2023 ᠣᠨ᠎ᠤ 6 ᠳ᠋ᠤᠭ᠋ᠠᠷ ᠰᠠᠷ᠎ᠠ᠎ᠳᠤ ᠶᠡᠷᠦᠩᠬᠡᠶ ᠱᠦᠵᠢ ᠰᠢ ᠵᠢᠨ ᠫᠢᠩ ᠥᠪᠥᠷ ᠮᠣᠩᠭᠣᠯ᠎ᠳᠤ ᠰᠢᠨᠵᠢᠯᠡᠨ ᠪᠠᠶ᠋ᠢᠴᠠᠭ᠋ᠠᠬᠤ᠎ᠳᠤ᠎ᠪᠠᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠪᠣᠯ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠤᠨ ᠭᠤᠤᠯ ᠰᠢᠵᠢᠮ ᠮᠥᠨ᠂ ᠪᠠᠰᠠ ᠴᠤ᠌ ᠦᠨᠳᠦᠰᠦᠲᠡᠨ᠎ᠤ ᠭᠠᠵᠠᠷ ᠣᠷᠣᠨ᠎ᠤ ᠡᠯ᠎ᠡ ᠲᠥᠷᠥᠯ᠎ᠤᠨ ᠠᠵᠢᠯ᠎ᠤᠨ ᠭᠤᠤᠯ ᠰᠢᠵᠢᠮ ᠮᠥᠨ᠃ ᠦᠨᠳᠦᠰᠦᠲᠡᠨ᠎ᠤ ᠭᠠᠵᠠᠷ ᠣᠷᠣᠨ᠎ᠤ ᠠᠵᠤ ᠠᠬᠤᠢ ᠵᠢᠨ ᠪᠦᠲᠦᠭᠡᠨ ᠪᠠᠶ᠋ᠢᠭᠤᠯᠤᠯᠲᠠ᠂ ᠤᠯᠤᠰ ᠲᠦᠷᠦ ᠵᠢᠨ ᠪᠦᠳᠦᠭᠡᠨ ᠪᠠᠶ᠋ᠢᠭᠤᠯᠤᠯᠲᠠ᠂ ᠰᠣᠶᠣᠯ᠎ᠤᠨ ᠪᠦᠳᠦᠭᠡᠨ ᠪᠠᠶ᠋ᠢᠭᠤᠯᠤᠯᠲᠠ᠂ ᠨᠡᠶ᠋ᠢᠭᠡᠮ᠎ᠤᠨ ᠪᠦᠳᠦᠭᠡᠨ ᠪᠠᠶ᠋ᠢᠭᠤᠯᠤᠯᠲᠠ᠂ ᠠᠮᠢ ᠠᠬᠤᠢ ᠵᠢᠨ ᠪᠣᠯᠪᠠᠰᠤᠨ᠎ᠤ ᠪᠦᠳᠦᠭᠡᠨ ᠪᠠᠶ᠋ᠢᠭᠤᠯᠤᠯᠲᠠ ᠪᠠ ᠨᠠᠮ᠎ᠤᠨ ᠪᠦᠳᠦᠭᠡᠨ ᠪᠠᠶ᠋ᠢᠭᠤᠯᠤᠯᠲᠠ ᠵᠡᠷᠭᠡ ᠵᠢ ᠴᠥᠮ ᠡᠨᠡ ᠬᠦ᠌ ᠭᠣᠣᠯ ᠱᠤᠭᠤᠮ᠎ᠲᠠᠢ ᠨᠢᠭᠲᠠ ᠤᠶᠠᠯᠳᠤᠭᠤᠯᠤᠨ ᠥᠴᠦᠬᠡᠨ ᠴᠦ᠍ ᠬᠡᠯᠪᠡᠢ᠌ᠯᠭᠡᠯᠡᠬᠦ ᠦᠭᠡᠢ ᠪᠠᠶ᠋ᠢᠬᠤ ᠬᠡᠷᠡᠭᠲᠡᠢ᠃ ᠬᠠᠤᠯᠢ ᠴᠠᠭ᠋ᠠᠵᠠ ᠬᠠᠤᠯᠢ ᠲᠣᠭᠲᠠᠭ᠋ᠠᠯ ᠨᠡᠢ᠌ᠲᠡᠯᠡᠬᠦ ᠴᠦ᠍ ᠲᠡᠷᠡ᠂ ᠲᠦᠷᠦ ᠵᠢᠨ ᠪᠤᠳᠤᠯᠭ᠎ᠠ ᠠᠷᠭ᠎ᠠ ᠭᠡᠮᠵᠢᠶ᠎ᠡ ᠲᠣᠭᠲᠠᠭ᠋ᠠᠬᠤ ᠴᠦ᠍ ᠲᠡᠷᠡ᠂ ᠴᠥᠮ ᠳᠤᠮᠳᠠᠳᠤ ᠵᠢᠨ ᠦᠨᠳᠦᠰᠦᠲᠡᠨ᠎ᠤ ᠨᠡᠶ᠋ᠢᠲᠡᠯᠢᠭ ᠴᠢᠨᠠᠷ᠎ᠢ ᠴᠢᠩᠭ᠋ᠠᠳᠬᠠᠬᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠴᠢᠩᠭ᠋ᠠᠳᠬᠠᠬᠤ ᠡᠭᠦᠳᠡᠨ᠎ᠠᠴᠠ ᠪᠣᠳᠤᠯᠬᠢᠯᠠᠬᠤ ᠬᠡᠷᠡᠭᠲᠡᠢ ᠭᠡᠵᠦ ᠴᠢᠬᠤᠯᠠᠴᠢᠯᠠᠪᠠ᠃ ᠡᠨᠡ ᠬᠦ᠌ ᠴᠢᠬᠤᠯᠠ ᠱᠠᠭ᠋ᠠᠷᠳᠠᠯᠭ᠎ᠠ᠎ᠨᠢ ᠪᠢᠳᠡᠨ᠎ᠤ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠢ ᠰᠠᠶ᠋ᠢᠲᠤᠷ ᠬᠢᠬᠦ ᠵᠢᠴᠢ ᠦᠨᠳᠦᠰᠦᠲᠡᠨ᠎ᠤ ᠭᠠᠵᠠᠷ ᠣᠷᠣᠨ᠎ᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ᠎ᠪᠠᠷ ᠭᠤᠤᠯ ᠰᠢᠵᠢᠮ ᠪᠣᠯᠭ᠋ᠠᠨ ᠡᠯ᠎ᠡ ᠲᠥᠷᠥᠯ᠎ᠤᠨ ᠠᠵᠢᠯ ᠵᠶ᠋ᠠᠨ ᠰᠠᠶ᠋ᠢᠲᠤᠷ ᠬᠢᠬᠦ᠎ᠳᠤ ᠦᠵᠡᠯ ᠰᠠᠨᠠᠭ᠋ᠠᠨ᠎ᠤ ᠲᠣᠭ᠎ᠢ ᠪᠣᠰᠬᠠᠵᠦ᠂ ᠲᠡᠮᠡᠴᠡᠬᠦ ᠬᠠᠷᠠᠯᠲᠠ ᠵᠢ ᠲᠣᠳᠣᠷᠬᠠᠶ᠋ᠢᠯᠠᠵᠤ᠂ ᠠᠵᠢᠯᠯᠠᠭ᠋ᠠᠨ᠎ᠤ ᠵᠦᠭᠯᠡᠭᠦᠷ᠎ᠢ ᠬᠠᠩᠭ᠋ᠠᠭᠰᠠᠨ ᠪᠠᠶ᠋ᠢᠨ᠎ᠠ᠃
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠰᠢ ᠵᠢᠨ ᠫᠢᠩ᠎ᠤᠨ ᠬᠠᠤᠯᠢ᠎ᠪᠠᠷ ᠵᠠᠰᠠᠬᠤ ᠦᠵᠡᠯ ᠰᠠᠨᠠᠭ᠎ᠠ ᠪᠣᠯᠤᠨ ᠶᠡᠷᠦᠩᠬᠡᠶ ᠱᠦᠵᠢ ᠰᠢ ᠵᠢᠨ ᠫᠢᠩ᠎ᠤᠨ ᠦᠨᠳᠦᠰᠦᠲᠡᠨ᠎ᠤ ᠠᠵᠢᠯ᠎ᠢ ᠴᠢᠩᠭ᠋ᠠᠳᠬᠠᠨ ᠰᠠᠶ᠋ᠢᠵᠢᠷᠠᠭᠤᠯᠬᠤ ᠲᠤᠬᠠᠶ ᠴᠢᠬᠤᠯᠠ ᠦᠵᠡᠯ ᠰᠠᠨᠠᠭ᠎ᠠ ᠵᠢ ᠪᠥᠬᠥ ᠲᠠᠯ᠎ᠠ᠎ᠪᠠᠷ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠬᠠᠤᠯᠢ᠎ᠪᠠᠷ ᠵᠠᠰᠠᠬᠤ ᠵᠠᠮ ᠳᠡᠭᠡᠷ᠎ᠡ ᠦᠨᠳᠦᠰᠦᠲᠡᠨ᠎ᠤ ᠬᠡᠷᠡᠭ ᠶᠠᠪᠤᠳᠠᠯ᠎ᠢ ᠵᠠᠰᠠᠬᠤ ᠵᠢ ᠪᠠᠷᠢᠮᠲᠠᠯᠠᠨ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ᠎ᠪᠠᠷ ᠭᠤᠤᠯ ᠰᠢᠵᠢᠮ ᠪᠣᠯᠭ᠋ᠠᠵᠤ᠂ ᠦᠨᠳᠦᠰᠦᠲᠡᠨ᠎ᠤ ᠠᠵᠢᠯ᠎ᠤᠨ ᠴᠠᠷᠠᠭ᠎ᠠ ᠬᠦᠷᠢᠶᠡᠨ᠎ᠳᠠᠬᠢ ᠲᠥᠷᠥ ᠵᠢᠨ ᠪᠣᠳᠣᠯᠭ᠎ᠠ ᠬᠠᠤᠯᠢ ᠳᠥᠷᠢᠮ᠎ᠢ ᠲᠣᠭᠲᠠᠭ᠋ᠠᠨ ᠨᠡᠶ᠋ᠢᠲᠡᠯᠡᠵᠦ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠤᠬᠠᠭᠤᠯᠭ᠎ᠠ ᠬᠥᠮᠦᠵᠢᠯ᠎ᠢ ᠵᠣᠬᠢᠶᠠᠨ ᠪᠠᠶ᠋ᠢᠭᠤᠯᠤᠨ ᠥᠷᠨᠢᠭᠦᠯᠵᠦ᠂ ᠦᠨᠳᠦᠰᠦᠲᠡᠨ᠎ᠨᠦᠭᠦᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠵᠢ ᠴᠢᠩᠭ᠋ᠠᠳᠬᠠᠬᠤ ᠪᠣᠳᠠᠲᠠᠶ ᠠᠷᠭ᠎ᠠ ᠬᠡᠮᠵᠢᠶ᠎ᠡ ᠵᠢ ᠰᠤᠳᠤᠯᠤᠨ ᠲᠣᠭᠲᠠᠭ᠋ᠠᠵᠤ᠂ ᠦᠨᠳᠦᠰᠦᠲᠡᠨ᠎ᠨᠦᠭᠦᠳ᠎ᠤᠨ ᠣᠯᠠᠨ ᠲᠦᠮᠡᠨ᠎ᠢ ᠠᠨᠠᠷ᠎ᠤᠨ ᠦᠷ᠎ᠡ ᠰᠢᠭ ᠨᠢᠭᠲᠠᠷᠠᠨ ᠪᠦᠯᠬᠦᠮᠳᠡᠭᠦᠯᠵᠦ᠂ ᠡᠬᠡ ᠤᠯᠤᠰ᠎ᠤᠨ ᠤᠮᠠᠷᠠᠲᠤ ᠬᠢᠯᠢ ᠵᠢ ᠬᠠᠮᠲᠤ᠎ᠪᠠᠷ ᠰᠠᠬᠢᠨ ᠬᠠᠮᠠᠭ᠋ᠠᠯᠠᠵᠤ᠂ ᠰᠠᠶ᠋ᠢᠨ ᠰᠠᠶ᠋ᠢᠬᠠᠨ ᠠᠮᠢᠳᠤᠷᠠᠯ᠎ᠢ ᠬᠠᠮᠲᠤ᠎ᠪᠠᠷ ᠴᠣᠭᠴᠠᠯᠠᠵᠤ ᠪᠠᠢ᠌ᠨ᠎ᠠ᠃
ᠦᠨᠳᠦᠰᠦᠲᠡᠨ᠎ᠤ ᠬᠡᠷᠡᠭ ᠶᠠᠪᠤᠳᠠᠯ᠎ᠢ ᠬᠠᠤᠯᠢ ᠶᠣᠰᠤ᠎ᠪᠠᠷ ᠵᠠᠰᠠᠬᠤ ᠵᠢ ᠪᠠᠷᠢᠮᠲᠠᠯᠠᠵᠦ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠬᠠᠤᠯᠢ᠎ᠪᠠᠷ ᠵᠠᠰᠠᠬᠤ ᠪᠠᠲᠤᠯᠠᠭ᠎ᠠ ᠵᠢ ᠲᠠᠰᠤᠷᠠᠯᠲᠠ ᠦᠭᠡᠢ ᠴᠢᠩᠭ᠋ᠠᠳᠬᠠᠪᠠ᠃
ᠨᠠᠮ᠎ᠤᠨ ᠠᠷᠪᠠᠨ ᠨᠠᠢ᠍ᠮᠠᠳᠤᠭ᠋ᠠᠷ ᠶᠡᠬᠡ ᠬᠤᠷᠠᠯ᠎ᠠᠴᠠ ᠨᠠᠭ᠋ᠠᠰᠢ᠂ ᠶᠡᠷᠦᠩᠬᠡᠢ ᠱᠦᠵᠢ ᠰᠢ ᠵᠢᠨ ᠫᠢᠩ ᠳᠤᠮᠳᠠᠳᠤ ᠵᠢᠨ ᠦᠨᠳᠦᠰᠦᠲᠡᠨ᠎ᠤ ᠶᠡᠬᠡ ᠭᠡᠷ ᠪᠦᠯᠢ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢ ᠠᠬᠢᠭᠤᠯᠬᠤ ᠵᠡᠷᠭᠡ ᠣᠨᠤᠯᠵᠢᠬᠤᠨ᠎ᠢ ᠴᠢᠬᠤᠯᠠᠴᠢᠯᠠᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠵᠢ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠤᠨ ᠭᠣᠣᠯ ᠰᠢᠵᠢᠮ ᠪᠠ ᠦᠨᠳᠦᠰᠦᠲᠡᠨ᠎ᠤ ᠭᠠᠵᠠᠷ ᠣᠷᠣᠨ᠎ᠤ ᠡᠯ᠎ᠡ ᠲᠥᠷᠥᠯ᠎ᠤᠨ ᠠᠵᠢᠯ᠎ᠤᠨ ᠭᠣᠣᠯ ᠰᠢᠵᠢᠮ ᠪᠣᠯᠭ᠋ᠠᠬᠤ ᠵᠢ ᠳᠤᠳᠤᠷᠬᠠᠢ ᠳᠤᠷᠠᠳᠴᠦ᠂ ᠳᠤᠮᠳᠠᠳᠤ ᠤᠯᠤᠰ᠎ᠤᠨ ᠣᠨᠴᠠᠯᠢᠭ᠎ᠲᠠᠢ᠎ᠪᠠᠷ ᠦᠨᠳᠦᠰᠦᠲᠡᠨ᠎ᠤ ᠠᠰᠠᠭᠤᠳᠠᠯ᠎ᠢ ᠰᠢᠢ᠍ᠳᠪᠦᠷᠢᠯᠡᠬᠦ ᠵᠥᠪ ᠵᠠᠮ᠎ᠢ ᠤᠯᠠᠮ ᠴᠠᠭ᠋ᠠᠰᠢᠲᠠ ᠦᠷᠭᠡᠳᠭᠡᠭᠰᠡᠨ ᠵᠶ᠋ᠡᠷ ᠶᠡᠷᠦᠩᠬᠡᠢ ᠱᠦᠵᠢ ᠰᠢ ᠵᠢᠨ ᠫᠢᠩ᠎ᠤᠨ ᠦᠨᠳᠦᠰᠦᠲᠡᠨ᠎ᠤ ᠠᠵᠢᠯ᠎ᠢ ᠴᠢᠩᠭ᠋ᠠᠳᠬᠠᠨ ᠰᠠᠶ᠋ᠢᠵᠢᠷᠠᠭᠤᠯᠬᠤ ᠲᠤᠬᠠᠢ ᠴᠢᠬᠤᠯᠠ ᠦᠵᠡᠯ ᠰᠠᠨᠠᠭ᠎ᠠ ᠵᠢ ᠪᠦᠷᠢᠯᠳᠦᠭᠦᠯᠪᠡ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠭᠡᠳᠡᠭ ᠪᠣᠯ ᠶᠡᠷᠦᠩᠬᠡᠶ ᠱᠦᠵᠢ ᠰᠢ ᠵᠢᠨ ᠫᠢᠩ᠎ᠤᠨ ᠠᠯᠤᠰ ᠬᠡᠲᠦ ᠵᠢᠨ ᠲᠡᠦᠬᠡᠨ ᠬᠠᠷᠠᠴᠠ᠂ ᠪᠥᠬᠥ ᠪᠥᠮᠪᠥᠷᠴᠡᠭ᠎ᠤᠨ ᠥᠷᠭᠡᠨ ᠬᠠᠷᠠᠭ᠋ᠠᠰᠦ᠎ᠠᠴᠠ ᠡᠷᠲᠡᠨ ᠡᠳᠦᠭᠡ ᠵᠢᠨ ᠬᠤᠪᠢᠷᠠᠯᠲᠠ᠂ ᠴᠠᠭ ᠦᠶ᠎ᠡ ᠵᠢᠨ ᠪᠠᠶ᠋ᠢᠳᠠᠯ᠎ᠢ ᠠᠵᠢᠭᠯᠠᠨ ᠪᠦᠲᠦᠭᠡᠯᠴᠢ ᠴᠢᠨᠠᠷᠲᠠᠶ᠎ᠪᠠᠷ ᠳᠤᠷᠠᠳᠤᠭᠰᠠᠨ ᠴᠢᠬᠤᠯᠠ ᠶᠡᠬᠡ ᠤᠤᠭ᠋ᠠᠯ ᠴᠢᠨᠠᠷᠲᠠᠶ ᠨᠤᠲᠠᠯᠠᠯᠲᠠ ᠮᠥᠨ᠂ ᠮᠠᠷᠺᠰ᠎ᠤᠨ ᠦᠵᠡᠯ᠎ᠤᠨ ᠦᠨᠳᠦᠰᠦᠲᠡᠨ᠎ᠤ ᠣᠨᠣᠯ᠎ᠢ ᠳᠤᠮᠳᠠᠳᠤ ᠤᠯᠤᠰᠴᠢᠯᠠᠭᠰᠠᠨ ᠴᠠᠭ ᠦᠶᠡᠴᠢᠯᠡᠭᠰᠡᠨ ᠬᠠᠮᠤᠭ᠎ᠤᠨ ᠰᠢᠨ᠎ᠡ ᠦᠷ᠎ᠡ ᠪᠦᠲᠦᠭᠡᠯ ᠮᠥᠨ᠂ ᠮᠠᠨ᠎ᠤ ᠰᠢᠨ᠎ᠡ ᠴᠠᠭ ᠦᠶ᠎ᠡ ᠵᠢᠨ ᠦᠨᠳᠦᠰᠦᠲᠡᠨ᠎ᠤ ᠠᠵᠢᠯ ᠴᠠᠭ᠋ᠠᠰᠢᠯᠠᠪᠠᠯ ᠡᠯ᠎ᠡ ᠲᠥᠷᠥᠯ᠎ᠤᠨ ᠠᠵᠢᠯ᠎ᠢ ᠰᠠᠶ᠋ᠢᠲᠤᠷ ᠬᠢᠬᠦ ᠵᠢᠨ ᠦᠨᠳᠦᠰᠦᠨ ᠵᠢᠷᠤᠮᠯᠠᠯ ᠮᠥᠨ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠣᠨᠤᠯᠵᠢᠬᠤᠨ᠎ᠢ ᠳᠤᠷᠠᠳᠤᠭᠰᠠᠨ 9 ᠵᠢᠯ ᠭᠠᠷᠤᠢ ᠵᠢᠨ ᠲᠤᠷᠰᠢ᠂ ᠡᠨᠡ ᠬᠦ᠌ ᠣᠨᠣᠯᠵᠢᠬᠤᠨ᠎ᠨᠢ ᠬᠥᠮᠦᠰ᠎ᠤᠨ ᠰᠡᠳᠬᠢᠯ᠎ᠳᠤ ᠠᠯᠬᠤᠮ ᠠᠯᠬᠤᠮ ᠵᠶ᠋ᠠᠷ ᠭᠦᠨᠵᠡᠭᠡᠶ᠋ᠢᠷᠡᠵᠦ᠂ ᠦᠢ᠍ᠯᠡᠳᠦᠯᠭᠡ᠎ᠨᠢ ᠲᠠᠰᠤᠷᠠᠯᠳᠠ ᠦᠭᠡᠢ ᠥᠷᠭᠡᠵᠢᠨ ᠭᠦᠨᠵᠡᠭᠡᠶ᠋ᠢᠷᠡᠪᠡ᠃ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ᠎ᠠᠴᠠ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠵᠢ ᠨᠠᠮ᠎ᠤᠨ ᠲᠦᠷᠢᠮ᠎ᠳᠤ ᠪᠢᠴᠢᠨ ᠣᠷᠤᠭᠤᠯᠤᠭᠰᠠᠨ᠎ᠠᠴᠠ ᠪᠦᠬᠦ ᠨᠠᠮ ᠪᠦᠬᠦ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠬᠠᠮᠲᠤ ᠵᠢᠨ ᠵᠣᠷᠢᠭ ᠰᠠᠨᠠᠭ᠎ᠠ ᠪᠠ ᠦᠨᠳᠦᠰᠦᠨ ᠵᠢᠷᠤᠮᠯᠠᠯ ᠪᠣᠯᠪᠠ᠃ 2018 ᠣᠨ᠎ᠳᠤ 《ᠳᠤᠮᠳᠠᠳᠤ ᠵᠢᠨ ᠦᠨᠳᠦᠰᠦᠲᠡᠨ》᠎ᠢ ᠠᠩᠬ᠎ᠠ ᠤᠳᠠᠭ᠎ᠠ ᠦᠨᠳᠦᠰᠦᠨ ᠬᠠᠤᠯᠢ᠎ᠳᠤ ᠪᠢᠴᠢᠵᠦ ᠣᠷᠣᠭᠤᠯᠪᠠ᠂ ᠡᠨᠡ ᠪᠣᠯ ᠪᠦᠬᠦ ᠲᠠᠯ᠎ᠠ᠎ᠪᠠᠷ ᠬᠠᠤᠯᠢ᠎ᠪᠠᠷ ᠤᠯᠤᠰ ᠵᠶ᠋ᠠᠨ ᠵᠠᠰᠠᠬᠤ ᠠᠷᠭ᠎ᠠ ᠪᠤᠳᠤᠯᠭ᠎ᠠ ᠵᠢᠨ ᠦᠨᠳᠦᠰᠦᠲᠡᠨ᠎ᠤ ᠴᠠᠷᠠᠭ᠎ᠠ ᠬᠦᠷᠢᠶᠡᠨ᠎ᠳᠠᠬᠢ ᠴᠢᠬᠤᠯᠠ ᠶᠡᠬᠡ ᠦᠢ᠍ᠯᠡᠳᠦᠯᠭᠡ ᠪᠣᠯᠵᠤ᠂ ᠦᠨᠳᠦᠰᠦᠨ ᠶᠡᠬᠡ ᠬᠠᠤᠯᠢ ᠵᠢᠨ ᠦᠨᠳᠦᠷᠴᠡ᠎ᠠᠴᠠ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠬᠠᠣᠯᠢᠵᠢᠯ᠎ᠤᠨ ᠰᠠᠭᠤᠷᠢ ᠪᠠ ᠦᠨᠳᠦᠰᠦᠯᠡᠯ᠎ᠢ ᠬᠠᠩᠭ᠋ᠠᠵᠠᠢ᠃ ᠡᠳᠡᠭᠡᠷ ᠴᠢᠬᠤᠯᠠ ᠶᠡᠬᠡ ᠠᠷᠭ᠎ᠠ ᠬᠡᠮᠵᠢᠶ᠎ᠡ᠎ᠨᠢ ᠰᠢᠨ᠎ᠡ ᠴᠠᠭ ᠦᠶ᠎ᠡ ᠵᠢᠨ ᠮᠠᠨ᠎ᠤ ᠤᠯᠤᠰ᠎ᠤᠨ ᠦᠨᠳᠦᠰᠦᠲᠡᠨ᠎ᠤ ᠠᠵᠢᠯ᠎ᠢ ᠬᠠᠤᠯᠢᠵᠢᠭᠤᠯᠬᠤ ᠰᠢᠨ᠎ᠡ ᠦᠢ᠍ᠯᠡᠳᠦᠯᠭᠡ ᠵᠢ ᠡᠬᠢᠯᠡᠭᠦᠯᠦᠭᠰᠡᠨ ᠪᠠᠶ᠋ᠢᠨ᠎ᠠ᠃ ᠡᠭᠦᠨ᠎ᠤ ᠳᠠᠭ᠋ᠠᠤ᠎ᠳᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠵᠢ ᠬᠠᠤᠯᠢ ᠲᠣᠭᠲᠠᠭ᠋ᠠᠬᠤ ᠬᠠᠤᠯᠢ᠂ ᠡᠬᠡ ᠣᠷᠣᠨᠴᠢ ᠦᠵᠡᠯ᠎ᠤᠨ ᠬᠥᠮᠦᠵᠢᠯ᠎ᠤᠨ ᠬᠠᠤᠯᠢ᠂ ᠣᠷᠣᠨ ᠨᠤᠲᠤᠭ᠎ᠤᠨ ᠡᠯ᠎ᠡ ᠱᠠᠲᠤᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ ᠪᠠ ᠣᠷᠣᠨ ᠨᠤᠲᠤᠭ᠎ᠤᠨ ᠡᠯ᠎ᠡ ᠱᠠᠲᠤᠨ᠎ᠤ ᠠᠷᠠᠳ᠎ᠤᠨ ᠵᠠᠰᠠᠭ᠎ᠤᠨ ᠣᠷᠳᠣᠨ᠎ᠤ ᠵᠣᠬᠢᠶᠠᠨ ᠪᠠᠶ᠋ᠢᠭᠤᠯᠬᠤ ᠬᠠᠤᠯᠢ᠂ ᠡᠬᠡ ᠬᠠᠭᠤᠷᠠᠶ ᠵᠢᠨ ᠤᠯᠤᠰ᠎ᠤᠨ ᠵᠠᠭ᠋ᠠᠭ᠎ᠤᠨ ᠬᠠᠤᠯᠢ᠂ ᠬᠠᠲᠤᠨ ᠭᠤᠤᠯ᠎ᠢ ᠬᠠᠮᠠᠭ᠋ᠠᠯᠠᠬᠤ ᠬᠠᠤᠯᠢ᠂ ᠬᠡᠷ ᠪᠦᠯᠢ ᠵᠢᠨ ᠬᠥᠮᠦᠵᠢᠯ᠎ᠢ ᠠᠬᠢᠭᠤᠯᠬᠤ ᠬᠠᠤᠯᠢ ᠵᠡᠷᠭᠡ 6 ᠬᠠᠤᠯᠢ᠎ᠳᠤ ᠪᠢᠴᠢᠵᠦ ᠣᠷᠣᠭᠤᠯᠪᠠ᠃ ᠬᠠᠤᠯᠢ᠎ᠪᠠᠷ ᠲᠣᠭᠲᠠᠭ᠋ᠠᠭᠰᠠᠨ ᠵᠢᠷᠤᠮ ᠵᠶ᠋ᠠᠷ ᠳᠠᠮᠵᠢᠭᠤᠯᠤᠨ ᠨᠠᠮ᠎ᠤᠨ ᠦᠨᠳᠦᠰᠦᠲᠡᠨ᠎ᠤ ᠠᠵᠢᠯ᠎ᠤᠨ ᠬᠠᠮᠤᠭ᠎ᠤᠨ ᠰᠢᠨ᠎ᠡ ᠤᠨᠤᠯ᠎ᠤᠨ ᠦᠷ᠎ᠡ ᠪᠦᠲᠦᠭᠡᠯ᠎ᠢ ᠤᠯᠤᠰ᠎ᠤᠨ ᠬᠠᠤᠯᠢ ᠴᠠᠭ᠋ᠠᠵᠠ ᠪᠣᠯᠭ᠋ᠠᠨ ᠤᠯᠠᠷᠢᠭᠤᠯᠵᠦ᠂ ᠬᠠᠤᠯᠢ᠎ᠪᠠᠷ ᠵᠠᠰᠠᠬᠤ ᠵᠢᠨ ᠦᠨᠳᠦᠰᠦ ᠵᠢ ᠪᠡᠬᠢᠵᠢᠭᠦᠯᠬᠦ᠂ ᠵᠢᠱ᠌ᠢᠯᠲᠡ ᠵᠢ ᠲᠣᠭᠲᠠᠪᠤᠷᠢᠵᠢᠭᠤᠯᠬᠤ᠂ ᠠᠯᠤᠰ ᠭᠡᠳᠤ᠎ᠳᠤ ᠠᠰᠢᠭᠲᠠᠢ ᠪᠠᠶ᠋ᠢᠯᠭ᠋ᠠᠬᠤ ᠪᠠᠲᠤᠯᠠᠭ᠎ᠠ ᠵᠢᠨ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂ ᠬᠠᠤᠯᠢ ᠶᠣᠰᠣᠭ᠋ᠠᠷ ᠲᠦᠷᠦ ᠪᠠᠷᠢᠬᠤ ᠲᠠᠯ᠎ᠠ᠎ᠠᠴᠠ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠭᠣᠣᠯ ᠰᠢᠵᠢᠮ᠎ᠤᠨ ᠱᠠᠭ᠋ᠠᠷᠳᠠᠯᠭ᠎ᠠ ᠵᠢ ᠰᠢᠰᠲ᠋ᠧᠮ᠎ᠲᠠᠢ ᠢᠯᠡᠷᠡᠭᠦᠯᠪᠡ᠃
ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ᠎ᠪᠠᠷ ᠭᠣᠣᠯ ᠰᠢᠵᠢᠮ ᠪᠣᠯᠭ᠋ᠠᠵᠦ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠶᠠᠪᠤᠳᠠᠯ᠎ᠢ ᠬᠠᠤᠯᠢ ᠶᠣᠰᠤ᠎ᠪᠠᠷ ᠵᠠᠰᠠᠬᠤ ᠬᠢᠷᠢ ᠲᠦᠪᠰᠢᠨ ᠢᠯᠡᠳᠲᠡ ᠳᠡᠭᠡᠭᠰᠢᠯᠡᠪᠡ᠃ ᠶᠡᠷᠦᠩᠬᠡᠢ ᠱᠦᠵᠢ ᠰᠢ ᠵᠢᠨ ᠫᠢᠩ᠂ ᠭᠠᠭᠴᠠ ᠬᠦ᠌ ᠬᠠᠤᠯᠢ ᠴᠠᠭ᠋ᠠᠵᠠ ᠵᠢᠨ ᠢᠲᠡᠭᠡᠯ ᠪᠢᠰᠢᠷᠡᠯ᠎ᠢ ᠪᠤᠢ ᠪᠣᠯᠭ᠋ᠠᠵᠦ᠂ ᠦᠨᠳᠦᠰᠦᠲᠡᠨ᠎ᠨᠦᠭᠦᠳ᠎ᠤᠨ ᠤᠯᠠᠨ ᠲᠦᠮᠡᠨ ᠤᠬᠠᠮᠰᠠᠷ᠎ᠠᠴᠠ᠎ᠪᠠᠨ ᠬᠠᠤᠯᠢ ᠵᠢ ᠦᠨᠳᠦᠰᠦᠯᠡᠨ ᠤᠴᠢᠷ ᠶᠠᠪᠤᠳᠠᠯ ᠵᠶ᠋ᠡᠨ ᠰᠢᠢ᠍ᠳᠪᠦᠷᠢᠯᠡᠪᠡᠯ᠂ ᠦᠨᠳᠦᠰᠦᠲᠡᠨ᠎ᠤ ᠪᠦᠯᠬᠦᠮᠳᠡᠯ ᠰᠠᠶᠢ ᠪᠠᠲᠤᠯᠠᠭ᠎ᠠ᠎ᠲᠠᠢ ᠪᠤᠯᠵᠤ᠂ ᠦᠨᠳᠦᠰᠦᠲᠡᠨ᠎ᠤ ᠬᠠᠷᠢᠴᠠᠭ᠎ᠠ ᠰᠠᠶᠢ ᠪᠠᠲᠤ ᠪᠡᠬᠢ ᠪᠤᠯᠵᠤ ᠴᠢᠳᠠᠨ᠎ᠠ ᠭᠡᠵᠦ ᠴᠢᠬᠤᠯᠠᠴᠢᠯᠠᠪᠠ᠃ 2023 ᠣᠨ᠎ᠤ 10 ᠳ᠋ᠤᠭ᠋ᠠᠷ ᠰᠠᠷ᠎ᠠ᠎ᠳᠤ ᠶᠡᠷᠦᠩᠬᠡᠶ ᠱᠦᠵᠢ ᠰᠢ ᠵᠢᠨ ᠫᠢᠩ ᠲᠥᠪ᠎ᠤᠨ ᠤᠯᠤᠰ ᠲᠥᠷᠥ ᠵᠢᠨ ᠲᠣᠪᠴᠢᠶᠠᠨ᠎ᠤ ᠶᠢᠰᠦᠳᠦᠭᠡᠷ ᠤᠳᠠᠭ᠎ᠠ ᠵᠢᠨ ᠬᠠᠮᠲᠤ ᠵᠢᠨ ᠰᠤᠷᠤᠯᠴᠠᠯᠭ᠎ᠠ ᠳᠡᠭᠡᠷ᠎ᠡ᠂ 《ᠦᠨᠳᠦᠰᠦᠲᠡᠨ᠎ᠤ ᠣᠷᠣᠨ᠎ᠤ ᠥᠪᠡᠷᠲᠡᠭᠡᠨ ᠵᠠᠰᠠᠬᠤ ᠪᠠᠶ᠋ᠢᠭᠤᠯᠤᠯ᠎ᠢ ᠪᠠᠷᠢᠮᠲᠠᠯᠠᠨ ᠲᠡᠭᠦᠯᠳᠡᠷᠵᠢᠭᠦᠯᠵᠦ᠂ ᠦᠨᠳᠦᠰᠦᠲᠡᠨ᠎ᠤ ᠲᠥᠷᠥ ᠵᠢᠨ ᠪᠣᠳᠣᠯᠭ᠎ᠠ ᠪᠠ ᠬᠠᠤᠯᠢ ᠴᠠᠭ᠋ᠠᠵᠠ ᠬᠠᠤᠯᠢ ᠳᠥᠷᠢᠮ᠎ᠤᠨ ᠲᠤᠭᠲᠠᠯᠴᠠᠭ᠎ᠠ ᠵᠢ ᠪᠦᠷᠢᠨᠰᠢᠭᠦᠯᠵᠦ᠂ ᠦᠨᠳᠦᠰᠦᠲᠡᠨ᠎ᠤ ᠬᠡᠷᠡᠭ ᠶᠠᠪᠤᠳᠠᠯ᠎ᠤᠨ ᠵᠠᠰᠠᠯᠲᠠ ᠵᠢᠨ ᠲᠤᠭᠲᠠᠯᠴᠠᠭ᠎ᠠ ᠪᠠ ᠵᠠᠰᠠᠯᠲᠠ ᠵᠢᠨ ᠴᠢᠳᠠᠪᠤᠷᠢ ᠵᠢᠨ ᠣᠳᠣᠬᠢᠴᠢᠯᠠᠯᠲᠠ ᠵᠢ ᠠᠬᠢᠭᠤᠯᠬᠤ ᠬᠡᠷᠡᠭᠲᠡᠶ》 ᠭᠡᠵᠦ ᠴᠢᠬᠤᠯᠠᠴᠢᠯᠠᠪᠠ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ᠎ᠪᠠᠷ ᠭᠣᠣᠯ ᠰᠢᠵᠢᠮ ᠪᠣᠯᠭ᠋ᠠᠵᠤ᠂ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠤᠨ ᠴᠢᠨᠠᠷ ᠰᠠᠶ᠋ᠢᠲᠠᠢ ᠬᠥᠭᠵᠢᠯᠲᠡ ᠵᠢ ᠠᠬᠢᠭᠤᠯᠬᠤ᠎ᠳᠤ ᠡᠷᠬᠡᠪᠰᠢ ᠦᠨᠳᠦᠰᠦᠲᠡᠨ᠎ᠤ ᠬᠡᠷᠡᠭ ᠶᠠᠪᠤᠳᠠᠯ᠎ᠢ ᠬᠠᠤᠯᠢ ᠶᠣᠰᠣᠭ᠋ᠠᠷ ᠵᠠᠰᠠᠬᠤ ᠵᠢ ᠪᠠᠷᠢᠮᠲᠠᠯᠠᠵᠤ᠂ ᠦᠨᠳᠦᠰᠦᠲᠡᠨ᠎ᠤ ᠬᠡᠷᠡᠭ ᠶᠠᠪᠤᠳᠠᠯ᠎ᠤᠨ ᠵᠠᠰᠠᠯᠲᠠ ᠵᠢᠨ ᠲᠤᠭᠲᠠᠯᠴᠠᠭ᠎ᠠ ᠪᠣᠯᠤᠨ ᠵᠠᠰᠠᠯᠲᠠ ᠵᠢᠨ ᠴᠢᠳᠠᠪᠤᠷᠢ ᠵᠢᠨ ᠣᠳᠣᠬᠢᠴᠢᠯᠠᠯᠲᠠ ᠵᠢ ᠠᠬᠢᠭᠤᠯᠬᠤ ᠬᠡᠷᠡᠭᠲᠡᠢ᠃ ᠥᠪᠥᠷ ᠮᠣᠩᠭᠣᠯ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠨ ᠪᠠᠶ᠋ᠢᠭᠤᠯᠤᠭᠰᠠᠨ ᠠᠩᠬᠠᠳᠠᠭᠴᠢ ᠮᠤᠵᠢ ᠵᠢᠨ ᠳᠡᠰ᠎ᠤᠨ ᠦᠨᠳᠦᠰᠦᠲᠡᠨ᠎ᠤ ᠣᠷᠤᠨ᠎ᠤ ᠥᠪᠡᠷᠲᠡᠭᠡᠨ ᠵᠠᠰᠠᠬᠤ ᠣᠷᠤᠨ ᠪᠣᠯᠬᠤᠷ᠂ ᠣᠷᠳᠣ ᠬᠤᠭᠤᠴᠠᠭ᠋ᠠᠨ᠎ᠤ ᠲᠤᠷᠰᠢ ᠦᠨᠳᠦᠰᠦᠲᠡᠨ᠎ᠤ ᠬᠡᠷᠡᠭ ᠶᠠᠪᠤᠳᠠᠯ᠎ᠢ ᠵᠠᠰᠠᠬᠤ ᠡᠯᠪᠡᠭ ᠪᠠᠶᠠᠯᠢᠭ ᠲᠤᠷᠰᠢᠯᠭ᠎ᠠ ᠵᠢ ᠬᠤᠷᠠᠮᠳᠤᠭᠤᠯᠵᠠᠶ᠃ ᠨᠠᠮ᠎ᠤᠨ ᠠᠷᠪᠠᠨ ᠨᠠᠢ᠍ᠮᠠᠳᠤᠭ᠋ᠠᠷ ᠶᠡᠬᠡ ᠬᠤᠷᠠᠯ᠎ᠠᠴᠠ ᠨᠠᠭ᠋ᠠᠰᠢ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠶᠡᠷᠦᠩᠬᠡᠶ ᠱᠦᠵᠢ ᠰᠢ ᠵᠢᠨ ᠫᠢᠩ᠎ᠤᠨ ᠦᠨᠳᠦᠰᠦᠲᠡᠨ᠎ᠤ ᠠᠵᠢᠯ᠎ᠢ ᠴᠢᠩᠭ᠋ᠠᠳᠬᠠᠨ ᠰᠠᠶ᠋ᠢᠵᠢᠷᠠᠭᠤᠯᠬᠤ ᠲᠤᠬᠠᠶ ᠴᠢᠬᠤᠯᠠ ᠦᠵᠡᠯ ᠰᠠᠨᠠᠭ᠎ᠠ ᠵᠢᠴᠢ ᠥᠪᠥᠷ ᠮᠣᠩᠭᠣᠯ᠎ᠤᠨ ᠲᠤᠬᠠᠶ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠶ ᠲᠤᠭᠤᠰᠢᠯᠠᠭᠤᠯᠤᠨ ᠨᠠᠢ᠌ᠳᠠᠪᠦᠷᠢᠵᠢᠭᠤᠯᠵᠦ᠂ ᠦᠨᠳᠦᠰᠦᠲᠡᠨ᠎ᠤ ᠶᠡᠬᠡ ᠪᠦᠯᠬᠦᠮᠳᠡᠯ᠎ᠤᠨ ᠲᠤᠭ᠎ᠢ ᠥᠨᠳᠥᠷ ᠮᠠᠨᠳᠤᠭᠤᠯᠵᠦ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠣᠨᠤᠯᠵᠢᠬᠤᠨ᠎ᠢ ᠭᠦᠨᠵᠡᠭᠡᠶ ᠤᠢ᠌ᠯᠡᠳᠦᠯᠭᠡᠵᠢᠭᠦᠯᠵᠦ᠂ ᠦᠨᠳᠦᠰᠦᠲᠡᠨ᠎ᠤ ᠪᠦᠯᠬᠦᠮᠳᠡᠯ ᠪᠠ ᠬᠢᠯᠢ ᠬᠢᠵᠠᠭ᠋ᠠᠷ᠎ᠤᠨ ᠠᠮᠤᠷ ᠲᠣᠭᠲᠠᠭᠤᠨ᠎ᠢ ᠯᠠᠪᠳᠠᠭᠤᠨ ᠪᠠᠲᠤᠲᠠᠶ ᠠᠬᠢᠭᠤᠯᠵᠦ᠂ ᠦᠨᠳᠦᠰᠦᠲᠡᠨ᠎ᠤ ᠠᠵᠢᠯ᠎ᠢ ᠨᠠᠷᠢᠨ ᠨᠢᠮᠪᠠᠶ ᠰᠠᠶ᠋ᠢᠲᠤᠷ ᠬᠢᠵᠦ᠂ ᠦᠨᠳᠦᠰᠦᠲᠡᠨ᠎ᠤ ᠠᠵᠢᠯ᠎ᠤᠨ ᠲᠤᠬᠠᠶ ᠨᠠᠮ᠎ᠤᠨ ᠲᠥᠪ ᠬᠣᠷᠢᠶᠠᠨ᠎ᠤ ᠠᠯᠢ ᠣᠯᠠᠨ ᠰᠢᠢ᠍ᠳᠪᠦᠷᠢᠲᠦ ᠪᠣᠳᠣᠯᠭ᠎ᠠ ᠵᠢᠨ ᠪᠠᠶ᠋ᠢᠷᠢᠯᠠᠭᠤᠯᠤᠯᠲᠠ ᠵᠢ ᠥᠪᠥᠷ ᠮᠣᠩᠭᠣᠯ᠎ᠳᠤ ᠪᠣᠳᠠᠲᠠᠶ᠎ᠳᠤ ᠨᠠᠶ᠋ᠢᠳᠠᠪᠤᠷᠢᠵᠢᠭᠤᠯᠬᠤ ᠵᠢ ᠦᠨᠡᠨ ᠬᠦ᠌ ᠪᠠᠳᠤᠯᠠᠭᠰᠠᠨ᠎ᠠᠴᠠ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠬᠠᠮᠲᠤ᠎ᠪᠠᠷ ᠪᠦᠯᠬᠦᠮᠳᠡᠨ ᠲᠡᠮᠡᠴᠡᠵᠦ᠂ ᠬᠠᠮᠲᠤ᠎ᠪᠠᠷ ᠴᠡᠴᠡᠭᠯᠡᠨ ᠬᠥᠭᠵᠢᠭᠰᠡᠨ ᠰᠠᠢ᠍ᠢ᠍ᠨ ᠰᠠᠶ᠋ᠢᠬᠠᠨ ᠪᠠᠶ᠋ᠢᠳᠠᠯ᠎ᠢ ᠪᠤᠢ ᠪᠣᠯᠭ᠋ᠠᠭ᠋ᠠᠳ᠂ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》᠎ᠤ ᠡᠷᠬᠢᠮ ᠳᠡᠭᠡᠳᠦ ᠢᠷᠠᠭᠤ ᠠᠯᠳᠠᠷ ᠵᠶ᠋ᠠᠨ ᠲᠠᠰᠤᠷᠠᠯᠲᠠ ᠦᠭᠡᠢ ᠬᠠᠮᠠᠭ᠋ᠠᠯᠠᠪᠠ᠃ 2021 ᠣᠨ᠎ᠤ 5 ᠳ᠋ᠤᠭ᠋ᠠᠷ ᠰᠠᠷ᠎ᠠ ᠵᠢᠨ 1᠎ᠤ ᠡᠳᠦᠷ᠎ᠠᠴᠠ ᠵᠢᠩᠬᠢᠨᠢ᠎ᠪᠠᠷ ᠬᠡᠷᠡᠭᠵᠢᠭᠦᠯᠦᠭᠰᠡᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢ ᠠᠬᠢᠭᠤᠯᠬᠤ ᠲᠦᠷᠢᠮ》᠎ᠨᠢ ᠥᠪᠡᠷᠲᠡᠭᠡᠨ ᠵᠠᠰᠠᠬᠤ ᠣᠷᠣᠨ᠎ᠤ ᠣᠷᠣᠨ ᠨᠤᠲᠤᠭ᠎ᠤᠨ ᠬᠠᠤᠯᠢ ᠲᠣᠭᠲᠠᠭ᠋ᠠᠬᠤ ᠠᠵᠢᠯ᠎ᠤᠨ ᠬᠣᠭᠣᠰᠣᠨ᠎ᠢ ᠨᠥᠬᠦᠪᠦᠷᠢᠯᠠᠭᠡᠳ᠂ ᠶᠡᠷᠦᠩᠬᠡᠶ ᠱᠦᠵᠢ ᠰᠢ ᠵᠢᠨ ᠫᠢᠩ᠎ᠤᠨ ᠦᠨᠳᠦᠰᠦᠲᠡᠨ᠎ᠤ ᠠᠵᠢᠯ᠎ᠢ ᠴᠢᠩᠭ᠋ᠠᠳᠬᠠᠨ ᠰᠠᠶ᠋ᠢᠵᠢᠷᠠᠭᠤᠯᠬᠤ ᠲᠤᠬᠠᠶ ᠴᠢᠬᠤᠯᠠ ᠦᠵᠡᠯ ᠰᠠᠨᠠᠭ᠎ᠠ ᠵᠢᠴᠢ ᠥᠪᠥᠷ ᠮᠣᠩᠭᠣᠯ᠎ᠤᠨ ᠲᠤᠬᠠᠶ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠦᠢ᠍ᠯᠡᠰ᠎ᠤᠨ ᠡᠯ᠎ᠡ ᠵᠦᠢ᠍ᠯ᠎ᠤᠨ ᠠᠵᠢᠯ᠎ᠤᠨ ᠳᠤᠮᠳᠠ ᠪᠦᠬᠦ ᠲᠠᠯ᠎ᠠ᠎ᠪᠠᠷ ᠲᠤᠭᠤᠰᠢᠯᠠᠭᠤᠯᠤᠨ ᠨᠠᠢ᠌ᠳᠠᠪᠦᠷᠢᠵᠢᠭᠤᠯᠵᠦ᠂ ᠦᠨᠳᠦᠰᠦᠲᠡᠨ᠎ᠤ ᠠᠵᠢᠯ᠎ᠤᠨ ᠲᠤᠬᠠᠶ ᠨᠠᠮ᠎ᠤᠨ ᠲᠥᠪ ᠬᠣᠷᠢᠶ᠎ᠠ ᠪᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠴᠢᠬᠤᠯᠠ ᠶᠡᠬᠡ ᠰᠢᠢ᠍ᠳᠪᠦᠷᠢᠲᠦ ᠪᠣᠳᠣᠯᠭ᠎ᠠ ᠵᠢᠨ ᠪᠠᠶ᠋ᠢᠷᠢᠯᠠᠭᠤᠯᠤᠯᠲᠠ ᠵᠢᠴᠢ ᠠᠵᠢᠯ᠎ᠤᠨ ᠱᠠᠭ᠋ᠠᠷᠳᠠᠯᠭ᠎ᠠ ᠵᠢ ᠬᠠᠤᠯᠢ ᠵᠢᠨ ᠲᠣᠭᠲᠠᠭ᠋ᠠᠯ ᠪᠣᠯᠭ᠋ᠠᠨ ᠳᠡᠭᠡᠭᠰᠢᠯᠡᠭᠦᠯᠵᠦ᠂ ᠪᠦᠬᠦ ᠣᠷᠣᠨ᠎ᠤ ᠦᠨᠳᠦᠰᠦᠲᠡᠨ᠎ᠨᠦᠭᠦᠳ᠎ᠤᠨ ᠣᠯᠠᠨ ᠲᠦᠮᠡᠨ᠎ᠤ ᠦᠵᠡᠰᠬᠦᠯᠡᠩᠲᠦ ᠰᠠᠶ᠋ᠢᠬᠠᠨ ᠥᠪᠥᠷ ᠮᠣᠩᠭᠣᠯ ᠵᠶ᠋ᠠᠨ ᠪᠦᠲᠦᠭᠡᠨ ᠪᠠᠢ᠌ᠭᠤᠯᠵᠦ᠂ ᠠᠭᠤᠤ ᠶᠡᠬᠡ ᠳᠤᠮᠳᠠᠳᠤ ᠵᠢᠨ ᠬᠦᠰᠡᠯ ᠵᠡᠭᠦᠳᠦ ᠵᠢ ᠬᠠᠮᠲᠤ᠎ᠪᠠᠷ ᠲᠡᠷᠭᠡᠯᠰᠢᠭᠦᠯᠬᠦ ᠠᠵᠢᠯᠯᠠᠭ᠋ᠠᠨ᠎ᠤ ᠬᠥᠳᠡᠯᠭᠡᠬᠦ ᠬᠦᠴᠦᠨ ᠪᠣᠯᠭ᠋ᠠᠨ ᠤᠯᠠᠷᠢᠭᠤᠯᠪᠠ᠃ ᠶᠡᠷᠦᠩᠬᠡᠶ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠤᠨ ᠲᠤᠬᠠᠶ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠤᠯᠠᠮ ᠨᠢᠭᠡ ᠠᠯᠬᠤᠮ ᠲᠤᠭᠤᠰᠢᠯᠠᠭᠤᠯᠤᠨ ᠨᠠᠢ᠌ᠳᠠᠪᠦᠷᠢᠵᠢᠭᠤᠯᠬᠤ ᠵᠢᠨ ᠲᠦᠯᠦᠭᠡ 2023 ᠣᠨ᠎ᠳᠤ᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ ᠲᠠᠯ᠎ᠠ᠎ᠪᠠᠷ ᠪᠥᠲᠥᠭᠡᠨ ᠪᠠᠶ᠋ᠢᠭᠤᠯᠬᠤ ᠵᠢ ᠠᠬᠢᠭᠤᠯᠬᠤ ᠲᠦᠷᠢᠮ》 ᠵᠡᠷᠭᠡ 6 ᠶᠡᠷᠦᠩᠬᠡᠶ᠋ᠢᠯᠡᠭᠰᠡᠨ ᠴᠢᠨᠠᠷᠲᠠᠶ ᠴᠢᠬᠤᠯᠠ ᠶᠡᠬᠡ ᠬᠠᠤᠯᠢ ᠲᠣᠭᠲᠠᠭ᠋ᠠᠯ᠎ᠢ ᠵᠡᠷᠭᠡ᠎ᠪᠠᠷ ᠲᠣᠭᠲᠠᠭ᠋ᠠᠨ ᠨᠡᠶ᠋ᠢᠲᠡᠯᠡᠵᠦ᠂ ᠶᠡᠷᠦᠩᠬᠡᠶ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠳᠤ ᠲᠤᠰᠢᠶᠠᠭᠰᠠᠨ ᠲᠠᠪᠤᠨ ᠶᠡᠬᠡ ᠡᠭᠦᠷᠭᠡ ᠪᠠ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ ᠲᠠᠯ᠎ᠠ᠎ᠪᠠᠷ ᠪᠥᠲᠥᠭᠡᠨ ᠪᠠᠶ᠋ᠢᠭᠤᠯᠬᠤ ᠬᠣᠶᠠᠷ ᠶᠡᠬᠡ ᠶᠠᠪᠤᠳᠠᠯ᠎ᠢ ᠴᠢᠷᠮᠠᠶ᠋ᠢᠨ ᠪᠡᠶᠡᠯᠡᠭᠦᠯᠬᠦ᠎ᠳᠤ ᠪᠠᠲᠤ ᠪᠠᠬᠢ ᠬᠠᠤᠯᠢ᠎ᠪᠠᠷ ᠵᠠᠰᠠᠬᠤ ᠪᠠᠲᠤᠯᠠᠭ᠎ᠠ ᠬᠠᠩᠭ᠋ᠠᠪᠠ᠃ 2024 ᠣᠨ᠎ᠠᠴᠠ ᠡᠬᠢᠯᠡᠨ ᠬᠡᠷᠡᠭᠵᠢᠭᠦᠯᠦᠭᠰᠡᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠢᠯᠢ ᠬᠢᠵᠠᠭ᠋ᠠᠷ ᠣᠷᠣᠨ᠎ᠤ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠬᠤ ᠲᠦᠷᠢᠮ》᠎ᠨᠢ ᠬᠠᠤᠯᠢ᠎ᠪᠠᠷ ᠲᠣᠭᠲᠠᠭ᠋ᠠᠭᠰᠠᠨ ᠵᠢᠷᠤᠮ ᠶᠣᠰᠤ᠎ᠪᠠᠷ ᠨᠠᠮ᠎ᠤᠨ ᠬᠢᠯᠢ ᠬᠢᠵᠠᠭ᠋ᠠᠷ ᠣᠷᠣᠨ᠎ᠳᠤ ᠠᠰᠢᠭ ᠬᠦᠷᠲᠡᠭᠡᠬᠦ ᠲᠥᠷᠥ ᠵᠢᠨ ᠪᠣᠳᠣᠯᠭ᠎ᠠ ᠵᠢ ᠪᠥᠬᠥ ᠣᠷᠣᠨ᠎ᠤ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠬᠠᠮᠲᠤ ᠵᠢᠨ ᠵᠣᠷᠢᠭ ᠰᠠᠨᠠᠭ᠎ᠠ ᠪᠣᠯᠭ᠋ᠠᠨ ᠤᠯᠠᠷᠢᠭᠤᠯᠵᠦ᠂ ᠬᠢᠯᠢ ᠬᠢᠵᠠᠭ᠋ᠠᠷ᠎ᠤᠨ ᠦᠨᠳᠦᠰᠦᠲᠡᠨ᠎ᠤ ᠣᠷᠣᠨ᠎ᠤ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠬᠤ ᠪᠣᠯᠤᠭᠰᠠᠨ ᠪᠠᠢ᠌ᠨ᠎ᠠ᠃
ᠤᠢ᠍ᠢ᠍ᠷ᠎ᠠ ᠵᠢᠨ ᠵᠢᠯ᠎ᠳᠤ᠂ ᠥᠪᠡᠷᠲᠡᠭᠡᠨ ᠵᠠᠰᠠᠬᠤ ᠣᠷᠣᠨ᠎ᠠᠴᠠ ᠠᠶ᠋ᠢᠮᠠᠭ ᠬᠤᠳᠠ ᠬᠦᠷᠲᠡᠯᠡᠬᠢ ᠪᠤᠢ ᠪᠦᠬᠦᠢ ᠣᠷᠣᠨ ᠨᠤᠲᠤᠭ᠎ᠤᠨ ᠴᠢᠨᠠᠷᠲᠠᠢ ᠬᠠᠤᠯᠢ ᠲᠣᠭᠲᠠᠭ᠋ᠠᠯ᠎ᠢ ᠪᠠᠶ᠋ᠢᠴᠠᠭ᠋ᠠᠨ ᠰᠤᠳᠤᠯᠵᠤ ᠪᠢᠴᠢᠵᠦ ᠳᠤᠭᠤᠷᠪᠢᠬᠤ᠎ᠠᠴᠠ ᠠᠪᠤᠭ᠋ᠠᠳ ᠵᠠᠰᠠᠪᠤᠷᠢ ᠣᠷᠣᠭᠤᠯᠵᠤ ᠲᠡᠭᠦᠯᠳᠡᠷᠵᠢᠭᠦᠯᠬᠦ ᠬᠦᠷᠲᠡᠯ᠎ᠡ᠂ ᠴᠠᠭ᠋ᠠᠰᠢᠯᠠᠪᠠᠯ ᠬᠢᠨᠠᠨ ᠵᠥᠪᠯᠡᠵᠦ ᠪᠠᠲᠤᠯᠠᠬᠤ᠎ᠪᠠᠷ ᠲᠤᠷᠠᠳᠤᠯᠭ᠎ᠠ ᠳᠡᠪᠰᠢᠭᠦᠯᠬᠦ ᠬᠦᠷᠲᠡᠯ᠎ᠡ ᠴᠥᠮ ᠳᠤᠮᠳᠠᠳᠤ ᠵᠢᠨ ᠦᠨᠳᠦᠰᠦᠲᠡᠨ᠎ᠤ ᠨᠡᠶ᠋ᠢᠲᠡᠯᠢᠭ ᠴᠢᠨᠠᠷ᠎ᠢ ᠴᠢᠩᠭ᠋ᠠᠳᠬᠠᠬᠤ ᠵᠢ ᠠᠩᠬᠠᠷᠴᠤ᠂ ᠪᠤᠢ ᠪᠦᠬᠦᠢ ᠠᠵᠢᠯ᠎ᠢ ᠴᠥᠮ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠡᠨᠡ ᠬᠦ᠌ ᠭᠣᠣᠯ ᠰᠢᠵᠢᠮ ᠳᠡᠭᠡᠷ᠎ᠡ ᠲᠥᠪᠯᠡᠷᠡᠭᠦᠯᠦᠨ ᠬᠦᠴᠦᠯᠡᠬᠦ ᠵᠢ ᠠᠬᠢᠭᠤᠯᠪᠠ᠃ 2023 ᠣᠨ ᠪᠣᠯᠲᠠᠯ᠎ᠠ᠂ ᠥᠪᠡᠷᠲᠡᠭᠡᠨ ᠵᠠᠰᠠᠬᠤ ᠣᠷᠣᠨ᠎ᠤ ᠣᠲᠣ ᠵᠢᠨ ᠬᠡᠷᠡᠭᠵᠢᠭᠦᠯᠵᠦ ᠪᠠᠶ᠋ᠢᠭ᠎ᠠ ᠣᠷᠣᠨ ᠨᠤᠲᠤᠭ᠎ᠤᠨ ᠴᠢᠨᠠᠷᠲᠠᠶ 175 ᠬᠠᠤᠯᠢ ᠲᠣᠭᠲᠠᠭ᠋ᠠᠯ᠂ ᠮᠣᠷᠢᠨᠳᠠᠪᠠᠭ᠎ᠠ ᠳᠠᠭᠤᠷ ᠦᠨᠳᠦᠰᠦᠲᠡᠨ᠎ᠤ ᠥᠪᠡᠷᠲᠡᠭᠡᠨ ᠵᠠᠰᠠᠬᠤ ᠬᠣᠰᠢᠭᠤ ᠵᠡᠷᠭᠡ 3 ᠥᠪᠡᠷᠲᠡᠭᠡᠨ ᠵᠠᠰᠠᠬᠤ ᠬᠣᠰᠢᠭᠤᠨ᠎ᠤ ᠲᠣᠭᠲᠠᠭ᠋ᠠᠭᠰᠠᠨ 3 ᠥᠪᠡᠷᠲᠡᠭᠡᠨ ᠵᠠᠰᠠᠬᠤ ᠲᠦᠷᠢᠮ᠂ 22 ᠲᠤᠰᠬᠠᠶ ᠲᠦᠷᠢᠮ᠎ᠳᠤ ᠨᠠᠮ᠎ᠤᠨ ᠦᠨᠳᠦᠰᠦᠲᠡᠨ᠎ᠤ ᠣᠨᠣᠯ ᠪᠠ ᠦᠨᠳᠦᠰᠦᠲᠡᠨ᠎ᠤ ᠲᠥᠷᠥ ᠵᠢᠨ ᠪᠣᠳᠣᠯᠭ᠎ᠠ ᠵᠢ ᠬᠠᠤᠯᠢ ᠴᠠᠭ᠋ᠠᠵᠠ ᠵᠢᠨ ᠬᠡᠯᠪᠡᠷᠢ᠎ᠪᠠᠷ ᠢᠯᠡᠷᠡᠭᠦᠯᠵᠦ᠂ ᠬᠠᠤᠯᠢ ᠴᠠᠭ᠋ᠠᠵᠠ᠎ᠪᠠᠷ ᠦᠨᠳᠦᠰᠦᠲᠡᠨ᠎ᠤ ᠪᠦᠯᠬᠦᠮᠳᠡᠯ᠎ᠢ ᠦᠨᠡᠨ ᠬᠦ᠌ ᠪᠠᠲᠤᠯᠠᠵᠤ᠂ ᠦᠨᠳᠦᠰᠦᠲᠡᠨ᠎ᠤ ᠭᠠᠵᠠᠷ ᠣᠷᠣᠨ᠎ᠤ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠪᠠ᠃
ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠬᠠᠤᠯᠢ᠎ᠪᠠᠷ ᠵᠠᠰᠠᠬᠤ ᠪᠦᠳᠦᠭᠡᠨ ᠪᠠᠶ᠋ᠢᠭᠤᠯᠤᠯᠲᠠ ᠵᠢ ᠲᠦᠷᠭᠡᠳᠬᠡᠵᠦ᠂ ᠨᠡᠶ᠋ᠢᠭᠡᠮ ᠵᠢᠷᠤᠮᠲᠤ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ᠎ᠳᠤ ᠬᠠᠤᠯᠢ ᠴᠠᠭ᠋ᠠᠵᠠ ᠵᠢᠨ ᠲᠤᠯᠭ᠋ᠠᠭᠤᠷᠢᠯᠠᠯ᠎ᠢ ᠬᠠᠩᠭ᠋ᠠᠪᠠ᠃
ᠰᠠᠢ᠍ᠢ᠍ᠨ ᠬᠠᠤᠯᠢ ᠪᠣᠯ ᠴᠢᠳᠠᠮᠠᠭ᠋ᠠᠢ ᠵᠠᠰᠠᠬᠤ ᠵᠢᠨ ᠰᠠᠭᠤᠷᠢ ᠮᠥᠨ᠃ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠢ ᠰᠠᠶ᠋ᠢᠲᠤᠷ ᠬᠢᠵᠦ᠂ ᠦᠨᠳᠦᠰᠦᠲᠡᠨ᠎ᠤ ᠬᠡᠷᠡᠭ ᠶᠠᠪᠤᠳᠠᠯ᠎ᠤᠨ ᠵᠠᠰᠠᠯᠲᠠ ᠵᠢᠨ ᠬᠠᠤᠯᠢᠵᠢᠯ᠎ᠤᠨ ᠬᠢᠷᠢ ᠲᠦᠪᠰᠢᠨ᠎ᠢ ᠳᠡᠭᠡᠭᠰᠢᠯᠡᠭᠦᠯᠬᠦ᠎ᠳᠤ ᠬᠠᠤᠯᠢ᠎ᠪᠠᠷ ᠵᠠᠰᠠᠬᠤ ᠵᠢ ᠦᠨᠳᠦᠰᠦᠲᠡᠨ᠎ᠤ ᠠᠵᠢᠯ᠎ᠤᠨ ᠪᠦᠬᠦ ᠴᠠᠷᠠᠭ᠎ᠠ ᠬᠦᠷᠢᠶ᠎ᠡ ᠡᠯ᠎ᠡ ᠭᠣᠭᠴᠣᠭ᠎ᠠ᠎ᠳᠤ ᠲᠤᠭᠤᠰᠢᠯᠠᠭᠤᠯᠵᠤ᠂ ᠬᠠᠤᠯᠢ᠎ᠪᠠᠷ ᠵᠠᠰᠠᠬᠤ ᠵᠠᠮ ᠳᠡᠭᠡᠷ᠎ᠡ ᠦᠨᠳᠦᠰᠦᠲᠡᠨ᠎ᠤ ᠬᠡᠷᠡᠭ ᠶᠠᠪᠤᠳᠠᠯ᠎ᠢ ᠵᠠᠰᠠᠵᠤ᠂ ᠨᠡᠶ᠋ᠢᠭᠡᠮ ᠵᠢᠷᠦᠮᠲᠦ ᠬᠠᠤᠯᠢ᠎ᠪᠠᠷ ᠵᠠᠰᠠᠬᠤ ᠨᠢᠭᠡᠳᠦᠯ ᠪᠣᠯᠤᠨ ᠨᠡᠷ᠎ᠡ ᠬᠦᠨᠳᠦ ᠵᠢ ᠦᠨᠡᠨ ᠬᠦ᠌ ᠬᠠᠮᠠᠭ᠋ᠠᠯᠠᠵᠤ᠂ ᠦᠨᠳᠦᠰᠦᠲᠡᠨ᠎ᠤ ᠠᠵᠢᠯ᠎ᠤᠨ ᠬᠠᠤᠯᠢ ᠴᠠᠭ᠋ᠠᠵᠠ ᠪᠣᠯᠤᠨ ᠬᠠᠤᠯᠢ᠎ᠪᠠᠷ ᠵᠠᠰᠠᠬᠤ ᠲᠤᠭᠲᠠᠯᠴᠠᠭ᠎ᠠ ᠵᠢ ᠪᠦᠷᠢᠨᠰᠢᠬᠦᠯᠬᠦ ᠬᠡᠷᠡᠭᠲᠡᠢ᠃ ᠵᠢᠷᠤᠮᠯᠠᠬᠤ ᠬᠠᠤᠯᠢ᠎ᠲᠠᠢ ᠪᠠᠶ᠋ᠢᠬᠤ ᠪᠣᠯ ᠬᠠᠤᠯᠢ ᠶᠣᠰᠤ᠎ᠪᠠᠷ ᠤᠯᠤᠰ ᠵᠶ᠋ᠠᠨ ᠵᠠᠰᠠᠬᠤ ᠵᠢ ᠠᠬᠢᠭᠤᠯᠬᠤ ᠪᠠ ᠦᠨᠳᠦᠰᠦᠲᠡᠨ᠎ᠤ ᠬᠡᠷᠡᠭ ᠶᠠᠪᠤᠳᠠᠯ᠎ᠢ ᠬᠠᠤᠯᠢ ᠶᠣᠰᠤ᠎ᠪᠠᠷ ᠵᠠᠰᠠᠬᠤ ᠵᠢᠨ ᠦᠨᠳᠦᠰᠦᠨ ᠤᠷᠢᠲᠠᠯ ᠮᠥᠨ᠃ ᠮᠠᠨ᠎ᠤ ᠤᠯᠤᠰ᠎ᠤᠨ ᠠᠩᠬᠠᠳᠠᠭᠴᠢ ᠮᠤᠵᠢ ᠵᠢᠨ ᠳᠡᠰ᠎ᠤᠨ ᠦᠨᠳᠦᠰᠦᠲᠡᠨ᠎ᠤ ᠣᠷᠤᠨ᠎ᠤ ᠥᠪᠡᠷᠲᠡᠭᠡᠨ ᠵᠠᠰᠠᠬᠤ ᠣᠷᠣᠨ ᠪᠣᠯᠤᠭᠰᠠᠨ᠎ᠤ ᠬᠤᠪᠢ᠎ᠳᠤ ᠦᠨᠳᠦᠰᠦᠲᠡᠨ᠎ᠤ ᠠᠵᠢᠯ᠎ᠤᠨ ᠴᠠᠷᠠᠭ᠎ᠠ ᠬᠦᠷᠢᠶᠡᠨ᠎ᠳᠠᠬᠢ ᠬᠠᠤᠯᠢ᠎ᠪᠠᠷ ᠵᠠᠰᠠᠬᠤ ᠪᠠᠶ᠋ᠢᠭᠤᠯᠤᠯᠲᠠ ᠤᠯᠠᠮ ᠲᠡᠭᠦᠯᠳᠡᠷᠵᠢᠬᠦ ᠲᠤᠲᠤᠮ ᠡᠬᠡ ᠣᠷᠣᠨ᠎ᠤ ᠨᠢᠭᠡᠳᠦᠯ ᠪᠠ ᠬᠢᠯᠢ ᠬᠢᠵᠠᠭ᠋ᠠᠷ᠎ᠤᠨ ᠪᠡᠬᠢᠵᠢᠯ᠎ᠳᠤ ᠤᠯᠠᠮ ᠠᠰᠢᠭᠲᠠᠶ᠂ ᠦᠨᠳᠦᠰᠦᠲᠡᠨ᠎ᠤ ᠪᠦᠯᠬᠦᠮᠳᠡᠯ ᠪᠠ ᠨᠡᠶ᠋ᠢᠭᠡᠮ᠎ᠤᠨ ᠲᠣᠭᠲᠠᠭᠤᠨ ᠪᠠᠶ᠋ᠢᠳᠠᠯ᠎ᠳᠤ ᠤᠯᠠᠮ ᠠᠰᠢᠭᠲᠠᠶ᠂ ᠤᠯᠤᠰ ᠣᠷᠣᠨ᠎ᠤ ᠥᠨᠢ ᠤᠳᠠᠭ᠋ᠠᠨ ᠠᠮᠤᠷ ᠲᠦᠪᠰᠢᠨ ᠪᠠ ᠳᠤᠮᠳᠠᠳᠤ ᠵᠢᠨ ᠦᠨᠳᠦᠰᠦᠲᠡᠨ᠎ᠤ ᠴᠡᠴᠡᠭᠯᠡᠯ ᠬᠥᠭᠵᠢᠯ᠎ᠳᠤ ᠤᠯᠠᠮ ᠠᠰᠢᠭᠲᠠᠶ ᠪᠣᠯᠤᠨ᠎ᠠ ᠭᠡᠳᠡᠭ᠎ᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠷᠳᠣ ᠬᠤᠭᠤᠴᠠᠭ᠋ᠠᠨ᠎ᠤ ᠦᠨᠳᠦᠰᠦᠲᠡᠨ᠎ᠤ ᠠᠵᠢᠯ᠎ᠤᠨ ᠤᠢ᠌ᠯᠡᠳᠦᠯᠭᠡ ᠭᠦᠢ᠍ᠴᠡᠳ ᠬᠡᠷᠡᠴᠢᠯᠡᠪᠡ᠃
ᠤᠢ᠍ᠢ᠍ᠷ᠎ᠠ ᠵᠢᠨ ᠵᠢᠯ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ᠎ᠪᠠᠷ ᠡᠯ᠎ᠡ ᠲᠥᠷᠥᠯ᠎ᠤᠨ ᠠᠵᠢᠯ᠎ᠤᠨ ᠭᠣᠣᠯ ᠰᠢᠵᠢᠮ ᠪᠣᠯᠭ᠋ᠠᠵᠤ᠂ ᠦᠨᠳᠦᠰᠦᠲᠡᠨ᠎ᠤ ᠪᠦᠯᠬᠦᠮᠳᠡᠯ ᠲᠠᠪᠰᠢᠯᠳᠠ ᠵᠢ ᠠᠬᠢᠭᠤᠯᠬᠤ ᠣᠷᠣᠨ ᠨᠤᠲᠤᠭ᠎ᠤᠨ ᠴᠢᠨᠠᠷᠲᠠᠢ ᠠᠯᠢ ᠤᠯᠠᠨ ᠬᠠᠤᠯᠢ ᠲᠦᠷᠢᠮ᠎ᠢ ᠲᠣᠭᠲᠠᠭ᠋ᠠᠵᠤ᠂ ᠬᠠᠤᠯᠢ᠎ᠪᠠᠷ ᠵᠠᠰᠠᠬᠤ ᠵᠠᠮ ᠳᠡᠭᠡᠷ᠎ᠡ ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠤᠨ ᠲᠤᠬᠠᠢ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢᠨ 《ᠠᠤᠭ᠎ᠠ ᠲᠥᠰᠦᠪ᠎ᠢ ᠭᠦᠢ᠍ᠴᠡᠳ ᠵᠢᠷᠤᠭᠯᠠᠬᠤ》 ᠵᠢ ᠪᠠᠲᠤᠯᠠᠪᠠ᠃ ᠦᠢ᠍ᠯᠡᠳᠦᠯᠭᠡ ᠵᠢᠨ ᠳᠤᠮᠳᠠ᠂ ᠶᠡᠷᠦᠩᠬᠡᠶ ᠱᠦᠵᠢ ᠰᠢ ᠵᠢᠨ ᠫᠢᠩ᠎ᠤᠨ ᠦᠨᠳᠦᠰᠦᠲᠡᠨ᠎ᠤ ᠠᠵᠢᠯ᠎ᠢ ᠴᠢᠩᠭ᠋ᠠᠳᠬᠠᠨ ᠰᠠᠶ᠋ᠢᠵᠢᠷᠠᠭᠤᠯᠬᠤ ᠲᠤᠬᠠᠶ ᠴᠢᠬᠤᠯᠠ ᠦᠵᠡᠯ ᠰᠠᠨᠠᠭ᠎ᠠ ᠵᠢ ᠪᠦᠬᠦ ᠲᠠᠯ᠎ᠠ᠎ᠪᠠᠷ ᠲᠤᠭᠤᠰᠢᠯᠠᠭᠤᠯᠤᠨ ᠨᠠᠶ᠋ᠢᠳᠠᠪᠤᠷᠢᠵᠢᠭᠤᠯᠬᠤ᠂ ᠦᠨᠳᠦᠰᠦᠲᠡᠨ᠎ᠤ ᠠᠵᠢᠯ᠎ᠤᠨ ᠲᠤᠬᠠᠶ ᠨᠠᠮ᠎ᠤᠨ ᠲᠥᠪ ᠬᠣᠷᠢᠶᠠᠨ᠎ᠤ ᠴᠢᠬᠤᠯᠠ ᠶᠡᠬᠡ ᠰᠢᠢ᠍ᠳᠪᠦᠷᠢᠲᠦ ᠪᠣᠳᠣᠯᠭ᠎ᠠ ᠵᠢᠨ ᠪᠠᠶ᠋ᠢᠷᠢᠯᠠᠭᠤᠯᠤᠯᠲᠠ ᠵᠢ ᠪᠥᠬᠥ ᠲᠠᠯ᠎ᠠ᠎ᠪᠠᠷ ᠲᠤᠭᠤᠰᠢᠯᠠᠭᠤᠯᠤᠨ ᠨᠠᠢ᠌ᠳᠠᠪᠦᠷᠢᠵᠢᠭᠤᠯᠬᠤ᠂ ᠥᠪᠥᠷ ᠮᠣᠩᠭᠣᠯ᠎ᠤᠨ ᠰᠢᠨ᠎ᠡ ᠴᠠᠭ ᠦᠶ᠎ᠡ ᠵᠢᠨ ᠦᠨᠳᠦᠰᠦᠲᠡᠨ᠎ᠤ ᠠᠵᠢᠯ᠎ᠢ ᠪᠥᠬᠥ ᠲᠠᠯ᠎ᠠ᠎ᠪᠠᠷ ᠴᠢᠩᠭ᠋ᠠᠳᠬᠠᠨ ᠰᠠᠶ᠋ᠢᠵᠢᠷᠠᠭᠤᠯᠬᠤ ᠵᠡᠷᠭᠡ ᠲᠠᠯ᠎ᠠ᠎ᠪᠠᠷ᠂ ᠦᠨᠳᠦᠰᠦᠲᠡᠨ᠎ᠨᠦᠭᠦᠳ᠎ᠤᠨ ᠠᠭᠤᠤ ᠶᠡᠬᠡ ᠡᠬᠡ ᠤᠯᠤᠰ᠂ ᠳᠤᠮᠳᠠᠳᠤ ᠵᠢᠨ ᠦᠨᠳᠦᠰᠦᠲᠡᠨ᠂ ᠳᠤᠮᠳᠠᠳᠤ ᠵᠢᠨ ᠰᠣᠶᠣᠯ᠂ ᠳᠤᠮᠳᠠᠳᠤ ᠤᠯᠤᠰ᠎ᠤᠨ ᠡᠪ ᠬᠠᠮᠲᠤ ᠨᠠᠮ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠢ ᠳᠡᠭᠡᠳᠦ ᠬᠡᠮᠵᠢᠶ᠎ᠡ᠎ᠪᠠᠷ ᠮᠡᠳᠡᠷᠡᠬᠦ ᠵᠢ ᠠᠬᠢᠭᠤᠯᠬᠤ ᠵᠡᠷᠭᠡ ᠲᠠᠯ᠎ᠠ᠎ᠪᠠᠷ᠂ ᠦᠨᠳᠦᠰᠦᠲᠡᠨ᠎ᠨᠦᠭᠦᠳ ᠴᠥᠮ ᠡᠷᠬᠡ ᠲᠡᠭᠰᠢ ᠪᠠᠶ᠋ᠢᠬᠤ ᠵᠢ ᠪᠠᠷᠢᠮᠲᠠᠯᠠᠬᠤ᠂ ᠦᠨᠳᠦᠰᠦᠲᠡᠨ᠎ᠨᠦᠭᠦᠳ ᠬᠠᠮᠲᠤ᠎ᠪᠠᠷ ᠡᠷᠬᠡ ᠮᠡᠳᠡᠵᠦ ᠡᠵᠡᠨ ᠰᠠᠭᠤᠬᠤ ᠵᠢᠨ ᠬᠠᠮᠲᠤ ᠲᠥᠷᠥ ᠵᠢᠨ ᠬᠡᠷᠡᠭ ᠶᠠᠪᠤᠳᠠᠯ᠎ᠤᠨ ᠬᠠᠮᠢᠶᠠᠷᠤᠯᠲᠠ᠎ᠳᠤ ᠣᠷᠣᠯᠴᠠᠬᠤ ᠵᠢ ᠪᠠᠳᠤᠯᠠᠬᠤ᠂ ᠦᠨᠳᠦᠰᠦᠲᠡᠨ᠎ᠨᠦᠭᠦᠳ᠎ᠤᠨ ᠣᠯᠠᠨ ᠲᠦᠮᠡᠨ᠎ᠤ ᠬᠠᠤᠯᠢ ᠶᠣᠰᠣᠨ᠎ᠤ ᠡᠷᠬᠡ ᠠᠰᠢᠭ᠎ᠢ ᠬᠠᠤᠯᠢ ᠶᠣᠰᠤ᠎ᠪᠠᠷ ᠪᠠᠲᠤᠯᠠᠬᠤ ᠲᠠᠯ᠎ᠠ᠎ᠪᠠᠷ᠂ ᠦᠨᠳᠦᠰᠦᠲᠡᠨ᠎ᠨᠦᠭᠦᠳ᠎ᠤᠨ ᠬᠠᠮᠲᠤ᠎ᠪᠠᠷ ᠭᠦᠭᠵᠢᠵᠦ᠂ ᠬᠠᠮᠲᠤ᠎ᠪᠠᠷ ᠪᠠᠶᠠᠵᠢᠬᠤ ᠵᠢ ᠳᠡᠮᠵᠢᠬᠦ ᠵᠡᠷᠭᠡ ᠲᠠᠯ᠎ᠠ᠎ᠪᠠᠷ ᠤᠯᠤᠰ᠎ᠤᠨ ᠲᠠᠯ᠎ᠠ᠎ᠠᠴᠠ ᠶᠡᠷᠦᠩᠬᠡᠶ ᠱᠦᠵᠢ ᠰᠢ ᠵᠢᠨ ᠫᠢᠩ᠎ᠤᠨ ᠦᠨᠳᠦᠰᠦᠲᠡᠨ᠎ᠤ ᠠᠵᠢᠯ᠎ᠢ ᠴᠢᠩᠭ᠋ᠠᠳᠬᠠᠨ ᠰᠠᠶ᠋ᠢᠵᠢᠷᠠᠭᠤᠯᠬᠤ ᠲᠤᠬᠠᠶ ᠴᠢᠬᠤᠯᠠ ᠦᠵᠡᠯ ᠰᠠᠨᠠᠭ᠎ᠠ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠠᠵᠢᠯ᠎ᠤᠨ ᠭᠣᠣᠯ ᠰᠢᠵᠢᠮ᠎ᠢ ᠬᠠᠤᠯᠢ ᠴᠠᠭ᠋ᠠᠵᠠ ᠵᠢᠨ ᠬᠡᠯᠪᠡᠷᠢ᠎ᠪᠠᠷ ᠲᠤᠭᠤᠰᠢᠯᠠᠭᠤᠯᠤᠨ ᠨᠠᠢ᠌ᠳᠠᠪᠦᠷᠢᠵᠢᠭᠤᠯᠵᠦ᠂ ᠦᠨᠳᠦᠰᠦᠲᠡᠨ᠎ᠤ ᠬᠡᠷᠡᠭ ᠶᠠᠪᠤᠳᠠᠯ᠎ᠢ ᠬᠠᠤᠯᠢ᠎ᠪᠠᠷ ᠵᠠᠰᠠᠬᠤ ᠵᠠᠮ ᠵᠶ᠋ᠠᠷ ᠬᠡᠷᠡᠭᠵᠢᠭᠦᠯᠬᠦ ᠵᠢ ᠪᠠᠳᠤᠯᠠᠵᠦ᠂ ᠨᠠᠮ᠎ᠤᠨ ᠦᠨᠳᠦᠰᠦᠲᠡᠨ᠎ᠤ ᠣᠨᠣᠯ ᠪᠠ ᠦᠨᠳᠦᠰᠦᠲᠡᠨ᠎ᠤ ᠲᠥᠷᠥ ᠵᠢᠨ ᠪᠣᠳᠣᠯᠭ᠎ᠠ ᠵᠢᠨ ᠰᠢᠨ᠎ᠡ ᠡᠭᠦᠳᠦᠯᠲᠡ᠎ᠲᠠᠢ ᠭᠦᠭᠵᠢᠯᠲᠡ ᠵᠢᠨ ᠦᠷ᠎ᠡ ᠪᠦᠲᠦᠭᠡᠯ᠎ᠢ ᠤᠯᠤᠰ᠎ᠤᠨ ᠬᠠᠤᠯᠢ ᠴᠠᠭ᠋ᠠᠵᠠ᠎ᠳᠤ ᠢᠯᠡᠷᠡᠭᠦᠯᠬᠦ ᠵᠢ ᠪᠢᠳᠡ ᠪᠠᠰᠠ ᠲᠤᠯᠭ᠋ᠠᠮ ᠬᠦᠰᠡᠵᠦ ᠪᠤᠢ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠬᠠᠤᠯᠢ᠎ᠪᠠᠷ ᠵᠠᠰᠠᠬᠤ ᠪᠠᠶ᠋ᠢᠭᠤᠯᠤᠯᠲᠠ᠎ᠪᠠᠷ ᠳᠠᠮᠵᠢᠨ᠂ ᠰᠢᠨᠵᠢᠯᠡᠬᠦ ᠤᠬᠠᠭ᠋ᠠᠨᠴᠢ ᠪᠦᠷᠢᠨ ᠲᠡᠭᠦᠯᠳᠡᠷ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠣᠨᠣᠯ᠎ᠤᠨ ᠲᠤᠭᠲᠠᠯᠴᠠᠭ᠎ᠠ ᠵᠢ ᠤᠯᠠᠮ ᠨᠢᠭᠡ ᠠᠯᠬᠤᠮ ᠪᠠᠢ᠌ᠭᠤᠯᠵᠦ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠣᠶᠤᠨ ᠰᠠᠨᠠᠭ᠋ᠠᠨ᠎ᠤ ᠭᠡᠷ ᠣᠷᠣᠨ᠎ᠢ ᠲᠠᠰᠤᠷᠠᠯᠲᠠ ᠦᠭᠡᠢ ᠴᠣᠭᠴᠠᠯᠠᠵᠤ᠂ ᠦᠨᠳᠦᠰᠦᠲᠡᠨ᠎ᠨᠦᠭᠦᠳ᠎ᠤᠨ ᠨᠡᠶ᠋ᠢᠭᠡᠮ ᠵᠢᠷᠤᠮᠲᠤ ᠣᠳᠣᠬᠢᠴᠢᠯᠠᠯᠲᠠ ᠲᠡᠢ᠌ᠰᠢ ᠬᠠᠮᠲᠤ᠎ᠪᠠᠷ ᠤᠷᠤᠭᠰᠢᠯᠠᠬᠤ ᠵᠢ ᠠᠬᠢᠭᠤᠯᠬᠤ ᠰᠢᠨ᠎ᠡ ᠠᠶᠠᠨ ᠵᠠᠮ᠎ᠳᠤ ᠬᠠᠤᠯᠢ ᠴᠠᠭ᠋ᠠᠵᠠ ᠵᠢᠨ ᠬᠡᠯᠪᠡᠷᠢ᠎ᠪᠠᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠪᠠ ᠨᠡᠶ᠋ᠢᠭᠡᠮ ᠵᠢᠷᠤᠮᠲᠤ ᠪᠠᠶ᠋ᠢᠭᠤᠯᠤᠯ ᠪᠣᠯ ᠮᠠᠨ᠎ᠤ ᠤᠯᠤᠰ᠎ᠤᠨ ᠦᠨᠳᠦᠰᠦᠲᠡᠨ᠎ᠨᠦᠭᠦᠳ᠎ᠤᠨ ᠬᠠᠮᠲᠤ᠎ᠪᠠᠷ ᠬᠥᠭᠵᠢᠨ ᠲᠠᠪᠰᠢᠬᠤ ᠵᠢᠨ ᠨᠠᠶ᠋ᠢᠳᠠᠪᠤᠷᠢᠲᠠᠢ ᠪᠠᠲᠤᠯᠠᠭ᠎ᠠ ᠮᠥᠨ ᠭᠡᠳᠡᠭ᠎ᠢ ᠲᠣᠳᠣᠷᠬᠠᠢ ᠶᠠᠷᠢᠬᠤ ᠬᠡᠷᠡᠭᠲᠡᠢ᠂ ᠳᠤᠮᠳᠠᠳᠤ ᠵᠢᠨ ᠦᠨᠳᠦᠰᠦᠲᠡᠨ ᠪᠣᠯ ᠬᠦᠴᠦᠷᠬᠡᠭ ᠶᠡᠬᠡ ᠮᠡᠳᠡᠷᠡᠬᠦᠢ ᠪᠠ ᠨᠢᠭᠲᠠᠷᠠᠯ᠎ᠤᠨ ᠬᠦᠴᠦᠨ᠎ᠲᠠᠢ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠮᠥᠨ ᠭᠡᠳᠡᠭ᠎ᠢ ᠳᠤᠳᠤᠷᠬᠠᠢ ᠶᠠᠷᠢᠬᠤ ᠬᠡᠷᠡᠭᠲᠡᠢ᠂ ᠳᠤᠮᠳᠠᠳᠤ ᠤᠯᠤᠰ᠎ᠤᠨ ᠣᠨᠴᠠᠯᠢᠭ᠎ᠲᠠᠢ᠎ᠪᠠᠷ ᠦᠨᠳᠦᠰᠦᠲᠡᠨ᠎ᠤ ᠠᠰᠠᠭᠤᠳᠠᠯ᠎ᠢ ᠰᠢᠢ᠍ᠳᠪᠦᠷᠢᠯᠡᠬᠦ ᠵᠥᠪ ᠵᠠᠮ᠎ᠤᠨ ᠢᠯᠡᠷᠬᠡᠶ ᠳᠠᠪᠠᠭᠤᠯᠢᠭ ᠴᠢᠨᠠᠷ᠎ᠢ ᠲᠣᠳᠣᠷᠬᠠᠶ ᠶᠠᠷᠢᠵᠦ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢ ᠡᠪᠳᠡᠷᠡᠰᠢ ᠦᠭᠡᠢ ᠪᠠᠲᠤ ᠪᠡᠬᠢ ᠪᠣᠯᠭ᠋ᠠᠬᠤ ᠬᠡᠷᠡᠭᠲᠡᠢ᠃
ᠬᠠᠤᠯᠢ ᠵᠠᠷᠯᠠᠯ᠎ᠢ ᠬᠡᠷᠡᠭᠵᠢᠭᠦᠯᠪᠡᠰᠦ ᠤᠯᠤᠰ ᠬᠦᠷᠦᠨ ᠲᠦᠪᠰᠢᠷᠡᠵᠦ᠂ ᠬᠠᠤᠯᠢ ᠵᠠᠷᠯᠠᠯ ᠰᠤᠯᠠᠷᠠᠪᠠᠰᠤ ᠤᠯᠤᠰ ᠬᠦᠷᠦᠨ ᠰᠠᠮᠠᠭᠤᠷᠠᠮᠤᠢ᠃ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠬᠠᠤᠯᠢ ᠲᠦᠷᠢᠮ᠎ᠤᠨ ᠪᠠᠶ᠋ᠢᠭᠤᠯᠤᠯᠲᠠ ᠪᠣᠯ ᠦᠨᠳᠦᠰᠦᠲᠡᠨ᠎ᠤ ᠬᠡᠷᠡᠭ ᠶᠠᠪᠤᠳᠠᠯ᠎ᠢ ᠬᠠᠤᠯᠢ ᠶᠣᠰᠤ᠎ᠪᠠᠷ ᠵᠠᠰᠠᠬᠤ ᠵᠢ ᠪᠠᠷᠢᠮᠲᠠᠯᠠᠬᠤ᠂ ᠦᠨᠳᠦᠰᠦᠲᠡᠨ᠎ᠤ ᠬᠡᠷᠡᠭ ᠶᠠᠪᠤᠳᠠᠯ᠎ᠢ ᠵᠠᠰᠠᠬᠤ ᠲᠤᠭᠲᠠᠯᠴᠠᠭ᠎ᠠ ᠪᠠ ᠵᠠᠰᠠᠬᠤ ᠴᠢᠳᠠᠪᠤᠷᠢ ᠵᠢᠨ ᠣᠳᠣᠬᠢᠴᠢᠯᠠᠯᠲᠠ ᠵᠢ ᠠᠬᠢᠭᠤᠯᠬᠤ᠂ ᠦᠨᠳᠦᠰᠦᠲᠡᠨ᠎ᠤ ᠪᠦᠯᠬᠦᠮᠳᠡᠯ᠎ᠢ ᠬᠠᠤᠯᠢ ᠴᠠᠭ᠋ᠠᠵᠠ᠎ᠪᠠᠷ ᠪᠠᠲᠤᠯᠠᠬᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠬᠠᠤᠯᠢ᠎ᠪᠠᠷ ᠵᠠᠰᠠᠬᠤ ᠰᠠᠭᠤᠷᠢ ᠵᠢ ᠪᠡᠬᠢᠵᠢᠭᠦᠯᠬᠦ ᠵᠢᠨ ᠴᠢᠬᠤᠯᠠ ᠠᠷᠭ᠎ᠠ ᠬᠡᠮᠵᠢᠶ᠎ᠡ ᠮᠥᠨ ᠪᠣᠯᠬᠤᠷ᠂ ᠲᠡᠷᠡ᠎ᠨᠢ ᠨᠡᠶ᠋ᠢᠭᠡᠮ ᠵᠢᠷᠤᠮᠲᠤ ᠣᠳᠣᠬᠢᠴᠢᠯᠠᠭᠰᠠᠨ ᠤᠯᠤᠰ᠎ᠢ ᠪᠦᠬᠥ ᠲᠠᠯ᠎ᠠ᠎ᠪᠠᠷ ᠪᠦᠳᠤᠭᠡᠨ ᠪᠠᠶ᠋ᠢᠭᠤᠯᠬᠤ᠂ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢ ᠪᠦᠬᠥ ᠲᠠᠯ᠎ᠠ᠎ᠪᠠᠷ ᠠᠬᠢᠭᠤᠯᠬᠤ᠎ᠳᠤ ᠪᠠᠲᠤ ᠪᠡᠬᠢ ᠬᠠᠤᠯᠢ᠎ᠪᠠᠷ ᠵᠠᠰᠠᠬᠤ ᠪᠠᠲᠤᠯᠠᠭ᠎ᠠ ᠬᠠᠩᠭ᠋ᠠᠬᠤ᠎ᠨᠢ ᠯᠠᠪᠲᠠᠢ ᠶᠤᠮ᠃
ᠬᠢᠨᠠᠨ ᠨᠠᠢ᠌ᠷᠠᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠨᠠᠢ᠌ᠷᠠᠭᠤᠯᠤᠭᠴᠢ᠄ ᠸᠠᠩ ᠰᠢᠥᠸᠠᠢ ᠳ᠋ᠦᠩ