ᠪᠠᠷᠠᠭᠤᠨ ᠦᠵᠦᠮᠦᠴᠢᠨ ᠬᠣᠰᠢᠭᠤ 《ᠢᠨᠲ᠋ᠧᠷ ᠰᠦᠯᠵᠢᠶ᠎ᠡ +》 ᠵᠢ ᠢᠳᠡᠪᠬᠢᠲᠡᠢ ᠠᠬᠢᠭᠤᠯᠬᠤ᠎ᠪᠠᠷ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ ᠰᠢᠨ᠎ᠡ ᠨᠡᠮᠡᠭᠳᠡᠯ᠎ᠤᠨ ᠬᠦᠴᠦᠨ ᠪᠣᠯᠭ᠋ᠠᠪᠠ᠃
《ᠢᠨᠲᠸᠷ ᠰᠦᠯᠵᠢᠶ᠎ᠡ + ᠦᠵᠡᠯ ᠰᠠᠨᠠᠭ᠎ᠠ᠎ᠪᠠᠷ ᠬᠥᠲᠥᠯᠦᠨ ᠳᠠᠭ᠋ᠠᠭᠤᠯᠬᠤ》 ᠲᠠᠯ᠎ᠠ᠎ᠪᠠᠷ ᠪᠠᠷᠠᠭᠤᠨ ᠦᠵᠦᠮᠦᠴᠢᠨ ᠬᠣᠰᠢᠭᠤ 《ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ》 ᠤᠬᠠᠭᠤᠯᠭ᠎ᠠ ᠲᠠᠢ᠌ᠯᠪᠤᠷᠢᠯᠠᠯᠲᠠ ᠵᠢ ᠭᠦᠨᠵᠡᠭᠡᠢ᠌ᠷᠡᠭᠦᠯᠵᠦ᠂ ᠬᠣᠰᠢᠭᠤᠨ᠎ᠤ ᠲᠠᠰ᠎ᠤᠨ ᠭᠣᠤᠯ ᠵᠠᠭᠤᠴᠢᠯᠠᠭᠤᠷ᠎ᠲᠤ ᠣᠯᠠᠨ ᠲᠤᠰᠬᠠᠶ ᠪᠤᠯᠤᠩ ᠲᠣᠬᠢᠷᠠᠭᠤᠯᠵᠤ᠂ 154 ᠬᠤᠭᠤᠴᠠᠭ᠎ᠠ ᠮᠡᠳᠡᠭᠡ ᠵᠠᠩᠭᠢ ᠨᠡᠢ᠌ᠲᠡᠯᠡᠪᠡ᠃ ᠱᠠᠩᠨᠠᠯ᠎ᠲᠠᠢ ᠠᠰᠠᠭᠤᠯᠲᠠ ᠬᠠᠷᠢᠭᠤᠯᠬᠤ᠂ ᠠᠰᠠᠭᠤᠯᠲᠠ ᠵᠢᠨ ᠬᠠᠭᠤᠳᠠᠰᠤ᠎ᠪᠠᠷ ᠪᠠᠢ᠌ᠴᠠᠭ᠋ᠠᠯᠲᠠ ᠬᠢᠬᠦ ᠵᠡᠷᠭᠡ ᠠᠵᠢᠯᠯᠠᠭ᠎ᠠ ᠵᠢ 11 ᠤᠳᠠᠭ᠎ᠠ ᠥᠷᠨᠢᠭᠦᠯᠵᠦ᠂ 6 ᠲᠦᠮᠡ ᠭᠠᠷᠤᠢ ᠬᠥᠮᠦᠨ ᠤᠳᠠᠭ᠎ᠠ ᠵᠢ ᠬᠠᠮᠤᠷᠪᠠ᠃ ᠪᠠᠰᠠ ᠰᠦᠯᠵᠢᠶᠡᠨ᠎ᠤ ᠤᠯᠠᠨ ᠵᠦᠢ᠍ᠯ᠎ᠤᠨ ᠭᠣᠣᠯ ᠰᠡᠳᠦᠪᠲᠦ ᠠᠵᠢᠯᠯᠠᠭ᠎ᠠ ᠡᠷᠬᠢᠯᠡᠵᠦ᠂ ᠰᠦᠯᠵᠢᠶᠡᠨ᠎ᠤ ᠦᠵᠡᠭᠦᠯᠭᠡ ᠨᠡᠪᠲᠡᠷᠡᠭᠦᠯᠭᠡ᠂ ᠶᠠᠷᠢᠶ᠎ᠠ ᠢᠯᠡᠳᠬᠡᠯ᠎ᠤᠨ ᠪᠦᠲᠦᠭᠡᠯ᠎ᠤᠨ ᠦᠵᠡᠭᠦᠯᠭᠡ 46 ᠬᠤᠭᠤᠴᠠᠭ᠎ᠠ᠂ ᠨᠡᠢ᠌ᠲᠡ ᠵᠢᠨ ᠠᠰᠠᠷᠠᠮᠵᠢ ᠵᠢᠨ ᠤᠬᠠᠭᠤᠯᠭ᠎ᠠ ᠵᠢᠨ ᠹᠢᠯᠢᠮ ᠪᠠ ᠭᠣᠣᠯ ᠰᠡᠳᠦᠪᠲᠦ ᠵᠠᠷᠯᠠᠯ 12 ᠬᠤᠭᠤᠴᠠᠭ᠎ᠠ ᠨᠡᠢ᠌ᠲᠡᠯᠡᠵᠦ᠂ ᠤᠬᠠᠭᠤᠯᠭ᠎ᠠ ᠬᠥᠮᠦᠵᠢᠯ᠎ᠤᠨ ᠨᠥᠯᠥᠭᠡᠯᠡᠬᠦ ᠬᠦᠴᠦᠨ᠎ᠢ ᠦᠷᠭᠦᠯᠵᠢᠯᠡᠨ ᠥᠷᠭᠡᠳᠬᠡᠵᠦ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠤᠶᠤᠨ ᠰᠠᠨᠠᠭ᠋ᠠᠨ᠎ᠤ ᠭᠡᠷ ᠣᠷᠣᠨ᠎ᠢ ᠪᠠᠢ᠌ᠭᠤᠯᠬᠤ᠎ᠳᠤ ᠬᠦᠴᠦᠨ ᠨᠡᠮᠡᠷᠢᠯᠠᠪᠠ᠃
《ᠢᠨᠲ᠋ᠧᠷ ᠰᠦᠯᠵᠢᠶ᠎ᠡ + ᠰᠢᠨ᠎ᠡ ᠵᠠᠭᠤᠴᠢᠯᠠᠭᠤᠷ᠎ᠤᠨ ᠵᠢᠭᠰᠠᠯ》᠎ᠤᠨ ᠲᠠᠯ᠎ᠠ᠎ᠪᠠᠷ ᠪᠠᠷᠠᠭᠤᠨ ᠦᠵᠦᠮᠦᠴᠢᠨ ᠬᠣᠰᠢᠭᠤ᠎ᠨᠢ ᠪᠥᠬᠥ ᠬᠣᠰᠢᠭᠤ ᠵᠢ ᠬᠠᠮᠤᠷᠤᠭᠰᠠᠨ᠂ ᠪᠦᠬᠦᠯᠢ ᠴᠣᠭᠴᠠ᠎ᠪᠠᠷ ᠣᠷᠤᠯᠴᠠᠭᠰᠠᠨ᠂ ᠬᠣᠯᠪᠣᠭ᠋ᠠᠯᠠᠨ ᠬᠥᠳᠡᠯᠦᠯᠴᠡᠵᠦ ᠳᠠᠮᠵᠢᠭᠤᠯᠤᠭᠰᠠᠨ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ ᠬᠠᠮᠢᠶᠠᠷᠴᠤ ᠡᠵᠡᠮᠳᠡᠵᠦ ᠪᠣᠯᠬᠤᠢ᠌ᠴᠠ ᠵᠢᠭᠰᠠᠯ᠎ᠢ ᠪᠠᠢ᠌ᠭᠤᠯᠪᠠ᠂ ᠡᠭᠦᠨ᠎ᠳᠤ 2 ᠵᠠᠭᠤᠴᠢᠯᠠᠭᠤᠷ᠎ᠤᠨ ᠲᠥᠷᠥᠯ᠎ᠤᠨ ᠰᠦᠯᠵᠢᠶᠡᠨ᠎ᠤ ᠲᠠᠪᠴᠠᠩ᠂ ᠵᠠᠰᠠᠭ᠎ᠤᠨ ᠶᠠᠪᠤᠳᠠᠯ᠎ᠤᠨ ᠲᠥᠷᠥᠯ᠎ᠤᠨ ᠰᠦᠯᠵᠢᠶᠡᠨ᠎ᠤ 97 ᠲᠠᠪᠴᠠᠩ᠂ ᠵᠠᠰᠠᠭ᠎ᠤᠨ ᠶᠠᠪᠤᠳᠠᠯ᠎ᠤᠨ ᠲᠥᠷᠥᠯ᠎ᠤᠨ 4 ᠰᠦᠯᠵᠢᠶᠡᠨ ᠥᠷᠲᠡᠭᠡ᠂ 30 ᠬᠤᠪᠢ ᠵᠢᠨ ᠵᠠᠭᠤᠴᠢᠯᠠᠭᠤᠷ᠎ᠤᠨ ᠲᠠᠩᠰᠠᠨ ᠨᠣᠮᠧᠷ᠂ 100 ᠭᠠᠷᠤᠶ ᠰᠦᠯᠵᠢᠶᠡᠨ᠎ᠤ ᠰᠠᠢ᠌ᠨ ᠳᠤᠷᠠᠴᠤᠳ ᠵᠢᠴᠢ ᠲᠦᠮᠡᠨ ᠬᠥᠮᠦᠨ᠎ᠠᠴᠠ ᠳᠡᠭᠡᠭᠰᠢ ᠬᠦᠷᠢᠶᠡᠯᠡᠭᠴᠢ᠎ᠲᠠᠢ 15 ᠰᠦᠯᠵᠢᠶᠡᠨ᠎ᠤ ᠨᠠᠷᠠᠲᠤ ᠬᠥᠮᠦᠰ᠎ᠢ ᠬᠠᠮᠤᠷᠴᠠᠶ᠃ ᠰᠦᠯᠵᠢᠶᠡᠨ᠎ᠤ 10 ᠭᠠᠷᠤᠶ ᠲᠤᠰᠬᠠᠢ ᠰᠡᠳᠦᠪᠲᠦ ᠲᠤᠰᠬᠠᠶ ᠪᠤᠯᠤᠩ ᠭᠠᠷᠭ᠋ᠠᠵᠤ᠂ ᠦᠨᠳᠦᠰᠦᠲᠡᠨ᠎ᠨᠦᠭᠦᠳ᠎ᠤᠨ ᠺᠠᠳ᠋ᠷ ᠣᠯᠠᠨ ᠲᠦᠮᠡᠨ᠎ᠤ 《ᠬᠣᠶᠠᠷ ᠶᠡᠬᠡ ᠶᠠᠪᠤᠳᠠᠯ》᠎ᠢ ᠨᠠᠢ᠌ᠳᠠᠪᠤᠷᠢᠵᠢᠭᠤᠯᠤᠭᠰᠠᠨ ᠠᠮᠢᠳᠤᠯᠢᠭ ᠦᠢᠯᠡᠳᠦᠯᠭᠡ ᠵᠢ ᠭᠦᠨᠵᠡᠭᠡᠶ ᠤᠬᠠᠭᠤᠯᠬᠤ ᠵᠢᠨ ᠬᠠᠮᠲᠤ ᠰᠦᠯᠵᠢᠶᠡᠨ ᠳᠡᠭᠡᠷᠡᠬᠢ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠥᠬᠥ ᠬᠦᠴᠦᠨ ᠵᠶ᠋ᠡᠷ ᠰᠠᠢ᠌ᠲᠤᠷ ᠶᠠᠷᠢᠵᠤ᠂ ᠨᠡᠯᠢᠶᠡᠳ ᠡᠬᠡ ᠪᠢᠴᠢᠭ᠎ᠢ ᠲᠥᠪ᠎ᠤᠨ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠭᠣᠤᠯ ᠵᠠᠭᠤᠴᠢᠯᠠᠭᠤᠷ᠎ᠲᠤ ᠨᠡᠢ᠌ᠲᠡᠯᠡᠵᠦ᠂ ᠳᠠᠷᠤᠮ᠎ᠤᠨ ᠲᠣᠭ᠎ᠠ 100 ᠲᠦᠮᠡ ᠵᠢ ᠳᠠᠪᠠᠵᠤ᠂ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠭᠣᠤᠯ ᠬᠥᠭ ᠠᠶᠠᠰ᠎ᠢ ᠬᠠᠩᠭᠢᠨᠠᠭᠤᠯᠪᠠ᠃
《ᠢᠨᠲ᠋ᠧᠷ ᠰᠦᠯᠵᠢᠶ᠎ᠡ + ᠶᠡᠷᠦᠩᠬᠡᠢ᠍ᠯᠡᠭᠰᠡᠨ ᠵᠠᠰᠠᠯᠲᠠ》 ᠵᠢᠨ ᠲᠠᠯ᠎ᠠ᠎ᠪᠠᠷ᠂ ᠪᠠᠷᠠᠭᠤᠨ ᠦᠵᠦᠮᠦᠴᠢᠨ ᠬᠣᠰᠢᠭᠤᠨ᠎ᠤ 《ᠤᠮᠠᠷᠠᠲᠤ ᠬᠢᠯᠢ ᠵᠢᠨ ᠴᠡᠪᠡᠷ ᠰᠦᠯᠵᠢᠶ᠎ᠡ》 ᠵᠢᠨ ᠲᠤᠰᠬᠠᠢ ᠠᠵᠢᠯᠯᠠᠭ᠎ᠠ ᠵᠢ ᠭᠦᠨᠵᠡᠭᠡᠢ᠍ᠷᠡᠭᠦᠯᠵᠦ᠂ 24 ᠴᠠᠭ ᠵᠶ᠋ᠠᠷ ᠰᠦᠯᠵᠢᠶᠡᠨ ᠳᠡᠭᠡᠷ᠎ᠡ ᠵᠢᠵᠢᠭᠦᠷᠯᠡᠨ ᠰᠠᠬᠢᠬᠤ ᠲᠣᠭᠲᠠᠴᠠ ᠵᠢ ᠴᠢᠩᠭ᠎ᠠ ᠨᠠᠢ᠍ᠳᠠᠪᠤᠷᠢᠵᠢᠭᠤᠯᠵᠤ᠂ ᠬᠠᠷᠢᠶ᠎ᠠ ᠭᠠᠵᠠᠷ᠎ᠤᠨ ᠰᠦᠯᠵᠢᠶᠡᠨ᠎ᠤ ᠰᠢᠭᠤᠳ ᠨᠡᠪᠲᠡᠷᠡᠭᠦᠯᠭᠡ᠂ ᠣᠬᠣᠷ ᠸᠢᠳᠢᠣ᠋ ᠵᠢᠨ ᠭᠣᠣᠯᠳᠠᠯᠭ᠎ᠠ᠎ᠲᠠᠢ ᠳᠠᠩᠰᠨ ᠨᠣᠮᠧᠷ ᠵᠡᠷᠭᠡ ᠵᠢᠨ ᠪᠠᠢ᠍ᠩᠭᠤᠵᠢᠭᠰᠠᠨ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠵᠤ᠂ 7 ᠤᠳᠠᠭ᠎ᠠ ᠬᠣᠯᠪᠣᠭᠳᠠᠯ ᠪᠦᠬᠦᠢ ᠬᠤᠷᠠᠯ᠎ᠢ ᠬᠤᠷᠠᠯᠳᠤᠭᠤᠯᠵᠤ᠂ 《ᠰᠦᠯᠵᠢᠶᠡᠨ᠎ᠤ ᠶᠠᠷᠢᠶ᠎ᠠ ᠬᠡᠯᠡᠯᠴᠡᠭᠡᠨ᠎ᠤ ᠪᠠᠢ᠌ᠳᠠᠯ᠎ᠤᠨ ᠠᠶᠤᠯ ᠲᠦᠭᠰᠢᠭᠦᠷᠢ ᠵᠢ ᠤᠷᠢᠳᠴᠢᠯᠠᠨ ᠰᠡᠷᠡᠮᠵᠢᠯᠡᠭᠦᠯᠬᠦ ᠰᠠᠨᠠᠭᠤᠯᠤᠮᠵᠢ》 ᠵᠢ 4 ᠬᠤᠭᠤᠴᠠᠭ᠎ᠠ ᠳᠠᠷᠤᠮᠠᠯᠯᠠᠨ ᠲᠠᠷᠬᠠᠭ᠋ᠠᠵᠤ᠂ ᠵᠠᠰᠠᠭ᠎ᠤᠨ ᠶᠠᠪᠤᠳᠠᠯ᠎ᠤᠨ ᠰᠦᠯᠵᠢᠶᠡᠨ᠎ᠤ ᠲᠠᠪᠴᠠᠩ᠎ᠤᠨ ᠳᠥᠷᠢᠮᠵᠢᠯ ᠦᠭᠡᠢ ᠲᠣᠭ᠋ᠠᠴᠢᠯᠲᠠ ᠵᠢ 3 ᠤᠳᠠᠭ᠎ᠠ ᠪᠠᠢ᠌ᠴᠠᠭ᠋ᠠᠨ ᠴᠡᠪᠡᠷᠯᠡᠵᠦ᠂ ᠪᠦᠬᠦ ᠬᠣᠰᠢᠭᠤᠨ᠎ᠤ ᠰᠦᠯᠵᠢᠶᠡᠨ᠎ᠤ ᠳᠠᠮᠵᠢᠭᠤᠯᠭ᠎ᠠ ᠵᠢᠨ ᠡᠮᠬᠢ ᠳᠢᠭᠯᠢᠮ᠎ᠢ ᠳᠦᠷᠢᠮᠵᠢᠭᠦᠯᠪᠡ᠃ ᠡᠭᠦᠨ᠎ᠠᠴᠠ ᠭᠠᠳᠠᠨ᠎ᠠ᠂ ᠰᠦᠯᠵᠢᠶᠡᠨ᠎ᠤ ᠨᠡᠷᠡᠳᠤ ᠬᠥᠮᠦᠨ᠎ᠢ ᠤᠷᠢᠵᠤ ᠤᠬᠠᠭᠤᠯᠭ᠎ᠠ ᠵᠢᠨ ᠡᠯᠴᠢ ᠪᠣᠯᠭ᠋ᠠᠵᠤ᠂ ᠭᠣᠣᠯ ᠰᠡᠳᠦᠪᠲᠦ ᠸᠢᠳᠢᠣ᠋ ᠵᠢ 6 ᠬᠤᠭᠤᠴᠠᠭ᠎ᠠ ᠦᠢ᠍ᠯᠡᠳᠦᠨᠨ ᠨᠡᠢ᠌ᠲᠡᠯᠡᠵᠦ᠂ ᠶᠠᠷᠢᠯᠴᠠᠬᠤ ᠬᠤᠷᠠᠯ ᠪᠠ ᠪᠣᠯᠪᠠᠰᠤᠷᠠᠯ᠎ᠢ ᠵᠣᠬᠢᠶᠠᠨ ᠪᠠᠢ᠌ᠭᠤᠯᠤᠨ ᠬᠤᠷᠠᠯᠳᠤᠭᠤᠯᠵᠤ᠂ ᠵᠥᠪ ᠶᠠᠷᠢᠶ᠎ᠠ ᠬᠡᠯᠡᠯᠴᠡᠭᠡᠨ᠎ᠤ ᠤᠳᠤᠷᠢᠳᠤᠮᠵᠢ ᠵᠢ ᠴᠢᠩᠭ᠋ᠠᠳᠬᠠᠪᠠ᠃
《ᠢᠨᠲᠸᠷ ᠰᠦᠯᠵᠢᠶ᠎ᠡ + ᠰᠢᠨ᠎ᠡ ᠡᠵᠡᠩᠨᠡᠯᠲᠡ ᠵᠢᠨ ᠬᠡᠯᠪᠡᠷᠢ ᠪᠠᠢ᠌ᠳᠠᠯ》᠎ᠤᠨ ᠲᠠᠯ᠎ᠠ᠎ᠪᠠᠷ ᠪᠠᠷᠠᠭᠤᠨ ᠦᠵᠦᠮᠦᠴᠢᠨ ᠬᠣᠰᠢᠭᠤ ᠣᠯᠠᠨ ᠵᠦᠢᠯ᠎ᠤᠨ ᠲᠠᠨᠢᠯᠴᠠᠭᠤᠯᠬᠤ ᠠᠵᠢᠯᠯᠠᠭ᠎ᠠ ᠵᠢ ᠥᠷᠨᠢᠭᠦᠯᠪᠡ᠂ 2024 ᠣᠨ᠎ᠤ ᠳᠡᠭᠡᠷ᠎ᠡ ᠬᠠᠭ᠋ᠠᠰ ᠵᠢᠯ᠎ᠳᠤ ᠤᠯᠤᠰ᠎ᠤᠨ ᠳᠣᠲᠣᠭ᠋ᠠᠳᠤ ᠭᠠᠳᠠᠭ᠋ᠠᠳᠤ ᠵᠢᠨ ᠵᠢᠭᠤᠯᠴᠢᠯᠠᠭᠴᠢᠳ 36.5 ᠲᠦᠮᠡᠨ ᠬᠥᠮᠦᠨ ᠤᠳᠠᠭ᠎ᠠ ᠢᠷᠡᠵᠦ᠂ ᠪᠠᠷᠤᠭ 2.9 ᠳ᠋ᠦᠩᠰᠢᠭᠤᠷ ᠲᠥᠭᠥᠷᠢᠭ᠎ᠤᠨ ᠠᠵᠤ ᠦᠢᠯᠡᠰ᠎ᠤᠨ ᠣᠷᠣᠯᠭ᠎ᠠ ᠵᠢ ᠳᠠᠢ᠌ᠴᠢᠯᠠᠵᠠᠢ᠃ ᠳ᠋ᠢᠭᠢᠲᠴᠢᠯᠡᠯᠲᠡ ᠵᠢᠨ ᠠᠷᠭ᠎ᠠ ᠪᠠᠷᠢᠯ ᠵᠶ᠋ᠠᠷ ᠡᠯᠧᠺᠲᠷᠣᠨ ᠬᠤᠳᠠᠯᠳᠤᠭ᠋ᠠᠨ᠎ᠤ ᠰᠢᠨ᠎ᠡ ᠵᠠᠭᠪᠤᠷ᠎ᠢ ᠬᠥᠭᠵᠢᠭᠦᠯᠵᠦ᠂ ᠪᠣᠷᠣᠯᠠᠭᠤᠯᠭ᠎ᠠ ᠵᠢᠨ ᠠᠷᠭ᠎ᠠ ᠵᠠᠮ᠎ᠢ ᠪᠠᠶᠠᠯᠢᠭᠵᠢᠭᠤᠯᠵᠤ᠂ ᠡᠯᠧᠺᠲᠷᠣᠨ ᠬᠤᠳᠠᠯᠳᠤᠭ᠋ᠠᠨ᠎ᠤ 75 ᠴᠢᠳᠠᠪᠤᠷᠢᠲᠠᠨ᠎ᠢ ᠬᠦᠮᠦᠵᠢᠭᠦᠯᠵᠦ᠂ ᠮᠠᠯᠵᠢᠬᠤ ᠣᠷᠣᠨ᠎ᠤ ᠡᠯᠧᠺᠲᠷᠣᠨ ᠬᠤᠳᠠᠯᠳᠤᠭ᠋ᠠᠨ᠎ᠤ ᠰᠢᠭᠤᠳ ᠨᠡᠪᠲᠡᠷᠡᠭᠦᠯᠭᠡ ᠵᠢᠨ ᠲᠠᠪᠴᠠᠩ 20 ᠵᠢ ᠪᠠᠢ᠌ᠭᠤᠯᠵᠤ᠂ 422 ᠳᠡᠯᠭᠡᠭᠦᠷ᠎ᠢ ᠳᠠᠢ᠌ᠴᠢᠯᠠᠭ᠋ᠠᠳ ᠠᠵᠢᠯᠯᠠᠵᠤ ᠪᠠᠢ᠌ᠭ᠎ᠠ ᠬᠥᠮᠦᠨ᠎ᠤ ᠲᠣᠭ᠎ᠠ᠎ᠨᠢ 553 ᠪᠣᠯᠪᠠ᠃ 2023 ᠣᠨ᠎ᠠᠴᠠ ᠨᠠᠭ᠋ᠠᠰᠢ᠂ ᠰᠢᠭᠤᠳ ᠨᠡᠪᠲᠡᠷᠡᠭᠦᠯᠭᠡ᠎ᠪᠠᠷ ᠪᠠᠷᠠᠭ᠎ᠠ ᠪᠣᠷᠤᠯᠠᠭᠤᠯᠬᠤ᠂ ᠰᠦᠯᠵᠢᠶᠡᠨ᠎ᠤ ᠰᠢᠨ᠎ᠡ ᠵᠢᠯ᠎ᠤᠨ ᠪᠠᠷᠠᠭ᠋ᠠᠨ᠎ᠤ ᠪᠠᠶᠠᠷ ᠵᠡᠷᠭᠡ ᠠᠵᠢᠯᠯᠠᠭ᠎ᠠ᠎ᠪᠠᠷ ᠵᠢᠵᠢᠭᠯᠡᠨ ᠬᠤᠳᠠᠯᠳᠤᠭᠰᠠᠨ ᠵᠣᠭᠤᠰ᠎ᠤᠨ ᠲᠣᠭ᠎ᠠ 13 ᠳ᠋ᠦᠩᠰᠢᠭᠤᠷ ᠲᠥᠭᠥᠷᠢᠭ᠎ᠲᠤ ᠬᠦᠷᠴᠡᠢ᠃
ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠥᠸᠠᠢ ᠳ᠋ᠦᠩ