7 ᠳ᠋ᠤᠭ᠋ᠠᠷ ᠰᠠᠷ᠎ᠠ ᠵᠢᠨ 31᠎ᠤ ᠡᠳᠦᠷ᠂ ᠠᠷᠪᠠᠨ ᠬᠣᠶᠠᠳᠤᠭ᠋ᠠᠷ ᠬᠤᠭᠤᠴᠠᠭ᠋ᠠᠨ᠎ᠤ ᠪᠥᠬᠥ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠤ 《ᠰᠡᠳᠬᠢᠯ ᠨᠢᠭᠡᠲᠦᠨ ᠬᠠᠨᠤᠮᠵᠢᠲᠠᠢ ᠬᠤᠪᠢᠶᠠᠯᠴᠠᠬᠤ》 ᠰᠢᠷᠢᠰ ᠠᠵᠢᠯᠯᠠᠭ᠎ᠠ — 《ᠦᠨᠳᠦᠰᠦᠲᠡᠨ᠎ᠤ ᠪᠦᠯᠬᠦᠮᠳᠡᠯ ᠬᠤᠨᠳᠠᠭ᠋ᠠᠲᠤ》 ᠪᠥᠬᠥ ᠤᠯᠤᠰ᠎ᠤᠨ ᠦᠨᠳᠦᠰᠦᠲᠡᠨ᠎ᠤ ᠮᠠᠶᠢᠭ᠎ᠤᠨ ᠪᠥᠬᠡ ᠵᠢᠨ ᠪᠠᠷᠢᠯᠳᠤᠭ᠋ᠠᠨ ᠲᠡᠭᠦᠰ ᠠᠮᠵᠢᠯᠲᠠ᠎ᠲᠠᠢ ᠥᠨᠳᠥᠷᠯᠡᠪᠡ᠃ 3 ᠡᠳᠦᠷ᠎ᠤᠨ ᠬᠤᠷᠴᠠ ᠰᠢᠷᠦᠭᠦᠨ ᠥᠷᠢᠰᠥᠯᠳᠦᠭᠡᠨ ᠵᠶ᠋ᠡᠷ ᠳᠠᠮᠵᠢᠵᠦ᠂ 6 ᠪᠠᠷᠢᠯᠳᠤᠭ᠋ᠠᠨ᠎ᠳᠤ ᠨᠡᠢ᠍ᠢ᠍ᠲᠡ 21 ᠨᠢᠭᠡᠳᠦᠭᠡᠷ ᠳᠡᠰ᠎ᠤᠨ ᠱᠠᠩᠨᠠᠯ ᠲᠤᠳᠤᠷᠠᠪᠠ᠃ ᠡᠭᠦᠨ᠎ᠳᠤ ᠥᠪᠥᠷ ᠮᠣᠩᠭᠣᠯ᠎ᠤᠨ ᠲᠥᠯᠥᠭᠡᠯᠡᠭᠴᠢᠳ᠎ᠤᠨ ᠪᠦᠯᠬᠦᠮ 9 ᠨᠢᠭᠡᠳᠦᠭᠡᠷ ᠳᠡᠰ᠎ᠤᠨ ᠱᠠᠩᠨᠠᠯ ᠬᠦᠷᠳᠡᠵᠦ᠂ ᠲᠢᠶᠠᠨᠵᠢᠨ᠂ ᠲᠥᠪᠡᠳ᠂ ᠾᠸᠪᠸᠢ ᠵᠢᠨ ᠲᠥᠯᠥᠭᠡᠯᠡᠭᠴᠢᠳ᠎ᠤᠨ ᠪᠦᠯᠬᠦᠮ ᠲᠤᠰ ᠲᠤᠰ 3 ᠨᠢᠭᠡᠳᠦᠭᠡᠷ ᠳᠡᠰ᠎ᠤᠨ ᠱᠠᠩᠨᠠᠯ ᠬᠦᠷᠳᠡᠵᠦ᠂ ᠬᠠᠢ᠌ᠨᠠᠨ᠎ᠤ ᠲᠥᠯᠥᠭᠡᠯᠡᠭᠴᠢᠳ᠎ᠤᠨ ᠪᠦᠯᠬᠦᠮ 2 ᠨᠢᠭᠡᠳᠦᠭᠡᠷ ᠳᠡᠰ᠎ᠤᠨ ᠱᠠᠩᠨᠠᠯ ᠬᠦᠷᠳᠡᠵᠦ᠂ ᠱᠠᠨ ᠰᠢ ᠵᠢᠨ ᠲᠥᠯᠥᠭᠡᠯᠡᠭᠴᠢᠳ᠎ᠤᠨ ᠪᠦᠯᠬᠦᠮ 1 ᠨᠢᠭᠡᠳᠦᠭᠡᠷ ᠳᠡᠰ᠎ᠤᠨ ᠱᠠᠩᠨᠠᠯ ᠬᠦᠷᠳᠡᠵᠡᠢ᠃

12 ᠲᠥᠯᠥᠭᠡᠯᠡᠭᠴᠢᠳ᠎ᠤᠨ ᠪᠦᠯᠬᠦᠮ᠎ᠤᠨ 124 ᠪᠥᠬᠡᠴᠢᠨ ᠮᠤᠩᠭᠤᠯ ᠪᠦᠬᠡ᠂ ᠲᠦᠪᠡᠳ ᠦᠨᠳᠦᠰᠦᠳᠡᠨ᠎ᠤ ᠮᠠᠶᠢᠭ᠎ᠤᠨ ᠪᠦᠬᠡ᠂ ᠰᠤᠯᠤᠩᠭᠤᠰ ᠦᠨᠳᠦᠰᠦᠳᠡᠨ᠎ᠤ ᠮᠠᠶᠢᠭ᠎ᠤᠨ ᠪᠦᠬᠡ᠂ ᠤᠢ᠌ᠭᠤᠷ ᠦᠨᠳᠦᠰᠦᠳᠡᠨ᠎ᠤ ᠮᠠᠶᠢᠭ᠎ᠤᠨ ᠪᠦᠬᠡ᠂ ᠬᠤᠳᠤᠡᠭ ᠦᠨᠳᠦᠰᠦᠳᠡᠨ᠎ᠤ ᠲᠦᠷᠬᠡᠨ ᠪᠠᠷᠢᠯᠳᠤᠭ᠋ᠠᠨ ᠵᠡᠷᠭᠡ ᠵᠢᠷᠭᠤᠭ᠋ᠠᠨ ᠲᠥᠷᠥᠯ ᠵᠦᠢᠯ᠎ᠳᠤ ᠡᠬᠡᠯᠵᠢᠯᠡᠨ ᠪᠠᠷᠢᠯᠳᠤᠵᠤ᠂ ᠨᠢᠭᠡ ᠤᠳᠠᠭ᠋ᠠᠨ᠎ᠤ ᠬᠦᠴᠦᠨ ᠴᠢᠳᠠᠯ ᠪᠠ ᠤᠷ᠎ᠠ ᠮᠡᠷᠭᠡᠵᠢᠯ᠎ᠤᠨ ᠳᠡᠮᠡᠴᠡᠬᠡᠨᠢ ᠬᠠᠷᠠᠭᠤᠯᠪᠠ᠃ ᠪᠥᠭᠡ ᠵᠢᠨ ᠪᠠᠷᠢᠯᠳᠤᠭ᠋ᠠᠨ᠎ᠢ ᠡᠷᠡᠭᠲᠡᠢ᠂ ᠡᠮᠡᠭᠲᠡᠢ ᠵᠢᠨ ᠪᠠᠭ᠎ᠤᠨ ᠳᠡᠮᠡᠴᠡᠬᠡᠨ ᠪᠠ ᠬᠤᠪᠢ ᠬᠥᠮᠦᠨ᠎ᠤ ᠳᠡᠮᠡᠴᠡᠬᠡᠨ ᠬᠡᠵᠦ ᠬᠤᠪᠢᠶᠠᠵᠤ᠂ ᠪᠠᠭ᠎ᠤᠨ ᠳᠡᠮᠡᠴᠡᠬᠡᠨ᠎ᠳᠤ 《3 ᠬᠦᠮᠦᠨ ᠡᠬᠡᠯᠵᠢᠯᠡᠨ ᠪᠠᠷᠢᠯᠳᠤᠬᠤ ᠲᠦᠷᠢᠮ》᠎ᠢ ᠬᠡᠷᠡᠭᠵᠢᠬᠦᠯᠵᠦ᠂ ᠬᠤᠶᠠᠷ ᠬᠦᠮᠦᠨ᠎ᠠᠴᠠ ᠨᠢᠬᠡ ᠰᠢᠭᠰᠢᠭᠳᠡᠬᠦ ᠲᠦᠷᠢᠮ᠎ᠢ ᠬᠡᠷᠡᠭᠵᠢᠬᠦᠯᠪᠠ᠃ ᠪᠤᠰᠤᠳ ᠲᠠᠪᠤᠨ ᠲᠥᠷᠥᠯ ᠵᠦᠢ᠍ᠯ᠎ᠳᠤ ᠴᠥᠮ ᠲᠤᠰ ᠲᠤᠰ 62 ᠺᠢᠯᠣᠭ᠌ᠷᠠᠮ᠎ᠤᠨ ᠳᠡᠰ᠂ 74 ᠺᠢᠯᠣᠭ᠌ᠷᠠᠮ᠎ᠤᠨ ᠳᠡᠰ᠂ 87 ᠺᠢᠯᠣᠭ᠌ᠷᠠᠮ᠎ᠤᠨ ᠳᠡᠰ ᠵᠢᠴᠢ 87 ᠺᠢᠯᠣᠭ᠌ᠷᠠᠮ᠎ᠠᠴᠠ ᠳᠡᠭᠡᠭᠰᠢᠬᠢ ᠲᠤᠭᠤᠢ᠌ᠯᠠᠡᠭ᠎ᠤᠨ ᠤᠷᠤᠯᠳᠤᠭ᠋ᠠᠨ ᠲᠣᠬᠢᠷᠠᠭᠤᠯᠵᠤ᠂ ᠲᠥᠷᠥᠯ ᠪᠦᠷᠢ ᠵᠢᠨ ᠤᠷᠤᠯᠳᠤᠭ᠋ᠠᠨ᠎ᠤ ᠳᠦᠷᠢᠮ᠎ᠨᠢ ᠠᠳᠠᠯᠢ ᠦᠭᠡᠢ ᠪᠠᠢ᠌ᠪᠠ᠃


ᠲᠣᠰ ᠤᠳᠠᠭ᠋ᠠᠨ᠎ᠤ ᠤᠷᠤᠯᠳᠤᠭ᠋ᠠᠨ᠎ᠨᠢ ᠮᠠᠨ᠎ᠤ ᠣᠷᠣᠨ᠎ᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠠᠵᠢᠯ᠎ᠤᠨ ᠭᠣᠤᠯ ᠰᠢᠵᠢᠮ᠎ᠤᠨ ᠠᠮᠢᠳᠤᠯᠢᠭ ᠦᠢᠯᠡᠳᠦᠯᠭᠡ ᠪᠣᠯᠬᠤ᠎ᠪᠠᠷ ᠪᠠᠷᠠᠬᠤ ᠥᠬᠡᠶ᠂ ᠨᠠᠩ ᠴᠤ᠌ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠵᠠᠯᠭ᠋ᠠᠮᠵᠢᠯᠠᠬᠤ᠂ ᠳᠤᠮᠳᠠᠳᠤ ᠵᠢᠨ ᠪᠡᠶ᠎ᠡ ᠵᠢᠨ ᠲᠠᠮᠢᠷ᠎ᠤᠨ ᠵᠣᠷᠢᠭ ᠰᠠᠨᠠᠭ᠎ᠠ ᠵᠢ ᠪᠠᠳᠠᠷᠠᠭᠤᠯᠬᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠣᠶᠤᠨ ᠰᠠᠨᠠᠭ᠋ᠠᠨ᠎ᠤ ᠬᠡᠷ ᠣᠷᠣᠨ᠎ᠤ ᠪᠥᠲᠥᠭᠡᠨ ᠪᠠᠢ᠌ᠭᠤᠯᠤᠯᠲᠠ᠎ᠳᠤ ᠬᠦᠴᠦᠨ ᠨᠡᠮᠡᠷᠢᠯᠡᠬᠦ ᠬᠦᠴᠦᠲᠡᠶ ᠠᠷᠭ᠎ᠠ ᠬᠡᠮᠵᠢᠶ᠎ᠡ ᠪᠣᠯᠤᠨ᠎ᠠ᠃ ᠤᠷᠤᠯᠳᠤᠭ᠋ᠠᠨ ᠵᠶ᠋ᠠᠷ ᠳᠠᠮᠵᠢᠭᠤᠯᠵᠤ᠂ ᠤᠷᠤᠯᠳᠤᠭ᠋ᠠᠨ᠎ᠳᠤ ᠣᠷᠣᠯᠴᠠᠬᠤ ᠡᠯ᠎ᠡ ᠲᠥᠯᠥᠭᠡᠯᠡᠭᠴᠢᠳ᠎ᠤᠨ ᠪᠦᠯᠬᠦᠮ᠎ᠳᠤ ᠤᠷᠤᠯᠳᠤᠭ᠋ᠠᠨ ᠵᠶ᠋ᠠᠷ ᠪᠣᠯᠪᠠᠰᠤᠷᠠᠯ᠎ᠢ ᠠᠬᠢᠭᠤᠯᠬᠤ᠂ ᠪᠣᠯᠪᠠᠰᠤᠷᠠᠯ ᠵᠶ᠋ᠠᠷ ᠤᠷᠤᠯᠳᠤᠭ᠋ᠠᠨ᠎ᠢ ᠠᠬᠢᠭᠤᠯᠬᠤ ᠪᠣᠳᠠᠲᠤ ᠲᠠᠪᠴᠠᠩ ᠬᠠᠩᠭ᠋ᠠᠵᠤ᠂ ᠤᠳᠠᠯ ᠦᠭᠡᠢ ᠪᠣᠯᠬᠤ ᠭᠡᠵᠦ ᠪᠠᠢ᠌ᠭ᠎ᠠ ᠠᠷᠪᠠᠨ ᠬᠣᠶᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠳᠤ ᠪᠠᠲᠤ ᠪᠡᠬᠢ ᠰᠠᠭᠤᠷᠢ ᠲᠠᠯᠪᠢᠵᠤ ᠥᠭᠴᠡᠢ᠃
ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠥᠸᠠᠢ ᠳ᠋ᠦᠩ