︵2000 ᠤᠨ ᠤ 10 ᠳ᠋ᠤᠭᠠᠷ ᠰᠠᠷ ᠠ ᠶᠢᠨ 31 ᠤ ᠡᠲᠦᠷ ᠶᠢᠰᠦᠳᠦᠭᠡᠷ ᠬᠤᠭᠤᠴᠠᠭᠠᠨ ᠤ ᠪᠦᠬᠦ | ᠤᠯᠤᠰ ᠤᠨ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠠᠷᠪᠠᠨ | ᠨᠢ᠋ᠮᠠᠲᠤᠭᠠᠷ ᠬᠤᠷᠠᠯᠲᠤᠭᠠᠨ ᠠᠴᠠ ᠪᠠᠲᠤᠯᠠᠪᠠ᠃ 2000 ᠣᠨ ᠤ 10 ᠳ᠋ᠤᠭᠠᠷ ᠰᠠᠷ᠎ᠠ ᠶᠢᠨ 31 ᠤ ᠡᠳᠦᠷ ᠪᠦᠭᠦᠳᠡ | ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠶᠢᠨ ᠭᠤᠴᠢᠨ ᠳᠣᠯᠣᠳᠤᠭᠠᠷ ᠵᠠᠷᠯᠢᠭ ᠢᠶᠠᠷ ᠨᠡᠶᠢᠲᠡᠯᠡᠪᠡ᠃ | 2001 ᠣᠨ ᠤ 1 ᠳ᠋ᠦ᠋ᠭᠡᠷ ᠰᠠᠷ᠎ᠠ ᠶᠢᠨ 1 ᠤ ᠡᠳᠦᠷ ᠠᠴᠠ ᠡᠬᠢᠯᠡᠨ ᠬᠡᠷᠡᠭᠵᠢᠭᠦᠯᠦᠨ᠎ᠡ︶ | ᠭᠠᠷᠴᠠᠭ | ᠨᠢᠭᠡᠳᠦᠭᠡᠷ ᠪᠦᠯᠦᠭ ᠶᠡᠷᠦᠩᠭᠡᠢ ᠲᠦᠷᠢᠮ | ᠬᠤᠶᠠᠳᠤᠭᠠᠷ ᠪᠦᠯᠦᠭ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠨ ᠬᠡᠷᠡᠭᠯᠡᠯᠳᠡ | ᠭᠤᠷᠪᠠᠳᠤᠭᠠᠷ ᠪᠦᠯᠦᠭ ᠬᠠᠮᠢᠶᠠᠷᠤᠯᠳᠠ ᠪᠠ ᠬᠢᠨᠠᠯᠳᠠ | ᠲᠦᠷᠪᠡᠳᠦᠭᠡᠷ ᠪᠦᠯᠦᠭ ᠳᠠᠭᠠᠯᠳᠤᠭᠤᠯᠤᠭᠰᠠᠨ ᠲᠦᠷᠢᠮ | ᠨᠢᠬᠡᠲᠦᠭᠡᠷ ᠪᠦᠯᠦᠭ ᠶᠡᠷᠦᠩᠬᠡᠢ ᠲᠦᠷᠢᠮ | ᠨᠢᠬᠡᠲᠦᠭᠡᠷ ᠵᠦᠢᠯ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ ᠳᠦᠷᠢᠮᠵᠢᠭᠦᠯᠦᠯᠲᠡ᠂ | ᠪᠠᠷᠢᠮᠵᠢᠶᠠᠵᠢᠭᠤᠯᠤᠯᠲᠠ ᠵᠢᠴᠢ ᠲᠡᠬᠦᠨ ᠤ ᠡᠷᠡᠬᠦᠯ ᠢᠶᠠᠷ ᠬᠦᠭᠵᠢᠬᠦ ᠶᠢ ᠲᠦᠯᠬᠢᠨ ᠤᠷᠤᠭᠰᠢᠯᠠᠭᠤᠯᠤᠭᠠᠳ᠂ ᠤᠯᠤᠰ ᠤᠨ | ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ ᠨᠡᠶᠢᠬᠡᠮ ᠤᠨ ᠠᠮᠢᠲᠤᠷᠠᠯ ᠲᠤᠮᠲᠠᠬᠢ ᠦᠢᠯᠡᠲᠦᠯ ᠢ ᠨᠡᠩ | ᠰᠠᠶᠢᠨ ᠪᠠᠲᠠᠷᠠᠭᠤᠯᠵᠦ᠂ ᠡᠯ᠎ᠡ ᠦᠨᠲᠦᠰᠦᠳᠡᠨ᠂ ᠡᠯ᠎ᠡ ᠭᠠᠵᠠᠷ ᠤᠷᠤᠨ ᠤ ᠠᠵᠦ ᠠᠬᠤᠢ ᠰᠤᠶᠤᠯ ᠤᠨ ᠰᠣᠯᠢᠯᠴᠠᠭ᠎ᠠ ᠶᠢ | ᠠᠬᠢᠭᠤᠯᠬᠤ ᠶᠢᠨ ᠲᠦᠯᠦᠬᠡ ᠦᠨᠲᠦᠰᠦᠨ ᠬᠠᠦᠯᠢ ᠶᠢ ᠦᠨᠲᠦᠰᠦᠯᠡᠨ ᠲᠤᠰ ᠬᠠᠦᠯᠢ ᠶᠢ ᠲᠤᠭᠲᠠᠭᠠᠪᠠ᠃ | ᠬᠤᠶᠠᠲᠤᠭᠠᠷ ᠵᠦᠢᠯ ᠲᠤᠰ ᠬᠠᠦᠯᠢ ᠳᠤ ᠬᠡᠯᠡᠵᠦ ᠪᠠᠶᠢᠭ᠎ᠠ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ | ᠦᠰᠦᠭ ᠪᠢᠴᠢᠭ ᠬᠡᠳᠡᠭ ᠪᠤᠯ ᠨᠡᠶᠢᠳᠡᠯᠢᠭ ᠬᠡᠯᠡ ᠪᠠ ᠲᠦᠷᠢᠮᠵᠢᠭᠰᠡᠨ ᠬᠢᠲᠠᠳ ᠦᠰᠦᠭ ᠢ ᠵᠢᠭᠠᠵᠦ ᠪᠠᠶᠢᠨ᠎ᠠ᠃ | ᠭᠤᠷᠪᠠᠲᠤᠭᠠᠷ ᠵᠦᠢᠯ ᠤᠯᠤᠰ ᠠᠴᠠ ᠨᠡᠶᠢᠳᠡᠯᠢᠭ ᠬᠡᠯᠡ ᠶᠢ ᠲᠦᠭᠡᠮᠡᠯᠵᠢᠬᠦᠯᠵᠦ᠂ ᠲᠦᠷᠢᠮᠵᠢᠭᠰᠡᠨ ᠬᠢᠲᠠᠳ | ᠦᠰᠦᠭ ᠢ ᠲᠡᠯᠭᠡᠷᠡᠬᠦᠯᠦᠨ᠎ᠡ᠃ | ᠲᠦᠷᠪᠡᠲᠦᠭᠡᠷ ᠵᠦᠢᠯ ᠠᠷᠠᠳ ᠢᠷᠭᠡᠳ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠢ | ᠰᠤᠷᠤᠯᠴᠠᠬᠤ ᠪᠠ ᠭᠡᠷᠡᠭᠯᠡᠬᠦ ᠡᠷᠭᠡ ᠲᠠᠢ᠃ | ᠤᠯᠤᠰ ᠠᠴᠠ ᠠᠷᠠᠳ ᠢᠷᠭᠡᠳ ᠲᠤ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠢ | ᠰᠤᠷᠤᠯᠴᠠᠬᠤ ᠪᠠ ᠭᠡᠷᠡᠭᠯᠡᠬᠦ ᠳᠤ ᠨᠦᠬᠦᠴᠡᠯ ᠬᠠᠩᠭᠠᠨ᠎ᠠ᠃ | ᠤᠷᠤᠨ ᠨᠤᠲᠤᠭ ᠤᠨ ᠡᠯ᠎ᠡ ᠱᠠᠲᠦᠨ ᠤ ᠠᠷᠠᠳ ᠤᠨ ᠵᠠᠰᠠᠭ ᠤᠨ ᠤᠷᠲᠤᠨ ᠬᠢᠬᠡᠳ ᠲᠡᠬᠦᠨ ᠤ ᠬᠤᠯᠪᠤᠭᠲᠠᠯ | ᠪᠦᠬᠦᠢ ᠰᠠᠯᠠᠭ᠎ᠠ ᠮᠦᠴᠢᠷ ᠤᠳ ᠠᠷᠭ᠎ᠠ ᠬᠡᠮᠵᠢᠶ᠎ᠡ ᠠᠪᠴᠦ ᠪᠠᠶᠢᠭᠠᠳ ᠨᠡᠶᠢᠳᠡᠯᠢᠭ ᠬᠡᠯᠡ ᠪᠠ ᠲᠦᠷᠢᠮᠵᠢᠭᠰᠡᠨ ᠬᠢᠲᠠᠳ | ᠦᠰᠦᠭ ᠢ ᠲᠦᠬᠡᠮᠡᠯᠵᠢᠬᠦᠯᠬᠦ ᠭᠡᠷᠡᠭᠳᠡᠢ᠃ | ᠲᠠᠪᠤᠲᠤᠭᠠᠷ ᠵᠦᠢᠯ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ ᠭᠡᠷᠡᠭᠯᠡᠯᠳᠡ ᠨᠢ | ᠤᠯᠤᠰ ᠤᠷᠤᠨ ᠤ ᠡᠷᠭᠡ ᠮᠡᠳᠡᠯ ᠪᠠ ᠦᠨᠲᠦᠰᠦᠳᠡᠨ ᠤ ᠨᠡᠷ᠎ᠡ ᠬᠦᠨᠲᠦ ᠶᠢ ᠬᠠᠮᠠᠭᠠᠯᠠᠬᠤ ᠳᠤ ᠠᠰᠢᠬᠲᠠᠢ᠂ ᠤᠯᠤᠰ | ᠤᠷᠤᠨ ᠤ ᠨᠢᠬᠡᠲᠦᠯ ᠪᠠ ᠦᠨᠲᠦᠰᠦᠳᠡᠨ ᠤ ᠪᠦᠯᠬᠦᠮᠳᠡᠯ ᠳᠤ ᠠᠰᠢᠬᠲᠠᠢ᠂ ᠨᠡᠶᠢᠬᠡᠮ ᠵᠢᠷᠤᠮ ᠤᠨ ᠪᠤᠲᠠᠰ ᠤᠨ | ᠪᠤᠯᠪᠠᠰᠦᠨ ᠤ ᠪᠠᠶᠢᠭᠤᠯᠤᠯᠲᠠ ᠪᠠ ᠤᠶᠤᠨ ᠤ ᠪᠤᠯᠪᠠᠰᠦᠨ ᠤ ᠪᠠᠶᠢᠭᠤᠯᠤᠯᠲᠠ ᠳᠤ ᠠᠰᠢᠬᠲᠠᠢ ᠪᠠᠶᠢᠬᠤ ᠭᠡᠷᠡᠭᠳᠡᠢ᠃ | ᠵᠢᠷᠭᠤᠲᠤᠭᠠᠷ ᠵᠦᠢᠯ ᠤᠯᠤᠰ ᠠᠴᠠ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ | ᠲᠦᠷᠢᠮᠵᠢᠯ ᠪᠠ ᠪᠠᠷᠢᠮᠵᠢᠶ᠎ᠠ ᠶᠢ ᠨᠡᠶᠢᠳᠡᠯᠡᠵᠦ᠂ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ | ᠨᠡᠶᠢᠭᠡᠮ ᠤᠨ ᠬᠡᠷᠡᠭᠯᠡᠯᠲᠡ ᠶᠢ ᠬᠠᠮᠢᠶᠠᠷᠴᠤ᠂ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠨ | ᠵᠢᠭᠠᠨ ᠰᠤᠷᠭᠠᠯᠲᠠ ᠪᠠ ᠰᠢᠨᠵᠢᠯᠡᠬᠦ ᠤᠬᠠᠭᠠᠨ ᠤ ᠰᠤᠲᠤᠯᠭᠠᠨ ᠢ ᠲᠡᠮᠵᠢᠵᠦ᠂ ᠤᠯᠤᠰ ᠤᠨ ᠨᠡᠶᠢᠳᠡᠮ ᠭᠡᠷᠡᠭᠯᠡᠬᠦ ᠦᠬᠡ | ᠬᠡᠯᠡ ᠦᠰᠦᠭ ᠪᠢᠴᠢᠭ ᠤᠨ ᠲᠦᠷᠢᠮᠵᠢᠯ᠂ ᠪᠠᠶᠠᠯᠢᠬᠵᠢᠯ᠂ ᠬᠦᠭᠵᠢᠯ ᠢ ᠠᠬᠢᠭᠤᠯᠣᠨ᠎ᠠ᠃ | ᠲᠤᠯᠤᠲᠤᠭᠠᠷ ᠵᠦᠢᠯ ᠤᠯᠤᠰ ᠠᠴᠠ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ | ᠦᠢᠯᠡᠰ ᠲᠤ ᠲᠣᠪᠤᠶᠢᠮ᠎ᠠ ᠬᠤᠪᠢ ᠨᠡᠮᠡᠷᠢ ᠦᠵᠡᠬᠦᠯᠦᠭᠰᠡᠨ ᠵᠤᠬᠢᠶᠠᠨ ᠪᠠᠶᠢᠭᠤᠯᠤᠯᠲᠠ ᠪᠠ ᠬᠤᠪᠢ ᠬᠦᠮᠦᠨ ᠢ | ᠬᠦᠭᠢᠬᠦᠯᠦᠨ ᠱᠠᠩᠨᠠᠨ᠎ᠠ᠃ | ᠨᠢ᠋ᠮᠠᠲᠤᠭᠠᠷ ᠵᠦᠢᠯ ᠡᠯ᠎ᠡ ᠦᠨᠲᠦᠰᠦᠳᠡᠨ ᠴᠦᠮ ᠦᠪᠡᠷ ᠤᠨ ᠦᠬᠡ ᠬᠡᠯᠡ ᠦᠰᠦᠭ ᠪᠢᠴᠢᠭ ᠢᠶᠠᠨ ᠭᠡᠷᠡᠭᠯᠡᠬᠦ | ᠪᠠ ᠬᠦᠭᠵᠢᠬᠦᠯᠬᠦ ᠡᠷᠭᠡ ᠴᠢᠯᠦᠬᠡ ᠲᠠᠢ᠃ | ᠴᠦᠬᠡᠨ ᠲᠤᠭᠠᠲᠦ ᠦᠨᠲᠦᠰᠦᠳᠡᠨ ᠤ ᠦᠬᠡ ᠬᠡᠯᠡ ᠦᠰᠦᠭ ᠪᠢᠴᠢᠭ ᠤᠨ ᠭᠡᠷᠡᠭᠯᠡᠯᠳᠡ ᠳᠤ ᠦᠨᠲᠦᠰᠦᠨ | ᠬᠠᠦᠯᠢ᠂ ᠦᠨᠲᠦᠰᠦᠳᠡᠨ ᠤ ᠤᠷᠤᠨ ᠤ ᠦᠪᠡᠷᠳᠡᠭᠡᠨ ᠵᠠᠰᠠᠬᠤ ᠬᠠᠦᠯᠢ ᠬᠢᠬᠡᠳ ᠪᠤᠰᠤᠳ ᠬᠠᠦᠯᠢ ᠴᠠᠭᠠᠵᠠ ᠶᠢᠨ | ᠬᠤᠯᠪᠤᠭᠲᠠᠯ ᠪᠦᠬᠦᠢ ᠲᠤᠭᠲᠠᠭᠠᠯ ᠢᠶᠠᠷ ᠦᠨᠲᠦᠰᠦ ᠪᠠᠷᠢᠮᠲᠠ ᠪᠤᠯᠭᠠᠨ᠎ᠠ᠃ | ᠬᠤᠶᠠᠲᠤᠭᠠᠷ ᠪᠦᠯᠦᠭ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ ᠭᠡᠷᠡᠭᠯᠡᠯᠳᠡ | ᠶᠢᠰᠦᠲᠦᠭᠡᠷ ᠵᠦᠢᠯ ᠲᠦᠷᠦ ᠶᠢᠨ ᠪᠠᠶᠢᠭᠤᠯᠭ᠎ᠠ ᠨᠤᠭᠤᠳ ᠨᠡᠶᠢᠳᠡᠯᠢᠭ ᠬᠡᠯᠡ ᠪᠠ ᠲᠦᠷᠢᠮᠵᠢᠭᠰᠡᠨ ᠬᠢᠲᠠᠳ | ᠦᠰᠦᠭ ᠢᠶᠠᠷ ᠠᠯᠪᠠᠨ ᠠᠵᠢᠯ ᠤᠨ ᠢᠶᠠᠨ ᠬᠡᠷᠡᠭᠯᠡᠭᠡᠨ ᠤ ᠬᠡᠯᠡ ᠦᠰᠦᠭ ᠪᠤᠯᠭᠠᠨ᠎ᠠ᠃ ᠬᠠᠦᠯᠢ ᠴᠠᠭᠠᠵᠠ ᠳᠤ ᠠᠰᠲᠠᠭᠠᠨ | ᠲᠤᠭᠲᠠᠭᠠᠯ ᠲᠠᠢ ᠨᠢ ᠡᠬᠦᠨ ᠳᠤ ᠪᠠᠭᠲᠠᠬᠤ ᠦᠬᠡᠢ᠃ | ᠠᠷᠪᠠᠲᠤᠭᠠᠷ ᠵᠦᠢᠯ ᠰᠤᠷᠭᠠᠭᠤᠯᠢ ᠬᠢᠬᠡᠳ ᠰᠤᠷᠭᠠᠨ ᠬᠦᠮᠦᠵᠢᠯ ᠤᠨ ᠪᠤᠰᠤᠳ ᠪᠠᠶᠢᠭᠤᠯᠤᠮᠵᠢ ᠨᠤᠭᠤᠳ | ᠨᠡᠶᠢᠳᠡᠯᠢᠭ ᠭᠡᠯᠡ ᠪᠠ ᠲᠦᠷᠢᠮᠵᠢᠭᠰᠡᠨ ᠬᠢᠲᠠᠳ ᠦᠰᠦᠭ ᠢᠶᠠᠷ ᠰᠤᠷᠭᠠᠨ ᠬᠦᠮᠦᠵᠢᠯ ᠵᠢᠭᠠᠨ ᠰᠤᠷᠭᠠᠯᠲᠠ ᠶᠢᠨ ᠢᠶᠠᠨ | ᠦᠨᠲᠦᠰᠦᠨ ᠭᠡᠷᠡᠭᠯᠡᠭᠡᠨ ᠤ ᠬᠡᠯᠡ ᠦᠰᠦᠭ ᠪᠤᠯᠭᠠᠨ᠎ᠠ᠃ ᠬᠠᠦᠯᠢ ᠴᠠᠭᠠᠵᠠ ᠳᠤ ᠠᠰᠲᠠᠭᠠᠨ ᠲᠤᠭᠲᠠᠭᠠᠯ ᠲᠠᠢ ᠨᠢ | ᠡᠬᠦᠨ ᠳᠤ ᠪᠠᠭᠲᠠᠬᠤ ᠦᠬᠡᠢ᠃ | ᠰᠤᠷᠭᠠᠭᠤᠯᠢ ᠬᠢᠬᠡᠳ ᠰᠤᠷᠭᠠᠨ ᠬᠦᠮᠦᠵᠢᠯ ᠤᠨ ᠪᠤᠰᠤᠳ ᠪᠠᠶᠢᠭᠤᠯᠤᠮᠵᠢ ᠨᠤᠭᠤᠳ ᠬᠢᠲᠠᠳ ᠬᠡᠯᠡ | ᠪᠢᠴᠢᠭ ᠤᠨ ᠬᠢᠴᠢᠶᠡᠯ ᠢᠶᠠᠷ ᠲᠠᠮᠵᠢᠭᠤᠯᠵᠦ ᠨᠡᠶᠢᠳᠡᠯᠢᠭ ᠬᠡᠯᠡ ᠪᠠ ᠲᠦᠷᠢᠮᠵᠢᠭᠰᠡᠨ ᠬᠢᠲᠠᠳ ᠦᠰᠦᠭ ᠢ ᠵᠢᠭᠠᠨ | ᠰᠤᠷᠭᠠᠨ᠎ᠠ᠃ ᠬᠢᠲᠠᠳ ᠬᠡᠯᠡ ᠪᠢᠴᠢᠭ ᠤᠨ ᠵᠢᠭᠠᠬᠤ ᠮᠠᠲ᠋ᠧᠷᠢᠶᠠᠯ ᠨᠢ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ | ᠦᠰᠦᠭ ᠪᠢᠴᠢᠭ ᠤᠨ ᠲᠦᠷᠢᠮᠵᠢᠯ ᠪᠠ ᠪᠠᠷᠢᠮᠵᠢᠶ᠎ᠠ ᠳᠤ ᠨᠡᠶᠢᠴᠡᠭᠰᠡᠨ ᠪᠠᠶᠢᠬᠤ ᠭᠡᠷᠡᠭᠳᠡᠢ᠃ | ᠠᠷᠪᠠᠨ ᠨᠢᠬᠡᠲᠦᠭᠡᠷ ᠵᠦᠢᠯ ᠬᠢᠲᠠᠳ ᠬᠡᠯᠡ ᠪᠢᠴᠢᠭ ᠤᠨ ᠭᠡᠪᠯᠡᠭᠳᠡᠬᠦᠨ ᠨᠢ ᠤᠯᠤᠰ ᠤᠨ ᠨᠡᠶᠢᠳᠡᠮ ᠭᠡᠷᠡᠭᠯᠡᠬᠦ | ᠦᠬᠡ ᠬᠡᠯᠡ ᠦᠰᠦᠭ ᠪᠢᠴᠢᠭ ᠤᠨ ᠲᠦᠷᠢᠮᠵᠢᠯ ᠪᠠ ᠪᠠᠷᠢᠮᠵᠢᠶ᠎ᠠ ᠳᠤ ᠨᠡᠶᠢᠴᠡᠭᠰᠡᠨ ᠪᠠᠶᠢᠬᠤ ᠭᠡᠷᠡᠭᠳᠡᠢ᠃ | ᠬᠢᠲᠠᠳ ᠬᠡᠯᠡ ᠪᠢᠴᠢᠭ ᠤᠨ ᠭᠡᠪᠯᠡᠭᠳᠡᠬᠦᠨ ᠳᠤ ᠭᠠᠲᠠᠭᠠᠲᠦ ᠤᠯᠤᠰ ᠤᠨ ᠦᠬᠡ ᠬᠡᠯᠡ ᠦᠰᠦᠭ ᠪᠢᠴᠢᠭ ᠢ | ᠭᠡᠷᠡᠭᠯᠡᠬᠦ ᠴᠢᠬᠤᠯᠠᠲᠠᠢ ᠪᠠᠶᠢᠪᠠᠯ᠂ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠢᠶᠠᠷ ᠴᠢᠬᠤᠯᠠ | ᠪᠦᠬᠦᠢ ᠵᠡᠬᠦᠯᠳᠡ ᠲᠠᠶᠢᠯᠪᠦᠷᠢ ᠬᠢᠬᠦ ᠭᠡᠷᠡᠭᠳᠡᠢ᠃ | ᠠᠷᠪᠠᠨ ᠬᠤᠶᠠᠲᠤᠭᠠᠷ ᠵᠦᠢᠯ ᠷᠠᠳᠢᠤ᠋ ᠨᠡᠪᠳᠡᠷᠡᠬᠦᠯᠬᠡ ᠶᠢᠨ ᠬᠤᠷᠢᠶ᠎ᠠ᠂ ᠲᠧᠯᠸᠢᠰ ᠬᠤᠷᠢᠶ᠎ᠠ ᠨᠤᠭᠤᠳ | ᠨᠡᠶᠢᠳᠡᠯᠢᠭ ᠬᠡᠯᠡ ᠪᠠᠷ ᠨᠡᠪᠳᠡᠷᠡᠬᠦᠯᠬᠡ ᠶᠢᠨ ᠢᠶᠠᠨ ᠦᠨᠲᠦᠰᠦᠨ ᠬᠡᠯᠡ ᠪᠤᠯᠭᠠᠨ᠎ᠠ᠃ | ᠭᠠᠲᠠᠭᠠᠲᠦ ᠤᠯᠤᠰ ᠤᠨ ᠭᠡᠯᠡ ᠶᠢ ᠨᠡᠪᠳᠡᠷᠡᠬᠦᠯᠬᠡ ᠶᠢᠨ ᠭᠡᠯᠡ ᠪᠤᠯᠭᠠᠨ ᠭᠡᠷᠡᠭᠯᠡᠬᠦ ᠴᠢᠬᠤᠯᠠᠲᠠᠢ ᠪᠠᠶᠢᠪᠠᠯ᠂ | ᠡᠷᠭᠡᠪᠰᠢ ᠲᠦᠷᠦ ᠶᠢᠨ ᠶᠠᠪᠤᠲᠠᠯ ᠤᠨ ᠬᠤᠷᠢᠶᠠᠨ ᠤ ᠷᠠᠳᠢᠤ᠋ ᠨᠡᠪᠳᠡᠷᠡᠬᠦᠯᠬᠡ ᠲᠧᠯᠸᠢᠰ ᠤᠨ ᠬᠠᠮᠢᠶᠠᠷᠤᠯᠲᠠ ᠶᠢᠨ ᠰᠠᠯᠠᠭ᠎ᠠ | ᠮᠦᠴᠢᠷ ᠢᠶᠠᠷ ᠵᠦᠪᠰᠢᠶᠡᠷᠡᠬᠦᠯᠬᠦ ᠭᠡᠷᠡᠭᠳᠡᠢ᠃ | ᠠᠷᠪᠠᠨ ᠭᠤᠷᠪᠠᠲᠤᠭᠠᠷ ᠵᠦᠢᠯ ᠤᠯᠠᠨ ᠨᠡᠶᠢᠲᠡ ᠶᠢᠨ ᠦᠢᠯᠡᠴᠢᠯᠡᠭᠡᠨ ᠤ ᠠᠵᠢᠯ ᠲᠦᠷᠦᠯ ᠤᠳ | ᠲᠦᠷᠢᠮᠵᠢᠭᠰᠡᠨ ᠬᠢᠲᠠᠳ ᠦᠰᠦᠭ ᠢᠶᠠᠷ ᠦᠢᠯᠡᠴᠢᠯᠡᠬᠡᠨ ᠤ ᠪᠠᠨ ᠦᠨᠲᠦᠰᠦᠨ ᠭᠡᠷᠡᠭᠯᠡᠭᠡᠨ ᠤ ᠦᠰᠦᠭ ᠪᠤᠯᠭᠠᠨ᠎ᠠ᠃ | ᠤᠯᠠᠨ ᠨᠡᠶᠢᠳᠡ ᠶᠢᠨ ᠦᠢᠯᠡᠴᠢᠯᠡᠬᠡᠨ ᠤ ᠭᠡᠷᠡᠭᠴᠡᠭᠡ ᠠᠴᠠ ᠪᠤᠯᠵᠦ᠂ ᠬᠤᠲᠠᠯᠲᠤᠭᠠᠨ ᠤ ᠫᠠᠶᠢᠰᠠ᠂ ᠵᠠᠷ᠂ ᠵᠠᠷᠯᠠᠯ᠂ ᠲᠡᠮᠳᠡᠭ | ᠫᠠᠶᠢᠰᠠ ᠵᠡᠷᠭᠡ ᠳᠤ ᠭᠠᠲᠠᠭᠠᠲᠦ ᠤᠯᠤᠰ ᠤᠨ ᠦᠰᠦᠭ ᠪᠢᠴᠢᠭ ᠢ ᠭᠡᠷᠡᠭᠯᠡᠬᠦ ᠶᠢᠨ ᠬᠠᠮᠲᠦ ᠬᠢᠲᠠᠳ ᠦᠰᠦᠭ ᠢ | ᠵᠡᠷᠭᠡ ᠪᠠᠷ ᠭᠡᠷᠡᠭᠯᠡᠬᠦ ᠳᠤ ᠬᠦᠷᠪᠡᠯ ᠲᠦᠷᠢᠮᠵᠢᠭᠰᠡᠨ ᠬᠢᠲᠠᠳ ᠦᠰᠦᠭ ᠢ ᠭᠡᠷᠡᠭᠯᠡᠬᠦ ᠭᠡᠷᠡᠭᠳᠡᠢ᠃ | ᠤᠯᠠᠨ ᠨᠡᠶᠢᠳᠡ ᠶᠢᠨ ᠦᠢᠯᠡᠴᠢᠯᠡᠬᠡᠨ ᠤ ᠠᠵᠢᠯ ᠲᠦᠷᠦᠯ ᠳᠤ ᠨᠡᠶᠢᠳᠡᠯᠢᠭ ᠬᠡᠯᠡ ᠪᠠᠷ ᠦᠢᠯᠡᠴᠢᠯᠡᠬᠡᠨ ᠤ | ᠬᠡᠯᠡ ᠪᠤᠯᠭᠠᠬᠤ ᠶᠢ ᠡᠷᠬᠢᠮᠯᠡᠨ ᠰᠠᠨᠠᠭᠠᠴᠢᠯᠠᠨ᠎ᠠ᠃ | ᠠᠷᠪᠠᠨ ᠲᠦᠷᠪᠡᠲᠦᠭᠡᠷ ᠵᠦᠢᠯ ᠳᠣᠣᠷ᠎ᠠ ᠵᠢᠭᠰᠠᠭᠠᠭᠰᠠᠨ ᠪᠠᠶᠢᠲᠠᠯ ᠤᠳ ᠲᠤ ᠤᠯᠤᠰ ᠤᠨ ᠨᠡᠶᠢᠳᠡᠮ ᠭᠡᠷᠡᠭᠯᠡᠬᠦ | ᠦᠬᠡ ᠬᠡᠯᠡ ᠦᠰᠦᠭ ᠪᠢᠴᠢᠭ ᠢ ᠦᠨᠲᠦᠰᠦᠨ ᠬᠡᠯᠡ ᠦᠰᠦᠭ ᠪᠤᠯᠭᠠᠬᠤ ᠭᠡᠷᠡᠭᠳᠡᠢ᠄ | ︵ᠨᠢᠬᠡ︶ ᠷᠠᠳᠢᠤ᠋ ᠨᠡᠪᠳᠡᠷᠡᠭᠦᠯᠭᠡ᠂ ᠺᠢᠨᠤ᠋᠂ ᠲᠧᠯᠸᠢᠰ ᠤᠨ ᠬᠡᠷᠡᠭᠯᠡᠭᠡᠨ ᠤ ᠬᠡᠯᠡ ᠦᠰᠦᠭ︔ | ︵ᠬᠤᠶᠠᠷ︶ ᠤᠯᠠᠨ ᠨᠡᠶᠢᠲᠡ ᠶᠢᠨ ᠲᠠᠯᠠᠪᠤᠷ᠂ ᠭᠠᠵᠠᠷ ᠤᠨ ᠲᠦᠬᠦᠭᠡᠷᠦᠮᠵᠢ ᠶᠢᠨ ᠬᠡᠷᠡᠭᠯᠡᠭᠡᠨ ᠤ ᠦᠰᠦᠭ︔ | ︵ᠭᠤᠷᠪᠠ︶ ᠬᠤᠲᠠᠯᠲᠤᠭᠠᠨ ᠤ ᠫᠠᠶᠢᠰᠠ᠂ ᠵᠠᠷ ᠤᠨ ᠬᠡᠷᠡᠭᠯᠡᠭᠡᠨ ᠤ ᠦᠰᠦᠭ︔ | ︵ᠲᠦᠷᠪᠡ︶ ᠠᠵᠦ ᠠᠬᠤᠢᠢᠯᠠᠯ ᠠᠵᠢᠯ ᠦᠢᠯᠡᠰ ᠤᠨ ᠵᠤᠬᠢᠶᠠᠨ ᠪᠠᠶᠢᠭᠤᠯᠤᠯᠲᠠ ᠶᠢᠨ ᠨᠡᠷᠡᠶᠢᠲᠦᠯ︔ | ︵ᠲᠠᠪᠤ︶ ᠬᠢᠯᠢ ᠶᠢᠨ ᠳᠣᠲᠣᠷ᠎ᠠ ᠪᠤᠷᠤᠯᠠᠭᠤᠯᠬᠤ ᠲᠠᠸᠠᠷ ᠤᠨ ᠪᠤᠭᠤᠲᠠᠯ ᠪᠠᠭᠯᠠᠭ᠎ᠠ ᠲᠡᠭᠡᠷᠡᠬᠢ ᠦᠰᠦᠭ᠂ | ᠲᠤᠲᠤᠷᠬᠠᠢᠢᠯᠠᠯᠲᠠ᠃ | ᠠᠷᠪᠠᠨ ᠲᠠᠪᠤᠲᠤᠭᠠᠷ ᠵᠦᠢᠯ ᠮᠡᠳᠡᠭᠡ ᠵᠠᠩᠬᠢ ᠶᠢᠨ ᠰᠢᠢᠳᠪᠦᠷᠢᠯᠡᠯᠳᠡ ᠪᠠ ᠮᠡᠳᠡᠭᠡ ᠵᠠᠩᠬᠢ ᠶᠢᠨ ᠲᠧᠭᠨᠢᠭ | ᠮᠡᠷᠭᠡᠵᠢᠯ ᠤᠨ ᠦᠢᠯᠡᠳᠬᠦᠨ ᠳᠤ ᠭᠡᠷᠡᠭᠯᠡᠬᠦ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠨᠢ | ᠤᠯᠤᠰ ᠤᠨ ᠲᠦᠷᠢᠮᠵᠢᠯ ᠪᠠ ᠪᠠᠷᠢᠮᠵᠢᠶ᠎ᠠ ᠳᠤ ᠨᠡᠶᠢᠴᠡᠭᠰᠡᠨ ᠪᠠᠶᠢᠬᠤ ᠭᠡᠷᠡᠭᠳᠡᠢ᠃ | ᠠᠷᠪᠠᠨ ᠵᠢᠷᠭᠤᠲᠤᠭᠠᠷ ᠵᠦᠢᠯ ᠲᠤᠰ ᠪᠦᠯᠦᠭ ᠤᠨ ᠬᠤᠯᠪᠣᠭᠳᠠᠯ ᠪᠦᠬᠦᠢ ᠲᠤᠭᠲᠠᠭᠠᠯ ᠤᠨ ᠳᠣᠲᠣᠷ᠎ᠠ | ᠳᠣᠣᠷ᠎ᠠ ᠵᠢᠬᠰᠠᠭᠠᠭᠰᠠᠨ ᠪᠠᠶᠢᠲᠠᠯ ᠤᠳ ᠪᠠᠶᠢᠪᠠᠯ ᠨᠤᠲᠤᠭ ᠤᠨ ᠠᠶᠠᠯᠭᠤ ᠶᠢ ᠭᠡᠷᠡᠭᠯᠡᠵᠦ ᠪᠤᠯᠣᠨ᠎ᠠ᠄ | ︵ᠨᠢᠬᠡ︶ ᠲᠦᠷᠦ ᠶᠢᠨ ᠪᠠᠶᠢᠭᠤᠯᠭ᠎ᠠ ᠶᠢᠨ ᠠᠵᠢᠯᠲᠠᠨ ᠠᠯᠪᠠᠨ ᠠᠵᠢᠯ ᠬᠦᠢᠴᠡᠳᠭᠡᠬᠦ ᠦᠶᠡᠰ ᠲᠤ ᠵᠠᠪᠠᠯ | ᠭᠡᠷᠡᠭᠯᠡᠬᠦ ᠴᠢᠬᠤᠯᠠᠲᠠᠢ ᠪᠠᠶᠢᠬᠤ︔ | ︵ᠬᠤᠶᠠᠷ︶ ᠲᠦᠷᠦ ᠶᠢᠨ ᠶᠠᠪᠤᠲᠠᠯ ᠤᠨ ᠬᠤᠷᠢᠶᠠᠨ ᠤ ᠷᠠᠳᠢᠤ᠋ ᠨᠡᠪᠳᠡᠷᠡᠭᠦᠯᠭᠡ ᠲᠧᠯᠸᠢᠰ ᠤᠨ | ᠬᠠᠮᠢᠶᠠᠷᠤᠯᠲᠠ ᠶᠢᠨ ᠰᠠᠯᠠᠭ᠎ᠠ ᠮᠦᠴᠢᠷ ᠪᠤᠶᠤ ᠮᠤᠵᠢ ᠶᠢᠨ ᠱᠠᠲᠦᠨ ᠤ ᠷᠠᠳᠢᠤ᠋ ᠨᠡᠪᠳᠡᠷᠡᠭᠦᠯᠭᠡ ᠲᠧᠯᠸᠢᠰ ᠤᠨ | ᠬᠠᠮᠢᠶᠠᠷᠤᠯᠲᠠ ᠶᠢᠨ ᠰᠠᠯᠠᠭ᠎ᠠ ᠮᠦᠴᠢᠷ ᠢᠶᠠᠷ ᠵᠦᠪᠰᠢᠶᠡᠷᠡᠬᠦᠯᠦᠭᠰᠡᠨ ᠨᠡᠪᠳᠡᠷᠡᠬᠦᠯᠬᠡ ᠶᠢᠨ ᠬᠡᠯᠡ︔ | ︵ᠭᠤᠷᠪᠠ︶ ᠰᠢ ᠵᠦᠴᠦᠭᠡ᠂ ᠺᠢᠨᠤ᠋ ᠲᠧᠯᠸᠢᠰ ᠵᠡᠷᠭᠡ ᠤᠷᠠᠯᠢᠬ ᠤᠨ ᠭᠡᠯᠪᠡᠷᠢ ᠳᠤ ᠭᠡᠷᠡᠭᠯᠡᠬᠦ ᠴᠢᠬᠤᠯᠠᠲᠠᠢ | ᠪᠠᠶᠢᠬᠤ︔ | ︵ᠲᠦᠷᠪᠡ︶ ᠭᠡᠪᠯᠡᠯ᠂ ᠵᠢᠭᠠᠨ ᠰᠤᠷᠭᠠᠯᠲᠠ᠂ ᠰᠤᠲᠤᠯᠭᠠᠨ ᠤ ᠲᠤᠮᠲᠠ ᠵᠠᠪᠠᠯ ᠭᠡᠷᠡᠭᠯᠡᠬᠦ ᠴᠢᠬᠤᠯᠠᠲᠠᠢ | ᠪᠠᠶᠢᠬᠤ᠃ | ᠠᠷᠪᠠᠨ ᠲᠤᠯᠤᠲᠤᠭᠠᠷ ᠵᠦᠢᠯ ᠲᠤᠰ ᠪᠦᠯᠦᠭ ᠤᠨ ᠬᠤᠯᠪᠤᠭᠲᠠᠯ ᠪᠦᠬᠦᠢ ᠲᠤᠭᠲᠠᠭᠠᠯ ᠤᠨ ᠳᠣᠲᠣᠷ᠎ᠠ | ᠳᠣᠣᠷ᠎ᠠ ᠵᠢᠬᠰᠠᠭᠠᠭᠰᠠᠨ ᠪᠠᠶᠢᠲᠠᠯ ᠤᠳ ᠪᠠᠶᠢᠪᠠᠯ ᠪᠢᠴᠢᠯᠬᠡ ᠶᠠᠷᠰᠢᠬ ᠲᠠᠢ ᠦᠰᠦᠭ᠂ ᠤᠨᠲᠤᠤ ᠪᠢᠴᠢᠯᠬᠡ ᠲᠠᠢ | ᠦᠰᠦᠭ ᠢ ᠦᠯᠡᠳᠡᠬᠡᠬᠦ ᠪᠤᠶᠤ ᠭᠡᠷᠡᠭᠯᠡᠵᠦ ᠪᠤᠯᠣᠨ᠎ᠠ᠄ | ︵ᠨᠢᠬᠡ︶ ᠲᠡᠦᠬᠡ ᠶᠢᠨ ᠲᠤᠷᠠᠰᠬᠠᠯᠲᠦ ᠵᠦᠢᠯ ᠤᠳ ᠲᠤ︔ | ︵ᠬᠤᠶᠠᠷ︶ ᠤᠪᠤᠭ ᠨᠡᠷ᠎ᠡ ᠶᠢᠨ ᠲᠤᠲᠤᠷᠠᠬᠢ ᠤᠨᠲᠤᠤ ᠪᠢᠴᠢᠯᠬᠡ ᠲᠠᠢ ᠦᠰᠦᠭ︔ | ︵ᠭᠤᠷᠪᠠ︶ ᠤᠷᠠᠨ ᠪᠢᠴᠢᠯᠬᠡ᠂ ᠲᠠᠮᠠᠭ᠎ᠠ ᠰᠡᠶᠢᠯᠦᠮᠡᠯ ᠵᠡᠷᠭᠡ ᠤᠷᠠᠯᠢᠬ ᠤᠨ ᠪᠦᠲᠦᠭᠡᠯ︔ | ︵ᠲᠦᠷᠪᠡ︶ ᠪᠢᠴᠢᠬᠡᠰᠦ ᠪᠠ ᠬᠤᠲᠠᠯᠲᠤᠭᠠᠨ ᠤ ᠫᠠᠶᠢᠰᠠ ᠶᠢᠨ ᠲᠡᠭᠡᠷᠡᠬᠢ ᠭᠠᠷ ᠪᠢᠴᠢᠮᠠᠯ ᠦᠰᠦᠭ︔ | ︵ᠲᠠᠪᠤ︶ ᠭᠡᠪᠯᠡᠯ᠂ ᠵᠢᠭᠠᠨ ᠰᠤᠷᠭᠠᠯᠲᠠ᠂ ᠰᠤᠲᠤᠯᠭᠠᠨ ᠤ ᠲᠤᠮᠲᠠ ᠭᠡᠷᠡᠭᠯᠡᠬᠦ ᠴᠢᠬᠤᠯᠠᠲᠠᠢ ᠵᠦᠢᠯᠡᠰ︔ | ︵ᠵᠢᠷᠭᠤᠭ᠎ᠠ︶ ᠲᠦᠷᠦ ᠶᠢᠨ ᠶᠠᠪᠤᠲᠠᠯ ᠤᠨ ᠬᠤᠷᠢᠶᠠᠨ ᠤ ᠬᠤᠯᠪᠤᠭᠲᠠᠯ ᠪᠦᠬᠦᠢ ᠰᠠᠯᠠᠭ᠎ᠠ ᠮᠦᠴᠢᠷ ᠢᠶᠠᠷ | ᠵᠦᠪᠰᠢᠶᠡᠷᠡᠬᠦᠯᠦᠭᠰᠡᠨ ᠤᠨᠴᠠᠭᠠᠢ ᠪᠠᠶᠢᠲᠠᠯ᠃ | ᠠᠷᠪᠠᠨ ᠨᠢ᠋ᠮᠠᠲᠤᠭᠠᠷ ᠵᠦᠢᠯ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠨᠢ ︽ | ᠬᠢᠲᠠᠳ ᠬᠡᠯᠡᠨ ᠤ ᠠᠪᠢᠶ᠎ᠠ ᠲᠡᠮᠳᠡᠭᠯᠡᠬᠦ ᠲᠦᠰᠦᠯ︾ ᠢᠶᠠᠷ ᠠᠪᠢᠶᠠᠴᠢᠯᠠᠨ ᠪᠢᠴᠢᠬᠦ ᠪᠠ ᠠᠪᠢᠶ᠎ᠠ ᠬᠠᠲᠠᠬᠤ ᠪᠠᠭᠠᠵᠢ | ᠭᠡᠷᠡᠭᠯᠡᠬᠦᠷ ᠪᠤᠯᠭᠠᠨ᠎ᠠ᠃ | ︽ᠬᠢᠲᠠᠳ ᠬᠡᠯᠡᠨ ᠤ ᠠᠪᠢᠶ᠎ᠠ ᠲᠡᠮᠳᠡᠭᠯᠡᠬᠦ ᠲᠦᠰᠦᠯ︾ ᠪᠤᠯ ᠲᠤᠮᠲᠠᠲᠦ ᠤᠯᠤᠰ ᠤᠨ ᠬᠦᠮᠦᠨ ᠤ ᠨᠡᠷ᠎ᠡ᠂ | ᠭᠠᠵᠠᠷ ᠤᠨ ᠨᠡᠷ᠎ᠡ ᠪᠤᠯᠤᠨ ᠬᠢᠲᠠᠳ ᠭᠡᠯᠡᠨ ᠤ ᠰᠤᠷᠪᠤᠯᠵᠢ ᠪᠢᠴᠢᠭ ᠢ ᠷᠤᠮᠠ ᠦᠰᠦᠭ ᠢᠶᠠᠷ ᠠᠪᠢᠶᠠᠴᠢᠯᠠᠨ ᠪᠢᠴᠢᠬᠦ | ᠠᠷᠭ᠎ᠠ ᠶᠢᠨ ᠨᠢᠬᠡᠲᠦᠯᠳᠡᠢ ᠲᠦᠷᠢᠮᠵᠢᠯ ᠪᠤᠯᠬᠤ ᠪᠦᠬᠡᠳ ᠲᠡᠬᠦᠨ ᠢ ᠬᠢᠲᠠᠳ ᠬᠡᠯᠡ ᠶᠢ ᠭᠡᠷᠡᠭᠯᠡᠬᠦ ᠳᠤ ᠲᠦᠬᠦᠮ ᠦᠬᠡᠢ | ᠪᠤᠶᠤ ᠭᠡᠷᠡᠭᠯᠡᠵᠦ ᠪᠤᠯᠬᠤ ᠦᠬᠡᠢ ᠭᠠᠵᠠᠷ ᠲᠤ ᠭᠡᠷᠡᠭᠯᠡᠨ᠎ᠡ᠃ | ᠠᠩᠬ᠎ᠠ ᠵᠡᠷᠭᠡ ᠶᠢᠨ ᠰᠤᠷᠭᠠᠨ ᠬᠦᠮᠦᠵᠢᠯ ᠳᠤ ᠬᠢᠲᠠᠳ ᠬᠡᠯᠡᠨ ᠤ ᠠᠪᠢᠶ᠎ᠠ ᠲᠡᠮᠳᠡᠭᠯᠡᠬᠦ ᠵᠢᠭᠠᠨ ᠰᠤᠷᠭᠠᠯᠲᠠ | ᠬᠢᠬᠦ ᠬᠡᠷᠡᠭᠳᠡᠢ᠃ | ᠠᠷᠪᠠ ᠶᠢᠰᠦᠲᠦᠭᠡᠷ ᠵᠦᠢᠯ ᠨᠡᠶᠢᠳᠡᠯᠢᠭ ᠬᠡᠯᠡ ᠪᠠᠷ ᠠᠵᠢᠯ ᠤᠨ ᠬᠡᠯᠡ ᠪᠤᠯᠭᠠᠭᠰᠠᠨ ᠠᠵᠢᠯ ᠤᠨ ᠪᠠᠶᠢᠷᠢ | ᠪᠦᠬᠦᠨ ᠤ ᠠᠵᠢᠯᠲᠠᠳ ᠨᠡᠶᠢᠳᠡᠯᠢᠭ ᠬᠡᠯᠡ ᠶᠢ ᠬᠡᠯᠡᠵᠦ ᠴᠢᠳᠠᠬᠤ ᠴᠢᠲᠠᠪᠦᠷᠢ ᠲᠠᠢ ᠪᠠᠶᠢᠬᠤ ᠭᠡᠷᠡᠭᠳᠡᠢ᠃ | ᠨᠡᠶᠢᠳᠡᠯᠢᠭ ᠬᠡᠯᠡ ᠪᠠᠷ ᠠᠵᠢᠯ ᠤᠨ ᠬᠡᠯᠡ ᠪᠣᠯᠭᠠᠭᠰᠠᠨ ᠨᠡᠪᠳᠡᠷᠡᠬᠦᠯᠦᠭᠴᠢ᠂ ᠫᠷᠦᠭᠷᠡᠮ ᠤᠨ ᠲᠠᠭᠠᠭᠠᠮᠠᠯ ᠪᠤᠯᠤᠨ | ᠺᠢᠨᠤ᠋ ᠲᠧᠯᠸᠢᠰ ᠶᠠᠷᠢᠶᠠᠲᠦ ᠵᠦᠴᠦᠭᠡ ᠶᠢᠨ ᠲᠤᠭᠯᠠᠬᠴᠢ᠂ ᠪᠠᠭᠰᠢ᠂ ᠲᠦᠷᠦ ᠶᠢᠨ ᠪᠠᠶᠢᠭᠤᠯᠭ᠎ᠠ ᠶᠢᠨ ᠠᠵᠢᠯᠲᠠᠨ ᠤ | ᠨᠡᠶᠢᠳᠡᠯᠢᠭ ᠬᠡᠯᠡᠨ ᠤ ᠬᠢᠷᠢ ᠬᠡᠮᠵᠢᠶ᠎ᠡ ᠨᠢ ᠤᠯᠤᠰ ᠤᠨ ᠲᠤᠭᠲᠠᠭᠠᠭᠰᠠᠨ ᠲᠡᠰ ᠤᠨ ᠪᠠᠷᠢᠮᠵᠢᠶ᠎ᠠ ᠳᠤ ᠲᠤᠰ ᠲᠤᠰ | ᠬᠦᠷᠦᠭᠰᠡᠨ ᠪᠠᠶᠢᠬᠤ ᠭᠡᠷᠡᠭᠳᠡᠢ︔ ᠤᠯᠤᠰ ᠠᠴᠠ ᠲᠤᠭᠲᠠᠭᠠᠭᠰᠠᠨ ᠨᠡᠶᠢᠳᠡᠯᠢᠭ ᠭᠡᠯᠡᠨ ᠤ ᠲᠡᠰ ᠤᠨ ᠪᠠᠷᠢᠮᠵᠢᠶ᠎ᠠ ᠳᠤ | ᠬᠠᠷᠠᠬᠠᠨ ᠬᠦᠷᠦᠭᠡᠲᠦᠢ ᠪᠠᠶᠢᠪᠠᠯ᠂ ᠪᠠᠶᠢᠲᠠᠯ ᠢ ᠨᠢ ᠢᠯᠭᠠᠨ ᠦᠵᠡᠵᠦ ᠪᠠᠶᠢᠭᠠᠳ ᠪᠤᠯᠪᠠᠰᠤᠷᠠᠯ ᠬᠢᠯᠬᠡᠬᠦ ᠭᠡᠷᠡᠭᠳᠡᠢ᠃ | ᠬᠤᠷᠢᠲᠤᠭᠠᠷ ᠵᠦᠢᠯ ᠭᠠᠲᠠᠭᠠᠲᠦ ᠶᠢᠨ ᠬᠦᠮᠦᠨ ᠳᠤ ᠵᠤᠷᠢᠭᠤᠯᠤᠬᠰᠠᠨ ᠬᠢᠲᠠᠳ ᠬᠡᠯᠡᠨ ᠤ ᠵᠢᠭᠠᠨ | ᠰᠤᠷᠭᠠᠯᠲᠠ ᠨᠢ ᠨᠡᠶᠢᠳᠡᠯᠢᠭ ᠬᠡᠯᠡ ᠪᠠ ᠲᠦᠷᠢᠮᠵᠢᠭᠰᠡᠨ ᠬᠢᠲᠠᠳ ᠦᠰᠦᠭ ᠢ ᠵᠢᠭᠠᠨ ᠰᠤᠷᠭᠠᠬᠤ ᠭᠡᠷᠡᠭᠳᠡᠢ᠃ | ᠭᠤᠷᠪᠠᠲᠤᠭᠠᠷ ᠪᠦᠯᠦᠭ ᠬᠠᠮᠢᠶᠠᠷᠤᠯᠲᠠ ᠪᠠ ᠬᠢᠨᠠᠯᠲᠠ | ᠬᠤᠷᠢᠨ ᠨᠢᠬᠡᠲᠦᠭᠡᠷ ᠵᠦᠢᠯ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ ᠠᠵᠢᠯ ᠢ | ᠲᠦᠷᠦ ᠶᠢᠨ ᠶᠠᠪᠤᠲᠠᠯ ᠤᠨ ᠬᠤᠷᠢᠶᠠᠨ ᠤ ᠦᠬᠡ ᠬᠡᠯᠡ ᠦᠰᠦᠭ ᠪᠢᠴᠢᠭ ᠤᠨ ᠠᠵᠢᠯ ᠤᠨ ᠰᠠᠯᠠᠭ᠎ᠠ ᠮᠦᠴᠢᠷ ᠠᠴᠠ | ᠬᠠᠷᠢᠭᠤᠴᠠᠨ ᠲᠦᠯᠦᠪᠵᠢᠬᠦᠯᠦᠨ ᠵᠢᠯᠣᠭᠤᠳᠴᠤ᠂ ᠬᠠᠮᠢᠶᠠᠷᠴᠦ ᠬᠢᠨᠠᠨ᠎ᠠ᠃ | ᠲᠦᠷᠦ ᠶᠢᠨ ᠶᠠᠪᠤᠲᠠᠯ ᠤᠨ ᠬᠤᠷᠢᠶᠠᠨ ᠤ ᠬᠤᠯᠪᠤᠭᠲᠠᠯ ᠪᠦᠬᠦᠢ ᠰᠠᠯᠠᠭ᠎ᠠ ᠮᠦᠴᠢᠷ ᠤᠳ ᠲᠤᠰ | ᠰᠢᠰᠲ᠋ᠧᠮ ᠤᠨ ᠢᠶᠠᠨ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ ᠭᠡᠷᠡᠭᠯᠡᠯᠳᠡ ᠶᠢ | ᠬᠠᠮᠢᠶᠠᠷᠣᠨ᠎ᠠ᠃ | ᠬᠤᠷᠢᠨ ᠬᠤᠶᠠᠲᠤᠭᠠᠷ ᠵᠦᠢᠯ ᠤᠷᠤᠨ ᠨᠤᠲᠤᠭ ᠤᠨ ᠦᠬᠡ ᠬᠡᠯᠡ ᠦᠰᠦᠭ ᠪᠢᠴᠢᠭ ᠤᠨ ᠠᠵᠢᠯ ᠤᠨ | ᠰᠠᠯᠠᠭ᠎ᠠ ᠮᠦᠴᠢᠷ ᠪᠠ ᠪᠤᠰᠤᠳ ᠬᠤᠯᠪᠤᠭᠲᠠᠯ ᠪᠦᠬᠦᠢ ᠰᠠᠯᠠᠭ᠎ᠠ ᠮᠦᠴᠢᠷ ᠤᠳ ᠲᠤᠰ ᠵᠠᠰᠠᠭ ᠵᠠᠬᠢᠷᠭᠠᠨ ᠤ | ᠤᠷᠤᠨ ᠤ ᠪᠠᠨ ᠲᠤᠲᠤᠷᠠᠬᠢ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠤᠨ ᠭᠡᠷᠡᠭᠯᠡᠯᠳᠡ ᠶᠢ | ᠬᠠᠮᠢᠶᠠᠷᠴᠤ ᠬᠢᠨᠠᠨ᠎ᠠ᠃ | ᠬᠤᠷᠢᠨ ᠭᠤᠷᠪᠠᠲᠤᠭᠠᠷ ᠵᠦᠢᠯ ᠰᠢᠶᠠᠨ ᠤ ᠱᠠᠲᠦᠨ ᠠᠴᠠ ᠲᠡᠭᠡᠭᠰᠢᠬᠢ ᠡᠯ᠎ᠡ ᠱᠠᠲᠦᠨ ᠤ ᠠᠷᠠᠳ ᠤᠨ | ᠵᠠᠰᠠᠭ ᠤᠨ ᠤᠷᠲᠤᠨ ᠤ ᠦᠢᠯᠡᠳᠪᠦᠷᠢ ᠬᠤᠲᠠᠯᠲᠤᠭᠠᠨ ᠤ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ | ᠮᠦᠴᠢᠷ ᠤᠳ ᠠᠵᠦ ᠠᠬᠤᠢᠢᠯᠠᠯ ᠤᠨ ᠨᠡᠷᠡᠶᠢᠲᠦᠯ᠂ ᠲᠠᠸᠠᠷ ᠤᠨ ᠨᠡᠷᠡᠶᠢᠲᠦᠯ ᠵᠢᠴᠢ ᠵᠠᠷ ᠤᠨ ᠭᠡᠷᠡᠭᠯᠡᠭᠡᠨ ᠤ ᠬᠡᠯᠡ | ᠦᠰᠦᠭ ᠢ ᠬᠠᠦᠯᠢ ᠶᠤᠰᠤᠭᠠᠷ ᠬᠠᠮᠢᠶᠠᠷᠴᠦ ᠬᠢᠨᠠᠨ᠎ᠠ᠃ | ᠬᠤᠷᠢᠨ ᠲᠦᠷᠪᠡᠲᠦᠭᠡᠷ ᠵᠦᠢᠯ ᠲᠦᠷᠦ ᠶᠢᠨ ᠶᠠᠪᠤᠲᠠᠯ ᠤᠨ ᠬᠤᠷᠢᠶᠠᠨ ᠤ ᠦᠬᠡ ᠬᠡᠯᠡ ᠦᠰᠦᠭ | ᠪᠢᠴᠢᠭ ᠤᠨ ᠠᠵᠢᠯ ᠤᠨ ᠰᠠᠯᠠᠭ᠎ᠠ ᠮᠦᠴᠢᠷ ᠠᠴᠠ ᠨᠡᠶᠢᠳᠡᠯᠢᠭ ᠬᠡᠯᠡᠨ ᠤ ᠬᠢᠷᠢ ᠬᠡᠮ ᠤᠨ ᠰᠢᠯᠭᠠᠯᠲᠠ ᠶᠢᠨ ᠲᠡᠰ ᠤᠨ | ᠪᠠᠷᠢᠮᠵᠢᠶ᠎ᠠ ᠶᠢ ᠨᠡᠶᠢᠳᠡᠯᠡᠨ᠎ᠡ᠃ | ᠬᠤᠷᠢᠨ ᠲᠠᠪᠤᠲᠤᠭᠠᠷ ᠵᠦᠢᠯ ᠭᠠᠲᠠᠭᠠᠲᠦ ᠤᠯᠤᠰ ᠤᠨ ᠬᠦᠮᠦᠨ ᠤ ᠨᠡᠷ᠎ᠡ᠂ ᠭᠠᠵᠠᠷ ᠤᠨ ᠨᠡᠷ᠎ᠡ ᠵᠡᠷᠭᠡ | ᠲᠤᠰᠬᠠᠢ ᠨᠡᠷ᠎ᠡ ᠦᠬᠡ ᠪᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠨᠡᠷ᠎ᠡ ᠲᠣᠮᠢᠶ᠎ᠠ ᠶᠢ ᠤᠯᠤᠰ ᠤᠨ ᠨᠡᠶᠢᠳᠡᠮ | ᠭᠡᠷᠡᠭᠯᠡᠬᠦ ᠦᠬᠡ ᠬᠡᠯᠡ ᠦᠰᠦᠭ ᠪᠢᠴᠢᠭ ᠢᠶᠠᠷ ᠤᠷᠴᠢᠭᠤᠯᠬᠤ ᠳᠤ ᠬᠦᠷᠪᠡᠯ᠂ ᠲᠦᠷᠦ ᠶᠢᠨ ᠶᠠᠪᠤᠲᠠᠯ ᠤᠨ ᠬᠤᠷᠢᠶᠠᠨ ᠤ | ᠦᠬᠡ ᠬᠡᠯᠡ ᠦᠰᠦᠭ ᠪᠢᠴᠢᠭ ᠤᠨ ᠠᠵᠢᠯ ᠤᠨ ᠰᠠᠯᠠᠭ᠎ᠠ ᠮᠦᠴᠢᠷ ᠪᠤᠶᠤ ᠪᠤᠰᠤᠳ ᠬᠤᠯᠪᠣᠭᠳᠠᠯ ᠪᠦᠬᠦᠢ ᠰᠠᠯᠠᠭ᠎ᠠ | ᠮᠥᠴᠢᠷ ᠵᠤᠬᠢᠶᠠᠨ ᠪᠠᠶᠢᠭᠤᠯᠵᠦ ᠪᠠᠶᠢᠭᠠᠳ ᠬᠢᠨᠠᠨ ᠲᠤᠭᠲᠠᠭᠠᠨ᠎ᠠ᠃ | ᠬᠤᠷᠢᠨ ᠵᠢᠷᠭᠤᠲᠤᠭᠠᠷ ᠵᠦᠢᠯ ᠲᠤᠰ ᠬᠠᠦᠯᠢ ᠶᠢᠨ ᠬᠤᠶᠠᠲᠤᠭᠠᠷ ᠪᠦᠯᠦᠭ ᠤᠨ ᠬᠤᠯᠪᠤᠭᠲᠠᠯ ᠪᠦᠬᠦᠢ | ᠲᠤᠭᠲᠠᠭᠠᠯ ᠢ ᠵᠦᠷᠢᠴᠡᠵᠦ᠂ ᠦᠬᠡ ᠬᠡᠯᠡ ᠦᠰᠦᠭ ᠪᠢᠴᠢᠭ ᠢ ᠤᠯᠤᠰ ᠤᠨ ᠨᠡᠶᠢᠳᠡᠮ ᠭᠡᠷᠡᠭᠯᠡᠬᠦ ᠦᠬᠡ ᠬᠡᠯᠡ ᠦᠰᠦᠭ | ᠪᠢᠴᠢᠭ ᠤᠨ ᠲᠦᠷᠢᠮᠵᠢᠯ ᠪᠠ ᠪᠠᠷᠢᠮᠵᠢᠶ᠎ᠠ ᠶᠤᠰᠤ ᠪᠠᠷ ᠭᠡᠷᠡᠭᠯᠡᠭᠰᠡᠨ ᠦᠬᠡᠢ ᠪᠠᠶᠢᠪᠠᠯ᠂ ᠠᠷᠠᠳ ᠢᠷᠭᠡᠨ ᠰᠢᠬᠦᠮᠵᠢᠯᠡᠯ ᠪᠠ | ᠰᠠᠨᠠᠭᠤᠯᠭ᠎ᠠ ᠲᠤᠷᠠᠳᠴᠦ ᠪᠤᠯᠣᠨ᠎ᠠ᠃ | ᠲᠤᠰ ᠬᠠᠦᠯᠢ ᠶᠢᠨ ᠠᠷᠪᠠ ᠶᠢᠰᠦᠲᠦᠭᠡᠷ ᠵᠦᠢᠯ ᠤᠨ ᠬᠤᠶᠠᠲᠤᠭᠠᠷ ᠪᠠᠲᠠᠭ ᠲᠤ ᠲᠤᠭᠲᠠᠭᠠᠭᠰᠠᠨ | ᠬᠦᠮᠦᠰ ᠤᠨ ᠭᠡᠷᠡᠭᠯᠡᠭᠡᠨ ᠤ ᠬᠡᠯᠡ ᠨᠢ ᠲᠤᠰ ᠬᠠᠦᠯᠢ ᠶᠢᠨ ᠬᠤᠶᠠᠲᠤᠭᠠᠷ ᠪᠦᠯᠦᠭ ᠤᠨ ᠬᠤᠯᠪᠤᠬᠲᠠᠯ ᠪᠦᠬᠦᠢ | ᠲᠤᠭᠲᠠᠭᠠᠯ ᠢ ᠵᠦᠷᠢᠴᠡᠭᠰᠡᠨ ᠪᠠᠶᠢᠪᠠᠯ᠂ ᠬᠤᠯᠪᠤᠭᠲᠠᠯ ᠪᠦᠬᠦᠢ ᠨᠢᠭᠡᠴᠢ ᠠᠴᠠ ᠰᠢᠭᠤᠳ ᠬᠠᠷᠢᠭᠤᠴᠠᠯᠭ᠎ᠠ ᠲᠠᠢ | ᠬᠦᠮᠦᠨ ᠢ ᠨᠢ ᠰᠢᠬᠦᠮᠵᠢᠯᠡᠵᠦ ᠰᠤᠷᠭᠠᠬᠤ ᠭᠡᠷᠡᠭᠳᠡᠢ︔ ᠵᠣᠷᠢᠭᠤᠳᠠ ᠵᠠᠯᠠᠷᠠᠭᠤᠯᠬᠤ ᠦᠭᠡᠢ ᠪᠣᠯ ᠬᠤᠯᠪᠤᠭᠲᠠᠯ ᠪᠦᠬᠦᠢ | ᠨᠢᠭᠡᠴᠢ ᠰᠢᠢᠳᠪᠦᠷᠢᠯᠡᠨ᠎ᠡ᠃ | ᠬᠤᠳᠠ ᠶᠢᠨ ᠤᠯᠠᠨ ᠨᠡᠶᠢᠳᠡ ᠶᠢᠨ ᠭᠠᠵᠠᠷ ᠤᠨ ᠲᠦᠬᠦᠭᠡᠷᠦᠮᠵᠢ ᠬᠢᠬᠡᠳ ᠬᠤᠲᠠᠯᠲᠤᠭᠠᠨ ᠤ ᠫᠠᠶᠢᠰᠠ᠂ | ᠵᠠᠷ ᠤᠨ ᠭᠡᠷᠡᠭᠯᠡᠭᠡᠨ ᠤ ᠦᠰᠦᠭ ᠨᠢ ᠲᠤᠰ ᠬᠠᠦᠯᠢ ᠶᠢᠨ ᠬᠤᠶᠠᠲᠤᠭᠠᠷ ᠪᠦᠯᠦᠭ ᠤᠨ ᠬᠤᠯᠪᠤᠭᠲᠠᠯ ᠪᠦᠬᠦᠢ | ᠲᠤᠭᠲᠠᠭᠠᠯ ᠢ ᠵᠦᠷᠢᠴᠡᠭᠰᠡᠨ ᠪᠠᠶᠢᠪᠠᠯ᠂ ᠬᠤᠯᠪᠤᠭᠲᠠᠯ ᠪᠦᠬᠦᠢ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ | ᠮᠦᠴᠢᠷ ᠠᠴᠠ ᠵᠠᠷᠯᠢᠬᠲᠠᠵᠦ ᠪᠠᠶᠢᠭᠠᠳ ᠵᠠᠯᠠᠷᠠᠭᠤᠯᠣᠨ᠎ᠠ︔ ᠵᠣᠷᠢᠭᠤᠳᠠᠵᠠᠯᠠᠷᠠᠭᠤᠯᠬᠤ ᠦᠭᠡᠢ ᠪᠣᠯ᠂ ᠰᠡᠷᠡᠮᠵᠢ | ᠦᠭᠬᠦ ᠶᠢᠨ ᠬᠠᠮᠲᠦ ᠬᠤᠭᠤᠴᠠᠭ᠎ᠠ ᠲᠤᠭᠲᠠᠭᠠᠨ ᠵᠠᠯᠠᠷᠠᠭᠤᠯᠤᠭᠤᠯᠬᠤ ᠪᠠᠷ ᠬᠢᠨᠠᠨ ᠱᠠᠭᠠᠷᠲᠠᠨ᠎ᠠ᠃ | ᠬᠤᠷᠢᠨ ᠳᠣᠯᠣᠳᠤᠭᠠᠷ ᠵᠦᠢᠯ ᠲᠤᠰ ᠬᠠᠦᠯᠢ ᠶᠢᠨ ᠲᠤᠭᠲᠠᠭᠠᠯ ᠢ ᠵᠦᠷᠢᠴᠡᠵᠦ᠂ ᠪᠤᠰᠤᠳ ᠤᠨ ᠤᠯᠤᠰ ᠤᠨ | ᠨᠡᠶᠢᠳᠡᠮ ᠭᠡᠷᠡᠭᠯᠡᠬᠦ ᠦᠬᠡ ᠬᠡᠯᠡ ᠦᠰᠦᠭ ᠪᠢᠴᠢᠭ ᠢ ᠰᠤᠷᠤᠯᠴᠠᠬᠤ ᠪᠠ ᠭᠡᠷᠡᠭᠯᠡᠬᠦ ᠶᠢ ᠬᠠᠷᠰᠢᠯᠠᠬᠰᠠᠨ ᠪᠠᠶᠢᠪᠠᠯ᠂ | ᠬᠤᠯᠪᠤᠭᠲᠠᠯ ᠪᠦᠬᠦᠢ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ ᠠᠴᠠ ᠵᠠᠷᠯᠢᠬᠲᠠᠵᠦ ᠪᠠᠶᠢᠭᠠᠳ | ᠬᠤᠭᠤᠴᠠᠭ᠎ᠠ ᠲᠤᠭᠲᠠᠭᠠᠨ ᠵᠠᠯᠠᠷᠠᠭᠤᠯᠤᠭᠤᠯᠬᠤ ᠶᠢᠨ ᠬᠠᠮᠲᠦ ᠰᠡᠷᠡᠮᠵᠢ ᠥᠭᠭᠦᠨ᠎ᠡ᠃ | ᠲᠦᠷᠪᠡᠲᠦᠭᠡᠷ ᠪᠦᠯᠦᠭ ᠲᠠᠭᠠᠯᠲᠤᠭᠤᠯᠤᠭᠰᠠᠨ ᠲᠦᠷᠢᠮ | ᠬᠤᠷᠢᠨ ᠨᠢ᠋ᠮᠠᠲᠤᠭᠠᠷ ᠵᠦᠢᠯ ᠲᠤᠰ ᠬᠠᠦᠯᠢ ᠶᠢ 2001 ᠤᠨ ᠤ 1 ᠳ᠋ᠦ᠋ᠭᠡᠷ ᠰᠠᠷ ᠠ ᠶᠢᠨ 1 ᠤ | ᠡᠲᠦᠷ ᠠᠴᠠ ᠡᠬᠢᠯᠡᠵᠦ ᠬᠡᠷᠡᠭᠵᠢᠭᠦᠯᠦᠨ᠎ᠡ᠃ |