ᠭᠡᠰᠡᠷ ᠤᠨ ᠤᠯᠠᠮᠵᠢᠯᠠᠭᠴᠢ — ᠯᠤᠶᠢᠷᠤᠪ
ᠨᠡᠶᠢᠲᠡᠯᠡᠭᠰᠡᠨ ᠴᠠᠭ᠄
2023/4/20
       ᠯᠤᠶᠢᠷᠤᠪ ︵1935 —2018︶᠂ ᠮᠣᠩᠭᠤᠯ ᠦᠨᠳᠦᠰᠦᠲᠡᠨ᠂ ᠰᠢᠨᠵᠢᠶᠠᠩ ᠤᠨ ᠤᠶᠢᠭᠤᠷ ᠦᠨᠳᠦᠰᠦᠳᠡᠨ ᠤ ᠥᠪᠡᠷᠲᠡᠭᠡᠨ ᠵᠠᠰᠠᠬᠤ ᠣᠷᠣᠨ ᠤ ᠢᠯᠢ ᠶᠢᠨ ᠬᠠᠰᠠᠭ ᠥᠪᠡᠷᠲᠡᠭᠡᠨ ᠵᠠᠰᠠᠬᠤ ᠵᠧᠦ ᠶᠢᠨ ᠨᠢᠯᠬ᠎ᠠ ᠰᠢᠶᠠᠨ ᠳᠤ ᠲᠦᠷᠦᠵᠡᠢ᠂ ᠨᠢᠭᠡᠳᠦᠭᠡᠷ ᠪᠦᠯᠦᠭ ᠤᠯᠤᠰ ᠤᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠦᠢᠯ ᠪᠣᠯᠬᠤ ᠭᠡᠰᠡᠷ ᠤᠨ ᠲᠥᠯᠥᠭᠡᠯᠡᠭᠴᠢ ᠴᠢᠨᠠᠷᠲᠠᠢ ᠤᠯᠠᠮᠵᠢᠯᠠᠨ ᠵᠠᠯᠭᠠᠮᠵᠢᠯᠠᠭᠴᠢ᠃ ᠯᠤᠶᠢᠷᠤᠪ ᠤᠨ ︽ᠭᠡᠰᠡᠷ︾ ᠬᠠᠶᠢᠯᠠᠬᠤ ᠨᠢ ᠮᠠᠰᠢ ᠣᠨᠴᠠᠯᠢᠭ ᠲᠠᠢ᠂ ᠲᠡᠷᠡ ᠶᠠᠮᠠᠷ ᠴᠤ ᠬᠥᠭᠵᠢᠮ ᠬᠡᠷᠡᠭᠯᠡᠬᠦ ᠦᠭᠡᠢ ᠪᠠᠷ ᠰᠢᠭᠤᠳ ᠬᠠᠶᠢᠯᠠᠳᠠᠭ᠃ ᠲᠡᠭᠦᠨ ᠤ ᠬᠠᠶᠢᠯᠠᠭᠰᠠᠨ ᠣᠶᠢᠷᠠᠳ ︽ᠭᠡᠰᠡᠷ︾ ᠨᠢ ᠤᠷᠤᠰᠤᠮ᠎ᠠ ᠰᠠᠶᠢᠬᠠᠨ᠂ ᠠᠶᠠᠯᠭᠤ ᠨᠢ ᠬᠦᠩᠭᠢᠨᠡᠮ᠎ᠡ᠂ ᠮᠠᠰᠢ ᠰᠣᠨᠣᠰᠪᠤᠷᠢᠲᠠᠶ ᠪᠠᠶᠢᠳᠠᠭ᠃ ᠯᠤᠶᠢᠷᠤᠪ ᠤᠨ ᠬᠠᠶᠢᠯᠠᠭᠰᠠᠨ ︽ᠭᠡᠰᠡᠷ︾ ᠨᠢ ᠭᠤᠣᠯᠳᠠᠭᠤ ︽ᠳᠤᠮᠳᠠ ᠽᠠᠮᠪᠤᠲᠢᠪ ᠢ ᠳᠦᠪᠰᠢᠨ ᠵᠢᠷᠭᠠᠯ ᠲᠠᠢ ᠪᠣᠯᠭᠠᠬᠤ ᠶᠢᠨ ᠲᠤᠯᠠ ᠨᠢᠰᠤᠬᠠᠢ ᠵᠣᠷᠤ ᠲᠡᠭᠷᠢ ᠠᠴᠠ ᠪᠠᠭᠤᠨ ᠢᠷᠡᠭᠰᠡᠨ ᠨᠢ︾᠂ ︽ᠨᠢᠰᠤᠬᠠᠢ ᠵᠣᠷᠤ ᠥᠭᠡᠯᠡᠢ ᠪᠣᠯᠵᠤ ᠠᠯᠳᠠᠷᠰᠢᠨ ᠳᠠᠭᠤᠷᠢᠰᠤᠭᠠᠳ ᠨᠤᠲᠤᠭ ᠤᠨ ᠮᠥᠷᠥᠶᠢᠴᠡᠭᠡᠨ ᠳᠤ ᠲᠦᠷᠦᠭᠦᠯᠡᠭᠡᠳ ᠬᠠᠲᠤᠨ ᠵᠠᠯᠠᠭᠰᠠᠨ ᠨᠢ︾᠂ ︽ᠱᠠᠯᠠᠮᠠᠭᠠᠢ ᠪᠠᠭᠠᠲᠤᠷᠴᠤᠳ ᠠᠯᠲᠠᠨ ᠠᠮᠢ ᠪᠠᠨ ᠦᠷᠡᠭᠳᠡᠭᠦᠯᠵᠦ ᠰᠢᠷᠠᠶᠢᠭᠤᠣᠯ ᠤᠨ ᠭᠤᠷᠪᠠᠨ ᠬᠠᠨ ᠢ ᠳᠠᠷᠤᠭᠰᠠᠨ ᠨᠢ︾᠂ ︽ᠠᠷᠪᠠᠨ ᠲᠠᠪᠤᠨ ᠲᠣᠯᠣᠭᠠᠢ ᠲᠠᠢ ᠠᠩᠳᠤᠯᠮ᠎ᠠ ᠮᠠᠩᠭᠤᠰ ᠢ ᠳᠣᠷᠣᠶᠢᠳᠠᠭᠤᠯᠵᠤ ᠠᠮᠠᠷᠠᠭ ᠠᠬ᠎ᠠ ᠵᠠᠰᠠᠰᠢᠬᠢᠷ ᠢᠶᠠᠨ ᠪᠠᠭᠤᠯᠭᠠᠨ ᠢᠷᠡᠭᠦᠯᠦᠭᠰᠡᠨ ᠨᠢ︾᠂ ︽ᠯᠤᠪᠰᠤᠭ᠎ᠠ ᠮᠠᠩᠭᠤᠰ ᠭᠡᠰᠡᠷ ᠬᠠᠭᠠᠨ ᠢ ᠡᠯᠵᠢᠭᠡ ᠪᠣᠯᠭᠠᠭᠰᠠᠨ ᠳᠤ ᠠᠯᠣ ᠮᠡᠷᠭᠡᠨ ᠰᠡᠴᠡᠨ ᠠᠷᠭ᠎ᠠ ᠪᠠᠷ ᠠᠪᠤᠷᠠᠨ ᠭᠠᠷᠭᠠᠭᠰᠠᠨ ᠨᠢ︾᠂ ︽ᠲᠠᠮᠤ ᠶᠢᠨ ᠣᠷᠣᠨ ᠠᠴᠠ ᠡᠵᠢ ᠶᠢᠨ ᠢᠶᠠᠨ ᠰᠦᠨᠡᠰᠦ ᠶᠢ ᠬᠠᠶᠢᠵᠤ ᠲᠡᠭᠷᠢ ᠶᠢᠨ ᠣᠷᠣᠨ ᠳᠤ ᠳᠠᠬᠢᠨ ᠲᠥᠷᠥᠯ ᠣᠯᠭᠤᠭᠰᠠᠨ ᠨᠢ︾ ᠵᠡᠷᠭᠡ ᠪᠤᠢ᠃ ᠲᠡᠭᠦᠨ ᠤ ᠬᠠᠶᠢᠯᠠᠭᠰᠠᠨ ᠣᠶᠢᠷᠠᠳ ︽ᠭᠡᠰᠡᠷ︾ ᠢ ᠨᠢᠭᠡᠨᠲᠡ ᠰᠢᠩᠭᠡᠭᠡᠵᠦ᠂ ᠲᠡᠮᠳᠡᠭᠯᠡᠨ ᠡᠮᠬᠢᠳᠬᠡᠬᠡᠳ ᠤᠷᠢᠳ ᠬᠤᠵᠢᠳ ᠥᠪᠥᠷ ᠮᠣᠩᠭᠤᠯ ᠤᠨ ︽ᠭᠡᠰᠡᠷ︾ ᠤᠨ ᠠᠵᠢᠯ ᠤᠨ ᠤᠳᠤᠷᠢᠳᠬᠤ ᠳᠤᠭᠤᠶᠢᠯᠠᠩ ᠤᠨ ᠠᠯᠪᠠᠨ ᠭᠡᠷ ᠤᠨ ᠨᠠᠶᠢᠷᠠᠭᠤᠯᠤᠨ ᠬᠡᠪᠯᠡᠭᠦᠯᠦᠭᠰᠡᠨ ︽ᠭᠡᠰᠡᠷ︾ ᠤᠨ ᠮᠠᠲ᠋ᠧᠷᠢᠶᠠᠯ ᠤᠨ ᠳᠡᠪᠲᠡᠷ ᠪᠠ ︽ᠣᠶᠢᠷᠠᠳ ︿ᠭᠡᠰᠡᠷ﹀︾ ᠲᠤ ᠣᠷᠣᠭᠤᠯᠵᠤ᠂ ᠥᠷᠭᠡᠨ ᠢᠶᠠᠷ ᠤᠯᠠᠮᠵᠢᠯᠠᠭᠳᠠᠨ ᠳᠡᠯᠬᠡᠷᠡᠵᠦ᠂ ᠡᠷᠳᠡᠮ ᠰᠢᠨᠵᠢᠯᠡᠭᠡᠨ ᠤ ᠬᠢᠨ ᠪᠠ ᠠᠷᠠᠳ ᠤᠯᠠᠨ ᠤ ᠰᠠᠶᠢᠨ ᠦᠨᠡᠯᠡᠯᠲᠡ ᠶᠢ ᠤᠯᠵᠠᠢ᠃       1984 ᠣᠨ ᠳᠤ ᠯᠣᠶᠢᠷᠣᠪ ᠲᠥᠪᠡᠳ ᠲᠤ ᠣᠴᠢᠵᠤ ︽ᠭᠡᠰᠡᠷ︾ ᠬᠠᠶᠢᠯᠠᠬᠤ ᠲᠣᠭᠯᠠᠯᠲᠠ ᠳᠤ ᠣᠷᠣᠯᠴᠠᠵᠤ᠂ ᠣᠶᠢᠷᠠᠳ ︽ᠭᠡᠰᠡᠷ︾ ᠢ ᠬᠠᠶᠢᠯᠠᠪᠠ᠃ 1986 ᠣᠨ ᠤ 5 ᠳ᠋ᠤᠭᠠᠷ ᠰᠠᠷ᠎ᠠ ᠳᠤ᠂ ᠲᠡᠷᠡ ᠪᠠᠷ ᠪᠡᠭᠡᠵᠢᠩ ᠳᠤ ᠪᠣᠯᠤᠭᠰᠠᠨ ᠪᠦᠬᠦ ᠤᠯᠤᠰ ᠤᠨ ︽ᠭᠡᠰᠡᠷ︾ ᠤᠨ ᠠᠵᠢᠯ ᠤᠨ ᠳ᠋ᠦᠩᠨᠡᠯᠳᠡ ᠶᠢᠨ ᠬᠤᠷᠠᠯ ᠳᠡᠭᠡᠷ᠎ᠡ ᠲᠡᠷᠢᠭᠦᠨ  ᠤ ᠬᠤᠪᠢ ᠬᠥᠮᠦᠨ ᠤ ᠢᠷᠠᠭᠤ ᠠᠯᠳᠠᠷ ᠢᠶᠠᠷ ᠡᠩᠬᠡᠷ ᠢᠶᠠᠨ ᠮᠢᠯᠢᠶᠠᠯᠭᠠᠪᠠ᠃ 1991 ᠣᠨ ᠤ 11 ᠳ᠋ᠤᠬᠡᠷ ᠰᠠᠷ᠎ᠠ ᠳᠤ᠂ ᠤᠯᠤᠰ ᠤᠨ ᠰᠣᠶᠣᠯ ᠤᠨ ᠶᠠᠮᠤᠨ᠂ ᠤᠯᠤᠰ  ᠤᠨ ᠦᠨᠳᠦᠰᠦᠲᠡᠨ ᠤ ᠵᠥᠪᠯᠡᠯ᠂ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ᠂ ᠳᠤᠮᠳᠠᠳᠤ ᠤᠯᠤᠰ ᠤᠨ ᠠᠷᠠᠳ ᠤᠨ ᠤᠳᠬ᠎ᠠ ᠤᠷᠠᠯᠢᠭᠴᠢᠳ ᠤᠨ ᠨᠡᠶᠢᠭᠡᠮᠯᠢᠭ ᠠᠴᠠ ᠲᠡᠭᠦᠨ ᠳᠤ ᠭᠡᠰᠡᠷᠴᠢ ᠭᠡᠬᠦ ᠢᠷᠠᠭᠤ ᠠᠯᠳᠠᠷ ᠣᠯᠭᠤᠪᠠ᠃ 2007 ᠣᠨ ᠳᠤ᠂ ᠰᠣᠶᠣᠯ ᠤᠨ ᠶᠠᠮᠤᠨ ︵ᠤᠳᠤ ᠶᠢᠨ ᠰᠣᠶᠣᠯ ᠵᠢᠭᠤᠯᠴᠢᠯᠠᠯ ᠤᠨ ᠶᠠᠮᠤᠨ︶ ᠠᠴᠠ ᠳᠡᠬᠦᠨ ᠢ ᠠᠩᠬᠠᠳᠠᠭᠴᠢ ᠪᠦᠯᠦᠭ ᠤᠯᠤᠰ ᠤᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠤᠶᠢᠯ ᠪᠣᠯᠬᠤ ᠭᠡᠰᠡᠷ ᠤᠨ ᠲᠥᠯᠥᠭᠡᠯᠡᠬᠦ ᠴᠢᠨᠠᠷᠲᠠᠢ ᠤᠯᠠᠮᠵᠢᠯᠠᠨ ᠵᠠᠯᠭᠠᠮᠵᠢᠯᠠᠭᠴᠢ ᠪᠠᠷ ᠲᠤᠭᠳᠠᠭᠠᠪᠠ᠃          ᠣᠷᠴᠢᠭᠤᠯᠤᠭᠴᠢ᠄ ᠣᠶᠤᠨᠰᠡᠴᠡᠨ          ᠬᠢᠨᠠᠨ ᠨᠠᠶᠢᠷᠠᠭᠤᠯᠤᠭᠴᠢ᠄ ᠠᠳᠢᠶ᠎ᠠ   ᠰᠠᠴᠤᠷᠠᠯ          ᠶᠡᠷᠦᠩᠬᠡᠢ ᠬᠢᠨᠠᠨ ᠨᠠᠶᠢᠷᠠᠭᠤᠯᠤᠭᠴᠢ᠄ ᠪᠠᠶᠠᠨᠴᠢᠮᠡᠭ 
ᠢᠷᠡᠯᠲᠡ᠄ ᠴᠥᠭᠡᠨ ᠲᠣᠭᠠᠲᠤ ᠦᠨᠳᠦᠰᠦᠲᠡᠨ ᠤ ᠰᠤᠳᠤᠷ ᠪᠢᠴᠢᠭ ᠰᠤᠳᠤᠯᠬᠤ ᠳᠠᠰᠤᠭ