ᠲᠡᠷᠢᠭᠦᠨ ᠬᠠᠭᠤᠳᠠᠰᠤ   -   ᠮᠠᠨ᠎ᠤ ᠠᠵᠢᠯ
ᠬᠤᠪᠢᠰᠬᠠᠯ᠎ᠤᠨ ᠭ᠋ᠸᠨ ᠰᠢᠡᠵᠢᠯᠡᠭᠡ ᠲᠧᠭᠨᠢᠭ ᠮᠡᠷᠭᠡᠵᠢᠯ᠎ᠤᠨ ᠭᠡᠷᠡᠯ ᠰᠠᠴᠤᠷᠠᠩᠭᠤᠢ ᠠᠮᠵᠢᠯᠲᠠ ᠵᠢ ᠴᠤᠠᠠᠴᠠᠯᠠᠵᠤ᠂ ᠨᠠᠮ᠎ᠤᠨ ᠡᠳᠦᠷ᠎ᠤᠨ ᠠᠵᠢᠯᠯᠠᠭ᠎ᠠ᠎ᠪᠠᠷ ᠵᠣᠷᠢᠭ ᠰᠠᠨᠠᠭ᠎ᠠ ᠵᠢ ᠤᠯᠠᠮᠵᠢᠯᠠᠨ ᠵᠠᠯᠭ᠋ᠠᠮᠵᠢᠯᠠᠨᠠᠮ — ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠎ᠤᠨ ᠦᠨᠳᠦᠰᠦᠨ ᠱᠠᠲᠤᠨ᠎ᠤ ᠨᠠᠮ᠎ᠤᠨ ᠡᠭᠦᠷ᠎ᠤᠳ ᠬᠠᠮᠲᠤᠷᠠᠨ 《ᠨᠠᠮᠴᠢ ᠴᠢᠨᠠᠷ᠎ᠢ ᠳᠠᠪᠲᠠᠨ ᠪᠣᠯᠪᠠᠰᠤᠷᠠᠭᠤᠯᠵᠤ ᠤᠭ ᠰᠠᠨᠠᠭ᠎ᠠ᠎ᠪᠠᠨ ᠦᠯᠦ ᠮᠠᠷᠳᠠᠵᠤ ᠰᠢᠡᠵᠢᠯᠡᠭᠡ ᠮᠡᠷᠭᠡᠵᠢᠯ ᠵᠢᠡᠷ ᠪᠦᠯᠬᠦᠮᠳᠡᠯ᠎ᠢ ᠠᠬᠢᠭᠤᠯᠬᠤ》 ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠵᠢ ᠦᠷᠨᠢᠬᠦᠯᠪᠡ
ᠨᠡᠶ᠋ᠢᠲᠡᠯᠡᠭᠰᠡᠨ ᠴᠠᠭ᠄ 2025-04-28

      ᠣᠢ᠌ᠷ᠎ᠠ᠎ᠳᠤ  ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠂ ᠤᠯᠠᠭ᠋ᠠᠨᠴᠠᠪ ᠬᠣᠲᠠ ᠵᠢᠨ ᠦᠨᠳᠦᠰᠦᠲᠡᠨ᠎ᠤ ᠵᠥᠪᠯᠡᠯ ᠵᠢᠴᠢ ᠡᠯ᠎ᠡ ᠬᠣᠰᠢᠭᠤ ᠰᠢᠶᠠᠨ ᠲᠣᠭᠣᠷᠢᠭ᠎ᠤᠨ ᠦᠨᠳᠦᠰᠦᠲᠡᠨ᠎ᠤ ᠵᠥᠪᠯᠡᠯ᠎ᠤᠨ ᠨᠠᠮ᠎ᠤᠨ ᠡᠭᠦᠷ᠎ᠤᠨ ᠨᠠᠮ᠎ᠤᠨ ᠭᠡᠰᠢᠭᠦᠨ ᠺᠠᠳ᠋ᠷᠴᠤᠳ ᠤᠯᠠᠭ᠋ᠠᠨᠴᠠᠪ ᠬᠣᠲᠠ ᠵᠢᠨ  ᠰᠢᠡᠵᠢᠯᠡᠭᠡ  ᠮᠡᠷᠭᠡᠵᠢᠯ᠎ᠤᠨ ᠣᠷᠳᠣᠨ᠎ᠳᠤ ᠬᠦᠷᠴᠦ᠂ 《ᠨᠠᠮᠴᠢ ᠴᠢᠨᠠᠷ᠎ᠢ ᠳᠠᠪᠲᠠᠨ ᠪᠣᠯᠪᠠᠰᠤᠷᠠᠭᠤᠯᠵᠤ ᠣᠭ ᠰᠠᠨᠠᠭ᠎ᠠ᠎ᠪᠠᠨ ᠦᠯᠦ  ᠮᠠᠷᠳᠠᠵᠤ ᠂ ᠰᠢᠡᠵᠢᠯᠡᠭᠡ  ᠮᠡᠷᠭᠡᠵᠢᠯ  ᠵᠢᠡᠷ  ᠪᠦᠯᠬᠦᠮᠳᠡᠯ᠎ᠢ ᠠᠬᠢᠭᠤᠯᠬᠤ》  ᠭᠣᠤᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠵᠢ ᠬᠠᠮᠲᠤᠷᠠᠨ ᠥᠷᠨᠢᠭᠦᠯᠪᠡ᠃ 

      ᠠᠵᠢᠯᠯᠠᠭ᠎ᠠ ᠳᠤᠮᠳᠠ᠂   ᠪᠦᠬᠦ ᠨᠠᠮ᠎ᠤᠨ ᠭᠡᠰᠢᠬᠦᠨ 《ᠪᠡᠶ᠎ᠡ᠎ᠪᠠᠨ ᠳᠠᠭ᠋ᠠᠭ᠋ᠠᠬᠤ᠂ ᠥᠪᠡᠷ᠎ᠢ᠎ᠪᠠᠨ ᠬᠦᠴᠦᠷᠬᠡᠭᠵᠢᠬᠦᠯᠬᠦ᠂ ᠪᠠᠬᠠᠳᠤᠨ ᠤᠮᠤᠭᠰᠢᠬᠤ — ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠳᠣᠣᠷᠠᠬᠢ  ᠰᠢᠡᠵᠢᠯᠡᠭᠡ  ᠮᠡᠷᠭᠡᠵᠢᠯ᠎ᠤᠨ ᠪᠡᠶ᠎ᠡ᠎ᠪᠠᠨ ᠳᠠᠭ᠋ᠠᠭ᠋ᠠᠵᠤ ᠰᠢᠨ᠎ᠡ ᠵᠢ  ᠡᠬᠦᠳᠦᠭᠰᠡᠨ  ᠵᠠᠮ》  ᠬᠡᠬᠦ ᠤᠤᠭ᠋ᠠᠯ ᠡᠬᠦᠳᠦᠯᠳᠡ ᠎ᠲᠠᠢ  ᠦᠵᠡᠬᠦᠯᠬᠡ ᠵᠢᠨ ᠵᠦᠴᠦᠬᠡ ᠵᠢ ᠰᠣᠨᠢᠷᠬᠠᠪᠠ᠃  ᠡᠳᠡᠭᠡᠷ ᠎ᠨᠢ 《ᠰᠢᠨ᠎ᠡ ᠠᠷᠠᠳᠴᠢᠯᠠᠭᠰᠠᠨ ᠬᠤᠪᠢᠰᠬᠠᠯ᠎ᠤᠨ ᠦᠶ᠎ᠡ᠎ᠳᠤ ᠥᠪᠡᠷ᠎ᠤᠨ ᠬᠦᠴᠦ᠎ᠪᠠᠷ ᠵᠶ᠋ᠡᠨ ᠳᠡᠭᠵᠢᠷᠡᠬᠦ ᠴᠢᠭᠯᠡᠯᠲᠡ ᠠᠩᠬ᠎ᠠ ᠠᠯᠬᠤᠮ ᠪᠦᠷᠢᠯᠳᠦᠪᠡ》 ᠂ 《ᠨᠡᠢ᠌ᠭᠡᠮ ᠵᠢᠷᠤᠮᠲᠤ ᠬᠤᠪᠢᠰᠬᠠᠯ ᠪᠣᠯᠤᠨ ᠪᠦᠲᠦᠭᠡᠨ ᠪᠠᠢ᠌ᠭᠤᠯᠤᠯᠲᠠ ᠵᠢᠨ ᠴᠠᠭ ᠦᠶ᠎ᠡ᠎ᠳᠤ ᠥᠪᠡᠷ᠎ᠤᠨ ᠬᠦᠴᠦ᠎ᠪᠠᠷ ᠵᠶ᠋ᠡᠨ ᠳᠡᠭᠵᠢᠷᠡᠬᠦ ᠴᠢᠭᠯᠡᠯᠲᠡ ᠵᠢ ᠵᠢᠩᠬᠢᠨᠢ᠎ᠪᠠᠷ  ᠪᠤᠢ ᠪᠤᠯᠭ᠋ᠠᠪᠠ》 ᠂ 《ᠥᠭᠡᠷᠡᠴᠢᠯᠡᠯᠲᠡ ᠨᠡᠭᠡᠭᠡᠯᠲᠡ ᠪᠠ ᠨᠡᠢ᠌ᠭᠡᠮ  ᠵᠢᠷᠤᠮᠳᠦ  ᠤᠳᠤᠬᠢᠴᠢᠯᠠᠭᠰᠠᠨ ᠪᠦᠲᠦᠭᠡᠨ ᠪᠠᠢ᠌ᠭᠤᠯᠤᠯᠲᠠ ᠵᠢᠨ ᠰᠢᠨ᠎ᠡ ᠴᠠᠭ ᠦᠶ᠎ᠡ᠎ᠳᠠᠬᠢ ᠪᠡᠶ᠎ᠡ᠎ᠪᠠᠨ ᠳᠠᠭ᠋ᠠᠭ᠋ᠠᠵᠤ ᠰᠢᠨ᠎ᠡ ᠵᠢ ᠡᠭᠦᠳᠬᠦ ᠴᠢᠭᠯᠡᠯᠲᠡ ᠭᠦᠢ᠍ᠴᠡᠳ  ᠬᠦᠭᠵᠢᠪᠡ》 ᠂ 《ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠰᠢᠨ᠎ᠡ ᠴᠠᠭ ᠦᠶ᠎ᠡ ᠵᠢᠨ ᠰᠢᠡᠵᠢᠯᠡᠭᠡ  ᠮᠡᠷᠭᠡᠵᠢᠯ᠎ᠤᠨ ᠪᠡᠶ᠎ᠡ᠎ᠪᠠᠨ ᠳᠠᠭ᠋ᠠᠭ᠋ᠠᠵᠤ ᠥᠪᠡᠷ᠎ᠢ᠎ᠪᠠᠨ ᠬᠦᠴᠦᠷᠬᠡᠭᠵᠢᠭᠦᠯᠬᠦ ᠦᠵᠡᠯ ᠰᠠᠨᠠᠭ᠎ᠠ ᠵᠢ ᠵᠢᠩᠬᠢᠨᠢ᠎ᠪᠠᠷ ᠳᠤᠷᠠᠳᠪᠠ》  ᠪᠠ ᠺᠢᠨᠣ᠋ 《ᠨᠤᠮᠢᠨ  ᠭᠦᠰᠢᠭᠡᠳᠦ  ᠤᠮᠠᠷᠠᠲᠤ ᠬᠢᠯᠢ》  ᠵᠡᠷᠬᠡ ᠲᠠᠪᠤᠨ ᠦᠵᠡᠭᠳᠡᠯ  ᠵᠢᠡᠷ ᠪᠦᠷᠢᠯᠳᠦᠵᠡᠢ ᠂    ᠵᠦᠴᠦᠭᠡ ᠎ᠳᠤ 《ᠥᠨᠢᠳᠡ ᠪᠠᠯᠠᠷᠠᠰᠢ ᠦᠭᠡᠢ ᠬᠤᠪᠢᠰᠬᠠᠯ᠎ᠤᠨ ᠴᠠᠬᠢᠯᠭ᠋ᠠᠨ ᠳᠣᠯᠭᠢᠶᠠᠨ》 ᠂ 《ᠴᠠᠬᠢᠯᠳᠠᠭ ᠳᠡᠯᠭᠡᠷᠡᠨᠡᠮ》 ᠂ 《ᠬᠠᠯᠢᠭᠤᠷᠠᠨ ᠳᠠᠪᠠᠯᠭ᠋ᠠᠯᠬᠤ ᠳᠠᠷᠢᠶᠠᠨ ᠲᠦᠷᠦᠬᠦᠦ ᠵᠢ ᠪᠠᠬᠠᠳᠤᠨ ᠰᠤᠨᠢᠷᠬᠠᠨᠠᠮ》 ᠂ 《ᠣᠭᠲᠠᠷᠭᠤᠶ ᠵᠢᠨ ᠴᠡᠬᠡᠯ᠎ᠢ ᠪᠠᠷᠠᠯᠠᠬᠤᠶ᠎ᠠ》  ᠵᠡᠷᠭᠡ ᠶᠠᠷᠢᠶᠠᠲᠤ ᠵᠦᠴᠦᠭᠡ ᠵᠢᠨ ᠲᠣᠭᠯᠠᠯᠲᠠ ᠵᠢ ᠠᠭᠤᠰᠬᠠᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠳᠥᠷᠪᠡᠨ ᠳᠡᠦᠬᠡᠳᠦ ᠴᠠᠭ ᠦᠶ᠎ᠡ ᠵᠢᠨ  ᠰᠢᠡᠵᠢᠯᠡᠭᠡ  ᠮᠡᠷᠭᠡᠵᠢᠯ᠎ᠤᠨ ᠪᠡᠶ᠎ᠡ᠎ᠪᠠᠨ ᠳᠠᠭ᠋ᠠᠭ᠋ᠠᠵᠤ  ᠦᠪᠡᠷ᠎ᠢ᠎ᠪᠠᠨ ᠬᠦᠴᠦᠷᠭᠡᠭᠵᠢᠬᠦᠯᠦᠭᠰᠡᠨ  ᠴᠢᠭᠯᠡᠯᠲᠡ ᠲᠥᠷᠥ ᠵᠢᠨ ᠪᠣᠳᠣᠯᠭ᠎ᠠ ᠪᠠ ᠠᠷᠭ᠎ᠠ ᠬᠡᠮᠵᠢᠶ᠎ᠡ ᠦᠷ᠎ᠡ ᠪᠦᠲᠦᠭᠡᠯ᠎ᠢ ᠠᠮᠢᠳᠤᠯᠢᠭ ᠵᠶ᠋ᠠᠷ ᠲᠤᠭ᠋ᠠᠴᠢᠵᠦ ᠂ ᠳᠤᠮᠳᠠᠳᠤ ᠤᠯᠤᠰ᠎ᠤᠨ ᠡᠪ ᠬᠠᠮᠲᠤ ᠨᠠᠮ᠎ᠠᠴᠠ ᠰᠢᠡᠵᠢᠯᠡᠭᠡ  ᠮᠡᠷᠭᠡᠵᠢᠯ᠎ᠤᠨ ᠠᠵᠢᠯᠲᠠᠳ᠎ᠢ  ᠳᠠᠢ᠌ᠴᠢᠯᠡᠨ  ᠬᠦᠴᠢᠷ᠎ᠢ ᠲᠤᠭᠤᠯᠵᠤ᠂ ᠠᠮᠵᠢᠯᠳᠡ ᠵᠢᠨ ᠥᠨᠳᠥᠷ ᠣᠷᠭᠢᠯ᠎ᠳᠤ ᠡᠷᠡᠯᠬᠡᠭᠯᠡᠨ ᠠᠪᠠᠷᠢᠭᠰᠠᠨ ᠲᠡᠮᠡᠴᠡᠯ᠎ᠤᠨ ᠥᠩᠭᠡᠷᠡᠯᠲᠡ ᠵᠢ ᠪᠦᠬᠦ ᠳᠠᠯ᠎ᠠ᠎ᠪᠠᠷ ᠳᠡᠯᠬᠡᠨ ᠦᠵᠡᠬᠦᠯᠪᠠ᠃ 

      ᠡᠳᠡᠭᠡᠷ ᠦᠵᠡᠭᠦᠯᠭᠡ ᠵᠢᠨ ᠵᠦᠴᠦᠭᠡ᠎ᠨᠢ ᠨᠢᠭᠡ ᠤᠳᠠᠭ᠋ᠠᠨ᠎ᠤ ᠰᠣᠶᠣᠯ᠎ᠤᠨ ᠦᠵᠡᠭᠦᠯᠭᠡ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠨᠢᠭᠡ ᠤᠳᠠᠭ᠋ᠠᠨ᠎ᠤ ᠵᠣᠷᠢᠭ ᠰᠠᠨᠠᠭ᠋ᠠᠨ᠎ᠤ ᠤᠯᠠᠮᠵᠢᠯᠠᠯ ᠪᠣᠯᠬᠤ ᠶᠤᠮ᠃  ᠨᠠᠮ᠎ᠤᠨ ᠭᠡᠰᠢᠭᠦᠳ ᠲᠤᠬᠠᠢ ᠵᠢᠨ ᠭᠠᠵᠠᠷ᠎ᠲᠤ᠎ᠨᠢ ᠬᠦᠷᠴᠦ ᠴᠢᠶᠠᠨ ᠰᠢᠤᠸᠠᠢ ᠰᠸᠨ᠂ ᠳ᠋ᠧᠩ ᠵᠢᠶᠠ ᠰᠢᠶᠠᠨ ᠵᠡᠷᠭᠡ ᠰᠢᠨᠵᠢᠯᠡᠬᠦ ᠤᠬᠠᠭ᠋ᠠᠨᠲᠠᠳ᠎ᠤᠨ ᠡᠬᠡ ᠤᠯᠤᠰ᠎ᠤᠨ ᠵᠶ᠋ᠠᠨ ᠲᠥᠯᠥᠭᠡ  ᠵᠢᠤᠡᠬᠦᠭᠰᠡᠨ  ᠬᠠᠢ᠌ᠷ᠎ᠠ ᠰᠡᠳᠬᠢᠯᠭᠡ ᠵᠢᠴᠢ 《ᠬᠣᠶᠠᠷ ᠰᠤᠮᠤ ᠨᠢᠭᠡ ᠤᠳᠤ》 ᠂ ᠰᠠᠨᠰᠠᠷ᠎ᠤᠨ ᠠᠶᠠᠯᠠᠯ᠎ᠤᠨ ᠢᠨᠵᠧᠨᠧᠷᠢᠩ ᠵᠡᠷᠭᠡ  ᠰᠢᠡᠵᠢᠯᠡᠭᠡ  ᠮᠡᠷᠭᠡᠵᠢᠯ᠎ᠤᠨ ᠠᠮᠵᠢᠯᠲᠠ ᠪᠦᠲᠦᠮᠵᠢ ᠵᠢᠨ ᠠᠷᠤ᠎ᠳᠠᠬᠢ ᠤᠶᠤᠨ ᠰᠠᠨᠠᠭ᠋ᠠᠨ᠎ᠤ ᠬᠦᠴᠦᠨ ᠴᠢᠳᠠᠯ᠎ᠢ ᠪᠡᠶ᠎ᠡ᠎ᠪᠠᠷ ᠵᠢᠡᠨ ᠣᠢ᠌ᠯᠠᠭ᠋ᠠᠵᠤ᠂ ᠰᠢᠡᠵᠢᠯᠡᠭᠡ  ᠮᠡᠷᠭᠡᠵᠢᠯ᠎ᠤᠨ ᠪᠡᠶ᠎ᠡ᠎ᠪᠠᠨ ᠳᠠᠭ᠋ᠠᠭ᠋ᠠᠵᠤ ᠥᠪᠡᠷ᠎ᠢ᠎ᠪᠠᠨ ᠬᠦᠴᠦᠷᠬᠡᠭᠵᠢᠭᠦᠯᠬᠦ ᠪᠣᠯ ᠤᠯᠤᠰ᠎ᠤᠨ ᠬᠥᠭᠵᠢᠯᠲᠡ ᠵᠢᠨ ᠪᠠᠢ᠌ᠯᠳᠤᠬᠤ ᠪᠤᠳᠤᠯᠭ᠎ᠠ ᠵᠢᠨ ᠲᠤᠯᠭ᠋ᠠᠭᠤᠷᠢᠯᠠᠯ ᠮᠥᠨ᠂ ᠪᠠᠰᠠ ᠴᠤ᠌ ᠦᠨᠳᠦᠰᠦᠲᠡᠨ᠎ᠤ ᠪᠦᠯᠬᠦᠮᠳᠡᠯ ᠲᠠᠪᠰᠢᠯᠳᠠ ᠵᠢᠨ ᠴᠢᠬᠤᠯᠠ ᠬᠥᠳᠡᠯᠭᠡᠬᠦ ᠬᠦᠴᠦᠨ ᠮᠥᠨ ᠭᠡᠳᠡᠭ᠎ᠢ ᠭᠦᠨᠵᠡᠭᠡᠢ ᠲᠠᠨᠢᠪᠠ᠃ 《ᠰᠤᠷᠤᠯᠴᠠᠬᠤ᠂ ᠰᠤᠨᠢᠷᠬᠠᠬᠤ᠂  ᠤᠢ᠌ᠯᠡᠳᠦᠯᠭᠡᠵᠢᠬᠦᠯᠬᠦ》  ᠵᠢ ᠨᠢᠭᠡ ᠴᠣᠭᠴᠠᠵᠢᠭᠤᠯᠤᠭᠰᠠᠨ ᠬᠦᠡᠵᠡᠭᠡᠢ ᠪᠡᠶᠡᠴᠢᠯᠡᠨ ᠤᠢ᠌ᠯᠠᠭ᠋ᠠᠬᠤ ᠭᠡᠯᠪᠡᠷᠢ ᠎ᠪᠠᠷ ᠳᠠᠮᠵᠢᠭᠤᠯᠵᠤ᠂ ᠣᠯᠠᠨ ᠵᠶ᠋ᠠᠷ ᠵᠶ᠋ᠠᠨ  ᠰᠢᠡᠵᠢᠯᠡᠭᠡ  ᠮᠡᠷᠭᠡᠵᠢᠯ᠎ᠤᠨ ᠪᠡᠶ᠎ᠡ᠎ᠪᠠᠨ ᠳᠠᠭ᠋ᠠᠭ᠋ᠠᠵᠤ ᠥᠪᠡᠷ᠎ᠢ᠎ᠪᠠᠨ ᠬᠦᠴᠦᠷᠬᠡᠭᠵᠢᠭᠦᠯᠬᠦ ᠵᠣᠷᠢᠭ ᠰᠠᠨᠠᠭ᠎ᠠ ᠵᠢ ᠨᠠᠩ ᠭᠦᠨᠵᠡᠭᠡᠶ ᠣᠢ᠌ᠯᠠᠭ᠋ᠠᠪᠠ᠃

图片1.png

      ᠠᠵᠢᠯᠯᠠᠭ᠎ᠠ ᠳᠠᠭᠤᠰᠬᠤ ᠦᠶ᠎ᠡ᠎ᠳᠤ  ᠤᠯᠠᠨ ᠵᠶ᠋ᠠᠷ ᠵᠶ᠋ᠠᠨ ᠰᠢ ᠵᠢᠨ ᠫᠢᠩ  ᠶᠡᠷᠦᠩᠬᠡᠢ ᠱᠦᠵᠢ  ᠵᠢᠨ  ᠦᠨᠳᠦᠰᠦᠲᠡᠨ᠎ᠤ ᠠᠵᠢᠯ᠎ᠢ ᠴᠢᠩᠭ᠋ᠠᠳᠬᠠᠨ ᠰᠠᠢ᠌ᠵᠢᠷᠠᠭᠤᠯᠬᠤ ᠲᠤᠬᠠᠢ ᠴᠢᠬᠤᠯᠠ ᠦᠵᠡᠯ ᠰᠠᠨᠠᠭ᠎ᠠ ᠵᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠰᠠᠨᠠᠭ᠋ᠠᠴᠢᠯᠠᠭ᠎ᠠ᠎ᠠᠴᠠ᠎ᠪᠠᠨ  ᠰᠢᠡᠵᠢᠯᠡᠭᠡ  ᠮᠡᠷᠭᠡᠵᠢᠯ᠎ᠤᠨ ᠰᠢᠨ᠎ᠡ ᠵᠢ ᠡᠭᠦᠳᠬᠦ ᠰᠡᠳᠬᠢᠬᠦᠢ ᠎ᠪᠠᠷ ᠂ ᠦᠨᠳᠦᠰᠦᠲᠡᠨ᠎ᠤ ᠠᠵᠢᠯ᠎ᠢ ᠰᠠᠢ᠌ᠲᠤᠷ ᠬᠢᠬᠦ ᠴᠢᠳᠠᠪᠤᠷᠢ᠎ᠪᠠᠨ ᠳᠡᠭᠡᠭᠰᠢᠯᠡᠭᠦᠯᠵᠦ᠂ 《ᠨᠢᠭᠡ ᠭᠣᠣᠯ ᠰᠢᠵᠢᠮ᠎ᠢ ᠲᠤᠭᠤᠰᠢᠯᠠᠭᠤᠯᠬᠤ᠂ ᠬᠣᠶᠠᠷ ᠶᠡᠬᠡ ᠶᠠᠪᠤᠳᠠᠯ᠎ᠢ ᠰᠠᠢ᠌ᠲᠤᠷ ᠬᠢᠬᠦ᠂ ᠮᠣᠩᠭᠣᠯ ᠮᠤᠷᠢᠨ᠎ᠤ ᠵᠣᠷᠢᠭ ᠰᠠᠨᠠᠭ᠎ᠠ ᠵᠢ ᠪᠠᠳᠠᠷᠠᠭᠤᠯᠬᠤ᠂ ᠰᠢᠨ᠎ᠡ ᠵᠠᠮ ᠵᠢᠡᠷ ᠤᠷᠤᠠᠠᠰᠢᠯᠠᠬᠤ  ᠳᠤᠮᠳᠠ  ᠲᠦᠪᠰᠢᠨ ᠎ᠳᠤ ᠬᠦᠷᠬᠦ》  ᠬᠠᠷᠠᠯᠲᠠ ᠡᠭᠦᠷᠭᠡ ᠵᠢ ᠪᠡᠶᠡᠯᠡᠭᠦᠯᠵᠦ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠭᠰᠠᠨ ᠥᠪᠥᠷ ᠮᠣᠩᠭᠣᠯ᠎ᠤᠨ ᠰᠢᠨ᠎ᠡ ᠬᠠᠭᠤᠳᠠᠰᠤ ᠵᠢ ᠪᠢᠴᠢᠭᠯᠡᠬᠦ᠎ᠳᠤ ᠦᠨᠳᠦᠰᠦᠲᠡᠨ᠎ᠤ ᠠᠵᠢᠯ᠎ᠤᠨ ᠬᠦᠴᠦᠨ ᠴᠢᠳᠠᠯ ᠵᠶ᠋ᠠᠨ ᠡᠷᠭᠦᠨ᠎ᠡ ᠭᠡᠵᠦ ᠢᠯᠡᠳᠬᠡᠵᠡᠭᠡᠪᠡ᠃

 

 

 

ᠢᠷᠡᠯᠲᠡ᠄ ᠤᠷᠤᠨ ᠨᠣᠳᠤᠭ᠎ᠤᠨ ᠦᠭᠡ ᠬᠡᠯᠡ ᠦᠰᠦᠭ ᠪᠢᠴᠢᠭ᠎ᠤᠨ ᠰᠤᠳᠤᠯᠤᠯ ᠭᠡᠷᠡᠭᠯᠡᠭᠡᠨ᠎ᠤ ᠲᠥᠪ