ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠱᠠᠲᠤ ᠬᠤᠪᠢᠶᠠᠨ ᠣᠨᠣᠰᠢᠯᠠᠨ ᠡᠮᠴᠢᠯᠡᠬᠦ ᠵᠢ ᠨᠠᠶ᠋ᠢᠳᠠᠪᠤᠷᠢᠵᠢᠭᠤᠯᠵᠤ ᠣᠶ᠋ᠢᠷ᠎ᠠ ᠬᠠᠪᠢ᠎ᠳᠤ᠎ᠪᠠᠨ ᠡᠮᠴᠢᠯᠡᠭᠦᠯᠬᠦ᠎ᠳᠤ ᠳᠥᠬᠥᠮᠴᠢᠯᠡᠪᠡ — ᠠᠮᠢᠰᠬᠤᠯ᠎ᠤᠨ ᠵᠠᠮ᠎ᠤᠨ ᠬᠠᠯᠳᠠᠪᠤᠷᠢᠯᠠᠯ᠎ᠳᠤ ᠨᠡᠷᠪᠡᠭᠳᠡᠭᠰᠡᠨ ᠬᠡᠦᠬᠡᠳ᠎ᠤᠨ ᠭᠡᠷ ᠪᠦᠯᠢ ᠵᠢᠨ ᠰᠠᠨᠠᠭ᠋ᠠᠰᠢᠷᠠᠵᠤ ᠪᠠᠶ᠋ᠢᠭ᠎ᠠ ᠠᠰᠠᠭᠤᠳᠠᠯ᠎ᠤᠨ ᠲᠤᠬᠠᠢ ᠤᠯᠤᠰ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ᠎ᠤᠨ ᠬᠠᠷᠢᠭᠤᠯᠲᠠ᠎ᠨᠤᠭᠤᠳ
ᠨᠡᠶ᠋ᠢᠲᠡᠯᠡᠭᠰᠡᠨ ᠴᠠᠭ᠄ 2023-12-20

    ᠣᠶ᠋ᠢᠷ᠎ᠠ ᠵᠢᠨ ᠬᠤᠭᠤᠴᠠᠭ᠋ᠠᠨ᠎ᠳᠤ ᠵᠠᠷᠢᠮ ᠭᠠᠵᠠᠷ᠎ᠲᠤ ᠡᠮᠨᠡᠯᠭᠡ ᠵᠢᠨ ᠬᠤᠷᠢᠶᠠᠨ᠎ᠤ ᠡᠭᠦᠳᠡᠨ ᠡᠮᠨᠡᠯᠭᠡ ᠪᠠᠴᠢᠮ ᠡᠮᠨᠡᠯᠭᠡ ᠵᠢᠨ ᠬᠡᠮᠵᠢᠶ᠎ᠡ ᠨᠡᠮᠡᠭᠳᠡᠵᠦ᠂ ᠠᠮᠢᠰᠬᠤᠯ᠎ᠤᠨ ᠵᠠᠮ᠎ᠤᠨ ᠡᠪᠡᠳᠴᠢᠨ᠎ᠳᠤ ᠬᠠᠯᠳᠠᠪᠤᠷᠢᠯᠠᠭᠳᠠᠭᠰᠠᠨ ᠬᠡᠦᠬᠡᠳ ᠨᠡᠮᠡᠭᠳᠡᠵᠦ ᠪᠠᠶ᠋ᠢᠭ᠎ᠠ ᠪᠠᠶ᠋ᠢᠳᠠᠯ᠎ᠳᠤ ᠴᠢᠭᠯᠡᠭᠦᠯᠦᠨ᠂ ᠤᠯᠤᠰ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ᠎ᠤᠨ ᠬᠤᠯᠪᠣᠭᠳᠠᠯ ᠪᠦᠬᠦᠢ ᠬᠠᠷᠢᠭᠤᠴᠠᠯᠭ᠋ᠠᠲᠠᠨ 23᠎ᠤ ᠡᠳᠦᠷ ᠰᠢᠨᠬᠤᠸᠠ ᠬᠤᠷᠢᠶᠠᠨ᠎ᠤ ᠲᠤᠰᠠᠭ᠋ᠠᠷ ᠰᠣᠷᠪᠤᠯᠵᠢᠯᠠᠭ᠎ᠠ ᠵᠢ ᠬᠦᠯᠢᠶᠡᠬᠦ᠎ᠳᠤ᠎ᠪᠠᠨ ᠠᠷᠠᠳ ᠣᠯᠠᠨ ᠢᠯᠠᠩᠭᠤᠶ᠎ᠠ ᠡᠪᠡᠳᠴᠢᠨ᠎ᠲᠠᠢ ᠬᠡᠦᠬᠡᠳ᠎ᠤᠨ ᠭᠡᠷ ᠪᠦᠯᠢ ᠵᠢᠨ ᠰᠠᠨᠠᠭ᠋ᠠᠰᠢᠷᠠᠵᠤ ᠪᠠᠶ᠋ᠢᠭ᠎ᠠ ᠠᠰᠠᠭᠤᠳᠠᠯ᠎ᠤᠳ᠎ᠤᠨ ᠲᠤᠬᠠᠢ ᠬᠠᠷᠢᠭᠤᠯᠵᠠᠢ᠃
    ᠠᠰᠠᠭᠤᠯᠲᠠ᠄ ᠣᠶ᠋ᠢᠷ᠎ᠠ᠎ᠳᠤ ᠴᠥᠭᠡᠨ ᠪᠤᠰᠤ ᠭᠠᠵᠠᠷ᠎ᠤᠨ ᠬᠡᠦᠬᠡᠳ᠎ᠤᠨ ᠲᠤᠰᠬᠠᠢ ᠡᠮᠨᠡᠯᠭᠡ ᠵᠢᠨ ᠬᠤᠷᠢᠶᠠᠨ᠎ᠳᠤ ᠬᠥᠮᠥᠨ ᠳᠦᠭᠦᠷᠴᠦ ᠪᠠᠶ᠋ᠢᠨ᠎ᠠ᠂ ᠡᠭᠦᠨ᠎ᠢ ᠤᠯᠤᠰ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ ᠶᠠᠮᠠᠷ ᠠᠷᠭ᠎ᠠ ᠬᠡᠮᠵᠢᠶ᠎ᠡ ᠠᠪᠴᠤ ᠰᠢᠢ᠍ᠳᠪᠦᠷᠢᠯᠡᠵᠦ ᠪᠠᠶ᠋ᠢᠭ᠎ᠠ ᠪᠤᠶ?
    ᠬᠠᠷᠢᠭᠤᠯᠲᠠ᠄ ᠣᠶ᠋ᠢᠷ᠎ᠠ᠎ᠳᠤ ᠪᠢᠳᠡ ᠬᠠᠯᠳᠠᠪᠤᠷᠢᠲᠤ ᠡᠪᠡᠳᠴᠢᠨ ᠶᠡᠭᠡ᠎ᠪᠠᠷ ᠳᠡᠯᠭᠡᠷᠡᠵᠦ ᠪᠠᠶ᠋ᠢᠭ᠎ᠠ ᠬᠤᠭᠤᠴᠠᠭ᠋ᠠᠨ᠎ᠳᠠᠬᠢ ᠬᠠᠯᠳᠠᠪᠤᠷᠢᠯᠠᠮᠠᠲᠠᠭ᠋ᠠᠢ ᠬᠡᠦᠬᠡᠳ᠎ᠢ ᠡᠮᠴᠢᠯᠡᠭᠦᠯᠬᠦ ᠵᠢ ᠦᠷᠭᠦᠯᠵᠢᠯᠡᠨ ᠠᠩᠬᠠᠷᠴᠤ᠂ ᠡᠯ᠎ᠡ ᠭᠠᠵᠠᠷ᠎ᠢ ᠵᠢᠯᠣᠭᠤᠳᠤᠨ ᠨᠢᠭᠡᠳᠦᠯᠲᠡᠢ ᠲᠥᠯᠥᠪᠯᠡᠨ ᠲᠣᠬᠢᠷᠠᠭᠤᠯᠬᠤ ᠵᠢ ᠴᠢᠩᠭ᠋ᠠᠳᠬᠠᠵᠤ᠂ ᠱᠠᠲᠤ ᠬᠤᠪᠢᠶᠠᠨ ᠣᠨᠣᠰᠢᠯᠠᠨ ᠡᠮᠴᠢᠯᠡᠬᠦ ᠳᠦᠷᠢᠮ᠎ᠢ ᠨᠠᠶ᠋ᠢᠳᠠᠪᠤᠷᠢᠵᠢᠭᠤᠯᠪᠠ᠃
    ᠠᠰᠠᠭᠤᠯᠲᠠ᠄ ᠬᠡᠰᠡᠭ ᠨᠡᠶ᠋ᠢᠭᠡᠮ ᠲᠣᠭᠤᠷᠢᠭ᠎ᠤᠨ ᠡᠮᠨᠡᠯᠭᠡ ᠵᠢᠨ ᠬᠤᠷᠢᠶ᠎ᠠ ᠣᠶ᠋ᠢᠷ᠎ᠠ᠎ᠳᠤ ᠬᠡᠦᠬᠡᠳ᠎ᠲᠤ ᠬᠠᠨᠳᠤᠭᠤᠯᠤᠭᠰᠠᠨ ᠪᠠᠶ᠋ᠢᠴᠠᠭ᠋ᠠᠬᠤ ᠦᠢ᠍ᠯᠡᠴᠢᠯᠡᠭᠡ ᠭᠠᠷᠭ᠋ᠠᠭᠰᠠᠨ ᠪᠣᠯᠪᠠᠴᠤ ᠵᠠᠷᠢᠮ ᠭᠡᠷ᠎ᠤᠨ ᠠᠬᠠᠮᠠᠳ ᠨᠡᠶ᠋ᠢᠭᠡᠮ ᠲᠣᠭᠤᠷᠢᠭ᠎ᠤᠨ ᠡᠮᠨᠡᠯᠭᠡ ᠵᠢᠨ ᠬᠤᠷᠢᠶ᠎ᠠ ᠵᠢᠨ ᠣᠨᠣᠰᠢᠯᠠᠨ ᠡᠮᠴᠢᠯᠡᠬᠦ ᠴᠢᠳᠠᠪᠤᠷᠢ ᠬᠦᠷᠦᠯᠴᠡᠬᠦ ᠦᠭᠡᠢ᠎ᠠᠴᠠ ᠪᠣᠯᠵᠤ ᠬᠡᠦᠬᠡᠳ᠎ᠤᠨ ᠡᠪᠡᠳᠴᠢᠨ᠎ᠢ ᠰᠠᠭ᠋ᠠᠲᠠᠭ᠋ᠠᠬᠤ᠎ᠠᠴᠠ ᠠᠶᠤᠵᠤ ᠪᠠᠶ᠋ᠢᠨ᠎ᠠ᠂ ᠶᠠᠭ᠋ᠠᠬᠢᠪᠠᠯ ᠵᠣᠬᠢᠬᠤ ᠪᠣᠶ?
    ᠬᠠᠷᠢᠭᠤᠯᠲᠠ᠄ ᠤᠯᠤᠰ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ ᠡᠯ᠎ᠡ ᠭᠠᠵᠠᠷ᠎ᠢ ᠡᠮᠴᠢᠯᠡᠭᠡᠨ᠎ᠤ ᠬᠤᠯᠪᠣᠭ᠎ᠠ ᠵᠢᠨ ᠦᠢ᠍ᠯᠡᠳᠦᠯ ᠵᠶ᠋ᠠᠨ ᠪᠠᠳᠠᠷᠠᠭᠤᠯᠵᠤ ᠦᠨᠳᠦᠰᠦᠨ ᠱᠠᠲᠤᠨ᠎ᠤ ᠡᠮᠴᠢᠯᠡᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ᠎ᠳᠠᠬᠢ ᠮᠡᠷᠭᠡᠵᠢᠯ᠎ᠤᠨ ᠵᠢᠯᠣᠭᠤᠳᠤᠯᠭ᠎ᠠ᠎ᠪᠠᠨ ᠴᠢᠩᠭ᠋ᠠᠳᠬᠠᠵᠤ᠂ ᠡᠩ᠎ᠤᠨ ᠴᠢᠨᠠᠷᠲᠠᠢ ᠬᠠᠯᠳᠠᠪᠤᠷᠢᠯᠠᠯ᠎ᠢ ᠣᠨᠣᠰᠢᠯᠠᠨ ᠡᠮᠴᠢᠯᠡᠬᠦ ᠴᠢᠳᠠᠪᠤᠷᠢ ᠪᠠ ᠬᠦᠨᠳᠦ ᠡᠪᠡᠳᠴᠢᠨ᠎ᠢ ᠢᠯᠭ᠋ᠠᠨ ᠲᠠᠨᠢᠵᠤ ᠰᠢᠯᠵᠢᠭᠦᠯᠦᠨ ᠡᠮᠴᠢᠯᠡᠭᠦᠯᠬᠦ ᠪᠦᠲᠦᠮᠵᠢ᠎ᠪᠠᠨ ᠳᠡᠭᠡᠭᠰᠢᠯᠡᠭᠦᠯᠬᠦ ᠬᠡᠷᠡᠭᠲᠡᠢ ᠭᠡᠵᠦ ᠱᠠᠭ᠋ᠠᠷᠳᠠᠪᠠ᠃
    ᠠᠰᠠᠭᠤᠯᠲᠠ᠄ ᠶᠠᠮᠠᠷ ᠶᠠᠮᠠᠷ ᠡᠮᠨᠡᠯᠭᠡ ᠵᠢᠨ ᠬᠤᠷᠢᠶ᠎ᠠ ᠬᠡᠦᠬᠡᠳ᠎ᠤᠨ ᠠᠮᠢᠰᠬᠤᠯ᠎ᠤᠨ ᠵᠠᠮ᠎ᠤᠨ ᠬᠠᠯᠳᠠᠪᠤᠷᠢᠯᠠᠯ᠎ᠤᠨ ᠡᠪᠡᠳᠴᠢᠲᠡᠨ᠎ᠢ ᠬᠦᠯᠢᠶᠡᠨ ᠠᠪᠬᠤ ᠬᠢᠷᠢ ᠬᠡᠮ᠎ᠲᠠᠢ ᠪᠣᠢ?
    ᠬᠠᠷᠢᠭᠤᠯᠲᠠ᠄ ᠤᠯᠤᠰ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ ᠡᠯ᠎ᠡ ᠭᠠᠵᠠᠷ᠎ᠢ ᠵᠢᠭ᠋ᠠᠨ ᠵᠢᠯᠤᠭᠤᠳᠴᠤ ᠪᠠᠶ᠋ᠢᠭ᠋ᠠᠳ ᠲᠣᠰ ᠭᠠᠵᠠᠷ᠎ᠤᠨ ᠬᠡᠦᠬᠡᠳ᠎ᠤᠨ ᠰᠠᠯᠠᠭ᠋ᠠᠨ᠎ᠤ ᠣᠨᠣᠰᠢᠯᠠᠨ ᠡᠮᠴᠢᠯᠡᠬᠦ ᠦᠢ᠍ᠯᠡᠴᠢᠯᠡᠭᠡ ᠬᠠᠩᠭ᠋ᠠᠵᠤ ᠪᠣᠯᠬᠤ ᠡᠮᠴᠢᠯᠡᠭᠡᠨ᠎ᠤ ᠪᠠᠶ᠋ᠢᠭᠤᠯᠤᠮᠵᠢ ᠵᠢᠨ ᠮᠡᠳᠡᠭᠡ ᠵᠢ ᠨᠡᠶ᠋ᠢᠲᠡᠯᠡᠵᠦ᠂ ᠣᠶ᠋ᠢᠷ᠎ᠠ ᠬᠠᠪᠢ᠎ᠳᠤ᠎ᠪᠠᠨ ᠡᠮᠴᠢᠯᠡᠭᠦᠯᠬᠦ᠎ᠳᠤ ᠳᠥᠬᠥᠮᠴᠢᠯᠡᠪᠡ᠃
    ᠠᠰᠠᠭᠤᠯᠲᠠ᠄ ᠬᠡᠦᠬᠡᠳ ᠬᠠᠯᠠᠭᠤᠷᠠᠵᠤ ᠬᠠᠨᠢᠶᠠᠭᠰᠠᠨ᠎ᠤ ᠳᠠᠷᠠᠭ᠎ᠠ ᠶᠠᠭ᠋ᠠᠬᠢᠪᠠᠯ ᠵᠣᠬᠢᠬᠤ ᠪᠣᠢ?
    ᠬᠠᠷᠢᠭᠤᠯᠲᠠ᠄ ᠲᠣᠮᠣ ᠡᠮᠨᠡᠯᠭᠡ ᠵᠢᠨ ᠬᠤᠷᠢᠶᠠᠨ᠎ᠳᠤ ᠬᠥᠮᠥᠨ ᠣᠯᠠᠨ᠂ ᠬᠦᠯᠢᠶᠡᠬᠦ ᠴᠠᠭ᠎ᠨᠢ ᠤᠷᠲᠤ᠂ ᠰᠣᠯᠪᠢᠴᠠᠨ ᠬᠠᠯᠳᠠᠪᠤᠷᠢᠯᠠᠬᠤ ᠲᠦᠭᠰᠢᠭᠦᠷᠢ᠎ᠨᠢ ᠨᠡᠯᠢᠶᠡᠳ ᠥᠨᠳᠥᠷ᠂ ᠡᠪᠡᠳᠴᠢᠨ᠎ᠤ ᠪᠠᠶ᠋ᠢᠳᠠᠯ᠎ᠨᠢ ᠨᠡᠯᠢᠶᠡᠳ ᠬᠥᠩᠭᠡᠨ ᠬᠡᠦᠬᠡᠳ᠎ᠢ ᠦᠨᠳᠦᠰᠦᠨ ᠱᠠᠲᠤᠨ᠎ᠤ ᠡᠮᠴᠢᠯᠡᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ᠂ ᠶᠡᠷᠦᠩᠬᠡᠶ᠋ᠢᠯᠡᠭᠰᠡᠨ ᠡᠮᠨᠡᠯᠭᠡ ᠵᠢᠨ ᠬᠤᠷᠢᠶᠠᠨ᠎ᠤ ᠬᠡᠦᠬᠡᠳ᠎ᠤᠨ ᠰᠠᠯᠠᠭ᠎ᠠ ᠵᠡᠷᠭᠡ᠎ᠳᠤ ᠡᠮᠴᠢᠯᠡᠭᠦᠯᠬᠦ ᠵᠢ ᠰᠠᠨᠠᠭᠤᠯᠤᠨ᠎ᠠ᠃ ᠬᠡᠦᠬᠡᠳ᠎ᠤᠨ ᠲᠤᠰᠬᠠᠢ ᠡᠮᠨᠡᠯᠭᠡ ᠵᠢᠨ ᠬᠤᠷᠢᠶ᠎ᠠ ᠣᠨᠣᠰᠢᠯᠠᠨ ᠡᠮᠴᠢᠯᠡᠬᠦ ᠲᠥᠰᠥᠯ᠎ᠢ ᠲᠣᠳᠣᠷᠬᠠᠶ᠋ᠢᠯᠠᠭᠰᠠᠨ᠎ᠤ ᠳᠠᠷᠠᠭ᠎ᠠ᠂ ᠡᠮᠴᠢᠯᠡᠭᠡᠨ᠎ᠤ ᠬᠤᠯᠪᠣᠭ᠎ᠠ᠎ᠪᠠᠷ ᠦᠨᠳᠦᠰᠦᠨ ᠱᠠᠲᠤᠨ᠎ᠤ ᠡᠮᠴᠢᠯᠡᠭᠡᠨ᠎ᠤ ᠪᠠᠶ᠋ᠢᠭᠤᠯᠤᠮᠵᠢ᠎ᠳᠤ ᠰᠢᠯᠵᠢᠭᠦᠯᠵᠦ ᠦᠷᠭᠦᠯᠵᠢᠯᠡᠨ ᠡᠮᠴᠢᠯᠡᠭᠦᠯᠬᠦ ᠪᠤᠶᠤ ᠭᠡᠷ᠎ᠲᠤ᠎ᠪᠠᠨ ᠡᠮᠴᠢᠯᠡᠭᠦᠯᠵᠦ ᠪᠣᠯᠣᠨ᠎ᠠ᠃
    ᠠᠰᠠᠭᠤᠯᠲᠠ᠄ ᠬᠡᠦᠬᠡᠳ ᠶᠠᠮᠠᠷ ᠢᠯᠡᠷᠡᠯ ᠭᠠᠷᠪᠠᠯ ᠵᠠᠪᠠᠯ ᠡᠮᠨᠡᠯᠭᠡ᠎ᠳᠤ ᠡᠮᠴᠢᠯᠡᠭᠦᠯᠬᠦ ᠬᠡᠷᠡᠭᠲᠡᠢ ᠪᠣᠢ?
    ᠬᠠᠷᠢᠭᠤᠯᠲᠠ᠄ ᠮᠡᠷᠭᠡᠵᠢᠯᠲᠡᠨ᠎ᠤ ᠰᠠᠨᠠᠭᠤᠯᠭ᠎ᠠ ᠵᠢ ᠦᠨᠳᠦᠰᠦᠯᠡᠪᠡᠯ᠂ ᠬᠡᠦᠬᠡᠳ ᠬᠡᠳᠦ ᠥᠨᠳᠥᠷ ᠬᠠᠯᠠᠭᠤᠷᠠᠬᠤ ᠪᠤᠶᠤ ᠦᠷᠭᠦᠯᠵᠢᠯᠡᠨ ᠬᠠᠯᠠᠭᠤᠷᠠᠭ᠋ᠠᠳ ᠭᠤᠷᠪᠠᠨ ᠡᠳᠦᠷ᠎ᠠᠴᠠ ᠬᠡᠲᠦᠷᠡᠭᠰᠡᠨ᠂ ᠪᠠᠶ᠋ᠢᠨ ᠳᠠᠬᠢᠨ ᠬᠠᠨᠢᠶᠠᠵᠤ ᠬᠡᠪ᠎ᠤᠨ ᠠᠮᠢᠳᠤᠷᠠᠯ᠎ᠢ᠎ᠨᠢ ᠨᠥᠯᠥᠭᠡᠯᠡᠭᠰᠡᠨ᠂ ᠴᠤᠭ ᠰᠦᠯᠳᠡ ᠮᠠᠭᠤᠲᠠᠢ ᠴᠢᠨᠠᠭᠰᠢᠯᠠᠪᠠᠯ ᠮᠠᠩᠰᠢᠭᠤᠷᠠᠬᠤ᠂ ᠠᠮᠢᠰᠬᠤᠭ᠎ᠠ ᠳᠠᠪᠬᠤᠴᠠᠬᠤ ᠪᠤᠶᠤ ᠴᠢᠬᠤᠯᠳᠠᠬᠤ᠂ ᠪᠠᠶ᠋ᠢᠨ ᠳᠠᠬᠢᠨ ᠪᠥᠭᠡᠯᠵᠢᠬᠦ᠂ ᠠᠷᠠᠰᠤᠨ ᠡᠰᠡᠷᠭᠡᠨ᠎ᠡ ᠭᠠᠷᠬᠤ᠂ ᠲᠣᠯᠣᠭ᠋ᠠᠢ ᠡᠪᠡᠳᠬᠦ ᠪᠤᠶᠤ ᠲᠠᠲᠠᠪᠠᠯᠵᠠᠬᠤ ᠵᠡᠷᠭᠡ ᠢᠯᠡᠷᠡᠯ᠎ᠲᠠᠢ ᠪᠣᠯ ᠴᠠᠭ ᠲᠤᠬᠠᠢ᠎ᠳᠤ᠎ᠨᠢ ᠡᠮᠴᠢᠯᠡᠭᠦᠯᠪᠡᠯ ᠵᠣᠬᠢᠨ᠎ᠠ᠃
  
   

ᠢᠷᠡᠯᠲᠡ᠄ ᠦᠪᠦᠷ ᠮᠣᠩᠭᠤᠯ᠎ᠤᠨ ᠵᠠᠰᠠᠭ᠎ᠤᠨ ᠣᠷᠳᠤᠨ