ᠲᠡᠷᠢᠭᠦᠨ ᠬᠠᠭᠤᠳᠠᠰᠤ   -   ᠳᠤᠰᠬᠠᠢ ᠮᠡᠳᠡᠭᠡᠯᠡᠯ
ᠥᠪᠥᠷ ᠮᠣᠩᠭᠣᠯ᠎ᠤᠨ ᠣᠷᠣᠨ ᠨᠤᠲᠤᠭ᠎ᠤᠨ ᠦᠨᠳᠦᠰᠦᠲᠡᠨ᠎ᠤ ᠬᠡᠯᠡ ᠪᠢᠴᠢᠭ ᠰᠡᠳᠬᠦᠯ᠎ᠤᠨ ᠬᠣᠷᠢᠶ᠎ᠠ ᠪᠣᠯᠤᠨ ᠥᠪᠥᠷ ᠮᠣᠩᠭᠣᠯ᠎ᠤᠨ ᠨᠣᠮ᠎ᠤᠨ ᠰᠠᠩ᠎ᠤᠨ ᠮᠣᠩᠭᠣᠯ ᠬᠡᠯᠡᠨ᠎ᠤ ᠬᠡᠯᠲᠡᠰ ᠬᠠᠮᠲᠤᠷᠠᠨ 《ᠨᠣᠮ ᠤᠩᠰᠢᠵᠤ ᠰᠡᠳᠬᠢᠯ ᠵᠶ᠋ᠡᠨ ᠤᠮᠳᠠᠯᠠᠶ᠎ᠠ》 ᠭᠡᠬᠦ ᠭᠣᠤᠯ ᠰᠡᠳᠦᠪᠲᠦ ᠨᠣᠮ ᠤᠩᠰᠢᠬᠤ ᠠᠵᠢᠯᠯᠠᠭ᠎ᠠ ᠵᠢ ᠥᠷᠨᠢᠭᠦᠯᠪᠡ
ᠨᠡᠶ᠋ᠢᠲᠡᠯᠡᠭᠰᠡᠨ ᠴᠠᠭ᠄ 2024-04-29

      4 ᠳ᠋ᠦ᠍ᠭᠡᠷ ᠰᠠᠷ᠎ᠠ ᠵᠢᠨ 23᠎ᠤ ᠡᠳᠦᠷ᠂ ᠬᠣᠷᠢ ᠶᠢᠰᠦᠳᠦᠭᠡᠷ ᠤᠳᠠᠭ᠋ᠠᠨ᠎ᠤ ᠳᠡᠯᠡᠬᠡᠶ ᠵᠢᠨ ᠨᠣᠮ ᠤᠩᠰᠢᠬᠤ ᠡᠳᠦᠷ ᠬᠦᠷᠴᠦ ᠢᠷᠡᠬᠦ ᠲᠠᠰᠢᠷᠠᠮ ᠵᠶ᠋ᠠᠷ᠂ ᠺᠠᠳ᠋ᠷ ᠠᠵᠢᠯᠲᠠᠳ᠎ᠤᠨ ᠨᠣᠮ ᠤᠩᠰᠢᠬᠤ ᠤᠷᠮ᠎ᠠ ᠵᠣᠷᠢᠭ᠎ᠢ ᠬᠥᠭᠵᠢᠭᠡᠵᠦ᠂ 《  ᠨᠣᠮ ᠳᠤᠷᠠᠲᠠᠢ ᠤᠩᠰᠢᠬᠤ᠂ ᠰᠠᠢ᠌ᠨ ᠨᠣᠮ ᠤᠩᠰᠢᠬᠤ᠂ ᠨᠣᠮ ᠴᠢᠳᠠᠮᠠᠭ᠋ᠠᠶ ᠤᠩᠰᠢᠬᠤ》 ᠪᠣᠯᠪᠠᠰᠤᠨ ᠬᠡᠪ ᠰᠤᠷᠲᠠᠯ᠎ᠢ ᠰᠠᠨᠠᠭ᠋ᠠᠴᠢᠯᠠᠵᠤ᠂ ᠪᠠᠢ᠌ᠭᠤᠯᠭ᠎ᠠ ᠨᠢᠭᠡᠴᠢ ᠵᠢᠨ ᠨᠣᠮ ᠤᠩᠰᠢᠬᠤ ᠭᠦᠨ ᠵᠤᠵᠠᠭ᠋ᠠᠨ ᠠᠭᠤᠷ ᠠᠮᠢᠰᠬᠤᠯ᠎ᠢ ᠪᠣᠶ ᠪᠣᠯᠭ᠋ᠠᠬᠤ ᠵᠢᠨ ᠲᠥᠯᠥᠭᠡ᠂ ᠥᠪᠥᠷ ᠮᠣᠩᠭᠣᠯ᠎ᠤᠨ ᠣᠷᠣᠨ ᠨᠤᠲᠤᠭ᠎ᠤᠨ ᠦᠨᠳᠦᠰᠦᠲᠡᠨ᠎ᠤ ᠬᠡᠯᠡ ᠪᠢᠴᠢᠭ ᠰᠡᠳᠬᠦᠯ᠎ᠤᠨ ᠬᠣᠷᠢᠶ᠎ᠠ ᠥᠪᠥᠷ ᠮᠣᠩᠭᠣᠯ᠎ᠤᠨ ᠨᠣᠮ᠎ᠤᠨ ᠰᠠᠩ᠎ᠤᠨ ᠮᠣᠩᠭᠣᠯ ᠬᠡᠯᠡᠨ᠎ᠤ ᠬᠡᠯᠲᠡᠰ᠎ᠲᠠᠢ ᠬᠠᠮᠲᠤᠷᠠᠨ 《ᠨᠣᠮ ᠤᠩᠰᠢᠵᠤ ᠰᠡᠳᠬᠢᠯ ᠵᠶ᠋ᠡᠨ ᠤᠮᠳᠠᠯᠠᠶ᠎ᠠ》 ᠭᠡᠬᠦ ᠭᠣᠤᠯ ᠰᠡᠳᠦᠪᠲᠦ ᠨᠣᠮ ᠤᠩᠰᠢᠬᠤ ᠠᠵᠢᠯᠯᠠᠭ᠎ᠠ ᠵᠢ ᠥᠷᠨᠢᠭᠦᠯᠪᠡ᠃

W020240423587785500818.png      

      ᠨᠣᠮ ᠤᠩᠰᠢᠬᠤ ᠠᠵᠢᠯᠯᠠᠭ᠎ᠠ ᠵᠢᠨ ᠠᠬᠤᠶ ᠲᠠᠯᠠᠪᠠᠢ
       ᠲᠣᠰ ᠤᠳᠠᠭ᠋ᠠᠨ᠎ᠤ ᠠᠵᠢᠯᠯᠠᠭ᠎ᠠ᠎ᠳᠤ 《ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠋ᠠᠨ᠎ᠤ ᠶᠢᠷᠲᠢᠨᠴᠦ ᠵᠢᠨ ᠦᠵᠡᠯᠲᠡ ᠪᠠ ᠠᠷᠭ᠎ᠠ ᠵᠢᠨ ᠣᠨᠣᠯ》 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠠᠬᠢᠯᠭ᠎ᠠ ᠪᠠᠲᠤ ᠵᠢᠨ ᠰᠢᠢ᠍ᠳᠬᠡᠯ ᠥᠭᠬᠦ ᠲᠦᠷᠢᠮ》᠎ᠤᠨ ᠬᠡᠰᠡᠭ ᠠᠭᠤᠯᠭ᠎ᠠ ᠵᠢ ᠤᠩᠰᠢᠨ ᠬᠤᠪᠢᠶᠠᠯᠴᠠᠵᠤ᠂ ᠥᠪᠥᠷ ᠮᠣᠩᠭᠣᠯ᠎ᠤᠨ ᠨᠣᠮ᠎ᠤᠨ ᠰᠠᠩ᠎ᠤᠨ ᠴᠢᠳᠠᠮᠵᠢᠳᠤ ᠤᠩᠰᠢᠯᠭ᠎ᠠ ᠵᠢᠨ ᠲᠠᠰᠤᠭ᠎ᠤᠳ᠎ᠢ ᠲᠣᠭᠣᠷᠢᠨ ᠦᠵᠡᠪᠡ᠃ ᠣᠯᠠᠨ ᠵᠶ᠋ᠠᠷ ᠵᠶ᠋ᠠᠨ᠂ ᠡᠨᠡ ᠤᠳᠠᠭ᠋ᠠᠨ᠎ᠤ ᠨᠣᠮ ᠤᠩᠰᠢᠵᠤ ᠬᠤᠪᠢᠶᠠᠯᠴᠠᠬᠤ ᠠᠵᠢᠯᠯᠠᠭ᠎ᠠ᠎ᠳᠤ ᠣᠯᠤᠯᠲᠠ ᠶᠡᠬᠡ᠎ᠲᠠᠢ᠂ ᠨᠣᠮ ᠵᠶ᠋ᠠᠷ ᠨᠠᠶ᠋ᠢᠵᠠ᠎ᠪᠠᠨ ᠪᠣᠯᠭ᠋ᠠᠵᠤ᠂ ᠰᠣᠷᠣᠭᠰᠠᠨ ᠵᠶ᠋ᠠᠨ ᠬᠡᠷᠡᠭᠯᠡᠵᠦ᠂ ᠤᠩᠰᠢᠯᠭ᠎ᠠ ᠰᠤᠷᠤᠯᠴᠠᠯᠭ᠎ᠠ ᠵᠢᠨ ᠳᠤᠮᠳᠠ ᠣᠶᠤᠨ ᠰᠠᠨᠠᠭ᠋ᠠᠨ᠎ᠤ ᠠᠭᠤᠯᠬᠤᠨ ᠵᠶ᠋ᠠᠨ ᠪᠠᠶᠠᠯᠢᠭᠵᠢᠭᠤᠯᠵᠤ᠂ ᠬᠤᠪᠢ ᠬᠥᠮᠦᠨ᠎ᠤ ᠬᠡᠪ ᠪᠣᠯᠪᠠᠰᠤᠷᠠᠯ ᠵᠶ᠋ᠠᠨ ᠳᠡᠭᠡᠭᠰᠢᠯᠡᠭᠦᠯᠵᠦ᠂ ᠣᠷᠭᠢᠯᠤᠮ᠎ᠠ ᠬᠠᠯᠠᠭᠤᠨ ᠰᠡᠳᠬᠢᠯᠭᠡ᠎ᠲᠠᠢ᠎ᠪᠠᠷ ᠠᠵᠢᠯ᠎ᠳᠤ᠎ᠪᠠᠨ ᠰᠢᠮᠳᠠᠨ᠎ᠠ ᠭᠡᠵᠡᠭᠡᠪᠡ᠃

W020240423587785573432.png     

      ᠠᠬᠤᠶ ᠲᠠᠯᠠᠪᠠᠢ᠎ᠳᠤ ᠬᠠᠮᠲᠤ ᠵᠢᠨ ᠰᠡᠭᠦᠳᠡᠷ ᠲᠠᠲᠠᠪᠠ
      ᠳᠠᠷᠠᠭ᠋ᠠᠴᠢ᠎ᠪᠠᠷ᠂ ᠬᠣᠶᠠᠷ ᠲᠠᠯ᠎ᠠ᠎ᠪᠠᠷ ᠵᠶ᠋ᠠᠨ ᠲᠤᠰ ᠤᠳᠠᠭ᠋ᠠᠨ᠎ᠤ ᠳᠡᠯᠡᠬᠡᠢ ᠵᠢᠨ ᠨᠣᠮ ᠤᠩᠰᠢᠬᠤ ᠡᠳᠦᠷ᠎ᠤᠨ ᠭᠣᠣᠯ ᠰᠡᠳᠦᠪᠲᠦ ᠠᠵᠢᠯᠯᠠᠭ᠎ᠠ ᠵᠢᠨ ᠰᠠᠭᠤᠷᠢᠨ ᠳᠡᠭᠡᠷ᠎ᠡ᠂ ᠨᠣᠮ ᠤᠩᠰᠢᠵᠤ ᠬᠤᠪᠢᠶᠠᠯᠴᠠᠬᠤ ᠰᠢᠷᠢᠰ ᠠᠵᠢᠯᠯᠠᠭ᠎ᠠ ᠵᠢ ᠦᠷᠭᠦᠯᠵᠢᠯᠡᠨ ᠭᠦᠨᠵᠡᠭᠡᠢ ᠥᠷᠨᠢᠭᠦᠯᠵᠦ᠂ ᠺᠠᠳ᠋ᠷ ᠠᠵᠢᠯᠳᠠᠨ ᠠᠵᠢᠯᠴᠢᠨ᠎ᠤ ᠨᠠᠰᠤᠨ ᠲᠤᠷᠰᠢᠳᠠ ᠨᠣᠮ ᠤᠩᠰᠢᠬᠤ ᠰᠠᠢ᠍ᠢ᠍ᠨ ᠰᠠᠶ᠋ᠢᠬᠠᠨ ᠳᠠᠳᠬᠠᠯ᠎ᠢ ᠬᠥᠮᠦᠵᠢᠭᠦᠯᠵᠦ᠂ ᠰᠤᠷᠤᠯᠴᠠᠬᠤ ᠬᠡᠯᠪᠡᠷᠢ ᠵᠢᠨ ᠡᠩᠨᠡᠭᠡ ᠵᠢ ᠪᠦᠬᠦ ᠬᠦᠴᠦᠨ ᠵᠶ᠋ᠠᠷ ᠵᠶ᠋ᠠᠨ ᠡᠭᠦᠳᠦᠨ ᠪᠠᠶ᠋ᠢᠭᠤᠯᠵᠤ᠂ ᠲᠤᠬᠠᠶ᠋ᠢᠯᠠᠭᠰᠠᠨ ᠠᠵᠢᠯ ᠵᠶ᠋ᠠᠨ ᠵᠣᠯᠭ᠋ᠠᠭᠤᠯᠬᠤ᠂ ᠡᠬᠢ ᠪᠠᠶᠠᠯᠢᠭ᠎ᠢ ᠬᠠᠮᠲᠤ᠎ᠪᠠᠷ ᠡᠳ᠋ᠯᠡᠬᠦ᠎ᠪᠠᠷ ᠳᠠᠮᠵᠢᠭᠤᠯᠵᠤ᠂ ᠳᠠᠪᠠᠭᠤᠯᠢᠭ ᠵᠶ᠋ᠠᠨ ᠬᠠᠷᠢᠯᠴᠠᠨ ᠨᠥᠬᠥᠪᠦᠷᠢᠯᠡᠵᠦ᠂ ᠬᠠᠮᠲᠤ᠎ᠪᠠᠷ ᠳᠡᠭᠡᠭᠰᠢᠯᠡᠵᠦ᠂ ᠬᠠᠮᠲᠤ᠎ᠪᠠᠷ ᠴᠡᠴᠡᠭᠯᠡᠨ ᠬᠥᠭᠵᠢᠨ᠎ᠡ᠃


        ᠣᠷᠴᠢᠭᠤᠯᠤᠭᠴᠢ᠄ ᠣᠶᠤᠨᠲᠠᠨ᠎ᠠ
        ᠬᠢᠨᠠᠨ ᠣᠷᠴᠢᠭᠤᠯᠤᠭᠴᠢ᠄ ᠠᠳᠢᠶ᠎ᠠ   ᠰᠠᠴᠤᠷᠠᠯ
        ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠦᠸᠠᠢ ᠳ᠋ᠦᠩ
   

ᠢᠷᠡᠯᠲᠡ᠄ ᠥᠪᠥᠷ ᠮᠣᠩᠭᠣᠯ᠎ᠤᠨ ᠣᠷᠣᠨ ᠨᠤᠲᠤᠭ᠎ᠤᠨ ᠦᠨᠳᠦᠰᠦᠲᠡᠨ᠎ᠤ ᠬᠡᠯᠡ ᠪᠢᠴᠢᠭ ᠰᠡᠳᠬᠦᠯ᠎ᠤᠨ ᠬᠣᠷᠢᠶ᠎ᠠ