ᠲᠡᠷᠢᠭᠦᠨ ᠬᠠᠭᠤᠳᠠᠰᠤ   -   ᠠᠶ᠋ᠢᠮᠠᠭ ᠬᠤᠲᠠ᠎ᠶᠢᠨ ᠮᠡᠳᠡᠭᠡ
ᠥᠪᠥᠷ ᠮᠣᠩᠭᠣᠯ᠎ᠤᠨ ᠬᠢᠩᠭ᠋ᠠᠨ ᠠᠢ᠌ᠮᠠᠭ᠄ ᠬᠣᠶᠠᠷ ᠬᠣᠰᠢᠭᠤ ᠰᠢᠶᠠᠨ ᠭᠦᠨᠵᠡᠭᠡᠢ ᠬᠠᠮᠳᠤᠷᠠᠯᠴᠠᠵᠦ ᠦᠨᠳᠦᠰᠦᠲᠡᠨ᠎ᠤ ᠪᠦᠯᠬᠦᠮᠳᠡᠯ ᠵᠶ᠋ᠠᠷ ᠬᠠᠮᠲᠤ᠎ᠪᠠᠷ ᠪᠠᠶᠠᠵᠢᠬᠤ᠎ᠳᠤ ᠬᠦᠴᠦᠨ ᠨᠡᠮᠡᠷᠢᠯᠡᠪᠡ
ᠨᠡᠶ᠋ᠢᠲᠡᠯᠡᠭᠰᠡᠨ ᠴᠠᠭ᠄ 2024-08-09

      ᠲᠦᠴᠢᠦᠸᠠᠨ ᠰᠢᠶᠠᠨ ᠬᠡᠮᠡᠬᠦ ᠥᠪᠥᠷ ᠮᠣᠩᠭᠣᠯ᠎ᠤᠨ ᠬᠢᠩᠭ᠋ᠠᠨ ᠠᠢ᠌ᠮᠠᠭ᠎ᠤᠨ ᠳᠤᠮᠳᠠ ᠡᠮᠦᠨᠡᠲᠦ ᠬᠡᠰᠡᠭ᠎ᠲᠤ ᠪᠠᠢ᠌ᠷᠢᠯᠠᠵᠦ ᠪᠠᠢ᠌ᠭ᠎ᠠ ᠤᠯᠠᠨ ᠡᠰᠢᠲᠦ ᠰᠣᠶᠣᠯ ᠠᠭᠤᠰᠤᠯᠴᠠᠭᠰᠠᠨ ᠣᠷᠣᠨ᠎ᠳᠤ ᠬᠢᠲᠠᠳ ᠦᠨᠳᠦᠰᠦᠲᠡᠨ᠂ ᠮᠣᠩᠭᠣᠯ ᠦᠨᠳᠦᠰᠦᠲᠡᠨ᠂ ᠮᠠᠨᠵᠤ ᠦᠨᠳᠦᠰᠦᠲᠡᠨ᠂ ᠬᠣᠲᠣᠩ ᠦᠨᠳᠦᠰᠦᠲᠡᠨ ᠵᠡᠷᠭᠡ 31 ᠦᠨᠳᠦᠰᠦᠲᠡᠨ᠎ᠤ ᠤᠯᠠᠨ ᠲᠦᠮᠡᠨ ᠡᠶ᠎ᠡ ᠨᠠᠢ᠌ᠷᠲᠠᠢ ᠬᠠᠮᠲᠤ ᠣᠷᠣᠰᠢᠵᠤ᠂ ᠦᠨᠳᠦᠰᠦᠲᠡᠨ᠎ᠤ ᠪᠦᠯᠬᠦᠮᠳᠡᠯ᠎ᠤᠨ ᠡᠶ᠎ᠡ ᠵᠣᠬᠢᠴᠠᠩᠭᠤᠢ ᠬᠠᠭᠤᠳᠠᠰᠤ ᠵᠢ ᠬᠠᠮᠳᠤ᠎ᠪᠠᠷ ᠪᠢᠴᠢᠭᠯᠡᠵᠦ ᠪᠤᠢ᠃ ᠲᠡᠭᠦᠨ᠎ᠤ 48 ᠲᠣᠰᠬᠣᠨ᠎ᠨᠢ  ᠣᠷᠤᠨ᠎ᠤ ᠲᠣᠳᠤᠨ᠎ᠠ ᠭᠠᠳᠠᠠᠨᠠᠬᠢ ᠬᠣᠰᠢᠭᠤ (ᠬᠣᠲᠠ᠂ ᠰᠢᠶᠠᠨ)᠎ᠲᠠᠢ ᠬᠦᠷᠰᠢᠯᠡᠭᠰᠡᠨ ᠵᠶ᠋ᠡᠷ ᠥᠪᠡᠷᠮᠢᠴᠡ ᠭᠠᠵᠠᠷ ᠵᠦᠢ ᠵᠢᠨ ᠥᠩᠭᠡ ᠦᠵᠡᠮᠵᠢ᠎ᠲᠠᠢ ᠪᠦᠭᠡᠳ ᠪᠠᠶᠠᠯᠢᠭ ᠰᠠᠢ᠌ᠬᠠᠨ ᠬᠥᠮᠥᠨ ᠢᠷᠭᠡᠨᠰᠢᠯ᠎ᠤᠨ ᠦᠵᠡᠮᠵᠢ ᠵᠢ ᠪᠣᠢ ᠪᠤᠯᠭ᠋ᠠᠭᠰᠠᠨ ᠪᠠᠢ᠌ᠨ᠎ᠠ᠃ 

1.jpg

      ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠳᠠᠢ᠌ᠴᠢᠨᠲᠠᠯ᠎ᠠ ᠰᠤᠮᠤᠨ᠎ᠤ ᠳᠠᠢ᠌ᠴᠢᠨᠲᠠᠯ᠎ᠠ ᠭᠠᠴᠠᠭ᠋ᠠᠨ᠎ᠤ ᠠᠷᠠᠳ ᠪᠣᠷᠣ ᠬᠠᠯᠢᠰᠤᠲᠤ ᠰᠠᠷᠢᠮᠰᠠᠭ ᠳᠠᠷᠢᠬᠤ ᠮᠡᠷᠭᠡᠵᠢᠯ᠎ᠢ ᠰᠤᠷᠤᠯᠴᠠᠵᠤ ᠪᠠᠢ᠌ᠨ᠎ᠠ᠃ (ᠽᠧᠩ ᠯᠢᠩ ᠭᠠᠩ ᠰᠡᠭᠦᠳᠡᠷᠯᠡᠪᠡ) 
      ᠣᠷᠣᠨ ᠪᠦᠰᠡ ᠵᠢᠨ ᠬᠣᠭᠣᠷᠣᠨᠳᠣᠬᠢ ᠬᠠᠮᠵᠢᠯᠴᠠᠭ᠎ᠠ ᠬᠠᠮᠲᠤᠷᠠᠯᠴᠠᠭ᠎ᠠ ᠪᠠ ᠬᠠᠮᠲᠤ ᠵᠢᠨ ᠬᠥᠭᠵᠢᠯᠲᠡ ᠵᠢ ᠤᠯᠠᠮ ᠨᠢᠭᠡ ᠠᠯᠬᠤᠮ ᠴᠢᠩᠭ᠋ᠠᠳᠬᠠᠬᠤ ᠵᠢᠨ ᠲᠥᠯᠥᠭᠡ᠂ ᠲᠦᠴᠢᠦᠸᠠᠨ ᠰᠢᠶᠠᠨ ᠡᠷᠬᠢᠨ ᠲᠣᠭᠣᠷᠢᠨ᠎ᠤ ᠭᠠᠵᠠᠷ ᠣᠷᠣᠨ᠎ᠯᠤᠭ᠎ᠠ ᠵᠢᠨ 《ᠬᠠᠷᠢᠯᠴᠠᠨ ᠬᠣᠯᠪᠣᠭ᠋ᠠᠯᠠᠵᠤ ᠬᠠᠮᠲᠤ᠎ᠪᠠᠷ ᠪᠠᠶ᠋ᠢᠭᠤᠯᠬᠤ》 ᠠᠵᠢᠯᠯᠠᠭ᠎ᠠ᠎ᠳᠤ ᠢᠳᠡᠪᠬᠢᠲᠡᠢ ᠣᠷᠣᠯᠴᠠᠵᠤ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤ ᠵᠢᠴᠢ ᠬᠢᠷᠢᠨ ᠮᠤᠵᠢ ᠵᠢᠨ ᠲᠤᠤ ᠨᠠᠨ ᠬᠤᠳᠠ ᠵᠡᠷᠭᠡ ᠭᠠᠵᠠᠷ᠎ᠤᠨ ᠭᠦᠨᠵᠡᠭᠡᠢ ᠰᠣᠯᠢᠯᠴᠠᠭ᠎ᠠ ᠪᠠ ᠬᠠᠮᠲᠤᠷᠠᠯᠴᠠᠭ᠎ᠠ ᠵᠢ ᠲᠤᠢ᠌ᠯ᠎ᠤᠨ ᠶᠡᠬᠡ᠎ᠪᠠᠷ ᠠᠬᠢᠭᠤᠯᠵᠠᠢ᠃ ᠡᠨᠡ ᠬᠦ᠌ ᠶᠠᠪᠤᠴᠠ᠎ᠳᠤ᠂ ᠦᠨᠳᠦᠰᠦᠲᠡᠨ᠎ᠨᠦᠭᠦᠳ᠎ᠤᠨ ᠬᠣᠭᠣᠷᠣᠨᠳᠣᠬᠢ ᠰᠣᠯᠢᠯᠴᠠᠭ᠎ᠠ ᠤᠯᠠᠮ ᠣᠯᠠᠰᠢᠷᠠᠵᠤ᠂ ᠶᠠᠪᠤᠯᠴᠠᠭ᠎ᠠ ᠤᠯᠠᠮ ᠨᠢᠭᠲᠠᠷᠠᠵᠤ᠂ ᠰᠣᠶᠣᠯ᠎ᠤᠨ ᠠᠭᠤᠰᠤᠯᠴᠠᠭ᠎ᠠ ᠤᠯᠠᠮ ᠭᠦᠨᠵᠡᠭᠡᠢ᠌ᠷᠡᠵᠦ᠂ ᠨᠢᠭᠡ ᠵᠦᠢ᠍ᠯ᠎ᠤᠨ ᠥᠪᠡᠷᠮᠢᠴᠡ ᠣᠨᠴᠠᠯᠢᠭ᠎ᠲᠠᠢ 《ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ》 ᠵᠢᠨ ᠬᠠᠷᠢᠯᠴᠠᠨ ᠰᠢᠭᠢᠳᠬᠦ ᠵᠠᠭᠪᠤᠷ᠎ᠢ ᠪᠦᠷᠢᠯᠳᠦᠭᠦᠯᠵᠦ᠂ 《ᠲᠦᠴᠢᠤᠸᠠᠨ᠎ᠤ ᠦᠯᠢᠭᠡᠷ ᠳᠠᠭᠤᠷᠢᠶᠠᠯ》 ᠬᠡᠮᠡᠨ ᠠᠯᠳᠠᠷᠰᠢᠵᠤ᠂ ᠦᠨᠳᠦᠰᠦᠲᠡᠨ᠎ᠤ ᠪᠦᠯᠬᠦᠮᠳᠡᠯ᠂ ᠬᠠᠮᠲᠤ ᠵᠢᠨ ᠬᠥᠭᠵᠢᠯᠲᠡ ᠵᠢᠨ ᠬᠡᠪ ᠳᠠᠭᠤᠷᠢᠶᠠᠯ ᠪᠣᠯᠤᠭᠰᠠᠨ ᠪᠠᠢ᠌ᠨ᠎ᠠ᠃
      《ᠪᠣᠷᠣ ᠬᠠᠯᠢᠰᠤᠲᠤ ᠰᠠᠷᠢᠮᠰᠠᠭ᠎ᠤᠨ ᠲᠠᠷᠢᠶᠠᠨ ᠭᠠᠵᠠᠷ᠎ᠤᠨ ᠬᠠᠮᠢᠶᠠᠷᠤᠯᠲᠠ᠎ᠨᠢ ᠤᠨᠠᠯᠲᠠ ᠵᠢ ᠮᠠᠰᠢ ᠶᠡᠬᠡ᠎ᠪᠠᠷ ᠨᠥᠯᠥᠭᠡᠯᠡᠳᠡᠭ᠂ ᠪᠢᠳᠡ ᠡᠷᠬᠡᠪᠰᠢ ᠨᠠᠷᠢᠯᠢᠭᠵᠢᠭᠤᠯᠤᠨ ᠬᠠᠮᠢᠶᠠᠷᠴᠤ᠂ ᠤᠰᠤ ᠪᠣᠷᠳᠣᠭᠤᠷ᠎ᠢ ᠭᠦᠢ᠍ᠴᠡᠳ ᠪᠠᠢ᠌ᠯᠭ᠋ᠠᠬᠤ ᠬᠡᠷᠡᠭᠲᠡᠢ ᠁》 ᠣᠢ᠌ᠷ᠎ᠠ᠎ᠳᠤ ᠲᠦᠴᠢᠦᠸᠠᠨ ᠰᠢᠶᠠᠨ᠎ᠤ ᠲᠦᠴᠢᠦᠸᠠᠨ ᠪᠠᠯᠭ᠋ᠠᠰᠤᠨ᠎ᠤ ᠯᠢᠦ ᠾᠧ ᠲᠣᠰᠬᠣᠨ᠎ᠤ ᠪᠣᠷᠣ ᠬᠠᠯᠢᠰᠤᠲᠤ ᠰᠠᠷᠢᠮᠰᠠᠭ ᠲᠠᠷᠢᠬᠤ ᠰᠠᠭᠤᠷᠢᠨ ᠭᠠᠵᠠᠷ᠎ᠲᠤ ᠯᠢᠦ ᠾᠧ ᠲᠣᠰᠬᠣᠨ᠎ᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠵᠢ ᠠᠬᠢᠭᠤᠯᠬᠤ ᠨᠡᠢ᠌ᠭᠡᠮᠯᠢᠭ᠎ᠠᠴᠠ ᠵᠣᠬᠢᠶᠠᠨ ᠪᠠᠢ᠌ᠭᠤᠯᠤᠭᠰᠠᠨ ᠪᠣᠷᠣ ᠬᠠᠯᠢᠰᠤᠲᠤ ᠰᠠᠷᠢᠮᠰᠠᠭ᠎ᠤᠨ ᠠᠵᠤ ᠦᠢ᠍ᠯᠡᠰ᠎ᠤᠨ ᠬᠥᠭᠵᠢᠯᠲᠡ ᠵᠢᠨ ᠰᠣᠯᠢᠯᠴᠠᠭ᠋ᠠᠨ᠎ᠤ ᠬᠤᠷᠠᠯ ᠶᠠᠭ ᠬᠥᠭᠵᠢᠶᠡᠨ᠎ᠲᠠᠢ ᠶᠠᠪᠤᠭᠳᠠᠵᠤ ᠪᠠᠢ᠌ᠯ᠎ᠠ᠃ ᠡᠨᠡ ᠤᠳᠠᠭ᠋ᠠᠨ᠎ᠤ ᠰᠣᠯᠢᠯᠴᠠᠭ᠋ᠠᠨ᠎ᠤ ᠬᠤᠷᠠᠯ᠎ᠢ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠳᠠᠢ᠌ᠴᠢᠨᠲᠠᠯ᠎ᠠ ᠰᠤᠮᠤᠨ᠎ᠤ ᠳᠠᠢ᠌ᠴᠢᠨᠲᠠᠯ᠎ᠠ ᠭᠠᠴᠠᠭ᠋ᠠᠨ᠎ᠤ ᠠᠷᠠᠳ᠎ᠲᠤ ᠬᠠᠨᠳᠤᠭᠤᠯᠤᠨ ᠲᠤᠰᠬᠠᠢ᠌ᠯᠠᠨ ᠶᠠᠪᠤᠭᠳᠠᠭᠤᠯᠵᠠᠢ᠂ ᠲᠣᠰᠬᠣᠨ᠎ᠤ ᠠᠷᠠᠳ ᠪᠣᠷᠣ ᠰᠠᠷᠢᠮᠰᠠᠭ᠎ᠤᠨ ᠲᠠᠷᠢᠶᠠᠨ ᠭᠠᠵᠠᠷ᠎ᠤᠨ ᠬᠠᠮᠢᠶᠠᠷᠤᠯᠲᠠ ᠵᠢᠨ ᠮᠡᠷᠭᠡᠵᠢᠯ᠎ᠳᠤ ᠠᠩᠬᠠᠷᠤᠯ ᠵᠶ᠋ᠠᠨ ᠲᠥᠪᠯᠡᠷᠡᠭᠦᠯᠦᠨ ᠰᠤᠷᠤᠯᠴᠠᠵᠤ ᠪᠠᠢ᠌ᠯ᠎ᠠ᠃
       ᠯᠢᠦ ᠾᠧ ᠲᠣᠰᠬᠣᠨ᠎ᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠵᠢ ᠠᠬᠢᠭᠤᠯᠬᠤ ᠨᠡᠢ᠌ᠭᠡᠮᠯᠢᠭ᠎ᠤᠨ ᠳᠠᠷᠤᠭ᠎ᠠ ᠲᠢᠶᠠᠨ ᠴᠧᠩ ᠯᠢᠨ ᠮᠡᠷᠭᠡᠵᠢᠯ᠎ᠤᠨ ᠮᠡᠳᠡᠯᠭᠡ ᠵᠢ ᠪᠦᠬᠦ ᠬᠦᠴᠦᠨ ᠵᠶ᠋ᠡᠷ ᠵᠢᠭ᠋ᠠᠬᠤ᠎ᠪᠠᠷ ᠪᠠᠷᠠᠬᠤ ᠦᠭᠡᠢ᠂ ᠪᠠᠰᠠ ᠪᠣᠷᠣ ᠬᠠᠯᠢᠰᠤᠲᠤ ᠰᠠᠷᠢᠮᠰᠠᠭ᠎ᠤᠨ ᠲᠠᠷᠢᠮᠠᠯ᠎ᠤᠨ ᠬᠡᠪᠴᠢᠶ᠎ᠡ ᠵᠢ ᠬᠡᠷᠬᠢᠨ ᠥᠷᠭᠡᠳᠬᠡᠬᠦ᠂ ᠠᠵᠤ ᠦᠢ᠍ᠯᠡᠰ᠎ᠤᠨ ᠬᠡᠯᠬᠢᠶ᠎ᠡ ᠵᠢ ᠬᠡᠷᠬᠢᠨ ᠤᠷᠳᠤᠳᠬᠠᠬᠤ ᠵᠢᠴᠢ ᠪᠦᠲᠦᠭᠡᠭᠳᠡᠬᠦᠨ᠎ᠤ ᠨᠡᠮᠡᠯᠲᠡ ᠥᠷᠲᠡᠭ᠎ᠢ ᠬᠡᠷᠬᠢᠨ ᠳᠡᠭᠡᠭᠰᠢᠯᠡᠭᠦᠯᠬᠦ ᠲᠤᠬᠠᠢ ᠭᠦᠨᠵᠡᠭᠡᠢ ᠲᠠᠢ᠌ᠯᠪᠤᠷᠢᠯᠠᠵᠤ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠦᠨᠳᠦᠰᠦᠲᠡᠨ᠎ᠨᠦᠭᠦᠳ᠎ᠤᠨ ᠠᠷᠠᠳ ᠲᠦᠮᠡᠨ ᠬᠠᠮᠲᠤ᠎ᠪᠠᠷ ᠪᠣᠷᠣ ᠬᠠᠯᠢᠰᠤᠲᠤ ᠰᠠᠷᠢᠮᠰᠠᠭ᠎ᠤᠨ ᠠᠵᠤ ᠦᠢ᠍ᠯᠡᠰ᠎ᠤᠨ ᠬᠥᠭᠵᠢᠯᠲᠡ᠎ᠳᠤ ᠣᠷᠣᠯᠴᠠᠵᠤ᠂ ᠠᠵᠤ ᠦᠢ᠍ᠯᠡᠰ᠎ᠤᠨ ᠬᠥᠭᠵᠢᠯᠲᠡ ᠵᠢᠨ ᠦᠷ᠎ᠡ ᠪᠦᠲᠦᠭᠡᠯ᠎ᠢ ᠬᠠᠮᠲᠤ᠎ᠪᠠᠷ ᠡᠳ᠋ᠯᠡᠬᠦ ᠵᠢ ᠬᠦᠰᠡᠪᠡ᠃

2.jpg 
       ᠯᠢᠦ ᠾᠧ ᠲᠣᠰᠬᠣᠨ᠎ᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠵᠢ ᠠᠬᠢᠭᠤᠯᠬᠤ ᠨᠡᠢ᠌ᠭᠡᠮᠯᠢᠭ ᠲᠡᠵᠢᠭᠡᠨ ᠦᠷᠡᠵᠢᠭᠦᠯᠬᠦ ᠪᠣᠯᠪᠠᠰᠤᠷᠠᠯ᠎ᠢ ᠥᠷᠨᠢᠭᠦᠯᠵᠡᠢ᠃ (ᠽᠧᠩ ᠯᠢᠩ ᠭᠠᠩ ᠰᠡᠭᠦᠳᠡᠷᠯᠡᠪᠡ)
      ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠲᠠᠢ᠌ᠴᠢᠨᠳᠠᠯ᠎ᠠ ᠰᠤᠮᠤ ᠵᠢᠨ ᠲᠠᠢ᠌ᠴᠢᠨᠳᠠᠯ᠎ᠠ ᠭᠠᠴᠠᠭ᠎ᠠ ᠵᠢᠨ ᠨᠠᠮ᠎ᠤᠨ ᠡᠭᠦᠷ᠎ᠤᠨ ᠱᠦᠵᠢ ᠭᠦᠸᠧ ᠬᠠᠢ ᠢᠦᠢ᠄ 《ᠡᠨᠡ ᠬᠡᠳᠦᠨ ᠵᠢᠯ᠂ ᠮᠠᠨ᠎ᠤ ᠯᠢᠦ ᠾᠧ ᠲᠣᠰᠬᠣᠨ᠎ᠯᠤᠭ᠎ᠠ ᠵᠢᠨ ᠶᠠᠪᠤᠯᠴᠠᠭ᠎ᠠ ᠡᠳᠦᠷ ᠢᠷᠡᠬᠦᠶ᠎ᠡ ᠨᠢᠭᠲᠠᠷᠠᠵᠤ᠂ ᠨᠢᠭᠡ ᠭᠡᠷ᠎ᠤᠨ ᠬᠥᠮᠥᠨ ᠰᠢᠭ ᠡᠶ᠎ᠡ ᠵᠣᠬᠢᠴᠠᠩᠭᠤᠢ ᠬᠠᠷᠢᠴᠠᠭ᠎ᠠ᠎ᠲᠠᠢ ᠪᠣᠯᠵᠠᠢ᠃ ᠯᠢᠦ ᠾᠧ ᠲᠣᠰᠬᠣᠨ᠎ᠤ ᠬᠦᠷᠢᠶ᠎ᠡ ᠬᠠᠰᠢᠶᠠᠨ᠎ᠤ ᠠᠵᠤ ᠠᠬᠤᠢ ᠵᠢᠨ ᠬᠥᠭᠵᠢᠯᠲᠡ ᠥᠷᠨᠢᠭᠦᠨ ᠬᠥᠭᠵᠢᠩᠭᠦᠢ ᠪᠠᠢ᠌ᠵᠦ᠂ ᠮᠠᠨ᠎ᠤ ᠭᠠᠴᠠᠭ᠋ᠠᠨ᠎ᠤ ᠠᠷᠠᠳ ᠬᠠᠷᠢᠨ ᠲᠡᠵᠢᠭᠡᠨ ᠦᠷᠡᠵᠢᠬᠦᠯᠬᠦ ᠲᠠᠯ᠎ᠠ᠎ᠪᠠᠷ ᠡᠯᠪᠡᠭ ᠪᠠᠶᠠᠯᠢᠭ ᠲᠤᠷᠰᠢᠯᠭ᠎ᠠ ᠬᠤᠷᠠᠮᠳᠤᠭᠤᠯᠵᠠᠢ᠃ ᠣᠳᠣᠬᠠᠨ᠎ᠳᠤ ᠪᠢᠳᠡ ᠬᠠᠷᠢᠯᠴᠠᠨ ᠰᠤᠷᠤᠯᠴᠠᠵᠤ᠂ ᠬᠠᠷᠢᠯᠴᠠᠨ ᠬᠠᠪᠰᠤᠷᠤᠯᠴᠠᠵᠤ᠂ ᠬᠠᠮᠲᠤ᠎ᠪᠠᠷ  ᠪᠠᠶᠠᠵᠢᠵᠦ ᠪᠠᠢ᠌ᠨ᠎ᠠ》 ᠭᠡᠵᠡᠢ᠃

3.jpg

      ᠯᠢᠦ ᠾᠧ ᠲᠣᠰᠬᠣᠨ᠎ᠤ ᠠᠷᠠᠳ ᠴᠠᠭ᠋ᠠᠰᠤᠨ ᠬᠠᠢ᠌ᠴᠢᠯᠠᠮᠠᠯ᠎ᠤᠨ ᠤᠷ᠎ᠠ ᠮᠡᠷᠭᠡᠵᠢᠯ᠎ᠢ ᠰᠤᠷᠴᠤ ᠪᠠᠢ᠌ᠨ᠎ᠠ᠃ (ᠽᠧᠩ ᠯᠢᠩ ᠭᠠᠩ ᠰᠡᠭᠦᠳᠡᠷᠯᠡᠪᠡ)
      ᠣᠢ᠌ᠷ᠎ᠠ ᠵᠢᠨ ᠵᠢᠯ᠎ᠠᠴᠠ ᠯᠢᠦ ᠾᠧ ᠲᠣᠰᠬᠣᠨ᠎ᠤ᠎ᠬᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ᠎ᠪᠠᠷ ᠭᠣᠣᠯ ᠰᠢᠵᠢᠮ ᠪᠣᠯᠭ᠋ᠠᠬᠤ ᠵᠢ ᠪᠠᠷᠢᠮᠲᠠᠯᠠᠵᠤ᠂ ᠨᠥᠯᠥᠭᠡᠯᠡᠬᠦ ᠬᠦᠴᠦᠨ ᠪᠠ ᠳᠠᠢ᠌ᠴᠢᠯᠠᠬᠤ ᠬᠦᠴᠦᠨ᠎ᠲᠠᠢ ᠪᠠᠶᠠᠵᠢᠯ᠎ᠤᠨ ᠴᠢᠳᠠᠪᠤᠷᠢᠲᠠᠨ᠂ ᠤᠳᠬ᠎ᠠ ᠤᠷᠠᠯᠢᠭ᠎ᠤᠨ ᠪᠠᠬᠠᠲᠠᠨ᠂ ᠡᠮᠡᠭᠲᠡᠢ᠌ᠴᠦᠳ᠎ᠤᠨ ᠲᠥᠯᠥᠭᠡᠯᠡᠭᠴᠢ᠂ ᠲᠣᠰᠬᠣᠨ᠎ᠤ ᠠᠷᠠᠳ᠎ᠤᠨ ᠲᠥᠯᠥᠭᠡᠯᠡᠭᠴᠢ ᠵᠢ ᠰᠢᠩᠭᠡᠭᠡᠨ ᠠᠪᠴᠦ᠂ ᠳᠠᠢ᠌ᠴᠢᠨᠲᠠᠯ᠎ᠠ ᠭᠠᠴᠠᠭ᠎ᠠ᠎ᠲᠠᠢ ᠬᠣᠯᠪᠤᠭ᠋ᠠᠯᠠᠨ ᠰᠢᠨ᠎ᠡ ᠵᠢ ᠡᠭᠦᠳᠴᠦ ᠬᠠᠮᠲᠤ᠎ᠪᠠᠷ ᠪᠦᠲᠦᠭᠡᠨ ᠪᠠᠶ᠋ᠢᠭᠤᠯᠬᠤ ᠵᠢ ᠭᠦᠨᠵᠡᠭᠡᠢ ᠥᠷᠨᠢᠭᠦᠯᠬᠦ᠎ᠪᠠᠷ ᠳᠠᠮᠵᠢᠭᠤᠯᠵᠤ᠂ ᠡᠬᠢ ᠪᠠᠶᠠᠯᠢᠭ᠎ᠢ ᠬᠠᠮᠲᠤ᠎ᠪᠠᠷ ᠡᠳ᠋ᠯᠡᠬᠦ᠂ ᠳᠠᠪᠠᠭᠤᠯᠢᠭ ᠵᠶ᠋ᠠᠨ ᠬᠠᠷᠢᠯᠴᠠᠨ ᠨᠥᠬᠥᠪᠦᠷᠢᠯᠡᠬᠦ᠎ᠪᠠᠷ ᠳᠠᠮᠵᠢᠭᠤᠯᠵᠤ᠂ ᠠᠵᠤ ᠦᠢ᠍ᠯᠡᠰ᠎ᠤᠨ ᠬᠠᠮᠲᠤ᠎ᠪᠠᠷ ᠴᠡᠴᠡᠭᠯᠡᠨ ᠬᠥᠭᠵᠢᠬᠦ ᠵᠢ ᠪᠡᠶᠡᠯᠡᠭᠦᠯᠵᠡᠢ᠃ ᠣᠨᠴᠠᠭ᠋ᠠᠢ᠌ᠯᠠᠨ ᠳᠤᠷᠠᠳᠤᠭᠤᠰᠢᠲᠠᠢ ᠵᠦᠢ᠍ᠯ ᠭᠡᠪᠡᠯ᠂ ᠳᠠᠢ᠌ᠴᠢᠨᠲᠠᠯ᠎ᠠ ᠭᠠᠴᠠᠭ᠎ᠠ᠎ᠨᠢ ᠯᠢᠦ ᠾᠧ ᠲᠣᠰᠬᠣᠨ᠎ᠤ ᠠᠯᠠᠰᠢᠨ ᠦᠬᠡᠷ ᠲᠡᠵᠢᠭᠡᠨ ᠦᠷᠡᠵᠢᠭᠦᠯᠬᠦ᠎ᠳᠤ ᠪᠥᠬᠥ ᠲᠠᠯ᠎ᠠ ᠵᠢᠨ ᠳᠡᠮᠵᠢᠯᠭᠡ ᠬᠠᠩᠭ᠋ᠠᠵᠤ᠂ ᠦᠬᠡᠷ᠎ᠤᠨ ᠬᠠᠰᠢᠶ᠎ᠠ ᠰᠠᠷᠠᠪᠴᠢ ᠵᠢᠨ ᠪᠦᠲᠦᠭᠡᠨ ᠪᠠᠢ᠌ᠭᠤᠯᠤᠯᠲᠠ᠂ ᠵᠢᠭᠡᠯᠡᠯᠭᠡ ᠵᠢ ᠵᠣᠬᠢᠴᠠᠭᠤᠯᠬᠤ᠎ᠠᠴᠠ ᠮᠡᠷᠭᠡᠵᠢᠯ᠎ᠤᠨ ᠪᠣᠯᠪᠠᠰᠤᠷᠠᠯ᠂ ᠬᠢᠵᠢᠭ ᠡᠪᠡᠳᠴᠢᠨ᠎ᠢ ᠰᠡᠷᠭᠡᠢ᠌ᠯᠡᠨ ᠵᠠᠰᠠᠬᠤ ᠬᠦᠷᠲᠡᠯ᠎ᠡ ᠴᠥᠮ 《ᠠᠰᠠᠷᠠᠭᠴᠢ ᠮᠠᠶᠢᠭ》᠎ᠤᠨ ᠮᠦᠷᠳᠡᠭᠰᠡᠨ ᠦᠢ᠍ᠯᠡᠴᠢᠯᠡᠭᠡ ᠵᠢ ᠬᠡᠷᠡᠭᠵᠢᠭᠦᠯᠦᠭᠰᠡᠨ ᠪᠠᠢ᠌ᠨ᠎ᠠ᠃
       ᠡᠢ᠌ᠮᠦᠷᠬᠦᠦ ᠲᠣᠰᠬᠣᠨ ᠠᠯᠤᠰᠯᠠᠭᠰᠠᠨ᠂ ᠬᠣᠶᠠᠷ ᠦᠨᠳᠦᠰᠦᠲᠡᠨ᠎ᠤ ᠭᠦᠨᠵᠡᠭᠡᠢ ᠬᠠᠮᠲᠤᠷᠠᠯᠴᠠᠭ᠎ᠠ᠎ᠨᠢ ᠯᠢᠦ ᠾᠧ ᠲᠣᠰᠬᠣᠨ᠎ᠤ ᠠᠯᠠᠰᠢᠨ ᠦᠬᠡᠷ᠎ᠤᠨ ᠠᠵᠤ ᠦᠢ᠍ᠯᠡᠰ᠎ᠤᠨ ᠥᠷᠨᠢᠩᠭᠦᠢ ᠬᠥᠭᠵᠢᠯᠲᠡ ᠵᠢ ᠠᠬᠢᠭᠤᠯᠵᠠᠢ᠃ ᠤᠳᠤᠬᠠᠨ᠎ᠳᠤ ᠯᠢᠦ ᠾᠧ ᠲᠣᠰᠬᠣᠨ᠎ᠤ ᠠᠯᠠᠰᠢᠨ ᠦᠬᠡᠷ᠎ᠤᠨ ᠲᠣᠭ᠎ᠠ ᠨᠢᠭᠡᠨᠲᠡ 900 ᠭᠠᠷᠤᠢ ᠪᠣᠯᠵᠤ᠂ ᠲᠣᠰᠬᠣᠨ᠎ᠤ ᠠᠷᠠᠳ᠎ᠤᠨ ᠬᠥᠮᠥᠨ ᠳᠤᠮᠳᠠᠴᠢ ᠵᠢᠨ ᠣᠷᠣᠯᠭ᠎ᠠ ᠴᠤ᠌ 2018 ᠣᠨ᠎ᠤ 9000 ᠲᠥᠭᠥᠷᠢᠭ ᠪᠠᠢ᠌ᠭᠰᠠᠨ᠎ᠠᠴᠠ ᠶᠡᠭᠡ᠎ᠪᠠᠷ ᠨᠡᠮᠡᠭᠳᠡᠭᠡᠳ 2023 ᠣᠨ᠎ᠤ ᠰᠡᠭᠦᠯᠴᠢ ᠵᠢᠨ 2 ᠲᠦᠮᠡᠨ ᠲᠥᠭᠥᠷᠢᠭ᠎ᠲᠤ ᠬᠦᠷᠴᠡᠢ᠃
      ᠬᠣᠶᠠᠷ ᠲᠠᠯ᠎ᠠ᠎ᠪᠠᠷ ᠵᠶ᠋ᠠᠨ ᠪᠣᠷᠣ ᠬᠠᠯᠢᠰᠤᠳᠤ ᠰᠠᠷᠢᠮᠰᠠᠭ ᠪᠣᠯᠣᠨ ᠠᠯᠠᠰᠢᠨ ᠦᠬᠡᠷ᠎ᠤᠨ ᠠᠵᠤ ᠦᠢ᠍ᠯᠡᠰ᠎ᠢ ᠶᠡᠬᠡᠪᠡᠷ ᠬᠥᠭᠵᠢᠭᠦᠯᠦᠭᠰᠡᠨ᠎ᠨᠢ ᠬᠠᠮᠲᠤ᠎ᠪᠠᠷ ᠴᠢᠷᠮᠠᠢ᠌ᠭᠰᠠᠨ᠎ᠤ ᠦᠷ᠎ᠡ ᠪᠦᠲᠦᠭᠡᠯ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠦᠨᠳᠦᠰᠦᠲᠡᠨ᠎ᠨᠦᠭᠦᠳ ᠪᠦᠯᠬᠦᠮᠳᠡᠵᠦ᠂ ᠭᠠᠷ ᠬᠣᠯᠪᠣᠨ ᠬᠥᠭᠵᠢᠭᠰᠡᠨ᠎ᠤ ᠠᠮᠢᠳᠤᠯᠢᠭ ᠵᠢᠷᠤᠭᠯᠠᠯ ᠪᠣᠯᠬᠤ ᠶᠤᠮ᠃




          ᠬᠢᠨᠠᠨ ᠣᠷᠴᠢᠭᠤᠯᠤᠭᠴᠢ᠄ ᠠᠳᠢᠶ᠎ᠠ   ᠰᠠᠴᠤᠷᠠᠯ
         ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠥᠸᠠᠢ ᠳ᠋ᠦᠩ



 

 

 

ᠢᠷᠡᠯᠲᠡ᠄ ᠲᠦᠴᠢᠦᠸᠠᠨ ᠰᠢᠶᠠᠨ᠎ᠤ ᠬᠠᠮ ᠵᠠᠭᠤᠴᠢᠯᠠᠭᠤᠷ᠎ᠤᠨ ᠲᠥᠪ