ᠲᠡᠷᠢᠭᠦᠨ ᠬᠠᠭᠤᠳᠠᠰᠤ   -   ᠳᠤᠰᠬᠠᠢ ᠮᠡᠳᠡᠭᠡᠯᠡᠯ
《ᠠᠨᠠᠷ᠎ᠤᠨ ᠬᠡᠯᠬᠢᠶ᠎ᠡ》 ᠬᠤᠪᠢᠰᠬᠠᠯᠳᠤ ᠰᠡᠳᠬᠢᠯ᠎ᠢ ᠱᠤᠭᠤᠶ᠎ᠡ — ᠭᠤᠷᠪᠠᠨ ᠱᠠᠲᠤᠨ᠎ᠤ ᠦᠨᠳᠦᠰᠦᠲᠡᠨ᠎ᠤ ᠵᠥᠪᠯᠡᠯ ᠬᠠᠮᠳᠤᠷᠠᠵᠤ 《ᠬᠦᠰᠡᠯ ᠨᠠᠶ᠋ᠢᠳᠠᠯᠭ᠎ᠠ ᠵᠢ ᠪᠠᠲᠤ ᠴᠡᠭᠡᠵᠢᠯᠡᠵᠦ ᠠᠴᠢ ᠡᠨᠡᠷᠢᠯ᠎ᠳᠤ ᠲᠠᠯᠠᠷᠬᠠᠵᠤ ᠡᠷᠡᠯᠬᠡᠭᠯᠡᠨ ᠤᠷᠤᠭᠰᠢᠯᠠᠵᠤ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠬᠦ ᠲᠠᠯ᠎ᠠ᠎ᠪᠠᠷ ᠪᠦᠲᠦᠭᠡᠨ ᠪᠠᠢ᠌ᠭᠤᠯᠬᠤ》 ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠵᠢ ᠦᠷᠨᠢᠭᠦᠯᠪᠡ
ᠨᠡᠶ᠋ᠢᠲᠡᠯᠡᠭᠰᠡᠨ ᠴᠠᠭ᠄ 2024-04-05

      ᠨᠠᠮ᠎ᠤᠨ ᠪᠠᠢ᠌ᠭᠤᠯᠤᠯᠲᠠ᠎ᠪᠠᠷ ᠬᠠᠮᠳᠤᠷᠠᠯ᠎ᠤᠨ ᠬᠦᠴᠦᠨ᠎ᠢ ᠬᠥᠲᠥᠯᠥᠨ ᠳᠠᠭ᠋ᠠᠭᠤᠯᠵᠤ᠂ ᠡᠷᠡᠮᠡᠬᠡᠢ᠌ᠯᠡᠨ ᠤᠷᠤᠭᠰᠢᠯᠠᠵᠤ ᠬᠥᠭᠵᠢᠯᠲᠡ ᠵᠢ ᠠᠬᠢᠭᠤᠯᠤᠨ᠎ᠠ᠃ ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠳᠤ ᠲᠤᠰᠢᠶᠠᠭᠰᠠᠨ ᠲᠠᠪᠤᠨ ᠶᠡᠬᠡ ᠡᠭᠦᠷᠭᠡ ᠵᠢ ᠰᠠᠢ᠌ᠲᠤᠷ ᠪᠡᠶᠡᠯᠡᠭᠦᠯᠬᠦ ᠪᠠ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ ᠬᠣᠶᠠᠷ ᠶᠡᠬᠡ ᠶᠠᠪᠤᠳᠠᠯ᠎ᠳᠤ ᠠᠩᠬᠠᠷᠤᠯ ᠵᠶ᠋ᠠᠨ ᠲᠦᠪᠯᠡᠷᠡᠭᠦᠯᠵᠦ᠂ ᠪᠠᠲᠤ ᠴᠢᠩᠭ᠎ᠠ ᠪᠡᠬᠢᠯᠡᠯᠲᠡ᠎ᠲᠠᠢ 《ᠵᠢᠱ᠌ᠢᠶᠡᠴᠢ》 ᠨᠠᠮ᠎ᠤᠨ ᠡᠭᠦᠷ᠎ᠢ ᠡᠭᠦᠳᠦᠨ ᠪᠠᠶ᠋ᠢᠭᠤᠯᠬᠤ ᠠᠵᠢᠯ᠎ᠢ ᠯᠠᠪᠳᠠᠭᠤᠨ ᠪᠠᠲᠤᠲᠠᠢ ᠠᠬᠢᠭᠤᠯᠵᠤ᠂ ᠵᠢᠱ᠌ᠢᠶᠡᠴᠢ᠎ᠪᠠᠷ ᠲᠦᠷᠦᠭᠦᠯᠡᠭᠦᠯᠵᠦ᠂ ᠰᠢᠨ᠎ᠡ ᠡᠭᠦᠳᠦᠯᠲᠡ᠎ᠲᠠᠢ᠎ᠪᠠᠷ ᠬᠥᠲᠥᠯᠥᠨ ᠳᠠᠭ᠋ᠠᠭᠤᠯᠬᠤ ᠦᠢ᠍ᠯᠡᠳᠦᠯ᠎ᠢ ᠲᠠᠰᠤᠷᠠᠯᠲᠠ ᠦᠭᠡᠢ ᠪᠠᠳᠠᠷᠠᠭᠤᠯᠵᠤ᠂ ᠴᠢᠨᠠᠷ ᠰᠠᠢ᠌ᠲᠠᠢ ᠨᠠᠮ᠎ᠤᠨ ᠪᠠᠢ᠌ᠭᠤᠯᠤᠯᠲᠠ᠎ᠪᠠᠷ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠬᠤ ᠵᠢᠨ ᠲᠦᠯᠦᠭᠡ᠂ 3 ᠳ᠋ᠤᠭ᠋ᠠᠷ ᠰᠠᠷ᠎ᠠ ᠵᠢᠨ 27᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠎ᠤᠨ ᠦᠨᠳᠦᠰᠦᠨ ᠱᠠᠲᠤᠨ᠎ᠤ ᠬᠡᠰᠡᠭ ᠨᠠᠮ᠎ᠤᠨ ᠡᠭᠦᠷ᠎ᠨᠢ ᠬᠥᠬᠡᠬᠣᠲᠠ᠂ ᠪᠤᠭᠤᠲᠤ᠂ ᠣᠷᠳᠣᠰ᠂ ᠤᠯᠠᠭ᠋ᠠᠨᠴᠠᠪ ᠬᠤᠳᠠ ᠵᠢᠨ ᠦᠨᠳᠦᠰᠦᠳᠡᠨ᠎ᠤ ᠵᠦᠪᠯᠡᠯ᠂ ᠴᠠᠬᠠᠷ ᠪᠠᠷᠠᠭᠤᠨ ᠭᠠᠷᠤᠨ ᠬᠣᠢ᠌ᠲᠤ ᠬᠤᠰᠢᠭᠤ ᠵᠢᠨ ᠦᠨᠳᠦᠰᠦᠲᠡᠨ᠎ᠤ ᠵᠥᠪᠯᠡᠯ᠂ ᠦᠨᠳᠦᠰᠦᠲᠡᠨ᠎ᠤ ᠵᠥᠪᠯᠡᠯ᠎ᠤᠨ ᠬᠡᠰᠡᠭ ᠭᠡᠰᠢᠭᠦᠨ ᠨᠢᠭᠡᠴᠢ ᠵᠢᠨ ᠨᠠᠮ᠎ᠤᠨ ᠡᠭᠦᠷ᠎ᠲᠠᠢ ᠬᠠᠮᠳᠤᠷᠠᠵᠤ᠂ ᠤᠯᠠᠭ᠋ᠠᠨᠴᠠᠪ ᠬᠣᠲᠠ ᠵᠢᠨ ᠴᠠᠬᠠᠷ ᠪᠠᠷᠠᠭᠤᠨ ᠭᠠᠷᠤᠨ ᠬᠣᠢ᠌ᠲᠤ ᠬᠣᠰᠢᠭᠤᠨ᠎ᠤ ᠬᠣᠩᠭᠢᠯᠲᠤ ᠤᠯᠤᠰ ᠵᠶ᠋ᠠᠨ ᠬᠠᠢ᠌ᠷᠠᠯᠠᠬᠤ ᠦᠵᠡᠯ᠎ᠤᠨ ᠬᠥᠮᠦᠵᠢᠯ᠎ᠤᠨ ᠰᠠᠭᠤᠷᠢᠨ ᠭᠠᠵᠠᠷ᠎ᠲᠤ ᠬᠦᠨᠵᠡᠭᠡᠢ᠌ᠷᠡᠵᠦ 《ᠬᠦᠰᠡᠯ ᠨᠠᠶ᠋ᠢᠳᠠᠯᠭ᠎ᠠ ᠵᠢ ᠪᠠᠲᠤ ᠴᠡᠭᠡᠵᠢᠯᠡᠵᠦ᠂ ᠠᠴᠢ ᠡᠨᠡᠷᠢᠯ᠎ᠳᠤ ᠲᠠᠯᠠᠷᠬᠠᠵᠤ᠂ ᠡᠷᠡᠯᠬᠡᠭᠯᠡᠨ ᠤᠷᠤᠭᠰᠢᠯᠠᠵᠤ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ ᠲᠠᠯ᠎ᠠ᠎ᠪᠠᠷ ᠪᠦᠲᠦᠭᠡᠨ ᠪᠠᠢ᠌ᠭᠤᠯᠬᠤ》 ᠭᠣᠣᠯ ᠰᠡᠳᠦᠪᠲᠦ ᠨᠠᠮ᠎ᠤᠨ ᠡᠳᠦᠷ᠎ᠤᠨ ᠬᠠᠮᠲᠤᠷᠠᠭᠰᠠᠨ ᠠᠵᠢᠯᠯᠠᠭ᠎ᠠ ᠵᠢ ᠥᠷᠨᠢᠭᠦᠯᠪᠡ᠃ 

W020240328401694074604_ORIGIN.jpg     

      ᠠᠵᠢᠯᠯᠠᠭ᠎ᠠ ᠵᠢᠨ ᠳᠤᠮᠳᠠ᠂ ᠨᠠᠮ᠎ᠤᠨ ᠭᠡᠰᠢᠭᠦᠨ ᠨᠥᠬᠥᠳ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠠᠯ ᠤᠯᠠᠭ᠋ᠠᠨ ᠲᠤᠭ᠎ᠤᠨ ᠲᠤᠤᠷ᠎ᠠ᠂ ᠪᠠᠷᠠᠭᠤᠨ ᠨᠢᠳᠤᠷᠭ᠎ᠠ᠎ᠪᠠᠨ ᠥᠨᠳᠥᠷ ᠡᠷᠭᠦᠵᠦ᠂ ᠨᠠᠮ᠎ᠳᠤ᠎ᠪᠠᠨ ᠳᠠᠬᠢᠨᠲᠠ ᠲᠠᠩᠭ᠋ᠠᠷᠢᠭᠯᠠᠪᠠ᠃ ᠳᠠᠷᠠᠭ᠎ᠠ᠎ᠨᠢ ᠤᠯᠠᠨ ᠵᠶ᠋ᠠᠷ ᠵᠶ᠋ᠠᠨ ᠲᠠᠢ᠌ᠯᠪᠤᠷᠢᠯᠠᠭᠴᠢ ᠵᠢᠨ ᠳᠠᠭ᠋ᠠᠭᠤᠯᠭ᠎ᠠ᠎ᠪᠠᠷ ᠬᠣᠩᠭᠢᠯᠲᠤ ᠬᠤᠪᠢᠰᠬᠠᠯ᠎ᠤᠨ ᠬᠥᠮᠦᠵᠢᠯ᠎ᠤᠨ ᠰᠠᠭᠤᠷᠢᠨ ᠭᠠᠵᠠᠷ᠎ᠢ ᠲᠣᠭᠣᠷᠢᠨ ᠦᠵᠡᠵᠦ᠂ 《ᠰᠦᠢ᠍ᠶᠤᠸᠠᠨ᠎ᠤ ᠵᠡᠭᠦᠨ ᠬᠡᠰᠡᠭ᠎ᠤᠨ ᠶᠠᠫᠤᠨ᠎ᠢ ᠡᠰᠡᠷᠭᠦᠴᠡᠬᠦ ᠳᠠᠢ᠍ᠢ᠍ᠨ᠎ᠤ ᠠᠩᠬᠠᠨ᠎ᠤ ᠫᠤᠤ ᠵᠢ ᠫᠤᠤᠳᠠᠭᠰᠠᠨ》 ᠬᠣᠩᠭᠢᠯᠲᠤ ᠵᠢᠨ ᠳᠠᠢ᠌ᠯᠠᠯᠳᠤᠭ᠋ᠠᠨ᠎ᠢ ᠭᠦᠨᠵᠡᠭᠡᠢ ᠣᠢ᠌ᠯᠠᠭ᠋ᠠᠵᠤ᠂ ᠦᠵᠡᠬᠦᠯᠭᠡ ᠵᠢᠨ ᠣᠷᠳᠣᠨ᠎ᠤ ᠳᠣᠲᠣᠷᠠᠬᠢ ᠬᠣᠪᠣᠷ ᠨᠠᠨᠳᠢᠨ ᠲᠡᠦᠬᠡ ᠵᠢᠨ ᠳᠤᠷᠠᠰᠬᠠᠯᠲᠤ ᠵᠦᠢ᠍ᠯᠡᠰ ᠲᠡᠦᠬᠡᠨ ᠮᠠᠲ᠋ᠧᠷᠢᠶᠠᠯ᠎ᠢ ᠨᠠᠷᠢᠨ ᠬᠢᠨᠠᠮᠠᠭ᠋ᠠᠢ ᠲᠣᠭᠣᠷᠢᠨ ᠦᠵᠡᠵᠦ᠂ ᠰᠡᠳᠬᠢᠯ ᠬᠦᠳᠡᠯᠭᠡᠮ᠎ᠡ ᠪᠠᠭ᠋ᠠᠲᠤᠷᠯᠢᠭ ᠦᠯᠢᠭᠡᠷ᠎ᠤᠳ᠎ᠢ ᠰᠣᠨᠣᠰᠴᠤ᠂ ᠬᠤᠪᠢᠰᠬᠠᠯ᠎ᠤᠨ ᠠᠬᠠᠮᠠᠳ ᠦᠶ᠎ᠡ ᠵᠢᠨ᠎ᠬᠢᠨ᠎ᠤ ᠬᠠᠲᠠᠭᠤᠵᠢᠯᠲᠠᠢ ᠦᠢ᠍ᠯᠡᠰ ᠪᠣᠰᠬᠠᠭᠰᠠᠨ ᠥᠩᠭᠡᠷᠡᠯᠲᠡ ᠵᠢ ᠭᠦᠨᠵᠡᠭᠡᠢ ᠣᠢ᠌ᠯᠠᠭ᠋ᠠᠪᠠ᠃ 

W020240328401694113915_ORIGIN.jpg     

      ᠲᠤᠰ ᠤᠳᠠᠭ᠋ᠠᠨ᠎ᠤ ᠠᠵᠢᠯᠯᠠᠭ᠎ᠠ᠎ᠪᠠᠷ ᠲᠠᠮᠵᠢᠵᠦ᠂ ᠤᠯᠠᠨ ᠵᠶ᠋ᠠᠷ ᠵᠶ᠋ᠠᠨ ᠠᠬᠠᠮᠠᠳ ᠨᠢᠭᠡ ᠦᠶ᠎ᠡ ᠵᠢᠨ ᠦᠭᠡᠢ᠌ᠭᠦᠦ ᠠᠩᠭᠢ ᠵᠢᠨ ᠬᠤᠪᠢᠰᠬᠠᠯᠴᠢᠳ᠎ᠤᠨ ᠠᠮᠢ ᠪᠡᠶ᠎ᠡ᠎ᠪᠠᠨ ᠵᠣᠷᠢᠭᠤᠯᠵᠤ᠂ ᠬᠠᠯᠠᠭᠤᠨ ᠴᠢᠰᠤ᠎ᠪᠠᠨ ᠤᠷᠤᠰᠬᠠᠵᠤ᠂ ᠪᠦᠬᠦ ᠰᠡᠳᠬᠢᠯ ᠪᠦᠬᠦ ᠵᠣᠷᠢᠭ ᠵᠶ᠋ᠠᠷ ᠠᠷᠠᠳ ᠲᠦᠮᠡᠨ᠎ᠳᠤ ᠦᠢ᠍ᠯᠡᠴᠢᠯᠡᠭᠰᠡᠨ ᠵᠣᠷᠢᠭ ᠰᠠᠨᠠᠭ᠎ᠠ ᠵᠢ ᠭᠦᠢ᠍ᠴᠡᠳ ᠮᠡᠳᠡᠷᠡᠵᠦ᠂  ᠬᠤᠪᠢᠰᠬᠠᠯᠳᠤ ᠳᠤᠷᠠᠰᠤᠮᠵᠢ ᠵᠢ ᠡᠷᠭᠢᠴᠡᠭᠦᠯᠬᠦ ᠳᠤᠮᠳᠠ ᠨᠠᠮᠴᠢ ᠴᠢᠨᠠᠷ᠎ᠤᠨ ᠪᠣᠯᠪᠠᠰᠤᠷᠠᠯ ᠵᠶ᠋ᠠᠨ ᠴᠢᠩᠭ᠋ᠠᠳᠬᠠᠵᠤ᠂ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠤᠨ ᠺᠠᠳ᠋ᠷ᠎ᠤᠨ ᠡᠩᠨᠡᠭᠡ ᠵᠢᠨ ᠤᠭ ᠰᠠᠨᠠᠭ᠎ᠠ᠎ᠪᠠᠨ ᠦᠯᠦ ᠮᠠᠷᠲᠠᠵᠤ ᠨᠠᠮ᠎ᠤᠨ ᠠᠴᠢ᠎ᠳᠤ ᠲᠠᠯᠠᠷᠬᠠᠵᠤ᠂  ᠨᠠᠮ᠎ᠤᠨ ᠦᠭᠡ ᠵᠢ ᠭᠤᠢ᠌ᠪᠢᠰᠢ ᠦᠭᠡᠢ ᠰᠤᠨᠤᠰᠴᠦ᠂ ᠨᠠᠮ ᠵᠶ᠋ᠠᠨ ᠭᠤᠢ᠌ᠪᠢᠰᠢ ᠦᠭᠡᠢ᠎ᠲᠠᠭᠠᠨ ᠤᠷᠤᠭᠰᠢᠯᠠᠬᠤ ᠢᠲᠡᠭᠡᠯ ᠵᠣᠷᠢᠭ ᠵᠶ᠋ᠠᠨ ᠤᠯᠠᠮ ᠴᠢᠨᠠᠭᠰᠢᠳᠠ ᠴᠢᠩᠭ᠋ᠠᠳᠬᠠᠪᠠ᠃ ᠣᠯᠠᠨ ᠵᠶ᠋ᠠᠷ ᠵᠶ᠋ᠠᠨ᠂ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠢ ᠰᠠᠢ᠌ᠲᠤᠷ ᠬᠢᠬᠦ ᠬᠠᠷᠢᠭᠤᠴᠠᠯᠭ᠋ᠠᠲᠤ ᠰᠡᠳᠬᠢᠯᠭᠡ ᠪᠣᠯᠣᠨ ᠡᠭᠦᠷᠭᠡᠲᠦ ᠰᠡᠳᠬᠢᠯᠭᠡ᠎ᠪᠠᠨ ᠤᠯᠠᠮ ᠨᠢᠭᠡ ᠠᠯᠬᠤᠮ ᠴᠢᠩᠭ᠋ᠠᠳᠬᠠᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ᠎ᠪᠠᠷ ᠠᠵᠢᠯ᠎ᠤᠨ ᠭᠣᠣᠯ ᠰᠢᠵᠢᠮ ᠪᠣᠯᠭ᠋ᠠᠬᠤ ᠵᠢ ᠪᠠᠷᠢᠮᠲᠠᠯᠠᠵᠤ᠂ ᠦᠨᠳᠦᠰᠦᠲᠡᠨ᠎ᠤ ᠵᠥᠪᠯᠡᠯ᠎ᠤᠨ ᠭᠡᠰᠢᠭᠦᠨᠴᠢ ᠵᠢᠨ ᠲᠦᠷᠢᠮ᠎ᠤᠨ ᠦᠢ᠍ᠯᠡᠳᠦᠯ᠎ᠢ ᠬᠦᠢ᠍ᠴᠡᠳ ᠪᠠᠳᠠᠷᠠᠭᠤᠯᠵᠤ᠂ ᠡᠯ᠎ᠡ ᠵᠦᠢ᠍ᠯ᠎ᠤᠨ ᠠᠵᠢᠯ᠎ᠢ ᠪᠤᠳᠠᠳᠠᠢ ᠲᠥᠷᠥᠭᠳᠡᠯ᠎ᠲᠠᠢ ᠪᠦᠳᠦᠮᠵᠢ᠎ᠲᠠᠢ ᠦᠷᠨᠢᠬᠦᠯᠵᠦ᠂ ᠬᠦᠰᠡᠯ ᠨᠠᠶ᠋ᠢᠳᠠᠯᠭ᠎ᠠ ᠵᠢ ᠪᠠᠲᠤ ᠴᠡᠭᠡᠵᠢᠯᠡᠵᠦ᠂ ᠠᠴᠢ ᠡᠨᠡᠷᠢᠯ᠎ᠳᠤ ᠲᠠᠯᠠᠷᠬᠠᠵᠤ ᠡᠷᠡᠯᠬᠡᠭᠯᠡᠨ ᠤᠷᠤᠭᠰᠢᠯᠠᠵᠤ᠂ ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠳᠤ ᠲᠤᠰᠢᠶᠠᠭᠰᠠᠨ ᠲᠠᠪᠤᠨ ᠶᠡᠬᠡ ᠡᠭᠦᠷᠭᠡ ᠵᠢ ᠪᠡᠶᠡᠯᠡᠬᠦᠯᠬᠦ ᠪᠠ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ ᠬᠣᠶᠠᠷ ᠶᠡᠬᠡ ᠶᠠᠪᠤᠳᠠᠯ᠎ᠳᠤ ᠬᠦᠴᠦᠨ ᠴᠢᠳᠠᠯ ᠵᠶ᠋ᠠᠨ ᠡᠷᠭᠦᠨ᠎ᠡ ᠭᠡᠵᠦ ᠢᠯᠡᠳᠭᠡᠵᠡᠭᠡᠪᠡ᠃


          ᠣᠷᠴᠢᠭᠤᠯᠤᠭᠴᠢ᠄ ᠤᠷᠢᠬᠠᠨ
          ᠬᠢᠨᠠᠨ ᠣᠷᠴᠢᠭᠤᠯᠤᠭᠴᠢ᠄ ᠠᠳᠢᠶ᠎ᠠ   ᠰᠠᠴᠤᠷᠠᠯ
          ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠦᠸᠠᠢ ᠳ᠋ᠦᠩ



 

ᠢᠷᠡᠯᠲᠡ᠄ ᠥᠪᠡᠷᠲᠡᠭᠡᠨ ᠵᠠᠰᠠᠬᠤ ᠣᠷᠣᠨ᠎ᠤ ᠣᠷᠣᠨ ᠨᠤᠲᠤᠭ᠎ᠤᠨ ᠦᠭᠡ ᠬᠡᠯᠡ ᠦᠰᠦᠭ ᠪᠢᠴᠢᠭ᠎ᠤᠨ ᠰᠤᠳᠤᠯᠤᠯ ᠬᠡᠷᠡᠭᠯᠡᠭᠡᠨ᠎ᠤ ᠲᠥᠪ