨ ᠵᠡᠭᠦᠨ ᠬᠣᠶ᠋ᠢᠲᠤ ᠬᠢᠵᠠᠭ᠋ᠠᠷᠲᠤ ᠰᠠᠭᠤᠷᠢᠰᠢᠳᠠᠭ ᠪᠣᠯᠪᠠᠴᠤ ᠤᠯᠤᠰ ᠣᠷᠣᠨ ᠬᠡᠷᠡᠭᠴᠡᠭᠡ᠎ᠲᠠᠢ ᠪᠣᠯᠤᠮᠠᠭᠴᠠ ᠲᠦᠮᠡᠨ ᠭᠠᠵᠠᠷ᠎ᠤᠨ ᠠᠯᠤᠰ᠎ᠢ ᠬᠠᠢ᠍ᠢ᠍ᠬᠤᠷᠤᠯ ᠦᠭᠡᠢ᠎ᠪᠠᠷ ᠤᠯᠤᠰ᠎ᠤᠨ ᠤᠷᠢᠶᠠᠯᠠᠭ᠎ᠠ ᠵᠢ ᠦᠨᠡᠨᠴᠢ᠎ᠪᠠᠷ ᠲᠠᠭ᠋ᠠᠳᠠᠭ᠃ ᠺᠦᠷᠺᠤᠨ ᠳᠠᠶ᠋ᠢᠯᠠᠯᠳᠤᠭ᠋ᠠᠨ᠎ᠳᠤ ᠨᠡᠩ ᠴᠤ᠌ ᠰᠣᠯᠣᠨ ᠠᠶ᠋ᠢᠮᠠᠭ᠎ᠤᠨ ᠠ᠋ᠷᠡᠯᠬᠡᠭ ᠪᠠᠭ᠋ᠠᠲᠤᠷᠯᠢᠭ ᠦᠨᠡᠨᠴᠢ ᠰᠢᠳᠤᠷᠭᠤ᠎ᠪᠠᠨ ᠳᠤᠮᠳᠠᠳᠤ ᠤᠯᠤᠰ ᠵᠢᠨ ᠠ᠋ᠬᠡ ᠭᠠᠵᠠᠷ᠎ᠲᠤ ᠲᠠᠭᠤᠷᠢᠰᠤᠭᠤᠯᠤᠠᠠᠰᠠᠨ ᠪᠠᠶ᠋ᠢᠨ᠎ᠠ᠃
1788 ᠣᠨ ᠪᠠ 1791 ᠣᠨ᠎ᠳᠤ ᠺᠦᠷᠺ ᠤᠯᠤᠰ᠎ᠤᠨ ᠴᠡᠷᠢᠭ ᠵᠠᠯᠭ᠋ᠠᠭ᠎ᠠ᠎ᠪᠠᠷ ᠬᠣᠶᠠᠷ ᠤᠳᠠᠭ᠎ᠠ ᠮᠠᠨ᠎ᠤ ᠤᠯᠤᠰ᠎ᠤᠨ ᠲᠥᠪᠡᠳ ᠣᠷᠣᠨ᠎ᠢ ᠳᠦᠷᠢᠮᠡᠬᠡᠶ᠋ᠢᠯᠡᠵᠦ᠂ ᠬᠣᠶᠠᠳᠤᠭ᠋ᠠᠷ ᠤᠳᠠᠭ᠎ᠠ ᠳᠦᠷᠢᠮᠡᠬᠡᠶ᠋ᠢᠯᠡᠬᠦᠳᠤᠪᠠᠨ ᠰᠢᠭ᠋ᠠᠽᠸ ᠵᠢᠨ ᠷᠠᠰᠢᠯᠤᠮᠪᠤ ᠬᠡᠶ᠋ᠢᠳ ᠬᠦᠷᠲᠡᠯ᠎ᠡ ᠳᠠᠭ᠋ᠠᠷᠢᠵᠤ᠂ ᠵᠠᠮ ᠲᠤᠷᠰᠢ ᠲᠤᠷ᠎ᠠ ᠵᠤᠷᠢᠭ ᠵᠢᠡᠷ ᠰᠠᠮᠠᠭᠤᠷᠠᠨ ᠳᠡᠭᠡᠷᠡᠮᠳᠡᠵᠦ᠂ ᠴᠢᠩ ᠤᠯᠤᠰ᠎ᠤᠨ ᠲᠥᠷᠥ᠎ᠠᠴᠠ ᠵᠢᠷᠭᠤᠳᠤᠭ᠋ᠠᠷ ᠳᠦᠷᠢ ᠵᠢᠨ ᠪᠠᠨᠴᠢᠨ ᠠ᠋ᠷᠭᠦᠮᠵᠢᠯᠡᠭᠰᠡᠨ ᠠᠯᠲᠠᠨ ᠳᠡᠪᠲᠡᠷ᠎ᠢ ᠴᠤ᠌ ᠳᠠᠶ᠋ᠢᠨ᠎ᠤ ᠣᠯᠵᠠ ᠪᠣᠯᠭ᠋ᠠᠨ ᠪᠤᠯᠢᠶᠠᠵᠤ ᠠᠪᠠᠴᠢᠵᠠᠶ᠃ ᠠ᠋ᠶ᠋ᠢᠨ ᠬᠦ᠌ ᠭᠤᠲᠤᠮᠰᠢᠭᠲᠤ ᠲᠩᠷᠢ ᠲᠡᠳᠬᠦᠭᠴᠢ ᠬᠠᠭ᠋ᠠᠨ ᠶᠡᠬᠡᠳᠡ ᠬᠢᠯᠢᠩᠨᠡᠵᠦ᠂ ᠳᠠᠷᠤᠶᠳᠤᠨᠢ ᠲᠥᠪᠡᠳ᠂ ᠰᠧᠴᠤᠸᠠᠨ᠂ ᠬᠥᠬᠡᠨᠠᠭᠤᠷ᠂ ᠬᠠᠷᠠᠮᠥ᠋ᠷᠡᠨ ᠵᠡᠷᠭᠡ ᠭᠠᠵᠠᠷ᠎ᠠᠴᠠ ᠴᠡᠷᠢᠭ ᠲᠠᠲᠠᠵᠤ᠂ ᠲᠦᠷᠢᠮᠡᠬᠡᠶ᠋ᠢᠯᠡᠭᠴᠢ ᠵᠢ ᠭᠡᠳᠡᠷᠭᠦ ᠴᠣᠬᠢᠵᠠᠶ᠃ ᠠ᠋ᠭᠦᠨ᠎ᠳᠤ ᠬᠠᠮᠤᠭ᠎ᠤᠨ ᠬᠤᠯᠠ ᠠᠶᠠᠯᠠᠵᠤ ᠬᠦᠷᠦᠭᠰᠡᠨ᠎ᠨᠢ ᠬᠠᠷᠠᠮᠥ᠋ᠷᠡᠨ᠎ᠤ 《ᠰᠣᠯᠣᠨᠳᠠ ᠴᠡᠷᠢᠭ》 ᠶᠤᠮ᠃
ᠰᠣᠯᠣᠨ ᠴᠡᠷᠢᠭ ᠭᠦᠢ᠍ᠳᠡᠨ ᠵᠡᠪᠰᠡᠭ᠎ᠤᠨ ᠲᠤᠯᠤᠯᠳᠤᠭ᠋ᠠᠨᠳᠤ ᠭᠠᠷᠮᠠᠭ᠋ᠠᠶ᠂ ᠬᠡᠳᠦᠶ᠋ᠢᠪᠡᠷ ᠬᠥᠮᠦᠨ᠎ᠤ ᠲᠣᠭ᠎ᠠ᠎ᠨᠢ ᠲᠤᠬᠠᠶ ᠵᠢᠨ ᠦᠶ᠎ᠡ ᠵᠢᠨ ᠴᠢᠩ ᠤᠯᠤᠰ᠎ᠤᠨ ᠴᠡᠷᠢᠭ᠎ᠤᠨ ᠶᠡᠷᠦᠩᠬᠡᠶ ᠲᠣᠭ᠋ᠠᠨ᠎ᠤ ᠠᠷᠪᠠᠨ᠎ᠤ ᠨᠢᠭᠡ ᠬᠤᠪᠢ᠎ᠳᠤ ᠴᠤ᠌ ᠬᠦᠷᠬᠦ ᠦᠭᠡᠢ ᠪᠣᠯᠪᠠᠴᠤ ᠲᠤᠬᠠᠶ ᠵᠢᠨ ᠦᠶ᠎ᠡ ᠵᠢᠨ ᠴᠢᠩ ᠤᠯᠤᠰ᠎ᠤᠨ ᠴᠡᠷᠢᠭ᠎ᠤᠨ ᠴᠢᠬᠤᠯᠠ ᠪᠠᠶ᠋ᠢᠯᠳᠤᠬᠤ ᠬᠦᠴᠦᠨ ᠪᠣᠯᠤᠭᠰᠠᠨ ᠪᠠᠶ᠋ᠢᠨ᠎ᠠ᠃ ᠠᠶᠠᠨ ᠳᠠᠶ᠋ᠢᠨ᠎ᠤ ᠳᠤᠮᠳᠠ ᠰᠣᠯᠣᠨ ᠴᠡᠷᠢᠭ ᠬᠠᠮᠤᠭ᠎ᠤᠨ ᠬᠣᠯᠠ᠎ᠠᠴᠠ ᠢᠷᠡᠬᠦ ᠪᠣᠯᠬᠣᠷ ᠬᠠᠮᠤᠭ᠎ᠤᠨ ᠣᠷᠣᠢ ᠳᠠᠶ᠋ᠢᠨ᠎ᠤ ᠲᠠᠯᠠᠪᠤᠷ᠎ᠲᠤ ᠬᠦᠷᠦᠨ᠎ᠡ᠃ ᠲᠤᠬᠠᠶ ᠵᠢᠨ ᠦᠶ᠎ᠡ᠎ᠳᠤ ᠴᠢᠩ ᠤᠯᠤᠰ᠎ᠤᠨ ᠴᠡᠷᠢᠭ ᠠ᠋ᠷᠲᠡᠬᠡᠨ ᠳᠠᠶ᠋ᠢᠨ ᠠ᠋ᠬᠢᠯᠡᠬᠦ ᠵᠢ ᠬᠦᠰᠡᠵᠦ ᠪᠠᠶ᠋ᠢᠭᠰᠠᠨ ᠪᠣᠯᠪᠠᠴᠤ ᠲᠩᠷᠢ ᠲᠡᠳᠬᠦᠭᠴᠢ ᠬᠠᠭ᠋ᠠᠨ ᠰᠣᠯᠣᠨ ᠴᠡᠷᠢᠭ ᠬᠦᠷᠴᠦ ᠢᠷᠡᠭᠰᠡᠨ ᠬᠣᠶ᠋ᠢᠨ᠎ᠠ ᠭᠡᠳᠡᠷᠭᠦ ᠳᠠᠭ᠋ᠠᠷᠢᠬᠤ ᠵᠢ ᠪᠠᠷᠢᠮᠳᠠᠯᠠᠪᠠ᠂ ᠢᠨᠭᠬᠢᠵᠦ ᠢᠲᠡᠭᠡᠵᠤ ᠪᠠᠢ᠍ᠢ᠍ᠬᠤ᠎ᠨᠢ ᠲᠤᠬᠠᠶ ᠵᠢᠨ ᠦᠶ᠎ᠡ᠎ᠳᠠᠬᠢ ᠰᠣᠯᠣᠨ ᠴᠡᠷᠢᠭ᠎ᠤᠨ ᠪᠠᠶ᠋ᠢᠷᠢ ᠰᠠᠭᠤᠷᠢ ᠵᠢ ᠬᠠᠷᠠᠭᠤᠯᠤᠭᠰᠠᠨ ᠶᠤᠮ᠃
ᠰᠣᠯᠣᠨ ᠠᠶ᠋ᠢᠮᠠᠭ᠎ᠤᠨ᠎ᠬᠢᠨ ᠲᠩᠷᠢ ᠲᠡᠳᠬᠦᠭᠴᠢ ᠬᠠᠭ᠋ᠠᠨ᠎ᠤ ᠬᠦᠨᠳᠦᠳᠬᠡᠯ᠎ᠢ ᠬᠥᠰᠡᠷᠳᠡᠭᠦᠯᠦᠭᠡ ᠦᠭᠡᠢ᠂ ᠳᠣᠲᠣᠷ᠎ᠠ ᠭᠠᠵᠠᠷ᠎ᠤᠨ ᠨᠠᠢ᠍ᠮᠠᠨ ᠬᠣᠰᠢᠭᠤᠨ᠎ᠤ ᠴᠡᠷᠢᠭ ᠠ᠋ᠳᠦᠷ ᠢᠷᠡᠬᠦᠶ᠎ᠡ ᠢᠯᠵᠠᠷᠠᠨ ᠳᠣᠷᠣᠶ᠋ᠢᠳᠠᠵᠤ ᠪᠠᠶ᠋ᠢᠭᠰᠠᠨ ᠦᠶ᠎ᠡ᠎ᠳᠤ ᠰᠣᠯᠣᠨ ᠠᠶ᠋ᠢᠮᠠᠭ᠎ᠤᠨ᠎ᠬᠢᠨ ᠬᠠᠷᠠᠮᠥ᠋ᠷᠡᠨ᠎ᠤ ᠰᠢᠯᠢᠳᠡᠭ ᠴᠡᠷᠢᠭ ᠠᠩᠭᠢ ᠪᠣᠯᠤᠭᠰᠠᠨ᠎ᠤ ᠬᠤᠪᠢ᠎ᠳᠤ 《ᠴᠡᠷᠢᠭ᠎ᠤᠨ ᠬᠦᠷᠢᠶᠡᠨ᠎ᠤ ᠰᠣᠷᠢᠯᠲᠠ》 ᠵᠡᠷᠭᠡ ᠬᠡᠯᠪᠡᠷᠢ᠎ᠪᠠᠷ ᠵᠢᠩᠬᠢᠨᠢ ᠪᠠᠶ᠋ᠢᠯᠳᠤᠭ᠋ᠠᠨᠢ ᠳᠠᠭᠤᠷᠢᠶᠠᠨ ᠪᠣᠯᠪᠠᠰᠤᠷᠠᠵᠤ᠂ 《ᠨᠤᠮᠤ ᠰᠤᠮᠤ᠎ᠪᠠᠷ ᠠᠷᠢᠶᠠᠲᠠᠨ ᠠᠩᠨᠠᠵᠤ》 ᠵᠡᠪᠰᠡᠭ ᠵᠶ᠋ᠠᠨ ᠰᠠᠶ᠋ᠢᠵᠢᠷᠠᠭᠤᠯᠵᠤ᠂ ᠪᠠᠶ᠋ᠢᠯᠳᠤᠬᠤ ᠬᠦᠴᠦᠨ ᠵᠶ᠋ᠡᠨ ᠬᠠᠳᠠᠭ᠋ᠠᠯᠠᠭᠰᠠᠭ᠋ᠠᠷ ᠪᠠᠶ᠋ᠢᠪᠠ᠃ 1792 ᠣᠨ᠎ᠤ ᠢᠯᠡᠭᠦᠦ 4 ᠳ᠋ᠤᠭᠡᠷ ᠰᠠᠷ᠎ᠠ᠎ᠳᠤ ᠰᠣᠯᠣᠨᠤ ᠴᠡᠷᠢᠭ ᠰᠢᠭ᠋ᠠᠽᠸ ᠵᠢᠨ ᠠ᠋ᠮᠦᠨ᠎ᠡ ᠹᠷᠣᠨᠲ᠎ᠲᠤ ᠬᠦᠷᠦᠭᠰᠡᠨ᠎ᠤ ᠳᠠᠷᠠᠭ᠎ᠠ ᠠᠶᠠᠨ ᠵᠠᠮ᠎ᠤᠨ ᠶᠠᠳᠠᠷᠠᠯ ᠵᠦᠳᠡᠷᠡᠯ᠎ᠢ ᠬᠠᠶ᠋ᠢᠬᠤᠷᠤᠯ ᠦᠭᠡᠢ᠎ᠪᠠᠷ ᠳᠠᠷᠤᠶ᠋ᠢᠬᠠᠨ ᠪᠠᠶ᠋ᠢᠯᠳᠤᠭ᠋ᠠᠨ᠎ᠳᠤ ᠣᠷᠣᠯᠴᠠᠪᠠ᠃ ᠠᠩᠬᠠᠨ᠎ᠤ ᠪᠠᠶ᠋ᠢᠯᠳᠤᠭ᠋ᠠᠨ᠎ᠳᠤ ᠵᠢᠷᠭᠤᠭ᠋ᠠᠨ ᠵᠠᠭᠤᠨ ᠺᠦᠷᠺ ᠴᠡᠷᠢᠭ᠎ᠢ ᠰᠦᠨᠦᠭᠡᠵᠦ᠂ ᠬᠣᠶᠠᠷ ᠵᠠᠭᠤ ᠭᠠᠷᠤᠶ ᠴᠡᠷᠢᠭ᠎ᠢ ᠤᠯᠵᠠᠯᠠᠵᠠᠢ᠃ ᠮᠠᠨᠵᠤ ᠦᠭᠡᠨ᠎ᠳᠤ 《ᠰᠣᠯᠣᠨ》 ᠭᠡᠳᠡᠭ ᠦᠭᠡ ᠶᠡᠷᠦ᠎ᠨᠢ ᠬᠣᠰᠢᠭᠤᠴᠢ ᠭᠡᠰᠡᠨ ᠤᠳᠬ᠎ᠠ᠎ᠲᠠᠢ ᠶᠤᠮ᠃ ᠠ᠋ᠨᠡ ᠬᠦ᠌ ᠰᠠᠯᠠᠭ᠎ᠠ ᠬᠣᠰᠢᠭᠤᠴᠢ ᠴᠡᠷᠢᠭ᠎ᠨᠢ ᠨᠡᠩ ᠭᠠᠷᠮᠠᠭ᠋ᠠᠶ ᠪᠠᠢ᠍ᠢ᠍ᠯᠳᠤᠵᠤ᠂ ᠺᠦᠷᠺᠤᠨ ᠲᠦᠷᠢᠮᠡᠬᠡᠢ ᠴᠡᠷᠢᠭ᠎ᠢ ᠰᠦᠨᠡᠰᠦ ᠵᠢ᠎ᠨᠢ ᠭᠠᠷᠳᠠᠯ᠎ᠠ ᠴᠣᠬᠢᠭᠰᠠᠨ ᠪᠠᠶ᠋ᠢᠨ᠎ᠠ᠃

ᠴᠢᠩ ᠤᠯᠤᠰ᠎ᠤᠨ ᠺᠦᠷᠺᠠᠴᠠ ᠲᠥᠪᠡᠳ᠎ᠢ ᠳᠦᠷᠢᠮᠡᠬᠡᠢ᠌ᠯᠡᠭᠰᠡᠨᠢ ᠭᠡᠳᠡᠷᠭᠦ ᠴᠣᠬᠢᠭᠰᠠᠨ ᠳᠠᠢ᠌ᠨ᠎ᠤ ᠵᠢᠷᠤᠭ ( ᠵᠢᠷᠤᠭ᠎ᠤᠨ ᠢᠷᠡᠯᠲᠡ᠄ ᠳᠤᠮᠳᠠᠲᠤ ᠤᠯᠤᠰ᠎ᠤᠨ ᠤᠯᠤᠰ᠎ᠤᠨ ᠭᠠᠵᠠᠷ ᠵᠦᠢ)
ᠲᠡᠭᠦᠨ᠎ᠠᠴᠠ ᠬᠣᠶ᠋ᠢᠰᠢᠬᠢ ᠬᠡᠳᠦᠨ ᠰᠠᠷ᠎ᠠ᠎ᠳᠤ ᠴᠢᠩ ᠤᠯᠤᠰ᠎ᠤᠨ ᠴᠡᠷᠢᠭ ᠠᠭᠤᠯᠠ ᠳᠠᠪᠠᠭ᠎ᠠ ᠵᠢ ᠳᠠᠪᠠᠵᠤ᠂ ᠺᠦᠷᠺᠤᠨ ᠲᠦᠷᠢᠮᠡᠬᠡᠶ᠋ᠢᠯᠡᠯ᠎ᠢ ᠭᠡᠳᠡᠷᠭᠦ ᠴᠣᠬᠢᠪᠠ᠃ ᠠ᠋ᠮᠦᠨ᠎ᠡ ᠹᠷᠣᠨᠲ᠎ᠤᠨ ᠬᠠᠮᠤᠭ᠎ᠤᠨ ᠬᠠᠲᠠᠭᠤᠵᠢᠯᠲᠠᠢ ᠪᠠᠶ᠋ᠢᠯᠳᠤᠭ᠋ᠠᠨ᠂ ᠰᠢᠪᠲᠤᠯᠬᠤ᠎ᠳᠤ ᠬᠠᠮᠤᠭ᠎ᠤᠨ ᠬᠦᠴᠢᠷ ᠪᠣᠭᠣᠮᠲᠠ᠎ᠳᠤ ᠰᠣᠯᠣᠨ ᠴᠡᠷᠢᠭ ᠤᠯᠠᠨ ᠤᠳᠠᠭ᠎ᠠ ᠬᠤᠰᠢᠭᠤᠴᠢᠯᠠᠨ ᠳᠠᠭ᠋ᠠᠷᠢᠵᠤ᠂ ᠲᠡᠳᠡᠨ᠎ᠤ ᠵᠡᠪᠰᠡᠭ ᠲᠣᠨᠣᠭᠯᠠᠯ᠎ᠨᠢ ᠰᠢᠯᠢᠳᠡᠭ ᠰᠠᠢ᠍ᠢ᠍ᠨ ᠪᠠᠶ᠋ᠢᠵᠤ᠂ ᠴᠤᠴᠠᠯᠲᠠ ᠦᠭᠡᠢ ᠤᠷᠤᠭᠰᠢᠯᠠᠪᠠ᠃ ᠴᠢᠩ ᠤᠯᠤᠰ᠎ᠤᠨ ᠴᠡᠷᠢᠭ ᠺᠦᠷᠺ ᠬᠣᠲᠠ ᠵᠢᠨ ᠺᠠᠳ᠋ᠮᠠᠨᠠᠴᠠ ᠠᠷᠪᠠᠨ ᠺᠢᠯᠤᠮᠸᠲᠸᠷ ᠬᠢᠷᠢ ᠵᠠᠶ᠋ᠢᠲᠠᠶ ᠭᠠᠵᠠᠷ᠎ᠲᠤ ᠬᠦᠷᠲᠡᠯ᠎ᠡ ᠪᠠᠶ᠋ᠢᠯᠳᠤᠵᠤ᠂ ᠺᠦᠷᠺ ᠤᠯᠤᠰ᠎ᠤᠨ ᠸᠠᠩ ᠰᠢᠬᠠᠮᠳᠠᠭᠳᠠᠨ ᠰᠠᠨᠠᠭ᠋ᠠᠴᠢᠯᠠᠭ᠎ᠠ᠎ᠠᠴᠠ᠎ᠪᠠᠨ ᠨᠠᠶ᠋ᠢᠷᠠᠮᠳᠠᠬᠤ ᠵᠢ ᠭᠤᠶᠤᠵᠠᠢ᠃ ᠠ᠋ᠬᠦᠨ᠎ᠳᠤ ᠬᠤᠰᠢᠭᠤᠴᠢᠯᠠᠨ ᠪᠠᠢ᠍ᠢ᠍ᠯᠳᠤᠵᠤ ᠶᠠᠪᠤᠭᠰᠠᠨ ᠰᠣᠯᠣᠨ ᠴᠡᠷᠢᠭ ᠴᠢᠬᠤᠯᠠ ᠭᠠᠪᠢᠶ᠎ᠠ ᠪᠠᠶ᠋ᠢᠭᠤᠯᠤᠠᠠᠰᠠᠨ ᠶᠤᠮ᠃

ᠺᠦᠷᠺᠢ ᠲᠥᠪᠰᠢᠳᠬᠡᠵᠦ ᠳᠠᠢ᠌ᠨ᠎ᠤ ᠢᠯᠠᠯᠲᠠ ᠣᠯᠣᠭᠰᠠᠨ ᠵᠢᠷᠤᠭ ( ᠵᠢᠷᠤᠭ᠎ᠤᠨ ᠢᠷᠡᠯᠲᠡ᠄ ᠬᠠᠭ᠋ᠠᠨ᠎ᠤ ᠣᠷᠳᠤᠨ᠎ᠤ ᠮᠦᠽᠸᠢ)
ᠰᠣᠯᠣᠨ ᠴᠡᠷᠢᠭ ᠠ᠋ᠨᠡ ᠤᠳᠠᠭ᠎ᠠ ᠠᠭᠤᠯᠠᠨ᠎ᠠᠴᠠ ᠪᠠᠭᠤᠭᠰᠠᠨ᠎ᠨᠢ ᠮᠠᠨ᠎ᠤ ᠤᠯᠤᠰ᠎ᠤᠨ ᠪᠠᠷᠠᠭᠤᠨ ᠠ᠋ᠮᠦᠨᠡᠲᠦ ᠵᠢᠨ ᠬᠢᠯᠢ ᠵᠢᠨ ᠬᠠᠮᠠᠭ᠋ᠠᠯᠠᠯᠲᠠ ᠵᠢᠨ ᠠᠮᠤᠷ ᠲᠦᠪᠰᠢᠨ᠎ᠢ ᠠᠮᠵᠢᠯᠲᠠ᠎ᠲᠠᠢ ᠪᠠᠳᠤᠯᠠᠭᠰᠠᠨ ᠵᠶ᠋ᠠᠷ ᠪᠠᠷᠠᠬᠤ ᠦᠭᠡᠢ ᠴᠢᠩ ᠤᠯᠤᠰ᠎ᠤᠨ ᠲᠥᠪᠡᠳᠲᠠᠬᠢ ᠠ᠋ᠷᠬᠡ ᠮᠡᠳᠡᠯ᠎ᠢ ᠴᠤ᠌ ᠪᠡᠬᠢᠵᠢᠭᠦᠯᠵᠡᠶ᠃ ᠠ᠋ᠭᠦᠨ᠎ᠠᠴᠠ ᠬᠣᠶ᠋ᠢᠰᠢ ᠰᠣᠯᠣᠨ ᠴᠡᠷᠢᠭ ᠳᠠᠶ᠋ᠢᠨ ᠪᠠᠶ᠋ᠢᠯᠳᠤᠭ᠋ᠠᠨ᠎ᠳᠤ ᠭᠠᠷᠮᠠᠭ᠋ᠠᠶ᠎ᠪᠠᠷ ᠵᠶ᠋ᠠᠨ ᠨᠡᠷ᠎ᠡ ᠠᠯᠳᠠᠷᠰᠢᠵᠠᠶ᠃
ᠴᠡᠷᠢᠭ ᠠᠷᠠᠳ ᠰᠡᠳᠬᠢᠯ ᠨᠢᠭᠡᠳᠦᠨ ᠠᠭᠤᠯᠠᠨ᠎ᠠᠴᠠ ᠪᠠᠭᠤᠵᠤ ᠶᠠᠫᠣᠨ᠎ᠢ ᠠ᠋ᠰᠡᠷᠭᠦᠴᠡᠪᠡ
ᠣᠷᠴᠣᠨ ᠦᠨᠳᠦᠰᠦᠲᠡᠨ ᠳᠠᠬᠢᠨᠲᠠ ᠠᠭᠤᠯᠠᠨ᠎ᠠᠴᠠ ᠪᠠᠭᠤᠬᠤ ᠦᠶᠡᠰ ᠳᠤᠮᠳᠠᠳᠤ ᠤᠯᠤᠰ ᠶᠠᠭ ᠠᠭᠤᠯᠠ ᠤᠰᠤ ᠲᠠᠯᠬᠢᠭᠳᠠᠭᠰᠠᠨ ᠬᠦᠨᠳᠦ ᠬᠡᠴᠡᠭᠦᠦ ᠪᠠᠶ᠋ᠢᠳᠠᠯ᠎ᠳᠤ ᠲᠤᠯᠭ᠋ᠠᠷᠠᠵᠤ᠂ ᠳᠤᠮᠳᠠᠳᠤ ᠵᠢᠨ ᠦᠨᠳᠦᠰᠦᠲᠡᠨ ᠬᠠᠮᠤᠭ᠎ᠤᠨ ᠲᠦᠭᠰᠢᠭᠦᠷᠢᠲᠡᠢ ᠲᠡᠦᠬᠡ ᠵᠢᠨ ᠵᠠᠩᠭᠢᠯᠠᠭ᠎ᠠ ᠵᠢᠨ ᠴᠠᠭ ᠦᠶ᠎ᠡ᠎ᠳᠤ ᠣᠷᠤᠭ᠋ᠠᠳ ᠪᠠᠶ᠋ᠢᠪᠠ᠃ ᠣᠷᠴᠣᠨ ᠦᠨᠳᠦᠰᠦᠲᠡᠨ ᠪᠣᠯᠤᠨ ᠲᠤᠬᠠᠢ ᠵᠢᠨ ᠭᠠᠵᠠᠷ᠎ᠤᠨ ᠦᠨᠳᠦᠰᠦᠲᠡᠨ᠎ᠨᠦᠭᠦᠳ᠎ᠤᠨ ᠠᠬ᠎ᠠ ᠳᠡᠭᠦᠦ ᠨᠡᠷ ᠪᠦᠯᠬᠦᠮᠳᠡᠨ ᠲᠡᠮᠡᠴᠡᠵᠦ ᠶᠡᠬᠡ ᠬᠢᠩᠭ᠋ᠠᠨ ᠲᠠᠪᠠᠭ᠋ᠠᠨᠳᠤ ᠰᠢᠨ᠎ᠡ ᠤᠷᠳᠤ ᠴᠠᠭ᠋ᠠᠨ ᠬᠡᠷᠡᠮ᠎ᠢ ᠴᠣᠭᠴᠠᠯᠠᠵᠤ᠂ ᠤᠯᠤᠰ ᠣᠷᠤᠨ᠎ᠤ ᠣᠷᠣᠰᠢᠨ ᠲᠣᠭᠲᠠᠨᠢᠯ ᠪᠠ ᠦᠨᠳᠦᠰᠦᠲᠡᠨ᠎ᠤ ᠰᠡᠷᠭᠦᠨ ᠮᠠᠨᠳᠤᠯᠲᠠ᠎ᠳᠤ ᠪᠠᠯᠠᠷᠠᠰᠢ ᠦᠭᠡᠢ ᠬᠤᠪᠢ ᠨᠡᠮᠡᠷᠢ ᠦᠵᠡᠭᠦᠯᠪᠡ᠃

ᠵᠡᠭᠦᠨ ᠬᠣᠢ᠌ᠲᠤ ᠵᠢᠨ ᠶᠠᠫᠤᠨ᠎ᠢ ᠡᠰᠡᠷᠭᠦᠴᠡᠬᠦ ᠬᠣᠯᠪᠤᠭ᠋ᠠᠲᠤ ᠴᠡᠷᠢᠭ᠎ᠤᠨ ᠪᠠᠢ᠌ᠯᠳᠤᠭᠴᠢ ᠶᠠᠫᠤᠨ ᠳᠥᠷᠢᠮᠡᠬᠡᠢ᠌ᠯᠡᠭᠴᠢᠳᠢ ᠪᠥᠭᠬᠦᠨ ᠴᠣᠬᠢᠵᠤ ᠪᠠᠢ᠌ᠭ᠎ᠠ᠎ᠨᠢ (ᠵᠢᠷᠤᠭ᠎ᠤᠨ ᠢᠷᠡᠯᠲᠡ᠄ ᠣᠷᠴᠤᠨᠴᠤᠳ ᠨᠡᠢ᠌ᠲᠡᠯᠡᠯ)
ᠶᠢᠰᠦᠨ ᠰᠠᠷ᠎ᠠ ᠵᠢᠨ ᠠᠷᠪᠠᠨ ᠨᠠᠢ᠍ᠮᠠᠨ᠎ᠤ ᠬᠡᠷᠡᠭ ᠬᠤᠪᠢᠰᠤᠯ ᠠ᠋ᠭᠦᠰᠦᠭᠰᠡᠨᠤ ᠳᠠᠷᠠᠭ᠎ᠠ᠂ ᠶᠠᠫᠣᠨ᠎ᠤ ᠲᠦᠷᠢᠮᠡᠬᠡᠶ᠋ᠢᠯᠡᠭᠴᠢᠳ ᠣᠷᠴᠣᠨ ᠦᠨᠳᠦᠰᠦᠲᠡᠨ᠎ᠤ ᠠᠷᠠᠳ ᠲᠦᠮᠡᠨ᠎ᠤ ᠠ᠋ᠰᠡᠷᠭᠦᠴᠡᠯᠢ ᠳᠠᠷᠤᠩᠭᠤᠶ᠋ᠢᠯᠠᠬᠤ ᠵᠢᠨ ᠲᠥᠯᠥᠭᠡ ᠺᠣᠯᠣᠨᠢ ᠵᠢᠨ ᠨᠣᠶᠠᠷᠬᠠᠯ ᠵᠶ᠋ᠠᠨ ᠴᠢᠩᠭ᠋ᠠᠳᠬᠠᠵᠠᠶ᠃ 1938 ᠣᠨ᠎ᠳᠤ ᠶᠠᠫᠣᠨ᠎ᠤ ᠭᠤᠸᠠᠨ ᠳ᠋ᠦᠩ ᠵᠢᠶᠦ᠋ᠨ ᠴᠡᠷᠢᠭ 《ᠵᠢᠯᠣᠭᠣᠳᠬᠤ ᠬᠥᠲᠥᠯᠪᠦᠷᠢ》 ᠲᠣᠭᠲᠠᠭ᠋ᠠᠵᠤ᠂ ᠬᠠᠷ᠎ᠠ ᠲᠠᠮᠠᠬᠢ ᠵᠡᠷᠭᠡ ᠠᠷᠭ᠎ᠠ ᠪᠠᠷᠢᠯ᠎ᠢ ᠠᠰᠢᠭᠯᠠᠨ ᠣᠶᠤᠨ ᠰᠠᠨᠠᠭ᠎ᠠ ᠪᠠ ᠪᠡᠶ᠎ᠡ ᠮᠠᠬᠠᠪᠣᠳ᠎ᠤᠨ ᠲᠠᠯ᠎ᠠ᠎ᠪᠠᠷ ᠣᠷᠴᠣᠨ ᠦᠨᠳᠦᠰᠦᠲᠡᠨ᠎ᠢ ᠬᠢᠵᠠᠭ᠋ᠠᠷᠯᠠᠨ ᠬᠣᠣᠷᠯᠠᠵᠤ᠂ ᠲᠡᠳᠡᠨ᠎ᠤ ᠠ᠋ᠰᠡᠷᠭᠦᠴᠡᠬᠦ ᠵᠣᠷᠢᠭ ᠰᠠᠨᠠᠭ᠎ᠠ ᠵᠢ᠎ᠨᠢ ᠰᠦᠢ᠍ᠷᠡᠭᠦᠯᠬᠦ᠎ᠪᠠᠷ ᠭᠣᠷᠢᠳᠠᠪᠠ᠃ ᠭᠡᠲᠡᠯ᠎ᠡ ᠣᠷᠴᠣᠨ ᠦᠨᠳᠦᠰᠦᠲᠡᠨ ᠶᠠᠫᠣᠨ᠎ᠤ ᠲᠦᠷᠢᠮᠡᠬᠡᠶ᠋ᠢᠯᠡᠭᠴᠢᠳᠤᠨ ᠬᠠᠷᠭᠢᠰ ᠨᠣᠶᠠᠷᠬᠠᠯ᠎ᠳᠤ ᠨᠤᠭᠤᠷᠠᠭᠰᠠᠨ ᠦᠭᠡᠢ᠂ ᠰᠠᠢ᠍ᠢ᠍ᠨ ᠳᠤᠷ᠎ᠠ᠎ᠠᠴᠠ᠎ᠪᠠᠨ ᠶᠠᠫᠣᠨ᠎ᠢ ᠠ᠋ᠰᠡᠷᠭᠦᠴᠡᠬᠦ ᠲᠡᠮᠡᠴᠡᠯ᠎ᠢ ᠵᠣᠬᠢᠶᠠᠨ ᠪᠠᠶ᠋ᠢᠭᠤᠯᠤᠭᠰᠠᠨ ᠪᠥᠭᠡᠳ ᠶᠠᠫᠣᠨ᠎ᠢ ᠠ᠋ᠰᠡᠷᠭᠦᠴᠡᠬᠦ ᠬᠣᠯᠪᠣᠭ᠋ᠠᠲᠤ ᠴᠡᠷᠢᠭ᠎ᠢ ᠢᠳᠡᠪᠬᠢᠲᠡᠢ᠎ᠪᠠᠷ ᠳᠡᠮᠵᠢᠭᠰᠡᠨ ᠪᠤᠶᠤ ᠲᠡᠭᠦᠨ᠎ᠳᠤ ᠣᠷᠣᠯᠴᠠᠭᠰᠠᠨ ᠪᠠᠶ᠋ᠢᠨ᠎ᠠ᠃
ᠣᠷᠴᠣᠨ ᠦᠨᠳᠦᠰᠦᠲᠡᠨ᠎ᠤ ᠰᠤᠮᠤᠨ ᠵᠠᠩᠭᠢ ᠭᠠᠢ᠍ᠢ᠍ᠱ᠌ᠠᠨ ᠨᠢᠭᠡ ᠤᠳᠠᠭ᠎ᠠ ᠠᠪᠠ ᠬᠢᠬᠦ ᠵᠠᠮ᠎ᠳᠤ᠎ᠪᠠᠨ ᠲᠤᠬᠠᠢ ᠵᠢᠨ ᠦᠶ᠎ᠡ ᠵᠢᠨ ᠵᠡᠭᠦᠨ ᠬᠣᠶ᠋ᠢᠲᠤ ᠵᠢᠨ ᠶᠠᠫᠣᠨ᠎ᠢ ᠠ᠋ᠰᠡᠷᠭᠦᠴᠡᠬᠦ ᠬᠣᠯᠪᠣᠭ᠋ᠠᠲᠤ ᠴᠡᠷᠢᠭ᠎ᠤᠨ ᠭᠤᠷᠪᠠᠳᠤᠭ᠋ᠠᠷ ᠰᠠᠯᠪᠤᠷᠢ ᠠᠩᠬᠢ ᠵᠢᠨ ᠳᠠᠷᠤᠭ᠎ᠠ ᠸᠠᠩ ᠮᠢᠩ ᠬᠦᠢ᠎ᠲᠠᠢ ᠲᠠᠨᠢᠯᠴᠠᠪᠠ᠃ ᠸᠠᠩ ᠮᠢᠩ ᠬᠦᠢ ᠵᠡᠷᠭᠡ ᠬᠥᠮᠦᠰ᠎ᠤᠨ ᠠᠪᠴᠢᠷᠠᠭᠰᠠᠨ 《ᠬᠤᠪᠢᠰᠬᠠᠯ》᠂ 《ᠦᠨᠳᠦᠰᠦᠲᠡᠨ ᠪᠦᠬᠦᠨ ᠠ᠋ᠷᠬᠡ ᠲᠡᠭᠰᠢ》 ᠭᠡᠬᠦ ᠳᠠᠪᠰᠢᠩᠭᠤᠢ ᠦᠵᠡᠯ ᠰᠠᠨᠠᠭ᠎ᠠ᠎ᠨᠢ ᠠ᠋ᠨᠡ ᠬᠦ᠌ ᠤᠢ ᠰᠢᠭᠤᠢ᠎ᠠᠴᠠ ᠬᠠᠭ᠋ᠠᠰ ᠠᠯᠬᠤᠮ ᠴᠤ᠌ ᠰᠠᠯᠤᠭᠰᠠᠨ ᠦᠭᠡᠢ ᠠᠩᠴᠢᠨ᠎ᠤ ᠰᠣᠨᠢᠷᠬᠠᠯ᠎ᠢ ᠰᠣᠷᠢᠨᠵᠢᠨ ᠰᠢᠬ ᠲᠠᠲᠠᠵᠤ᠂ ᠲᠡᠭᠦᠨ᠎ᠤ ᠶᠠᠫᠣᠨ᠎ᠲᠠᠢ ᠲᠡᠮᠡᠴᠡᠬᠦ ᠪᠠᠲᠤ ᠢᠲᠡᠭᠡᠯ᠎ᠢ ᠬᠥᠭᠵᠢᠭᠡᠵᠡᠢ᠃ ᠠ᠋ᠭᠦᠨ᠎ᠤ ᠳᠠᠷᠠᠭ᠎ᠠ ᠶᠠᠫᠣᠨ᠎ᠢ ᠠ᠋ᠰᠡᠷᠭᠦᠴᠡᠬᠦ ᠬᠣᠯᠪᠣᠭ᠋ᠠᠲᠤ ᠴᠡᠷᠢᠭ᠎ᠤᠨ ᠭᠤᠷᠪᠠᠳᠤᠭ᠋ᠠᠷ ᠰᠠᠯᠪᠤᠷᠢ ᠠᠩᠬᠢ ᠪᠣᠯᠤᠨ ᠣᠷᠴᠤᠨᠴᠤᠳ ᠮᠥᠷᠥ ᠵᠡᠷᠭᠡᠴᠡᠨ ᠪᠠᠶ᠋ᠢᠯᠳᠤᠵᠤ᠂ ᠤᠷᠢᠳ ᠬᠣᠵᠢᠳ ᠳᠤᠮᠳᠠᠳᠤ ᠤᠯᠤᠰ᠎ᠤᠨ ᠵᠡᠭᠦᠨ ᠬᠣᠶ᠋ᠢᠲᠤ ᠵᠢᠨ ᠲᠡᠮᠦᠷ ᠵᠠᠮ᠎ᠤᠨ ᠰᠠᠯᠪᠤᠷᠢ ᠱᠤᠭᠤᠮ᠎ᠤᠨ 26 ᠳ᠋ᠤᠭ᠋ᠠᠷ ᠭᠠᠯᠲᠤ ᠲᠡᠷᠭᠡᠨ᠎ᠤ ᠦᠷᠲᠡᠭᠡ᠂ ᠳᠤᠮᠳᠠᠳᠤ ᠤᠯᠤᠰ᠎ᠤᠨ ᠵᠡᠭᠦᠨ ᠬᠣᠶ᠋ᠢᠲᠤ ᠵᠢᠨ ᠲᠡᠮᠦᠷ ᠵᠠᠮ᠎ᠤᠨ ᠪᠤᠭᠤᠲᠤ ᠰᠠᠯᠪᠤᠷᠢ ᠱᠤᠭᠤᠮ᠎ᠤᠨ 74 ᠳ᠋ᠤᠭᠡᠷ ᠭᠠᠯᠲᠤ ᠲᠡᠷᠭᠡᠨ᠎ᠤ ᠦᠷᠲᠡᠭᠡ ᠵᠢ ᠭᠡᠨᠡᠳᠡᠭᠦᠯᠦᠨ ᠳᠠᠭ᠋ᠠᠷᠢᠵᠤ᠂ ᠶᠠᠫᠣᠨ ᠴᠡᠷᠢᠭ᠎ᠤᠨ ᠰᠠᠬᠢᠭᠤᠯ ᠳᠠᠶ᠋ᠢᠰᠤᠨ᠎ᠢ ᠤᠰᠠᠳᠬᠠᠵᠤ᠂ ᠶᠡᠬᠡ ᠬᠡᠮᠵᠢᠶᠡᠨ᠎ᠤ ᠫᠤᠤ ᠰᠤᠮᠤ᠂ ᠮᠣᠷᠢ ᠤᠨᠤᠭ᠎ᠠ᠂ ᠢᠳᠡᠭᠡᠨ ᠣᠯᠵᠠᠯᠠᠵᠤ᠂ ᠶᠠᠫᠣᠨ᠎ᠢ ᠠ᠋ᠰᠡᠷᠭᠦᠴᠡᠬᠦ ᠬᠣᠯᠪᠣᠭ᠋ᠠᠲᠤ ᠴᠡᠷᠢᠭ᠎ᠢ ᠪᠤᠵᠠᠭ᠋ᠠᠶ᠋ᠢᠷᠠᠭᠤᠯᠵᠤ᠂ ᠶᠠᠫᠣᠨ ᠳᠡᠭᠡᠷᠡᠮᠴᠢᠳ᠎ᠲᠤ ᠬᠦᠨᠳᠦ ᠴᠣᠬᠢᠯᠲᠠ ᠥᠭᠴᠡᠢ᠃
ᠭᠠᠢ᠍ᠢ᠍ᠱ᠌ᠠᠨ ᠪᠣᠯᠤᠨ ᠶᠠᠫᠣᠨ᠎ᠢ ᠠ᠋ᠰᠡᠷᠭᠦᠴᠡᠬᠦ ᠬᠣᠯᠪᠣᠭ᠋ᠠᠲᠤ ᠴᠡᠷᠢᠭ᠎ᠤᠨ ᠬᠣᠯᠪᠤᠭ᠋ᠠᠯᠠᠭᠰᠠᠨᠨᠢ ᠶᠠᠫᠣᠨ᠎ᠤ ᠲᠦᠷᠢᠮᠡᠬᠡᠶ᠋ᠢᠯᠡᠭᠴᠢᠳᠢ ᠶᠡᠬᠡ᠎ᠪᠠᠷ ᠠᠭᠤᠷᠯᠠᠭᠤᠯᠵᠤ᠂ ᠲᠡᠳᠡ ᠣᠷᠴᠣᠨᠴᠤᠳ ᠪᠣᠯᠤᠨ ᠲᠡᠭᠦᠨ᠎ᠤ ᠤᠯᠠᠮᠵᠢᠯᠠᠯᠲᠤ ᠠᠷᠠᠯᠵᠢᠶᠠᠨ᠎ᠤ ᠬᠠᠨᠢᠲᠠᠨ 《ᠠᠨᠳᠠ》᠎ᠯᠤᠭ᠎ᠠ ᠵᠢᠨ ᠬᠠᠷᠢᠯᠴᠠᠭ᠋ᠠᠨ᠎ᠤ ᠵᠠᠮ᠎ᠢ ᠲᠠᠰᠤᠯᠵᠤ᠂ ᠣᠷᠴᠣᠨᠴᠤᠳᠢ ᠠᠮᠤ ᠪᠤᠳᠠᠭ᠎ᠠ᠂ ᠳᠠᠪᠤᠰᠤ᠂ ᠳᠠᠷᠢ ᠪᠣᠯᠤᠨ ᠲᠤᠭᠤᠯᠭ᠋ᠠᠨ ᠰᠤᠮᠤ ᠵᠡᠷᠭᠡ ᠠᠮᠢᠳᠤᠷᠠᠯ᠎ᠤᠨ ᠴᠢᠬᠤᠯᠠ ᠬᠡᠷᠡᠭᠯᠡᠭᠡᠨ᠎ᠤ ᠠ᠋ᠳ᠋᠎ᠢ ᠦᠭᠡᠢ ᠪᠣᠯᠭ᠋ᠠᠵᠠᠢ᠃ ᠠ᠋ᠨᠡ ᠬᠦ᠌ ᠬᠦᠴᠢᠷᠳᠡᠯ᠎ᠤᠨ ᠠ᠋ᠮᠦᠨ᠎ᠡ ᠭᠠᠢ᠍ᠢ᠍ᠱ᠌ᠠᠨ ᠪᠣᠯᠤᠨ ᠣᠷᠴᠤᠨᠴᠤᠳ ᠪᠠᠭᠤᠵᠤ ᠥᠭᠭᠦᠭᠰᠡᠨ ᠦᠭᠡᠢ᠂ ᠬᠠᠷᠢᠨ ᠶᠠᠫᠣᠨ᠎ᠢ ᠠ᠋ᠰᠡᠷᠭᠦᠴᠡᠬᠦ ᠬᠣᠯᠪᠣᠭ᠋ᠠᠲᠤ ᠴᠡᠷᠢᠭ᠎ᠲᠠᠢ ᠨᠢᠭᠡ ᠭᠡᠷ᠎ᠤᠨ ᠬᠥᠮᠦᠨ ᠮᠡᠲᠦ ᠳᠣᠲᠣᠨᠣ ᠪᠣᠯᠵᠠᠢ᠃ ᠣᠷᠴᠣᠨ ᠦᠨᠳᠦᠰᠦᠲᠡᠨ᠎ᠤ ᠤᠯᠠᠨ ᠲᠦᠮᠡᠨ ᠢᠳᠡᠪᠬᠢᠲᠡᠢ᠎ᠪᠠᠷ ᠶᠠᠫᠣᠨ᠎ᠢ ᠠ᠋ᠰᠡᠷᠭᠦᠴᠡᠬᠦ ᠬᠣᠯᠪᠣᠭ᠋ᠠᠲᠤ ᠴᠡᠷᠢᠭ᠎ᠲᠤ ᠵᠠᠮ ᠳᠠᠭ᠋ᠠᠭᠤᠯᠵᠤ᠂ ᠵᠠᠬᠢᠳᠠᠯ ᠬᠦᠷᠭᠡᠵᠦ᠂ ᠠᠮᠤ ᠪᠤᠳᠠᠭ᠎ᠠ ᠪᠣᠯᠤᠨ ᠠ᠋ᠳ᠋ ᠪᠣᠳᠠᠰ ᠵᠥᠭᠡᠭᠡᠪᠦᠷᠢᠯᠡᠵᠦ᠂ ᠶᠠᠫᠣᠨ᠎ᠢ ᠠ᠋ᠰᠡᠷᠭᠦᠴᠡᠬᠦ ᠬᠣᠯᠪᠣᠭ᠋ᠠᠲᠤ ᠴᠡᠷᠢᠭ᠎ᠤᠨ ᠪᠠᠶ᠋ᠢᠯᠳᠤᠭᠴᠢ ᠵᠢ ᠬᠠᠮᠠᠭ᠋ᠠᠯᠠᠵᠤ᠂ ᠲᠡᠳᠡᠨ᠎ᠢ ᠬᠠᠪᠰᠤᠷᠤᠨ ᠳᠠᠶ᠋ᠢᠰᠤᠨ᠎ᠤ ᠪᠠᠶ᠋ᠢᠳᠠᠯ᠎ᠢ ᠲᠠᠩᠨᠠᠨ ᠪᠠᠶ᠋ᠢᠴᠠᠭ᠋ᠠᠵᠤ᠂ ᠲᠡᠳᠡᠨ᠎ᠲᠠᠢ ᠬᠠᠮᠵᠢᠯᠴᠠᠨ ᠳᠠᠶ᠋ᠢᠰᠤᠨ᠎ᠤ ᠰᠠᠭᠤᠷᠢᠨ ᠭᠠᠵᠠᠷ᠎ᠢ ᠲᠠᠭ᠋ᠠᠷᠢᠨ ᠴᠣᠬᠢᠪᠠ᠃ ᠴᠥᠭᠡᠨ ᠪᠤᠰᠤ ᠣᠷᠴᠣᠨᠴᠤᠳ ᠶᠠᠫᠣᠨ᠎ᠢ ᠠ᠋ᠰᠡᠷᠭᠦᠴᠡᠬᠦ ᠳᠠᠢ᠍ᠢ᠍ᠨ᠎ᠤ ᠢᠯᠠᠯᠲᠠ ᠵᠢᠨ ᠲᠥᠯᠥᠬᠡ ᠠ᠋ᠷᠬᠢᠮ ᠨᠠᠨᠳᠢᠨ ᠠᠮᠢ ᠨᠠᠰᠤ᠎ᠪᠠᠨ ᠵᠣᠷᠢᠭᠤᠯᠪᠠ᠃ ᠥᠨᠥᠳᠦᠷ ᠬᠠᠷᠪᠢᠨ ᠵᠡᠭᠡᠯᠢ ᠳᠡᠭᠡᠷᠡᠬᠢ ᠣᠷᠴᠣᠨᠴᠤᠳᠤᠨ ᠳᠣᠲᠣᠷ᠎ᠠ ᠶᠠᠫᠣᠨ᠎ᠢ ᠠ᠋ᠰᠡᠷᠭᠦᠴᠡᠭᠰᠡᠨ ᠪᠠᠭ᠋ᠠᠲᠤᠷᠴᠤᠳ᠎ᠤᠨ ᠬᠣᠶ᠋ᠢᠴᠢᠰ ᠴᠥᠭᠡᠨ ᠪᠤᠰᠤ ᠪᠣᠢ᠃

ᠪᠦᠵᠢᠭ 《ᠰᠡᠳᠬᠢᠯ ᠨᠢᠭᠡᠳᠦᠨ ᠠᠨᠳᠠ ᠪᠠᠷᠢᠯᠳᠤᠬᠤ》᠂ ᠣᠷᠴᠤᠨ ᠦᠨᠳᠦᠰᠦᠲᠡᠨ᠎ᠤ ᠠᠷᠠᠳ ᠲᠦᠮᠡᠨ ᠪᠣᠯᠤᠨ ᠶᠠᠫᠤᠨ᠎ᠢ ᠡᠰᠡᠷᠭᠦᠴᠡᠬᠦ᠂ ᠬᠣᠯᠪᠤᠭ᠋ᠠᠲᠤ ᠴᠡᠷᠢᠭ ᠪᠦᠯᠬᠦᠮᠳᠡᠨ ᠶᠠᠫᠤᠨ᠎ᠢ ᠡᠰᠡᠷᠭᠦᠴᠡᠭᠰᠡᠨ ᠥᠩᠭᠡ ᠭᠡᠷᠡᠯᠲᠦ ᠲᠡᠥᠬᠡ (ᠵᠢᠷᠤᠭ᠎ᠤᠨ ᠢᠷᠡᠯᠲᠡ᠄ ᠣᠷᠴᠤᠨᠤ ᠦᠪᠡᠷᠲᠡᠭᠡᠨ ᠵᠠᠰᠠᠬᠤ ᠬᠣᠰᠢᠭᠤᠨ᠎ᠤ ᠦᠨᠳᠦᠰᠦᠲᠡᠨ᠎ᠤ ᠵᠥᠪᠯᠡᠯ)
ᠰᠢᠨ᠎ᠡ ᠳᠤᠮᠳᠠᠳᠤ ᠤᠯᠤᠰ ᠪᠠᠶ᠋ᠢᠭᠤᠯᠤᠭᠳᠠᠭᠰᠠᠨ᠎ᠤ ᠳᠠᠷᠠᠭ᠎ᠠ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠳᠣᠣᠷ᠎ᠠ ᠣᠷᠴᠣᠨ᠎ᠤ ᠥᠪᠡᠷᠲᠡᠭᠡᠨ ᠵᠠᠰᠠᠬᠤ ᠬᠣᠰᠢᠭᠤ ᠪᠠᠶ᠋ᠢᠭᠤᠯᠤᠭᠳᠠᠵᠤ᠂ 59880 ᠲᠡᠭᠰᠢ ᠳᠥᠷᠪᠡᠯᠵᠢᠨ ᠺᠢᠯᠣᠮᠸᠲᠸᠷ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ 25 ᠦᠨᠳᠦᠰᠦᠲᠡᠨ᠎ᠤ ᠠᠬ᠎ᠠ ᠳᠡᠭᠦᠦ ᠠ᠋ᠭᠡᠴᠢ ᠥᠬᠢᠨ ᠳᠡᠭᠦᠦ ᠨᠠᠷ ᠠ᠋ᠶ᠎ᠡ ᠵᠣᠬᠢᠴᠠᠩᠭᠤᠢ᠎ᠪᠠᠷ ᠬᠠᠮᠲᠤ ᠣᠷᠣᠰᠢᠵᠤ᠂ ᠠ᠋ᠭᠦᠨ᠎ᠳᠤ ᠪᠦᠬᠦ ᠤᠯᠤᠰ᠎ᠤᠨ ᠭᠤᠷᠪᠠᠨ᠎ᠤ ᠨᠢᠭᠡ ᠬᠤᠪᠢ ᠵᠢᠨ ᠣᠷᠴᠣᠨᠴᠤᠳ ᠪᠠᠭᠲᠠᠨ᠎ᠠ᠃ ᠣᠳᠣᠬᠠᠨ᠎ᠤ ᠣᠷᠴᠣᠨᠴᠤᠳ ᠨᠠᠮ᠎ᠤᠨ ᠦᠨᠳᠦᠰᠦᠲᠡᠨ᠎ᠤ ᠲᠦᠷᠦ ᠵᠢᠨ ᠪᠤᠳᠤᠯᠭ᠎ᠠ ᠵᠢᠨ ᠲᠤᠶᠠᠭ᠋ᠠᠯᠠᠯ ᠳᠣᠣᠷ᠎ᠠ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠵᠠᠮ ᠵᠶ᠋ᠠᠷ ᠠ᠋ᠷᠡᠮᠡᠬᠡᠶ᠋ᠢᠯᠡᠨ ᠤᠷᠤᠭᠰᠢᠯᠠᠵᠤ᠂ ᠦᠨᠳᠦᠰᠦᠲᠡᠨ᠎ᠤ ᠪᠦᠯᠬᠦᠮᠳᠡᠯ ᠪᠣᠯᠤᠨ ᠬᠠᠮᠲᠤ ᠵᠢᠨ ᠬᠥᠭᠵᠢᠯ ᠴᠡᠴᠡᠭᠯᠡᠯ᠎ᠤᠨ ᠬᠠᠷᠠᠯᠲᠠ ᠵᠢ ᠪᠡᠶᠡᠯᠡᠭᠦᠯᠬᠦ ᠵᠢᠨ ᠲᠥᠯᠥᠭᠡ ᠴᠥᠬᠥᠷᠡᠰᠢ ᠦᠭᠡᠢ ᠲᠡᠮᠡᠴᠡᠵᠦ ᠪᠠᠶ᠋ᠢᠨ᠎ᠠ᠃
ᠳᠠᠭᠤᠯᠠᠨ ᠪᠥᠵᠢᠭᠯᠡᠵᠦ ᠠᠭᠤᠯᠠᠨ᠎ᠠᠴᠠ ᠪᠠᠭᠤᠵᠤ 《ᠠᠯᠳᠠᠷ ᠮᠠᠨᠳᠤᠪᠠ》
ᠣᠷᠴᠣᠨᠴᠤᠳ ᠠ᠋ᠨᠡ ᠤᠳᠠᠭ᠎ᠠ ᠠᠭᠤᠯᠠᠨ᠎ᠠᠴᠠ ᠪᠠᠭᠤᠬᠤ᠎ᠳᠤ᠎ᠪᠠᠨ ᠭᠤᠷ᠎ᠠ ᠵᠢᠨ ᠡᠪᠡᠷᠲᠦ ᠮᠠᠯᠠᠭ᠋ᠠᠢ᠎ᠪᠠᠨ ᠠ᠋ᠮᠦᠰᠴᠦ᠂ ᠭᠤᠷ᠎ᠠ ᠵᠢᠨ ᠠᠷᠠᠰᠤᠨ ᠳᠡᠪᠡᠯ ᠵᠢᠡᠨ ᠬᠡᠲᠦᠷᠴᠦ᠂ 《ᠣᠷᠴᠣᠨ ᠦᠨᠳᠦᠰᠦᠲᠡᠨ᠎ᠤ ᠲᠠᠭᠤᠤ》᠎ᠪᠠᠨ ᠠᠶᠠᠯᠠᠨ ᠳᠠᠭᠤᠯᠠᠵᠤ᠂ ᠠ᠋ᠳᠡᠭᠡᠷ ᠤᠯᠠᠮᠵᠢᠯᠠᠯᠲᠤ ᠬᠤᠪᠴᠠᠰᠤ ᠵᠠᠰᠠᠯ ᠪᠣᠯᠤᠨ ᠳᠠᠭᠤᠤ ᠬᠥᠭᠵᠢᠮ ᠵᠶ᠋ᠡᠷ ᠵᠶ᠋ᠠᠨ ᠠ᠋ᠬᠡ ᠪᠠᠶ᠋ᠢᠭ᠋ᠠᠯᠢ᠎ᠪᠠᠨ ᠳᠡᠭᠡᠳᠦᠯᠡᠨ ᠬᠦᠨᠳᠦᠳᠬᠡᠵᠦ᠂ ᠦᠨᠳᠦᠰᠦᠲᠡᠨ᠎ᠤ᠎ᠪᠠᠨ ᠰᠣᠶᠣᠯ᠎ᠢ ᠤᠯᠠᠮᠵᠢᠯᠠᠨ ᠵᠠᠯᠭ᠋ᠠᠮᠵᠢᠯᠠᠵᠤ ᠪᠠᠶ᠋ᠢᠭ᠎ᠠ᠎ᠪᠠᠨ ᠢᠯᠡᠳᠭᠡᠵᠡᠭᠡᠨᠡ᠃
ᠣᠷᠴᠣᠨ᠎ᠤ ᠤᠯᠠᠮᠵᠢᠯᠯᠠᠲᠤ ᠭᠠᠷ ᠤᠷᠠᠯᠠᠯ᠎ᠤᠨ ᠪᠦᠲᠦᠭᠡᠭᠳᠡᠬᠦᠨ (ᠵᠢᠷᠤᠭ᠎ᠤᠨ ᠢᠷᠡᠯᠲᠡ᠄ ᠬᠤᠪᠸᠢ ᠵᠢᠨ ᠡᠳᠦᠷ᠎ᠤᠨ ᠰᠣᠨᠢᠨ)
ᠠ᠋ᠨᠡ ᠤᠳᠠᠭ᠎ᠠ ᠣᠷᠴᠣᠨ ᠦᠨᠳᠦᠰᠦᠲᠡᠨ ᠠᠭᠤᠯᠠᠨ᠎ᠠᠴᠠ ᠪᠠᠭᠤᠭᠰᠠᠨ᠎ᠨᠢ ᠬᠠᠷᠪᠢᠨ᠎ᠤ ᠲᠥᠪ ᠵᠡᠭᠡᠯᠢ᠎ᠳᠤ ᠥᠩᠭᠡ ᠭᠢᠯᠪᠠᠭ᠎ᠠ᠎ᠪᠠᠨ ᠰᠠᠴᠤᠷᠠᠭᠤᠯᠤᠭᠰᠠᠨ ᠵᠶ᠋ᠠᠷ ᠪᠠᠷᠠᠬᠤ ᠦᠭᠡᠢ ᠪᠠᠰᠠ ᠵᠣᠴᠢᠳ ᠵᠶ᠋ᠠᠨ ᠠᠭᠤᠯᠠᠨ᠎ᠳᠤ᠎ᠪᠠᠨ ᠤᠷᠢᠵᠤ ᠵᠠᠯᠠᠪᠠ᠃ ᠬᠠᠮᠤᠭ᠎ᠤᠨ ᠠ᠋ᠷᠲᠡ ᠬᠠᠷᠪᠢᠨ᠎ᠤ ᠲᠥᠪ ᠶᠡᠬᠡ ᠵᠡᠭᠡᠯᠢ᠎ᠳᠤ ᠢᠷᠡᠭᠰᠡᠨ ᠡᠥ ᠵᠢᠶᠠᠨ ᠮᠧᠶ ᠪᠣᠯ ᠣᠷᠴᠣᠨ᠎ᠤ ᠥᠪᠡᠷᠲᠡᠭᠡᠨ ᠵᠠᠰᠠᠬᠤ ᠬᠣᠰᠢᠭᠤᠨ᠎ᠤ ᠬᠦᠯ᠎ᠢ ᠰᠢᠶᠠᠩ᠎ᠤᠨ ᠠᠩᠴᠢᠨ ᠲᠣᠰᠬᠣᠨ᠎ᠤ ᠨᠢᠭᠡᠨ ᠵᠠᠯᠠᠭᠤ ᠬᠥᠮᠥᠨ ᠶᠤᠮ᠂ ᠨᠡᠶ᠋ᠢᠭᠡᠮ᠎ᠤᠨ ᠬᠠᠷᠢᠯᠴᠠᠭ᠋ᠠᠨ᠎ᠤ ᠵᠠᠭᠤᠴᠢᠯᠠᠭᠤᠷ ᠵᠶ᠋ᠠᠷ ᠳᠠᠮᠵᠢᠭᠤᠯᠤᠨ ᠦᠨᠳᠦᠰᠦᠲᠡᠨ᠎ᠤ ᠰᠣᠶᠣᠯ ᠵᠶ᠋ᠠᠨ ᠳᠡᠯᠭᠡᠨ ᠦᠵᠡᠭᠦᠯᠬᠦ ᠲᠣᠬᠢᠶᠠᠯ ᠪᠠᠢ᠍ᠢ᠍ᠬᠤ ᠵᠢ ᠣᠯᠵᠤ ᠮᠡᠳᠡᠭᠡᠳ ᠦᠳᠲᠡᠷ ᠲᠦᠷᠭᠡᠨ ᠬᠠᠷᠪᠢᠨ᠎ᠳᠤ ᠬᠦᠷᠴᠡᠢ᠃ ᠲᠡᠭᠦᠨ᠎ᠤ ᠦᠢ᠍ᠯᠡ ᠠᠵᠢᠯᠯᠠᠭ᠎ᠠ᠎ᠨᠢ ᠣᠷᠴᠤᠨ ᠦᠨᠳᠦᠰᠦᠲᠡᠨ᠎ᠤ ᠬᠥᠮᠦᠰ᠎ᠤᠨ ᠠᠩᠬᠠᠷᠤᠯ᠎ᠢ ᠲᠠᠲᠠᠵᠤ᠂ ᠲᠡᠳᠡ ᠠᠷᠪᠠᠭ᠋ᠠᠤᠨ ᠬᠦᠮᠤᠨ ᠥᠪᠡᠷᠲᠡᠭᠡᠨ ᠲᠡᠷᠭᠡ ᠵᠢᠯᠣᠭᠣᠳᠤᠨ 5 ᠴᠠᠭ ᠶᠠᠪᠤᠭ᠋ᠠᠳ ᠬᠠᠷᠪᠢᠨ᠎ᠳᠤ ᠢᠷᠡᠵᠦ᠂ ᠾᠧᠵᠧ ᠦᠨᠳᠦᠰᠦᠲᠡᠨ᠂ ᠰᠣᠯᠣᠩᠭᠣᠰ ᠦᠨᠳᠦᠰᠦᠲᠡᠨ ᠵᠡᠷᠭᠡ ᠪᠤᠰᠤᠳ ᠦᠨᠳᠦᠰᠦᠲᠡᠨ᠎ᠲᠠᠢ ᠳᠣᠲᠣᠨᠣ᠎ᠪᠠᠷ ᠬᠠᠷᠢᠯᠴᠠᠭᠰᠠᠨ ᠪᠥᠭᠡᠳ ᠦᠨᠳᠦᠰᠦᠲᠡᠨ᠎ᠨᠦᠭᠦᠳ᠎ᠤᠨ ᠠᠬ᠎ᠠ ᠳᠡᠭᠦᠦ ᠨᠡᠷ᠎ᠢ ᠣᠷᠴᠣᠨ᠎ᠤ ᠥᠪᠡᠷᠲᠡᠭᠡᠨ ᠵᠠᠰᠠᠬᠤ ᠬᠣᠰᠢᠭᠤᠨ᠎ᠳᠤ᠎ᠪᠠᠨ ᠤᠷᠢᠵᠤ ᠵᠠᠩ ᠦᠢ᠍ᠯᠡ ᠵᠢᠨ ᠰᠣᠶᠣᠯ ᠪᠠ ᠪᠣᠳᠠᠰ᠎ᠤᠨ ᠪᠤᠰᠤ ᠭᠠᠷ ᠤᠷᠠᠯᠠᠯ᠎ᠢ ᠪᠡᠶᠡᠴᠢᠯᠡᠨ ᠣᠶ᠋ᠢᠯᠠᠭ᠋ᠠᠭᠤᠯᠪᠠ᠃ ᠣᠷᠴᠣᠨᠴᠤᠳᠤᠨ ᠦᠯᠢᠭᠡᠷ᠎ᠢ ᠤᠯᠠᠮ᠎ᠠᠴᠠ ᠤᠯᠠᠮ ᠤᠯᠠᠨ ᠬᠥᠮᠦᠨ ᠣᠶ᠋ᠢᠯᠠᠭ᠋ᠠᠬᠤ ᠵᠢ ᠳᠠᠭ᠋ᠠᠯᠳᠤᠨ 《ᠱᠤᠤ ᠪᠤᠭᠤ ᠠ᠋ᠮᠡᠭᠡ》 ᠮᠡᠲᠦ ᠵᠢᠨ ᠣᠷᠴᠤᠨᠴᠤᠳ ᠴᠤ᠌ ᠰᠦᠯᠵᠢᠶ᠎ᠡ᠎ᠪᠠᠷ ᠳᠠᠮᠵᠢᠨ ᠪᠦᠬᠦ ᠤᠯᠤᠰ ᠴᠢᠨᠠᠭᠰᠢᠯᠠᠪᠠᠯ ᠪᠦᠬᠦ ᠳᠡᠯᠡᠬᠡᠢ᠎ᠳᠤ ᠳᠤᠮᠳᠠᠳᠤ ᠵᠢᠨ ᠬᠥᠪᠡᠭᠦᠳ ᠥᠬᠢᠳ᠎ᠤᠨ ᠭᠤᠸ᠎ᠠ ᠰᠠᠶ᠋ᠢᠬᠠᠨ᠎ᠢ ᠳᠡᠯᠭᠡᠨ ᠦᠵᠡᠭᠦᠯᠪᠡ᠃
ᠣᠳᠣ ᠦᠶ᠎ᠡ ᠵᠢᠨ ᠣᠷᠴᠣᠨᠴᠤᠳ ᠠᠯᠢ ᠠ᠋ᠷᠲᠡ 《ᠨᠢᠭᠡ ᠬᠥᠮᠦᠨ ᠨᠢᠭᠡ ᠮᠣᠷᠢ ᠨᠢᠭᠡ ᠫᠤᠤ》 ᠵᠢᠨ ᠤᠯᠠᠮᠵᠢᠯᠠᠯᠲᠤ ᠠᠩ ᠠᠩᠨᠠᠯ᠎ᠤᠨ ᠠᠮᠢᠳᠤᠷᠠᠯ᠎ᠠᠴᠠ ᠰᠠᠯᠵᠠᠶ᠃ ᠭᠡᠲᠡᠯ᠎ᠡ ᠲᠡᠳᠡᠨ᠎ᠤ ᠥᠩᠭᠡᠷᠡᠭᠰᠡᠨ᠎ᠳᠤ ᠠᠪᠠ ᠵᠢᠨ ᠫᠤᠤ ᠠ᠋ᠭᠦᠷ᠎ᠦᠨ ᠤᠢ ᠰᠢᠭᠤᠢ᠎ᠪᠠᠷ ᠠᠶᠠᠯᠠᠵᠤ ᠪᠠᠶ᠋ᠢᠭᠰᠠᠨ ᠰᠥᠰᠥ ᠵᠣᠷᠢᠭ ᠵᠢᠴᠢ ᠠ᠋ᠭᠡ ᠤᠯᠤᠰ᠎ᠤᠨ ᠨᠤᠲᠤᠭ ᠳᠡᠪᠢᠰᠬᠡᠷ᠎ᠢ ᠲᠤᠭᠤᠯᠵᠤ ᠤᠯᠤᠰ ᠣᠷᠣᠨ ᠵᠶ᠋ᠠᠨ ᠬᠠᠮᠠᠭ᠋ᠠᠯᠠᠭᠰᠠᠨ ᠤᠷᠬᠢᠯᠤᠮ᠎ᠠ ᠬᠠᠯᠠᠭᠤᠨ ᠰᠡᠳᠬᠢᠯᠭᠡ᠎ᠨᠢ ᠰᠢᠨ᠎ᠡ ᠴᠠᠭ ᠦᠶ᠎ᠡ ᠵᠢᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠨᠡᠩ ᠥᠷᠭᠡᠨ ᠠᠭᠤᠳᠠᠮ ᠣᠷᠤᠨ ᠵᠠᠢ᠎ᠳᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠰᠢᠨ᠎ᠡ ᠬᠠᠭᠤᠳᠠᠰᠤ ᠵᠢ ᠦᠷᠭᠦᠯᠵᠢᠯᠡᠨ ᠪᠢᠴᠢᠭᠯᠡᠬᠦ ᠵᠢ ᠵᠣᠷᠢᠬ᠍ᠵᠢᠭᠤᠯᠤᠭᠰᠠᠭ᠋ᠠᠷ ᠪᠠᠶ᠋ᠢᠨ᠎ᠠ᠃
(ᠵᠣᠬᠢᠶᠠᠭᠴᠢ ᠵᠢᠨ ᠲᠣᠪᠴᠢ ᠲᠠᠨᠢᠯᠴᠠᠭᠤᠯᠭ᠎ᠠ
ᠠᠶᠠᠷᠬᠠᠨ᠄ ᠣᠷᠴᠣᠨ᠎ᠤ ᠥᠪᠡᠷᠲᠡᠭᠡᠨ ᠵᠠᠰᠠᠬᠤ ᠬᠣᠰᠢᠭᠤᠨ᠎ᠤ ᠦᠨᠳᠦᠰᠦᠲᠡᠨ᠎ᠤ ᠬᠡᠷᠡᠭ ᠠ᠋ᠷᠬᠢᠯᠡᠬᠦ ᠵᠥᠪᠯᠡᠯ᠎ᠤᠨ ᠺᠠᠳ᠋ᠷ
ᠸᠠᠩ ᠽᠦᠸᠧ ᠺᠤᠸᠠᠨ᠄ 《ᠳᠤᠮᠳᠠᠲᠤ ᠵᠢ ᠦᠭᠦᠯᠡᠬᠦᠢ》 ᠵᠢᠨ ᠳᠠᠳᠤᠯᠭ᠎ᠠ ᠵᠢᠨ ᠨᠠᠶ᠋ᠢᠷᠠᠭᠤᠯᠤᠭᠴᠢ )
ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠥᠸᠠᠢ ᠳ᠋ᠦᠩ