ᠲᠡᠷᠢᠭᠦᠨ ᠬᠠᠭᠤᠳᠠᠰᠤ   -   ᠦᠨᠳᠦᠰᠦᠳᠠᠨ᠎ᠤ ᠰᠣᠳᠥᠷ ᠪᠢᠴᠢᠭ
ᠪᠥᠬᠥ ᠤᠯᠤᠰ᠎ᠤᠨ ᠦᠨᠳᠦᠰᠦᠲᠡᠨ᠎ᠤ ᠡᠷᠲᠡᠨ᠎ᠤ ᠦᠰᠦᠭ ᠪᠢᠴᠢᠭ᠎ᠤᠨ 《ᠴᠤᠬᠠᠭ ᠰᠢᠨᠵᠢᠯᠡᠭᠡ ᠭᠣᠴᠤ ᠡᠷᠳᠡᠮ》 ᠎ᠤᠨ ᠪᠡᠯᠡᠳᠬᠡᠯ ᠴᠢᠳᠠᠪᠦᠷᠢᠲᠠᠨ᠎ᠢ ᠳᠠᠪᠲᠠᠨ ᠪᠣᠯᠪᠠᠰᠤᠷᠠᠭᠤᠯᠬᠤ ᠠᠩᠭᠢ ᠤᠮᠠᠷᠠᠲᠤ ᠵᠢᠨ ᠦᠨᠳᠦᠰᠦᠲᠡᠨ᠎ᠤ ᠶᠡᠬᠡ ᠰᠤᠷᠭ᠋ᠠᠭᠤᠯᠢ᠎ᠳᠤ ᠬᠢᠴᠢᠶᠡᠯ ᠡᠬᠢᠯᠡᠪᠡ
ᠨᠡᠶ᠋ᠢᠲᠡᠯᠡᠭᠰᠡᠨ ᠴᠠᠭ᠄ 2024-07-26

      ᠣᠢ᠌ᠷ᠎ᠠ᠎ᠳᠤ᠂ ᠪᠥᠬᠥ ᠤᠯᠤᠰ᠎ᠤᠨ ᠦᠨᠳᠦᠰᠦᠲᠡᠨ᠎ᠤ ᠡᠷᠲᠡᠨ᠎ᠤ ᠦᠰᠦᠭ ᠪᠢᠴᠢᠭ᠎ᠤᠨ 《ᠴᠤᠬᠠᠭ ᠰᠢᠨᠵᠢᠯᠡᠭᠡ ᠭᠣᠴᠤ ᠡᠷᠳᠡᠮ》᠎ᠤᠨ ᠪᠡᠯᠡᠳᠬᠡᠯ ᠴᠢᠳᠠᠪᠦᠷᠢᠲᠠᠨ᠎ᠢ ᠳᠠᠪᠲᠠᠨ ᠪᠣᠯᠪᠠᠰᠤᠷᠠᠭᠤᠯᠬᠤ ᠠᠩᠭᠢ ᠤᠮᠠᠷᠠᠲᠤ ᠵᠢᠨ ᠦᠨᠳᠦᠰᠦᠲᠡᠨ᠎ᠤ ᠶᠡᠬᠡ ᠰᠤᠷᠭ᠋ᠠᠭᠤᠯᠢ᠎ᠳᠤ ᠬᠢᠴᠢᠶᠡᠯ ᠵᠶ᠋ᠡᠨ ᠡᠬᠢᠯᠡᠭᠦᠯᠪᠡ᠃ ᠳᠠᠪᠲᠠᠨ ᠪᠣᠯᠪᠠᠰᠤᠷᠠᠭᠤᠯᠬᠤ ᠠᠩᠭᠢ ᠵᠢ ᠤᠯᠤᠰ᠎ᠤᠨ ᠦᠨᠳᠦᠰᠦᠲᠡᠨ᠎ᠤ ᠵᠥᠪᠯᠡᠯ᠎ᠤᠨ ᠪᠥᠬᠥ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠰᠣᠳᠤᠷ ᠪᠢᠴᠢᠭ᠎ᠢ ᠡᠮᠬᠢᠳᠬᠡᠨ ᠰᠤᠳᠤᠯᠬᠤ ᠠᠯᠪᠠᠨ ᠭᠡᠷ᠎ᠤᠨ ᠵᠢᠯᠣᠭᠣᠳᠤᠯᠭ᠎ᠠ ᠳᠣᠣᠷ᠎ᠠ ᠳᠤᠮᠳᠠᠳᠤ ᠤᠯᠤᠰ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠤᠭᠰᠠᠭ᠋ᠠᠲᠠᠨ ᠵᠦᠢ ᠪᠠ ᠬᠥᠮᠦᠨ ᠵᠦᠢ ᠰᠤᠳᠤᠯᠬᠤ ᠭᠠᠵᠠᠷ᠂ ᠳᠤᠮᠳᠠᠳᠤ ᠤᠯᠤᠰ᠎ᠤᠨ ᠦᠨᠳᠦᠰᠦᠲᠡᠨ᠎ᠤ ᠡᠷᠲᠡᠨ᠎ᠤ ᠦᠰᠦᠭ ᠪᠢᠴᠢᠭ ᠰᠤᠳᠤᠯᠬᠤ ᠬᠤᠷᠠᠯ᠂ ᠤᠮᠠᠷᠠᠲᠤ ᠵᠢᠨ ᠦᠨᠳᠦᠰᠦᠲᠡᠨ᠎ᠤ ᠶᠡᠬᠡ ᠰᠤᠷᠭ᠋ᠠᠭᠤᠯᠢ ᠭᠣᠣᠯᠯᠠᠨ ᠡᠷᠬᠢᠯᠡᠵᠦ᠂ ᠤᠮᠠᠷᠠᠲᠤ ᠵᠢᠨ ᠦᠨᠳᠦᠰᠦᠲᠡᠨ᠎ᠤ ᠶᠡᠬᠡ ᠰᠤᠷᠭ᠋ᠠᠭᠤᠯᠢ ᠵᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠳᠡᠭᠡᠳᠦ ᠰᠤᠷᠭ᠋ᠠᠭᠤᠯᠢ ᠳᠠᠭ᠋ᠠᠭ᠋ᠠᠴᠢᠯᠠᠨ ᠬᠢᠭᠰᠡᠨ ᠪᠠᠢ᠌ᠨ᠎ᠠ᠃ ᠳᠤᠮᠳᠠᠳᠤ ᠤᠯᠤᠰ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠂ ᠪᠡᠭᠡᠵᠢᠩ ᠬᠡᠯᠡᠨ᠎ᠤ ᠶᠡᠬᠡ ᠰᠤᠷᠭ᠋ᠠᠭᠤᠯᠢ᠂ ᠲᠥᠪ᠎ᠤᠨ ᠦᠨᠳᠦᠰᠦᠲᠡᠨ᠎ᠤ ᠶᠡᠬᠡ ᠰᠤᠷᠭ᠋ᠠᠭᠤᠯᠢ᠂ ᠤᠮᠠᠷᠠᠲᠤ ᠵᠢᠨ ᠦᠨᠳᠦᠰᠦᠲᠡᠨ᠎ᠤ ᠶᠡᠬᠡ ᠰᠤᠷᠭ᠋ᠠᠭᠤᠯᠢ᠂ ᠯᠠᠨᠵᠧᠦ ᠶᠡᠬᠡ ᠰᠤᠷᠭ᠋ᠠᠭᠤᠯᠢ᠂ ᠥᠪᠥᠷ ᠮᠣᠩᠭᠣᠯ᠎ᠤᠨ ᠶᠡᠬᠡ ᠰᠤᠷᠭ᠋ᠠᠭᠤᠯᠢ᠂ ᠨᠢᠩᠰᠢᠶᠠ ᠶᠡᠬᠡ ᠰᠤᠷᠭ᠋ᠠᠭᠤᠯᠢ᠂ ᠰᠢᠨᠵᠢᠶᠠᠩ ᠶᠡᠬᠡ ᠰᠤᠷᠭ᠋ᠠᠭᠤᠯᠢ ᠵᠡᠷᠭᠡ ᠰᠤᠷᠭ᠋ᠠᠭᠤᠯᠢ ᠰᠤᠳᠤᠯᠬᠤ ᠭᠠᠵᠠᠷ᠎ᠤᠨ ᠲᠤᠰ ᠠᠵᠢᠯ ᠲᠦᠷᠦᠯ᠎ᠤᠨ ᠴᠠᠷᠠᠭ᠎ᠠ ᠬᠦᠷᠢᠶᠡᠨ᠎ᠳᠤ᠎ᠬᠢ10 ᠭᠠᠷᠤᠢ ᠠᠯᠳᠠᠷᠲᠤ ᠡᠷᠳᠡᠮᠲᠡᠨ᠎ᠠᠴᠠ ᠲᠠᠩᠭᠤᠳ ᠦᠰᠦᠭ᠂ ᠤᠢ᠌ᠭᠤᠷ ᠦᠰᠦᠭ ᠵᠡᠷᠭᠡ 《ᠭᠣᠴᠤ ᠡᠷᠳᠡᠮ》 ᠪᠣᠯᠣᠭᠰᠠᠨ ᠦᠨᠳᠦᠰᠦᠲᠡᠨ᠎ᠤ ᠡᠷᠲᠡᠨ᠎ᠤ ᠦᠰᠦᠭ ᠪᠢᠴᠢᠭ᠎ᠤᠨ ᠦᠨᠳᠦᠰᠦᠨ ᠣᠨᠴᠠᠯᠢᠭ᠂ ᠰᠤᠷᠪᠤᠯᠵᠢ ᠪᠢᠴᠢᠭ᠎ᠤᠨ ᠲᠣᠢ᠌ᠮᠣ ᠪᠠᠢ᠌ᠳᠠᠯ᠂ ᠦᠰᠦᠭᠯᠡᠬᠦ ᠲᠠᠨᠢᠬᠤ ᠠᠷᠭ᠎ᠠ ᠠᠪᠴᠠᠯ ᠵᠡᠷᠭᠡ ᠲᠠᠯ᠎ᠠ᠎ᠪᠠᠷ ᠲᠣᠰ ᠲᠣᠰ ᠲᠠᠢ᠌ᠯᠤᠮᠵᠢ ᠬᠢᠭᠰᠡᠨ ᠪᠠᠢ᠌ᠨ᠎ᠠ᠃
      ᠪᠥᠬᠥ ᠤᠯᠤᠰ᠎ᠤᠨ ᠦᠨᠳᠦᠰᠦᠲᠡᠨ᠎ᠤ ᠡᠷᠲᠡᠨ᠎ᠤ ᠦᠰᠦᠭ ᠪᠢᠴᠢᠭ᠎ᠤᠨ 《ᠴᠤᠬᠠᠭ ᠰᠢᠨᠵᠢᠯᠡᠭᠡ ᠭᠣᠴᠤ ᠡᠷᠳᠡᠮ 》᠎ᠤᠨ ᠪᠡᠯᠡᠳᠬᠡᠯ ᠴᠢᠳᠠᠪᠦᠷᠢᠲᠠᠨ ᠎ᠢ ᠳᠠᠪᠲᠠᠨ ᠪᠣᠯᠪᠠᠰᠤᠷᠠᠭᠤᠯᠬᠤ ᠠᠩᠭᠢ ᠵᠢ ᠤᠯᠤᠰ᠎ᠤᠨ 《ᠴᠤᠬᠠᠭ ᠰᠢᠨᠵᠢᠯᠡᠭᠡ ᠭᠣᠴᠤ ᠡᠷᠳᠡᠮ 》᠎ᠤᠨ ᠴᠢᠳᠠᠪᠤᠷᠢᠲᠠᠳ᠎ᠢ ᠬᠡᠷᠡᠭᠰᠡᠬᠦ ᠪᠣᠳᠠᠲᠤ ᠱᠠᠭ᠋ᠠᠷᠳᠠᠯᠭ᠎ᠠ ᠵᠢᠨ ᠵᠣᠭᠰᠣᠴᠠ᠎ᠠᠴᠠ ᠡᠷᠬᠢᠯᠡᠵᠦ᠂ ᠨᠠᠮ᠎ᠤᠨ ᠲᠥᠪ ᠬᠣᠷᠢᠶᠠᠨ᠎ᠤ ᠠᠯᠪᠠᠨ ᠲᠢᠩᠬᠢᠮ ᠲᠦᠷᠦ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ᠎ᠤᠨ《ᠰᠢᠨ᠎ᠡ ᠴᠠᠭ ᠦᠶ᠎ᠡ ᠵᠢᠨ ᠡᠷᠲᠡᠨ᠎ᠤ ᠨᠣᠮ ᠪᠢᠴᠢᠭ᠎ᠤᠨ ᠠᠵᠢᠯ᠎ᠢ ᠲᠦᠯᠬᠢᠨ ᠠᠬᠢᠭᠤᠯᠬᠤ ᠲᠤᠬᠠᠢ ᠰᠠᠨᠠᠯ》 ᠪᠣᠯᠣᠨ《ᠪᠥᠬᠥ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠡᠷᠲᠡᠨ᠎ᠤ ᠨᠣᠮ ᠪᠢᠴᠢᠭ᠎ᠤᠨ ᠠᠵᠢᠯ᠎ᠤᠨ  ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠥᠪᠵᠢᠭᠦᠯᠭᠡ》 ᠵᠢ ᠲᠤᠭᠤᠰᠢᠯᠠᠭᠤᠯᠤᠨ ᠨᠠᠢ᠌ᠳᠠᠪᠦᠷᠢᠵᠢᠭᠤᠯᠤᠭᠰᠠᠨ ᠪᠣᠳᠠᠲᠤ ᠠᠷᠭ᠎ᠠ ᠠᠪᠴᠠᠯ ᠪᠣᠯᠭ᠋ᠠᠨ ᠦᠨᠳᠦᠰᠦᠲᠡᠨ᠎ᠤ ᠡᠷᠲᠡᠨ᠎ᠤ ᠦᠰᠦᠭ ᠪᠢᠴᠢᠭ᠎ᠤᠨ ᠪᠡᠯᠡᠳᠬᠡᠯ ᠴᠢᠳᠠᠪᠦᠷᠢᠲᠠᠨ᠎ᠤ ᠡᠩᠨᠡᠭᠡᠨ᠎ᠤ ᠪᠦᠲᠦᠭᠡᠨ ᠪᠠᠢ᠌ᠭᠤᠯᠤᠯᠲᠠ ᠵᠢ ᠪᠦᠲᠦᠮᠵᠢᠲᠡᠢ ᠠᠬᠢᠭᠤᠯᠵᠤ᠂ ᠦᠨᠳᠦᠰᠦᠲᠡᠨ᠎ᠤ ᠬᠡᠯᠡᠨ᠎ᠤ ᠡᠷᠲᠡᠨ᠎ᠤ ᠨᠣᠮ ᠪᠢᠴᠢᠭ ᠪᠣᠯᠣᠨ ᠬᠢᠲᠠᠳ ᠬᠡᠯᠡᠨ᠎ᠤ ᠡᠷᠲᠡᠨ᠎ᠤ ᠨᠣᠮ ᠪᠢᠴᠢᠭ᠎ᠲᠤ ᠮᠡᠷᠭᠡᠰᠢᠭᠰᠡᠨ ᠬᠠᠮ ᠴᠢᠳᠠᠪᠦᠷᠢᠲᠠᠨ᠎ᠤ ᠬᠦᠮᠦᠵᠢᠭᠦᠯᠦᠯᠲᠡ ᠵᠢ ᠠᠬᠢᠭᠤᠯᠤᠭ᠋ᠠᠳ 《ᠴᠤᠬᠠᠭ ᠰᠢᠨᠵᠢᠯᠡᠭᠡ ᠭᠣᠴᠤ ᠡᠷᠳᠡᠮ》᠎ᠢ ᠬᠢᠬᠦ ᠬᠥᠮᠦᠨ᠎ᠲᠠᠢ ᠤᠯᠠᠮᠵᠢᠯᠠᠯ ᠎ᠲᠠᠢ ᠪᠠᠢ᠌ᠬᠤ ᠵᠢ ᠪᠠᠲᠤᠯᠠᠭᠰᠠᠨ ᠪᠠᠢ᠌ᠨ᠎ᠠ᠃
      ᠴᠥᠭᠡᠨ ᠲᠣᠭ᠋ᠠᠲᠤ ᠦᠨᠳᠦᠰᠦᠲᠡᠨ᠎ᠤ ᠡᠷᠲᠡᠨ᠎ᠤ ᠨᠣᠮ ᠪᠢᠴᠢᠭ᠎ᠤᠨ ᠦᠢ᠍ᠯᠡᠰ᠎ᠢ ᠤᠯᠠᠮ ᠰᠠᠢ᠌ᠨ ᠠᠬᠢᠭᠤᠯᠬᠤ ᠵᠢᠨ ᠲᠥᠯᠥᠭᠡ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠳᠤᠷ ᠪᠢᠴᠢᠭ᠎ᠢ ᠰᠤᠳᠤᠯᠬᠤ ᠳᠠᠰᠤᠭ᠂ ᠪᠥᠬᠥ ᠤᠯᠤᠰ᠎ᠤᠨ ᠳᠠᠪᠲᠠᠨ ᠪᠣᠯᠪᠠᠰᠤᠷᠠᠭᠤᠯᠬᠤ ᠠᠩᠭᠢ ᠵᠢᠨ ᠪᠦᠲᠦᠮᠵᠢᠲᠡᠢ ᠲᠤᠷᠰᠢᠯᠭ᠎ᠠ ᠵᠢ ᠰᠣᠷᠣᠯᠴᠠᠨ ᠲᠣᠯᠢᠳᠠᠵᠤ᠂ ᠬᠣᠯᠪᠣᠭᠳᠠᠯ ᠪᠦᠬᠦᠢ ᠶᠡᠬᠡ ᠳᠡᠭᠡᠳᠦ ᠰᠤᠷᠭ᠋ᠠᠭᠤᠯᠢ᠂ ᠰᠤᠳᠤᠯᠭ᠋ᠠᠨ᠎ᠤ ᠪᠠᠢ᠌ᠭᠤᠯᠤᠮᠵᠢ᠎ᠯᠤᠭ᠎ᠠ ᠵᠢᠨ ᠬᠠᠮᠲᠤᠷᠠᠯᠴᠠᠭ᠎ᠠ᠎ᠪᠠᠨ ᠴᠢᠩᠭ᠋ᠠᠳᠬᠠᠵᠤ᠂ ᠨᠠᠩ ᠰᠢᠨᠵᠢᠯᠡᠬᠦ ᠤᠬᠠᠭ᠋ᠠᠨᠴᠢ ᠵᠦᠢ ᠵᠣᠬᠢᠰᠲᠠᠢ᠎ᠪᠠᠷ ᠴᠢᠳᠠᠪᠦᠷᠢᠲᠠᠨ᠎ᠢ ᠬᠥᠮᠦᠵᠢᠭᠦᠯᠬᠦ ᠲᠥᠰᠦᠪ ᠲᠥᠯᠥᠪᠯᠡᠭᠡ ᠵᠢ ᠲᠣᠭᠲᠠᠭ᠋ᠠᠵᠤ᠂ ᠠᠵᠢᠯ᠎ᠤᠨ ᠰᠡᠳᠬᠢᠴᠡ ᠪᠣᠯᠣᠨ ᠠᠷᠭ᠎ᠠ ᠠᠪᠴᠠᠯ ᠵᠶ᠋ᠠᠨ ᠲᠠᠰᠤᠷᠠᠯᠲᠠ ᠦᠭᠡᠢ ᠰᠢᠨᠡᠳᠬᠡᠭᠡᠳ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ᠎ᠪᠠᠷ ᠭᠣᠣᠯ ᠰᠢᠵᠢᠮ ᠪᠣᠯᠭ᠋ᠠᠨ ᠥᠪᠡᠷᠲᠡᠭᠡᠨ ᠵᠠᠰᠠᠬᠤ ᠣᠷᠣᠨ᠎ᠤ ᠴᠥᠭᠡᠨ ᠲᠣᠭ᠋ᠠᠲᠤ ᠦᠨᠳᠦᠰᠦᠲᠡᠨ᠎ᠤ ᠡᠷᠲᠡᠨ᠎ᠤ ᠨᠣᠮ ᠪᠢᠴᠢᠭ᠎ᠤᠨ ᠠᠵᠢᠯ᠎ᠤᠨ ᠴᠢᠨᠠᠷ ᠰᠠᠢ᠌ᠲᠠᠢ ᠬᠥᠭᠵᠢᠯᠲᠡ ᠵᠢ ᠲᠦᠯᠬᠢᠨ ᠠᠬᠢᠭᠤᠯᠤᠨᠠᠮ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠥᠭᠡᠨ ᠲᠣᠭ᠋ᠠᠲᠤ ᠦᠨᠳᠦᠰᠦᠲᠡᠨ᠎ᠤ ᠰᠤᠳᠤᠷ ᠪᠢᠴᠢᠭ ᠰᠤᠳᠤᠯᠬᠤ ᠲᠠᠰᠤᠭ