《ᠭᠡᠰᠡᠷ》᠂ 《ᠮᠠᠨᠠᠰ》᠂ 《ᠵᠠᠩᠭ᠋ᠠᠷ》 ᠪᠣᠯ ᠳᠤᠮᠳᠠᠳᠤ ᠵᠢᠨ ᠦᠨᠳᠦᠰᠦᠲᠡᠨ᠎ᠤ ᠭᠤᠷᠪᠠᠨ ᠶᠡᠬᠡ ᠪᠠᠭ᠋ᠠᠲᠤᠷ᠎ᠤᠨ ᠲᠤᠤᠯᠢ ᠪᠣᠯᠣᠨ᠎ᠠ᠃ ᠡᠨᠡ ᠬᠦ᠌ ᠭᠤᠷᠪᠠᠨ ᠲᠤᠤᠯᠢ᠎ᠨᠢ ᠳᠤᠮᠳᠠᠳᠤ ᠤᠯᠤᠰ᠎ᠲᠤ ᠮᠠᠰᠢ ᠶᠡᠬᠡ ᠨᠥᠯᠥᠭᠡ᠎ᠲᠠᠢ᠎ᠪᠠᠷ ᠦᠯᠦ ᠪᠠᠷᠠᠨ ᠳᠡᠯᠡᠬᠡᠢ ᠳᠠᠶᠠᠭ᠋ᠠᠷ᠎ᠲᠤ ᠴᠤ᠌ ᠠᠯᠳᠠᠷ ᠨᠡᠷ᠎ᠡ ᠮᠠᠨᠳᠤᠭᠰᠠᠨ ᠬᠥᠮᠦᠨ ᠲᠥᠷᠥᠯᠬᠢᠲᠡᠨ᠎ᠤ ᠬᠠᠮᠲᠤ ᠵᠢᠨ ᠰᠣᠶᠣᠯ᠎ᠤᠨ ᠥᠪ ᠪᠣᠯᠬᠤ ᠶᠤᠮ᠃ ᠲᠤᠤᠯᠢ᠎ᠨᠢ ᠰᠢᠳᠤᠷᠭᠤ ᠶᠣᠰᠣᠨᠢ ᠪᠠᠳᠠᠷᠠᠭᠤᠯᠬᠤ᠂ ᠡᠬᠡ ᠣᠷᠣᠨ ᠵᠶ᠋ᠠᠨ ᠬᠠᠮᠠᠭ᠋ᠠᠯᠠᠬᠤ᠂ ᠠᠷᠠᠳ ᠢᠷᠭᠡᠳ᠎ᠢ ᠵᠢᠷᠭ᠋ᠠᠭᠤᠯᠬᠤ ᠭᠡᠬᠦᠴᠢᠯᠡᠨ ᠬᠠᠮᠲᠤ ᠵᠢᠨ ᠭᠣᠣᠯ ᠰᠡᠳᠦᠪ᠎ᠤᠨ ᠲᠣᠭᠣᠷᠢᠨ᠎ᠳᠤ᠂ ᠡᠷᠲᠡᠨ᠎ᠤ ᠦᠶ᠎ᠡ ᠵᠢᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠠᠮᠤᠷ ᠠᠮᠤᠭᠤᠯᠠᠩ ᠡᠶ᠎ᠡ ᠨᠠᠢ᠌ᠷᠠᠮᠳᠠᠭᠤ᠂ ᠡᠷᠬᠡ ᠴᠢᠯᠥᠭᠡᠲᠦ ᠵᠣᠯ ᠵᠢᠷᠭ᠋ᠠᠯᠠᠩᠲᠤ ᠠᠮᠢᠳᠤᠷᠠᠯ᠎ᠤᠨ ᠬᠦᠰᠡᠯ᠎ᠢ ᠲᠤᠰᠬᠠᠵᠠᠢ᠃ ᠯᠤᠤ ᠵᠢᠯ᠎ᠤᠨ ᠴᠠᠭ᠋ᠠᠨ ᠰᠠᠷ᠎ᠠ ᠵᠢᠨ ᠦᠳᠡᠰᠢᠯᠡᠭᠡ᠎ᠳᠤ ᠭᠤᠷᠪᠠᠨ ᠶᠡᠬᠡ ᠲᠤᠤᠯᠢ ᠵᠢ ᠠᠩᠬᠠᠳᠠᠭᠴᠢ ᠤᠳᠠᠭ᠎ᠠ ᠨᠢᠭᠡᠨ ᠲᠠᠢ᠌ᠰᠠᠨ᠎ᠠ ᠬᠠᠮᠲᠤ ᠲᠣᠭᠯᠠᠭᠰᠠᠨ ᠪᠠᠢ᠌ᠨ᠎ᠠ᠂ ᠡᠭᠦᠨ᠎ᠢ ᠵᠣᠬᠢᠶᠠᠨ ᠪᠦᠲᠦᠭᠡᠭᠰᠡᠨ ᠲᠤᠬᠠᠢ ᠶᠠᠮᠠᠷᠬᠠᠨ ᠰᠣᠨᠢᠨ ᠰᠠᠢ᠌ᠬᠠᠨ ᠦᠯᠢᠭᠡᠷ ᠪᠠᠢ᠌ᠳᠠᠭ ᠪᠣᠯ?
ᠪᠠᠭ᠋ᠠᠲᠤᠷ᠎ᠤᠨ ᠲᠤᠤᠯᠢ 《ᠭᠡᠰᠡᠷ》᠂ 《ᠮᠠᠨᠠᠰ》᠂ 《ᠵᠠᠩᠭ᠋ᠠᠷ》 ᠵᠶ᠋ᠠᠷ ᠠᠭᠤᠯᠭ᠎ᠠ ᠪᠣᠯᠭ᠋ᠠᠨ ᠨᠠᠢ᠌ᠷᠠᠭᠤᠯᠤᠨ ᠵᠣᠬᠢᠶᠠᠭᠰᠠᠨ ᠳᠠᠭᠤᠤ 《ᠥᠨᠢᠳᠡ ᠵᠢᠨ ᠨᠠᠢ᠌ᠷᠠᠭᠯᠠᠯ》᠎ᠤᠨ ᠲᠣᠭᠯᠠᠭᠴᠢᠳ᠎ᠨᠢ ᠭᠤᠷᠪᠠᠨ ᠴᠥᠭᠡᠨ ᠲᠣᠭ᠋ᠠᠲᠤ ᠦᠨᠳᠦᠰᠦᠲᠡᠨ᠎ᠤ ᠤᠷᠠᠯᠢᠭ᠎ᠤᠨ ᠪᠦᠯᠬᠦᠮ᠂ ᠲᠤᠤᠯᠢᠴᠢᠳ ᠪᠣᠯᠣᠨ ᠬᠢᠲᠠᠳ ᠦᠨᠳᠦᠰᠦᠲᠡᠨ᠎ᠤ ᠬᠥᠭᠵᠢᠮ᠎ᠤᠨ ᠠᠩᠭᠢ᠎ᠪᠠᠷ ᠪᠦᠷᠢᠯᠳᠦᠵᠦ᠂ ᠭᠤᠷᠪᠠᠨ ᠶᠡᠬᠡ ᠲᠤᠤᠯᠢ ᠵᠢ ᠠᠩᠬᠠᠳᠠᠭᠴᠢ ᠤᠳᠠᠭ᠎ᠠ ᠨᠢᠭᠡᠨ ᠲᠠᠢ᠌ᠰᠠᠨ᠎ᠠ ᠬᠠᠮᠲᠤ᠎ᠪᠠᠷ ᠲᠣᠭᠯᠠᠵᠤ ᠪᠦᠬᠦ ᠤᠯᠤᠰ᠎ᠤᠨ ᠦᠵᠡᠭᠴᠢᠳ᠎ᠲᠤ ᠰᠣᠨᠢᠷᠬᠠᠭᠤᠯᠪᠠ᠃ ᠡᠨᠡ ᠬᠦ᠌ ᠰᠡᠳᠬᠢᠯ ᠳᠣᠭᠳᠣᠯᠤᠭᠤᠯᠤᠮ᠎ᠠ ᠴᠠᠭ ᠮᠥᠴᠡ ᠵᠢᠨ ᠲᠥᠯᠥᠭᠡ᠂ 30 ᠭᠠᠷᠤᠢ ᠬᠥᠮᠦᠨ᠎ᠲᠠᠢ ᠲᠣᠭᠯᠠᠯᠲᠠ ᠵᠢᠨ ᠪᠦᠯᠬᠦᠮ᠎ᠤᠨ᠎ᠬᠢᠨ ᠰᠠᠷ᠎ᠠ ᠢᠯᠡᠭᠦᠦ ᠪᠣᠯᠪᠠᠰᠤᠷᠠᠪᠠ᠃
ᠲᠤᠤᠯᠢ 《ᠭᠡᠰᠡᠷ》᠂ 《ᠮᠠᠨᠠᠰ》᠂ 《ᠵᠠᠩᠭ᠋ᠠᠷ》 ᠪᠣᠯ ᠮᠠᠨ᠎ᠤ ᠤᠯᠤᠰ᠎ᠤᠨ ᠲᠥᠪᠡᠳ᠂ ᠬᠢᠷᠭᠢᠰ᠂ ᠮᠣᠩᠭᠣᠯ ᠵᠡᠷᠭᠡ ᠦᠨᠳᠦᠰᠦᠲᠡᠨ᠎ᠤ ᠪᠠᠭ᠋ᠠᠲᠤᠷ᠎ᠤᠨ ᠳᠣᠮᠣᠭ᠎ᠠᠴᠠ ᠢᠷᠡᠯᠲᠡ᠎ᠲᠠᠢ᠂ ᠵᠠᠭᠤ ᠮᠢᠩᠭ᠋ᠠᠨ ᠵᠢᠯ᠎ᠤᠨ ᠠᠭᠤᠰᠤᠯᠴᠠᠯ᠎ᠤᠨ ᠶᠠᠪᠤᠴᠠ᠎ᠳᠤ ᠳᠤᠮᠳᠠᠳᠤ ᠵᠢᠨ ᠡᠬᠡ ᠭᠠᠵᠠᠷ᠎ᠲᠤ ᠣᠷᠣᠰᠢᠨ ᠠᠮᠢᠳᠤᠷᠠᠵᠤ ᠪᠠᠢ᠌ᠭ᠎ᠠ ᠦᠨᠳᠦᠰᠦᠲᠡᠨ᠎ᠨᠦᠭᠦᠳ᠎ᠤᠨ ᠠᠷᠠᠳ ᠲᠦᠮᠡᠨ ᠬᠥᠪᠥᠷᠡᠭᠦᠯᠦᠨ ᠪᠣᠢ᠌ᠵᠢᠭᠤᠯᠤᠭᠰᠠᠨ ᠠᠷᠠᠳ᠎ᠤᠨ ᠰᠣᠶᠣᠯ ᠪᠣᠯᠬᠤ ᠶᠤᠮ᠃ ᠲᠡᠳᠡᠭᠡᠷ᠎ᠨᠢ ᠬᠠᠷᠢᠯᠴᠠᠨ ᠨᠥᠯᠥᠭᠡᠯᠡᠯᠴᠡᠵᠦ ᠬᠠᠷᠢᠯᠴᠠᠨ ᠰᠣᠯᠢᠯᠴᠠᠵᠤ ᠬᠠᠷᠢᠯᠴᠠᠨ ᠰᠢᠩᠭᠡᠭᠡᠯᠴᠡᠵᠦ ᠬᠠᠷᠢᠯᠴᠠᠨ ᠲᠣᠯᠢᠯᠠᠴᠠᠭᠰᠠᠨ ᠠᠲᠠᠯ᠎ᠠ᠎ᠪᠠᠨ ᠪᠠᠰᠠ ᠥᠪᠡᠷ ᠥᠪᠡᠷ᠎ᠤᠨ ᠵᠶ᠋ᠡᠨ ᠥᠪᠡᠷᠮᠢᠴᠡ ᠣᠨᠴᠠᠯᠢᠭ᠎ᠲᠠᠢ ᠪᠠᠢ᠌ᠳᠠᠭ᠃
ᠲᠥᠪ᠎ᠤᠨ ᠷᠠᠳᠢᠣ᠋ ᠲᠧᠯᠸᠢᠰ ᠶᠡᠷᠦᠩᠬᠡᠢ ᠬᠣᠷᠢᠶᠠᠨ᠎ᠤ 《2024 ᠣᠨ᠎ᠤ ᠴᠠᠭ᠋ᠠᠨ ᠰᠠᠷ᠎ᠠ ᠵᠢᠨ ᠦᠳᠡᠰᠢᠯᠡᠭᠡ》 ᠵᠢᠨ ᠲᠣᠭᠯᠠᠭᠴᠢ ᠮᠸᠮᠸᠲ
ᠲᠣᠷᠭ᠋ᠠᠨ · ᠠᠰᠸᠺ᠄ 《ᠥᠨᠢᠳᠡ ᠵᠢᠨ ᠨᠠᠢ᠌ᠷᠠᠭᠯᠠᠯ》᠎ᠤᠨ ᠠᠭᠤᠯᠭ᠎ᠠ᠎ᠨᠢ ᠪᠦᠷ ᠯᠠ ᠲᠡᠭᠦᠨ (ᠪᠠᠭ᠋ᠠᠲᠤᠷ)᠎ᠤ ᠵᠣᠷᠢᠭ ᠰᠠᠨᠠᠭ᠎ᠠ᠂ ᠤᠯᠤᠰ ᠵᠶ᠋ᠠᠨ ᠬᠠᠢ᠌ᠷᠠᠯᠠᠬᠤ᠂ ᠬᠠᠷᠢᠯᠴᠠᠨ ᠪᠠᠭᠲᠠᠭ᠋ᠠᠯᠴᠠᠬᠤ᠂ ᠬᠠᠮᠲᠤᠷᠠᠨ ᠪᠦᠯᠬᠦᠮᠳᠡᠬᠦ ᠵᠣᠷᠢᠭ ᠰᠠᠨᠠᠭ᠎ᠠ ᠵᠢ ᠬᠠᠢ᠌ᠯᠠᠨ ᠳᠠᠭᠤᠯᠠᠵᠤ ᠬᠣᠢ᠌ᠴᠢ ᠦᠶ᠎ᠡ ᠵᠢᠨ᠎ᠬᠢᠨ᠎ᠤ᠎ᠲᠠᠭᠠᠨ ᠰᠣᠷᠣᠯᠴᠠᠬᠤ ᠪᠠ ᠦᠰᠦᠨ ᠪᠣᠢ᠌ᠵᠢᠬᠤ᠎ᠳᠤ ᠬᠡᠪ ᠳᠠᠭᠤᠷᠢᠶᠠᠯ ᠪᠣᠯᠣᠭᠰᠠᠨ ᠪᠠᠢ᠌ᠨ᠎ᠠ ᠭᠡᠯᠡ᠃
ᠲᠥᠪ᠎ᠤᠨ ᠷᠠᠳᠢᠣ᠋ ᠲᠧᠯᠸᠢᠰ ᠶᠡᠷᠦᠩᠬᠡᠢ ᠬᠣᠷᠢᠶᠠᠨ᠎ᠤ 《2024 ᠣᠨ᠎ᠤ ᠴᠠᠭ᠋ᠠᠨ ᠰᠠᠷ᠎ᠠ ᠵᠢᠨ ᠦᠳᠡᠰᠢᠯᠡᠭᠡ》 ᠵᠢᠨ ᠲᠣᠭᠯᠠᠭᠴᠢ
ᠽᠸᠲ᠋ᠠᠷᠳᠣᠷᠵᠢ᠄ ᠤᠵᠠᠭᠤᠷᠯᠢᠭ ᠵᠶ᠋ᠠᠷ ᠬᠠᠢ᠌ᠯᠠᠬᠤ᠎ᠨᠢ ᠵᠥᠪᠬᠡᠨ ᠲᠡᠷᠡ ᠭᠠᠵᠠᠷ ᠣᠷᠣᠨ᠎ᠳᠤ᠎ᠪᠠᠨ ᠬᠠᠢ᠌ᠯᠠᠬᠤ ᠯᠠ ᠲᠡᠳᠦᠢ᠂ ᠲᠡᠭᠦᠨ᠎ᠳᠤ ᠠᠶ᠎ᠠ ᠬᠥᠭᠵᠢᠮ ᠭᠡᠵᠦ ᠪᠠᠢ᠌ᠳᠠᠭ ᠦᠭᠡᠢ ᠭᠡᠯᠡ᠃
ᠲᠥᠪ᠎ᠤᠨ ᠷᠠᠳᠢᠣ᠋ ᠲᠧᠯᠸᠢᠰ ᠶᠡᠷᠦᠩᠬᠡᠢ ᠬᠣᠷᠢᠶᠠᠨ᠎ᠤ 《2024 ᠣᠨ᠎ᠤ ᠴᠠᠭ᠋ᠠᠨ ᠰᠠᠷ᠎ᠠ ᠵᠢᠨ ᠦᠳᠡᠰᠢᠯᠡᠭᠡ》 ᠵᠢᠨ ᠲᠣᠭᠯᠠᠭᠴᠢ ᠪ᠊ · ᠨᠠᠷᠠᠰᠤ᠄ ᠲᠡᠭᠦᠨ᠎ᠤ ᠠᠴᠢᠶᠠᠯᠠᠭᠴᠢ᠎ᠨᠢ ᠲᠤᠩ ᠶᠡᠬᠡ᠂ ᠲᠡᠷᠡ ᠪᠣᠯ ᠲᠣᠮᠣ ᠶᠡᠬᠡ ᠰᠣᠶᠣᠯ᠎ᠤᠨ ᠦᠨᠡᠲᠦ ᠡᠷᠳᠡᠨᠢ ᠮᠥᠨ᠂ ᠪᠢᠳᠠ ᠲᠤᠤᠯᠢ ᠵᠢᠨ ᠭᠡᠰᠡᠭ ᠪᠠᠳᠠᠭ᠎ᠢ᠎ᠨᠢ ᠬᠡᠷᠬᠢᠨ ᠲᠠᠢ᠌ᠰᠠᠨ᠎ᠳᠤ ᠤᠷᠠᠯᠢᠭᠵᠢᠭᠤᠯᠬᠤ᠂ ᠬᠡᠷᠬᠢᠨ ᠤᠯᠠᠮᠵᠢᠯᠠᠯᠲᠤ ᠬᠥᠭᠵᠢᠮ ᠪᠣᠯᠣᠨ ᠤᠷᠠᠯᠢᠭ᠎ᠢ ᠣᠳᠣᠵᠢᠭᠤᠯᠵᠤ ᠥᠨᠥᠳᠦᠷ᠎ᠤᠨ ᠦᠵᠡᠭᠴᠢᠳ᠎ᠤᠨ ᠳᠤᠷ᠎ᠠ ᠰᠣᠨᠢᠷᠬᠠᠯ᠎ᠢ ᠲᠠᠲᠠᠬᠤ ᠪᠠ ᠣᠢ᠌ᠯᠠᠭ᠋ᠠᠭᠤᠯᠬᠤ᠂ ᠡᠨᠡ ᠪᠣᠯ ᠲᠣᠩ ᠴᠢᠬᠤᠯᠠ ᠶᠤᠮ ᠭᠡᠯᠡ᠃
ᠤᠯᠠᠮᠵᠢᠯᠠᠯᠲᠤ ᠲᠤᠤᠯᠢ ᠵᠢ ᠥᠭᠡᠷᠡᠴᠢᠯᠡᠨ ᠨᠠᠢ᠌ᠷᠠᠭᠤᠯᠵᠤ ᠣᠳᠣᠬᠢ ᠡᠯᠧᠮᠧᠨ᠋ᠲ᠎ᠲᠠᠢ ᠠᠭᠤᠰᠤᠯᠴᠠᠭᠰᠠᠨ ᠲᠠᠢ᠌ᠰᠠᠨ᠎ᠤ ᠪᠦᠲᠦᠭᠡᠯ ᠪᠣᠯᠭ᠋ᠠᠨ ᠵᠣᠬᠢᠶᠠᠨ ᠪᠦᠲᠦᠭᠡᠬᠦ ᠡᠭᠦᠷᠭᠡ᠎ᠨᠢ ᠳᠠᠭᠤᠤ ᠬᠥᠭᠵᠢᠮ᠎ᠤᠨ ᠶᠡᠷᠦᠩᠬᠡᠢ ᠬᠢᠨᠠᠭᠴᠢ ᠬᠣᠩ ᠪᠢᠩ᠎ᠤᠨ ᠪᠡᠶ᠎ᠡ᠎ᠳᠤ ᠲᠤᠯᠭ᠋ᠠᠷᠠᠯᠠ᠃
ᠲᠥᠪ᠎ᠤᠨ ᠷᠠᠳᠢᠣ᠋ ᠲᠧᠯᠸᠢᠰ ᠶᠡᠷᠦᠩᠬᠡᠢ ᠬᠣᠷᠢᠶᠠᠨ᠎ᠤ 《2024 ᠣᠨ᠎ᠤ ᠴᠠᠭ᠋ᠠᠨ ᠰᠠᠷ᠎ᠠ ᠵᠢᠨ ᠦᠳᠡᠰᠢᠯᠡᠭᠡ》 ᠵᠢᠨ ᠲ᠋ᠠᠭᠤᠤ ᠬᠥᠭᠵᠢᠮ᠎ᠤᠨ ᠶᠡᠷᠦᠩᠬᠡᠢ ᠬᠢᠨᠠᠭᠴᠢ ᠬᠣᠩ ᠪᠢᠩ᠄ ᠠᠩᠬ᠎ᠠ ᠨᠠᠳᠠ᠎ᠳᠤ ᠬᠡᠯᠡᠬᠦ᠎ᠳᠤ ᠪᠢ ᠡᠭᠦᠨ᠎ᠢ ᠬᠢᠬᠦ᠎ᠠᠴᠠ᠎ᠪᠠᠨ ᠵᠢᠷᠦᠬᠡᠰᠢᠶᠡᠵᠦ ᠪᠠᠢ᠌ᠵᠠᠢ᠂ ᠤᠴᠢᠷ᠎ᠨᠢ ᠮᠢᠨᠦ ᠪᠣᠳᠣᠬᠤ᠎ᠪᠠᠷ ᠡᠨᠡ ᠴᠢᠨᠢ ᠦᠨᠡᠬᠡᠷ ᠨᠢᠭᠡᠨ ᠬᠠᠲᠠᠭᠤ ᠬᠦᠴᠢᠷ ᠠᠵᠢᠯ ᠪᠠᠢ᠌ᠭᠰᠠᠨ ᠳ᠋ᠠ ᠭᠡᠯᠡ᠃
ᠲᠥᠪ᠎ᠤᠨ ᠷᠠᠳᠢᠣ᠋ ᠲᠧᠯᠸᠢᠰ ᠶᠡᠷᠦᠩᠬᠡᠢ ᠬᠣᠷᠢᠶᠠᠨ᠎ᠤ 《2024 ᠣᠨ᠎ᠤ ᠴᠠᠭ᠋ᠠᠨ ᠰᠠᠷ᠎ᠠ ᠵᠢᠨ ᠦᠳᠡᠰᠢᠯᠡᠭᠡ》 ᠵᠢᠨ ᠳᠡᠳ᠋ ᠶᠡᠷᠦᠩᠬᠡᠢ ᠤᠳᠤᠷᠢᠳᠤᠭ᠋ᠠᠴᠢ ᠵᠣᠣ ᠳ᠋ᠠ ᡁᠢ᠄ ᠪᠢᠳᠡ ᠪᠠᠢ᠌ᠴᠠᠭ᠋ᠠᠨ ᠰᠤᠳᠤᠯᠤᠯᠲᠠ ᠬᠢᠵᠦ ᠪᠠᠢ᠌ᠬᠤ ᠦᠶ᠎ᠡ᠎ᠳᠤ᠂ ᠲᠡᠷᠡ (ᠲᠤᠤᠯᠢᠴᠢ) ᠠᠯᠢ ᠲᠤᠤᠯᠢ ᠵᠢ ᠴᠤ᠌ ᠭᠡᠰᠡᠨ ᠬᠡᠳᠦᠨ ᠰᠥᠨᠢ ᠬᠡᠳᠦᠨ ᠡᠳᠦᠷ ᠵᠶ᠋ᠡᠷ ᠵᠣᠭᠰᠤᠰᠢ ᠦᠭᠡᠢ ᠬᠠᠢ᠌ᠯᠠᠨ ᠬᠡᠯᠡᠳᠡᠭ ᠪᠠᠢ᠌ᠯ᠎ᠠ ᠭᠡᠪᠡ᠃
ᠲᠥᠪ᠎ᠤᠨ ᠷᠠᠳᠢᠣ᠋ ᠲᠧᠯᠸᠢᠰ ᠶᠡᠷᠦᠩᠬᠡᠢ ᠬᠣᠷᠢᠶᠠᠨ᠎ᠤ 《2024 ᠣᠨ᠎ᠤ ᠴᠠᠭ᠋ᠠᠨ ᠰᠠᠷ᠎ᠠ ᠵᠢᠨ ᠦᠳᠡᠰᠢᠯᠡᠭᠡ》 ᠵᠢᠨ ᠲᠣᠭᠯᠠᠭᠴᠢ ᠮᠸᠮᠸᠲ
ᠲᠣᠷᠭ᠋ᠠᠨ · ᠠᠰᠸᠺ᠄ ᠬᠡᠮᠨᠡᠯ ᠠᠢ᠌ᠵᠠᠮ ᠦᠭᠡᠢ᠂ ᠲᠣᠳᠣᠷᠬᠠᠢ ᠰᠠᠢ᠌ᠬᠠᠨ ᠬᠥᠭ ᠴᠣᠬᠢᠯᠭ᠎ᠠ ᠦᠭᠡᠢ᠂ ᠵᠠᠷᠢᠮ᠎ᠳᠤ᠎ᠪᠠᠨ ᠳᠥᠷᠪᠡ ᠲᠠᠪᠤ ᠵᠢᠨ᠂ ᠵᠠᠷᠢᠮ᠎ᠳᠤ᠎ᠪᠠᠨ ᠳᠥᠷᠪᠡ ᠵᠢᠷᠭᠤᠭ᠎ᠠ ᠵᠢᠨ᠂ ᠵᠠᠷᠢᠮ᠎ᠳᠤ᠎ᠪᠠᠨ ᠨᠠᠢ᠍ᠮᠠ ᠬᠡᠳᠦ ᠵᠢᠨ ᠭᠡᠬᠦᠴᠢᠯᠡᠨ ᠠᠢ᠌ᠵᠠᠮ ᠴᠣᠬᠢᠯᠭ᠎ᠠ ᠦᠭᠡᠢ ᠬᠥᠭᠵᠢᠮ ᠪᠠᠢ᠌ᠳᠠᠭ ᠭᠡᠯᠡ᠃
ᠲᠤᠰᠬᠠᠢ ᠮᠡᠷᠭᠡᠵᠢᠯ᠎ᠤᠨ ᠪᠠᠲᠤ ᠪᠠᠬᠢ ᠰᠠᠭᠤᠷᠢ ᠪᠠ ᠣᠯᠠᠨ ᠵᠢᠯ ᠲᠣᠮᠣ ᠬᠡᠯᠪᠡᠷᠢ ᠵᠢᠨ ᠦᠳᠡᠰᠢᠯᠡᠭᠡ ᠵᠢ ᠵᠣᠬᠢᠶᠠᠨ ᠪᠦᠲᠦᠭᠡᠭᠰᠡᠨ ᠲᠤᠷᠰᠢᠯᠭ᠎ᠠ᠎ᠲᠠᠢ ᠬᠣᠩ ᠪᠢᠩ᠄ ᠡᠬᠢᠯᠡᠵᠦ ᠪᠠᠢ᠌ᠴᠠᠭ᠋ᠠᠨ ᠰᠤᠳᠤᠯᠤᠯᠲᠠ ᠬᠢᠵᠦ ᠳᠠᠭᠤ ᠬᠥᠭᠵᠢᠮ ᠬᠣᠷᠢᠶᠠᠨ ᠴᠤᠭᠯᠠᠭᠤᠯᠤᠭ᠋ᠠᠳ ᠲᠡᠭᠦᠨ ᠵᠶ᠋ᠡᠨ ᠵᠥᠭᠡᠯᠡᠨ ᠲᠣᠨᠣᠭ᠎ᠲᠤ ᠣᠷᠣᠭᠤᠯᠤᠨ ᠨᠡᠢ᠌ᠳᠭᠡᠨ ᠨᠠᠢ᠌ᠷᠠᠭᠤᠯᠵᠠᠢ᠃ ᠡᠳᠡᠭᠡᠷ ᠬᠥᠭᠵᠢᠮᠳᠡᠭᠦᠷ ᠪᠣᠯᠣᠨ ᠠᠶᠠᠯᠭᠤ ᠵᠢ ᠣᠢ᠌ᠯᠭ᠋ᠠᠵᠤ ᠮᠡᠳᠡᠭᠰᠡᠨ᠎ᠤ ᠳᠠᠷᠠᠭ᠎ᠠ ᠰᠠᠶᠢ ᠪᠠᠭ᠎ᠠ ᠰᠠᠭ᠎ᠠ ᠣᠢ᠌ᠯᠠᠭ᠋ᠠᠯᠲᠠ᠎ᠲᠠᠢ ᠪᠣᠯᠪᠠ ᠭᠡᠵᠦ ᠪᠠᠢ᠌ᠪᠠ᠃
ᠲᠥᠪ᠎ᠤᠨ ᠷᠠᠳᠢᠣ᠋ ᠲᠧᠯᠸᠢᠰ ᠶᠡᠷᠦᠩᠬᠡᠢ ᠬᠣᠷᠢᠶᠠᠨ᠎ᠤ 《2024 ᠣᠨ᠎ᠤ ᠴᠠᠭ᠋ᠠᠨ ᠰᠠᠷ᠎ᠠ ᠵᠢᠨ ᠦᠳᠡᠰᠢᠯᠡᠭᠡ》 ᠵᠢᠨ ᠳᠠᠭᠤᠤ ᠬᠥᠭᠵᠢᠮ᠎ᠤᠨ ᠶᠡᠷᠦᠩᠬᠡᠢ ᠬᠢᠨᠠᠭᠴᠢ ᠬᠣᠩ ᠪᠢᠩ᠄ ᠵᠣᠬᠢᠶᠠᠨ ᠪᠦᠲᠦᠭᠡᠵᠦ ᠡᠬᠢᠯᠡᠭᠰᠡᠨ᠎ᠤ ᠳᠠᠷᠠᠭ᠎ᠠ ᠰᠠᠶᠢ ᠡᠳᠡᠭᠡᠷ᠎ᠨᠢ ᠢᠯᠡ ᠲᠣᠳᠣᠬᠠᠨ ᠥᠪᠡᠷ ᠥᠪᠡᠷ᠎ᠤᠨ ᠵᠶ᠋ᠡᠨ ᠣᠨᠴᠠᠯᠢᠭ᠎ᠲᠠᠢ ᠮᠥᠷᠲᠡᠭᠡᠨ ᠥᠪᠡᠷ ᠥᠪᠡᠷ᠎ᠤᠨ ᠵᠶ᠋ᠡᠨ ᠬᠢᠯᠠᠰ ᠴᠡᠭ ᠪᠠᠢ᠌ᠳᠠᠭ ᠭᠡᠳᠡᠭ᠎ᠢ ᠰᠡᠷᠡᠵᠦ ᠮᠡᠳᠡᠭᠰᠡᠨ ᠪᠢᠯᠡ᠃ ᠶᠠᠭᠤ ᠴᠤ᠌ ᠭᠡᠰᠡᠨ ᠮᠠᠰᠢ ᠶᠡᠬᠡ ᠢᠳᠡ ᠬᠦᠴᠦᠯᠢᠭ ᠰᠠᠨᠠᠭᠳᠠᠵᠠᠢ ᠭᠡᠯᠡ᠃
ᠬᠥᠭᠵᠢᠮᠳᠡᠭᠦᠷ᠎ᠤᠨ ᠳᠣᠲᠣᠷ᠎ᠠ᠎ᠠᠴᠠ ᠴᠤᠤᠷᠠᠢ ᠭᠠᠷᠭ᠋ᠠᠬᠤ ᠨᠡᠢ᠌ᠲᠡᠯᠢᠭ ᠵᠢᠷᠤᠮ᠎ᠢ᠎ᠨᠢ ᠡᠷᠢᠵᠦ ᠣᠯᠣᠭ᠋ᠠᠳ ᠠᠳᠠᠯᠢᠬᠠᠨ ᠵᠠᠯᠭ᠋ᠠᠰᠤ ᠲᠡᠮᠳᠡᠭ ᠵᠶ᠋ᠡᠷ ᠦᠨᠳᠦᠰᠦᠲᠡᠨ᠎ᠤ ᠲᠤᠤᠯᠢ᠎ᠳᠤ ᠣᠳᠣᠬᠢ ᠳᠠᠭᠤᠤ ᠬᠥᠭᠵᠢᠮ᠎ᠤᠨ ᠡᠯᠧᠮᠧᠨ᠋ᠲ᠎ᠢ ᠰᠢᠩᠭᠡᠭᠡᠨ ᠣᠷᠣᠭᠤᠯᠤᠭᠰᠠᠨ ᠪᠠᠢ᠌ᠨ᠎ᠠ᠂ ᠡᠨᠡ᠎ᠨᠢ ᠬᠣᠩ ᠪᠢᠩ᠎ᠤᠨ ᠭᠠᠷᠳᠠᠨ ᠵᠣᠬᠢᠶᠠᠨ ᠪᠦᠲᠦᠭᠡᠬᠦ ᠵᠢᠨ ᠰᠢᠪᠲᠤᠯᠤᠯᠲᠠ ᠪᠣᠯᠣᠭᠰᠠᠨ ᠪᠠᠢ᠌ᠨ᠎ᠠ᠃
ᠣᠷᠴᠢᠭᠤᠯᠤᠭᠴᠢ᠄ ᠭᠡᠷᠡᠯᠲᠦ
ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠦᠸᠠᠢ ᠳ᠋ᠦᠩ