ᠲᠡᠷᠢᠭᠦᠨ ᠬᠠᠭᠤᠳᠠᠰᠤ   -   ᠴᠢᠬᠤᠯᠠ ᠮᠡᠳᠡᠭᠡ
ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠭᠢᠯᠡᠬᠦ ᠵᠥᠪᠯᠡᠯ᠂ ᠠᠵᠢᠯᠴᠢᠨ᠎ᠤ ᠶᠡᠷᠦᠩᠬᠡᠶ ᠡᠪᠯᠡᠯ᠂ ᠡᠪᠯᠡᠯ᠎ᠤᠨ ᠬᠣᠷᠢᠶ᠎ᠠ᠂ ᠡᠮᠡᠭᠲᠡᠶ᠋ᠢᠴᠦᠳ᠎ᠤᠨ ᠬᠣᠯᠪᠤᠭ᠋ᠠᠲᠦ ᠬᠤᠷᠠᠯ᠎ᠠᠴᠠ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠠᠵᠢᠯ᠎ᠢ ᠠᠬᠢᠭᠤᠯᠬᠤ ᠬᠠᠮᠲᠤᠷᠠᠯᠴᠠᠭ᠋ᠠᠨ᠎ᠤ ᠬᠡᠯᠡᠯᠴᠡᠭᠡᠷ᠎ᠢ ᠲᠤᠭᠲᠠᠪᠠ
ᠨᠡᠶ᠋ᠢᠲᠡᠯᠡᠭᠰᠡᠨ ᠴᠠᠭ᠄ 2024-11-08

W020241108326440007199.jpg

      11 ᠳ᠋ᠦ᠍ᠭᠡᠷ ᠰᠠᠷ᠎ᠠ ᠵᠢᠨ 7᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠭᠢᠯᠡᠬᠦ ᠵᠥᠪᠯᠡᠯ᠂ ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠶ ᠡᠪᠯᠡᠯ᠂ ᠥᠪᠡᠷᠲᠡᠭᠡᠨ ᠵᠠᠰᠠᠬᠤ ᠣᠷᠣᠨ᠎ᠤ ᠡᠪᠯᠡᠯ᠎ᠤᠨ ᠬᠣᠷᠢᠶ᠎ᠠ᠂ ᠥᠪᠡᠷᠲᠡᠭᠡᠨ ᠵᠠᠰᠠᠬᠤ ᠣᠷᠣᠨ᠎ᠤ ᠡᠮᠡᠭᠲᠡᠶ᠋ᠢᠴᠦᠳ᠎ᠤᠨ ᠬᠣᠯᠪᠣᠭ᠋ᠠᠲᠤ ᠬᠤᠷᠠᠯ ᠥᠪᠥᠷ ᠮᠣᠩᠭᠣᠯ᠎ᠤᠨ ᠨᠡᠶ᠋ᠢᠭᠡᠮ ᠵᠢᠷᠤᠮᠲᠦ ᠳᠡᠭᠡᠳᠦ ᠰᠤᠷᠭ᠋ᠠᠭᠤᠯᠢ᠎ᠳᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠠᠵᠢᠯ᠎ᠤᠨ ᠶᠠᠷᠢᠯᠴᠠᠬᠤ ᠬᠤᠷᠠᠯ᠎ᠢ ᠬᠤᠷᠠᠯᠳᠤᠭᠤᠯᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠠᠵᠢᠯ᠎ᠢ ᠣᠯᠠᠨ ᠲᠠᠯ᠎ᠠ᠎ᠠᠴᠠ ᠬᠠᠮᠲᠤᠷᠠᠯᠴᠠᠵᠤ ᠬᠠᠮᠲᠤ᠎ᠪᠠᠷ ᠠᠬᠢᠭᠤᠯᠬᠤ ᠲᠤᠬᠠᠢ ᠰᠤᠳᠤᠯᠤᠨ ᠶᠠᠷᠢᠯᠴᠠᠵᠡᠢ᠃ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠨᠢᠭᠡᠳᠦᠮᠡᠯ ᠹᠷᠣᠨᠲ᠎ᠤᠨ ᠬᠡᠯᠲᠡᠰ᠎ᠤᠨ ᠳᠡᠳ᠋ ᠳᠠᠷᠤᠭ᠎ᠠ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠎ᠤᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ᠂ ᠡᠷᠬᠢᠯᠡᠭᠴᠢ ᠭᠤᠤ ᠵᠠᠨ ᠱᠧᠩ᠂ ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠢ ᠡᠪᠯᠡᠯ᠎ᠤᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ᠂ ᠳᠡᠳ᠋ ᠲᠡᠷᠢᠭᠦᠯᠡᠭᠴᠢ ᠵᠠᠩ ᠾᠦᠢ ᠢᠦᠢ᠂ ᠥᠪᠡᠷᠲᠡᠭᠡᠨ ᠵᠠᠰᠠᠬᠤ ᠣᠷᠣᠨ᠎ᠤ ᠡᠪᠯᠡᠯ᠎ᠤᠨ ᠬᠣᠷᠢᠶᠠᠨ᠎ᠤ ᠱᠦᠵᠢ ᠴᠢᠶᠣᠤ ᠯᠢ᠂ ᠥᠪᠡᠷᠲᠡᠭᠡᠨ ᠵᠠᠰᠠᠬᠤ ᠣᠷᠣᠨ᠎ᠤ ᠡᠮᠡᠭᠲᠡᠶ᠋ᠢᠴᠦᠳ᠎ᠤᠨ ᠬᠣᠯᠪᠤᠭ᠋ᠠᠲᠦ ᠬᠤᠷᠠᠯ᠎ᠤᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ᠂ ᠲᠡᠷᠢᠭᠦᠯᠡᠭᠴᠢ ᠸᠠᠩ ᠹᠠᠩ ᠬᠤᠷᠠᠯ᠎ᠳᠤ ᠣᠷᠣᠯᠴᠠᠵᠠᠢ᠃
      ᠬᠤᠷᠠᠯ ᠳᠡᠭᠡᠷ᠎ᠡ᠂ ᠭᠤᠤ ᠵᠠᠨ ᠱᠧᠩ ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠢ ᠡᠪᠯᠡᠯ᠂ ᠡᠪᠯᠡᠯ᠎ᠤᠨ ᠬᠣᠷᠢᠶ᠎ᠠ᠂ ᠡᠮᠡᠭᠲᠡᠶ᠋ᠢᠴᠦᠳ᠎ᠤᠨ ᠬᠣᠯᠪᠤᠭ᠋ᠠᠲᠦ ᠬᠤᠷᠠᠯ᠎ᠤᠨ᠎ᠬᠢᠨ ᠤᠷᠳᠤ ᠬᠤᠭᠤᠴᠠᠭ᠋ᠠᠨ᠎ᠤ ᠲᠤᠷᠰᠢ ᠦᠨᠳᠦᠰᠦᠲᠡᠨ᠎ᠤ ᠠᠵᠢᠯ᠎ᠳᠤ ᠬᠦᠴᠦᠲᠡᠢ ᠳᠡᠮᠵᠢᠯᠭᠡ ᠦᠵᠡᠭᠦᠯᠦᠭᠰᠡᠨ᠎ᠳᠤ ᠲᠠᠯᠠᠷᠬᠠᠵᠤ ᠪᠠᠶ᠋ᠢᠬᠤ᠎ᠪᠠᠨ ᠢᠯᠡᠳᠬᠡᠵᠦ᠂ ᠪᠦᠬᠦ ᠣᠷᠣᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠎ᠤᠨ ᠰᠢᠰᠲ᠋ᠧᠮ᠎ᠤᠨ᠎ᠬᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠠᠵᠢᠯ᠎ᠤᠨ ᠭᠣᠣᠯ ᠰᠢᠵᠢᠮ᠎ᠢ ᠪᠦᠬᠦ ᠲᠠᠯ᠎ᠠ᠎ᠪᠠᠷ ᠲᠤᠭᠤᠰᠢᠯᠠᠭᠤᠯᠤᠭᠰᠠᠨ ᠪᠠᠶ᠋ᠢᠳᠠᠯ᠎ᠢ ᠲᠠᠨᠢᠯᠴᠠᠭᠤᠯᠪᠠ᠃ ᠵᠠᠩ ᠾᠦᠢ ᠢᠦᠢ᠂ ᠴᠢᠶᠣᠤ ᠯᠢ᠂ ᠸᠠᠩ ᠹᠠᠩ ᠠᠵᠢᠯ᠎ᠤᠨ ᠪᠣᠳᠠᠲᠤ ᠪᠠᠶ᠋ᠢᠳᠠᠯ᠎ᠲᠠᠢ᠎ᠪᠠᠨ ᠤᠶᠠᠯᠳᠤᠭᠤᠯᠵᠦ᠂ ᠲᠤᠰ ᠲᠤᠰ᠎ᠤᠨ ᠬᠠᠷᠢᠭᠤᠴᠠᠵᠦ ᠪᠠᠢ᠌ᠭ᠎ᠠ ᠠᠵᠢᠯ᠎ᠤᠨ ᠴᠠᠷᠠᠭ᠎ᠠ ᠬᠦᠷᠢᠶᠡᠨ᠎ᠳᠤ᠎ᠪᠠᠨ ᠶᠡᠷᠦᠩᠬᠡᠢ ᠱᠦᠵᠢ ᠰᠢ ᠵᠢᠨ ᠫᠢᠩ᠎ᠤᠨ ᠦᠨᠳᠦᠰᠦᠲᠡᠨ᠎ᠤ ᠠᠵᠢᠯ᠎ᠢ ᠴᠢᠩᠭ᠋ᠠᠳᠬᠠᠨ ᠰᠠᠶ᠋ᠢᠵᠢᠷᠠᠭᠤᠯᠬᠤ ᠲᠤᠬᠠᠢ ᠴᠢᠬᠤᠯᠠ ᠦᠵᠡᠯ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠡᠨᠡ ᠬᠦ᠌ ᠭᠣᠣᠯ ᠰᠢᠵᠢᠮ᠎ᠢ ᠡᠯ᠎ᠡ ᠵᠦᠢ᠍ᠯ᠎ᠤᠨ ᠠᠵᠢᠯ ᠎ᠳᠤ᠎ᠪᠠᠨ ᠪᠦᠬᠦ ᠲᠠᠯ᠎ᠠ᠎ᠪᠠᠷ ᠭᠦᠨᠵᠡᠭᠡᠢ ᠪᠣᠳᠠᠲᠠᠢ ᠲᠤᠭᠤᠰᠢᠯᠠᠭᠤᠯᠤᠭᠰᠠᠨ ᠬᠠᠮᠢᠶ᠎ᠠ ᠪᠦᠬᠦᠢ ᠲᠤᠷᠰᠢᠯᠭ᠎ᠠ ᠬᠢᠳᠡᠯ ᠵᠶ᠋ᠠᠨ ᠲᠠᠨᠢᠯᠴᠠᠭᠤᠯᠪᠠ᠃ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠭᠢᠯᠡᠬᠦ ᠵᠥᠪᠯᠡᠯ᠎ᠨᠢ ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠶᠡᠷᠦᠩᠬᠡᠶ ᠡᠪᠯᠡᠯ᠂ ᠡᠪᠯᠡᠯ᠎ᠤᠨ ᠬᠣᠷᠢᠶ᠎ᠠ᠂ ᠡᠮᠡᠭᠲᠡᠶ᠋ᠢᠴᠦᠳ᠎ᠤᠨ ᠬᠣᠯᠪᠣᠭ᠋ᠠᠲᠤ ᠬᠤᠷᠠᠯ᠎ᠲᠠᠢ ᠲᠣᠰ ᠲᠣᠰ ᠬᠠᠮᠳᠤᠷᠠᠯᠴᠠᠭ᠋ᠠᠨ᠎ᠤ ᠬᠡᠯᠡᠯᠴᠡᠭᠡᠷ᠎ᠢ ᠲᠣᠭᠲᠠᠪᠠ᠃
      ᠬᠡᠯᠡᠯᠴᠡᠭᠡᠷ᠎ᠢ ᠦᠨᠳᠦᠰᠦᠯᠡᠪᠡᠯ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠂ ᠠᠵᠢᠯᠴᠢᠨ᠎ᠤ ᠶᠡᠷᠦᠩᠬᠡᠶ ᠡᠪᠯᠡᠯ᠂ ᠡᠪᠯᠡᠯ᠎ᠤᠨ ᠬᠣᠷᠢᠶ᠎ᠠ᠂ ᠡᠮᠡᠭᠲᠡᠶ᠋ᠢᠴᠦᠳ᠎ᠤᠨ ᠬᠣᠯᠪᠤᠭ᠋ᠠᠲᠦ ᠬᠤᠷᠠᠯ ᠲᠤᠰ ᠲᠤᠰ᠎ᠤᠨ ᠵᠣᠬᠢᠶᠠᠨ ᠪᠠᠶ᠋ᠢᠭᠤᠯᠤᠯᠲᠠ ᠵᠢᠨ ᠳᠠᠪᠠᠭᠤᠯᠢᠭ᠂ ᠡᠭᠦᠷᠭᠡ ᠴᠢᠳᠠᠪᠬᠢ ᠵᠢᠨ ᠳᠠᠪᠠᠭᠤᠯᠢᠭ ᠪᠠ ᠣᠯᠠᠨ ᠲᠦᠮᠡᠨ᠎ᠲᠠᠢ ᠨᠢᠭᠲᠠ ᠬᠠᠷᠢᠯᠴᠠᠳᠠᠭ ᠳᠠᠪᠠᠭᠤᠯᠢᠭ ᠵᠶ᠋ᠠᠨ ᠭᠦᠢ᠍ᠴᠡᠳ ᠪᠠᠳᠠᠷᠠᠭᠤᠯᠵᠦ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠣᠨᠣᠯ᠎ᠤᠨ ᠰᠤᠳᠤᠯᠭ᠋ᠠᠨ᠎ᠢ ᠭᠦᠨᠵᠡᠭᠡᠶ᠋ᠢᠷᠡᠭᠦᠯᠬᠦ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠤᠬᠠᠭᠤᠯᠭ᠎ᠠ ᠬᠥᠮᠦᠵᠢᠯ᠎ᠢ ᠪᠠᠶ᠋ᠢᠩᠭᠤᠵᠢᠭᠤᠯᠤᠨ ᠦᠷᠨᠢᠭᠦᠯᠬᠦ᠂ ᠦᠨᠳᠦᠰᠦᠲᠡᠨ᠎ᠨᠦᠭᠦᠳ᠎ᠤᠨ ᠣᠯᠠᠨ ᠲᠦᠮᠡᠨ᠎ᠤ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠵᠢ ᠠᠬᠢᠭᠤᠯᠬᠤ᠂ ᠦᠨᠳᠦᠰᠦᠲᠡᠨ᠎ᠨᠦᠭᠦᠳ᠎ᠤᠨ ᠬᠠᠮᠲᠤ᠎ᠪᠠᠷ ᠨᠡᠶ᠋ᠢᠭᠡᠮ ᠵᠢᠷᠤᠮᠲᠦ ᠣᠳᠣᠬᠢᠴᠢᠯᠠᠯᠲᠠ ᠲᠡᠶ᠋ᠢᠰᠢ ᠤᠷᠤᠭᠰᠢᠯᠠᠬᠤ ᠵᠢ ᠠᠬᠢᠭᠤᠯᠬᠤ ᠵᠡᠷᠭᠡ ᠲᠠᠯ᠎ᠠ᠎ᠪᠠᠷ ᠰᠣᠯᠢᠯᠴᠠᠭ᠎ᠠ ᠬᠠᠮᠲᠤᠷᠠᠯᠴᠠᠭ᠎ᠠ᠎ᠪᠠᠨ ᠴᠢᠩᠭ᠋ᠠᠳᠬᠠᠵᠦ᠂ ᠲᠤᠤᠭ᠋ᠠᠷᠪᠠᠯ ᠲᠠᠭᠤ ᠨᠢᠭᠡᠲᠠᠢ᠎ᠪᠠᠷ᠂ ᠲᠤᠭᠳᠤᠷᠪᠠᠯ ᠬᠦᠴᠦ ᠨᠢᠭᠡᠲᠠᠢ᠎ᠪᠠᠷ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠠᠵᠢᠯ᠎ᠤᠨ ᠭᠤᠤᠯ ᠰᠢᠵᠢᠮ᠎ᠢ ᠲᠤᠭᠤᠰᠢᠯᠠᠭᠤᠯᠬᠤ ᠪᠠ ᠰᠠᠯᠠᠭ᠎ᠠ ᠮᠥᠴᠢᠷ᠎ᠤᠨ ᠲᠤᠰᠢᠶᠠᠯ ᠬᠠᠷᠢᠭᠤᠴᠠᠯᠭ᠎ᠠ᠎ᠪᠠᠨ ᠭᠦᠢ᠍ᠴᠡᠳᠬᠡᠬᠦ ᠵᠢ ᠭᠦᠨᠵᠡᠭᠡᠶ ᠠᠭᠤᠰᠤᠯᠴᠠᠭᠤᠯᠬᠤ ᠵᠢ ᠬᠠᠮᠲᠤ᠎ᠪᠠᠷ ᠠᠬᠢᠭᠤᠯᠵᠦ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠭᠰᠠᠨ ᠥᠪᠥᠷ ᠮᠣᠩᠭᠣᠯ᠎ᠤᠨ ᠰᠢᠨ᠎ᠡ ᠬᠠᠭᠤᠳᠠᠰᠤ ᠵᠢ ᠴᠢᠷᠮᠠᠶ᠋ᠢᠨ ᠪᠢᠴᠢᠭᠯᠡᠬᠦ᠎ᠳᠤ ᠬᠦᠴᠦᠨ ᠴᠢᠳᠠᠯ ᠵᠶ᠋ᠠᠨ ᠡᠷᠬᠦᠬᠦ᠎ᠪᠠᠷ ᠵᠣᠷᠢᠪᠠ᠃
      ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠭᠢᠯᠡᠬᠦ ᠵᠥᠪᠯᠡᠯ᠂ ᠠᠵᠢᠯᠴᠢᠨ᠎ᠤ ᠶᠡᠷᠦᠩᠬᠡᠶ ᠡᠪᠯᠡᠯ᠂ ᠡᠪᠯᠡᠯ᠎ᠤᠨ ᠬᠣᠷᠢᠶ᠎ᠠ᠂ ᠡᠮᠡᠭᠲᠡᠶ᠋ᠢᠴᠦᠳ᠎ᠤᠨ ᠬᠣᠯᠪᠤᠭ᠋ᠠᠲᠦ ᠬᠤᠷᠠᠯ᠎ᠤᠨ ᠬᠠᠮᠢᠶ᠎ᠠ ᠪᠥᠬᠥᠶ ᠭᠠᠵᠠᠷ ᠠᠯᠪᠠᠨ ᠭᠡᠷ᠎ᠤᠨ ᠨᠥᠬᠥᠳ ᠬᠤᠷᠠᠯ᠎ᠳᠤ ᠣᠷᠣᠯᠴᠠᠵᠠᠶ᠃

 

 

 

 

 

        ᠬᠢᠨᠠᠨ ᠣᠷᠴᠢᠭᠤᠯᠤᠭᠴᠢ᠄ ᠠᠳᠢᠶ᠎ᠠ   ᠰᠠᠴᠤᠷᠠᠯ
        ᠳᠡᠳ᠋ ᠶᠡᠷᠦᠩᠬᠡᠢ ᠬᠢᠨᠠᠨ ᠣᠷᠴᠢᠭᠤᠯᠤᠭᠴᠢ᠄ ᠬᠣᠣᠰᠪᠠᠶᠠᠷ
        ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠥᠸᠠᠢ ᠳ᠋ᠦᠩ

 

 

 

 

 

ᠢᠷᠡᠯᠲᠡ᠄ ᠠᠯᠪᠠᠨ ᠬᠡᠷ᠂ ᠵᠣᠬᠢᠴᠠᠭᠤᠯᠤᠨ ᠠᠬᠢᠭᠤᠯᠬᠤ ᠭᠠᠵᠠᠷ