ᠲᠡᠷᠢᠭᠦᠨ ᠬᠠᠭᠤᠳᠠᠰᠤ   -   ᠳᠤᠮᠳᠠᠳᠤ᠎ᠶᠢ ᠦᠭᠦᠯᠡᠬᠦᠢ
ᠳᠤᠮᠳᠠᠳᠤ ᠵᠢᠨ ᠦᠨᠳᠦᠰᠦᠲᠡᠨ᠎ᠤ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠳᠤᠮᠳᠠᠬᠢ ᠲᠡᠳᠡᠭᠡᠷ ᠭᠤᠴᠤ ᠰᠠᠶ᠋ᠢᠬᠠᠨ ᠵᠤᠯᠭ᠋ᠠᠯᠴᠠᠭ᠎ᠠ
ᠨᠡᠶ᠋ᠢᠲᠡᠯᠡᠭᠰᠡᠨ ᠴᠠᠭ᠄ 2025-04-30

      ᠳᠤᠮᠳᠠᠳᠤ ᠵᠢᠨ ᠦᠨᠳᠦᠰᠦᠲᠡᠨ ᠪᠣᠯ ᠵᠠᠭᠤᠨ ᠲᠦᠮᠡᠨ ᠵᠢᠯ᠎ᠤᠨ ᠬᠥᠮᠦᠨ ᠲᠥᠷᠥᠯᠬᠢᠲᠡᠨ᠎ᠤ ᠲᠡᠦᠬᠡ᠂  ᠲᠦᠮᠡᠨ ᠵᠢᠯ᠎ᠤᠨ ᠰᠣᠶᠣᠯ᠎ᠤᠨ ᠲᠡᠦᠬᠡ᠂  ᠲᠠᠪᠤᠨ ᠮᠢᠩᠭ᠎ᠠ ᠭᠠᠷᠤᠢ ᠵᠢᠯ᠎ᠤᠨ ᠪᠣᠯᠪᠠᠰᠤᠨ᠎ᠤ ᠲᠡᠦᠬᠡ᠎ᠲᠠᠢ ᠶᠤᠮ᠃  ᠪᠢᠳᠡ ᠲᠡᠦᠬᠡ ᠵᠢᠨ ᠡᠴᠢᠨ᠎ᠡ ᠭᠦᠨ᠎ᠳᠤ ᠬᠦᠷᠴᠦ᠂  ᠮᠦᠽᠧᠢ᠎ᠳᠤ ᠬᠠᠳᠠᠭ᠋ᠠᠯᠠᠭᠳᠠᠵᠤ ᠪᠠᠶ᠋ᠢᠭ᠎ᠠ ᠲᠡᠦᠬᠡ ᠵᠢᠨ ᠳᠤᠷᠠᠰᠬᠠᠯᠲᠤ ᠵᠦᠢ᠍ᠯᠡᠰ᠂  ᠥᠷᠭᠡᠨ ᠠᠭᠤᠳᠠᠮ ᠠ᠋ᠬᠡ ᠭᠠᠵᠠᠷ᠎ᠲᠤ ᠳᠡᠯᠭᠡᠭᠳᠡᠵᠦ ᠪᠠᠶ᠋ᠢᠭ᠎ᠠ ᠥᠪ ᠬᠦᠷᠦᠩᠭᠡ᠂  ᠠ᠋ᠷᠲᠡᠨ᠎ᠤ ᠨᠣᠮ ᠪᠢᠴᠢᠭ ᠎ᠲᠤ  ᠪᠢᠴᠢᠭᠯᠡᠭᠳᠡᠭᠰᠡᠨ ᠦᠰᠦᠭ ᠪᠢᠴᠢᠭ᠎ᠢ ᠠ᠋ᠷᠭᠢᠴᠡᠭᠦᠯᠵᠦ ᠦᠵᠡᠪᠡᠯ᠂  ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠪᠦᠷᠢᠯᠳᠦᠯ ᠪᠠ ᠬᠥᠭᠵᠢᠯᠲᠡ ᠵᠢᠨ ᠰᠤᠳᠠᠰᠤ ᠵᠢᠴᠢ ᠤᠯᠠᠨ ᠤᠳᠠᠭ᠎ᠠ ᠵᠢᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠳᠤᠮᠳᠠᠬᠢ ᠰᠠᠢ᠍ᠢ᠍ᠨ ᠰᠠᠶ᠋ᠢᠬᠠᠨ ᠵᠤᠯᠭ᠋ᠠᠯᠴᠠᠭ᠎ᠠ ᠨᠢᠳᠤᠨ ᠠ᠋ᠮᠦᠨ᠎ᠡ ᠲᠣᠳᠣᠷᠠᠨ᠎ᠠ᠃ 

      ᠨᠢᠭᠡ᠂  ᠲᠤᠲᠤᠷᠭ᠎ᠠ ᠪᠠ ᠨᠠᠷᠢᠮᠤ ᠵᠢᠨ ᠵᠤᠯᠭ᠋ᠠᠯᠴᠠᠭ᠎ᠠ 

      ᠣᠷᠣᠨ ᠵᠠᠢ ᠪᠠ ᠭᠠᠵᠠᠷ ᠰᠢᠷᠣᠢ ᠪᠣᠯ ᠨᠢᠭᠡ ᠦᠨᠳᠦᠰᠦᠲᠡᠨ᠎ᠤ ᠣᠷᠣᠰᠢᠨ ᠲᠣᠭᠲᠠᠨᠢᠬᠤ ᠪᠠ ᠬᠥᠭᠵᠢᠬᠦ ᠵᠢᠨ ᠦᠨᠳᠦᠰᠦᠨ ᠨᠥᠬᠥᠴᠡᠯ ᠮᠥᠨ᠃  ᠭᠧᠷᠮᠠᠨ᠎ᠤ ᠭᠦᠨ ᠤᠬᠠᠭ᠋ᠠᠨᠲᠠᠨ ᠾᠸᠭᠧᠯ᠎ᠤᠨ ᠦᠵᠡᠬᠦ᠎ᠪᠠᠷ 《ᠲᠡᠦᠬᠡ ᠵᠢᠨ ᠵᠢᠩᠬᠢᠨᠢ ᠲᠠᠪᠴᠠᠩ ᠪᠣᠯ ᠰᠡᠷᠢᠭᠦᠨ ᠪᠦᠰᠡᠨ᠎ᠤ ᠣᠷᠣᠨ ᠮᠥᠨ᠂  ᠶᠠᠷᠢᠶᠠᠨ ᠦᠭᠡᠢ ᠤᠮᠠᠷᠠᠲᠤ ᠰᠡᠷᠢᠭᠦᠨ ᠪᠦᠰᠡ ᠪᠣᠯᠤᠨ᠎ᠠ᠂  ᠤᠴᠢᠷ᠎ᠨᠢ ᠳᠡᠯᠡᠬᠡᠢ ᠵᠢᠨ ᠪᠥᠮᠪᠥᠷᠴᠡᠭ ᠲᠡᠨᠳᠡ ᠨᠢᠭᠡᠨ ᠠ᠋ᠬᠡ ᠬᠠᠭᠤᠷᠠᠢ ᠵᠢ ᠪᠦᠷᠢᠯᠳᠦᠭᠦᠯᠵᠦ᠂  ᠶᠠᠭ ᠭ᠋ᠷᠸᠢᠭᠴᠦᠦᠨ ᠎ᠤᠨ ᠬᠡᠯᠡᠭᠰᠡᠨᠴᠢᠯᠡᠨ ᠨᠢᠭᠡᠨ ᠬᠠᠨᠠᠭ᠋ᠠᠷ ᠦᠷᠭᠡᠨ ᠴᠡᠭᠡᠵᠢ ᠰᠢᠭ ᠪᠠᠢ᠍ᠢ᠍ᠳᠠᠭ》᠃ 

      ᠳᠤᠮᠳᠠᠳᠤ ᠤᠯᠤᠰ᠎ᠤᠨ ᠨᠤᠲᠤᠭ ᠳᠡᠪᠢᠰᠬᠡᠷ᠎ᠤᠨ ᠶᠡᠬᠡᠩᠬᠢ ᠬᠡᠰᠡᠭ᠎ᠨᠢ ᠰᠡᠷᠢᠭᠦᠨ ᠪᠦᠰᠡᠨ᠎ᠳᠤ ᠪᠠᠢ᠍ᠢ᠍ᠳᠠᠭ᠃  ᠠ᠋ᠮᠦᠨᠡᠲᠦ ᠣᠷᠣᠨ᠎ᠳᠤ᠂  ᠬᠤᠨᠠᠨ᠎ᠤ ᠢᠤᠢ ᠴᠠᠨ ᠶᠠᠨ᠎ᠤ ᠪᠠᠭᠤᠷᠢ᠎ᠠᠴᠠ ᠣᠳᠣ᠎ᠠᠴᠠ ᠪᠠᠷᠤᠭ 12000 ᠵᠢᠯ᠎ᠤᠨ ᠠ᠋ᠮᠦᠨᠡᠬᠢ ᠨᠡᠭᠦᠷᠡᠰᠦᠵᠢᠭᠰᠡᠨ ᠲᠤᠲᠤᠷᠭ᠎ᠠ  ᠵᠢ  ᠮᠠᠯᠲᠠᠨ ᠭᠠᠷᠭ᠋ᠠᠵᠤ᠂  ᠵᠢᠶᠠᠩᠰᠢ ᠵᠢᠨ ᠰᠢᠶᠠᠨ ᠷᠧᠨ ᠳ᠋ᠦᠩ ᠪᠣᠯᠤᠨ ᠳ᠋ᠢᠶᠤᠤ ᠲᠦᠩ ᠬᠤᠸᠠᠨ᠎ᠤ ᠪᠠᠭᠤᠷᠢ᠎ᠠᠴᠠ ᠣᠳᠣ᠎ᠠᠴᠠ 12000 ᠵᠢᠯ᠎ᠤᠨ ᠠ᠋ᠮᠦᠨᠡᠬᠢ ᠲᠤᠲᠤᠷᠭ᠎ᠠ ᠵᠢᠨ ᠴᠢᠬᠢ ᠵᠢ ᠲᠠᠷᠢᠵᠤ ᠪᠤᠢ᠍ᠢ᠍ᠵᠢᠭᠤᠯᠬᠤ ᠴᠠᠬᠢᠭᠤᠷ ᠴᠢᠯᠠᠭᠤ  ᠵᠢ  ᠮᠠᠯᠲᠠᠨ ᠭᠠᠷᠭ᠋ᠠᠵᠤ᠂  ᠵᠧᠵᠢᠶᠠᠩ᠎ᠤᠨ ᠱᠠᠩ ᠱᠠᠨ᠎ᠤ ᠪᠠᠭᠤᠷᠢ᠎ᠠᠴᠠ 11000 ᠵᠢᠯ᠎ᠤᠨ ᠠ᠋ᠮᠦᠨᠡᠬᠢ ᠸᠠᠭ᠋ᠠᠷ ᠰᠠᠪᠠ᠂  ᠴᠢᠯᠠᠭᠤᠨ ᠪᠠᠭ᠋ᠠᠵᠢ ᠪᠠ ᠠ᠋ᠷᠲᠡ ᠦᠶ᠎ᠡ ᠵᠢᠨ ᠳᠠᠷᠢᠵᠤ ᠪᠤᠢ᠍ᠢ᠍ᠵᠢᠭᠤᠯᠤᠠᠠᠰᠠᠨ ᠲᠤᠲᠤᠷᠭ᠎ᠠ ᠵᠢᠨ ᠦᠯᠡᠳᠡᠭᠳᠡᠯ᠎ᠢ ᠮᠠᠯᠲᠠᠨ ᠭᠠᠷᠭ᠋ᠠᠪᠠ᠃  ᠤᠮᠠᠷᠠᠲᠤ ᠣᠷᠣᠨ᠎ᠳᠤ᠂  ᠪᠡᠭᠡᠵᠢᠩ᠎ᠤᠨ ᠳ᠋ᠦᠩ ᠬᠤ᠌ ᠯᠢᠨ᠎ᠤ ᠪᠠᠭᠤᠷᠢ᠎ᠠᠴᠠ ᠣᠳᠣ᠎ᠠᠴᠠ ᠪᠠᠷᠤᠭ 10000 ᠵᠢᠯ᠎ᠤᠨ ᠠ᠋ᠮᠦᠨᠡᠬᠢ ᠨᠡᠭᠦᠷᠡᠰᠦᠵᠢᠭᠰᠡᠨ ᠨᠠᠷᠢᠮᠤ ᠪᠠ ᠰᠢᠯᠦᠬᠡᠢ ᠵᠢ  ᠢᠯᠡᠷᠡᠭᠦᠯᠵᠦ᠂  ᠥᠪᠥᠷ ᠮᠣᠩᠭᠣᠯ᠎ᠤᠨ ᠠᠤᠬᠠᠨ ᠬᠣᠰᠢᠭᠤᠨ᠎ᠤ ᠰᠢᠩ ᠯᠦᠩ ᠭᠧᠦ ᠵᠢᠨ ᠪᠠᠭᠤᠷᠢ᠎ᠠᠴᠠ ᠣᠳᠣ᠎ᠠᠴᠠ ᠪᠠᠷᠤᠭ 8000 ᠵᠢᠯ᠎ᠤᠨ ᠠ᠋ᠮᠦᠨᠡᠬᠢ ᠬᠥᠮᠦᠨ᠎ᠤ ᠬᠦᠴᠦ᠎ᠪᠠᠷ ᠲᠠᠷᠢᠵᠤ ᠪᠣᠶ᠋ᠢᠵᠢᠭᠤᠯᠤᠭᠰᠠᠨ ᠨᠡᠭᠦᠷᠡᠰᠦᠵᠢᠭᠰᠡᠨ ᠰᠢᠯᠦᠬᠡᠢ ᠵᠢᠨ ᠦᠷ᠎ᠡ  ᠵᠢ  ᠢᠯᠡᠷᠡᠭᠦᠯᠪᠡ᠃ 

图片1.png

      ᠣᠲᠣ᠎ᠠᠴᠠ 8000 ᠵᠢᠯ᠎ᠤᠨ ᠠ᠋ᠮᠦᠨ᠎ᠡ᠂  ᠲᠤᠲᠤᠷᠭ᠎ᠠ ᠵᠢᠨ ᠲᠠᠷᠢᠶᠠᠯᠠᠩ ᠤᠮᠠᠷᠠᠰᠢ ᠬᠤᠸᠠᠶ᠋ᠢᠾᠧ ᠭᠣᠤᠯ᠎ᠤᠨ ᠳᠣᠤᠷᠠᠳᠤ ᠤᠷᠤᠰᠬᠠᠯ᠎ᠤᠨ ᠭᠠᠵᠠᠷ ᠣᠷᠣᠨ᠎ᠳᠤ ᠥᠷᠭᠡᠵᠢᠨ ᠳᠡᠯᠭᠡᠷᠡᠵᠦ᠂  ᠨᠠᠷᠢᠮᠤ ᠵᠢᠨ ᠲᠠᠷᠢᠶᠠᠯᠠᠩ ᠬᠠᠲᠤᠨ ᠭᠣᠤᠯ᠎ᠤᠨ ᠳᠤᠮᠳᠠᠳᠤ ᠳᠣᠤᠷᠠᠳᠤ ᠤᠷᠤᠰᠬᠠᠯ᠎ᠤᠨ ᠭᠠᠵᠠᠷ ᠣᠷᠣᠨ ᠵᠢᠴᠢ ᠶᠠᠨᠱ᠌ᠠᠨ᠎ᠤ ᠠ᠋ᠮᠦᠨ᠎ᠡ ᠤᠮᠠᠷ᠎ᠠ᠎ᠳᠤ ᠬᠦᠷᠲᠡᠯ᠎ᠡ ᠲᠠᠷᠬᠠᠪᠠ᠃  ᠲᠤᠲᠤᠷᠭ᠎ᠠ (ᠲᠤᠲᠤᠷᠭ᠎ᠠ ᠵᠢᠨ ᠲᠦᠷᠦᠯ)  ᠪᠣᠯᠤᠨ ᠨᠠᠷᠢᠮᠤ (ᠨᠠᠷᠢᠮᠤ ᠪᠠ ᠰᠢᠯᠦᠬᠡᠢ)  ᠵᠤᠯᠭ᠋ᠠᠯᠳᠤᠠᠠᠰᠠᠨ᠎ᠤ ᠲᠠᠷᠠᠭ᠎ᠠ᠂  ᠠᠭ᠋ᠠᠵᠢᠮ ᠵᠶ᠋ᠠᠷ 《ᠠ᠋ᠮᠦᠨᠡᠲᠦ ᠵᠢᠨ ᠲᠤᠲᠤᠷᠭ᠎ᠠ ᠤᠮᠠᠷᠠᠲᠤ ᠵᠢᠨ ᠨᠠᠷᠢᠮᠤ》  ᠵᠢᠨ ᠲᠠᠷᠢᠶᠠᠯᠠᠩ᠎ᠤᠨ ᠲᠠᠷᠬᠠᠯᠲᠠ ᠵᠢᠨ ᠪᠠᠶ᠋ᠢᠷᠢᠰᠢᠯ ᠪᠤᠢ ᠪᠣᠯᠪᠠ᠃ 

      ᠲᠠᠷᠢᠶᠠᠯᠠᠩ᠎ᠤᠨ ᠠ᠋ᠭᠦᠳᠦᠯᠲᠡ᠎ᠨᠢ ᠬᠥᠮᠦᠨ ᠲᠥᠷᠥᠯᠬᠢᠲᠡᠨ᠎ᠤ ᠣᠷᠣᠰᠢᠨ ᠰᠠᠭᠤᠬᠤ ᠭᠠᠵᠠᠷ ᠵᠶ᠋ᠠᠨ ᠰᠣᠩᠭᠣᠬᠤ ᠪᠠᠷᠢᠮᠵᠢᠶ᠎ᠠ  ᠵᠢ  ᠬᠤᠪᠢᠷᠠᠭᠤᠯᠵᠤ᠂  ᠪᠦᠬᠦ ᠪᠥᠮᠪᠥᠷᠴᠡᠭ᠎ᠤᠨ ᠴᠢᠨᠠᠷᠲᠠᠶ ᠲᠠᠷᠢᠶᠠᠯᠠᠩ᠎ᠤᠨ ᠥᠷᠨᠢᠯᠲᠡ ᠪᠤᠢ ᠪᠣᠯᠬᠤ  ᠵᠢ  ᠠᠬᠢᠭᠤᠯᠪᠠ᠃  ᠪᠠᠷᠠᠭᠤᠨ ᠠᠽᠢᠶ᠎ᠠ᠂  ᠤᠮᠠᠷᠠᠲᠤ ᠠᠹᠷᠢᠺᠠ ᠪᠠ ᠧᠦ᠋ᠷᠣᠫᠠ ᠲᠢᠪ᠎ᠲᠠᠢ ᠬᠣᠯᠪᠣᠭᠳᠠᠭᠰᠠᠨ ᠭᠠᠵᠠᠷ᠎ᠤᠨ ᠳᠤᠮᠳᠠᠳᠤ ᠲᠠᠩᠭᠢᠰ᠎ᠤᠨ ᠪᠣᠯᠪᠠᠰᠤᠨ᠎ᠳᠤ ᠪᠤᠭᠤᠳᠠᠶ ᠪᠠ ᠪᠤᠭᠤᠳᠠᠶ᠎ᠪᠠᠷ ᠪᠦᠷᠢᠯᠳᠦᠭᠰᠡᠨ ᠭᠤᠯᠢᠷ ᠢᠳᠡᠭᠡᠨ᠎ᠤ ᠪᠣᠯᠪᠠᠰᠤᠨ ᠪᠠᠭᠲᠠᠨ᠎ᠠ;  ᠬᠥᠬᠡ ᠮᠥᠷᠡᠨ᠂  ᠬᠠᠲᠤᠨ ᠭᠣᠣᠯ᠎ᠲᠠᠢ ᠬᠣᠯᠪᠣᠭᠳᠠᠭᠰᠠᠨ ᠳᠤᠮᠳᠠᠳᠤ ᠵᠢᠨ ᠪᠣᠯᠪᠠᠰᠤᠨ᠎ᠳᠤ ᠤᠮᠠᠷᠠᠲᠤ ᠣᠷᠣᠨ᠎ᠤ ᠨᠠᠷᠢᠮᠤ ᠪᠠ ᠠ᠋ᠮᠦᠨᠡᠲᠦ ᠣᠷᠣᠨ᠎ᠤ ᠲᠤᠲᠤᠷᠭ᠎ᠠ᠎ᠪᠠᠷ ᠪᠦᠷᠢᠯᠳᠦᠭᠰᠡᠨ ᠠᠮᠤ ᠪᠤᠳᠠᠭ᠋ᠠᠨ᠎ᠤ ᠪᠣᠯᠪᠠᠰᠤᠨ ᠪᠠᠭᠲᠠᠨ᠎ᠠ᠃ 

      ᠰᠢᠨᠵᠢᠶᠠᠩ᠎ᠤᠨ ᠲᠦᠩ ᠲᠢᠶᠠᠨ ᠳ᠋ᠦᠩ᠎ᠤᠨ ᠪᠠᠭᠤᠷᠢ᠎ᠠᠴᠠ ᠣᠲᠣ᠎ᠠᠴᠠ ᠪᠠᠷᠤᠭ 5200 ᠵᠢᠯ᠎ᠤᠨ ᠠ᠋ᠮᠦᠨᠡᠬᠢ ᠨᠡᠭᠦᠷᠡᠰᠦᠵᠢᠭᠰᠡᠨ ᠰᠢᠯᠦᠬᠡᠢ ᠪᠣᠯᠤᠨ ᠬᠥᠮᠦᠨ᠎ᠤ ᠬᠦᠴᠦ᠎ᠪᠠᠷ ᠳᠠᠷᠢᠵᠤ ᠪᠣᠶ᠋ᠢᠵᠢᠭᠤᠯᠤᠭᠰᠠᠨ ᠨᠡᠭᠦᠷᠡᠰᠦᠵᠢᠭᠰᠡᠨ ᠪᠣᠭᠣᠳᠠᠶ  ᠵᠢ  ᠢᠯᠡᠷᠡᠭᠦᠯᠦᠭᠰᠡᠨ᠎ᠨᠢ ᠠ᠋ᠨᠡ ᠦᠶ᠎ᠡ᠎ᠳᠤ ᠳᠣᠷᠣᠨᠠᠳᠠᠬᠢᠨ᠎ᠤ ᠰᠢᠯᠦᠬᠡᠢ᠎ᠨᠢ ᠥᠷᠥᠨᠡᠳᠠᠬᠢᠨ᠎ᠤ ᠪᠣᠭᠣᠳᠠᠶ᠎ᠲᠠᠢ ᠵᠤᠯᠭ᠋ᠠᠯᠳᠤᠠᠠᠰᠠᠨ᠎ᠢ ᠬᠠᠷᠠᠭᠤᠯᠵᠤ ᠪᠠᠶ᠋ᠢᠨ᠎ᠠ᠂  ᠠ᠋ᠨᠡ᠎ᠨᠢ ᠰᠢᠨᠵᠢᠶᠠᠩ 5000 ᠭᠠᠷᠤᠶ ᠵᠢᠯ᠎ᠤᠨ ᠠ᠋ᠮᠦᠨ᠎ᠡ ᠳᠣᠷᠣᠨᠠᠳᠠᠬᠢᠨ ᠥᠷᠥᠨᠡᠳᠠᠬᠢᠨ᠎ᠤ ᠰᠣᠶᠣᠯ᠎ᠤᠨ ᠰᠣᠯᠢᠯᠴᠠᠭ᠋ᠠᠨ᠎ᠤ ᠨᠢᠭᠡ ᠵᠠᠮ ᠪᠠᠶ᠋ᠢᠭᠰᠠᠨ᠎ᠢ ᠬᠠᠷᠠᠭᠤᠯᠵᠤ ᠪᠠᠶ᠋ᠢᠨ᠎ᠠ᠃ 

      ᠪᠦᠬᠦᠯᠢ ᠴᠣᠭᠴᠠ᠎ᠠᠴᠠ᠎ᠨᠢ ᠦᠵᠡᠪᠡᠯ᠂  ᠳᠣᠲᠣᠷᠭ᠎ᠠ᠎ᠨᠢ ᠳᠤᠮᠳᠠᠳᠤ ᠵᠢᠨ ᠦᠨᠳᠦᠰᠦᠲᠡᠨ᠎ᠤ ᠦᠷᠭᠦᠯᠵᠢᠯᠡᠨ ᠬᠥᠭᠵᠢᠬᠦ᠎ᠳᠤ ᠪᠣᠳᠠᠰ᠎ᠤᠨ ᠪᠠᠲᠤᠯᠠᠭ᠎ᠠ ᠬᠠᠩᠭ᠋ᠠᠭᠰᠠᠨ ᠪᠠᠶ᠋ᠢᠨ᠎ᠠ᠃  ᠨᠡᠩ ᠴᠢᠬᠤᠯᠠ᠎ᠨᠢ ᠠᠮᠤ ᠪᠤᠳᠠᠭ᠋ᠠᠨ᠎ᠤ ᠰᠣᠯᠢᠯᠴᠠᠭ᠎ᠠ ᠵᠢᠨ ᠠᠷᠤ᠎ᠳᠤ ᠬᠥᠮᠦᠰ᠎ᠤᠨ ᠬᠣᠭᠣᠷᠣᠨᠳᠣᠬᠢ ᠰᠣᠯᠢᠯᠴᠠᠭ᠎ᠠ ᠶᠠᠪᠤᠭᠳᠠᠵᠤ ᠪᠠᠶ᠋ᠢᠳᠠᠭ᠃  ᠬᠥᠬᠡᠮᠥ᠋ᠷᠡᠨ᠂  ᠬᠠᠳᠤᠨ ᠭᠣᠣᠯ᠂  ᠵᠦᠵᠢᠶᠠᠩ ᠮᠥᠷᠡᠨ ᠵᠡᠷᠭᠡ ᠶᠡᠬᠡ ᠭᠣᠣᠯ ᠮᠥᠷᠡᠨ᠎ᠤ ᠭᠣᠣᠯ ᠤᠷᠤᠰᠬᠠᠯ ᠪᠠ ᠰᠠᠯᠪᠤᠷᠢ ᠤᠷᠤᠰᠬᠠᠯ ᠲᠠᠭ᠋ᠠᠤ ᠬᠦᠮᠤᠰ ᠬᠤᠷᠠᠨ ᠨᠢᠠᠠᠳᠠᠷᠠᠵᠤ᠂  ᠠᠭ᠋ᠠᠵᠢᠮ ᠵᠶ᠋ᠠᠷ ᠬᠠᠳᠤᠨ ᠭᠣᠣᠯ᠎ᠤᠨ ᠰᠣᠶᠣᠯ᠎ᠤᠨ ᠪᠦᠰᠡ᠂  ᠬᠥᠬᠡᠮᠥ᠋ᠷᠡᠨ᠎ᠤ ᠰᠣᠶᠣᠯ᠎ᠤᠨ ᠪᠦᠰᠡ᠂  ᠵᠦᠵᠢᠶᠠᠩ ᠮᠥᠷᠡᠨ᠎ᠤ ᠰᠣᠶᠣᠯ᠎ᠤᠨ ᠪᠦᠰᠡ ᠵᠡᠷᠭᠡ ᠪᠤᠯᠵᠤ ᠬᠥᠭᠵᠢᠭᠡᠳ ᠡᠯ᠎ᠡ ᠠᠵᠤ ᠠᠬᠤᠢ ᠵᠢᠨ ᠣᠷᠣᠨ ᠪᠦᠰᠡ ᠵᠢᠨ ᠬᠠᠮᠲᠤ᠎ᠪᠠᠷ ᠣᠷᠣᠰᠢᠵᠤ ᠬᠠᠷᠢᠯᠴᠠᠨ ᠠᠰᠢᠭᠲᠠᠢ ᠪᠠᠶ᠋ᠢᠬᠤ ᠠᠵᠤ ᠠᠬᠤᠢ ᠵᠢᠨ ᠪᠦᠲᠦᠴᠡ  ᠵᠢ  ᠪᠤᠢ ᠪᠣᠯᠭ᠋ᠠᠵᠤ᠂  ᠬᠠᠮᠲᠤ ᠵᠢᠨ ᠭᠡᠷ ᠣᠷᠣᠨ᠎ᠢ ᠪᠦᠷᠢᠯᠳᠦᠭᠦᠯᠵᠦ᠂  ᠳᠤᠮᠳᠠᠳᠤ ᠵᠢᠨ ᠦᠨᠳᠦᠰᠦᠲᠡᠨ᠎ᠤ ᠦᠷᠭᠦᠯᠵᠢᠯᠡᠨ ᠬᠥᠭᠵᠢᠬᠦ ᠭᠠᠵᠠᠷ ᠣᠷᠣᠨ᠎ᠤ ᠳᠠᠪᠠᠭᠤᠯᠢᠭ ᠪᠣᠯᠤᠭᠰᠠᠨ ᠪᠠᠶ᠋ᠢᠨ᠎ᠠ᠃ 

图片2.png

     

      ᠬᠣᠶᠠᠷ᠂  ᠬᠠᠰ᠎ᠤᠨ ᠰᠣᠶᠣᠯ ᠪᠠ ᠯᠣᠣ ᠵᠢᠨ ᠰᠣᠶᠣᠯ᠎ᠤᠨ ᠵᠤᠯᠭ᠋ᠠᠯᠴᠠᠭ᠎ᠠ

      ᠠ᠋ᠷᠳᠡᠮᠲᠡᠨ ᠵᠢᠢ ᠰᠢᠶᠠᠨ ᠯᠢᠨ᠎ᠤ ᠦᠵᠡᠬᠦ᠎ᠪᠠᠷ 《ᠬᠡᠷᠪᠡ ᠨᠢᠭᠡ ᠵᠦᠢ᠍ᠯ᠎ᠤᠨ ᠪᠣᠳᠠᠰ ᠵᠶ᠋ᠠᠷ ᠳᠤᠮᠳᠠᠳᠤ ᠵᠢᠨ ᠰᠣᠶᠣᠯ᠎ᠢ ᠲᠥᠯᠥᠭᠡᠯᠡᠭᠦᠯᠪᠡᠯ ᠲᠡᠷᠡ᠎ᠨᠢ ᠳᠠᠷᠤᠢ ᠬᠠᠰ ᠪᠣᠯᠤᠨ᠎ᠠ》᠃  ᠭᠢᠷᠢᠨ᠎ᠤ ᠪᠠᠶ ᠴᠧᠩ ᠬᠣᠲᠠ ᠵᠢᠨ ᠱᠤᠸᠠᠩ ᠲᠠ ᠵᠢᠨ ᠪᠠᠭᠤᠷᠢ᠎ᠠᠴᠠ ᠣᠯᠳᠠᠭᠰᠠᠨ ᠣᠲᠣ᠎ᠠᠴᠠ 10000 ᠵᠢᠯ᠎ᠤᠨ ᠠ᠋ᠮᠦᠨᠡᠬᠢ ᠬᠠᠰ ᠰᠤᠪᠤᠳ ᠪᠣᠯ ᠣᠲᠣ ᠨᠢᠭᠡᠨᠲᠡ ᠮᠡᠳᠡᠭᠰᠡᠨ ᠳᠤᠮᠳᠠᠳᠤ ᠤᠯᠤᠰ᠎ᠤᠨ ᠬᠠᠰ᠎ᠤᠨ ᠰᠣᠶᠣᠯ᠎ᠤᠨ ᠠ᠋ᠬᠢᠯᠡᠯᠲᠡ ᠮᠥᠨ᠃  ᠬᠠᠰ ᠪᠤᠯᠤᠨ ᠯᠤᠤ ᠬᠠᠮᠤᠭ᠎ᠤᠨ ᠠᠩᠬ᠎ᠠ ᠪᠠᠷᠠᠭᠤᠨ ᠯᠢᠶᠣᠤ ᠾᠧ ᠭᠣᠤᠯ᠎ᠤᠨ ᠰᠠᠪᠠ ᠭᠠᠵᠠᠷ᠎ᠲᠤ ᠪᠠᠢ᠍ᠢ᠍ᠭ᠎ᠠ ᠯᠢᠶᠣᠤᠨᠢᠩ ᠮᠤᠵᠢ ᠵᠢᠨ ᠹᠦᠰᠢᠨ᠎ᠤ ᠴᠠ ᠬᠠᠶ ᠵᠢᠨ ᠪᠠᠭᠤᠷᠢ᠎ᠳᠤ ᠵᠤᠯᠭ᠋ᠠᠯᠳᠤᠪᠠ᠃  ᠴᠠ ᠬᠠᠢ ᠵᠢᠨ ᠪᠠᠭᠤᠷᠢ᠎ᠠᠴᠠ ᠣᠯᠳᠠᠭᠰᠠᠨ 8000 ᠵᠢᠯ᠎ᠤᠨ ᠠ᠋ᠮᠦᠨᠡᠬᠢ ᠬᠥᠮᠦᠨ ᠲᠥᠷᠥᠯᠬᠢᠲᠡᠨ᠎ᠤ ᠬᠡᠷᠡᠭᠯᠡᠵᠦ ᠪᠠᠶ᠋ᠢᠭᠰᠠᠨ ᠬᠠᠰ ᠠ᠋ᠳ᠋ᠯᠡᠯ᠎ᠨᠢ ᠨᠢᠭᠡᠨᠲᠡ ᠨᠡᠶ᠋ᠢᠭᠡᠮ᠎ᠤᠨ ᠦᠵᠡᠯ ᠤᠬᠠᠮᠰᠠᠷ᠎ᠢ ᠨᠡᠪᠴᠢᠭᠡᠵᠦ᠂ 《ᠰᠤᠷᠲᠠᠯ》᠂ 《ᠶᠣᠰᠣᠯᠠᠯ》᠎ᠤᠨ ᠪᠡᠯᠭᠡᠳᠡᠯ ᠪᠣᠯᠤᠭᠰᠠᠨ ᠪᠠᠶ᠋ᠢᠨ᠎ᠠ;  ᠮᠠᠯᠲᠠᠵᠤ ᠭᠠᠷᠭ᠋ᠠᠭᠰᠠᠨ ᠯᠣᠣ ᠵᠢᠨ ᠬᠡᠯᠪᠡᠷᠢᠲᠦ ᠣᠪᠣᠭ᠋ᠠᠯᠠᠮᠠᠯ ᠴᠢᠯᠠᠭᠤ ᠵᠢᠨ ᠣᠷᠳᠣ᠎ᠨᠢ 19.7  ᠮᠸᠲᠷ  ᠪᠠᠶ᠋ᠢᠵᠤ᠂ 《ᠳᠤᠮᠳᠠᠳᠤ ᠵᠢᠨ ᠨᠢᠭᠡᠳᠦᠭᠡᠷ ᠯᠣᠣ》  ᠬᠡᠮᠡᠭᠳᠡᠭᠰᠡᠨ ᠪᠠᠶ᠋ᠢᠨ᠎ᠠ᠃ 

图片3.png

      ᠬᠠᠰ ᠪᠣᠯᠤᠨ ᠯᠣᠣ ᠵᠣᠯᠭ᠋ᠠᠭᠰᠠᠨ᠎ᠤ ᠳᠠᠷᠠᠭ᠎ᠠ᠂  ᠬᠠᠰ᠎ᠤᠨ ᠰᠣᠶᠣᠯ᠎ᠨᠢ ᠯᠣᠣ ᠵᠢᠨ ᠰᠣᠶᠣᠯ᠎ᠤᠨ ᠳᠡᠯᠭᠡᠷᠡᠯᠲᠡ  ᠵᠢ  ᠳᠠᠭ᠋ᠠᠯᠳᠤᠨ ᠤᠮᠠᠷᠠᠲᠤ ᠵᠢᠨ ᠬᠠᠰ ᠠ᠋ᠮᠦᠨᠡᠲᠦ ᠣᠷᠣᠨ᠎ᠳᠤ ᠤᠯᠠᠮᠵᠢᠯᠠᠭᠳᠠᠵᠤ᠂  ᠵᠡᠭᠦᠨᠳᠡᠬᠢ ᠬᠠᠰ ᠪᠠᠷᠠᠭᠤᠨ ᠣᠷᠣᠨ᠎ᠳᠤ ᠤᠯᠠᠮᠵᠢᠯᠠᠭᠳᠠᠬᠤ ᠬᠠᠨᠳᠤᠰᠢ᠎ᠲᠠᠢ ᠪᠣᠯᠪᠠ᠃  ᠠ᠋ᠷᠳᠡᠮᠲᠡᠨ ᠶᠧ ᠱᠤ᠌ ᠰᠢᠶᠠᠨ᠎ᠤ ᠦᠵᠡᠬᠦ᠎ᠪᠠᠷ᠂  ᠬᠠᠰ᠎ᠤᠨ ᠰᠣᠶᠣᠯ᠎ᠨᠢ ᠣᠳᠣ᠎ᠠᠴᠠ 5000 ᠵᠢᠯ᠎ᠤᠨ ᠠ᠋ᠮᠦᠨ᠎ᠡ ᠤᠷᠢᠳ ᠵᠶ᠋ᠠᠷ ᠬᠥᠬᠡ ᠮᠥᠷᠡᠨ᠎ᠤ ᠭᠤᠷᠪᠠᠯᠵᠢᠨ ᠬᠣᠶ᠋ᠢᠭ᠎ᠢ ᠨᠢᠭᠡᠳᠬᠡᠵᠦ᠂  ᠳᠠᠷᠠᠭ᠎ᠠ᠎ᠨᠢ ᠪᠠᠰᠠ ᠣᠳᠣ᠎ᠠᠴᠠ 4000 ᠵᠢᠯ᠎ᠤᠨ ᠠ᠋ᠮᠦᠨ᠎ᠡ ᠭᠠᠨᠰᠦ ᠬᠥᠬᠡᠨᠠᠭᠤᠷ ᠨᠢᠩᠰᠢᠶᠠ ᠱᠠᠨᠰᠢ ᠵᠡᠷᠭᠡ ᠭᠠᠵᠠᠷ᠎ᠲᠤ ᠲᠠᠷᠬᠠᠵᠤ᠂  ᠶᠡᠬᠡ ᠲᠥᠯᠥᠪ ᠳᠤᠮᠳᠠᠳᠤ ᠤᠯᠤᠰ᠎ᠢ ᠨᠢᠭᠡᠳᠬᠡᠵᠡᠶ᠃

      ᠲᠦᠮᠡ ᠭᠠᠷᠤᠶ ᠵᠢᠯ᠎ᠤᠨ ᠲᠤᠷᠰᠢ᠂ 《ᠬᠠᠰ ᠵᠶ᠋ᠡᠷ ᠳᠤᠮᠳᠠᠳᠤ ᠤᠯᠤᠰ᠎ᠤᠨ ᠰᠤᠶᠤᠯ᠎ᠢ ᠪᠦᠲᠦᠭᠡᠭᠰᠡᠨ》  ᠶᠠᠪᠤᠴᠠ᠎ᠨᠢ ᠵᠡᠪᠰᠡᠭᠲᠦ ᠬᠦᠴᠦᠨ ᠵᠶ᠋ᠡᠷ ᠠ᠋ᠷᠬᠡᠰᠢᠶᠡᠯ᠎ᠳᠤ᠎ᠪᠠᠨ ᠣᠷᠣᠭᠤᠯᠤᠭᠰᠠᠨ ᠶᠠᠪᠤᠳᠠᠯ ᠪᠢᠰᠢ᠂  ᠬᠠᠷᠢᠨ ᠬᠠᠰ᠎ᠤᠨ ᠶᠣᠰᠣ ᠰᠢᠲᠦᠯᠭᠡ ᠵᠢᠨ ᠰᠣᠶᠣᠯ᠎ᠤᠨ ᠮᠡᠳᠡᠷᠡᠬᠦᠢ  ᠵᠢ  ᠪᠤᠶ ᠪᠣᠯᠭ᠋ᠠᠵᠤ᠂ 《ᠵᠡᠷ ᠵᠡᠪᠰᠡᠭ᠎ᠢ ᠬᠠᠰ ᠪᠣᠯᠭ᠋ᠠᠬᠤ (ᠦᠰ ᠬᠤᠷᠤᠰᠤᠯ᠎ᠢ ᠬᠤᠪᠢᠷᠠᠭ᠋ᠠᠵᠤ ᠠ᠋ᠶ᠎ᠡ ᠨᠠᠢ᠍ᠢ᠍ᠷ ᠪᠣᠯᠭ᠋ᠠᠬᠤ)》  ᠶᠠᠪᠤᠳᠠᠯ ᠪᠣᠯᠤᠨ᠎ᠠ᠃  ᠠ᠋ᠭᠦᠨ᠎ᠠᠴᠠ ᠪᠣᠯᠵᠤ᠂ 《ᠬᠠᠰ ᠮᠡᠲᠦ ᠠ᠋ᠶᠡᠯᠳᠡᠭ ᠵᠥᠭᠡᠯᠡᠨ》 ᠎ᠨᠢ ᠳᠤᠮᠳᠠᠳᠤ ᠵᠢᠨ ᠦᠨᠳᠦᠰᠦᠲᠡᠨ᠎ᠤ ᠢᠯᠡ ᠲᠣᠳᠣ ᠥᠪᠡᠷᠮᠢᠴᠡ ᠴᠢᠨᠠᠷ ᠪᠣᠯᠵᠤ᠂  ᠠᠭ᠋ᠠᠵᠢᠮ ᠵᠶ᠋ᠠᠷ ᠰᠣᠶᠣᠯ᠎ᠤᠨ ᠤᠳᠬ᠎ᠠ ᠠᠭᠤᠯᠭ᠎ᠠ ᠳᠡᠭᠡᠷᠡᠬᠢ ᠠᠭᠤᠤ ᠶᠡᠬᠡ ᠣᠶᠤᠨ ᠤᠬᠠᠭ᠋ᠠᠨ ᠪᠣᠯᠵᠤ ᠬᠠᠳᠠᠭ᠋ᠠᠯᠠᠭᠳᠠᠭᠰᠠᠨ ᠪᠠᠶ᠋ᠢᠨ᠎ᠠ᠃ 

图片4.png

      ᠤᠯᠤᠰ᠎ᠤᠨ ᠮᠦᠽᠧᠶ ᠵᠢᠨ ᠦᠵᠡᠭᠦᠯᠭᠡ ᠵᠢᠨ ᠲᠢᠩᠬᠢᠮ᠎ᠳᠠᠬᠢ ᠽᠢ ᠯᠦᠩ ᠭᠦᠯᠢᠰ ᠪᠣᠯ ᠣᠲᠣ ᠪᠣᠯᠲᠠᠯ᠎ᠠ ᠮᠡᠳᠡᠵᠦ ᠪᠠᠶ᠋ᠢᠭ᠎ᠠ ᠬᠠᠮᠤᠭ᠎ᠤᠨ ᠠ᠋ᠷᠲᠡᠨ᠎ᠤ 《龙 (ᠯᠤᠤ)》  ᠥᠰᠥᠭ᠎ᠲᠠᠢ ᠬᠦᠷᠡᠯ ᠪᠠᠭ᠋ᠠᠵᠢ ᠪᠣᠯᠤᠨ᠎ᠠ᠃  ᠰᠣᠶᠣᠯ᠎ᠤᠨ ᠤᠳᠬ᠎ᠠ ᠠᠭᠤᠯᠭ᠎ᠠ᠎ᠠᠴᠠ ᠠᠪᠴᠤ ᠬᠡᠯᠡᠪᠡᠯ᠂  ᠳᠤᠮᠳᠠᠳᠤ ᠤᠯᠤᠰ᠎ᠤᠨ ᠬᠥᠮᠦᠨ 3000 ᠵᠢᠯ᠎ᠤᠨ ᠠ᠋ᠮᠦᠨ᠎ᠡ ᠳᠠᠷᠤᠶ 《ᠯᠣᠣ》  ᠵᠢᠨ ᠲᠠᠮᠠᠭ᠎ᠠ᠎ᠲᠠᠢ ᠪᠣᠯᠤᠭᠰᠠᠨ ᠶᠤᠮ᠃  ᠶᠡᠷᠦᠩᠬᠡᠢ ᠱᠦᠵᠢ ᠰᠢ ᠵᠢᠨ ᠫᠢᠩ ᠯᠣᠣ ᠵᠢᠨ ᠤᠯᠠᠮᠵᠢᠯᠠᠭᠴᠢ ᠵᠢ᠄ 《ᠰᠣᠶᠣᠯ᠎ᠤᠨ ᠤᠯᠠᠮᠵᠢᠯᠠᠯ ᠲᠠᠰᠤᠷᠠᠭ᠎ᠠ ᠦᠭᠡᠢ᠂  ᠢᠮᠠᠭᠲᠠ ᠤᠯᠠᠮᠵᠢᠯᠠᠭᠳᠠᠭᠰᠠᠭ᠋ᠠᠷ ᠢᠷᠡᠭᠰᠡᠨ᠎ᠨᠢ ᠵᠥᠪᠬᠡᠨ ᠳᠤᠮᠳᠠᠳᠤ ᠤᠯᠤᠰ ᠪᠣᠯᠤᠨ᠎ᠠ᠃  ᠪᠢᠳᠡ ᠪᠠᠰᠠ ᠬᠠᠷ᠎ᠠ ᠭᠡᠵᠢᠭᠡ ᠰᠢᠷ᠎ᠠ ᠠᠷᠠᠰᠤ᠎ᠲᠠᠢ᠂  ᠮᠠᠨ᠎ᠢ ᠯᠣᠤ ᠵᠢᠨ ᠤᠯᠠᠮᠵᠢᠯᠠᠭᠴᠢ ᠭᠡᠳᠡᠭ》  ᠭᠡᠵᠦ ᠲᠠᠢ᠍ᠢ᠍ᠯᠪᠤᠷᠢᠯᠠᠵᠤ ᠥᠩᠭᠡᠷᠡᠭᠰᠡᠨ ᠪᠢᠯᠡ᠃ 

图片5.png

     

      ᠭᠤᠷᠪᠠ᠂  ᠬᠤᠸᠠᠱ᠌ᠠᠨ ᠠᠭᠤᠯᠠ ᠵᠢᠨ ᠰᠠᠷᠭ᠋ᠠᠶ ᠴᠡᠴᠡᠭ ᠪᠠ ᠶᠠᠨᠱ᠌ᠠᠨ ᠠᠭᠤᠯᠠ ᠵᠢᠨ ᠯᠣᠣ ᠵᠢᠨ ᠵᠤᠯᠭ᠋ᠠᠯᠴᠠᠭ᠎ᠠ 

      1985 ᠣᠨ᠎ᠳᠤ᠂  ᠠ᠋ᠷᠳᠡᠮᠲᠡᠨ ᠰᠥ᠍  ᠪᠢᠩ ᠴᠢ ᠱᠠᠨ ᠰᠢ ᠵᠢᠨ ᠯᠢᠨ ᠹᠧᠨ᠎ᠳᠤ ᠱᠠᠨ ᠰᠢ ᠵᠢᠨ ᠰᠣᠶᠣᠯ᠎ᠤᠨ ᠰᠤᠳᠤᠯᠭ᠋ᠠᠨ᠎ᠤ ᠶᠠᠷᠢᠯᠴᠠᠬᠤ ᠬᠤᠷᠠᠯ᠎ᠳᠤ ᠣᠷᠣᠯᠴᠠᠬᠤ᠎ᠳᠤ᠎ᠪᠠᠨ 《ᠬᠤᠸᠠᠱ᠌ᠠᠨ ᠠᠭᠤᠯᠠ ᠵᠢᠨ ᠰᠠᠷᠭ᠋ᠠᠢ ᠴᠡᠴᠡᠭ ᠶᠠᠨᠱ᠌ᠠᠨ ᠠᠭᠤᠯᠠ ᠵᠢᠨ ᠯᠣᠣ᠂  ᠲᠠᠯᠠᠨ ᠬᠠᠷ᠎ᠠ ᠠᠭᠤᠯᠠ ᠵᠢᠨ ᠳᠣᠣᠷᠠᠬᠢ ᠬᠣᠣ ᠪᠠ ᠪᠣᠲᠤᠩ》  ᠭᠡᠵᠦ ᠰᠢᠯᠦᠭᠯᠡᠵᠡᠢ᠃  ᠠ᠋ᠭᠦᠨ᠎ᠤ ᠲᠤᠬᠠᠢ  ᠰᠥ᠍  ᠠᠪᠤᠭ᠋ᠠᠢ ᠤᠯᠠᠮ ᠨᠢᠭᠡ ᠠᠯᠬᠤᠮ ᠵᠠᠳᠠᠯᠤᠯᠲᠠ ᠬᠢᠵᠦ᠂  ᠰᠠᠷᠭ᠋ᠠᠢ ᠴᠡᠴᠡᠭ᠎ᠤᠨ ᠬᠡ ᠤᠭ᠋ᠠᠯᠵᠠ ᠵᠢᠨ ᠥᠩᠭᠡᠲᠦ ᠸᠠᠭ᠋ᠠᠷ ᠵᠶ᠋ᠠᠷ ᠭᠣᠣᠯ ᠣᠨᠴᠠᠯᠢᠭ ᠪᠣᠯᠭ᠋ᠠᠭᠰᠠᠨ ᠶᠠᠩ ᠱᠤᠤ ᠵᠢᠨ ᠮᠢᠶᠤᠤ ᠳᠢ ᠭᠧᠦ ᠵᠢᠨ ᠲᠦᠷᠦᠯ ᠬᠡᠯᠪᠡᠷᠢ ᠪᠤᠯᠤᠨ ᠯᠣᠣ ᠵᠢᠨ ᠬᠠᠶ᠋ᠢᠷᠰᠤ ᠵᠢᠨ ᠬᠡ ᠤᠭ᠋ᠠᠯᠵᠠ ᠵᠢᠨ ᠥᠩᠭᠡᠲᠦ ᠸᠠᠭ᠋ᠠᠷ ᠵᠶ᠋ᠠᠷ ᠭᠣᠣᠯ ᠣᠨᠴᠠᠯᠢᠭ ᠪᠣᠯᠭ᠋ᠠᠭᠰᠠᠨ ᠬᠤᠩᠱ᠌ᠠᠨ᠎ᠤ ᠰᠤᠶᠤᠯ᠂  ᠠ᠋ᠨᠡ ᠬᠣᠶᠠᠷ ᠠᠳᠠᠯᠢ ᠪᠤᠰᠤ ᠰᠣᠶᠣᠯ᠎ᠤᠨ ᠤᠯᠠᠮᠵᠢᠯᠠᠯ᠎ᠤᠨ ᠬᠠᠮᠲᠤ ᠵᠢᠨ ᠴᠣᠭᠴᠠ ᠵᠢᠨ ᠠ᠋ᠮᠦᠨᠡᠲᠦ ᠤᠮᠠᠷᠠᠲᠤ ᠵᠢᠨ ᠤᠶᠠᠯᠳᠤᠯ ᠪᠣᠯ ᠴᠡᠴᠡᠭ ᠬᠢᠭᠡᠳ ᠯᠣᠣ ᠵᠢᠨ ᠤᠶᠠᠯᠳᠤᠯ ᠪᠣᠯᠤᠨ᠎ᠠ ᠭᠡᠪᠡ᠃ 

      ᠯᠣᠣ ᠪᠠ ᠰᠠᠷᠭ᠋ᠠᠶ ᠴᠡᠴᠡᠭ ᠵᠤᠯᠭ᠋ᠠᠯᠳᠤᠠᠠᠰᠠᠨ ᠶᠠᠪᠤᠴᠠ᠎ᠳᠤ᠎ᠪᠠᠨ ᠬᠤᠪᠢᠷᠠᠯᠳᠠ ᠦᠭᠡᠷᠡᠴᠢᠯᠡᠯᠳᠡ᠎ᠲᠠᠢ᠂  ᠨᠡᠶ᠋ᠢᠯᠡᠯᠲᠡ᠎ᠲᠠᠢ᠂  ᠳᠤᠮᠳᠠᠬᠢ ᠵᠠᠯᠭ᠋ᠠᠯᠳᠤᠬᠤ ᠴᠡᠭ᠎ᠨᠢ ᠰᠠᠩ ᠭᠠᠨ ᠭᠣᠣᠯ᠎ᠤᠨ ᠳᠡᠭᠡᠳᠦ ᠤᠷᠤᠰᠬᠠᠯ (ᠾᠸᠪᠸᠢ ᠮᠤᠵᠢ ᠪᠠ ᠱᠠᠨ ᠰᠢ ᠮᠤᠵᠢ ᠵᠢᠨ ᠤᠮᠠᠷᠠᠲᠤ ᠬᠡᠰᠡᠭ)  ᠣᠷᠴᠢᠮ ᠪᠠᠶ᠋ᠢᠳᠠᠭ᠃  ᠣᠲᠣ᠎ᠠᠴᠠ 4300᠎ᠠᠴᠠ 3900 ᠵᠢᠯ᠎ᠤᠨ ᠠ᠋ᠮᠦᠨᠡᠬᠢ ᠱᠠᠨ ᠰᠢ ᠵᠢᠨ ᠲᠤᠤ ᠰᠧ ᠵᠢᠨ ᠪᠠᠭᠤᠷᠢ ᠵᠢᠨ ᠦᠯᠡᠳᠡᠭᠳᠡᠯ᠎ᠳᠤ ᠬᠠᠲᠤᠨ ᠭᠣᠤᠯ᠎ᠤᠨ ᠳᠤᠮᠳᠠᠳᠤ ᠤᠷᠤᠰᠬᠠᠯ᠎ᠤᠨ ᠬᠤᠸᠠᠱ᠌ᠠᠨ ᠠᠭᠤᠯᠠ᠂  ᠵᠡᠭᠦᠨ ᠬᠡᠰᠡᠭ᠎ᠤᠨ ᠲᠠᠶ᠋ᠢᠱ᠌ᠠᠨ ᠠᠭᠤᠯᠠ᠂  ᠤᠮᠠᠷᠠᠲᠤ ᠵᠢᠨ ᠶᠠᠨᠱ᠌ᠠᠨ ᠠᠭᠤᠯᠠ ᠵᠡᠷᠭᠡ ᠭᠤᠷᠪᠠᠨ ᠰᠣᠶᠣᠯ᠎ᠤᠨ ᠭᠣᠤᠯ ᠦᠨᠳᠦᠰᠦ ᠪᠠᠶ᠋ᠢᠵᠤ᠂  ᠪᠠᠰᠠ᠎ᠲᠠᠢ ᠬᠤ᠌ ᠨᠠᠭᠤᠷ ᠵᠢᠴᠢ ᠪᠤᠰᠤᠳ ᠣᠷᠣᠨ ᠰᠢᠰᠲ᠋ᠧᠮ᠎ᠠᠴᠠ ᠢᠷᠡᠭᠰᠡᠨ ᠰᠣᠶᠣᠯ᠎ᠤᠨ ᠬᠦᠴᠦᠨ ᠵᠤᠢ᠍ᠢ᠍ᠯ ᠵᠢᠴᠢ ᠤᠮᠠᠷᠠᠲᠤ ᠵᠢᠨ ᠬᠤᠩᠱ᠌ᠠᠨ᠎ᠤ ᠰᠣᠶᠣᠯ᠎ᠤᠨ ᠠ᠋ᠷᠲᠡ ᠦᠶ᠎ᠡ ᠵᠢᠨ ᠪᠣᠯᠪᠠᠰᠤᠨ᠎ᠤ ᠨᠥᠯᠥᠭᠡ ᠪᠠᠶ᠋ᠢᠳᠠᠭ᠃ 

图片6.png

      ᠠ᠋ᠨᠡ ᠦᠶ᠎ᠡ᠎ᠳᠤ᠂  ᠤᠮᠠᠷᠠᠲᠤ ᠵᠢᠨ ᠪᠣᠯᠪᠠᠰᠤᠨ᠎ᠤ ᠠ᠋ᠮᠦᠨᠡᠰᠢᠯᠡᠬᠦ ᠨᠥᠯᠥᠭᠡ᠎ᠨᠢ Y ᠦᠰᠦᠭ᠎ᠤᠨ ᠬᠡᠯᠪᠡᠷᠢᠲᠦ ᠨᠡᠪᠲᠡᠷᠡᠬᠦ ᠵᠠᠮ ᠪᠤᠯᠤᠨ ᠪᠦᠷᠢᠯᠳᠦᠵᠦ᠂  ᠲᠤᠬᠠᠢ᠍ᠢ᠍ᠯᠠᠪᠠᠯ ᠯᠢᠶᠣᠤ ᠰᠢ ᠵᠢᠨ ᠪᠣᠯᠪᠠᠰᠤᠨ ᠪᠠ ᠪᠣᠷᠣᠲᠣᠬᠣᠶ ᠵᠢᠨ ᠪᠣᠯᠪᠠᠰᠤᠨ ᠱᠠᠨ ᠰᠢ ᠵᠢᠨ ᠬᠣᠶ᠋ᠢᠲᠤ ᠬᠡᠰᠡᠭ ᠵᠶ᠋ᠡᠷ ᠳᠡᠮᠵᠢᠨ ᠱᠠᠨ ᠰᠢ ᠵᠢᠨ ᠠ᠋ᠮᠦᠨ᠎ᠡ ᠬᠡᠰᠡᠭ ᠎ᠲᠤ  ᠬᠦᠷᠦᠭᠰᠡᠨ ᠵᠠᠶ ᠪᠤᠯᠤᠨ᠎ᠠ᠂  ᠠ᠋ᠨᠡ ᠬᠦ᠌ Y ᠥᠰᠥᠭ᠎ᠤᠨ ᠬᠡᠯᠪᠡᠷᠢᠲᠦ ᠵᠠᠮ ᠪᠣᠯ ᠳᠠᠷᠤᠶ ᠠ᠋ᠷᠳᠡᠮᠲᠡᠨ  ᠰᠥ᠍  ᠪᠢᠩ ᠴᠢ ᠵᠢᠨ ᠨᠢᠳᠦᠨ᠎ᠳᠠᠬᠢ ᠳᠤᠮᠳᠠᠳᠤ ᠵᠢᠨ ᠪᠣᠯᠪᠠᠰᠤᠨ᠎ᠤ ᠣᠯᠠᠨ ᠦᠨᠳᠦᠰᠦᠲᠦ ᠰᠢᠰᠲ᠋ᠧᠮ᠎ᠤᠨ ᠳᠣᠲᠣᠷᠠᠬᠢ ᠵᠠᠩᠭᠢᠯᠠᠭ᠎ᠠ ᠵᠢᠨ ᠴᠢᠨᠠᠷᠲᠠᠶ 《ᠰᠢᠯᠤᠭᠤᠨ ᠦᠨᠳᠦᠰᠦ》  ᠪᠣᠯᠤᠨ᠎ᠠ᠃ 

       《ᠰᠢᠯᠤᠭᠤᠨ ᠦᠨᠳᠦᠰᠦ》  ᠵᠢᠨ ᠪᠣᠶ᠋ᠢᠵᠢᠯᠲᠠ ᠵᠢᠨ ᠶᠠᠪᠤᠴᠠ ᠪᠣᠯ ᠪᠠᠰᠠ ᠴᠤ᠌ ᠰᠣᠶᠣᠯ᠎ᠤᠨ ᠤᠳᠬ᠎ᠠ ᠠᠭᠤᠯᠭ᠎ᠠ ᠳᠡᠭᠡᠷᠡᠬᠢ 《ᠵᠠᠶ ᠽᠢ ᠳᠤᠮᠳᠠᠳᠤ ᠤᠯᠤᠰ》᠎ᠤᠨ ᠦᠵᠡᠯᠲᠡ ᠵᠢᠨ ᠪᠣᠶ᠋ᠢᠵᠢᠯᠲᠠ ᠵᠢᠨ ᠶᠠᠪᠤᠴᠠ ᠪᠤᠯᠤᠨ᠎ᠠ᠃ 《ᠰᠢᠯᠤᠭᠤᠨ ᠦᠨᠳᠦᠰᠦ》 ᠵᠢᠨ ᠦᠨᠳᠦᠰᠦᠯᠡᠭᠰᠡᠨ᠎ᠨᠢ ᠳᠤᠮᠳᠠᠳᠤ ᠤᠯᠤᠰ᠎ᠤᠨ ᠬᠢᠯᠢ ᠬᠢᠵᠠᠭ᠋ᠠᠷ᠎ᠢ ᠠ᠋ᠬᠢᠯᠡᠮᠡᠭᠴᠡ᠎ᠪᠠᠨ 《ᠶᠡᠬᠡ ᠭᠡᠷ ᠪᠦᠯᠢ》  ᠪᠣᠯᠭ᠋ᠠᠵᠠᠢ᠃  ᠳᠡᠯᠡᠬᠡᠶ ᠵᠢᠨ ᠪᠤᠰᠤᠳ ᠠ᠋ᠷᠲᠡᠨ᠎ᠤ ᠪᠣᠯᠪᠠᠰᠤᠨ᠎ᠨᠢ ᠠ᠋ᠷᠲᠡᠨ᠎ᠤ ᠶᠧᠵᠢᠫᠲ ᠎ᠲᠤ  ᠨᠢᠯ ᠮᠥᠷᠡᠨ᠂  ᠵᠡᠭᠦᠨᠳᠡᠬᠢ ᠶᠦᠹᠷᠠᠳ᠋ᠸᠰ ᠮᠥᠷᠡᠨ ᠪᠠ ᠲᠢᠭᠷᠢᠰ ᠮᠥᠷᠡᠨ᠂  ᠠ᠋ᠷᠲᠡᠨ᠎ᠤ ᠠ᠋ᠨᠡᠳᠬᠡᠭ  ᠎ᠲᠤ  ᠠ᠋ᠨᠡᠳᠬᠡᠭ ᠮᠥᠷᠡᠨ ᠪᠠᠶ᠋ᠢᠵᠤ᠂  ᠬᠡᠪᠴᠢᠶ᠎ᠡ᠎ᠨᠢ ᠬᠡᠳᠦᠨ ᠠᠷᠪᠠᠨ ᠲᠦᠮᠡᠨ ᠲᠡᠭᠰᠢ ᠳᠥᠷᠪᠡᠯᠵᠢᠨ  ᠺᠢᠯᠦᠮᠸᠲᠷ ᠎ᠠᠴᠠ ᠬᠡᠲᠦᠷᠡᠬᠦ ᠦᠭᠡᠶ ᠶᠤᠮ᠃  ᠳᠤᠮᠳᠠᠳᠤ ᠤᠯᠤᠰ᠎ᠤᠨ ᠪᠣᠯᠪᠠᠰᠤᠨ᠎ᠤ ᠵᠥᠪᠬᠡᠨ ᠠ᠋ᠷᠲᠡ ᠦᠶ᠎ᠡ ᠵᠢᠨ ᠪᠣᠯᠪᠠᠰᠤᠨ᠎ᠢ ᠪᠣᠶ᠋ᠢᠵᠢᠭᠤᠯᠤᠭᠰᠠᠨ ᠭᠣᠣᠯᠯᠠᠬᠤ ᠭᠠᠵᠠᠷ ᠣᠷᠣᠨ᠎ᠨᠢ ᠪᠠᠷᠤᠭ 300 ᠲᠦᠮᠡᠨ ᠲᠡᠭᠰᠢ ᠳᠥᠷᠪᠡᠯᠵᠢᠨ  ᠺᠢᠯᠦᠮᠸᠲᠷ  ᠰᠢᠬᠠᠮ ᠪᠠᠶ᠋ᠢᠨ᠎ᠠ᠃  ᠬᠠᠲᠤᠨ ᠭᠣᠣᠯ᠎ᠤᠨ ᠳᠤᠮᠳᠠᠳᠤ ᠤᠷᠤᠰᠬᠠᠯ᠎ᠳᠤ ᠪᠦᠷᠢᠯᠳᠦᠭᠰᠡᠨ ᠶᠠᠩᠱ᠌ᠤᠤ ᠵᠢᠨ ᠰᠣᠶᠣᠯ ᠤᠷᠢᠳ ᠠ᠋ᠮᠦᠨ᠎ᠡ ᠭᠠᠷᠤᠭ᠎ᠠ ᠦᠭᠡᠶ ᠨᠢᠭᠡᠳᠴᠦ᠂  ᠬᠡᠪᠴᠢᠶ᠎ᠡ᠎ᠨᠢ ᠬᠣᠵᠢᠮ᠎ᠤᠨ ᠳᠤᠮᠳᠠᠳᠤ ᠤᠯᠤᠰ᠎ᠤᠨ ᠭᠣᠣᠯ ᠴᠣᠭᠴᠠ ᠵᠢᠨ ᠣᠷᠣᠨ ᠪᠦᠰᠡ ᠵᠢᠨ ᠶᠡᠬᠡᠩᠬᠢ ᠬᠡᠰᠡᠭ᠎ᠢ ᠬᠠᠮᠤᠷᠴᠠᠶ᠃ 

图片7.png

      ᠵᠠᠩᠭᠢᠯᠠᠭ᠎ᠠ ᠵᠢᠨ ᠴᠢᠨᠠᠷᠲᠠᠶ 《ᠰᠢᠯᠤᠭᠤᠨ ᠦᠨᠳᠦᠰᠦ》  ᠪᠠᠢ᠍ᠢ᠍ᠬᠤ ᠤᠴᠢᠷ᠎ᠠᠴᠠ ᠬᠤᠸᠠᠰᠢᠶᠠ ᠵᠢᠨ ᠬᠥᠪᠡᠭᠦᠳ ᠦᠬᠢᠳ᠂  ᠶᠠᠨᠳᠢ ᠬᠤᠸᠠᠩᠳᠢ ᠵᠢᠨ ᠦᠷ᠎ᠡ ᠬᠣᠶ᠋ᠢᠴᠢᠰ᠂  ᠯᠣᠣ ᠵᠢᠨ ᠤᠯᠠᠮᠵᠢᠯᠠᠯᠲᠤ ᠬᠥᠮᠥᠨ ᠭᠡᠬᠦ ᠦᠵᠡᠯᠲᠡ ᠴᠦ᠍  ᠪᠤᠶ ᠪᠤᠯᠵᠠᠢ᠃  ᠰᠣᠶᠣᠯ᠎ᠤᠨ ᠤᠳᠬ᠎ᠠ ᠠᠭᠤᠯᠭ᠎ᠠ ᠳᠡᠭᠡᠷᠡᠬᠢ ᠳᠤᠮᠳᠠᠳᠤ ᠤᠯᠤᠰ᠂  ᠵᠠᠰᠠᠭ᠎ᠤᠨ ᠠ᠋ᠷᠬᠡ ᠵᠢᠨ ᠤᠳᠬ᠎ᠠ ᠠᠭᠤᠯᠭ᠎ᠠ ᠳᠡᠭᠡᠷᠡᠬᠢ ᠳᠤᠮᠳᠠᠳᠤ ᠤᠯᠤᠰ ᠪᠣᠯᠤᠨ ᠬᠢᠯᠢ ᠬᠢᠵᠠᠭ᠋ᠠᠷ᠎ᠤᠨ ᠤᠳᠬ᠎ᠠ ᠠᠭᠤᠯᠭ᠎ᠠ ᠳᠡᠭᠡᠷᠡᠬᠢ ᠳᠤᠮᠳᠠᠳᠤ ᠤᠯᠤᠰ᠎ᠨᠢ ᠵᠠᠷᠢᠮ᠎ᠳᠤ᠎ᠪᠠᠨ ᠪᠦᠷᠢᠮᠦᠰᠦᠨ ᠳᠠᠪᠬᠤᠴᠠᠬᠤ ᠪᠢᠰᠢ᠂  ᠭᠡᠪᠡᠴᠦ ᠪᠦᠬᠦᠯᠢ ᠴᠣᠭᠴᠠ᠎ᠠᠴᠠ᠎ᠨᠢ ᠠᠪᠴᠤ ᠦᠵᠡᠪᠡᠯ᠂  ᠳᠤᠮᠳᠠᠳᠤ ᠵᠢᠨ ᠦᠨᠳᠦᠰᠦᠲᠡᠨ᠎ᠤ ᠣᠷᠣᠰᠢᠨ ᠲᠣᠭᠲᠠᠨᠢᠬᠤ ᠬᠢᠯᠢ ᠬᠢᠵᠠᠭ᠋ᠠᠷ᠎ᠨᠢ ᠵᠥᠪᠬᠡᠨ 《ᠲᠠᠷᠭᠤᠨ ᠲᠤᠷᠠᠩᠬᠠᠢ》  ᠵᠢᠨ ᠢᠯᠭ᠋ᠠᠭ᠎ᠠ ᠪᠠᠶ᠋ᠢᠬᠤ᠎ᠠᠴᠠ ᠪᠢᠰᠢ᠂  ᠠ᠋ᠷᠬᠡᠲᠡᠨ᠎ᠤ ᠬᠤᠪᠢᠷᠠᠯᠲᠠ ᠪᠠᠶ᠋ᠢᠬᠤ ᠦᠭᠡᠶ ᠶᠤᠮ᠃ 

      ᠳᠥᠷᠪᠡ᠂  ᠠᠭᠤᠯᠠ ᠪᠤᠯᠤᠨ ᠤᠰᠤᠨ᠎ᠤ ᠵᠤᠯᠭ᠋ᠠᠯᠴᠠᠭ᠎ᠠ

      ᠶᠢᠨ ᠰᠢᠤᠢ ᠵᠢᠨ ᠮᠦᠽᠧᠶ ᠵᠢᠨ ᠦᠵᠡᠭᠦᠯᠭᠡ ᠵᠢᠨ ᠲᠢᠩᠬᠢᠮ᠎ᠳᠤ ᠱᠠᠩ ᠤᠯᠤᠰ᠎ᠤᠨ ᠸᠠᠩ ᠡᠦ ᠳ᠋ᠢᠩ᠎ᠤᠨ ᠠ᠋ᠬᠡᠨᠡᠷ ᠹᠦ᠋  ᠬᠤᠤ᠂  ᠠ᠋ᠷᠲᠡᠨ᠎ᠤ ᠶᠧᠵᠢᠫᠲ᠎ᠤᠨ ᠠᠷᠪᠠᠨ ᠨᠠᠢ᠍ᠮᠠᠳᠤᠭ᠋ᠠᠷ ᠸᠠᠩᠲᠤ ᠲᠥᠷᠥ ᠵᠢᠨ ᠤᠯᠤᠰ᠎ᠤᠨ ᠸᠠᠩ᠎ᠤᠨ ᠬᠠᠲᠤᠨ ᠨᠠᠹᠲ᠋ᠢᠲ᠋ᠢ᠂  ᠠ᠋ᠷᠲᠡᠨ᠎ᠤ ᠶᠧᠵᠢᠫᠲ᠎ᠤᠨ ᠠᠷᠪᠠ ᠶᠢᠰᠦᠳᠦᠭᠡᠷ ᠸᠠᠩᠲᠤ ᠲᠥᠷᠥ ᠵᠢᠨ ᠤᠯᠤᠰ᠎ᠤᠨ ᠸᠠᠩ ᠹᠠᠷᠠᠮᠸᠰᠢᠰ ᠬᠣᠶᠠᠳᠤᠭ᠋ᠠᠷ᠂  ᠠ᠋ᠷᠲᠡᠨ᠎ᠤ ᠭᠷᠧᠭ᠎ᠤᠨ ᠮᠠᠶ᠋ᠢᠰᠢᠨᠢ ᠤᠯᠤᠰ᠎ᠤᠨ ᠸᠠᠩ ᠠᠭ᠋ᠠᠮᠸᠨᠤᠨ ᠵᠡᠷᠭᠡ ᠬᠥᠮᠦᠰ᠎ᠤᠨ ᠱᠤᠭᠤᠮᠠᠯ ᠬᠥᠷᠥᠭ ᠪᠤᠢ᠃  ᠹᠦ᠋  ᠬᠤᠤ᠎ᠪᠠᠷ ᠲᠥᠯᠥᠭᠡᠯᠡᠭᠦᠯᠦᠭᠰᠡᠨ ᠳᠤᠮᠳᠠᠳᠤ ᠵᠢᠨ ᠪᠣᠯᠪᠠᠰᠤᠨ᠎ᠢ ᠭᠠᠷᠭ᠋ᠠᠪᠠᠯ᠂  ᠪᠤᠰᠤᠳ ᠬᠡᠳᠦ᠎ᠪᠠᠷ ᠲᠥᠯᠥᠭᠡᠯᠡᠭᠦᠯᠦᠭᠰᠡᠨ ᠳᠡᠯᠡᠬᠡᠶ ᠵᠢᠨ ᠠ᠋ᠷᠲᠡᠨ᠎ᠤ ᠪᠣᠯᠪᠠᠰᠤᠨ᠎ᠨᠢ ᠨᠢᠭᠡᠨᠲᠡ ᠲᠡᠦᠬᠡ ᠵᠢᠨ ᠲᠠᠪᠴᠠᠩ᠎ᠠᠴᠠ ᠤᠬᠤᠷᠢᠨ ᠭᠠᠷᠴᠠᠢ᠃ 

      ᠳᠡᠯᠡᠬᠡᠢ ᠳᠡᠭᠡᠷ᠎ᠡ ᠪᠤᠢ ᠪᠣᠯᠤᠭᠰᠠᠨ ᠤᠤᠭ᠋ᠠᠯ ᠪᠣᠯᠪᠠᠰᠤᠨ ᠲᠤᠩ ᠤᠯᠠᠨ ᠪᠠᠢ᠍ᠢ᠍ᠳᠠᠭ ᠪᠣᠯᠪᠠᠴᠤ ᠭᠠᠭᠴᠠ  ᠬᠦ᠌  ᠳᠤᠮᠳᠠᠳᠤ ᠵᠢᠨ ᠪᠣᠯᠪᠠᠰᠤᠨ ᠤᠳᠤ ᠪᠣᠯᠲᠠᠯ᠎ᠠ ᠦᠷᠭᠦᠯᠵᠢᠯᠡᠵᠦ᠂  ᠶᠡᠷᠦ᠎ᠠᠴᠠ ᠲᠠᠰᠤᠯᠳᠠᠭᠰᠠᠨ ᠦᠭᠡᠢ ᠶᠤᠮ᠃  ᠠ᠋ᠭᠦᠨ᠎ᠤ ᠴᠢᠬᠤᠯᠠ ᠨᠢᠭᠡ ᠰᠢᠯᠲᠠᠭ᠋ᠠᠨ ᠭᠡᠪᠡᠯ᠂  ᠤᠮᠠᠷᠠᠰᠢ ᠬᠢᠩᠭ᠋ᠠᠨ ᠳᠠᠪᠠᠭ᠎ᠠ᠎ᠠᠴᠠ ᠠ᠋ᠮᠦᠨᠡᠰᠢ᠎ᠪᠠᠨ ᠨᠠᠨᠯᠢᠩ ᠨᠢᠷᠤᠭᠤ᠂  ᠵᠡᠭᠦᠨᠰᠢ᠎ᠪᠠᠨ ᠶᠡᠬᠡ ᠲᠠᠯᠠᠢ᠂  ᠪᠠᠷᠠᠭᠤᠨᠰᠢ᠎ᠪᠠᠨ ᠬᠥᠬᠡᠨᠠᠭᠤᠷ ᠲᠥᠪᠡᠳ᠎ᠤᠨ ᠥᠨᠳᠥᠷᠯᠢᠭ ᠬᠦᠷᠲᠡᠯ᠎ᠡ ᠳᠤᠮᠳᠠᠳᠤ ᠵᠢᠨ ᠦᠨᠳᠦᠰᠦᠲᠡᠨ ᠥᠪᠡᠷ᠎ᠤᠨ ᠬᠦᠴᠦ ᠴᠢᠳᠠᠯ ᠵᠶ᠋ᠠᠷ ᠵᠶ᠋ᠠᠨ ᠠᠭᠤᠯᠠ ᠤᠰᠤ᠎ᠪᠠᠨ ᠨᠡᠪᠲᠡᠷᠡᠭᠦᠯᠵᠦ᠂  ᠠ᠋ᠭᠡ ᠪᠠᠶ᠋ᠢᠭ᠋ᠠᠯᠢ᠎ᠲᠠᠢ ᠠ᠋ᠶ᠎ᠡ ᠵᠣᠬᠢᠴᠠᠩᠭᠤᠢ᠎ᠪᠠᠷ ᠬᠠᠮᠲᠤ ᠠᠮᠢᠳᠤᠷᠠᠭᠰᠠᠭ᠋ᠠᠷ ᠢᠷᠡᠵᠠᠢ᠃  ᠲᠦᠮᠡᠨ ᠭᠠᠵᠠᠷ᠎ᠤᠨ ᠤᠷᠳᠤ ᠴᠠᠭ᠋ᠠᠨ ᠬᠡᠷᠡᠮ᠂  ᠯᠢᠩᠴᠢᠦᠢ ᠰᠤᠪᠠᠭ᠂  ᠶᠡᠬᠡ ᠲᠠᠲᠠᠮᠠᠯ ᠭᠣᠣᠯ ᠵᠡᠷᠭᠡ᠎ᠨᠢ ᠳᠤᠮᠳᠠᠳᠤ ᠵᠢᠨ ᠠ᠋ᠬᠡ ᠭᠠᠵᠠᠷ ᠳᠡᠭᠡᠷᠡᠬᠢ ᠠᠭᠤᠯᠠ ᠤᠰᠤ  ᠵᠢ  ᠬᠣᠯᠪᠣᠵᠤ᠂  ᠦᠨᠳᠦᠰᠦᠲᠡᠨ᠎ᠨᠦᠭᠦᠳ᠎ᠤᠨ ᠴᠢᠰᠤ ᠮᠢᠬᠠᠨ᠎ᠤ ᠪᠠᠷᠢᠯᠳᠤᠯᠭ᠎ᠠ᠂  ᠳᠤᠮᠳᠠᠳᠤ ᠵᠢᠨ ᠪᠣᠯᠪᠠᠰᠤᠨ᠎ᠤ ᠦᠷᠭᠦᠯᠵᠢᠯᠡᠨ ᠬᠥᠭᠵᠢᠬᠦ  ᠵᠢ  ᠲᠤᠶ᠋ᠢᠯ᠎ᠤᠨ ᠶᠡᠬᠡ᠎ᠪᠠᠷ ᠠᠬᠢᠭᠤᠯᠪᠠ᠃ 

图片8.png

   

 图片9.png 

      ᠠᠭᠤᠯᠠ ᠤᠰᠤ  ᠵᠢ  ᠲᠤᠭᠤᠯᠵᠤ᠂  ᠳᠤᠮᠳᠠᠳᠤ ᠤᠯᠤᠰ ᠵᠶ᠋ᠠᠨ ᠬᠠᠮᠲᠤ᠎ᠪᠠᠷ ᠳᠡᠭᠡᠳᠦᠯᠡᠬᠦ᠎ᠨᠢ ᠳᠤᠮᠳᠠᠳᠤ ᠤᠯᠤᠰ᠎ᠤᠨ ᠲᠡᠦᠬᠡ ᠵᠢᠨ ᠭᠣᠣᠯ ᠤᠷᠤᠰᠬᠠᠯ ᠪᠣᠯᠪᠠ᠃  ᠴᠢᠨ ᠤᠯᠤᠰ ᠬᠠᠨ ᠤᠯᠤᠰ᠎ᠤᠨ ᠦᠶ᠎ᠡ᠎ᠳᠤ᠂  ᠲᠥᠪ᠎ᠤᠨ ᠸᠠᠩᠲᠤ ᠲᠥᠷᠥ ᠪᠣᠭᠣᠮᠲᠠ ᠵᠢ ᠨᠡᠭᠡᠭᠡᠵᠦ᠂  ᠵᠠᠮ ᠵᠠᠰᠠᠨ ᠵᠠᠬ᠎ᠠ ᠪᠣᠭᠣᠮᠲᠠ᠎ᠪᠠᠨ ᠬᠥᠭᠵᠢᠶᠡᠨᠲᠡᠶ ᠪᠣᠯᠭ᠋ᠠᠵᠤ᠂  ᠬᠣᠭᠣᠷᠣᠨᠳᠣ᠎ᠪᠠᠨ ᠬᠡᠰᠡᠭᠯᠡᠭᠳᠡᠭᠰᠡᠨ ᠬᠡᠳᠦᠨ ᠶᠡᠬᠡ ᠠᠵᠤ ᠠᠬᠤᠶ ᠵᠢᠨ ᠣᠷᠣᠨ᠎ᠢ ᠨᠢᠭᠡᠨ ᠲᠣᠮᠣ ᠠᠵᠤ ᠠᠬᠤᠶ ᠵᠢᠨ ᠬᠠᠮᠲᠤ ᠵᠢᠨ ᠴᠣᠭᠴᠠ ᠪᠣᠯᠭ᠋ᠠᠨ ᠨᠡᠶ᠋ᠢᠯᠡᠭᠦᠯᠵᠡᠶ᠃  ᠸᠧᠢ ᠵᠢᠨ ᠠ᠋ᠮᠦᠨᠡᠲᠦ ᠤᠮᠠᠷᠠᠲᠤ ᠲᠦᠷᠦ ᠵᠢᠨ 370 ᠣᠨ᠎ᠤ ᠤᠷᠴᠢᠮ᠂  ᠤᠮᠠᠷᠠᠲᠤ ᠵᠢᠨ ᠴᠥᠭᠡᠨ ᠲᠣᠭ᠋ᠠᠲᠤ ᠦᠨᠳᠦᠰᠦᠲᠡᠨ᠎ᠤ ᠪᠠᠶ᠋ᠢᠭᠤᠯᠤᠭᠰᠠᠨ ᠵᠠᠰᠠᠭ᠎ᠤᠨ ᠠ᠋ᠷᠬᠡ᠎ᠨᠢ 《ᠬᠠᠷᠢ ᠳᠤᠮᠳᠠᠳᠤ ᠭᠠᠷᠤᠯ ᠨᠢᠭᠡᠲᠡᠢ》  ᠭᠡᠬᠦ ᠲᠡᠦᠬᠡ ᠵᠢᠨ ᠬᠦᠦᠷᠨᠢᠯ᠎ᠢ ᠲᠣᠳᠣᠷᠬᠠᠢ ᠲᠣᠭᠲᠠᠭ᠋ᠠᠪᠠ᠃  ᠾᠦᠩᠨᠦ ᠵᠢᠨ ᠬᠣᠶ᠋ᠢᠴᠢᠰ ᠯᠢᠦ ᠶᠤᠸᠠᠨ 《ᠬᠠᠨ ᠤᠯᠤᠰ》᠎ᠢ ᠪᠠᠶ᠋ᠢᠭᠤᠯᠵᠤ᠂  ᠬᠠᠨ ᠤᠯᠤᠰ᠎ᠤᠨ ᠭᠣᠤᠽᠦ ᠬᠠᠭ᠋ᠠᠨ᠎ᠠᠴᠠ ᠠ᠋ᠬᠢᠯᠡᠭᠡᠳ 《ᠭᠤᠷᠪᠠᠨ ᠳᠡᠭᠡᠳᠦᠰ ᠲᠠᠪᠤᠨ ᠲᠦᠷᠦᠯ》 ᠵᠶ᠋ᠡᠨ ᠳᠠᠭᠢᠵᠤ ᠪᠠᠶ᠋ᠢᠪᠠ;  ᠪᠦᠷ ᠾᠦᠩᠨᠦ ᠵᠢᠨ ᠬᠣᠶ᠋ᠢᠴᠢᠰ ᠪᠣᠯᠬᠤ ᠾᠸᠯᠸᠠᠪᠦᠢ᠍ᠸᠯᠢ ᠤᠯᠤᠰ᠎ᠤᠨ ᠨᠡᠷ᠎ᠡ᠎ᠪᠠᠨ 《ᠶᠡᠬᠡ ᠰᠢᠶᠠ》  ᠭᠡᠵᠦ᠂  ᠥᠪᠡᠷ᠎ᠢ᠎ᠪᠠᠨ 《ᠢᠤᠢ ᠵᠢᠨ ᠬᠣᠶ᠋ᠢᠴᠢᠰ》  ᠭᠡᠳᠡᠭ;   ᠮᠦ᠍  ᠷᠦᠩ ᠰᠢᠶᠠᠨᠪᠧᠢ ᠥᠪᠡᠷ᠎ᠢ᠎ᠪᠠᠨ ᠰᠢᠶᠦ᠋ᠩ ᠣᠪᠣᠭᠲᠤ ᠮᠢᠶᠤᠤ ᠵᠢᠨ ᠬᠣᠶ᠋ᠢᠴᠢᠰ ᠭᠡᠳᠡᠭ;  ᠲᠣᠪᠠ ᠰᠢᠶᠡᠨᠪᠢ ᠳᠡᠭᠡᠳᠦᠰ ᠵᠶ᠋ᠡᠨ ᠬᠤᠸᠠᠩᠳᠢ ᠵᠢᠨ ᠬᠥᠪᠡᠭᠦᠨ ᠴᠠᠩ ᠢ ᠭᠡᠵᠦ ᠨᠡᠬᠡᠮᠵᠢᠯᠡᠨ ᠠ᠋ᠷᠭᠦᠮᠵᠢᠯᠡᠪᠡ᠃  ᠯᠢᠶᠣᠤ ᠤᠯᠤᠰ᠂  ᠰᠦᠩ ᠤᠯᠤᠰ᠂  ᠰᠢᠶᠠ ᠤᠯᠤᠰ᠂  ᠠᠯᠲᠠᠨ ᠤᠯᠤᠰ᠎ᠤᠨ ᠦᠶ᠎ᠡ᠎ᠳᠤ᠂  ᠬᠢᠳᠠᠨ ᠶᠢᠦ ᠶᠦᠨ᠎ᠤ ᠠᠷᠪᠠᠨ ᠵᠢᠷᠭᠤᠭ᠋ᠠᠨ ᠵᠧᠦ ᠵᠢ ᠡᠵᠡᠯᠡᠭᠰᠡᠨ᠎ᠤ ᠳᠠᠷᠠᠭ᠎ᠠ ᠥᠪᠡᠷ᠎ᠢ᠎ᠪᠠᠨ 《ᠳᠤᠮᠳᠠᠳᠤ ᠤᠯᠤᠰ》  ᠭᠡᠵᠦ ᠪᠠᠶ᠋ᠢᠪᠠ᠃  ᠪᠠᠷᠠᠭᠤᠨ ᠰᠢᠶᠠ ᠤᠯᠤᠰ ᠸᠠᠩ᠎ᠤᠨ ᠤᠭᠰᠠᠭ᠋ᠠᠨ᠎ᠤ ᠡᠪᠦᠭᠡ ᠳᠡᠭᠡᠳᠦᠰ ᠵᠶ᠋ᠠᠨ ᠤᠮᠠᠷᠠᠲᠤ ᠸᠧᠶ ᠤᠯᠤᠰ᠎ᠤᠨ ᠲᠣᠪᠠ ᠣᠪᠣᠭᠲᠠᠨ ᠬᠦᠷᠲᠡᠯ᠎ᠡ ᠮᠥᠷᠳᠡᠪᠡ᠃  ᠴᠢᠩ ᠤᠯᠤᠰ ᠠ᠋ᠩᠬᠡ ᠠᠮᠤᠭᠤᠯᠠᠩ᠂  ᠨᠠᠶ᠋ᠢᠷᠠᠯᠲᠤ ᠲᠥᠪ᠂  ᠲᠩᠷᠢ ᠲᠡᠳᠬᠦᠭᠴᠢ ᠵᠢᠨ ᠭᠤᠷᠪᠠᠨ ᠦᠶ᠎ᠡ ᠵᠢᠨ ᠵᠠᠰᠠᠯᠲᠠ᠎ᠪᠠᠷ ᠳᠡᠮᠵᠢᠨ ᠭᠠᠵᠠᠷ ᠣᠷᠣᠨ᠎ᠤ ᠠᠮᠤᠷ ᠲᠦᠪᠰᠢᠨ᠎ᠤ ᠠᠰᠠᠭᠤᠳᠠᠯ᠎ᠢ ᠦᠨᠳᠦᠰᠦᠨ᠎ᠳᠤ᠎ᠪᠠᠨ ᠰᠢᠢ᠍ᠳᠪᠦᠷᠢᠯᠡᠵᠦ᠂ 《ᠣᠷᠳᠣ ᠴᠠᠭ᠋ᠠᠨ ᠬᠡᠷᠡᠮ᠎ᠤᠨ ᠳᠣᠲᠣᠷ᠎ᠠ ᠭᠠᠳᠠᠨ᠎ᠠ ᠪᠦᠷ ᠨᠢᠭᠡ ᠭᠡᠷ ᠪᠦᠯᠢ ᠮᠡᠲᠦ》  ᠪᠤᠯᠬᠤ  ᠵᠢ  ᠪᠡᠶᠡᠯᠡᠭᠦᠯᠪᠡ᠃ 

图片10.png

      ᠠᠭᠤᠯᠠ ᠤᠰᠤᠨ᠎ᠤ ᠵᠤᠯᠭ᠋ᠠᠯᠴᠠᠭ᠎ᠠ᠎ᠨᠢ ᠮᠠᠰᠢ ᠣᠯᠠᠨ ᠳᠤᠮᠳᠠᠳᠤ ᠤᠯᠤᠰ᠎ᠤᠨ ᠣᠨᠴᠠᠯᠢᠭ᠎ᠢ ᠢᠯᠡᠷᠡᠭᠦᠯᠪᠡ᠃  ᠲᠡᠦᠬᠡ ᠵᠢᠨ ᠦᠢ᠍ᠮᠡᠭᠡᠨ ᠳᠡᠪᠵᠢᠶᠡᠨ᠎ᠲᠠᠢ ᠴᠠᠭ ᠦᠶ᠎ᠡ ᠎ᠳᠤ᠂  ᠤᠮᠠᠷᠠᠲᠤ ᠵᠢᠨ ᠨᠡᠭᠦᠳᠡᠯᠴᠢᠨ ᠦᠨᠳᠦᠰᠦᠲᠡᠨ ᠳᠤᠮᠳᠠᠳᠤ ᠣᠷᠣᠨ᠎ᠳᠤ ᠤᠷᠤᠵᠤ᠂  ᠠᠮᠢᠵᠢᠷᠠᠯ᠎ᠤᠨ ᠬᠦᠴᠦᠨ ᠵᠶ᠋ᠡᠷ ᠪᠢᠯᠬᠠᠮ᠎ᠠ ᠴᠤᠭ ᠵᠢᠪᠬᠤᠭ᠎ᠠ ᠪᠣᠯᠤᠨ ᠠ᠋ᠷᠡᠯᠬᠡᠭ ᠪᠠᠭ᠋ᠠᠲᠤᠷᠯᠢᠭ ᠴᠤᠭ ᠰᠦᠯᠳᠡ  ᠵᠢ  ᠠᠪᠴᠢᠷᠠᠭᠰᠠᠨ ᠪᠥᠭᠡᠳ ᠳᠤᠮᠳᠠᠳᠤ ᠥᠷᠥᠨᠡᠳᠠᠬᠢᠨ᠎ᠤ ᠰᠣᠶᠣᠯ᠎ᠤᠨ ᠰᠣᠯᠢᠯᠴᠠᠭ᠎ᠠ᠎ᠳᠤ ᠴᠢᠬᠤᠯᠠ ᠦᠢ᠍ᠯᠡᠳᠦᠯ ᠦᠵᠡᠭᠦᠯᠵᠡᠢ᠃  ᠠ᠋ᠶ᠋ᠢᠮᠦᠷᠬᠦᠦ ᠤᠴᠠᠷᠠᠯ ᠲᠣᠬᠢᠶᠠᠯᠳᠤᠯ᠎ᠤᠨ ᠥᠩᠭᠡᠷᠡᠯᠲᠡ᠎ᠨᠢ ᠳᠤᠮᠳᠠᠳᠤ ᠵᠢᠨ ᠪᠣᠯᠪᠠᠰᠤᠨ᠎ᠤ ᠦᠶ᠎ᠡ ᠤᠯᠠᠷᠢᠨ ᠣᠷᠣᠰᠢᠨ ᠲᠣᠭᠲᠠᠨᠢᠬᠤ᠂  ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠡᠪᠳᠡᠷᠡᠰᠢ ᠦᠭᠡᠢ ᠪᠠᠲᠤ ᠪᠡᠬᠢ ᠪᠠᠶ᠋ᠢᠬᠤ ᠵᠢ  ᠠᠬᠢᠭᠤᠯᠪᠠ᠃ 

      ᠲᠠᠪᠤ᠂  ᠵᠡᠭᠦᠨ ᠪᠠᠷᠠᠭᠤᠨ ᠠ᠋ᠮᠦᠨ᠎ᠡ ᠤᠮᠠᠷ᠎ᠠ ᠥᠰᠥᠭ᠎ᠤᠨ ᠲᠡᠮᠳᠡᠭ᠎ᠤᠨ ᠤᠴᠠᠷᠠᠯ

      ᠠᠨᠾᠤᠢ᠍ᠢ ᠮᠤᠵᠢ ᠵᠢᠨ ᠮᠸᠩ ᠴᠧᠩ ᠬᠤᠲᠠ ᠵᠢᠨ ᠸᠧᠶ ᡂᠢ ᠰᠧ ᠵᠢᠨ ᠪᠠᠭᠤᠷᠢ᠎ᠠᠴᠠ ᠣᠳᠣ᠎ᠠᠴᠠ ᠪᠠᠷᠤᠭ 4800 ᠵᠢᠯ᠎ᠤᠨ ᠠ᠋ᠮᠦᠨᠡᠬᠢ ᠶᠡᠬᠡ ᠠᠮᠠᠲᠤ ᠸᠠᠭ᠋ᠠᠷᠤᠨ ᠬᠤᠨᠳᠠᠭ᠎ᠠ ᠤᠯᠳᠠᠭᠰᠠᠨ ᠪᠠ ᠳᠡᠭᠡᠷ᠎ᠡ᠎ᠨᠢ ᠨᠠᠷᠠ᠂  ᠰᠠᠷᠠ᠂  ᠠᠭᠤᠯᠠ ᠵᠢᠨ ᠵᠢᠷᠤᠭ ᠳᠦᠷᠰᠦ᠎ᠲᠠᠢ᠃  ᠱᠠᠨᠳᠦ᠋ᠩ᠎ᠤᠨ ᠽᠸᠤ ᠫᠢᠩ᠎ᠤᠨ ᠳ᠋ᠢᠩ ᠭᠦᠩ᠎ᠤᠨ ᠪᠠᠭᠤᠷᠢ᠎ᠠᠴᠠ ᠣᠳᠣ᠎ᠠᠴᠠ 4200 ᠵᠢᠯ᠎ᠤᠨ ᠠ᠋ᠮᠦᠨᠡᠬᠢ ᠨᠡᠯᠢᠶᠡᠳ ᠪᠣᠯᠪᠠᠰᠤᠷᠠᠩᠭᠤᠶ ᠦᠰᠦᠭ ᠪᠢᠴᠢᠭ᠎ᠤᠨ ᠲᠡᠮᠳᠡᠭ ᠣᠯᠳᠠᠪᠠ᠃  ᠱᠠᠨ ᠰᠢ ᠮᠤᠵᠢ ᠵᠢᠨ ᠰᠢᠶᠠᠩ ᠹᠸᠨ᠎ᠤ ᠲᠤᠤ ᠰᠧ ᠵᠢᠨ ᠪᠠᠭᠤᠷᠢ᠎ᠠᠴᠠ ᠵᠤ᠌ ᠱᠤ᠌ ᠵᠢᠨ 《ᠸᠸᠨ ᠢ》  ᠭᠡᠰᠡᠨ ᠬᠣᠶᠠᠷ ᠦᠰᠦᠭ᠎ᠲᠠᠢ ᠸᠠᠭ᠋ᠠᠷ᠎ᠤᠨ ᠳᠡᠪᠦᠷ᠎ᠡ ᠵᠢ  ᠢᠯᠡᠷᠡᠭᠦᠯᠵᠡᠶ᠃  ᠴᠢᠨ ᠤᠯᠤᠰ ᠵᠢᠷᠭᠤᠭ᠋ᠠᠨ ᠤᠯᠤᠰ᠎ᠢ ᠨᠢᠭᠡᠳᠬᠡᠵᠦ᠂ 《ᠦᠰᠦᠭ ᠪᠢᠴᠢᠭ᠎ᠢ ᠠᠳᠠᠯᠢ ᠪᠣᠯᠭ᠋ᠠᠭᠰᠠᠨ》 ᠎ᠨᠢ ᠳᠤᠮᠳᠠᠳᠤ ᠵᠢᠨ ᠦᠨᠳᠦᠰᠦᠲᠡᠨ᠎ᠤ ᠳᠣᠲᠣᠭ᠋ᠠᠳᠤ᠎ᠳᠤ᠎ᠪᠠᠨ ᠨᠢᠭᠲᠠᠷᠠᠬᠤ ᠵᠢ  ᠲᠤᠶ᠋ᠢᠯ᠎ᠤᠨ ᠶᠡᠬᠡ᠎ᠪᠠᠷ ᠠᠬᠢᠭᠤᠯᠪᠠ᠃ 

图片11.png

      ᠡᠯ᠎ᠡ ᠭᠠᠵᠠᠷ᠎ᠤᠨ ᠦᠰᠦᠭ ᠪᠢᠴᠢᠭ᠎ᠤᠨ ᠲᠡᠮᠳᠡᠭ ᠵᠤᠯᠭ᠋ᠠᠯᠳᠤᠵᠤ ᠳᠤᠮᠳᠠᠳᠤ ᠵᠢᠨ ᠦᠨᠳᠦᠰᠦᠲᠡᠨ᠎ᠤ ᠨᠣᠮ ᠰᠤᠳᠤᠷ ᠪᠠ ᠲᠡᠦᠬᠡ ᠵᠢᠨ ᠤᠬᠠᠭ᠋ᠠᠨ᠎ᠤ ᠤᠯᠠᠮᠵᠢᠯᠠᠯ ᠪᠤᠢ ᠪᠣᠯᠵᠠᠢ᠃  ᠮᠡᠷᠭᠡᠤᠨ᠎ᠤᠨ ᠰᠤᠷᠭ᠋ᠠᠯ᠎ᠤᠨ ᠤᠯᠠᠮᠵᠢᠯᠠᠯ᠎ᠢ ᠤᠬᠤᠴᠢᠯᠠᠪᠠᠯ᠂  ᠤᠯᠠᠨ ᠠ᠋ᠷᠳᠡᠮᠲᠡᠨ᠎ᠢ ᠣᠯᠵᠤ ᠬᠠᠷᠠᠬᠤ ᠪᠣᠯᠤᠨ᠎ᠠ᠂  ᠭᠡᠲᠡᠯ᠎ᠡ ᠤᠯᠠᠨ ᠠ᠋ᠷᠳᠡᠮᠲᠡᠨ ᠨᠢᠭᠡᠳᠦᠭᠰᠡᠨ ᠤᠶᠤᠨ ᠰᠠᠨᠠᠭ᠋ᠠᠨ᠎ᠤ ᠴᠠᠳᠢᠭ᠎ᠤᠨ ᠰᠢᠰᠲ᠋ᠧᠮ᠎ᠢ ᠬᠠᠮᠲᠤ᠎ᠪᠠᠷ ᠠ᠋ᠳ᠋ᠯᠡᠵᠦ᠂  ᠪᠢᠴᠢᠭ᠎ᠤᠨ ᠰᠤᠷᠭ᠋ᠠᠯ ᠵᠶ᠋ᠠᠷ ᠭᠣᠣᠯ ᠪᠣᠯᠭ᠋ᠠᠭᠰᠠᠨ ᠳᠤᠮᠳᠠᠳᠤ ᠵᠢᠨ ᠰᠣᠶᠣᠯ᠎ᠤᠨ ᠤᠬᠠᠮᠰᠠᠷᠲᠤ ᠤᠬᠠᠮᠰᠠᠷ ᠠᠭ᠋ᠠᠵᠢᠮ ᠵᠶ᠋ᠠᠷ ᠲᠤᠪᠤᠢ᠍ᠢ᠍ᠮ᠎ᠠ ᠪᠣᠯᠪᠠ᠃  ᠳᠤᠮᠳᠠᠳᠤ ᠤᠯᠤᠰ᠎ᠤᠨ ᠠᠩᠬᠠᠳᠠᠭᠴᠢ ᠣᠨ ᠳᠠᠷᠠᠭ᠋ᠠᠯᠠᠭᠰᠠᠨ ᠲᠡᠦᠬᠡ 《ᠴᠦᠨ ᠴᠢᠦ》 ᠎ᠨᠢ ᠰᠢᠶᠠ ᠤᠯᠤᠰ ᠱᠠᠩ ᠤᠯᠤᠰ ᠵᠧᠦ ᠤᠯᠤᠰ᠎ᠤᠨ ᠭᠤᠷᠪᠠᠨ ᠦᠶ᠎ᠡ  ᠵᠢ  ᠺᠦᠩᠽᠢ ᠵᠢᠨ ᠴᠠᠭ ᠦᠶ᠎ᠡ᠎ᠲᠠᠢ ᠨᠡᠪᠲᠡᠷᠡᠯᠴᠡᠭᠦᠯᠵᠦ᠂  ᠸᠠᠩᠳᠦ ᠶᠤᠰᠤᠨ᠎ᠤ ᠬᠦᠰᠡᠯᠡᠩ᠎ᠢ ᠢᠯᠡᠷᠡᠭᠦᠯᠵᠡᠶ᠃  ᠰᠧ ᠮᠠ ᠴᠢᠶᠠᠨ 《ᠰᠤᠳᠤᠷ ᠲᠡᠮᠳᠡᠭᠯᠡᠯ》᠎ᠢ ᠪᠢᠴᠢᠵᠦ᠂ 《ᠠ᠋ᠷᠲᠡᠨ ᠠ᠋ᠳᠦᠭᠡ ᠵᠢᠨ ᠬᠤᠪᠢᠷᠠᠯᠳᠠ᠎ᠳᠤ ᠨᠡᠪᠳᠡᠷᠡᠬᠦ》  ᠬᠡᠯᠪᠡᠷᠢ᠎ᠪᠠᠷ 《ᠲᠩᠷᠢ ᠵᠢᠨ ᠶᠤᠰᠤ ᠪᠠ ᠬᠥᠮᠦᠨ᠎ᠤ ᠶᠠᠪᠤᠳᠠᠯ᠎ᠤᠨ ᠬᠠᠷᠢᠴᠠᠭ᠎ᠠ ᠵᠢ ᠰᠤᠳᠤᠯᠬᠤ》  ᠵᠣᠷᠢᠯᠭ᠎ᠠ᠎ᠳᠤ᠎ᠪᠠᠨ ᠬᠦᠷᠴᠡᠶ᠃  ᠡᠯ᠎ᠡ ᠦᠨᠳᠦᠰᠦᠲᠡᠨ᠎ᠤ ᠪᠠᠶ᠋ᠢᠭᠤᠯᠤᠭᠰᠠᠨ ᠵᠠᠰᠠᠭ᠎ᠤᠨ ᠣᠯᠠᠩᠬᠢ᠎ᠨᠢ ᠠ᠋ᠮᠦᠨᠡᠬᠢ ᠲᠥᠷᠥ ᠵᠢᠨ ᠵᠢᠡᠨ ᠲᠡᠦᠬᠡ ᠵᠢ ᠨᠠᠢ᠍ᠢ᠍ᠷᠠᠭᠤᠯᠤᠨ ᠪᠢᠴᠢᠬᠦ ᠤᠯᠠᠮᠵᠢᠯᠠᠯ᠎ᠢ ᠵᠠᠯᠭ᠋ᠠᠮᠵᠢᠯᠠᠭᠰᠠᠨ ᠪᠠᠶ᠋ᠢᠨ᠎ᠠ᠂  ᠵᠢᠱ᠌ᠢᠶᠡᠯᠡᠪᠡᠯ᠂  ᠤᠮᠠᠷᠠᠲᠤ ᠸᠧᠶ ᠤᠯᠤᠰ᠎ᠤᠨ ᠼᠦᠢ ᠬᠣᠩ 《ᠠᠷᠪᠠᠨ ᠵᠢᠷᠭᠤᠭ᠋ᠠᠨ ᠤᠯᠤᠰ᠎ᠤᠨ ᠴᠦᠨ ᠴᠢᠦ ᠪᠢᠴᠢᠭ》᠎ᠢ ᠪᠢᠴᠢᠵᠦ᠂  ᠲᠠᠩ ᠤᠯᠤᠰ᠎ᠤᠨ ᠦᠶ᠎ᠡ᠎ᠳᠤ 《ᠵᠢᠨ ᠤᠯᠤᠰ᠎ᠤᠨ ᠪᠢᠴᠢᠭ》᠂ 《ᠠ᠋ᠮᠦᠨᠡᠲᠦ ᠲᠡᠦᠬᠡ》᠂ 《ᠤᠮᠠᠷᠠᠲᠤ ᠲᠡᠦᠬᠡ》  ᠵᠢᠴᠢ 《ᠯᠢᠶᠠᠩ ᠤᠯᠤᠰ᠎ᠤᠨ ᠪᠢᠴᠢᠭ》᠂ 《ᠴᠧᠨ ᠤᠯᠤᠰ᠎ᠤᠨ ᠪᠢᠴᠢᠭ》᠂ 《ᠵᠧᠦ ᠤᠯᠤᠰ᠎ᠤᠨ ᠪᠢᠴᠢᠭ》᠂ 《ᠰᠦᠶ ᠤᠯᠤᠰ᠎ᠤᠨ ᠪᠢᠴᠢᠭ》᠎ᠢ ᠪᠢᠴᠢᠵᠦ᠂  ᠶᠤᠸᠠᠨ ᠤᠯᠤᠰ᠎ᠤᠨ ᠦᠶ᠎ᠡ᠎ᠳᠤ ᠰᠥᠩ᠂  ᠯᠢᠶᠣᠤ᠂  ᠠᠯᠳᠠᠨ ᠭᠤᠷᠪᠠᠨ ᠲᠥᠷᠥ ᠵᠢᠨ ᠲᠡᠦᠬᠡ ᠵᠢ ᠪᠢᠴᠢᠵᠤ᠂  ᠮᠢᠩ ᠤᠯᠤᠰ᠎ᠤᠨ ᠦᠶ᠎ᠡ᠎ᠳᠤ ᠶᠤᠸᠠᠨ ᠤᠯᠤᠰ᠎ᠤᠨ ᠲᠡᠦᠬᠡ ᠵᠢ᠂  ᠴᠢᠩ ᠤᠯᠤᠰ᠎ᠤᠨ ᠦᠶ᠎ᠡ᠎ᠳᠤ ᠮᠢᠩ ᠤᠯᠤᠰ᠎ᠤᠨ ᠲᠡᠦᠬᠡ ᠵᠢ ᠪᠢᠴᠢᠪᠠ᠃ 

      ᠬᠢᠲᠠᠳ ᠦᠰᠦᠭ ᠪᠣᠯ ᠳᠡᠯᠡᠬᠡᠶ ᠳᠡᠭᠡᠷᠡᠬᠢ ᠴᠣᠷ᠎ᠤᠨ ᠭᠠᠭᠴᠠ ᠣᠳᠣ ᠪᠣᠯᠲᠠᠯ᠎ᠠ ᠦᠷᠭᠦᠯᠵᠢᠯᠡᠨ ᠬᠡᠷᠡᠭᠯᠡᠵᠦ ᠪᠠᠶ᠋ᠢᠭ᠎ᠠ ᠲᠤᠮᠳᠠᠳᠤ ᠵᠢᠨ ᠬᠦᠮᠤᠨ᠎ᠤ ᠦᠪᠡᠷᠳᠡᠭᠡᠨ ᠵᠤᠬᠢᠶᠠᠭᠰᠠᠨ ᠦᠰᠦᠭ ᠪᠢᠴᠢᠭ᠎ᠤᠨ ᠰᠢᠰᠲ᠋ᠧᠮ ᠮᠦᠨ᠂  ᠢᠯᠡ ᠲᠣᠳᠣ ᠳᠤᠮᠳᠠᠳᠤ ᠵᠢᠨ ᠪᠣᠯᠪᠠᠰᠤᠨ᠎ᠤ ᠲᠡᠮᠳᠡᠭ ᠪᠤᠯᠤᠨ᠎ᠠ᠃  ᠦᠰᠦᠭ ᠪᠢᠴᠢᠭ᠎ᠤᠨ ᠠᠷᠤ᠎ᠳᠤ ᠭᠦᠨ ᠵᠤᠵᠠᠭ᠋ᠠᠨ ᠲᠡᠦᠬᠡ ᠰᠣᠶᠣᠯ ᠤᠷᠤᠰᠢᠵᠤ᠂  ᠡᠴᠦᠰ᠎ᠲᠤ᠎ᠪᠠᠨ ᠮᠠᠨ᠎ᠤ ᠰᠣᠶᠣᠯ᠎ᠤᠨ ᠭᠧᠨ ᠪᠣᠯᠵᠠᠶ᠃ 


      ᠸᠧᠩ ᠬᠤᠸᠠᠢ ᠨᠠᠨ᠄  ᠳᠤᠮᠳᠠᠳᠤ ᠤᠯᠤᠰ᠎ᠤᠨ ᠤᠯᠤᠰ᠎ᠤᠨ ᠮᠦᠽᠧᠶ ᠵᠢᠨ ᠨᠣᠮ ᠪᠢᠴᠢᠭ ᠮᠠᠲ᠋ᠧᠷᠢᠶᠠᠯ᠎ᠤᠨ ᠬᠡᠯᠲᠡᠰ᠎ᠤᠨ ᠠ᠋ᠷᠬᠢᠯᠡᠭᠴᠢ᠂  ᠳᠤᠮᠳᠠᠳᠤ ᠤᠯᠤᠰ᠎ᠤᠨ ᠲᠡᠦᠬᠡ ᠵᠢᠨ ᠪᠣᠳᠠᠰᠴᠢ ᠦᠵᠡᠯ᠎ᠤᠨ ᠨᠡᠶ᠋ᠢᠭᠡᠮᠯᠢᠭ᠎ᠤᠨ ᠬᠡᠷᠡᠭ ᠠ᠋ᠷᠬᠢᠯᠡᠭᠴᠢ᠃ 

 

ᠢᠷᠡᠯᠲᠡ᠄ 《ᠮᠤᠩᠭᠤᠯ ᠬᠡᠯᠡ ᠪᠢᠴᠢᠭ》 ᠰᠡᠤᠡᠬᠦᠯ 2025.4 ᠳ᠋ᠦ᠍ᠭᠡᠷ ᠬᠤᠭᠤᠴᠠᠭ᠎ᠠ