2023 ᠣᠨ᠎ᠤ 11 ᠳ᠋ᠦ᠍ᠭᠡᠷ ᠰᠠᠷ᠎ᠠ ᠵᠢᠨ 25᠎ᠤ ᠡᠳᠦᠷ᠎ᠠᠴᠠ 27᠎ᠤ ᠡᠳᠦᠷ ᠪᠣᠯᠲᠠᠯ᠎ᠠ᠂ ᠰᠢᠨᠵᠢᠶᠠᠩ᠎ᠤᠨ ᠤᠢ᠌ᠭᠤᠷ ᠦᠨᠳᠦᠰᠦᠳᠡᠨ᠎ᠤ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠪᠦᠷᠢᠯᠳᠦᠭᠦᠨ᠂ ᠳᠡᠳ᠋ ᠡᠷᠬᠢᠯᠡᠭᠴᠢ ᠸᠢᠯᠮᠤᠷᠠᠲ᠂ ᠢᠪᠤᠷᠠᠶᠢᠨ ᠨᠠᠷ ᠥᠪᠥᠷ ᠮᠣᠩᠭᠣᠯ᠎ᠳᠤ ᠢᠷᠡᠵᠦ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ᠎ᠤᠨ ᠠᠵᠢᠯ᠎ᠢ ᠪᠠᠢ᠌ᠴᠠᠭ᠋ᠠᠨ ᠰᠤᠳᠤᠯᠪᠠ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠦᠪᠯᠡᠯ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠪᠦᠷᠢᠯᠳᠦᠭᠦᠨ᠂ ᠲᠤᠰᠬᠠᠢ ᠲᠤᠰᠢᠶᠠᠯᠲᠤ ᠭᠡᠰᠢᠭᠦᠨ ᠠᠯᠳᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ ᠰᠤᠳᠤᠯᠬᠤ ᠲᠠᠰᠤᠭ᠎ᠤᠨ ᠬᠠᠷᠢᠭᠤᠴᠠᠯᠭ᠋ᠠᠲᠠᠨ ᠪᠠᠷ᠎ᠠ ᠪᠣᠯᠵᠤ ᠪᠠᠢ᠌ᠴᠠᠭ᠋ᠠᠨ ᠰᠤᠳᠤᠯᠤᠯᠲᠠ ᠬᠢᠪᠡ᠃
ᠪᠠᠢ᠌ᠴᠠᠭ᠋ᠠᠨ ᠰᠤᠳᠤᠯᠬᠤ ᠳᠤᠭᠤᠢ᠌ᠯᠠᠩ᠎ᠤᠨ᠎ᠬᠢᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ ᠰᠤᠳᠤᠯᠬᠤ ᠲᠠᠰᠤᠭ᠎ᠤᠨ ᠮᠠᠲ᠋ᠧᠷᠢᠶᠠᠯ᠎ᠤᠨ ᠲᠠᠰᠤᠭ᠎ᠢ ᠲᠣᠭᠣᠷᠢᠨ ᠦᠵᠡᠪᠡ
ᠪᠠᠢ᠌ᠴᠠᠭ᠋ᠠᠨ ᠰᠤᠳᠤᠯᠬᠤ ᠳᠤᠭᠤᠢ᠌ᠯᠠᠩ᠎ᠤᠨ᠎ᠬᠢᠨ ᠤᠷᠢᠳ ᠬᠣᠵᠢᠳ ᠥᠪᠥᠷ ᠮᠣᠩᠭᠣᠯ᠎ᠤᠨ ᠮᠦᠽᠧᠢ᠂ ᠣᠷᠳᠣᠰ ᠬᠤᠳᠠ ᠵᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠦᠢ᠍ᠯᠡᠳᠦᠯᠭᠡ ᠰᠤᠳᠤᠯᠭ᠋ᠠᠨ᠎ᠤ ᠲᠥᠪ᠂ ᠣᠷᠳᠣᠰ ᠬᠤᠳᠠ ᠵᠢᠨ ᠨᠣᠮ᠎ᠤᠨ ᠰᠠᠩ᠂ ᠥᠪᠥᠷ ᠮᠣᠩᠭᠣᠯ᠎ᠤᠨ ᠦᠨᠳᠦᠰᠦᠲᠡᠨ᠎ᠤ ᠵᠥᠪᠯᠡᠯ᠎ᠤᠨ 《ᠠᠨᠠᠷ᠎ᠤᠨ ᠬᠡᠯᠬᠢᠶ᠎ᠡ》 ᠦᠨᠳᠦᠰᠦᠲᠡᠨ᠎ᠤ ᠠᠵᠢᠯ᠎ᠤᠨ ᠳ᠋ᠢᠬᠢᠲᠴᠢᠯᠠᠭᠰᠠᠨ ᠦᠵᠡᠬᠦᠯᠭᠡ ᠵᠢᠨ ᠲᠢᠩᠬᠢᠮ ᠪᠣᠯᠣᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ ᠰᠤᠳᠤᠯᠬᠤ ᠲᠠᠰᠤᠭ᠎ᠤᠨ ᠮᠠᠲᠸᠷᠢᠶᠠᠯ᠎ᠤᠨ ᠳᠠᠰᠤᠭ᠎ᠲᠤ ᠬᠦᠷᠴᠦ ᠲᠤᠬᠠᠢ ᠵᠢᠨ ᠭᠠᠵᠠᠷ᠎ᠲᠤᠨᠢ ᠰᠢᠨᠵᠢᠯᠡᠨ ᠪᠠᠢ᠌ᠴᠠᠭ᠋ᠠᠵᠤ᠂ 《ᠵᠠᠩᠭ᠋ᠠᠷ》 ᠬᠠᠢ᠌ᠯᠠᠬᠤ ᠲᠤᠭᠯᠠᠯᠳᠠ ᠵᠢ ᠬᠠᠮᠲᠤ᠎ᠪᠠᠷ ᠰᠣᠨᠢᠷᠬᠠᠪᠠ᠃ ᠥᠪᠥᠷ ᠮᠣᠩᠭᠣᠯ ᠣᠷᠣᠨ᠎ᠤ ᠦᠨᠳᠦᠰᠦᠲᠡᠨ᠎ᠨᠦᠭᠦᠳ᠎ᠤᠨ ᠣᠷᠣᠰᠢᠨ ᠰᠠᠭᠤᠷᠢᠰᠢᠵᠦ ᠪᠠᠢ᠌ᠭ᠎ᠠ ᠣᠷᠣᠨ ᠪᠦᠰᠡ᠂ ᠬᠣᠲᠠ ᠵᠢᠨ ᠪᠠᠷᠢᠯᠭ᠎ᠠ᠂ ᠰᠣᠶᠣᠯ ᠰᠢᠨᠵᠢᠯᠡᠭᠡ ᠮᠡᠷᠭᠡᠵᠢᠯ ᠵᠡᠷᠭᠡ ᠲᠠᠯ᠎ᠠ᠎ᠪᠠᠷ᠎ᠬᠢ ᠨᠢᠭᠲᠠᠷᠠᠨ ᠠᠭᠤᠰᠤᠯᠴᠠᠭᠰᠠᠨ ᠲᠡᠦᠬᠡ ᠵᠢ ᠨᠠᠷᠢᠨ ᠤᠢ᠌ᠯᠠᠭ᠋ᠠᠵᠠᠢ᠃ ᠥᠪᠥᠷ ᠮᠣᠩᠭᠣᠯ᠎ᠤᠨ ᠦᠨᠳᠦᠰᠦᠲᠡᠨ᠎ᠤ ᠵᠥᠪᠯᠡᠯ᠎ᠤᠨ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ ᠰᠤᠳᠤᠯᠬᠤ ᠲᠠᠰᠤᠭ᠎ᠤᠨ ᠪᠠᠢ᠌ᠭᠤᠯᠤᠮᠵᠢ ᠵᠢᠨ ᠡᠭᠦᠷᠭᠡ ᠴᠢᠳᠠᠪᠬᠢ᠂ ᠰᠤᠳᠤᠷ ᠪᠢᠴᠢᠭ᠎ᠢ ᠳ᠋ᠢᠭᠢᠲᠴᠢᠯᠡᠭᠰᠡᠨ᠂ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ᠎ᠢ ᠡᠮᠬᠢᠳᠬᠡᠨ ᠨᠠᠢ᠌ᠷᠠᠭᠤᠯᠵᠤ ᠬᠡᠪᠯᠡᠭᠦᠯᠦᠭᠰᠡᠨ ᠵᠢᠴᠢ ᠤᠯᠠᠮᠵᠢᠯᠠᠨ ᠠᠰᠢᠭᠯᠠᠵᠤ ᠪᠠᠢ᠌ᠭ᠎ᠠ ᠵᠡᠷᠭᠡ ᠪᠠᠢ᠌ᠳᠠᠯ᠎ᠢ ᠤᠯᠠᠮ ᠨᠢᠭᠡ ᠠᠯᠬᠤᠮ ᠤᠢ᠌ᠯᠠᠭ᠋ᠠᠭᠰᠠᠨ ᠪᠠᠢ᠌ᠨ᠎ᠠ᠃
ᠣᠷᠳᠣᠰ ᠬᠣᠲᠠ ᠵᠢᠨ ᠡᠵᠡᠨ ᠬᠣᠷᠣᠭ᠎ᠠ ᠬᠣᠰᠢᠭᠤᠨ᠎ᠤ ᠰᠣᠶᠣᠯ᠎ᠤᠨ ᠠᠵᠤ ᠦᠢ᠍ᠯᠡᠰ᠎ᠤᠨ ᠬᠦᠷᠢᠶᠡᠯᠡᠩ᠎ᠤᠨ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠨ ᠵᠢᠨ ᠤᠬᠠᠮᠰᠠᠷ᠎ᠢ ᠪᠠᠳᠤᠳᠬᠠᠬᠤ ᠦᠵᠡᠬᠦᠯᠭᠡ ᠵᠢᠨ ᠲᠢᠩᠬᠢᠮ᠎ᠢ ᠲᠣᠭᠣᠷᠢᠨ ᠦᠵᠡᠪᠡ
ᠲᠤᠰᠬᠠᠢ ᠰᠡᠳᠦᠪᠲᠦ ᠰᠤᠯᠢᠯᠴᠠᠨ ᠶᠠᠷᠢᠯᠴᠠᠬᠤ ᠬᠤᠷᠠᠯ ᠳᠡᠭᠡᠷ᠎ᠡ᠂ ᠬᠣᠶᠠᠷ ᠲᠠᠯ᠎ᠠ ᠵᠢᠨ᠎ᠬᠢᠨ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ᠎ᠢ ᠴᠤᠭᠯᠠᠭᠤᠯᠤᠨ ᠡᠮᠬᠢᠳᠬᠡᠬᠦ᠂ ᠠᠭᠤᠳᠠᠯᠤᠨ ᠰᠤᠳᠤᠯᠬᠤ᠂ ᠤᠯᠠᠷᠢᠭᠤᠯᠤᠨ ᠠᠰᠢᠭᠯᠠᠬᠤ ᠵᠡᠷᠭᠡ ᠲᠠᠯ᠎ᠠ᠎ᠪᠠᠷ ᠰᠠᠨᠠᠯ ᠵᠶ᠋ᠠᠨ ᠭᠦᠨᠵᠡᠭᠡᠢ ᠰᠣᠯᠢᠯᠴᠠᠨ ᠶᠠᠷᠢᠯᠴᠠᠪᠠ᠃ ᠠᠯᠳᠠ ᠭᠡᠰᠢᠭᠦᠨ᠎ᠠᠴᠠ ᠰᠢᠨᠵᠢᠶᠠᠩ᠎ᠤᠨ ᠦᠨᠳᠦᠰᠦᠲᠡᠨ᠎ᠤ ᠵᠥᠪᠯᠡᠯ᠎ᠤᠨ ᠪᠠᠢ᠌ᠴᠠᠭ᠋ᠠᠨ ᠰᠤᠳᠤᠯᠬᠤ ᠳᠤᠭᠤᠢ᠌ᠯᠠᠩ᠎ᠤᠨ ᠥᠪᠥᠷ ᠮᠣᠩᠭᠣᠯ᠎ᠳᠤ ᠢᠷᠡᠭᠰᠡᠨ᠎ᠢ ᠪᠠᠶᠠᠷᠯᠠᠨ ᠤᠭᠲᠤᠵᠤ ᠪᠠᠢ᠌ᠬᠤ᠎ᠪᠠᠨ ᠢᠯᠡᠳᠬᠡᠵᠦ᠂ ᠥᠪᠥᠷ ᠮᠣᠩᠭᠣᠯ᠎ᠤᠨ ᠦᠨᠳᠦᠰᠦᠲᠡᠨ᠎ᠤ ᠰᠤᠳᠤᠷ ᠪᠢᠴᠢᠭ᠎ᠤᠨ ᠠᠵᠢᠯ᠎ᠤᠨ ᠲᠣᠢ᠌ᠮᠣ ᠪᠠᠢ᠌ᠳᠠᠯ᠎ᠢ ᠲᠣᠪᠴᠢ ᠲᠠᠨᠢᠯᠴᠠᠭᠤᠯᠬᠤ ᠵᠢᠨ ᠬᠠᠮᠲᠤ᠂ ᠬᠠᠮᠲᠤᠷᠠᠯᠴᠠᠭ᠎ᠠ ᠰᠣᠯᠢᠯᠴᠠᠭ᠎ᠠ᠎ᠪᠠᠨ ᠴᠢᠩᠭ᠋ᠠᠳᠬᠠᠵᠤ᠂ ᠬᠠᠷᠢᠯᠴᠠᠨ ᠰᠤᠷᠤᠯᠴᠠᠨ ᠲᠣᠯᠢᠯᠠᠵᠤ᠂ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ᠎ᠢ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ ᠴᠢᠬᠤᠯᠠ ᠡᠬᠢ ᠪᠠᠶᠠᠯᠢᠭ ᠪᠣᠯᠭ᠋ᠠᠬᠤ ᠵᠢ ᠬᠦᠰᠡᠵᠠᠢ᠃ ᠳᠡᠳ᠋ ᠡᠷᠬᠢᠯᠡᠭᠴᠢ ᠸᠢᠯᠮᠤᠷᠠᠲ᠂ ᠢᠪᠤᠷᠠᠶᠢᠨ ᠰᠢᠨᠵᠢᠶᠠᠩ᠎ᠤᠨ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ ᠰᠤᠳᠤᠯᠬᠤ ᠲᠠᠰᠤᠭ᠎ᠤᠨ ᠪᠠᠢ᠌ᠭᠤᠯᠤᠮᠵᠢ ᠵᠢᠨ ᠡᠭᠦᠷᠭᠡ ᠴᠢᠳᠠᠪᠬᠢ ᠵᠢᠴᠢ ᠰᠤᠳᠤᠷ ᠪᠢᠴᠢᠭ ᠰᠤᠳᠤᠯᠬᠤ ᠲᠠᠰᠤᠭ᠎ᠤᠨ ᠣᠨᠴᠠ ᠬᠠᠳᠠᠭ᠋ᠠᠯᠠᠮᠵᠢ ᠵᠢᠨ ᠨᠣᠮ᠎ᠤᠨ ᠬᠥᠮᠥᠷᠭᠡ ᠵᠢᠨ ᠪᠠᠢ᠌ᠭᠤᠯᠤᠯᠲᠠ᠂ ᠰᠤᠳᠤᠷ ᠪᠢᠴᠢᠭ᠎ᠤᠨ ᠳ᠋ᠢᠭᠢᠲᠴᠢᠯᠡᠯᠲᠡ ᠵᠡᠷᠭᠡ ᠪᠠᠢ᠌ᠳᠠᠯ᠎ᠢ ᠲᠠᠨᠢᠯᠴᠠᠭᠤᠯᠪᠠ᠃ ᠡᠭᠦᠨ᠎ᠤ ᠬᠠᠮᠲᠤ᠂ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ᠎ᠤᠨ ᠠᠭᠤᠯᠤᠭᠳᠠᠬᠤᠨ ᠡᠯᠪᠡᠭ ᠪᠠᠶᠠᠯᠢᠭ ᠪᠠᠢ᠌ᠵᠦ᠂ ᠳᠤᠮᠳᠠᠳᠤ ᠵᠢᠨ ᠦᠨᠳᠦᠰᠦᠲᠡᠨ᠎ᠤ ᠲᠡᠦᠬᠡ ᠰᠣᠶᠣᠯ᠎ᠤᠨ ᠴᠢᠬᠤᠯᠠ ᠪᠦᠷᠢᠯᠳᠦᠭᠦᠨ ᠬᠡᠰᠡᠭ ᠪᠤᠯᠤᠨ᠎ᠠ᠂ ᠰᠢᠨ᠎ᠡ ᠴᠠᠭ ᠦᠶ᠎ᠡ ᠵᠢᠨ ᠦᠨᠳᠦᠰᠦᠲᠡᠨ᠎ᠤ ᠠᠵᠢᠯ᠎ᠤᠨ ᠳᠤᠮᠳᠠ ᠬᠠᠮᠵᠢᠯᠴᠠᠭ᠎ᠠ᠎ᠪᠠᠨ ᠴᠢᠩᠭ᠋ᠠᠳᠬᠠᠵᠤ᠂ ᠦᠨᠳᠦᠰᠦᠲᠡᠨ᠎ᠨᠦᠭᠦᠳ᠎ᠤᠨ ᠰᠤᠳᠤᠷ ᠪᠢᠴᠢᠭ᠎ᠲᠤ ᠠᠭᠤᠯᠤᠭᠳᠠᠵᠤ ᠪᠠᠢ᠌ᠭ᠎ᠠ ᠦᠨᠳᠦᠰᠦᠲᠡᠨ᠎ᠤ ᠪᠦᠯᠬᠦᠮᠳᠡᠯ ᠪᠠ ᠦᠨᠳᠦᠰᠦᠲᠡᠨ᠎ᠤ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠵᠢᠨ ᠥᠯᠢᠭᠡᠷ᠎ᠢ ᠭᠦᠨᠵᠡᠭᠡᠢ ᠠᠭᠤᠳᠠᠯᠵᠤ᠂ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ᠎ᠤᠨ ᠴᠠᠭ ᠦᠶ᠎ᠡ ᠵᠢᠨ ᠥᠷᠲᠡᠭ᠎ᠤᠨ ᠦᠢ᠍ᠯᠡᠳᠦᠯ᠎ᠢ ᠭᠦᠢ᠍ᠴᠡᠳ ᠪᠠᠳᠠᠷᠠᠭᠤᠯᠤᠨ᠎ᠠ ᠭᠡᠵᠦ ᠢᠯᠡᠳᠭᠡᠪᠡ᠃
ᠣᠷᠴᠢᠭᠤᠯᠤᠭᠴᠢ᠄ ᠤᠷᠢᠬᠠᠨ
ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠥᠸᠠᠢ ᠳ᠋ᠦᠩ