ᠮᠢᠩᠭ᠋ᠠᠨ ᠵᠢᠯ᠎ᠤᠨ ᠠ᠋ᠮᠦᠨ᠎ᠡ᠂ ᠤᠮᠠᠷᠠᠲᠤ ᠰᠦᠩ ᠤᠯᠤᠰ᠎ᠤᠨ ᠪᠢ ᠱᠸᠡᠭ ᠨᠠᠩᠬᠢ ᠰᠢᠪᠠᠷ ᠵᠢᠡᠷ ᠦᠷᠦᠮᠡᠯ ᠦᠰᠦᠭ᠎ᠢ ᠵᠤᠬᠢᠶᠠᠵᠤ ᠭᠠᠷ ᠪᠢᠴᠢᠮᠡᠯ ᠪᠠ ᠰᠡᠶ᠋ᠢᠯᠦᠮᠡᠯᠪᠠᠷᠤᠨ ᠴᠠᠭ ᠦᠶ᠎ᠠ ᠵᠢ ᠡᠴᠦᠰᠯᠡᠬᠦᠯᠵᠦ᠂ ᠬᠥᠮᠦᠨ ᠲᠥᠷᠥᠯᠬᠢᠲᠡᠨ᠎ᠤ ᠮᠡᠳᠡᠯᠭᠡ ᠵᠢᠨ ᠲᠦᠬᠡᠨ ᠳᠡᠯᠬᠡᠷᠡᠯᠳᠡ ᠵᠢᠨ ᠤᠴᠢ ᠵᠢ ᠪᠠᠳᠠᠷᠠᠭ᠋ᠠᠪᠠ᠃
ᠭᠡᠲᠡᠯ᠎ᠡ 900 ᠭᠠᠷᠤᠢ ᠵᠢᠯ᠎ᠤᠨ ᠳᠠᠷᠠᠭ᠎ᠠ ᠰᠠᠶᠢ ᠮᠣᠩᠭᠣᠯ ᠦᠰᠦᠭ᠎ᠤᠨ ᠬᠣᠷᠭᠣᠯᠵᠢᠨᠪᠠᠷᠤᠨ ᠦᠷᠦᠮᠡᠯ ᠦᠰᠦᠭ ᠬᠤᠵᠢᠮᠳᠠᠵᠤ ᠵᠤᠬᠢᠶᠠᠠᠠᠳᠠᠭᠰᠠᠨ ᠪᠠᠶ᠋ᠢᠳᠠᠭ᠃
ᠠ᠋ᠨᠡ ᠬᠦ᠌ ᠤᠷᠲᠤ ᠤᠳᠠᠭ᠋ᠠᠨ ᠬᠤᠭᠤᠴᠠᠭ᠋ᠠᠨ᠎ᠤ ᠬᠣᠵᠢᠭᠳᠠᠯ᠎ᠨᠢ ᠲᠡᠦᠬᠡ ᠵᠢᠨ ᠴᠠᠯᠠᠭ᠋ᠠᠶ᠋ᠢᠷᠠᠯ ᠪᠢᠰᠢ᠂ ᠲᠡᠭᠦᠨ᠎ᠤ ᠠᠷᠤ᠎ᠳᠤ ᠮᠣᠩᠭᠣᠯ ᠦᠰᠦᠭ ᠪᠢᠴᠢᠭ᠎ᠤᠨ ᠥᠪᠡᠷᠮᠢᠴᠡ ᠣᠨᠴᠠᠯᠢᠭ᠂ ᠲᠠᠯ᠎ᠠ ᠨᠤᠲᠤᠭ᠎ᠤᠨ ᠨᠡᠭᠦᠳᠡᠯ᠎ᠤᠨ ᠪᠣᠯᠪᠠᠰᠤᠨ ᠵᠢᠴᠢ ᠮᠡᠷᠭᠡᠵᠢᠯ᠎ᠤᠨ ᠨᠥᠬᠥᠴᠡᠯ ᠵᠡᠷᠭᠡ ᠬᠦᠴᠦᠨ ᠰᠢᠯᠳᠠᠭ᠋ᠠᠨᠤ ᠳᠠᠪᠬᠤᠷ ᠳᠠᠪᠬᠤᠷ ᠬᠢᠵᠠᠭ᠋ᠠᠷᠯᠠᠯ ᠣᠷᠣᠰᠢᠵᠤ ᠪᠠᠢ᠍ᠢ᠍ᠵᠠᠢ᠃
1922 ᠣᠨ᠎ᠳᠤ ᠠ᠋ᠨᠡ ᠬᠦ᠌ ᠬᠦᠴᠢᠷ ᠠᠰᠠᠭᠤᠳᠠᠯ ᠡᠴᠦᠰ᠎ᠲᠤ᠎ᠪᠠᠨ ᠰᠢᠢ᠍ᠳᠪᠤᠷᠢᠯᠡᠭᠳᠡᠪᠠ — ᠥᠪᠥᠷ ᠮᠣᠩᠭᠣᠯ᠎ᠤᠨ ᠲᠡᠮᠬᠡᠲᠦ᠂ ᠬᠢᠲᠠᠳ ᠨᠡᠷ᠎ᠡ᠎ᠨᠢ ᠸᠠᠩ ᠷᠦᠢ ᠴᠠᠩ᠂ ᠠᠩᠬᠠᠳᠠᠭᠴᠢ ᠤᠳᠠᠭ᠎ᠠ ᠮᠣᠩᠭᠣᠯ ᠦᠰᠦᠭ᠎ᠢ ᠬᠣᠷᠭᠣᠯᠵᠢᠨ ᠬᠡᠪ ᠵᠶ᠋ᠡᠷ ᠬᠠᠶ᠋ᠢᠯᠤᠭᠤᠯᠤᠨ ᠴᠢᠳᠬᠤᠵᠤ᠂ ᠳᠠᠷᠠᠭ᠎ᠠ᠎ᠨᠢ ᠪᠠᠰᠠ ᠮᠠᠨᠵᠤ ᠪᠢᠴᠢᠭ᠂ ᠲᠥᠪᠡᠳ ᠪᠢᠴᠢᠭ᠎ᠤᠨ ᠬᠣᠷᠭᠣᠯᠵᠢᠨ ᠦᠰᠦᠭ᠎ᠤᠨ ᠬᠡᠪᠯᠡᠯ᠎ᠢ ᠠ᠋ᠭᠦᠳᠴᠦ᠂ ᠮᠠᠨ᠎ᠤ ᠤᠯᠤᠰ᠎ᠤᠨ ᠬᠡᠪᠯᠡᠯ᠎ᠤᠨ ᠲᠡᠦᠬᠡᠨ ᠳᠡᠭᠡᠷᠡᠬᠢ ᠨᠢᠭᠡᠨ ᠰᠢᠨ᠎ᠡ ᠠ᠋ᠭᠦᠳᠦᠯᠲᠡ ᠵᠢ ᠪᠡᠶᠡᠯᠡᠭᠦᠯᠪᠡ᠃
ᠳᠤᠮᠳᠠᠳᠤ ᠵᠢᠨ ᠦᠨᠳᠦᠰᠦᠲᠡᠨ᠎ᠤ ᠬᠠᠮᠤᠭ᠎ᠤᠨ ᠠᠶᠤᠯ ᠲᠦᠭᠰᠢᠭᠦᠷᠢ᠎ᠲᠠᠢ ᠴᠠᠭ ᠦᠶ᠎ᠡ᠎ᠳᠤ ᠡᠵᠡᠷᠬᠡᠭ ᠲᠦᠷᠢᠮᠡᠬᠡᠢ ᠶᠣᠰᠣᠨ᠎ᠠᠴᠠ ᠠ᠋ᠮᠦᠨ᠎ᠡ᠂ ᠳᠤᠮᠳᠠᠳᠤ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠬᠡᠯᠡᠨ᠎ᠤ ᠦᠷᠦᠮᠡᠯ ᠦᠰᠦᠭ᠎ᠤᠨ ᠬᠡᠪᠯᠡᠯ᠎ᠤᠨ ᠮᠡᠷᠭᠡᠵᠢᠯ᠎ᠢ ᠠᠮᠵᠢᠯᠲᠠ᠎ᠲᠠᠢ ᠠ᠋ᠭᠦᠳᠦᠨ ᠨᠡᠭᠡᠭᠡᠪᠡ᠃ ᠠ᠋ᠨᠡ ᠬᠦ᠌ ᠠ᠋ᠭᠦᠳᠦᠯᠲᠡ᠎ᠨᠢ ᠲᠠᠯ᠎ᠠ ᠨᠤᠲᠤᠭ᠎ᠤᠨ ᠪᠣᠯᠪᠠᠰᠤᠨ᠎ᠢ ᠤᠳᠤ ᠦᠶ᠎ᠡ ᠵᠢᠨ ᠬᠡᠪᠯᠡᠯ᠎ᠤᠨ ᠮᠡᠷᠭᠡᠵᠢᠯ᠎ᠲᠠᠢ ᠵᠤᠯᠭ᠋ᠠᠯᠳᠤᠭᠤᠯᠤᠭᠰᠠᠨ ᠵᠶ᠋ᠠᠷ ᠪᠠᠷᠠᠬᠤ ᠦᠭᠡᠢ᠂ ᠨᠡᠩ ᠴᠤ᠌ ᠰᠣᠶᠣᠯ᠎ᠤᠨ ᠦᠷᠬᠡᠨ ᠬᠦᠷᠢᠶ᠎ᠡ ᠴᠠᠷᠠᠭ᠋ᠠᠨ᠎ᠳᠤ ᠦᠨᠳᠦᠰᠦᠲᠡᠨ᠎ᠤ ᠪᠦᠯᠬᠦᠮᠳᠡᠯ ᠪᠠ ᠤᠯᠤᠰ᠎ᠤᠨ ᠨᠡᠷ᠎ᠡ ᠬᠦᠨᠳᠦᠳᠤ ᠴᠢᠬᠤᠯᠠ ᠬᠤᠪᠢ ᠨᠡᠮᠡᠷᠢ ᠦᠵᠡᠭᠦᠯᠵᠡᠢ᠃
ᠨᠢᠭᠡ ᠂ ᠮᠣᠩᠭᠣᠯ ᠬᠡᠯᠡᠨ᠎ᠤ ᠦᠷᠦᠮᠡᠯ ᠦᠰᠦᠭ᠎ᠤᠨ ᠮᠡᠷᠭᠡᠵᠢᠯ᠎ᠤᠨ ᠲᠤᠷᠰᠢᠯᠲᠠ
ᠬᠢᠲᠠᠳ ᠤᠢ᠍ᠰᠦᠭ ᠪᠣᠯ ᠭᠠᠭᠴᠠ ᠴᠣᠭᠴᠠᠲᠤ ᠤᠢ᠍ᠰᠦᠭ ᠶᠤᠮ᠂ ᠲᠡᠡᠭ ᠤᠢ᠍ᠰᠦᠭ᠎ᠤᠳ ᠴᠢᠯᠦᠬᠡᠳᠡᠢ᠎ᠪᠠᠷ ᠨᠡᠶ᠋ᠢᠯᠡᠵᠦ ᠪᠤᠯᠤᠨ᠎ᠠ᠂ ᠲᠡᠭᠦᠨ᠎ᠤ ᠪᠤᠢ ᠪᠣᠯᠬᠤ ᠪᠠ ᠤᠯᠠᠷᠢᠨ ᠬᠤᠪᠢᠰᠬᠤ᠎ᠨᠢ ᠤᠷᠢᠳᠤᠬᠢ ᠬᠥᠮᠦᠰ᠎ᠤᠨ ᠤᠶᠦᠠ ᠤᠬᠠᠭ᠋ᠠᠨ ᠪᠠ ᠰᠡᠳᠬᠢᠬᠦᠶ ᠵᠢᠨ ᠠᠷᠭ᠎ᠠ ᠮᠠᠶᠢᠭ᠎ᠢ ᠢᠯᠡᠷᠡᠭᠦᠯᠵᠡᠶ᠃ ᠮᠥᠨ ᠴᠦ᠍ ᠬᠢᠲᠠᠳ ᠦᠰᠦᠭ᠎ᠤᠨ ᠭᠠᠭᠴᠠ ᠴᠣᠭᠴᠠᠲᠤ ᠦᠰᠦᠭ᠎ᠤᠨ ᠣᠨᠴᠠᠯᠢᠭ᠎ᠠᠴᠠ ᠪᠤᠯᠵᠤ ᠥᠷᠥᠮᠡᠯᠪᠠᠷᠤᠨ ᠬᠡᠪᠯᠡᠯ᠎ᠤᠨ ᠮᠡᠷᠭᠡᠵᠢᠯ ᠪᠤᠢ ᠪᠤᠯᠵᠤ᠂ ᠴᠢᠨᠠᠭᠰᠢᠳᠠ ᠬᠥᠭᠵᠢᠨ ᠪᠠᠳᠠᠷᠠᠭᠰᠠᠨ ᠪᠠᠶ᠋ᠢᠨ᠎ᠠ᠃
ᠧᠦ᠋ᠷᠣᠫᠠ ᠵᠢᠨ ᠬᠡᠯᠡ᠎ᠨᠢ ᠬᠢᠲᠠᠳ ᠬᠡᠯᠡ᠎ᠲᠠᠢ ᠠᠳᠠᠯᠢ ᠪᠤᠰᠤ ᠢᠵᠠᠭᠤᠷ ᠬᠡᠯᠡᠨ᠎ᠳᠤ ᠬᠠᠷᠢᠶᠠᠯᠠᠭᠳᠠᠬᠤ ᠪᠣᠯᠪᠠᠴᠤ ᠴᠠᠭ᠋ᠠᠨ ᠲᠣᠯᠣᠭ᠋ᠠᠶ ᠵᠢᠨ ᠨᠡᠶ᠋ᠢᠯᠡᠭ ᠦᠰᠦᠭ᠎ᠤᠨ ᠪᠢᠴᠢᠬᠦ ᠬᠡᠪ ᠶᠠᠩᠵᠤ᠎ᠨᠢ ᠬᠢᠲᠠᠳ ᠦᠰᠦᠭ᠎ᠲᠠᠢ ᠮᠠᠰᠢ ᠲᠥᠰᠦᠭᠡ᠎ᠲᠡᠶ ᠪᠣᠯᠬᠣᠷ ᠥᠷᠥᠮᠡᠯ ᠦᠰᠦᠭ᠎ᠤᠨ ᠬᠡᠪᠯᠡᠯ᠎ᠤᠨ ᠮᠡᠷᠭᠡᠵᠢᠯ ᠧᠦ᠋ᠷᠣᠫᠠ ᠲᠢᠪ᠎ᠲᠤ ᠤᠯᠠᠮᠵᠢᠯᠠᠭᠳᠠᠨ ᠤᠷᠤᠭᠰᠠᠨ᠎ᠤ ᠳᠠᠷᠠᠭ᠎ᠠ ᠮᠠᠰᠢ ᠲᠦᠷᠭᠡᠨ ᠲᠦᠬᠡᠨ ᠳᠡᠯᠬᠡᠷᠡᠵᠡᠢ᠃
ᠣᠯᠠᠨ ᠠ᠋ᠰᠢᠲᠦ ᠨᠢᠭᠡ ᠴᠣᠭᠴᠠᠵᠢᠭᠰᠠᠨ ᠳᠤᠮᠳᠠᠳᠤ ᠵᠢᠨ ᠪᠣᠯᠪᠠᠰᠤᠨ᠎ᠳᠤ ᠪᠠᠰᠠ ᠬᠢᠲᠠᠳ ᠦᠰᠦᠭ᠎ᠤᠨ ᠪᠢᠴᠢᠯᠭᠡ᠎ᠲᠠᠢ ᠮᠠᠰᠢ ᠶᠡᠬᠡ ᠵᠥᠷᠢᠶ᠎ᠡ᠎ᠲᠠᠢ ᠦᠰᠦᠭ ᠪᠢᠴᠢᠭ᠎ᠤᠨ ᠰᠢᠰᠲ᠋ᠧᠮ ᠪᠠᠶ᠋ᠢᠳᠠᠭ᠂ ᠵᠢᠱ᠌ᠢᠶᠡᠯᠡᠪᠡᠯ ᠮᠣᠩᠭᠣᠯ ᠦᠰᠦᠭ᠎ᠢ ᠲᠤᠷᠠᠤᠡᠴᠤ ᠪᠤᠯᠤᠨ᠎ᠠ᠃
ᠳᠤᠮᠳᠠᠳᠤ ᠤᠯᠤᠰ᠎ᠤᠨ ᠮᠣᠩᠭᠣᠯᠴᠤᠳ᠎ᠤᠨ ᠬᠡᠷᠡᠭᠯᠡᠵᠦ ᠪᠠᠶ᠋ᠢᠭ᠎ᠠ ᠦᠰᠦᠭ ᠪᠢᠴᠢᠭ᠎ᠨᠢ ᠤᠶ᠋ᠢᠭᠤᠷᠵᠢᠨ ᠮᠣᠩᠭᠣᠯ ᠦᠰᠦᠭ᠎ᠠᠴᠠ ᠠᠭ᠋ᠠᠵᠢᠮ ᠵᠶ᠋ᠠᠷ ᠤᠯᠠᠷᠢᠨ ᠲᠡᠭᠦᠯᠳᠡᠷᠵᠢᠵᠦ ᠢᠷᠡᠭᠰᠡᠨ ᠶᠤᠮ᠂ ᠦᠰᠦᠭ ᠪᠢᠴᠢᠭ᠎ᠤᠨ ᠬᠡᠯᠪᠡᠷᠢ᠎ᠨᠢ ᠳᠡᠭᠡᠷ᠎ᠡ᠎ᠠᠴᠠ ᠳᠣᠷᠣᠭᠰᠢ᠂ ᠵᠡᠭᠦᠨ᠎ᠠᠴᠠ ᠪᠠᠷᠠᠭᠤᠨᠰᠢ ᠪᠢᠴᠢᠳᠡᠭ᠃
ᠮᠤᠩᠭᠤᠯ ᠦᠰᠦᠭ᠎ᠨᠢ ᠨᠢᠭᠡ ᠵᠦᠢ᠍ᠯ᠎ᠤᠨ ᠠᠪᠢᠶᠠᠨ᠎ᠤ ᠦᠰᠦᠭ ᠪᠣᠯᠤᠭᠰᠠᠨ᠎ᠤ ᠬᠤᠪᠢ᠎ᠳᠤ᠂ ᠴᠠᠭ᠋ᠠᠨ ᠲᠣᠯᠣᠭ᠋ᠠᠶ ᠪᠦᠷᠢ᠎ᠨᠢ ᠦᠭᠡ ᠵᠢᠨ ᠠ᠋ᠬᠢᠨ᠂ ᠦᠭᠡ ᠵᠢᠨ ᠲᠤᠮᠳᠠ᠂ ᠦᠭᠡ ᠵᠢᠨ ᠠᠳᠠᠭ᠎ᠲᠤ ᠤᠷᠤᠬᠤ᠎ᠳᠤ᠎ᠪᠠᠨ ᠪᠦᠷ ᠬᠤᠪᠢᠯᠪᠤᠷᠢ ᠲᠢᠭ᠎ᠲᠠᠢ᠃ ᠠᠪᠢᠶᠠᠴᠢᠯᠠᠨ ᠪᠢᠴᠢᠬᠦ ᠣᠨᠴᠠᠭ᠋ᠠᠶ ᠠᠷᠭ᠎ᠠ᠎ᠨᠢ ᠤᠯᠠᠮᠵᠢᠯᠠᠯᠲᠤ ᠮᠣᠩᠭᠣᠯ ᠥᠰᠥᠭ᠎ᠢ ᠥᠷᠥᠮᠡᠯ ᠥᠰᠥᠭ᠎ᠤᠨ ᠬᠡᠪᠯᠡᠯ᠎ᠤᠨ ᠮᠡᠷᠭᠡᠵᠢᠯ᠎ᠲᠠᠢ ᠵᠣᠬᠢᠴᠠᠭᠤᠯᠬᠤ᠎ᠳᠤ ᠪᠡᠷᠬᠡ ᠪᠣᠯᠭ᠋ᠠᠵᠠᠶ᠃
ᠪᠢ ᠱᠸᠡᠭ ᠥᠷᠥᠮᠡᠯᠪᠠᠷ ᠬᠡᠪᠯᠡᠯ᠎ᠤᠨ ᠮᠡᠷᠭᠡᠵᠢᠯ᠎ᠢ ᠠ᠋ᠭᠦᠳᠦᠭᠰᠡᠨ᠎ᠠᠴᠠ ᠨᠠᠭ᠋ᠠᠰᠢᠬᠢ ᠶᠢᠰᠦᠨ ᠵᠠᠭᠤᠨ ᠵᠢᠯ᠎ᠤᠨ ᠬᠣᠭᠣᠷᠣᠨᠳᠣ ᠮᠣᠩᠭᠣᠯ ᠬᠡᠯᠡᠨ᠎ᠤ ᠬᠡᠪᠯᠡᠯ᠎ᠨᠢ ᠰᠡᠶ᠋ᠢᠯᠦᠮᠡᠯᠪᠠᠷᠤᠨ ᠱᠠᠲᠤᠨ᠎ᠳᠤ ᠵᠣᠭᠰᠣᠩᠭᠢᠷᠠᠵᠤ ᠪᠠᠶ᠋ᠢᠭᠰᠠᠨ ᠵᠢᠡᠨ ᠴᠢᠩ ᠤᠯᠤᠰ᠎ᠤᠨ ᠰᠡᠭᠦᠯᠴᠢ ᠦᠶ᠎ᠡ᠎ᠪᠠᠷ ᠧᠦ᠋ᠷᠣᠫᠠ ᠵᠢᠨ ᠴᠢᠯᠠᠭᠤᠨᠪᠠᠷᠤᠨ ᠮᠡᠷᠭᠡᠵᠢᠯ᠎ᠢ ᠣᠷᠣᠭᠤᠯᠵᠤ ᠢᠷᠡᠵᠡᠢ᠃ ᠠ᠋ᠶ᠋ᠢᠨ ᠬᠦ᠌ ᠭᠠᠷ ᠵᠶ᠋ᠠᠷ ᠰᠡᠶ᠋ᠢᠯᠵᠦ ᠪᠠᠶ᠋ᠢᠭᠰᠠᠨ᠎ᠢ ᠬᠢᠮᠢ ᠵᠢᠨ ᠪᠣᠳᠠᠰ ᠵᠶ᠋ᠠᠷ ᠴᠢᠯᠠᠭᠤᠨ ᠮᠠᠲ᠋ᠧᠷᠢᠶᠠᠯ᠎ᠢ ᠢᠳᠡᠭᠳᠡᠭᠦᠯᠦᠨ ᠬᠡᠪᠯᠡᠬᠦ ᠪᠤᠯᠭ᠋ᠠᠪᠠ᠃ ᠰᠡᠶ᠋ᠢᠯᠦᠮᠡᠯ᠎ᠪᠠᠷ ᠪᠤᠯᠤᠨ ᠴᠢᠯᠠᠭᠤᠨᠪᠠᠷᠤᠨ ᠠᠰᠢᠭᠯᠠᠮᠵᠢ ᠵᠢ ᠥᠷᠥᠮᠡᠯᠪᠠᠷᠤᠨ ᠬᠡᠪᠯᠡᠬᠦ ᠮᠡᠷᠭᠡᠵᠢᠯ᠎ᠲᠠᠢ ᠬᠠᠷᠢᠴᠠᠭᠤᠯᠪᠠᠯ ᠮᠠᠰᠢ ᠶᠡᠬᠡ ᠵᠦᠷᠢᠶ᠎ᠠ᠎ᠲᠠᠢ ᠶᠤᠮ᠃
ᠲᠡᠦᠬᠡᠨ ᠳᠡᠭᠡᠷ᠎ᠡ ᠮᠣᠩᠭᠣᠯ ᠪᠢᠴᠢᠭ᠎ᠤᠨ ᠥᠷᠥᠮᠡᠯᠪᠠᠷᠤᠨ ᠬᠡᠪᠯᠡᠯ᠎ᠤᠨ ᠮᠡᠷᠭᠡᠵᠢᠯ᠎ᠢ ᠲᠤᠷᠰᠢᠵᠤ ᠦᠵᠡᠭᠰᠡᠨ ᠵᠢᠱ᠌ᠢᠶ᠎ᠡ ᠮᠥᠨ ᠮᠠᠰᠢ ᠤᠯᠠᠨ ᠪᠠᠶ᠋ᠢᠳᠠᠭ᠃ ᠴᠢᠩ ᠤᠯᠤᠰ᠎ᠤᠨ ᠬᠡᠪᠲᠦ ᠶᠣᠰᠣᠲᠤ ᠵᠢᠨ ᠦᠶ᠎ᠡ᠎ᠳᠤ᠂ ᠮᠣᠩᠭᠣᠯ ᠪᠢᠴᠢᠭ᠎ᠲᠤ ᠨᠡᠪᠲᠡᠷᠡᠭᠰᠡᠨ ᠠ᠋ᠷᠳᠡᠮᠲᠡᠨ ᠬᠤᠸᠠᠩ ᠰᠢᠦᠢ ᠳ᠋ᠦᠩ ᠨᠡᠷ ᠬᠡᠳᠦᠶ᠋ᠢᠪᠡᠷ ᠤᠯᠠᠨ ᠤᠳᠠᠭ᠎ᠠ ᠲᠤᠷᠰᠢᠯᠲᠠ ᠬᠢᠭᠰᠡᠨ ᠪᠣᠯᠪᠠᠴᠤ ᠡᠯ᠎ᠡ ᠵᠦᠢ᠍ᠯ᠎ᠤᠨ ᠨᠥᠬᠥᠴᠡᠯ ᠰᠢᠯᠳᠠᠭ᠋ᠠᠨᠤ ᠬᠢᠵᠠᠭ᠋ᠠᠷᠯᠠᠯ᠎ᠠᠴᠠ ᠪᠤᠯᠵᠤ ᠪᠦᠷ ᠠᠮᠵᠢᠯᠲᠠ ᠣᠯᠵᠤ ᠴᠢᠳᠠᠭᠰᠠᠨ ᠦᠭᠡᠢ ᠶᠤᠮ᠃
ᠢᠷᠭᠡᠨ ᠤᠯᠤᠰ᠎ᠤᠨ ᠠ᠋ᠬᠢᠨ᠎ᠤ ᠦᠶ᠎ᠡ᠎ᠳᠤ᠂ ᠬᠦᠴᠦᠷᠬᠡᠭ ᠤᠯᠤᠰ᠎ᠤᠳ ᠤᠮᠠᠷᠠᠲᠤ ᠬᠢᠵᠠᠭ᠋ᠠᠷ᠎ᠤᠨ ᠠ᠋ᠬᠡ ᠭᠠᠵᠠᠷ᠎ᠢ ᠥᠯᠥᠨ ᠨᠢᠳᠤ᠎ᠪᠠᠷ ᠰᠢᠷᠲᠡᠵᠦ᠂ ᠵᠡᠪᠰᠡᠭᠲᠦ ᠬᠦᠴᠦᠨ ᠵᠶ᠋ᠡᠷ ᠳᠠᠭ᠋ᠠᠷᠢᠭᠰᠠᠨ ᠵᠢᠡᠷ ᠪᠠᠷᠠᠬᠤ ᠥᠬᠡᠶ᠂ ᠪᠠᠰᠠ ᠰᠣᠶᠣᠯ᠎ᠤᠨ ᠲᠠᠯ᠎ᠠ᠎ᠪᠠᠷ ᠨᠡᠪᠴᠢᠯᠲᠡ ᠬᠢᠵᠦ᠂ ᠮᠠᠨᠵᠤ ᠮᠣᠩᠭᠣᠯ᠎ᠢ ᠳᠤᠮᠳᠠᠳᠤ ᠵᠢᠨ ᠶᠡᠬᠡ ᠬᠡᠷ ᠪᠦᠯᠢ᠎ᠠᠴᠠ ᠰᠠᠯᠭ᠋ᠠᠬᠤ᠎ᠪᠠᠷ ᠭᠣᠷᠢᠳᠠᠵᠤ ᠪᠠᠶ᠋ᠢᠪᠠ᠃
ᠤᠷᠤᠰ ᠪᠠ ᠶᠠᠫᠣᠨ ᠵᠠᠯᠭ᠋ᠠᠭ᠎ᠠ ᠵᠠᠯᠭ᠋ᠠᠭ᠎ᠠ᠎ᠪᠠᠷ ᠥᠷᠥᠮᠡᠯᠪᠠᠷ ᠵᠶ᠋ᠡᠷ ᠮᠣᠩᠭᠣᠯ ᠰᠡᠳᠬᠦᠯ᠎ᠢ ᠬᠡᠪᠯᠡᠬᠦ᠎ᠪᠠᠷ ᠲᠤᠷᠰᠢᠭᠰᠠᠨ ᠪᠣᠯᠪᠠᠴᠤ ᠳᠠᠷᠤᠮᠠᠯᠯᠠᠭᠰᠠᠨ ᠮᠣᠩᠭᠣᠯ ᠦᠰᠦᠭ᠎ᠨᠢ ᠬᠡᠯᠪᠡᠷᠢ ᠳᠦᠷᠰᠦ᠎ᠨᠢ ᠢᠯᠭ᠋ᠠᠭᠳᠠᠬᠤ ᠦᠭᠡᠢ᠂ ᠮᠠᠲ᠋ᠧᠷᠢᠶᠠᠯ᠎ᠨᠢ ᠨᠠᠷᠢᠯᠢᠭ ᠪᠤᠰᠤ᠎ᠪᠠᠷ ᠪᠠᠷᠠᠬᠤ ᠦᠭᠡᠢ᠂ ᠴᠠᠭ᠋ᠠᠨ ᠲᠣᠯᠣᠭ᠋ᠠᠶ᠎ᠨᠢ ᠬᠤᠭᠤᠷᠤᠨᠳᠤ᠎ᠪᠠᠨ ᠵᠠᠯᠭ᠋ᠠᠯᠳᠤᠬᠤ ᠦᠬᠡᠢ ᠵᠡᠷᠭᠡ ᠢᠯᠡᠷᠬᠡᠢ ᠠᠯᠳᠠᠭ᠎ᠠ ᠤᠷᠤᠰᠢᠵᠤ ᠪᠠᠶ᠋ᠢᠪᠠ᠃ ᠬᠡᠳᠦᠶ᠋ᠢᠪᠡᠷ ᠠ᠋ᠶ᠋ᠢᠮᠦ ᠪᠣᠯᠪᠠᠴᠤ ᠤᠷᠤᠰ᠂ ᠶᠠᠫᠣᠨ᠎ᠤ ᠠ᠋ᠷᠬᠡ ᠪᠠᠷᠢᠠᠠᠴᠢᠳ ᠮᠥᠨ ᠯᠡ ᠬᠣᠯᠪᠣᠭᠳᠠᠯ ᠪᠦᠬᠦᠢ ᠮᠡᠷᠭᠡᠵᠢᠯ ᠵᠢᠡᠨ ᠨᠢᠭᠤᠴᠠᠯᠠᠨ ᠬᠠᠮᠠᠭ᠋ᠠᠯᠠᠵᠤ ᠪᠠᠶ᠋ᠢᠪᠠ᠃
ᠠ᠋ᠨᠡ ᠦᠶ᠎ᠡ᠎ᠳᠤ ᠮᠣᠩᠭᠣᠯ ᠬᠡᠯᠡᠨ᠎ᠤ ᠦᠷᠦᠮᠡᠯ ᠦᠰᠦᠭ᠎ᠤᠨ ᠮᠡᠷᠭᠡᠵᠢᠯ᠎ᠢ ᠠ᠋ᠭᠦᠳᠴᠦ᠂ ᠰᠣᠶᠣᠯ᠎ᠤᠨ ᠨᠡᠪᠴᠢᠯᠲᠡ ᠵᠢ ᠬᠣᠷᠢᠭᠯᠠᠵᠤ᠂ ᠳᠤᠮᠳᠠᠳᠤ ᠵᠢᠨ ᠦᠨᠳᠦᠰᠦᠲᠡᠨ᠎ᠤ ᠨᠢᠭᠲᠠᠷᠠᠯ᠎ᠤᠨ ᠬᠦᠴᠦᠨ᠎ᠢ ᠴᠢᠩᠭ᠋ᠠᠳᠬᠠᠬᠤ᠎ᠨᠢ ᠬᠦᠴᠦᠷᠬᠡᠭ ᠤᠯᠤᠰ᠎ᠤᠳ᠎ᠲᠠᠢ ᠠ᠋ᠰᠡᠷᠭᠦᠴᠡᠯᠳᠦᠬᠦ ᠴᠢᠬᠤᠯᠠ ᠠᠷᠭ᠎ᠠ ᠬᠡᠮᠵᠢᠶᠡᠨ᠎ᠤ ᠨᠢᠭᠡ ᠪᠣᠯᠤᠭᠰᠠᠨ ᠪᠠᠶ᠋ᠢᠨ᠎ᠠ᠃ ᠲᠡᠦᠬᠡ ᠵᠢᠨ ᠵᠠᠩᠭᠢᠯᠠᠭ᠎ᠠ ᠵᠢᠨ ᠦᠶ᠎ᠡ᠎ᠳᠤ ᠲᠡᠮᠬᠡᠲᠦ ᠴᠡᠭᠡᠵᠢ ᠳᠦᠷᠢᠨ ᠭᠠᠷᠴᠤ ᠢᠷᠡᠪᠡ᠃
ᠬᠣᠶᠠᠷ᠂ ᠲᠡᠮᠬᠡᠲᠦ ᠬᠢᠭᠡᠳ ᠲᠡᠭᠦᠨ᠎ᠤ ᠦᠢ᠍ᠯᠡ ᠶᠠᠪᠤᠳᠠᠯ
ᠲᠡᠮᠬᠡᠲᠦ 1889 ᠣᠨ᠎ᠤ 1 ᠰᠠᠷ᠎ᠠ ᠵᠢᠨ 8᠎ᠤ ᠠ᠋ᠳᠦᠷ ᠵᠣᠰᠣᠲᠤ ᠵᠢᠨ ᠴᠢᠭᠤᠯᠭ᠋ᠠᠨ᠎ᠤ ᠬᠠᠷᠠᠴᠢᠨ ᠪᠠᠷᠠᠭᠤᠨ ᠬᠣᠰᠢᠭᠤ (ᠣᠳᠣ ᠵᠢᠨ ᠤᠯᠠᠭ᠋ᠠᠨᠬᠠᠳᠠ ᠬᠣᠲᠠ ᠵᠢᠨ ᠬᠠᠷᠠᠴᠢᠨ ᠬᠣᠰᠢᠭᠤ) ᠵᠢᠨ ᠳ᠋ᠠ ᠰᠢ ᠭᠸᠦ ᠲᠣᠰᠬᠣᠨ᠎ᠤ ᠠ᠋ᠭᠡᠯ ᠠᠷᠠᠳ᠎ᠤᠨ ᠭᠡᠷ ᠲᠤ ᠲᠥᠷᠥᠵᠡᠢ᠃ ᠳᠡᠷᠨ ᠰᠡᠴᠡᠨ ᠰᠡᠷᠭᠦᠯᠡᠩ᠂ ᠰᠤᠷᠤᠯᠴᠠᠬᠤ ᠳᠤᠷᠠᠲᠠᠢ᠂ ᠢᠳᠡᠪᠬᠢᠯᠡᠨ ᠲᠠᠪᠰᠢᠬᠤ ᠵᠤᠷᠢᠭᠲᠠᠢ ᠪᠣᠯᠬᠣᠷ ᠲᠤᠬᠠᠢ ᠵᠢᠨ ᠦᠶ᠎ᠡ ᠵᠢᠨ ᠵᠠᠰᠠᠭ ᠵᠢᠶᠦ᠋ᠨ ᠸᠠᠩ ᠬᠦᠩᠰᠡᠩᠨᠣᠷᠪᠤ (ᠳᠣᠷᠣᠭᠰᠢ ᠭᠦᠩ ᠸᠠᠩ ᠭᠡᠵᠦ ᠲᠣᠪᠴᠢᠯᠠᠨ᠎ᠠ) ᠲᠡᠭᠦᠨ᠎ᠢ ᠵᠢᠷᠤᠮ᠎ᠤᠨ ᠬᠥᠪᠡᠭᠦᠨ ᠵᠢᠡᠷ ᠳᠠᠨᠢᠵᠤ᠂ ᠬᠣᠰᠢᠭᠤᠨ᠎ᠤ ᠲᠥᠪ ᠴᠢᠬᠡᠴᠢ ᠵᠢ ᠠ᠋ᠷᠬᠢᠮᠯᠡᠬᠦ ᠰᠤᠷᠭ᠋ᠠᠭᠤᠯᠢ᠎ᠳᠤ ᠲᠠᠨᠢᠯᠴᠠᠭᠤᠯᠤᠨ ᠰᠤᠷᠤᠯᠴᠠᠭᠤᠯᠵᠠᠢ᠃
ᠲᠡᠮᠬᠡᠲᠦ ᠰᠢᠷᠭ᠋ᠠᠭᠤ ᠬᠠᠲᠠᠭᠤᠵᠢᠯᠲᠠᠶ ᠰᠤᠷᠤᠯᠴᠠᠵᠤ᠂ ᠣᠯᠠᠨ᠎ᠠᠴᠠ ᠬᠡᠲᠦᠶ᠋ᠢᠳᠦᠭᠰᠡᠨ ᠬᠢᠷᠢ ᠪᠦᠲᠦᠮᠵᠢ᠎ᠲᠠᠢ ᠪᠠᠢ᠍ᠢ᠍ᠵᠤ᠂ ᠮᠠᠨᠵᠤ᠂ ᠬᠢᠲᠠᠳ᠂ ᠮᠣᠩᠭᠣᠯ᠂ ᠲᠥᠪᠡᠳ ᠳᠥᠷᠪᠡᠨ ᠲᠦᠷᠦᠯ᠎ᠤᠨ ᠦᠭᠡ ᠬᠡᠯᠡ ᠦᠰᠦᠭ ᠪᠢᠴᠢᠭ᠎ᠢ ᠡᠵᠡᠮᠰᠢᠭᠰᠡᠨ ᠵᠶ᠋ᠡᠷ ᠪᠠᠷᠠᠬᠤ ᠦᠭᠡᠢ᠂ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠬᠦᠷᠢᠶᠡᠨ᠎ᠳᠤ ᠴᠦ᠍ ᠮᠠᠰᠢ ᠶᠡᠬᠡ ᠳᠠᠪᠰᠢᠯᠲᠠ᠎ᠲᠠᠢ ᠪᠣᠯᠵᠠᠶ᠃ ᠲᠡᠭᠦᠰᠦᠭᠰᠡᠨ᠎ᠤ᠎ᠪᠠᠨ ᠳᠠᠷᠠᠭ᠎ᠠ ᠲᠡᠮᠬᠡᠲᠦ ᠰᠢᠯᠢᠳᠡᠭ ᠰᠤᠷᠤᠭᠴᠢ ᠵᠢᠨ ᠲᠥᠯᠥᠭᠡᠯᠡᠭᠴᠢ ᠵᠢᠨ ᠬᠤᠪᠢ᠎ᠪᠠᠷ ᠪᠡᠭᠡᠵᠢᠩ᠎ᠤᠨ ᠵᠡᠭᠦᠨ ᠮᠤᠵᠢ ᠵᠢᠨ ᠲᠡᠮᠦᠷ ᠵᠠᠮ᠎ᠤᠨ ᠣᠷᠣᠰ᠎ᠤᠨ ᠤᠳᠬ᠎ᠠ ᠵᠣᠬᠢᠶᠠᠯ᠎ᠤᠨ ᠲᠠᠩᠬᠢᠮ᠎ᠳᠤ ᠬᠦᠷᠴᠦ ᠲᠤᠰᠬᠠᠶ᠋ᠢᠯᠠᠨ ᠣᠷᠣᠰ ᠬᠡᠯᠡ ᠰᠤᠷᠤᠯᠴᠠᠵᠠᠶ᠃
1906 ᠣᠨ᠎ᠤ ᠡᠪᠦᠯ᠂ ᠲᠡᠮᠬᠡᠲᠦ ᠲᠤᠤᠺᠢᠣ᠋ ᠵᠢᠨ ᠴᠡᠷᠢᠭ᠎ᠤᠨ ᠠ᠋ᠷᠳᠡᠮᠢ ᠮᠠᠨᠳᠤᠭᠤᠯᠬᠤ ᠰᠤᠷᠭ᠋ᠠᠭᠤᠯᠢ ᠵᠢᠨ ᠬᠠᠭᠤᠷᠠᠢ ᠵᠠᠮ᠎ᠤᠨ ᠴᠡᠷᠢᠭ᠎ᠤᠨ ᠳᠠᠷᠤᠭ᠎ᠠ ᠵᠢᠨ ᠰᠠᠯᠠᠭ᠋ᠠᠨ᠎ᠳᠤ ᠰᠤᠷᠤᠯᠴᠠᠵᠤ᠂ ᠲᠡᠭᠦᠰᠦᠭᠰᠡᠨ᠎ᠤ᠎ᠪᠠᠨ ᠳᠠᠷᠠᠭ᠎ᠠ ᠪᠠᠰᠠ ᠲᠤᠤᠺᠢᠣ᠋ ᠵᠢᠨ ᠼᠢ ᠬᠤᠢ ᠠᠨᠠᠭ᠋ᠠᠬᠤ ᠤᠬᠠᠭ᠋ᠠᠨ᠎ᠤ ᠰᠤᠷᠭ᠋ᠠᠭᠤᠯᠢ᠎ᠳᠤ ᠰᠢᠯᠵᠢᠵᠤ ᠧᠦ᠋ᠷᠣᠫᠠ ᠠ᠋ᠮᠨᠡᠯᠭᠡ ᠵᠢᠨ ᠮᠡᠷᠭᠡᠵᠢᠯ᠎ᠢ ᠰᠤᠷᠤᠯᠴᠠᠪᠠ᠃
ᠵᠢᠷᠭᠤᠭ᠋ᠠᠨ ᠵᠢᠯ᠎ᠤᠨ ᠰᠤᠷᠤᠯᠭ᠎ᠠ ᠵᠢᠨ ᠬᠤᠭᠤᠴᠠᠭ᠋ᠠᠨ᠎ᠳᠤ ᠲᠡᠮᠬᠡᠲᠦ ᠲᠡᠷᠢᠭᠦᠨ᠎ᠤ ᠰᠣᠶᠣᠯ ᠮᠡᠳᠡᠯᠭᠡ᠎ᠲᠠᠢ ᠲᠠᠨᠢᠯᠴᠠᠵᠤ᠂ ᠬᠠᠷᠠᠭ᠎ᠠ᠎ᠪᠠᠨ ᠶᠡᠬᠡ᠎ᠪᠠᠷ ᠥᠷᠭᠡᠳᠬᠡᠭᠰᠡᠨ ᠪᠠᠶ᠋ᠢᠨ᠎ᠠ᠃ 1912 ᠣᠨ᠎ᠳᠤ ᠲᠡᠷᠡ ᠳᠤᠮᠳᠠᠳᠤ ᠤᠯᠤᠰ ᠵᠶ᠋ᠠᠨ ᠬᠥᠭᠵᠢᠭᠦᠯᠦᠨ ᠮᠠᠨᠳᠤᠭᠤᠯᠬᠤ ᠠᠤᠭ᠎ᠠ ᠰᠠᠨᠠᠭ᠎ᠠ ᠠ᠋ᠷᠡᠯᠬᠡᠭ ᠵᠣᠷᠢᠭ ᠵᠶ᠋ᠠᠷ ᠠ᠋ᠬᠡ ᠤᠯᠤᠰ᠎ᠲᠤ᠎ᠪᠠᠨ ᠪᠤᠴᠠᠵᠤ ᠢᠷᠡᠪᠡ᠃
ᠲᠡᠮᠬᠡᠲᠦ ᠨᠤᠲᠤᠭ᠎ᠲᠤ᠎ᠪᠠᠨ ᠤᠳᠠᠭ᠋ᠠᠨ ᠵᠢᠯ ᠠ᠋ᠮᠴᠢᠯᠡᠨ ᠰᠠᠭᠤᠵᠤ᠂ ᠲᠤᠬᠠᠶ ᠵᠢᠨ ᠭᠠᠵᠠᠷ᠎ᠤᠨ ᠠᠷᠠᠳ ᠢᠷᠭᠡᠳ᠎ᠤᠨ ᠰᠤᠶᠤᠯᠵᠢᠭᠠ ᠦᠬᠡᠢ ᠬᠣᠴᠣᠷᠤᠩᠭᠤᠶ ᠪᠠᠶ᠋ᠢᠳᠠᠯ᠎ᠢ ᠬᠠᠷᠠᠭ᠋ᠠᠳ ᠲᠤᠶ᠋ᠢᠯ ᠵᠶ᠋ᠠᠷ ᠰᠡᠳᠬᠢᠯ ᠰᠢᠮᠰᠢᠷᠡᠵᠡᠢ᠃ ᠭᠠᠭᠴᠠ ᠬᠦ᠌ ᠠᠷᠠᠳ ᠤᠯᠠᠨ᠎ᠤ ᠰᠣᠶᠣᠯ᠎ᠤᠨ ᠬᠡᠪ ᠪᠣᠯᠪᠠᠰᠤᠷᠠᠯ ᠪᠠ ᠪᠤᠳᠤᠯ ᠤᠬᠠᠮᠰᠠᠷ᠎ᠢ ᠳᠡᠭᠡᠭᠰᠢᠯᠡᠭᠦᠯᠪᠡᠯ ᠰᠠᠶᠢ ᠤᠯᠤᠰ ᠣᠷᠣᠨ ᠵᠶ᠋ᠠᠨ ᠦᠨᠳᠦᠰᠦᠨ᠎ᠠᠴᠠ᠎ᠨᠢ ᠬᠥᠭᠵᠢᠭᠦᠯᠦᠨ ᠮᠠᠨᠳᠤᠭᠤᠯᠵᠤ ᠴᠢᠳᠠᠨ᠎ᠠ ᠬᠡᠳᠡᠭ᠎ᠢ ᠤᠬᠠᠪᠠ᠃
1914 ᠣᠨ᠎ᠳᠤ ᠬᠦᠩᠰᠡᠩᠨᠣᠷᠪᠤ ᠶᠤᠸᠠᠨ ᠱ᠌ᠢ ᠺᠠᠢ ᠵᠢᠨ ᠤᠷᠢᠯᠭ᠎ᠠ᠎ᠪᠠᠷ ᠮᠣᠩᠭᠣᠯ ᠲᠥᠪᠡᠳ᠎ᠤᠨ ᠬᠣᠷᠢᠶᠠᠨ᠎ᠤ ᠶᠡᠷᠦᠩᠬᠡᠢ ᠵᠠᠬᠢᠷᠤᠭᠴᠢ ᠵᠢᠨ ᠲᠤᠰᠢᠶᠠᠯ᠎ᠢ ᠬᠠᠷᠢᠭᠤᠴᠠᠵᠤ᠂ ᠲᠡᠮᠬᠡᠲᠦ ᠠᠬᠠᠯᠠᠬᠤ ᠣᠷᠴᠢᠭᠤᠯᠤᠭᠴᠢ ᠵᠢᠨ ᠬᠤᠪᠢ᠎ᠪᠠᠷ ᠬᠠᠮᠲᠤ ᠪᠡᠭᠡᠵᠢᠩ᠎ᠳᠤ ᠤᠴᠢᠪᠠ᠂ ᠢᠩᠬᠢᠬᠡᠳ ᠠ᠋ᠮᠴᠢ ᠵᠢᠨ ᠠᠵᠢᠯ᠎ᠠᠴᠠ᠎ᠪᠠᠨ ᠰᠠᠯᠵᠤ ᠪᠢᠴᠢᠭ᠎ᠤᠨ ᠠᠵᠢᠯ᠎ᠳᠤ ᠤᠷᠤᠪᠠ᠃ ᠠᠵᠢᠯ᠎ᠤᠨ ᠴᠢᠯᠥᠭᠡ ᠵᠠᠪ ᠵᠶ᠋ᠠᠷ ᠵᠶ᠋ᠠᠨ ᠳᠡᠮᠬᠡᠳᠦ ᠳᠤᠮᠳᠠᠳᠤ ᠵᠢᠨ ᠦᠨᠳᠦᠰᠦᠲᠡᠨ᠎ᠨᠦᠭᠦᠳ᠎ᠤᠨ ᠰᠣᠶᠣᠯ᠎ᠤᠨ ᠬᠠᠮᠢᠶᠠᠳᠠᠢ ᠰᠤᠳᠤᠷ ᠪᠢᠴᠢᠭ᠎ᠢ ᠠ᠋ᠮᠬᠢᠳᠬᠡᠬᠦ ᠪᠠ ᠣᠷᠴᠢᠭᠤᠯᠬᠤ ᠦᠢ᠍ᠯᠡᠰ ᠲᠤ ᠨᠢᠭᠡ ᠰᠡᠳᠬᠢᠯ ᠵᠶ᠋ᠡᠷ ᠵᠢᠳᠬᠦᠵᠦ᠂ ᠪᠠᠰᠠ ᠦᠨᠳᠦᠰᠦᠲᠡᠨ᠎ᠨᠦᠭᠦᠳ᠎ᠤᠨ ᠠ᠋ᠬᠡ ᠣᠷᠣᠨᠴᠢ ᠴᠢᠩ ᠵᠤᠷᠢᠭᠳᠠᠨᠢ ᠦᠷᠭᠦᠯᠵᠢ ᠵᠣᠬᠢᠶᠠᠨ ᠪᠠᠶ᠋ᠢᠭᠤᠯᠵᠤ᠂ ᠤᠯᠤᠰ ᠵᠶ᠋ᠠᠨ ᠠᠪᠤᠷᠠᠵᠤ ᠠᠷᠠᠳ ᠵᠶ᠋ᠠᠨ ᠠᠪᠤᠷᠠᠬᠤ ᠠᠷᠭ᠎ᠠ ᠵᠠᠮ᠎ᠢ ᠬᠠᠮᠲᠤ᠎ᠪᠠᠷ ᠵᠥᠪᠯᠡᠵᠦ ᠪᠠᠶ᠋ᠢᠪᠠ᠃
ᠲᠡᠮᠬᠡᠲᠦ ᠦᠨᠳᠦᠰᠦᠲᠡᠨ᠎ᠤ ᠦᠰᠦᠭ ᠪᠢᠴᠢᠭ᠎ᠤᠨ᠎ᠪᠠᠷ ᠬᠡᠪᠯᠡᠯ᠎ᠢ ᠦᠷᠬᠡᠳᠬᠡᠬᠦ᠎ᠨᠢ ᠰᠤᠷᠭ᠋ᠠᠨ ᠬᠥᠮᠦᠵᠢᠯ᠎ᠢ ᠲᠦᠭᠡᠮᠡᠯᠵᠢᠭᠦᠯᠬᠦ᠂ ᠰᠣᠶᠣᠯ᠎ᠢ ᠤᠯᠠᠮᠵᠢᠯᠠᠬᠤ ᠵᠢᠴᠢ 《ᠳᠠᠪᠤᠨ ᠦᠨᠳᠦᠰᠦᠲᠡᠨ᠎ᠤ ᠨᠠᠶ᠋ᠢᠷᠠᠮᠳᠠᠯ》᠎ᠤᠨ ᠣᠶ᠋ᠢᠯᠠᠭ᠋ᠠᠭᠳᠠᠬᠤᠨ᠎ᠢ ᠭᠦᠨᠵᠡᠭᠡᠶ᠋ᠢᠷᠡᠭᠦᠯᠬᠦ᠎ᠳᠤ ᠲᠤᠶ᠋ᠢᠯ᠎ᠤᠨ ᠴᠢᠬᠤᠯᠠ ᠭᠡᠳᠡᠭ᠎ᠢ ᠠᠭ᠋ᠠᠵᠢᠮ ᠵᠶ᠋ᠠᠷ ᠲᠠᠨᠢᠵᠤ ᠤᠯᠪᠠ᠃
ᠲᠡᠮᠬᠡᠲᠦ ᠮᠣᠩᠭᠣᠯ ᠪᠢᠴᠢᠭ᠎ᠤᠨ ᠥᠷᠥᠮᠡᠯᠪᠠᠷᠤᠨ ᠮᠡᠷᠭᠡᠵᠢᠯ᠎ᠢ ᠰᠤᠳᠤᠯᠤᠨ ᠦᠢ᠍ᠯᠡᠳᠬᠦ᠎ᠪᠠᠷ ᠵᠣᠷᠢᠭ ᠰᠢᠭᠤᠳᠴᠤ᠂ ᠳᠤᠮᠳᠠᠳᠤ ᠭᠠᠳᠠᠭ᠋ᠠᠳᠤ ᠵᠢᠨ ᠡᠯ᠎ᠡ ᠲᠦᠷᠦᠯ᠎ᠤᠨ ᠬᠡᠪᠯᠡᠬᠦ ᠤᠷ᠎ᠠ ᠮᠡᠷᠭᠡᠵᠢᠯ᠎ᠢ ᠭᠦᠢ᠍ᠴᠡᠳ ᠰᠤᠳᠤᠯᠪᠠ᠃ ᠳᠠᠷᠠᠭ᠎ᠠ᠎ᠨᠢ ᠲᠡᠷᠡ ᠦᠬᠡᠷ᠎ᠤᠨ ᠡᠪᠡᠷ ᠵᠶ᠋ᠡᠷ ᠮᠠᠲ᠋ᠧᠷᠢᠶᠠᠯ ᠪᠣᠯᠭ᠋ᠠᠵᠤ᠂ ᠤᠷᠠᠨ ᠨᠠᠷᠢᠨ ᠰᠡᠶ᠋ᠢᠯᠵᠦ᠂ ᠳᠠᠬᠢᠨ ᠳᠠᠪᠲᠠᠨ ᠬᠠᠶ᠋ᠢᠨ ᠰᠦᠪᠡᠭᠴᠢᠯᠡᠵᠦ᠂ ᠡᠴᠦᠰ᠎ᠲᠤ᠎ᠪᠠᠨ ᠮᠣᠩᠭᠣᠯ ᠦᠰᠦᠭ᠎ᠤᠨ ᠨᠠᠶᠠᠨ ᠲᠠᠪᠤᠨ ᠴᠠᠭ᠋ᠠᠨ ᠲᠤᠯᠤᠭ᠋ᠠᠢ ᠵᠢᠨ ᠳᠠᠷᠤᠮᠠᠯ ᠬᠡᠪ᠎ᠢ ᠵᠣᠬᠢᠶᠠᠨ ᠭᠠᠷᠭ᠋ᠠᠪᠠ᠃
ᠭᠡᠲᠡᠯ᠎ᠡ ᠪᠣᠳᠠᠲᠠᠶ ᠬᠡᠪᠯᠡᠯ᠎ᠳᠤ ᠠ᠋ᠲᠡᠭᠡᠷ ᠦᠬᠡᠷ᠎ᠤᠨ ᠡᠪᠡᠷᠲᠦ ᠥᠰᠥᠭ᠎ᠤᠨ ᠬᠡᠪ᠎ᠤᠨ ᠴᠠᠭ᠋ᠠᠨ ᠲᠤᠯᠤᠭ᠋ᠠᠢ ᠵᠢᠨ ᠬᠣᠭᠣᠷᠣᠨᠳᠣᠬᠢ ᠵᠠᠯᠭ᠋ᠠᠯᠳᠤᠯᠨᠢ ᠰᠢᠯᠤᠭᠤᠨ ᠪᠤᠰᠤ ᠪᠦᠭᠡᠤᠨ ᠬᠦᠪᠡᠬᠡᠪᠠᠷᠨᠢ ᠪᠡᠬᠡ ᠨᠠᠭ᠋ᠠᠯᠳᠤᠵᠤ᠂ ᠦᠵᠡᠮᠦᠷᠢ ᠮᠠᠭᠤᠳᠠᠢ ᠵᠡᠷᠭᠡ ᠠᠰᠠᠭᠤᠳᠠᠯ ᠢᠯᠡᠷᠡᠪᠡ᠃
ᠲᠡᠮᠬᠡᠲᠦ ᠵᠣᠷᠢᠭ ᠮᠣᠬᠣᠭᠰᠠᠨ ᠦᠭᠡᠢ᠂ ᠰᠢᠷ᠎ᠠ ᠤᠯᠢᠶᠠᠰᠤ ᠵᠡᠷᠭᠡ ᠣᠯᠠᠨ ᠵᠦᠢ᠍ᠯ᠎ᠤᠨ ᠮᠠᠲ᠋ᠧᠷᠢᠶᠠᠯ ᠵᠶ᠋ᠠᠷ ᠰᠡᠶ᠋ᠢᠯᠬᠦ ᠲᠤᠷᠰᠢᠯᠲᠠ ᠬᠢᠭᠰᠡᠨ ᠪᠣᠯᠪᠠᠴᠤ ᠪᠦᠷ ᠪᠦᠲᠦᠭᠰᠡᠨ ᠦᠭᠡᠢ᠃
ᠵᠢᠯ ᠳᠠᠷᠠᠭ᠋ᠠᠯᠠᠨ ᠲᠤᠷᠰᠢᠯᠲᠠ ᠬᠢᠳᠡᠭ᠎ᠠᠴᠠ ᠵᠠᠷᠤᠳᠠᠯ ᠮᠦᠩᠬᠦ ᠶᠡᠬᠡ᠎ᠪᠠᠷ ᠵᠠᠷᠤᠴᠠᠭᠤᠯᠵᠤ᠂ ᠲᠡᠮᠬᠡᠲᠦ ᠶᠠᠳᠠᠭᠤ ᠬᠦᠴᠢᠷᠳᠡᠯ᠎ᠲᠠᠢ ᠪᠠᠶ᠋ᠢᠳᠠᠯ᠎ᠳᠤ ᠣᠷᠣᠵᠠᠶ᠃
ᠲᠡᠮᠬᠡᠲᠦ 1919 ᠣᠨ᠎ᠳᠤ ᠬᠦᠩᠰᠡᠩᠨᠣᠷᠪᠤ ᠵᠢᠨ ᠲᠤᠰᠠᠯᠠᠮᠵᠢ᠎ᠪᠠᠷ ᠤᠯᠠᠨ ᠤᠳᠠᠭ᠎ᠠ ᠲᠢᠶᠠᠨᠵᠢᠨ᠎ᠳᠤ ᠬᠦᠷᠴᠦ ᠰᠡᠶ᠋ᠢᠯᠦᠮᠡᠯ᠎ᠤᠨ ᠮᠡᠷᠭᠡᠵᠢᠯ ᠰᠤᠷᠤᠯᠴᠠᠪᠠ᠃ ᠭᠦᠨᠵᠡᠭᠡᠢ ᠰᠡᠳᠬᠢᠨ ᠰᠦᠪᠡᠭᠴᠢᠯᠡᠵᠦ᠂ ᠲᠠᠰᠤᠷᠠᠯᠲᠠ ᠦᠭᠡᠢ ᠠ᠋ᠷᠢᠯᠬᠢᠯᠡᠨ ᠬᠠᠶ᠋ᠢᠵᠤ ᠪᠠᠶ᠋ᠢᠭ᠋ᠠᠳ ᠲᠡᠮᠦᠷᠯᠢᠭ ᠦᠰᠦᠭ᠎ᠤᠨ ᠬᠡᠪ᠎ᠢ ᠠᠮᠵᠢᠯᠲᠠ᠎ᠲᠠᠢ ᠰᠤᠳᠤᠯᠤᠨ ᠭᠠᠷᠭ᠋ᠠᠵᠤ᠂ ᠬᠣᠶᠠᠷ ᠵᠢᠯ ᠭᠠᠷᠤᠢ ᠵᠢᠨ ᠦᠢ᠍ᠯᠡᠳᠦᠯᠭᠡ ᠵᠢᠨ ᠰᠢᠯᠭ᠋ᠠᠯᠲᠠ ᠪᠠ ᠮᠡᠷᠭᠡᠵᠢᠯ᠎ᠤᠨ ᠲᠡᠭᠦᠯᠳᠡᠷᠵᠢᠭᠦᠯᠦᠯᠲᠡ ᠵᠢ ᠦᠩᠬᠡᠷᠡᠬᠡᠵᠦ᠂ 1922 ᠣᠨ᠎ᠤ ᠡᠪᠦᠯ ᠮᠠᠨ᠎ᠤ ᠤᠯᠤᠰ᠎ᠤᠨ ᠠᠩᠬᠠᠳᠠᠭᠴᠢ ᠮᠣᠩᠭᠣᠯ ᠬᠣᠷᠭᠣᠯᠵᠢᠨ ᠦᠰᠦᠭ᠎ᠤᠨ ᠬᠡᠪᠯᠡᠬᠦ ᠮᠡᠷᠭᠡᠵᠢᠯ ᠡᠴᠦᠰ᠎ᠲᠤ᠎ᠪᠠᠨ ᠮᠡᠨᠳᠦᠯᠡᠪᠠ᠃
ᠭᠤᠷᠪᠠ᠂ ᠬᠣᠷᠭᠣᠯᠵᠢᠨ ᠦᠰᠦᠭ ᠵᠢᠡᠷ ᠦᠨᠳᠦᠰᠦᠲᠡᠨ᠎ᠤ ᠰᠣᠶᠣᠯ᠎ᠤᠨ ᠥᠷᠯᠥᠭ ᠬᠥᠰᠢᠶ᠎ᠡ ᠵᠢ ᠴᠢᠳᠬᠤᠪᠠ
ᠮᠣᠩᠭᠣᠯ ᠬᠣᠷᠭᠣᠯᠵᠢᠨ ᠥᠰᠥᠭ᠎ᠤᠨ ᠬᠡᠪᠯᠡᠯ᠎ᠤᠨ ᠮᠡᠷᠭᠡᠵᠢᠯ᠎ᠢ ᠵᠣᠬᠢᠶᠠᠨ ᠪᠦᠲᠦᠭᠡᠭᠰᠡᠨᠤ ᠳᠠᠷᠠᠭ᠎ᠠ᠂ ᠲᠡᠮᠬᠡᠲᠦ ᠪᠣᠯᠤᠨ ᠪᠡᠭᠡᠵᠢᠩ ᠳᠤ ᠪᠠᠶ᠋ᠢᠭ᠎ᠠ ᠮᠣᠩᠭᠣᠯ ᠦᠨᠳᠦᠰᠦᠲᠡᠨ᠎ᠤ ᠳᠠᠪᠰᠢᠩᠭᠤᠢ ᠬᠥᠮᠦᠰ 《ᠮᠣᠩᠭᠣᠯ ᠬᠡᠯᠡᠨ᠎ᠤ ᠬᠣᠷᠭᠣᠯᠵᠢᠨ ᠥᠰᠥᠭ᠎ᠤᠨ ᠲᠣᠳᠣᠷᠬᠠᠶ᠋ᠢᠯᠠᠯᠲᠠ》 ᠵᠢ ᠪᠢᠴᠢᠵᠦ ᠭᠠᠷᠭ᠋ᠠᠪᠠ᠃ 1924 ᠣᠨ᠎ᠳᠤ ᠢᠷᠭᠡᠨ ᠤᠯᠤᠰ᠎ᠤᠨ ᠵᠠᠰᠠᠭ᠎ᠤᠨ ᠣᠷᠳᠣᠨ᠎ᠤ ᠲᠠᠷᠢᠶᠠᠯᠠᠩ ᠬᠤᠳᠠᠯᠳᠤᠭ᠋ᠠᠨ᠎ᠤ ᠶᠠᠮᠤᠨ ᠲᠤᠰ ᠠ᠋ᠭᠦᠳᠦᠯᠲᠡ ᠵᠢ ᠵᠢᠩᠬᠢᠨᠢ᠎ᠪᠠᠷ ᠬᠥᠬᠢᠭᠦᠯᠦᠨ ᠰᠠᠶ᠋ᠢᠰᠢᠶᠠᠵᠤ᠂ ᠭᠤᠴᠢᠨ ᠵᠢᠯ᠎ᠤᠨ ᠲᠤᠰᠬᠠᠶ ᠠᠰᠢᠭ᠎ᠤᠨ ᠦᠨᠡᠮᠯᠡᠯ ᠣᠯᠭᠣᠭᠰᠠᠨ ᠪᠥᠭᠡᠳ ᠬᠣᠯᠪᠣᠭᠳᠠᠯ ᠪᠦᠬᠦᠢ ᠭᠠᠶ᠋ᠢᠯᠢ ᠲᠠᠲᠠᠪᠤᠷᠢ ᠶᠢ ᠬᠡᠯᠲᠦᠷᠢᠭᠦᠯᠬᠦ ᠵᠢ ᠣᠨᠴᠠ ᠵᠥᠪᠰᠢᠶᠡᠷᠡᠪᠡ᠃ ᠠ᠋ᠭᠦᠨ᠎ᠤ ᠬᠠᠮᠲᠤ ᠲᠡᠮᠬᠡᠲᠦ ᠵᠢᠨ ᠪᠦᠯᠬᠦᠮ᠎ᠤᠨ ᠰᠤᠳᠤᠯᠤᠨ ᠨᠡᠭᠡᠭᠡᠭᠰᠡᠨ ᠮᠠᠨᠵᠤ ᠬᠣᠷᠭᠣᠯᠵᠢᠨ ᠥᠰᠥᠭ᠎ᠤᠨ ᠮᠡᠷᠭᠡᠵᠢᠯ ᠴᠦ᠍ ᠠᠮᠵᠢᠯᠲᠠ ᠣᠯᠤᠭᠰᠠᠨ ᠪᠠᠶ᠋ᠢᠨ᠎ᠠ᠃
1925 ᠣᠨ᠎ᠳᠤ ᠲᠡᠮᠬᠡᠲᠦ ᠨᠤᠲᠤᠭ ᠨᠢᠬᠡᠳᠡᠳᠲᠠᠢᠪᠠᠨ ᠬᠠᠮᠳᠤ ᠪᠡᠯᠡ ᠮᠥᠩᠭᠥ ᠴᠤᠭᠯᠠᠭᠤᠯᠵᠤ᠂ ᠪᠡᠭᠡᠵᠢᠩ ᠳᠤ 《ᠮᠣᠩᠭᠣᠯ ᠪᠢᠴᠢᠭ᠎ᠤᠨ ᠬᠣᠷᠢᠶ᠎ᠠ》 ᠵᠢ ᠠ᠋ᠷᠬᠢᠯᠡᠵᠦ᠂ ᠨᠣᠮ ᠪᠢᠴᠢᠭ ᠪᠠ ᠰᠣᠨᠢᠨ ᠰᠡᠳᠬᠦᠯ᠎ᠢ ᠰᠢᠰᠲ᠋ᠧᠮ᠎ᠲᠠᠢ᠂ ᠶᠡᠬᠡ ᠬᠡᠮᠵᠢᠶ᠎ᠡ᠎ᠪᠠᠷ ᠣᠷᠴᠢᠭᠤᠯᠵᠤ ᠬᠡᠪᠯᠡᠬᠦᠯᠵᠦ ᠠ᠋ᠬᠢᠯᠡᠭᠰᠡᠨ ᠪᠥᠭᠡᠳ ᠡᠯ᠎ᠡ ᠭᠠᠵᠠᠷ᠎ᠲᠤ ᠴᠦ᠍ ᠮᠣᠩᠭᠣᠯ ᠬᠡᠪᠯᠡᠯ᠎ᠤᠨ ᠦᠢ᠍ᠯᠡᠳᠪᠦᠷᠢ ᠵᠠᠯᠭ᠋ᠠᠭ᠎ᠠ᠎ᠪᠠᠷ ᠪᠠᠶ᠋ᠢᠭᠤᠯᠤᠭᠳᠠᠪᠠ᠃ ᠲᠠᠷᠠᠭ᠎ᠠ᠎ᠨᠢ ᠥᠪᠥᠷ ᠮᠣᠩᠭᠣᠯ᠂ ᠵᠡᠭᠦᠨ ᠬᠣᠶ᠋ᠢᠲᠤ ᠣᠷᠣᠨ᠂ ᠪᠠᠷᠠᠭᠤᠨ ᠬᠣᠶ᠋ᠢᠲᠤ ᠣᠷᠣᠨ᠂ ᠴᠢᠨᠠᠭᠰᠢᠯᠠᠪᠠᠯ ᠧᠦ᠋ᠷᠣᠫᠠ ᠲᠢᠪ᠎ᠠᠴᠠ ᠢᠷᠡᠭᠰᠡᠨ ᠮᠠᠰᠢ ᠤᠯᠠᠨ ᠬᠥᠮᠦᠰ ᠨᠣᠮ᠎ᠤᠨ ᠬᠣᠷᠢᠢ᠎ᠠ᠎ᠳᠤ ᠢᠷᠡᠵᠤ ᠰᠤᠷᠤᠯᠴᠠᠪᠠ᠃
《ᠮᠣᠩᠭᠣᠯ ᠪᠢᠴᠢᠭ᠎ᠤᠨ ᠬᠣᠷᠢᠶ᠎ᠠ》 ᠵᠢᠨ ᠬᠡᠪᠯᠡᠭᠦᠯᠦᠨ ᠲᠠᠷᠬᠠᠭ᠋ᠠᠭᠰᠠᠨ ᠨᠣᠮ ᠪᠢᠴᠢᠭ᠎ᠠᠴᠠ ᠲᠤᠷᠠᠳᠪᠠᠯ᠂ 《ᠭᠤᠷᠪᠠᠨ ᠤᠯᠤᠰ᠎ᠤᠨ ᠦᠯᠢᠭᠡᠷ》᠂ 《ᠪᠠᠷᠠᠭᠤᠨ ᠬᠠᠨ ᠤᠯᠤᠰ᠎ᠤᠨ ᠦᠯᠢᠭᠡᠷ》᠂ 《ᠯᠢᠶᠣᠤ ᠵᠠᠶ ᡁᠢ ᠢ》 ᠵᠡᠷᠭᠡ ᠤᠯᠠᠮᠵᠢᠯᠠᠯᠲᠤ ᠰᠣᠩᠭᠣᠳᠠᠭ ᠵᠣᠬᠢᠶᠠᠯ ᠪᠠᠶ᠋ᠢᠬᠤ ᠪᠥᠭᠡᠳ ᠪᠠᠰᠠ ᠦᠨᠳᠦᠰᠦᠲᠡᠨ᠎ᠤ ᠲᠡᠦᠬᠡ ᠣᠶ᠋ᠢᠯᠠᠯᠭ᠎ᠠ ᠵᠢᠨ ᠲᠥᠷᠥᠯ᠎ᠤᠨ ᠨᠣᠮ ᠪᠢᠴᠢᠭ ᠵᠢᠴᠢ ᠵᠠᠰᠠᠭ᠎ᠤᠨ ᠣᠷᠳᠣᠨ᠎ᠤ ᠶᠡᠬᠡ ᠬᠡᠮᠵᠢᠶᠡᠨ᠎ᠤ ᠨᠣᠮ ᠰᠣᠨᠢᠨ ᠪᠠ ᠠᠯᠪᠠᠨ ᠪᠢᠴᠢᠭ᠎ᠢ ᠬᠡᠪᠯᠡᠬᠦᠯᠵᠦ᠂ ᠡᠯ᠎ᠡ ᠦᠨᠳᠦᠰᠦᠲᠡᠨ᠎ᠤ ᠰᠣᠶᠣᠯ᠎ᠤᠨ ᠰᠣᠯᠢᠯᠴᠠᠭ᠎ᠠ ᠪᠠ ᠵᠠᠰᠠᠭ᠎ᠤᠨ ᠣᠷᠳᠣᠨ᠎ᠤ ᠵᠠᠷᠯᠢᠭ ᠵᠠᠬᠢᠶ᠎ᠠ ᠵᠢ ᠤᠯᠠᠮᠵᠢᠯᠠᠬᠤ ᠵᠢ ᠲᠤᠶ᠋ᠢᠯ᠎ᠤᠨ ᠶᠡᠬᠡ᠎ᠪᠠᠷ ᠠᠬᠢᠭᠤᠯᠵᠠᠶ᠃
ᠠ᠋ᠭᠦᠨ᠎ᠠᠴᠠ ᠭᠠᠳᠠᠨ᠎ᠠ᠂ ᠪᠢᠴᠢᠭ᠎ᠤᠨ ᠬᠣᠷᠢᠶ᠎ᠠ᠎ᠨᠢ ᠪᠠᠰᠠ ᠦᠨᠳᠦᠰᠦᠲᠡᠨ᠎ᠤ ᠣᠷᠣᠨ᠎ᠤ ᠠᠩᠬ᠎ᠠ ᠵᠡᠷᠭᠡ᠂ ᠳᠤᠮᠳᠠᠳᠤ ᠵᠡᠷᠭᠡ ᠵᠢᠨ ᠰᠤᠷᠭ᠋ᠠᠭᠤᠯᠢ ᠵᠢᠴᠢ ᠪᠡᠭᠡᠵᠢᠩ᠎ᠤᠨ ᠮᠣᠩᠭᠣᠯ ᠲᠥᠪᠡᠳ᠎ᠤᠨ ᠳᠡᠭᠡᠳᠦ ᠵᠡᠷᠭᠡ ᠵᠢᠨ ᠰᠤᠷᠭ᠋ᠠᠭᠤᠯᠢ ᠵᠢᠨ ᠬᠢᠴᠢᠶᠡᠯ᠎ᠤᠨ ᠪᠢᠴᠢᠭ᠎ᠢ ᠬᠡᠪᠯᠡᠬᠦ ᠠᠵᠢᠯ᠎ᠢ ᠵᠠᠯᠭ᠋ᠠᠨ ᠠᠪᠴᠤ᠂ ᠠᠩᠬᠠᠨ᠎ᠤ ᠦᠶ᠎ᠡ ᠵᠢᠨ ᠦᠨᠳᠦᠰᠦᠲᠡᠨ᠎ᠤ ᠰᠤᠷᠭ᠋ᠠᠨ ᠬᠥᠮᠦᠵᠢᠯ᠎ᠤᠨ ᠦᠢ᠍ᠯᠡᠰ᠎ᠲᠤ ᠯᠤᠲᠤ ᠶᠡᠬᠡ ᠬᠤᠪᠢ ᠨᠡᠮᠡᠷᠢ ᠦᠵᠡᠭᠦᠯᠵᠡᠢ᠃
1925 ᠣᠨ᠎ᠳᠤ ᠯᠢ ᠳ᠋ᠠ ᠵᠤᠤ ᠨᠥᠬᠥᠷ᠎ᠤᠨ ᠵᠢᠯᠤᠭᠤᠳᠤᠯᠭ᠎ᠠ ᠳᠣᠣᠷ᠎ᠠ᠂ ᠥᠪᠥᠷ ᠮᠣᠩᠭᠣᠯ ᠣᠷᠣᠨ᠎ᠤ ᠠᠩᠬᠠᠳᠠᠭᠴᠢ ᠬᠤᠪᠢᠰᠬᠠᠯᠲᠤ ᠰᠡᠳᠬᠦᠯ 《ᠮᠣᠩᠭᠣᠯ᠎ᠤᠨ ᠳᠠᠷᠢᠶᠠᠯᠠᠡᠭ ᠠᠷᠠᠳ》 ᠬᠡᠪᠯᠡᠭᠳᠡᠪᠡ᠃ ᠲᠤᠰ ᠰᠡᠳᠬᠦᠯ᠎ᠢ ᠪᠦᠬᠦᠨ᠎ᠢ ᠮᠣᠩᠭᠣᠯ ᠲᠥᠪᠡᠳ᠎ᠤᠨ ᠰᠤᠷᠭ᠋ᠠᠭᠤᠯᠢ ᠵᠢᠨ ᠰᠤᠷᠤᠭᠴᠢ᠂ ᠮᠣᠩᠭᠣᠯ ᠦᠨᠳᠦᠰᠦᠲᠡᠨ᠎ᠤ ᠬᠤᠪᠢᠰᠬᠠᠯ᠎ᠤᠨ ᠬᠣᠰᠢᠭᠤᠴᠢ ᠬᠦᠮᠤᠰ ᠳ᠋ᠦᠸᠸ ᠰᠦᠩ ᠨᠢᠶᠠᠨ᠂ ᠤᠯᠠᠭ᠋ᠠᠨᠬᠦᠦ᠂ ᠺᠦᠢ ᠪᠢ ᠵᠡᠷᠭᠡ ᠬᠥᠮᠦᠰ ᠨᠠᠶ᠋ᠢᠷᠠᠭᠤᠯᠤᠨ ᠲᠠᠷᠬᠠᠭ᠋ᠠᠭᠰᠠᠨ ᠪᠥᠭᠡᠳ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠮᠠᠷᠠᠲᠤ ᠣᠷᠣᠨ᠎ᠤ ᠬᠤᠷᠢᠶ᠎ᠠ᠎ᠠᠴᠠ ᠮᠣᠩᠭᠣᠯ ᠲᠥᠪᠡᠳ᠎ᠤᠨ ᠰᠤᠷᠭ᠋ᠠᠭᠤᠯᠢ ᠵᠢᠨ ᠨᠠᠮ᠎ᠤᠨ ᠵᠣᠬᠢᠶᠠᠨ ᠪᠠᠶ᠋ᠢᠭᠤᠯᠤᠯᠲᠠ ᠵᠢᠨ ᠰᠡᠳᠬᠦᠯ ᠵᠶ᠋ᠡᠷ ᠲᠣᠭᠲᠠᠭ᠋ᠠᠵᠠᠢ᠃
《ᠮᠣᠩᠭᠣᠯ᠎ᠤᠨ ᠳᠠᠷᠢᠶᠠᠯᠠᠡᠭ ᠠᠷᠠᠳ》 ᠰᠡᠳᠬᠦᠯ ᠥᠪᠥᠷ ᠮᠣᠩᠭᠣᠯ᠎ᠤᠨ ᠡᠯ᠎ᠡ ᠭᠠᠵᠠᠷ᠎ᠲᠤ ᠤᠯᠠᠮᠵᠢᠯᠠᠭᠳᠠᠨ ᠳᠠᠷᠬᠠᠭᠰᠠᠨᠤ ᠳᠠᠷᠠᠭ᠎ᠠ ᠮᠠᠨ᠎ᠤ ᠨᠠᠮ᠎ᠤᠨ ᠦᠨᠳᠦᠰᠦᠲᠡᠨ᠎ᠤ ᠠᠵᠢᠯ᠎ᠢ ᠥᠷᠨᠢᠭᠦᠯᠬᠦ᠂ ᠡᠯ᠎ᠡ ᠦᠨᠳᠦᠰᠦᠲᠡᠨ᠎ᠤ ᠠᠷᠠᠳ ᠣᠯᠠᠨ᠎ᠢ ᠤᠷᠢᠶᠠᠯᠠᠨ ᠳᠠᠭᠤᠳᠠᠵᠤ ᠹᠸᠤᠳᠠᠯ᠎ᠤᠨ ᠴᠡᠷᠢᠭ᠎ᠤᠨ ᠠ᠋ᠷᠬᠡᠲᠡᠨ ᠪᠠ ᠸᠠᠩ ᠭᠦᠩ᠎ᠤᠨ ᠨᠣᠶᠠᠷᠬᠠᠯ᠎ᠢ ᠠ᠋ᠰᠡᠷᠭᠦᠴᠡᠬᠦ ᠴᠢᠬᠤᠯᠠ ᠤᠬᠠᠭᠤᠯᠭ᠎ᠠ ᠵᠢᠨ ᠵᠢᠭᠰᠠᠭ᠋ᠠᠯ᠎ᠤᠨ ᠭᠠᠵᠠᠷ ᠪᠣᠯᠤᠭᠰᠠᠨ ᠪᠠᠶ᠋ᠢᠨ᠎ᠠ᠃
ᠲᠡᠮᠬᠡᠲᠦ ᠬᠢᠯᠢ ᠬᠢᠵᠠᠭ᠋ᠠᠷ ᠣᠷᠣᠨ᠎ᠤ ᠠᠷᠠᠳᠴᠢᠯᠠᠭᠰᠠᠨ ᠬᠤᠪᠢᠰᠬᠠᠯ᠎ᠤᠨ ᠬᠥᠳᠡᠯᠭᠡᠭᠡᠨ᠎ᠢ ᠲᠤᠶ᠋ᠢᠯ᠎ᠤᠨ ᠶᠡᠬᠡ᠎ᠪᠠᠷ ᠳᠡᠮᠵᠢᠵᠦ᠂ 《ᠮᠣᠩᠭᠣᠯ᠎ᠤᠨ ᠳᠠᠷᠢᠶᠠᠯᠠᠡᠭ ᠠᠷᠠᠳ》 ᠰᠡᠳᠬᠦᠯ᠎ᠢ ᠤᠷᠤᠭᠰᠢᠲᠠᠶ ᠬᠡᠪᠯᠡᠬᠦᠯᠵᠦ ᠴᠢᠳᠠᠭᠰᠠᠨ᠎ᠨᠢ ᠲᠡᠭᠦᠨ᠎ᠤ ᠬᠦᠴᠦᠲᠡᠶ ᠳᠡᠮᠵᠢᠯᠭᠡ᠎ᠠᠴᠠ ᠰᠠᠯᠵᠤ ᠴᠢᠳᠠᠬᠤ ᠦᠭᠡᠢ ᠶᠤᠮ᠃ ᠠ᠋ᠭᠦᠨ᠎ᠠᠴᠠ ᠭᠠᠳᠠᠨ᠎ᠠ᠂ ᠲᠡᠮᠬᠡᠲᠦ ᠮᠣᠩᠭᠣᠯ ᠪᠢᠴᠢᠭ᠎ᠤᠨ ᠬᠣᠷᠢᠶ᠎ᠠ ᠵᠢᠨ ᠳᠥᠭᠥᠮ ᠨᠥᠬᠥᠴᠡᠯ᠎ᠢ ᠠᠰᠢᠭᠯᠠᠵᠤ᠂ ᠮᠠᠰᠢ ᠣᠯᠠᠨ ᠬᠤᠪᠢᠰᠬᠠᠯᠲᠤ ᠤᠬᠠᠭᠤᠯᠭ᠎ᠠ ᠵᠢᠨ ᠮᠠᠲ᠋ᠧᠷᠢᠶᠠᠯ᠎ᠢ ᠬᠡᠪᠯᠡᠬᠦᠯᠵᠦ᠂ ᠥᠪᠥᠷ ᠮᠣᠩᠭᠣᠯ ᠣᠷᠣᠨ᠎ᠤ ᠬᠤᠪᠢᠰᠬᠠᠯᠲᠤ ᠠᠵᠢᠯᠯᠠᠭ᠎ᠠ᠎ᠳᠤ ᠶᠠᠷᠢᠶ᠎ᠠ ᠬᠡᠯᠡᠯᠴᠡᠭᠡᠨ᠎ᠤ ᠲᠤᠯᠭ᠋ᠠᠭᠤᠷᠢᠯᠠᠯ ᠬᠠᠩᠭ᠋ᠠᠵᠤ᠂ ᠮᠠᠷᠺᠰ᠎ᠤᠨ ᠦᠵᠡᠯ ᠪᠣᠯᠤᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠦᠨᠳᠦᠰᠦᠲᠡᠨ᠎ᠤ ᠲᠥᠷᠥ ᠵᠢᠨ ᠪᠣᠳᠣᠯᠭ᠎ᠠ ᠵᠢᠨ ᠤᠯᠠᠮᠵᠢᠯᠠᠭᠳᠠᠬᠤ ᠵᠢ ᠠᠬᠢᠭᠤᠯᠪᠠ᠃
ᠲᠤᠰ ᠵᠢᠯ᠎ᠳᠤᠨᠢ᠂ ᠳᠡᠮᠡᠬᠡᠳᠦ ᠳ᠋ᠤᠸᠠᠨ ᠴᠢ ᠷᠦᠢ ᠵᠢᠨ ᠵᠠᠰᠠᠭ᠎ᠤᠨ ᠣᠷᠳᠣᠨ᠎ᠤ ᠨᠠᠶ᠋ᠢᠳᠠᠯᠭ᠎ᠠ᠎ᠪᠠᠷ ᠶᠢᠰᠦᠳᠦᠭᠡᠷ ᠲᠦᠷᠢ ᠵᠢᠨ ᠪᠠᠨᠴᠢᠨ ᠠ᠋ᠷᠳᠡᠨᠢ ᠵᠢᠨ ᠪᠡᠭᠡᠵᠢᠩ᠎ᠳᠤ ᠰᠠᠭᠤᠭ᠎ᠠ ᠬᠡᠷᠡᠭ ᠠ᠋ᠷᠬᠢᠯᠡᠬᠦ ᠭᠠᠵᠠᠷ᠎ᠲᠤ ᠲᠦᠬᠦᠮ ᠦᠵᠡᠬᠦᠯᠬᠦ ᠵᠢᠨ ᠲᠦᠯᠦᠬᠡ ᠲᠥᠪᠡᠳ ᠬᠣᠷᠭᠣᠯᠵᠢᠨ ᠦᠰᠦᠭ᠎ᠢ ᠠᠮᠵᠢᠯᠲᠠ᠎ᠲᠠᠢ ᠵᠣᠬᠢᠶᠠᠪᠠ᠃
1930 ᠣᠨ᠎ᠳᠤ ᠲᠡᠮᠬᠡᠲᠦ ᠨᠠᠨᠵᠢᠩ᠎ᠳᠤ ᠣᠴᠢᠵᠤ ᠰᠤᠷᠭ᠋ᠠᠨ ᠬᠥᠮᠦᠵᠢᠯ᠎ᠤᠨ ᠰᠠᠯᠠᠭ᠎ᠠ ᠮᠥᠴᠢᠷ᠎ᠲᠤ ᠲᠤᠰᠢᠶᠠᠯ ᠬᠠᠷᠢᠭᠤᠴᠠᠵᠤ᠂ ᠮᠣᠩᠭᠣᠯ ᠪᠢᠴᠢᠭ᠎ᠤᠨ ᠬᠣᠷᠢᠶ᠎ᠠ ᠴᠤ᠌ ᠲᠤᠰ ᠵᠢᠯ᠎ᠤᠨ ᠨᠠᠮᠤᠷ ᠨᠠᠨᠵᠢᠩ᠎ᠳᠤ ᠨᠡᠭᠦᠵᠦ ᠣᠴᠢᠪᠠ᠃
1932 ᠣᠨ᠎ᠤ ᠠ᠋ᠬᠢ᠎ᠪᠠᠷ ᠶᠠᠫᠣᠨ ᠴᠡᠷᠢᠭ ᠨᠠᠨᠵᠢᠩ ᠬᠣᠲᠠ ᠵᠢ ᠶᠡᠬᠡ ᠫᠤᠤ᠎ᠪᠠᠷ ᠨᠢᠷᠬᠡᠬᠦᠳᠤ 《ᠮᠣᠩᠭᠣᠯ ᠪᠢᠴᠢᠭ᠎ᠤᠨ ᠬᠣᠷᠢᠶ᠎ᠠ》 ᠵᠢᠨ ᠠᠵᠢᠯ᠎ᠨᠢ ᠠᠷᠭ᠎ᠠ ᠪᠤᠰᠤ ᠲᠦᠷ ᠵᠣᠭᠰᠣᠪᠠ᠃
ᠶᠠᠫᠣᠨ ᠳᠡᠭᠡᠷᠡᠮ᠎ᠤᠨ ᠠ᠋ᠬᠡ ᠤᠯᠤᠰ᠎ᠤᠨ ᠠᠭᠤᠯᠠ ᠤᠰᠤ ᠵᠢ ᠲᠠᠯᠬᠢᠳᠠᠭᠰᠠᠨ ᠲᠡᠮᠦᠷ ᠲᠤᠭᠤᠷᠠᠶ ᠵᠢᠨ ᠪᠠᠯᠠᠮᠠᠳ ᠠᠵᠢᠯᠯᠠᠭ᠎ᠠ ᠵᠢ ᠨᠢᠳᠦ᠎ᠪᠠᠷ ᠵᠶ᠋ᠡᠨ ᠦᠵᠡᠭᠰᠡᠨ ᠲᠡᠮᠬᠡᠲᠦ ᠵᠢᠨ ᠬᠢᠯᠢᠩ ᠬᠣᠷᠣᠰᠤᠯ᠎ᠨᠢ ᠳᠡᠭᠳᠡᠵᠦ᠂ ᠤᠶᠤᠨ ᠪᠤᠳᠤᠯ ᠵᠢᠡᠨ ᠰᠢᠪᠬᠠᠨ ᠵᠣᠪᠠᠨᠢᠯ᠎ᠤᠨ ᠳᠤᠮᠳᠠ ᠠᠵᠢᠯᠯᠠᠵᠤ ᠪᠠᠢ᠍ᠢ᠍ᠠᠠᠰᠠᠭ᠋ᠠᠷ 1939 ᠣᠨ᠎ᠤ 5 ᠰᠠᠷ᠎ᠠ᠎ᠳᠤ ᠭᠡᠨᠡᠳᠲᠡ᠎ᠪᠠᠷ ᠨᠠᠰᠤ ᠪᠠᠷᠠᠪᠠ᠃
ᠲᠡᠮᠬᠡᠲᠦ ᠨᠠᠰᠤᠨ ᠲᠤᠷᠰᠢᠳᠡ᠎ᠪᠠᠨ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠤᠨ ᠦᠢ᠍ᠯᠡᠰ᠎ᠲᠤ ᠵᠢᠳᠬᠦᠵᠡᠢ᠃ ᠲᠡᠭᠦᠨ᠎ᠤ ᠭᠣᠣᠯᠯᠠᠨ ᠨᠠᠶ᠋ᠢᠷᠠᠭᠤᠯᠤᠭᠰᠠᠨ᠂ ᠣᠷᠴᠢᠭᠤᠯᠤᠭᠰᠠᠨ᠂ ᠬᠡᠪᠯᠡᠭᠦᠯᠦᠭᠰᠡᠨ ᠮᠣᠩᠭᠣᠯ᠂ ᠮᠠᠨᠵᠤ᠂ ᠬᠢᠲᠠᠳ᠂ ᠲᠥᠪᠡᠳ ᠬᠡᠯᠡᠨ᠎ᠤ ᠲᠡᠦᠬᠡ ᠪᠣᠯᠤᠨ ᠤᠳᠤ ᠦᠶ᠎ᠡ ᠵᠢᠨ ᠨᠣᠮ ᠪᠢᠴᠢᠭ 50 ᠭᠠᠷᠤᠢ ᠲᠦᠷᠦᠯ᠎ᠳᠤ ᠬᠦᠷᠴᠦ᠂ ᠬᠡᠪᠯᠡᠬᠦᠯᠦᠭᠰᠡᠨ ᠨᠤᠮ ᠪᠢᠴᠢᠭ᠎ᠤᠨ ᠶᠡᠷᠦᠩᠬᠡᠢ ᠲᠤᠭ᠎ᠠ᠎ᠨᠢ ᠪᠠᠷᠤᠭ 10 ᠲᠦᠮᠡᠨ ᠳᠡᠪᠲᠡᠷ᠎ᠢ ᠳᠠᠪᠠᠵᠠᠢ᠃ ᠲᠡᠭᠦᠨ᠎ᠤ ᠠ᠋ᠭᠦᠰᠭᠡᠨ ᠪᠠᠶ᠋ᠢᠭᠤᠯᠤᠭᠰᠠᠨ 《ᠮᠣᠩᠭᠣᠯ ᠪᠢᠴᠢᠭ᠎ᠤᠨ ᠬᠤᠷᠢᠶ᠎ᠠ》᠎ᠨᠢ ᠰᠢᠨ᠎ᠡ ᠳᠤᠮᠳᠠᠳᠤ ᠤᠯᠤᠰ᠎ᠲᠤ ᠴᠥᠭᠡᠨ ᠲᠣᠭ᠋ᠠᠲᠤ ᠦᠨᠳᠦᠰᠦᠲᠡᠨ᠎ᠤ ᠤᠤᠭ᠋ᠠᠨ ᠬᠡᠪᠯᠡᠯ᠎ᠤᠨ ᠮᠡᠷᠭᠡᠵᠢᠯ᠎ᠤᠨ ᠴᠢᠳᠠᠪᠤᠷᠢᠲᠠᠨ᠎ᠢ ᠬᠥᠮᠦᠵᠢᠭᠦᠯᠦᠨ ᠥᠭᠴᠦ᠂ ᠠ᠋ᠳᠡᠭᠡᠷ ᠬᠦᠮᠦᠰ ᠬᠣᠵᠢᠮ᠎ᠨᠢ ᠦᠨᠳᠦᠰᠦᠲᠡᠨ᠎ᠤ ᠬᠡᠯᠡ ᠪᠢᠴᠢᠭ᠎ᠤᠨ ᠬᠡᠪᠯᠡᠯ᠎ᠤᠨ ᠬᠦᠷᠢᠶᠡᠨ᠎ᠤ ᠭᠣᠣᠯᠯᠠᠭᠴᠢ ᠬᠦᠴᠦᠨ ᠪᠣᠯᠵᠠᠢ᠃
ᠶᠠᠫᠣᠨ 《ᠳᠤᠮᠳᠠᠳᠤ ᠤᠯᠤᠰ᠎ᠢ ᠠ᠋ᠷᠬᠡᠰᠢᠶᠡᠯᠳᠤᠪᠠᠨ ᠣᠷᠣᠭᠤᠯᠤᠶ᠎ᠠ ᠭᠡᠪᠡᠯ ᠠ᠋ᠷᠬᠡᠪᠰᠢ ᠮᠠᠨᠵᠤ᠂ ᠮᠣᠩᠭᠣᠯ᠎ᠢ ᠤᠷᠢᠳ ᠵᠢᠡᠷ ᠠ᠋ᠷᠬᠡᠰᠢᠶᠡᠯᠳᠤᠪᠠᠨ ᠣᠷᠣᠭᠤᠯᠬᠤ ᠬᠡᠷᠡᠭᠲᠡᠢ》 ᠭᠡᠰᠡᠨ ᠳᠤᠮᠳᠠᠳᠤ ᠤᠯᠤᠰ᠎ᠢ ᠲᠦᠷᠢᠮᠡᠬᠡᠶ᠋ᠢᠯᠡᠬᠦ ᠴᠡᠷᠢᠭᠯᠡᠬᠦ ᠦᠵᠡᠯ᠎ᠤᠨ ᠠᠷᠭ᠎ᠠ ᠪᠤᠳᠤᠯᠭ᠎ᠠ ᠵᠢ ᠬᠡᠷᠡᠭᠵᠢᠭᠦᠯᠦᠭᠰᠡᠨ ᠪᠠ 《ᠶᠤᠸᠠᠨ ᠤᠯᠤᠰ ᠴᠢᠩ ᠤᠯᠤᠰ᠎ᠨᠢ ᠳᠤᠮᠳᠠᠳᠤ ᠤᠯᠤᠰ᠎ᠤᠨ ᠪᠤᠰᠤ》 ᠭᠡᠬᠦ ᠮᠡᠲᠦ ᠵᠢᠨ ᠭᠠᠵᠢᠭᠤ ᠶᠠᠷᠢᠶ᠎ᠠ ᠵᠢ ᠬᠥᠭᠡᠷᠭᠡᠳᠡᠭᠰᠡᠨ ᠦᠶ᠎ᠡ᠎ᠳᠤ ᠮᠠᠨᠵᠤ᠂ ᠮᠣᠩᠭᠣᠯ᠂ ᠲᠥᠪᠡᠳ ᠬᠡᠯᠡᠨ᠎ᠤ ᠬᠣᠷᠭᠣᠯᠵᠢᠨ ᠦᠰᠦᠭᠲᠦ ᠬᠡᠪᠯᠡᠬᠦ ᠮᠡᠷᠭᠡᠵᠢᠯ᠎ᠢ ᠠᠮᠵᠢᠯᠲᠠ᠎ᠲᠠᠢ ᠠ᠋ᠭᠦᠳᠦᠨ ᠵᠣᠬᠢᠶᠠᠵᠤ᠂ ᠦᠨᠳᠦᠰᠦᠲᠡᠨ᠎ᠤ ᠰᠣᠶᠣᠯ᠎ᠤᠨ ᠠᠮᠢᠨ ᠰᠤᠳᠠᠰᠤ ᠵᠢ ᠬᠠᠮᠠᠭ᠋ᠠᠯᠠᠵᠤ᠂ ᠳᠤᠮᠳᠠᠳᠤ ᠵᠢᠨ ᠦᠨᠳᠦᠰᠦᠲᠡᠨ᠎ᠤ ᠢᠲᠡᠭᠡᠯ ᠵᠣᠷᠢᠭ᠎ᠢ ᠲᠤᠶ᠋ᠢᠯ᠎ᠤᠨ ᠶᠡᠬᠡ᠎ᠪᠠᠷ ᠬᠥᠪᠴᠢᠯᠡᠭᠰᠡᠨ ᠵᠶ᠋ᠡᠷ ᠪᠠᠷᠠᠬᠤ ᠦᠭᠡᠢ᠂ ᠨᠡᠩ ᠴᠤ᠌ ᠦᠨᠡᠨ ᠪᠣᠳᠠᠲᠠᠢ ᠪᠣᠯᠪᠠᠰᠤᠨ᠎ᠤ ᠦᠷ᠎ᠡ ᠪᠦᠲᠦᠭᠡᠯ ᠵᠶ᠋ᠡᠷ ᠵᠢᠡᠨ ᠲᠦᠷᠢᠮᠡᠬᠡᠶ᠋ᠢᠯᠡᠭᠴᠢᠳᠤᠨ ᠰᠣᠶᠣᠯ᠎ᠤᠨ ᠺᠣᠯᠣᠨᠢᠴᠢᠯᠠᠯ᠎ᠤᠨ ᠣᠪ ᠶᠠᠪᠤᠭᠤᠯᠭ᠎ᠠ ᠵᠢ ᠪᠤᠳᠠ ᠨᠢᠷᠭᠡᠵᠦ᠂ ᠪᠦᠬᠦ ᠦᠨᠳᠦᠰᠦᠲᠡᠨ᠎ᠤ ᠶᠠᠫᠣᠨ᠎ᠢ ᠠ᠋ᠰᠡᠷᠭᠦᠴᠡᠬᠦ ᠵᠣᠷᠢᠭ ᠰᠠᠨᠠᠭ᠎ᠠ ᠵᠢ ᠨᠢᠭᠲᠠᠷᠠᠭᠤᠯᠬᠤ᠎ᠳᠤ ᠥᠪᠡᠷᠮᠢᠴᠡ ᠬᠤᠪᠢ ᠨᠡᠮᠡᠷᠢ ᠦᠵᠡᠭᠦᠯᠵᠡᠢ᠃
ᠬᠡᠪᠯᠡᠯ᠎ᠤᠨ ᠮᠡᠷᠭᠡᠵᠢᠯ᠎ᠤᠨ 《ᠲᠤᠭᠤᠯᠭ᠎ᠠ ᠬᠢᠭᠡᠳ ᠭᠠᠯ》᠎ᠤᠨ ᠲᠡᠦᠬᠡ᠎ᠠᠴᠠ 《ᠴᠠᠬᠢᠯᠭ᠋ᠠᠨ ᠬᠢᠭᠡᠳ ᠭᠡᠷᠡᠯ》᠎ᠤᠨ ᠰᠢᠨ᠎ᠡ ᠴᠠᠭ ᠦᠶ᠎ᠡ᠎ᠳᠤ ᠣᠷᠣᠬᠤ ᠵᠢ ᠳᠠᠭ᠋ᠠᠯᠳᠤᠵᠤ᠂ ᠮᠣᠩᠭᠣᠯ ᠦᠰᠦᠭ᠎ᠤᠨ ᠬᠣᠷᠭᠣᠯᠵᠢᠨᠪᠠᠷᠤᠨ ᠬᠡᠪᠯᠡᠯ᠎ᠤᠨ ᠮᠡᠷᠭᠡᠵᠢᠯ᠎ᠨᠢ ᠬᠡᠳᠦ᠎ᠶ᠋ᠢ᠎ᠪᠠᠷ ᠵᠠᠭᠤᠨ ᠵᠢᠯ ᠬᠦᠷᠦᠭᠰᠡᠨ ᠦᠭᠡᠢ ᠲᠡᠦᠬᠡ᠎ᠲᠠᠢ ᠪᠣᠯᠪᠠᠴᠤ ᠳᠤᠮᠳᠠᠳᠤ ᠵᠢᠨ ᠦᠨᠳᠦᠰᠦᠲᠡᠨ᠎ᠤ ᠰᠣᠶᠣᠯ᠎ᠤᠨ ᠬᠥᠭᠵᠢᠯᠲᠡ ᠵᠢᠨ ᠲᠡᠦᠬᠡᠨ᠎ᠳᠤ ᠬᠦᠨ ᠵᠤᠵᠠᠭ᠋ᠠᠨ ᠦᠩᠬᠡ ᠪᠤᠳᠤᠭ᠎ᠲᠠᠢ ᠬᠠᠭᠤᠳᠠᠰᠤ ᠵᠢ ᠦᠯᠡᠳᠡᠭᠡᠭᠰᠡᠨ ᠶᠤᠮ᠃
ᠲᠡᠮᠬᠡᠲᠦ ᠵᠢᠨ ᠨᠢᠭᠡ ᠨᠠᠰᠤᠨ᠎ᠤ ᠦᠢ᠍ᠯᠡᠳᠦᠯᠭᠡ 《ᠳᠤᠮᠳᠠᠳᠤ ᠵᠢᠨ ᠪᠣᠯᠪᠠᠰᠤᠨ᠎ᠤ ᠤᠯᠠᠨ ᠠ᠋ᠰᠢᠳᠤ ᠨᠢᠭᠡ ᠴᠤᠭᠴᠠᠳᠤ ᠠᠮᠢᠵᠢᠷᠠᠯ᠎ᠤᠨ ᠬᠦᠴᠦᠨ᠎ᠨᠢ ᠶᠠᠮᠠᠷᠪᠠ ᠬᠠᠭ᠋ᠠᠴᠠᠭᠤᠯᠬᠤ ᠬᠦᠴᠦᠨ᠎ᠤ ᠬᠡᠢ ᠭᠣᠷᠢᠳᠠᠯᠭ᠎ᠠ ᠵᠢ ᠠ᠋ᠭᠦᠷᠢᠳᠡ ᠢᠯᠠᠨ ᠳᠠᠪᠠᠨ᠎ᠠ᠃ ᠦᠨᠳᠦᠰᠦᠲᠡᠨ᠎ᠤ ᠪᠦᠯᠬᠦᠮᠳᠡᠯ ᠪᠠ ᠰᠣᠶᠣᠯ᠎ᠤᠨ ᠤᠯᠠᠮᠵᠢᠯᠠᠯ᠎ᠤᠨ ᠲᠥᠯᠥᠭᠡ ᠦᠨᠡᠨ ᠰᠡᠳᠬᠢᠯ᠎ᠠᠴᠠ᠎ᠪᠠᠨ ᠵᠢᠳᠬᠦᠳᠡᠭ ᠲᠡᠳᠡᠭᠡᠷ ᠦᠢ᠍ᠯᠡᠳᠦᠯᠭᠡᠵᠢᠭᠦᠯᠦᠭᠴᠢ ᠵᠢ ᠲᠡᠦᠬᠡ ᠠ᠋ᠭᠦᠷᠢᠳᠡ ᠴᠡᠭᠡᠵᠢᠯᠡᠬᠦ ᠪᠣᠯᠤᠨ᠎ᠠ》 ᠭᠡᠳᠡᠭ᠎ᠢ ᠭᠡᠷᠡᠴᠢᠯᠡᠵᠡᠢ᠃
ᠠᠢ ᠮᠦ᠍ ᠄ ᠳᠤᠮᠳᠠᠳᠤ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠵᠣᠬᠢᠶᠠᠯᠴᠢᠳ᠎ᠤᠨ ᠨᠡᠶ᠋ᠢᠭᠡᠮᠯᠢᠭ᠎ᠤᠨ ᠭᠡᠰᠢᠭᠦᠨ᠃