ᠣᠶ᠋ᠢᠷ᠎ᠠ᠎ᠳᠤ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ ᠨᠡᠷ᠎ᠡ ᠲᠣᠮᠢᠶᠠᠨᠤ ᠲᠤᠰᠬᠠᠶ ᠮᠡᠷᠭᠡᠵᠢᠯᠲᠡᠨ᠎ᠤ ᠬᠢᠨᠠᠨ ᠲᠣᠭᠲᠠᠭ᠋ᠠᠬᠤ ᠬᠤᠷᠠᠯ ᠬᠤᠷᠠᠯᠳᠤᠭᠤᠯᠵᠤ᠂ ᠭᠠᠵᠠᠷ ᠵᠦᠶ ᠵᠢᠨ ᠲᠤᠰᠬᠠᠶ ᠮᠡᠷᠭᠡᠵᠢᠯ᠎ᠤᠨ 32 ᠮᠣᠩᠭᠣᠯ ᠨᠡᠷ᠎ᠡ ᠲᠣᠮᠢᠶ᠎ᠠ ᠵᠢ ᠰᠤᠳᠤᠯᠤᠨ ᠬᠢᠨᠠᠨ ᠲᠣᠭᠲᠠᠭ᠋ᠠᠪᠠ᠃ ᠥᠪᠡᠷᠲᠡᠭᠡᠨ ᠵᠠᠰᠠᠬᠤ ᠣᠷᠣᠨ᠎ᠤ ᠮᠣᠩᠭᠣᠯ ᠨᠡᠷ᠎ᠡ ᠲᠣᠮᠢᠶᠠᠨᠤ ᠵᠥᠪᠯᠡᠯ᠎ᠤᠨ ᠬᠡᠰᠡᠭ ᠪᠠᠶ᠋ᠢᠩᠭᠤ ᠵᠢᠨ ᠭᠡᠰᠢᠭᠦᠨ᠂ ᠥᠪᠥᠷ ᠮᠣᠩᠭᠣᠯ᠎ᠤᠨ ᠪᠠᠭᠰᠢ ᠵᠢᠨ ᠶᠡᠬᠡ ᠰᠤᠷᠭ᠋ᠠᠭᠤᠯᠢ ᠵᠢᠨ ᠭᠠᠵᠠᠷ ᠵᠦᠶ ᠵᠢᠨ ᠰᠢᠨᠵᠢᠯᠡᠬᠦ ᠤᠬᠠᠭ᠋ᠠᠨ᠎ᠤ ᠳᠡᠭᠡᠳᠦ ᠰᠤᠷᠭ᠋ᠠᠭᠤᠯᠢ ᠪᠣᠯᠤᠨ ᠥᠪᠥᠷ ᠮᠣᠩᠭᠣᠯ᠎ᠤᠨ ᠰᠤᠷᠭ᠋ᠠᠨ ᠬᠥᠮᠦᠵᠢᠯ᠎ᠤᠨ ᠬᠡᠪᠯᠡᠯ᠎ᠤᠨ ᠬᠣᠷᠢᠶ᠎ᠠ ᠵᠢᠨ ᠬᠠᠮᠢᠶ᠎ᠠ ᠪᠥᠬᠥᠶ ᠲᠤᠰᠬᠠᠶ ᠮᠡᠷᠭᠡᠵᠢᠯᠲᠡᠨ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠎ᠤᠨ ᠬᠠᠮᠢᠶ᠎ᠠ ᠪᠥᠬᠥᠶ ᠠᠵᠢᠯᠲᠠᠨ ᠨᠡᠶ᠋ᠢᠲᠡ 14 ᠬᠥᠮᠦᠨ ᠬᠤᠷᠠᠯ᠎ᠳᠤ ᠣᠷᠣᠯᠴᠠᠵᠠᠶ᠃
ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢ ᠵᠢᠷᠤᠮᠵᠢᠭᠤᠯᠬᠤ ᠠᠵᠢᠯ ᠪᠣᠯ ᠦᠨᠳᠦᠰᠦᠲᠡᠨ᠎ᠨᠦᠭᠦᠳ᠎ᠤᠨ ᠦᠭᠡ ᠬᠡᠯᠡ ᠦᠰᠦᠭ ᠪᠢᠴᠢᠭ᠎ᠢ ᠰᠢᠨᠵᠢᠯᠡᠬᠦ ᠤᠬᠠᠭ᠋ᠠᠨᠴᠢ᠎ᠪᠠᠷ ᠬᠠᠮᠠᠭ᠋ᠠᠯᠠᠵᠤ᠂ ᠴᠥᠭᠡᠨ ᠲᠣᠭ᠋ᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢ ᠬᠦᠨᠳᠦᠳᠬᠡᠨ ᠪᠠᠲᠤᠯᠠᠬᠤ ᠪᠣᠳᠠᠲᠠᠶ ᠠᠷᠭ᠎ᠠ ᠬᠡᠮᠵᠢᠶ᠎ᠡ ᠪᠣᠯᠤᠨ᠎ᠠ᠂ ᠭᠠᠵᠠᠷ ᠵᠦᠶ ᠵᠢᠨ ᠤᠬᠠᠭ᠋ᠠᠨ᠎ᠨᠢ ᠨᠢᠭᠡᠨ ᠬᠥᠮᠦᠨ ᠨᠡᠶ᠋ᠢᠭᠡᠮ᠎ᠤᠨ ᠰᠢᠨᠵᠢᠯᠡᠬᠦ ᠤᠬᠠᠭ᠋ᠠᠨ ᠪᠠ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠶᠡᠷᠦᠩᠬᠡᠶ᠋ᠢᠯᠡᠭᠰᠡᠨ ᠴᠢᠨᠠᠷᠲᠠᠶ ᠰᠢᠨᠵᠢᠯᠡᠭᠡᠨ ᠪᠣᠯᠤᠭᠰᠠᠨ᠎ᠤ ᠬᠤᠪᠢ᠎ᠳᠤ ᠬᠣᠯᠪᠣᠭᠳᠠᠬᠤ ᠬᠡᠪᠴᠢᠶ᠎ᠡ᠎ᠪᠠᠷ ᠥᠷᠭᠡᠨ᠂ ᠠᠬᠤᠶ᠋ᠢᠴᠢ ᠴᠢᠨᠠᠷ ᠵᠶ᠋ᠠᠷ ᠴᠢᠩᠭ᠎ᠠ᠂ ᠶᠡᠷᠦᠩᠬᠡᠶ᠋ᠢᠯᠡᠭᠰᠡᠨ ᠬᠡᠮᠵᠢᠶ᠎ᠡ᠎ᠪᠠᠷ ᠥᠨᠳᠥᠷ ᠪᠠᠶ᠋ᠢᠵᠤ᠂ ᠲᠤᠰ ᠰᠢᠨᠵᠢᠯᠡᠭᠡᠨ᠎ᠤ ᠲᠤᠰᠬᠠᠶ ᠮᠡᠷᠭᠡᠵᠢᠯ᠎ᠤᠨ ᠨᠡᠷ᠎ᠡ ᠲᠣᠮᠢᠶ᠎ᠠ ᠵᠢ ᠬᠢᠨᠠᠨ ᠲᠣᠭᠲᠠᠭ᠋ᠠᠵᠤ ᠨᠢᠭᠡᠳᠬᠡᠬᠦ᠎ᠨᠢ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢ ᠵᠢᠷᠤᠮᠵᠢᠭᠤᠯᠵᠤ ᠪᠠᠷᠢᠮᠵᠢᠶᠠᠵᠢᠭᠤᠯᠬᠤ ᠪᠠ ᠮᠡᠳᠡᠭᠡ ᠵᠠᠩᠭᠢᠵᠢᠭᠤᠯᠬᠤ ᠪᠠᠶ᠋ᠢᠭᠤᠯᠤᠯᠲᠠ ᠵᠢ ᠠᠬᠢᠭᠤᠯᠬᠤ᠂ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠪᠠᠳᠠᠷᠠᠭᠤᠯᠬᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ᠎ᠳᠤ ᠢᠳᠡᠪᠬᠢ ᠠᠴᠢ ᠬᠣᠯᠪᠣᠭᠳᠠᠯ᠎ᠲᠠᠢ ᠶᠤᠮ᠃ ᠰᠢᠨ᠎ᠡ᠎ᠪᠠᠷ ᠬᠢᠨᠠᠨ ᠲᠣᠭᠲᠠᠭ᠋ᠠᠭᠰᠠᠨ ᠨᠡᠷ᠎ᠡ ᠲᠣᠮᠢᠶ᠎ᠠ ᠵᠢ ᠤᠯᠤᠰ᠎ᠤᠨ ᠨᠡᠶ᠋ᠢᠳᠡᠮ ᠬᠡᠷᠡᠭᠯᠡᠬᠦ ᠦᠭᠡ ᠬᠡᠯᠡ ᠥᠰᠥᠭ ᠪᠢᠴᠢᠭ ᠪᠠ ᠮᠣᠩᠭᠣᠯ ᠦᠭᠡ ᠬᠡᠯᠡ ᠥᠰᠥᠭ ᠪᠢᠴᠢᠭ᠎ᠤᠨ ᠬᠠᠷᠢᠴᠠᠭᠤᠯᠤᠭᠰᠠᠨ ᠠᠯᠪᠠᠨ ᠮᠡᠳᠡᠭᠡ ᠵᠢᠨ ᠬᠡᠯᠪᠡᠷᠢ᠎ᠪᠠᠷ ᠨᠡᠶ᠋ᠢᠲᠡᠯᠡᠵᠦ᠂ ᠥᠪᠡᠷᠲᠡᠭᠡᠨ ᠵᠠᠰᠠᠬᠤ ᠣᠷᠣᠨ ᠵᠢᠴᠢ ᠡᠯ᠎ᠡ ᠠᠶ᠋ᠢᠮᠠᠭ ᠬᠣᠲᠠ ᠵᠢᠨ ᠦᠨᠳᠦᠰᠦᠲᠡᠨ᠎ᠤ ᠬᠡᠯᠡ ᠪᠢᠴᠢᠭ᠎ᠤᠨ ᠠᠵᠢᠯ᠎ᠤᠨ ᠬᠠᠮᠢᠶ᠎ᠠ ᠪᠥᠬᠥᠶ ᠨᠢᠭᠡᠴᠢ᠎ᠳᠤ ᠳᠡᠯᠭᠡᠷᠡᠭᠦᠯᠦᠨ ᠬᠡᠷᠡᠭᠯᠡᠬᠦ ᠵᠢᠨ ᠬᠠᠮᠲᠤ᠂ ᠭᠠᠵᠠᠷ ᠵᠦᠶ ᠵᠢᠨ ᠤᠬᠠᠭ᠋ᠠᠨ᠎ᠤ ᠲᠤᠰᠬᠠᠶ ᠮᠡᠷᠭᠡᠵᠢᠯ᠎ᠤᠨ ᠨᠡᠷ᠎ᠡ ᠲᠣᠮᠢᠶ᠎ᠠ ᠪᠣᠯᠭ᠋ᠠᠨ 《ᠬᠢᠲᠠᠳ ᠮᠣᠩᠭᠣᠯ ᠠᠨᠭ᠌ᠭ᠍ᠯᠢ ᠣᠷᠣᠰ ᠺᠢᠷᠢᠯ ᠬᠡᠯᠡᠨ᠎ᠤ ᠬᠠᠷᠢᠴᠠᠭᠤᠯᠤᠭᠰᠠᠨ ᠭᠠᠵᠠᠷ ᠵᠦᠶ ᠵᠢᠨ ᠨᠡᠷ᠎ᠡ ᠲᠣᠮᠢᠶᠠᠨᠤ ᠲᠣᠯᠢ》᠎ᠳᠤ ᠣᠷᠣᠭᠤᠯᠤᠨ᠎ᠠ᠃
ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠥᠸᠠᠢ ᠳ᠋ᠦᠩ