ᠲᠡᠷᠢᠭᠦᠨ ᠬᠠᠭᠤᠳᠠᠰᠤ   -   ᠴᠢᠬᠤᠯᠠ ᠮᠡᠳᠡᠭᠡ
ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠭᠢᠯᠡᠬᠦ ᠵᠥᠪᠯᠡᠯ᠎ᠨᠢ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠬᠤᠷᠠᠯ᠎ᠢ ᠬᠤᠷᠠᠯᠳᠤᠭᠤᠯᠪᠠ
ᠨᠡᠶ᠋ᠢᠲᠡᠯᠡᠭᠰᠡᠨ ᠴᠠᠭ᠄ 2025-03-20

      3  ᠳ᠋ᠤᠭ᠋ᠠᠷ  ᠰᠠᠷ᠎ᠠ ᠵᠢᠨ 19᠎ᠤ  ᠡᠳᠦᠷ᠂ ᠥᠪᠡᠷᠲᠡᠭᠡᠨ  ᠵᠠᠰᠠᠬᠤ  ᠣᠷᠣᠨ᠎ᠤ  ᠦᠨᠳᠦᠰᠦᠲᠡᠨ᠎ᠤ  ᠬᠡᠷᠡᠭ  ᠡᠷᠭᠢᠯᠡᠬᠦ  ᠵᠥᠪᠯᠡᠯ ᠎ᠨᠢ  ᠨᠠᠮ᠎ᠤᠨ  ᠤᠳᠤᠷᠢᠳᠬᠤ  ᠳᠤᠭᠤᠶ᠋ᠢᠯᠠᠩ᠎ᠤᠨ  ᠬᠤᠷᠠᠯ᠎ᠢ  ᠬᠤᠷᠠᠯᠳᠤᠭᠤᠯᠵᠤ᠂ ᠰᠢ ᠵᠢᠨ  ᠫᠢᠩ  ᠶᠡᠷᠦᠩᠬᠡᠶ  ᠱᠦᠵᠢ ᠵᠢᠨ  ᠣᠶ᠋ᠢᠷ᠎ᠠ ᠵᠢᠨ  ᠬᠤᠭᠤᠴᠠᠭ᠋ᠠᠨ᠎ᠤ  ᠴᠢᠬᠤᠯᠠ  ᠶᠠᠷᠢᠶ᠎ᠠ᠂ ᠵᠣᠬᠢᠶᠠᠯ᠎ᠤᠨ  ᠵᠣᠷᠢᠭ  ᠰᠠᠨᠠᠭ᠎ᠠ ᠵᠢ  ᠤᠯᠠᠮᠵᠢᠯᠠᠨ  ᠰᠤᠷᠤᠯᠴᠠᠵᠤ᠂ ᠬᠣᠯᠪᠣᠭᠳᠠᠯ  ᠪᠥᠬᠥᠶ  ᠵᠦᠢ᠍ᠯᠡᠰ᠎ᠢ  ᠰᠤᠳᠤᠯᠵᠤ᠂ ᠨᠠᠶ᠋ᠢᠳᠠᠪᠤᠷᠢᠵᠢᠭᠤᠯᠬᠤ  ᠠᠵᠢᠯ᠎ᠢ  ᠪᠠᠶ᠋ᠢᠷᠢᠯᠠᠭᠤᠯᠪᠠ᠃

      ᠬᠤᠷᠠᠯ᠎ᠠᠴᠠ  ᠰᠢ ᠵᠢᠨ  ᠫᠢᠩ  ᠶᠡᠷᠦᠩᠬᠡᠢ  ᠱᠦᠵᠢ ᠵᠢᠨ  ᠭᠦᠢ᠍ᠵᠧᠦ᠎ᠳᠤ  ᠰᠢᠨᠵᠢᠯᠡᠨ  ᠪᠠᠶ᠋ᠢᠴᠠᠭ᠋ᠠᠬᠤ  ᠦᠶ᠎ᠡ ᠵᠢᠨ  ᠴᠢᠬᠤᠯᠠ  ᠶᠠᠷᠢᠶ᠎ᠠ  ᠪᠣᠯᠤᠨ 《ᠦᠨᠡᠨ》 ᠰᠡᠳᠬᠦᠯ᠎ᠳᠤ  ᠨᠡᠶ᠋ᠢᠲᠡᠯᠡᠭᠰᠡᠨ 《〈ᠬᠣᠶᠠᠷ  ᠡᠷᠡᠰ  ᠭᠤᠶ᠋ᠢᠪᠢᠰᠢ  ᠦᠭᠡᠢ〉 ᠵᠢ  ᠪᠠᠷᠢᠮᠲᠠᠯᠠᠨ  ᠨᠠᠶ᠋ᠢᠳᠠᠪᠤᠷᠢᠵᠢᠭᠤᠯᠤᠶ᠎ᠠ》 ᠭᠡᠬᠦ  ᠴᠢᠬᠤᠯᠠ  ᠵᠣᠬᠢᠶᠠᠯ᠎ᠢ  ᠤᠯᠠᠮᠵᠢᠯᠠᠨ  ᠰᠤᠷᠤᠯᠴᠠᠪᠠ᠃ ᠬᠤᠷᠠᠯ᠎ᠠᠴᠠ᠂ ᠰᠢ ᠵᠢᠨ  ᠫᠢᠩ  ᠶᠡᠷᠦᠩᠬᠡᠶ  ᠱᠦᠵᠢ ᠵᠢᠨ  ᠬᠦᠢ᠍ᠵᠸᠤ᠎ᠳᠤ  ᠰᠢᠨᠵᠢᠯᠡᠨ  ᠪᠠᠶ᠋ᠢᠴᠠᠭ᠋ᠠᠬᠤ  ᠦᠶ᠎ᠡ ᠵᠢᠨ  ᠴᠢᠬᠤᠯᠠ  ᠶᠠᠷᠢᠶᠠᠨ᠎ᠤ  ᠵᠣᠷᠢᠭ  ᠰᠠᠨᠠᠭ᠎ᠠ ᠵᠢ  ᠭᠦᠨᠵᠡᠭᠡᠶ  ᠰᠤᠷᠤᠯᠴᠠᠨ  ᠲᠤᠭᠤᠰᠢᠯᠠᠭᠤᠯᠵᠤ᠂ ᠳᠤᠮᠳᠠᠳᠤ ᠵᠢᠨ  ᠦᠨᠳᠦᠰᠦᠲᠡᠨ᠎ᠤ  ᠬᠠᠮᠲᠤ ᠵᠢᠨ  ᠴᠣᠭᠴᠠ ᠵᠢᠨ  ᠤᠬᠠᠮᠰᠠᠷ᠎ᠢ  ᠪᠠᠳᠤᠳᠬᠠᠬᠤ  ᠠᠵᠢᠯ᠎ᠤᠨ  ᠭᠤᠤᠯ  ᠰᠢᠵᠢᠮ᠎ᠲᠠᠢ  ᠨᠢᠭᠲᠠ  ᠣᠶᠠᠯᠳᠤᠭᠤᠯᠵᠦ᠂ ᠵᠢᠭᠤᠯᠴᠢᠯᠠᠯ ᠵᠶ᠋ᠠᠷ 《ᠶᠠᠪᠤᠯᠴᠠᠭ᠎ᠠ  ᠰᠤᠯᠢᠯᠴᠠᠭ᠎ᠠ  ᠠᠭᠤᠰᠤᠯᠴᠠᠭ᠎ᠠ》 ᠵᠢ  ᠠᠬᠢᠭᠤᠯᠬᠤ᠂ ᠡᠶ᠎ᠡ  ᠨᠠᠶ᠋ᠢᠷᠠᠮᠳᠠᠭᠤ  ᠦᠵᠡᠰᠬᠦᠯᠡᠩᠲᠦ  ᠰᠠᠶ᠋ᠢᠬᠠᠨ  ᠬᠥᠳᠡᠭᠡ  ᠲᠣᠰᠬᠣᠨ᠎ᠢ  ᠪᠥᠲᠥᠭᠡᠨ  ᠪᠠᠢ᠌ᠭᠤᠯᠬᠤ᠂ ᠦᠨᠳᠦᠰᠦᠲᠡᠨ᠎ᠤ  ᠰᠣᠶᠣᠯ᠎ᠢ  ᠤᠯᠠᠮᠵᠢᠯᠠᠨ  ᠵᠠᠯᠭ᠋ᠠᠮᠵᠢᠯᠠᠬᠤ  ᠪᠠ  ᠬᠠᠮᠠᠭ᠋ᠠᠯᠠᠬᠤ  ᠵᠡᠷᠭᠡ  ᠡᠯ᠎ᠡ  ᠵᠦᠢ᠍ᠯ᠎ᠤᠨ  ᠠᠵᠢᠯ᠎ᠢ  ᠯᠠᠪᠳᠠᠭᠤᠨ  ᠪᠠᠲᠤᠲᠠᠶ  ᠠᠬᠢᠭᠤᠯᠵᠤ᠂ ᠳᠤᠮᠳᠠᠳᠤ ᠵᠢᠨ  ᠦᠨᠳᠦᠰᠦᠲᠡᠨ᠎ᠤ  ᠬᠠᠮᠲᠤ ᠵᠢᠨ  ᠣᠶᠤᠨ  ᠰᠠᠨᠠᠭ᠋ᠠᠨ᠎ᠤ  ᠬᠡᠷ  ᠣᠷᠣᠨ᠎ᠢ  ᠪᠠᠶ᠋ᠢᠭᠤᠯᠬᠤ  ᠬᠡᠷᠡᠭᠲᠡᠶ᠃ ᠲᠥᠪ᠎ᠤᠨ  ᠨᠠᠢ᠍ᠮᠠᠨ  ᠲᠣᠭᠲᠠᠭ᠋ᠠᠯ᠎ᠤᠨ  ᠵᠣᠷᠢᠭ  ᠰᠠᠨᠠᠭ᠎ᠠ ᠵᠢ  ᠭᠦᠨᠵᠡᠭᠡᠢ  ᠲᠤᠭᠤᠰᠢᠯᠠᠭᠤᠯᠬᠤ  ᠰᠤᠷᠤᠯᠴᠠᠯᠭ᠎ᠠ  ᠬᠥᠮᠦᠵᠢᠯ᠎ᠢ  ᠣᠳᠣᠬᠠᠨ᠎ᠤ  ᠪᠠ  ᠬᠣᠶ᠋ᠢᠰᠢᠳᠠ ᠵᠢᠨ  ᠨᠢᠭᠡ  ᠬᠤᠭᠤᠴᠠᠭ᠋ᠠᠨ᠎ᠤ  ᠴᠢᠬᠤᠯᠠ  ᠤᠯᠤᠰ  ᠲᠦᠷᠦ ᠵᠢᠨ  ᠡᠭᠦᠷᠭᠡ  ᠪᠣᠯᠭ᠋ᠠᠵᠤ᠂ ᠨᠢᠮᠪᠠᠢ  ᠲᠥᠯᠥᠪᠵᠢᠭᠦᠯᠦᠨ  ᠬᠢᠨᠠᠮᠠᠭ᠋ᠠᠢ  ᠵᠣᠬᠢᠶᠠᠨ  ᠪᠠᠶ᠋ᠢᠭᠤᠯᠵᠤ᠂ ᠡᠯ᠎ᠡ  ᠵᠦᠢ᠍ᠯ᠎ᠤᠨ  ᠬᠠᠷᠠᠯᠲᠠ  ᠡᠭᠦᠷᠭᠡ᠎ᠪᠠᠨ  ᠴᠢᠨᠠᠷ  ᠰᠠᠶ᠋ᠢᠲᠠᠢ  ᠪᠡᠶᠡᠯᠡᠭᠦᠯᠦᠨ᠂ ᠪᠠᠶ᠋ᠢᠭᠤᠯᠭ᠎ᠠ ᠵᠢᠨ  ᠰᠤᠷᠲᠠᠯ ᠵᠶ᠋ᠠᠨ  ᠬᠤᠪᠢᠷᠠᠭᠤᠯᠵᠤ  ᠰᠢᠨ᠎ᠡ  ᠬᠡᠪ  ᠰᠤᠷᠲᠠᠯ᠎ᠢ  ᠪᠤᠢ  ᠪᠣᠯᠭ᠋ᠠᠬᠤ ᠵᠢ  ᠤᠯᠠᠮ  ᠴᠢᠨᠠᠭᠰᠢᠳᠠ  ᠠᠬᠢᠭᠤᠯᠬᠤ  ᠬᠡᠷᠡᠭᠲᠡᠢ᠃ ᠰᠢ ᠵᠢᠨ  ᠫᠢᠩ  ᠶᠡᠷᠦᠩᠬᠡᠢ  ᠱᠦᠵᠢ ᠵᠢᠨ  ᠴᠢᠬᠤᠯᠠ  ᠵᠣᠬᠢᠶᠠᠯ᠎ᠤᠨ  ᠵᠣᠷᠢᠭ  ᠰᠠᠨᠠᠭ᠎ᠠ ᠵᠢ  ᠨᠠᠷᠢᠨ  ᠬᠢᠨᠠᠮᠠᠭ᠋ᠠᠢ  ᠰᠤᠷᠤᠯᠴᠠᠨ  ᠣᠶ᠋ᠢᠯᠠᠭ᠋ᠠᠵᠤ᠂ ᠪᠣᠳᠠᠲᠤ  ᠪᠠᠶ᠋ᠢᠳᠠᠯ᠎ᠲᠠᠢ᠎ᠪᠠᠨ  ᠤᠶᠠᠯᠳᠤᠭᠤᠯᠤᠨ  ᠲᠤᠭᠤᠰᠢᠯᠠᠭᠤᠯᠤᠨ  ᠨᠠᠶ᠋ᠢᠳᠠᠪᠤᠷᠢᠵᠢᠭᠤᠯᠵᠤ᠂ 《ᠬᠣᠶᠠᠷ  ᠡᠷᠡᠰ  ᠭᠤᠶ᠋ᠢᠪᠢᠰᠢ  ᠦᠭᠡᠢ》 ᠵᠢ  ᠢᠮᠠᠭᠲᠠ  ᠪᠠᠷᠢᠮᠲᠠᠯᠠᠨ  ᠡᠷᠡᠰ  ᠨᠠᠶ᠋ᠢᠳᠠᠪᠤᠷᠢᠵᠢᠭᠤᠯᠬᠤ  ᠬᠡᠷᠡᠭᠲᠡᠢ  ᠭᠡᠪᠡ᠃

      ᠬᠤᠷᠠᠯ᠎ᠠᠴᠠ  ᠬᠣᠯᠪᠣᠭᠳᠠᠯ  ᠪᠥᠬᠥᠶ  ᠭᠠᠵᠠᠷ  ᠠᠯᠪᠠᠨ  ᠭᠡᠷ᠎ᠤᠨ  ᠠᠵᠢᠯ᠎ᠤᠨ  ᠬᠠᠷᠢᠭᠤ  ᠮᠡᠳᠡᠭᠦᠯᠦᠯᠲᠡ ᠵᠢ  ᠰᠣᠨᠣᠰᠴᠤ᠂ 2025  ᠣᠨ᠎ᠤ  ᠭᠤᠤᠯᠳᠠᠯᠭ᠎ᠠ᠎ᠲᠠᠢ  ᠡᠭᠦᠷᠭᠡ ᠵᠢᠨ  ᠠᠵᠢᠯ᠎ᠤᠨ  ᠬᠤᠪᠢᠶᠠᠷᠢᠯᠠᠯ᠎ᠤᠨ  ᠲᠥᠰᠦᠯ᠎ᠢ  ᠰᠤᠳᠤᠯᠤᠨ  ᠬᠢᠨᠠᠨ  ᠵᠥᠪᠯᠡᠵᠦ᠂ ᠲᠠᠷᠠᠭ᠋ᠠᠴᠢ ᠵᠢᠨ  ᠠᠵᠢᠯ᠎ᠳᠤ  ᠲᠣᠬᠢᠷᠠᠭᠤᠯᠤᠯᠲᠠ  ᠪᠠᠶ᠋ᠢᠷᠢᠯᠠᠭᠤᠯᠤᠯᠲᠠ  ᠬᠢᠵᠦ  ᠲᠣᠳᠣᠷᠬᠠᠶ  ᠱᠠᠭ᠋ᠠᠷᠳᠠᠯᠭ᠎ᠠ  ᠳᠤᠷᠠᠳᠪᠠ᠃

      ᠬᠤᠷᠠᠯ᠎ᠠᠴᠠ  ᠪᠠᠰᠠ  ᠪᠤᠰᠤᠳ  ᠵᠦᠢ᠍ᠯ᠎ᠢ  ᠰᠣᠳᠤᠯᠪᠠ᠃

 


ᠢᠷᠡᠯᠲᠡ᠄ ᠪᠠᠶ᠋ᠢᠭᠤᠯᠭ᠎ᠠ ᠵᠢᠨ ᠨᠠᠮ᠎ᠤᠨ ᠬᠣᠷᠢᠶ᠎ᠠ (ᠠᠵᠢᠯᠲᠠᠨ᠎ᠤ ᠶᠠᠪᠤᠳᠠᠯ᠎ᠤᠨ ᠭᠠᠵᠠᠷ)