ᠲᠡᠷᠢᠭᠦᠨ ᠬᠠᠭᠤᠳᠠᠰᠤ   -   ᠦᠨᠳᠦᠰᠦᠳᠠᠨ᠎ᠤ ᠰᠣᠳᠥᠷ ᠪᠢᠴᠢᠭ
《ᠭᠡᠰᠡᠷ᠎ᠤᠨ ᠲᠤᠭᠤᠵᠢ》 ᠵᠢᠨ ᠮᠣᠳᠣᠨ᠎ᠪᠠᠷ᠎ᠤᠨ ᠰᠡᠢ᠌ᠯᠦᠮᠡᠯ ᠳᠡᠪᠲᠡᠷ ᠪᠠ ᠭᠠᠷ ᠪᠢᠴᠢᠮᠡᠯ ᠳᠡᠪᠲᠡᠷ
ᠨᠡᠶ᠋ᠢᠲᠡᠯᠡᠭᠰᠡᠨ ᠴᠠᠭ᠄ 2024-04-18

      《ᠭᠡᠰᠡᠷ᠎ᠤᠨ ᠲᠤᠭᠤᠵᠢ》 ᠪᠤᠢ ᠪᠣᠯᠣᠭᠰᠠᠨ᠎ᠠᠴᠠ᠎ᠪᠠᠨ ᠠᠪᠤᠭ᠋ᠠᠳ ᠤᠷᠲᠤ ᠬᠤᠭᠤᠴᠠᠭ᠋ᠠᠨ᠎ᠤ ᠲᠤᠷᠰᠢ ᠮᠣᠩᠭᠣᠯ ᠦᠨᠳᠦᠰᠦᠲᠡᠨ᠎ᠤ ᠠᠷᠠᠳ ᠲᠦᠮᠡᠨ᠎ᠤ ᠳᠤᠮᠳᠠ ᠤᠯᠠᠮᠵᠢᠯᠠᠨ ᠳᠠᠭᠤᠯᠠᠬᠤ ᠪᠤᠶᠤ ᠪᠢᠴᠢᠵᠦ ᠬᠠᠭᠤᠯᠬᠤ ᠬᠡᠯᠪᠡᠷᠢ᠎ᠪᠠᠷ ᠤᠯᠠᠮᠵᠢᠯᠠᠭᠳᠠᠨ ᠲᠠᠷᠬᠠᠵᠠᠢ᠃ ᠴᠠᠭ ᠦᠶ᠎ᠡ ᠵᠢᠨ ᠬᠤᠪᠢᠰᠤᠯᠲᠠ ᠪᠣᠯᠣᠨ ᠮᠣᠩᠭᠣᠯ ᠦᠨᠳᠦᠰᠦᠲᠡᠨ᠎ᠤ ᠨᠡᠭᠦᠳᠡᠯ ᠨᠡᠢ᠌ᠭᠡᠮ᠎ᠤᠨ ᠬᠥᠭᠵᠢᠯᠲᠡ ᠵᠢᠴᠢ ᠤᠯᠠᠮᠵᠢᠯᠠᠭᠴᠢ᠂ ᠬᠦᠯᠢᠶᠡᠨ ᠠᠪᠤᠭᠴᠢ ᠵᠢᠨ ᠲᠠᠰᠤᠷᠠᠯᠲᠠ ᠦᠭᠡᠢ ᠨᠡᠭᠦᠵᠦ ᠰᠢᠯᠵᠢᠬᠦ ᠵᠢ ᠳᠠᠭ᠋ᠠᠯᠳᠤᠨ 《ᠭᠡᠰᠡᠷ᠎ᠤᠨ ᠲᠤᠭᠤᠵᠢ》 ᠴᠤ᠌ ᠲᠠᠰᠤᠷᠠᠯᠲᠠ ᠦᠭᠡᠢ ᠬᠤᠪᠢᠷᠠᠨ ᠥᠭᠡᠷᠡᠲᠦᠵᠦ ᠲᠤᠬᠠᠢ ᠵᠢᠨ ᠴᠠᠭ ᠦᠶ᠎ᠡ ᠲᠤᠬᠠᠢ ᠵᠢᠨ ᠭᠠᠵᠠᠷ ᠣᠷᠣᠨ᠎ᠤ ᠬᠥᠮᠦᠨ ᠨᠡᠢ᠌ᠭᠡᠮ ᠭᠠᠵᠠᠷ ᠵᠦᠢ ᠵᠢᠨ ᠣᠷᠴᠢᠨ ᠲᠣᠭᠣᠷᠢᠨ᠎ᠤ ᠣᠨᠴᠠᠯᠢᠭ᠎ᠲᠤ ᠵᠣᠬᠢᠴᠠᠬᠤ ᠲᠡᠦᠬᠡᠨ ᠶᠠᠪᠤᠴᠠ ᠵᠢ ᠥᠩᠭᠡᠷᠡᠭᠦᠯᠦᠭᠰᠡᠨ᠎ᠠᠴᠠ ᠬᠡᠯᠪᠡᠷᠢ ᠶᠠᠩᠵᠤ ᠣᠯᠠᠨ ᠵᠦᠢ᠍ᠯ᠂ ᠠᠭᠤᠯᠭ᠎ᠠ ᠭᠣᠢ᠌ᠳᠠ ᠪᠠᠶᠠᠯᠢᠭ᠂ ᠥᠪᠡᠷ ᠥᠪᠡᠷ᠎ᠤᠨ ᠣᠨᠴᠠᠯᠢᠭ᠎ᠲᠠᠢ᠎ᠪᠠᠷ ᠬᠡᠪᠯᠡᠯ᠎ᠨᠦᠭᠦᠳ ᠦᠯᠡᠳᠡᠨ ᠬᠣᠴᠣᠷᠣᠭᠰᠠᠨ ᠪᠠᠢ᠌ᠨ᠎ᠠ᠃ ᠪᠦᠷᠢᠨ ᠪᠤᠰᠤ ᠪᠦᠷᠢᠳᠬᠡᠯ᠎ᠢ ᠦᠨᠳᠦᠰᠦᠯᠡᠪᠡᠯ᠂ ᠳᠤᠮᠳᠠᠳᠤ ᠤᠯᠤᠰ᠂ ᠮᠣᠩᠭᠣᠯ᠂ ᠣᠷᠣᠰ᠂ ᠭᠧᠷᠮᠠᠨ᠂ ᠬᠠᠩᠭ᠋ᠠᠷᠢ᠂ ᠳ᠋ᠠᠨᠮᠠᠷᠺ᠂ ᠶᠠᠫᠣᠨ᠂ ᠠᠮᠧᠷᠢᠺᠠ ᠵᠡᠷᠭᠡ ᠤᠯᠤᠰ᠎ᠤᠨ ᠨᠣᠮ᠎ᠤᠨ ᠰᠠᠩ᠂ ᠡᠷᠳᠡᠮ ᠰᠢᠨᠵᠢᠯᠡᠭᠡᠨ᠎ᠤ ᠪᠠᠢ᠌ᠭᠤᠯᠤᠮᠵᠢ᠎ᠳᠤ 100 ᠭᠠᠷᠤᠢ ᠵᠦᠢ᠍ᠯ᠎ᠤᠨ 《ᠭᠡᠰᠡᠷ᠎ᠤᠨ ᠲᠤᠭᠤᠵᠢ》 ᠵᠢᠨ᠎ᠪᠠᠷ ᠬᠡᠪᠯᠡᠯ (ᠪᠤᠶᠤ ᠭᠠᠷ ᠪᠢᠴᠢᠮᠡᠯ) ᠪᠠ ᠬᠣᠯᠪᠣᠭᠳᠠᠯ ᠪᠦᠬᠦᠢ ᠮᠠᠲ᠋ᠧᠷᠢᠶᠠᠯ ᠬᠠᠳᠠᠭ᠋ᠠᠯᠠᠭᠳᠠᠵᠤ ᠪᠣᠢ᠃ ᠡᠭᠦᠨ᠎ᠤ ᠳᠣᠲᠣᠷ᠎ᠠ᠂ ᠬᠠᠮᠤᠭ᠎ᠤᠨ ᠡᠷᠲᠡ ᠬᠥᠮᠥᠰ᠎ᠲᠤ ᠲᠠᠨᠢᠭᠳᠠᠭᠰᠠᠨ᠎ᠨᠢ ᠮᠣᠳᠣᠨ᠎ᠪᠠᠷ᠎ᠤᠨ ᠰᠡᠢ᠌ᠯᠦᠮᠡᠯ ᠳᠡᠪᠲᠡᠷ  ᠪᠣᠯᠣᠨ᠎ᠠ᠂ ᠬᠣᠵᠢᠮ᠎ᠨᠢ ᠨᠡᠯᠢᠶᠡᠳ ᠣᠯᠠᠨ ᠭᠠᠷ ᠪᠢᠴᠢᠮᠡᠯ ᠳᠡᠪᠲᠡᠷ᠎ᠢ ᠵᠠᠯᠭ᠋ᠠᠭ᠎ᠠ᠎ᠪᠠᠷ ᠢᠯᠡᠷᠡᠭᠦᠯᠦᠭᠰᠡᠨ ᠪᠠᠢ᠌ᠨ᠎ᠠ᠃
      ᠪᠡᠭᠡᠵᠢᠩ ᠮᠣᠳᠣᠨ᠎ᠪᠠᠷ᠎ᠤᠨ 《ᠭᠡᠰᠡᠷ᠎ᠤᠨ ᠲᠤᠭᠤᠵᠢ》 ᠪᠣᠯ ᠮᠣᠩᠭᠣᠯ 《ᠭᠡᠰᠡᠷ᠎ᠤᠨ ᠲᠤᠭᠤᠵᠢ》 ᠵᠢᠨ ᠳᠣᠲᠣᠷ᠎ᠠ ᠲᠠᠷᠬᠠᠯᠲᠠ᠎ᠪᠠᠷ ᠬᠠᠮᠤᠭ᠎ᠤᠨ ᠥᠷᠭᠡᠨ᠂ ᠨᠥᠯᠥᠭᠡ᠎ᠪᠠᠷ ᠬᠠᠮᠤᠭ᠎ᠤᠨ ᠶᠡᠬᠡ᠎ᠪᠠᠷ ᠬᠡᠪᠯᠡᠯ ᠪᠣᠯᠣᠨ᠎ᠠ᠃ 《ᠠᠷᠪᠠᠨ ᠵᠦᠭ᠎ᠤᠨ ᠡᠵᠡᠨ ᠭᠡᠰᠡᠷ ᠬᠠᠭ᠋ᠠᠨ᠎ᠤ ᠲᠤᠭᠤᠵᠢ ᠣᠷᠣᠰᠢᠪᠠ》᠎ᠨᠢ ᠡᠩᠬᠡ ᠠᠮᠤᠭᠤᠯᠠᠩ᠎ᠤᠨ ᠲᠠᠪᠢᠨ ᠲᠠᠪᠤᠳᠤᠭ᠋ᠠᠷ ᠣᠨ (1716 ᠣᠨ) ᠎ᠳᠤ ᠪᠡᠭᠡᠵᠢᠩ᠎ᠳᠤ ᠮᠣᠳᠣᠨ᠎ᠪᠠᠷ ᠵᠶ᠋ᠠᠷ ᠬᠡᠪᠯᠡᠭᠳᠡᠵᠡᠢ᠃ ᠡᠳᠦᠭᠡ ᠳᠤᠮᠳᠠᠳᠤ ᠤᠯᠤᠰ᠎ᠤᠨ ᠤᠯᠤᠰ᠎ᠤᠨ ᠨᠣᠮ᠎ᠤᠨ ᠰᠠᠩ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠣᠮ᠎ᠤᠨ ᠰᠠᠩ᠂ ᠥᠪᠥᠷ ᠮᠣᠩᠭᠣᠯ᠎ᠤᠨ ᠶᠡᠬᠡ ᠰᠤᠷᠭ᠋ᠠᠭᠤᠯᠢ ᠵᠢᠨ ᠨᠣᠮ᠎ᠤᠨ ᠰᠠᠩ᠂ ᠥᠪᠥᠷ ᠮᠣᠩᠭᠣᠯ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠨᠣᠮ᠎ᠤᠨ ᠰᠠᠩ ᠵᠡᠷᠭᠡ ᠭᠠᠵᠠᠷ᠎ᠲᠤ ᠬᠠᠳᠠᠭ᠋ᠠᠯᠠᠭᠳᠠᠵᠤ ᠪᠣᠢ᠃
      ᠭᠠᠷ ᠪᠢᠴᠢᠮᠡᠯ 《ᠭᠡᠰᠡᠷ᠎ᠤᠨ ᠲᠤᠭᠤᠵᠢ》 ᠎ᠳᠤ ᠭᠣᠣᠯᠳᠠᠭᠤ ᠳᠣᠣᠷᠠᠬᠢ ᠪᠢᠴᠢᠮᠡᠯ ᠳᠡᠪᠲᠡᠷ᠎ᠨᠦᠭᠦᠳ ᠪᠠᠢ᠌ᠳᠠᠭ᠄
      1. ᠤᠰᠤᠲᠤ ᠵᠢᠨ ᠵᠣᠣ ᠵᠢᠨ 《ᠭᠡᠰᠡᠷ᠎ᠤᠨ ᠲᠤᠭᠤᠵᠢ》᠂ ᠭᠠᠷ ᠪᠢᠴᠢᠮᠡᠯ ᠳᠡᠪᠲᠡᠷ᠂ 1958 ᠣᠨ᠎ᠳᠤ ᠳᠣᠷᠤᠩᠭ᠎ᠠ ᠠᠪᠤᠭ᠋ᠠᠢ ᠬᠥᠬᠡᠬᠣᠲᠠ ᠵᠢᠨ ᠬᠤᠢ᠌ᠲᠤ ᠪᠡᠶ᠎ᠡ᠎ᠳᠠᠬᠢ ᠤᠰᠤᠲᠤ ᠵᠢᠨ ᠵᠣᠣ᠎ᠠᠴᠠ ᠣᠯᠵᠠᠢ᠃ ᠡᠳᠦᠭᠡ ᠥᠪᠥᠷ ᠮᠣᠩᠭᠣᠯ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠨᠣᠮ᠎ᠤᠨ ᠰᠠᠩ᠎ᠳᠤ ᠬᠠᠳᠠᠭ᠋ᠠᠯᠠᠭᠳᠠᠵᠤ ᠪᠤᠢ᠃
      2. ᠽᠠᠶ᠎ᠠ ᠵᠢᠨ 《ᠭᠡᠰᠡᠷ᠎ᠤᠨ ᠲᠤᠭᠤᠵᠢ》᠂ ᠭᠠᠷ ᠪᠢᠴᠢᠮᠡᠯ ᠳᠡᠪᠲᠡᠷ᠂ 1936 ᠣᠨ᠎ᠳᠤ ᠮᠣᠩᠭᠣᠯ ᠤᠯᠤᠰ᠎ᠤᠨ ᠤᠤᠯ᠎ᠤᠨ ᠽᠠᠶ᠎ᠠ ᠵᠢᠨ ᠬᠦᠷᠢᠶ᠎ᠡ (ᠣᠳᠣ ᠵᠢᠨ ᠮᠣᠩᠭᠣᠯ ᠤᠯᠤᠰ᠎ᠤᠨ ᠴᠡᠴᠡᠷᠯᠢᠭ ᠬᠣᠲᠠ) ᠵᠢᠨ ᠽᠠᠶ᠎ᠠ ᠪᠠᠨᠳᠢᠳᠠ ᠵᠢᠨ ᠨᠣᠮ᠎ᠤᠨ ᠰᠠᠩ᠎ᠠᠴᠠ ᠣᠯᠵᠠᠢ᠃ ᠡᠳᠦᠭᠡ ᠮᠣᠩᠭᠣᠯ ᠤᠯᠤᠰ᠎ᠤᠨ ᠤᠯᠤᠰ᠎ᠤᠨ ᠨᠣᠮ᠎ᠤᠨ ᠰᠠᠩ᠎ᠳᠤ ᠬᠠᠳᠠᠭ᠋ᠠᠯᠠᠭᠳᠠᠵᠤ ᠪᠣᠢ᠃
      3. ᠨᠣᠮᠴᠢ ᠬᠠᠲᠤᠨ᠎ᠤ 《ᠭᠡᠰᠡᠷ᠎ᠤᠨ ᠲᠤᠭᠤᠵᠢ》᠂ ᠭᠠᠷ ᠪᠢᠴᠢᠮᠡᠯ ᠳᠡᠪᠲᠡᠷ᠂ ᠪᠠᠷᠤᠭ 20 ᠳ᠋ᠤᠭ᠋ᠠᠷ ᠵᠠᠭᠤᠨ᠎ᠤ ᠳᠥᠴᠢᠭᠡᠳ ᠣᠨ᠎ᠤ ᠦᠶ᠎ᠡ᠎ᠪᠠᠷ ᠮᠣᠩᠭᠣᠯ ᠤᠯᠤᠰ᠎ᠤᠨ ᠠᠷᠤᠬᠠᠩᠭ᠋ᠠᠢ ᠠᠢ᠌ᠮᠠᠭ᠎ᠠᠴᠠ ᠣᠯᠵᠠᠢ᠃ ᠡᠳᠦᠭᠡ ᠮᠣᠩᠭᠣᠯ ᠤᠯᠤᠰ᠎ᠤᠨ ᠤᠯᠤᠰ᠎ᠤᠨ ᠨᠣᠮ᠎ᠤᠨ ᠰᠠᠩ᠎ᠳᠤ ᠬᠠᠳᠠᠭ᠋ᠠᠯᠠᠭᠳᠠᠵᠤ ᠪᠣᠢ᠃
      4. ᠣᠷᠳᠣᠰ 《ᠭᠡᠰᠡᠷ᠎ᠤᠨ ᠲᠤᠭᠤᠵᠢ》᠂ ᠭᠠᠷ ᠪᠢᠴᠢᠮᠡᠯ ᠳᠡᠪᠲᠡᠷ᠂ 1954 ᠣᠨ᠎ᠳᠤ ᠣᠷᠳᠣᠰ᠎ᠠᠴᠠ ᠣᠯᠵᠠᠢ᠃ ᠡᠳᠦᠭᠡ ᠥᠪᠥᠷ ᠮᠣᠩᠭᠣᠯ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠨᠣᠮ᠎ᠤᠨ ᠰᠠᠩ᠎ᠳᠤ ᠬᠠᠳᠠᠭ᠋ᠠᠯᠠᠭᠳᠠᠵᠤ ᠪᠣᠢ᠃
      5. ᠯᠦᠩ ᠹᠦ᠋ ᠰᠸ ᠭᠡᠢ᠌ᠳ᠎ᠤᠨ 《  ᠭᠡᠰᠡᠷ᠎ᠤᠨ ᠲᠤᠭᠤᠵᠢ》᠂ ᠭᠠᠷ ᠪᠢᠴᠢᠮᠡᠯ ᠳᠡᠪᠲᠡᠷ᠂ 1954 ᠣᠨ᠎ᠳᠤ ᠥᠪᠥᠷ ᠮᠣᠩᠭᠣᠯ᠎ᠤᠨ ᠬᠡᠯᠡ ᠤᠳᠬ᠎ᠠ ᠵᠣᠬᠢᠶᠠᠯ ᠰᠤᠳᠤᠯᠬᠤ ᠭᠠᠵᠠᠷ᠎ᠤᠨ ᠮᠡᠷᠭᠡᠨᠪᠠᠭ᠋ᠠᠲᠤᠷ ᠠᠪᠤᠭ᠋ᠠᠢ ᠪᠡᠭᠡᠵᠢᠩ᠎ᠤᠨ ᠯᠦᠩ ᠹᠦ᠋ ᠰᠸ ᠭᠡᠢ᠌ᠳ ᠵᠡᠭᠡᠯᠢ ᠵᠢᠨ ᠳ᠋ᠠ ᠶᠠ ᠲᠠᠩ ᠨᠣᠮ᠎ᠤᠨ ᠳᠡᠯᠭᠡᠭᠦᠷ᠎ᠠᠴᠠ ᠣᠯᠵᠠᠢ᠃ ᠡᠳᠦᠭᠡ ᠥᠪᠥᠷ ᠮᠣᠩᠭᠣᠯ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠨᠣᠮ᠎ᠤᠨ ᠰᠠᠩ᠎ᠳᠤ ᠬᠠᠳᠠᠭ᠋ᠠᠯᠠᠭᠳᠠᠵᠤ ᠪᠣᠢ᠃
      6. ᠴᠸᠸᠠᠩ 《ᠭᠡᠰᠡᠷ᠎ᠤᠨ ᠲᠤᠭᠤᠵᠢ》᠂ ᠭᠠᠷ ᠪᠢᠴᠢᠮᠡᠯ ᠳᠡᠪᠲᠡᠷ᠂ ᠵᠠᠮᠰᠠᠷᠠᠨᠣᠸ (ᠴᠸᠸᠠᠩ) ᠳ᠋ᠣᠺᠲ᠋ᠣᠷ 1918 ᠣᠨ᠎ᠳᠤ ᠶᠡᠬᠡ ᠬᠦᠷᠢᠶ᠎ᠡ (ᠣᠳᠣ ᠵᠢᠨ ᠤᠯᠠᠭ᠋ᠠᠨᠪᠠᠭ᠋ᠠᠲᠤᠷ) ᠎ᠠᠴᠠ ᠣᠯᠵᠠᠢ᠃ ᠡᠳᠦᠭᠡ ᠮᠣᠩᠭᠣᠯ ᠤᠯᠤᠰ᠎ᠤᠨ ᠤᠯᠤᠰ᠎ᠤᠨ ᠨᠣᠮ᠎ᠤᠨ ᠰᠠᠩ᠎ᠳᠤ ᠬᠠᠳᠠᠭ᠋ᠠᠯᠠᠭᠳᠠᠵᠤ ᠪᠣᠢ᠃
      7. ᠣᠢ᠌ᠷᠠᠳ 《ᠭᠡᠰᠡᠷ᠎ᠤᠨ ᠲᠤᠭᠤᠵᠢ》᠂ ᠭᠠᠷ ᠪᠢᠴᠢᠮᠡᠯ ᠳᠡᠪᠲᠡᠷ (ᠲᠣᠳᠣ ᠦᠰᠦᠭ)᠂ ᠣᠳᠣ ᠪᠣᠯᠲᠠᠯ᠎ᠠ ᠲᠣᠳᠣ ᠦᠰᠦᠭ᠎ᠤᠨ ᠪᠢᠴᠢᠮᠡᠯ ᠳᠡᠪᠲᠡᠷ ᠴᠤᠬᠤᠮ ᠬᠡᠳᠦᠢ ᠬᠠᠳᠠᠭ᠋ᠠᠯᠠᠭᠳᠠᠵᠤ ᠪᠠᠢ᠌ᠬᠤ ᠲᠤᠬᠠᠢ ᠲᠣᠳᠣᠷᠬᠠᠢ ᠪᠦᠷᠢᠳᠬᠡᠯ ᠦᠭᠡᠢ᠃ ᠣᠷᠣᠰ᠎ᠤᠨ ᠰᠢᠨᠵᠢᠯᠡᠬᠦ ᠤᠬᠠᠭ᠋ᠠᠨ᠎ᠤ ᠠᠺᠠᠳᠧᠮᠢ ᠵᠢᠨ ᠳᠣᠷᠣᠨᠠᠳᠠᠬᠢᠨ᠎ᠢ ᠰᠤᠳᠤᠯᠬᠤ ᠭᠠᠵᠠᠷ᠎ᠲᠤ ᠲᠣᠳᠣ ᠦᠰᠦᠭ᠎ᠤᠨ ᠭᠠᠷ ᠪᠢᠴᠢᠮᠡᠯ ᠳᠡᠪᠲᠡᠷ 8 ᠵᠦᠢ᠍ᠯ ᠬᠠᠳᠠᠭ᠋ᠠᠯᠠᠭᠳᠠᠵᠤ ᠪᠣᠢ᠃ ᠤᠯᠤᠰ᠎ᠤᠨ ᠳᠣᠲᠣᠭ᠋ᠠᠳᠤ᠎ᠳᠤ ᠣᠢ᠌ᠷᠠᠳ 《ᠭᠡᠰᠡᠷ᠎ᠤᠨ ᠲᠤᠭᠤᠵᠢ》 ᠵᠢᠨ ᠭᠠᠷ ᠪᠢᠴᠢᠮᠡᠯ ᠳᠡᠪᠲᠡᠷ ᠪᠠᠷᠤᠭ ᠭᠤᠷᠪᠠᠨ ᠵᠦᠢ᠍ᠯ ᠬᠠᠳᠠᠭ᠋ᠠᠯᠠᠭᠳᠠᠵᠤ ᠪᠣᠢ᠃


           ᠣᠷᠴᠢᠭᠤᠯᠤᠭᠴᠢ᠄ ᠭᠡᠷᠡᠯᠲᠦ
           ᠬᠢᠨᠠᠨ ᠣᠷᠴᠢᠭᠤᠯᠤᠭᠴᠢ᠄ ᠠᠳᠢᠶ᠎ᠠ   ᠰᠠᠴᠤᠷᠠᠯ
           ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠦᠸᠠᠢ ᠳ᠋ᠦᠩ

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ ᠰᠤᠳᠤᠯᠬᠤ ᠲᠠᠰᠤᠭ