ᠣᠩᠨᠢᠭᠤᠳ ᠬᠣᠰᠢᠭᠤ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠯᠠᠭ᠋ᠠᠨᠬᠠᠳᠠ ᠬᠣᠲᠠ ᠵᠢᠨ ᠳᠤᠮᠳᠠ ᠪᠡᠶ᠎ᠡ᠂ ᠶᠡᠬᠡ ᠬᠢᠩᠭ᠋ᠠᠨ ᠳᠠᠪᠠᠭ᠋ᠠᠨ᠎ᠤ ᠪᠠᠷᠠᠭᠤᠨ ᠡᠮᠦᠨ᠎ᠡ ᠦᠵᠦᠭᠦᠷ ᠪᠣᠯᠣᠨ ᠴᠢᠯᠠᠭᠤᠲᠤ ᠠᠭᠤᠯᠠ ᠨᠢᠷᠤᠭᠤᠨ᠎ᠤ ᠬᠣᠶ᠋ᠢᠲᠤ ᠦᠵᠦᠭᠦᠷ᠎ᠤᠨ ᠠᠭᠤᠯᠵᠠᠷ᠂ ᠪᠠᠷᠠᠭᠤᠨ ᠯᠢᠶᠣᠤ ᠾᠧ ᠭᠣᠣᠯ᠎ᠤᠨ ᠳᠡᠭᠡᠳᠦ ᠤᠷᠤᠰᠬᠠᠯ᠂ ᠬᠣᠷᠴᠢᠨ᠎ᠤ ᠡᠯᠡᠰᠦᠷᠬᠡᠭ ᠭᠠᠵᠠᠷ᠎ᠤᠨ ᠪᠠᠷᠠᠭᠤᠨ ᠵᠠᠬ᠎ᠠ᠎ᠳᠤ ᠪᠠᠶ᠋ᠢᠷᠢᠰᠢᠳᠠᠭ᠃ ᠨᠤᠲᠤᠭ ᠳᠡᠪᠢᠰᠬᠡᠷ᠎ᠤᠨ ᠶᠡᠷᠦᠩᠬᠡᠢ ᠲᠠᠯᠠᠪᠠᠢ 1.2 ᠲᠦᠮᠡᠨ ᠲᠡᠭᠰᠢ ᠳᠥᠷᠪᠡᠯᠵᠢᠨ ᠺᠢᠯᠣᠮᠧᠲᠷ᠂ 16 ᠰᠤᠮᠤ ᠰᠢᠶᠠᠩ ᠪᠠᠯᠭ᠋ᠠᠰᠤ ᠵᠡᠭᠡᠯᠢ ᠭᠤᠳᠤᠮᠵᠢ᠂ 48.6 ᠲᠦᠮᠡᠨ ᠬᠥᠮᠦᠨ ᠠᠮᠠ᠎ᠲᠠᠢ ᠣᠯᠠᠨ ᠦᠨᠳᠦᠰᠦᠲᠡᠨ ᠲᠥᠪᠯᠡᠷᠡᠨ ᠰᠠᠭᠤᠷᠢᠰᠢᠭᠰᠠᠨ ᠭᠠᠵᠠᠷ ᠪᠣᠯᠣᠨ᠎ᠠ᠃ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠰᠠᠶ᠋ᠢᠨ ᠣᠷᠣᠰᠢᠨ ᠰᠠᠭᠤᠷᠢᠰᠢᠬᠤ᠎ᠳᠤ ᠲᠠᠭ᠋ᠠᠲᠠᠢ ᠰᠢᠶᠠᠨ᠎ᠤ ᠬᠣᠲᠠ ᠵᠢᠨ ᠵᠢᠱ᠌ᠢᠶ᠎ᠡ ᠦᠵᠡᠭᠦᠯᠬᠦ ᠬᠣᠰᠢᠭᠤ ᠰᠢᠶᠠᠨ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠵᠢᠱ᠌ᠢᠶ᠎ᠡ ᠦᠵᠡᠭᠦᠯᠬᠦ ᠬᠣᠰᠢᠭᠤ ᠵᠡᠷᠭᠡ ᠢᠷᠠᠭᠤ ᠠᠯᠳᠠᠷ᠎ᠢ ᠤᠷᠢᠳ ᠬᠣᠵᠢᠳ ᠬᠦᠷᠲᠡᠵᠡᠢ᠃
ᠣᠩᠨᠢᠭᠤᠳ ᠬᠣᠰᠢᠭᠤᠨ᠎ᠤ ᠲᠡᠦᠬᠡ ᠰᠣᠶᠣᠯ᠎ᠨᠢ ᠤᠷᠲᠤ ᠤᠳᠠᠭ᠋ᠠᠨ ᠭᠡᠷᠡᠯ ᠰᠠᠴᠤᠷᠠᠩᠭᠤᠢ ᠪᠢᠯᠡ᠃ 《ᠣᠩᠨᠢᠭᠤᠳ》 ᠭᠡᠳᠡᠭ ᠨᠡᠷ᠎ᠡ᠎ᠨᠢ ᠮᠣᠩᠭᠣᠯ ᠦᠭᠡ᠂ ᠬᠢᠲᠠᠳᠴᠢᠯᠠᠪᠠᠯ 《ᠸᠠᠩᠨᠤᠭᠤᠳᠤᠨ ᠴᠢᠭᠤᠯᠳᠠᠭ ᠭᠠᠵᠠᠷ》 ᠬᠡᠮᠡᠬᠦ ᠤᠳᠬ᠎ᠠ᠎ᠲᠠᠢ᠃ ᠬᠣᠰᠢᠭᠤᠨ᠎ᠤ ᠬᠢᠯᠢ ᠳᠣᠲᠣᠷ᠎ᠠ᠎ᠠᠴᠠ ᠤᠯᠤᠰ᠎ᠤᠨ ᠡᠷᠳᠡᠨᠢ ᠵᠢᠨ ᠳᠠᠰ᠎ᠤᠨ ᠲᠡᠦᠬᠡᠨ ᠳᠤᠷᠠᠰᠬᠠᠯᠲᠤ ᠡᠳ᠋ 《ᠳᠤᠮᠳᠠᠳᠤ ᠵᠢᠨ ᠠᠩᠬᠠᠳᠠᠭᠴᠢ ᠯᠤᠤ — ᠨᠣᠮᠢᠨ ᠬᠠᠰ ᠯᠤᠤ》 ᠪᠣᠯᠣᠨ 《ᠳᠤᠮᠳᠠᠳᠤ ᠵᠢᠨ ᠠᠩᠬᠠᠳᠠᠭᠴᠢ
ᠭᠠᠷᠤᠳᠢ — ᠸᠠᠭ᠋ᠠᠷ᠎ᠤᠨ ᠭᠠᠷᠤᠳᠢ ᠴᠣᠮᠣ》 ᠢᠯᠡᠷᠡᠭᠰᠡᠨ᠎ᠠᠴᠠ 《ᠯᠤᠤ ᠭᠠᠷᠤᠳᠢ ᠵᠢᠨ ᠨᠤᠲᠤᠭ》 ᠬᠡᠮᠡᠨ ᠠᠯᠳᠠᠷᠰᠢᠵᠠᠢ᠃ ᠴᠦᠨ ᠴᠢᠦ ᠵᠢᠨ ᠦᠶ᠎ᠡ᠎ᠠᠴᠠ ᠰᠦᠢ ᠤᠯᠤᠰ ᠬᠦᠷᠲᠡᠯ᠎ᠡ᠂ ᠤᠷᠢᠳ ᠬᠣᠵᠢᠳ ᠳ᠋ᠦᠩᠬᠤ᠂ ᠦᠬᠤᠸᠠᠨ᠂ ᠰᠢᠶᠠᠨᠪᠧᠢ᠂ ᠺᠦᠮᠦᠰᠢ᠂ ᠬᠢᠳᠠᠨ ᠵᠡᠷᠭᠡ ᠦᠨᠳᠦᠰᠦᠲᠡᠨ᠎ᠤ ᠨᠡᠭᠦᠳᠡᠯ ᠮᠠᠯᠵᠢᠯ᠎ᠤᠨ ᠭᠠᠵᠠᠷ ᠨᠤᠲᠤᠭ ᠪᠠᠶ᠋ᠢᠵᠤ ᠥᠩᠭᠡᠷᠡᠭᠰᠡᠨ ᠪᠢᠯᠡ᠃ ᠯᠢᠶᠣᠤ ᠬᠠᠭ᠋ᠠᠨᠲᠤ ᠲᠥᠷᠥ ᠵᠢᠨ ᠰᠢᠶᠣᠣ ᠲᠠᠶ᠋ᠢᠬᠡᠦᠪᠠᠷ ᠣᠩᠨᠢᠭᠤᠳ ᠬᠣᠰᠢᠭᠤᠨ᠎ᠤ ᠬᠢᠯᠢ ᠳᠣᠲᠣᠷ᠎ᠠ ᠤᠷᠢᠳ ᠬᠣᠵᠢᠳ ᠶᠦᠩ ᠵᠸᠦ ᠬᠣᠲᠠ᠂ ᠹᠤᠩ ᠵᠸᠦ ᠬᠣᠲᠠ ᠵᠢ ᠪᠠᠶ᠋ᠢᠭᠤᠯᠵᠤ ᠥᠩᠭᠡᠷᠡᠵᠡᠢ᠃ ᠶᠤᠸᠠᠨ ᠤᠯᠤᠰ᠎ᠤᠨ ᠦᠶ᠎ᠡ᠎ᠳᠤ᠂ ᠬᠣᠩᠭᠢᠷᠠᠳ ᠠᠶ᠋ᠢᠮᠠᠭ᠎ᠤᠨ ᠡᠵᠡᠮᠰᠢᠯ ᠭᠠᠵᠠᠷ ᠪᠣᠯᠣᠨ ᠯᠦ᠍ ᠸᠠᠩ᠎ᠤᠨ ᠬᠤᠪᠢᠳᠠᠯ ᠭᠠᠵᠠᠷ ᠪᠠᠶ᠋ᠢᠵᠤ᠂ ᠳᠤᠮᠳᠠᠳᠤ ᠤᠯᠤᠰ᠎ᠤᠨ ᠲᠡᠦᠬᠡᠨ᠎ᠳᠠᠬᠢ ᠬᠠᠮᠤᠭ᠎ᠤᠨ ᠠᠩᠬᠠᠨ᠎ᠤ ᠡᠮᠡᠭᠲᠡᠢ ᠬᠣᠷᠢᠶᠠᠨ ᠬᠠᠳᠠᠭ᠋ᠠᠯᠠᠭᠴᠢ ᠪᠣᠯᠬᠤ ᠶᠤᠸᠠᠨ ᠤᠯᠤᠰ᠎ᠤᠨ ᠡᠭᠡᠴᠢᠮᠡᠳ ᠭᠦᠩᠵᠦ ᠰᠡᠩᠭᠡ ᠷᠠᠭᠢ ᠡᠨᠳᠡ ᠮᠣᠷᠳᠠᠵᠤ ᠢᠷᠡᠭᠰᠡᠨ ᠪᠢᠯᠡ᠃ ᠶᠤᠸᠠᠨ ᠵᠸᠨᠤ ᠲᠡᠷᠢᠭᠦᠨ ᠣᠨ᠎ᠳᠤ ᠣᠳᠣ ᠵᠢᠨ ᠪᠣᠷᠣᠬᠣᠲᠠ ᠵᠢᠨ ᠪᠠᠷᠠᠭᠤᠨ ᠬᠣᠶ᠋ᠢᠲᠤ ᠵᠠᠬ᠎ᠠ᠎ᠳᠤ ᠪᠠᠶ᠋ᠢᠭᠤᠯᠤᠭᠰᠠᠨ ᠴᠢᠤᠸᠠᠨ ᠨᠢᠩ ᠬᠣᠲᠠ᠎ᠨᠢ ᠲᠤᠬᠠᠢ ᠵᠢᠨ ᠦᠶ᠎ᠡ᠎ᠳᠤ ᠮᠠᠨ᠎ᠤ ᠤᠯᠤᠰ᠎ᠤᠨ ᠤᠮᠠᠷᠠᠲᠤ ᠣᠷᠣᠨ᠎ᠳᠠᠬᠢ ᠴᠢᠬᠤᠯᠠ ᠪᠠᠯᠭ᠋ᠠᠰᠤ ᠪᠣᠯᠵᠤ ᠪᠠᠶ᠋ᠢᠭᠰᠠᠨ ᠶᠤᠮ᠃ ᠣᠳᠣᠬᠠᠨ᠎ᠳᠤ᠂ ᠬᠠᠭᠤᠴᠢᠨ ᠴᠢᠯᠠᠭᠤᠨ ᠵᠡᠪᠰᠡᠭ᠎ᠤᠨ ᠦᠶ᠎ᠡ ᠵᠢᠨ ᠡᠷᠲᠡᠨ᠎ᠤ ᠬᠥᠮᠦᠨ ᠲᠥᠷᠥᠯᠬᠢᠲᠡᠨ᠎ᠤ ᠠᠮᠢᠳᠤᠷᠠᠵᠤ ᠪᠠᠶ᠋ᠢᠭᠰᠠᠨ ᠱᠠᠩ ᠶᠣᠣ ᠠᠭᠤᠢ ᠵᠢᠨ ᠪᠠᠭᠤᠷᠢ᠂ ᠯᠢᠶᠣᠤ ᠤᠯᠤᠰ᠎ᠤᠨ ᠶᠦᠩ ᠵᠸᠦ ᠬᠣᠲᠠ ᠵᠢᠨ ᠪᠠᠭᠤᠷᠢ᠂ ᠶᠤᠸᠠᠨ ᠤᠯᠤᠰ᠎ᠤᠨ ᠵᠢᠢ ᠭᠦᠸᠸ ᠭᠦᠩ ᠵᠠᠩ ᠶᠢᠩ ᠷᠦᠢ ᠵᠢᠨ ᠣᠩᠭᠣᠨ᠂ ᠲᠡᠭᠷᠢ ᠲᠡᠳᠬᠦᠭᠴᠢ ᠬᠠᠭ᠋ᠠᠨ᠎ᠤ ᠵᠡᠭᠦᠨᠰᠢ ᠵᠤᠭ᠋ᠠᠴᠠᠷᠠ ᠶᠠᠪᠤᠬᠤ᠎ᠳᠤ᠎ᠪᠠᠨ ᠪᠢᠴᠢᠭᠰᠡᠨ ᠰᠢᠶᠠᠩ ᠱᠦᠢ᠎ᠳᠠᠬᠢ ᠬᠠᠳᠠᠨ ᠰᠡᠶ᠋ᠢᠯᠦᠮᠡᠯ ᠰᠢᠯᠦᠭ᠂ ᠴᠢᠩ ᠤᠯᠤᠰ᠎ᠤᠨ ᠦᠶ᠎ᠡ ᠵᠢᠨ ᠡᠰᠡᠷᠸ᠎ᠠ ᠵᠢᠨ ᠰᠦᠮ᠎ᠡ ᠵᠡᠷᠭᠡ ᠡᠯ᠎ᠡ ᠲᠥᠷᠥᠯ᠎ᠤᠨ ᠲᠡᠦᠬᠡ ᠵᠢᠨ ᠳᠤᠷᠠᠰᠬᠠᠯᠲᠤ ᠵᠦᠢ᠍ᠯᠡᠰ ᠬᠠᠭᠤᠴᠢ ᠦᠯᠡᠳᠡᠭᠳᠡᠯ 413 ᠪᠠᠶ᠋ᠢᠵᠤ᠂ ᠡᠭᠦᠨ᠎ᠤ ᠳᠣᠲᠣᠷ᠎ᠠ᠎ᠠᠴᠠ 3᠎ᠨᠢ ᠤᠯᠤᠰ᠎ᠤᠨ ᠳᠠᠰ᠎ᠤᠨ ᠭᠣᠣᠯᠳᠠᠯᠭ᠋ᠠᠲᠤ ᠲᠡᠦᠬᠡᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠢ᠂ 7᠎ᠨᠢ ᠥᠪᠡᠷᠲᠡᠭᠡᠨ ᠵᠠᠰᠠᠬᠤ ᠣᠷᠣᠨ᠎ᠤ ᠳᠠᠰ᠎ᠤᠨ ᠲᠡᠦᠬᠡᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠢ᠂ 14᠎ᠨᠢ ᠬᠣᠲᠠ ᠵᠢᠨ ᠳᠠᠰ᠎ᠤᠨ ᠲᠡᠦᠬᠡᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠢ᠂ 66᠎ᠨᠢ ᠬᠣᠰᠢᠭᠤᠨ᠎ᠤ ᠳᠠᠰ᠎ᠤᠨ ᠲᠡᠦᠬᠡᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠢ ᠪᠣᠯᠣᠭᠰᠠᠨ ᠪᠠᠶ᠋ᠢᠨ᠎ᠠ᠃
ᠣᠩᠨᠢᠭᠤᠳ ᠬᠣᠰᠢᠭᠤ ᠪᠣᠯ ᠭᠡᠰᠡᠷ ᠰᠣᠶᠣᠯ᠎ᠤᠨ ᠡᠭᠦᠰᠦᠯ᠎ᠤᠨ ᠣᠷᠣᠨ᠎ᠤ ᠨᠢᠭᠡ᠎ᠨᠢ ᠪᠣᠯᠣᠨ᠎ᠠ᠃ ᠭᠡᠰᠡᠷ᠎ᠨᠢ ᠡᠨᠳᠡ ᠬᠡᠳᠦᠨ ᠵᠠᠭᠤᠨ ᠵᠢᠯ ᠵᠶ᠋ᠠᠷ ᠤᠯᠠᠮᠵᠢᠯᠠᠭᠳᠠᠵᠤ ᠲᠡᠩᠨᠡᠭᠦᠷ᠎ᠤᠨ ᠭᠣᠣᠯ᠎ᠤᠨ ᠲᠠᠯ᠎ᠠ ᠨᠤᠲᠤᠭ᠎ᠠᠴᠠ ᠰᠢᠷᠠᠮᠥ᠋ᠷᠡᠨᠤ ᠳᠠᠨᠵᠢ ᠬᠦᠷᠲᠡᠯ᠎ᠡ᠂ ᠪᠥᠭᠡᠷᠡᠩᠬᠡᠢ ᠠᠭᠤᠯᠠ᠎ᠠᠴᠠ ᠬᠠᠷ᠎ᠠ ᠵᠢᠨ ᠠᠭᠤᠯᠠᠨ᠎ᠤ ᠬᠠᠳᠠᠨ ᠵᠢᠷᠤᠭ ᠬᠦᠷᠲᠡᠯ᠎ᠡ ᠪᠦᠷ ᠭᠡᠰᠡᠷ᠎ᠤᠨ ᠤᠯᠠ ᠮᠥᠷ ᠵᠶ᠋ᠠᠷ ᠳᠦᠭᠦᠷᠴᠦ ᠬᠥᠮᠦᠨ ᠠᠷᠠᠳ᠎ᠨᠢ ᠭᠡᠰᠡᠷ᠎ᠤᠨ ᠪᠠᠭ᠋ᠠᠲᠤᠷᠯᠢᠭ ᠳᠦᠷᠢ ᠵᠢ ᠰᠡᠳᠬᠢᠯ ᠵᠢᠷᠦᠬᠡᠨ᠎ᠳᠤ᠎ᠪᠠᠨ ᠰᠢᠩᠭᠡᠭᠡᠨ ᠠᠪᠤᠭᠰᠠᠨ ᠪᠠᠶ᠋ᠢᠨ᠎ᠠ᠃ 20 ᠳ᠋ᠤᠭ᠋ᠠᠷ ᠵᠠᠭᠤᠨ᠎ᠤ ᠳᠥᠴᠢᠭᠡᠳ ᠣᠨ ᠪᠣᠯᠲᠠᠯ᠎ᠠ ᠪᠣᠷᠤᠬᠣᠲᠠ ᠪᠠᠯᠭ᠋ᠠᠰᠤᠨ᠎ᠳᠤ ᠭᠡᠰᠡᠷ᠎ᠤᠨ ᠰᠦᠮ᠎ᠡ (ᠭᠤᠸᠠᠨ ᠯᠣᠣᠶᠸ ᠵᠢᠨ ᠰᠦᠮ᠎ᠡ) ᠪᠠᠢ᠌ᠭᠰᠠᠨ ᠪᠥᠭᠡᠳ ᠲᠡᠨᠳᠡᠬᠢ ᠬᠥᠮᠦᠨ ᠠᠷᠠᠳ ᠬᠤᠷ᠎ᠠ ᠪᠣᠷᠣᠭ᠋ᠠᠨ ᠭᠣᠶᠣᠬᠤ ᠮᠠᠯ ᠰᠦᠷᠦᠭ ᠵᠶ᠋ᠠᠨ ᠬᠢᠵᠢᠭ ᠲᠠᠬᠤᠯ᠎ᠠᠴᠠ ᠵᠠᠢ᠌ᠯᠠᠭᠤᠯᠬᠤ᠎ᠪᠠᠷ ᠡᠷᠭᠦᠯ ᠲᠠᠬᠢᠯ ᠵᠶ᠋ᠠᠨ ᠠᠪᠤᠭ᠋ᠠᠳ ᠭᠡᠰᠡᠷ᠎ᠤᠨ ᠰᠦᠮ᠎ᠡ᠎ᠳᠤ ᠬᠦᠷᠴᠦ ᠲᠠᠬᠢᠯᠭ᠎ᠠ ᠬᠢᠳᠡᠭ ᠪᠠᠶ᠋ᠢᠯ᠎ᠠ᠃
ᠣᠩᠨᠢᠭᠤᠳ ᠬᠣᠰᠢᠭᠤᠨ᠎ᠳᠤ ᠭᠡᠰᠡᠷ᠎ᠤᠨ ᠳᠣᠮᠣᠭ ᠪᠣᠯᠣᠨ ᠬᠠᠭᠤᠴᠢ ᠦᠯᠡᠳᠡᠭᠳᠡᠯ ᠶᠡᠬᠡ ᠣᠯᠠᠨ ᠪᠠᠶ᠋ᠢᠳᠠᠭ᠃ ᠵᠢᠱ᠌ᠢᠶᠡᠯᠡᠪᠡᠯ ᠭᠤᠤᠷᠰᠤ᠂ ᠠᠰᠢᠬᠠᠨ᠂ ᠬᠠᠶ᠋ᠢᠯᠠᠰᠤ᠂ ᠰᠢᠨ᠎ᠡ ᠰᠦᠮ᠎ᠡ᠂ ᠤᠳᠠᠨ ᠬᠤᠸᠠ᠂ ᠪᠣᠷᠤᠬᠣᠲᠠ ᠵᠢᠨ ᠬᠠᠪᠢ᠎ᠪᠠᠷ ᠡᠷᠳᠡᠨᠢ ᠠᠭᠤᠯᠠ᠂ ᠭᠡᠷ ᠴᠢᠯᠠᠭᠤ ᠬᠠᠳᠠ᠂ ᠵᠢᠷᠦᠬᠡ ᠠᠭᠤᠯᠠ᠂ ᠭᠡᠰᠡᠷ᠎ᠤᠨ ᠮᠣᠷᠢᠨ᠎ᠤ ᠮᠥᠷ᠂ ᠱᠠᠬᠠᠢ ᠬᠠᠳᠠ᠂ ᠭᠡᠰᠡᠷ᠎ᠤᠨ ᠮᠣᠷᠢᠨ ᠤᠶᠠᠭ᠎ᠠ ᠵᠡᠷᠭᠡ ᠭᠡᠰᠡᠷ᠎ᠤᠨ ᠳᠣᠮᠣᠭ᠎ᠲᠠᠢ ᠠᠭᠤᠯᠠ ᠤᠰᠤ 90 ᠭᠠᠷᠤᠢ ᠪᠠᠶ᠋ᠢᠳᠠᠭ᠃ ᠡᠳᠡᠭᠡᠷ ᠦᠯᠢᠭᠡᠷ ᠳᠣᠮᠣᠭ᠎ᠨᠢ ᠲᠡᠨᠳᠡᠬᠢ ᠬᠥᠮᠦᠨ ᠠᠷᠠᠳ ᠡᠨᠡ ᠬᠦ᠌ ᠪᠠᠭ᠋ᠠᠲᠤᠷᠯᠢᠭ ᠳᠦᠷᠢ ᠵᠢ ᠪᠢᠰᠢᠷᠡᠨ ᠰᠢᠲᠦᠳᠡᠭᠢ ᠭᠦᠢ᠍ᠴᠡᠳ ᠬᠠᠷᠠᠭᠤᠯᠵᠤ ᠪᠠᠶ᠋ᠢᠨ᠎ᠠ᠃ ᠵᠤᠳ ᠰᠢᠭᠤᠷᠭ᠎ᠠ ᠪᠣᠯᠵᠤ ᠮᠠᠯ ᠤᠨᠤᠭ᠎ᠠ᠎ᠳᠤ ᠡᠪᠡᠳᠴᠢᠨ ᠬᠢᠵᠢᠭ ᠳᠡᠯᠭᠡᠷᠡᠵᠦ ᠭᠠᠢ ᠪᠠᠷᠴᠢᠳ ᠪᠣᠯᠬᠤ ᠪᠦᠷᠢ ᠮᠠᠯᠴᠢᠳ 《ᠭᠡᠰᠡᠷ᠎ᠤᠨ ᠲᠤᠭᠤᠵᠢ》 ᠵᠢ ᠳᠠᠭᠤᠳᠠᠭᠤᠯᠵᠤ ᠪᠦᠭᠦᠳᠡᠭᠡᠷ ᠲᠣᠭᠣᠷᠢᠨ ᠰᠠᠭᠤᠭ᠋ᠠᠳ ᠡᠨᠡ ᠬᠦ᠌ ᠮᠠᠯ ᠤᠨᠤᠭ᠎ᠠ ᠵᠢ ᠭᠠᠢ ᠭᠠᠮᠰᠢᠭ᠎ᠠᠴᠠ ᠵᠠᠶ᠋ᠢᠯᠠᠭᠤᠯᠵᠤ ᠥᠨᠢᠷ ᠥᠭᠡᠳᠡ ᠥᠰᠭᠡᠳᠡᠭ ᠪᠠᠭ᠋ᠠᠲᠤᠷ᠎ᠤᠨ ᠦᠯᠢᠭᠡᠷ᠎ᠢ ᠰᠦᠵᠦᠭᠯᠡᠨ ᠰᠣᠨᠣᠰᠳᠠᠭ ᠪᠠᠶ᠋ᠢᠯ᠎ᠠ᠃ ᠣᠩᠨᠢᠭᠤᠳ ᠬᠣᠰᠢᠭᠤᠨ᠎ᠳᠤ ᠡᠷᠲᠡ ᠦᠶ᠎ᠡ᠎ᠠᠴᠠ ᠠᠪᠤᠭ᠋ᠠᠳ ᠭᠡᠰᠡᠷᠴᠢ ᠣᠯᠠᠨ ᠪᠠᠢ᠌ᠳᠠᠭ᠃ ᠳᠡᠭᠡᠷ᠎ᠡ ᠵᠠᠭᠤᠨ᠎ᠤ ᠲᠠᠪᠢᠭ᠋ᠠᠳ ᠣᠨ᠎ᠳᠤ᠂ ᠪᠦᠯᠢᠶᠡᠨ ᠰᠤᠮᠤ ᠵᠢᠨ ᠥᠪᠥᠷᠪᠤᠯᠠᠭᠲᠤ ᠮᠢᠯᠲᠠᠩ ᠭᠡᠭᠴᠢ ᠬᠣᠯᠠ ᠣᠶ᠋ᠢᠷ᠎ᠠ᠎ᠳᠤ ᠠᠯᠳᠠᠷᠲᠠᠢ ᠭᠡᠰᠡᠷᠴᠢ ᠪᠠᠶ᠋ᠢᠭᠰᠠᠨ ᠪᠢᠯᠡ᠃ ᠣᠳᠣ ᠣᠩᠨᠢᠭᠤᠳ ᠬᠣᠰᠢᠭᠤᠨ᠎ᠳᠤ ᠳ᠋ᠠᠮᠪᠠ᠂ ᠣᠳᠣᠨᠪᠠᠭ᠋ᠠᠲᠤᠷ᠂ ᠰᠠᠢ᠌ᠨᠸᠴᠢᠷ᠂ ᠭᠡᠨᠳᠦᠨ᠂ ᠮᠠᠨᠳᠤᠬᠤ᠂ ᠮᠥᠷᠡᠨ᠂ ᠡᠷᠬᠡᠮᠠᠨᠳᠤᠯᠠ ᠵᠡᠷᠭᠡ 20 ᠰᠢᠬᠠᠭᠤ ᠭᠡᠰᠡᠷᠴᠢ ᠪᠣᠢ᠃ ᠠᠮᠠᠨ ᠤᠯᠠᠮᠵᠢᠯᠠᠯ᠎ᠤᠨ 《ᠭᠡᠰᠡᠷ》᠎ᠠᠴᠠ ᠭᠠᠳᠠᠨ᠎ᠠ᠂ 《ᠭᠡᠰᠡᠷ》 ᠪᠠᠰᠠ ᠪᠢᠴᠢᠭ᠎ᠤᠨ ᠬᠡᠯᠪᠡᠷᠢ᠎ᠪᠠᠷ ᠤᠯᠠᠮᠵᠢᠯᠠᠭᠳᠠᠨ ᠢᠷᠠᠵᠠᠢ᠃ ᠪᠢᠴᠢᠭ᠎ᠤᠨ ᠬᠡᠯᠪᠡᠷᠢ ᠵᠢᠨ 《ᠭᠡᠰᠡᠷ》᠎ᠨᠢ ᠬᠠᠭᠤᠳᠠᠰᠤ ᠬᠡᠮᠵᠢᠶ᠎ᠡ ᠠᠪᠤᠷᠭᠤ ᠲᠣᠮᠣ ᠮᠥᠷᠲᠡᠭᠡᠨ᠎ᠪᠠᠷ ᠬᠡᠪᠯᠡᠯ (ᠪᠢᠴᠢᠮᠡᠯ) ᠣᠯᠠᠨ ᠵᠦᠢ᠍ᠯ ᠪᠠᠶ᠋ᠢᠳᠠᠭ᠃ ᠣᠩᠨᠢᠭᠤᠳ ᠬᠣᠰᠢᠭᠤᠨ᠎ᠤ ᠭᠡᠰᠡᠷ ᠰᠣᠶᠣᠯ᠎ᠤᠨ ᠣᠷᠳᠣᠨ 1716 ᠣᠨ (ᠡᠩᠬᠡ ᠠᠮᠤᠭᠤᠯᠠᠩ᠎ᠤᠨ ᠲᠠᠪᠢᠨ ᠲᠠᠪᠤᠳᠤᠭ᠋ᠠᠷ ᠣᠨ)᠎ᠤ ᠪᠡᠭᠡᠵᠢᠩ ᠮᠣᠳᠣᠨ᠎ᠪᠠᠷ᠎ᠤᠨ 《ᠠᠷᠪᠠᠨ ᠵᠦᠭ᠎ᠤᠨ ᠡᠵᠡᠨ ᠭᠡᠰᠡᠷ ᠬᠠᠭ᠋ᠠᠨ᠎ᠤ ᠲᠤᠭᠤᠵᠢ》 ᠵᠢ ᠪᠦᠷᠢᠨ ᠪᠦᠲᠦᠨ ᠵᠶ᠋ᠠᠷ᠎ᠨᠢ ᠬᠢᠮᠳᠠᠭ᠋ᠠᠨ ᠬᠠᠳᠠᠭ᠋ᠠᠯᠠᠵᠤ ᠪᠣᠢ᠃
ᠣᠩᠨᠢᠭᠤᠳ ᠬᠣᠰᠢᠭᠤᠨ᠎ᠤ ᠭᠡᠰᠡᠷ᠎ᠤᠨ ᠣᠷᠳᠣᠨ᠎ᠳᠤ ᠬᠠᠳᠠᠭ᠋ᠠᠯᠠᠭᠳᠠᠵᠤ ᠪᠠᠶ᠋ᠢᠭ᠎ᠠ ᠪᠡᠭᠡᠵᠢᠩ ᠮᠣᠳᠣᠨ᠎ᠪᠠᠷ᠎ᠤᠨ 《ᠠᠷᠪᠠᠨ ᠵᠦᠭ᠎ᠤᠨ ᠡᠵᠡᠨ ᠭᠡᠰᠡᠷ ᠬᠠᠭ᠋ᠠᠨ᠎ᠤ ᠲᠤᠭᠤᠵᠢ》
ᠣᠷᠴᠢᠭᠤᠯᠤᠭᠴᠢ᠄ ᠭᠡᠷᠡᠯᠲᠦ
ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠨᠠᠢ᠌ᠷᠠᠭᠤᠯᠤᠭᠴᠢ᠄ ᠸᠠᠩ ᠰᠢᠦᠸᠠᠢ ᠳ᠋ᠦᠩ