︽ᠶᠡᠭᠡ ᠨᠢᠭᠡᠳᠦᠯ︾ ᠪᠣᠯ ᠳᠤᠮᠳᠠᠳᠤ ᠤᠯᠤᠰ ᠤᠨ ᠤᠯᠠᠮᠵᠢᠯᠠᠯᠲᠤ ᠤᠯᠤᠰ ᠲᠦᠷᠦ᠂ ᠦᠵᠡᠯ ᠰᠠᠨᠠᠭ᠎ᠠ ᠳᠤ ᠨᠡᠪᠲᠡᠷᠡᠭᠰᠡᠨ ᠭᠤᠤᠯ ᠦᠵᠡᠯᠲᠡ ᠮᠥᠨ᠂ ᠪᠠᠰᠠ ᠴᠤ | ᠳᠤᠮᠳᠠᠳᠤ ᠤᠯᠤᠰ ᠤᠨ ᠤᠯᠤᠰ ᠲᠦᠷᠦ ᠶᠢᠨ ᠪᠣᠯᠪᠠᠰᠤᠨ ᠤ ᠴᠢᠬᠤᠯᠠ ᠦᠵᠡᠭᠳᠡᠯ ᠮᠥᠨ᠃ ᠶᠡᠷᠦᠩᠬᠡᠢ ᠱᠦᠵᠢ ᠰᠢ ᠶᠢᠨ ᠫᠢᠩ ︽ᠳᠤᠮᠳᠠᠳᠤ ᠣᠷᠣᠨ ᠳᠤ ᠣᠷᠣᠵᠤ | ᠢᠷᠡᠭᠰᠡᠨ ᠠᠯᠢ ᠨᠢᠭᠡᠨ ᠦᠨᠳᠦᠰᠦᠲᠡᠨ ᠴᠤ᠂ ᠪᠦᠷ ᠳᠡᠯᠡᠬᠡᠢ ᠳ᠋ᠠᠬᠢᠨ ᠢ ᠨᠢᠭᠡᠳᠬᠡᠬᠦ ᠪᠠᠷ ᠥᠪᠡᠷ ᠤᠨ ᠡᠭᠦᠷᠭᠡ ᠪᠠᠨ ᠪᠣᠯᠭᠠᠵᠤ᠂ ᠪᠦᠷ ᠦᠪᠡᠷ ᠢ ᠪᠠᠨ ᠳᠤᠮᠳᠠᠳᠤ ᠶᠢᠨ | ᠰᠣᠶᠣᠯ ᠤᠨ ᠲᠦᠪ ᠤᠳᠤᠮᠰᠢᠯ ᠪᠤᠯᠭᠠᠭᠰᠠᠭᠠᠷ ᠢᠷᠡᠭᠰᠡᠨ ᠶᠤᠮ︾ ᠭᠡᠵᠦ ᠵᠢᠭᠠᠪᠠ᠃ ᠮᠠᠨᠵᠤᠴᠤᠳ ᠤᠨ ᠪᠠᠶᠢᠭᠤᠯᠤᠭᠰᠠᠨ ᠴᠢᠩ ᠤᠯᠤᠰ ᠴᠤ ᠶᠠᠷᠢᠶᠠᠨ ᠥᠬᠡᠶ ᠡᠶᠢᠮᠦ | ᠶᠤᠮ᠃ ᠳᠤᠮᠳᠠᠳᠤ ᠤᠯᠤᠰ ᠤᠨ ᠤᠯᠠᠮᠵᠢᠯᠠᠯᠲᠤ ︽ᠶᠡᠭᠡ ᠨᠢᠭᠡᠳᠦᠯ︾ ᠤᠨ ᠦᠵᠡᠯᠳᠡ ᠶᠢ ᠴᠢᠩ ᠤᠯᠤᠰ ᠤᠨ ᠦᠶ᠎ᠡ ᠳᠤ ᠲᠠᠰᠤᠷᠠᠯᠲᠠ ᠦᠭᠡᠶ ᠲᠠᠶᠢᠯᠪᠤᠷᠢᠯᠠᠨ | ᠲᠤᠳᠤᠷᠬᠠᠶᠢᠯᠠᠵᠤ᠂ ᠪᠠᠳᠠᠷᠠᠭᠤᠯᠤᠨ ᠬᠦᠭᠵᠢᠬᠦᠯᠵᠦ᠂ ᠨᠢᠭᠡᠳᠦᠭᠰᠡᠨ ᠣᠯᠠᠨ ᠦᠨᠳᠦᠰᠦᠲᠡᠨ ᠲᠠᠢ ︽ᠶᠡᠭᠡ ᠨᠢᠭᠡᠳᠦᠯ︾ ᠪᠦᠬᠦᠢ ᠤᠯᠤᠰ ᠤᠨ ᠲᠦᠯᠦᠪᠰᠢᠯ ᠶᠠᠭ ᠴᠢᠩ | ᠤᠯᠤᠰ ᠤᠨ ᠦᠶ᠎ᠡ ᠳᠤ ᠵᠢᠩᠬᠢᠨᠢ ᠪᠠᠷ ᠪᠦᠷᠢᠯᠳᠦᠵᠠᠢ᠃ ᠲᠡᠭᠡᠪᠡᠯ ︽ᠶᠡᠭᠡ ᠨᠢᠭᠡᠳᠦᠯ︾ ᠨᠢᠭᠡ ᠵᠦᠢᠯ ᠤᠨ ᠦᠵᠡᠯᠳᠡ ᠪᠠ ᠤᠯᠤᠰ ᠲᠦᠷᠦ ᠶᠢᠨ ᠦᠢᠯᠡᠳᠦᠯᠭᠡ | ᠪᠣᠯᠤᠭᠰᠠᠨ ᠤ ᠬᠤᠪᠢ ᠳᠤ᠂ ᠲᠡᠦᠬᠡ ᠶᠢᠨ ᠬᠥᠭᠵᠢᠯᠲᠡ ᠶᠢᠨ ᠶᠠᠮᠠᠷ ᠵᠢᠮ᠎ᠠ ᠶᠤᠰᠤ ᠶᠢ ᠢᠯᠡᠷᠡᠭᠦᠯᠦᠭᠰᠡᠨ ᠪᠤᠢ︖ ᠴᠢᠩ ᠤᠯᠤᠰ ᠤᠨ ᠨᠣᠶᠠᠷᠬᠠᠭᠴᠢᠳ ︽ᠶᠡᠭᠡ | ᠨᠢᠭᠡᠳᠦᠯ︾ ᠤᠨ ᠦᠵᠡᠯᠲᠡ ᠶᠢᠨ ᠬᠥᠭᠵᠢᠯᠲᠡ ᠳᠤ ᠶᠠᠮᠠᠷ ᠶᠠᠮᠠᠷ ᠲᠣᠬᠢᠷᠠᠭᠤᠯᠤᠯᠲᠠ ᠬᠢᠭᠰᠡᠨ ᠪᠤᠢ︖ ᠪᠠᠰᠠ ᠬᠡᠷᠬᠢᠨ ᠪᠤᠳᠠᠳᠠᠢ ᠳᠤ ᠨᠠᠶᠢᠳᠠᠪᠤᠷᠢᠵᠢᠭᠤᠯᠤᠬᠰᠠᠨ ᠪᠤᠢ︖ | ᠣᠳᠣ ᠦᠶ᠎ᠡ ᠶᠢᠨ ᠳᠤᠮᠳᠠᠳᠤ ᠤᠯᠤᠰ ᠤᠨ ᠤᠯᠤᠰ ᠲᠥᠷᠥ ᠳᠤ ᠪᠠᠰᠠ ᠶᠠᠮᠠᠷ ᠰᠡᠩᠬᠡᠷᠡᠭᠦᠯᠬᠦ ᠠᠴᠢ ᠬᠤᠯᠪᠣᠭᠳᠠᠯ ᠲᠠᠢ ᠪᠤᠢ︖ ᠡᠨᠡ ᠲᠤᠬᠠᠢ ︽ᠳᠤᠮᠳᠠᠳᠤ ᠶᠢᠨ | ᠦᠨᠳᠦᠰᠦᠲᠡᠨ ᠰᠤᠨᠢᠨ︾ ᠤ ︽ᠳᠤᠮᠳᠠᠳᠤ ᠶᠢ ᠦᠬᠦᠯᠡᠭᠦᠢ︾ ᠪᠤᠯᠤᠩ ᠳᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠫᠷᠤᠹᠧᠰᠰᠤᠷ ᠶᠠᠩ ᠨᠢᠶᠠᠨ | ᠴᠢᠶᠦ᠋ᠨ ᠢ ᠤᠷᠢᠵᠤ᠂ ︽ᠶᠡᠭᠡ ᠨᠢᠭᠡᠳᠦᠯ︾ ᠭᠡᠬᠦ ᠡᠨᠡ ᠬᠦ ᠠᠤᠭ᠎ᠠ ᠶᠡᠭᠡ ᠲᠡᠦᠬᠡ ᠶᠢᠨ ᠦᠢᠯᠡ ᠶᠠᠪᠤᠳᠠᠯ ᠤᠨ ᠲᠤᠬᠠᠢ ᠲᠡᠶᠢᠯᠤᠮᠵᠢ ᠬᠢᠯᠭᠡᠪᠡ᠃ | ᠰᠤᠷᠪᠤᠯᠵᠢᠯᠠᠭᠴᠢ᠄ ᠲᠠ ᠪᠢᠳᠡᠨ ᠳᠤ ︽ᠶᠡᠭᠡ ᠨᠢᠭᠡᠳᠦᠯ︾ ᠢ ᠠᠯᠢ ᠬᠡᠳᠦᠨ ᠲᠠᠯ᠎ᠠ ᠠᠴᠠ ᠣᠶᠢᠯᠠᠭᠠᠬᠤ ᠲᠤᠬᠠᠶ ᠲᠠᠨᠢᠯᠴᠠᠭᠤᠯᠤᠭᠠᠳ ᠥᠭᠭᠦᠨ᠎ᠡ ᠦᠦ︖ | ᠶᠠᠩ ᠨᠢᠶᠠᠨ ᠴᠢᠶᠦ᠋ᠨ᠄ ︽ᠶᠡᠭᠡ ᠨᠢᠭᠡᠳᠦᠯ︾ ᠪᠣᠯ ᠳᠤᠮᠳᠠᠳᠤ ᠤᠯᠤᠰ ᠤᠨ ᠲᠡᠦᠬᠡ ᠶᠢᠨ ᠴᠢᠬᠤᠯᠠ ᠣᠨᠴᠠᠯᠢᠭ ᠮᠥᠨ᠃ ᠥᠩᠭᠡᠷᠡᠭᠰᠡᠨ ᠤ ᠰᠤᠳᠤᠯᠭᠠᠨ ᠳᠤ᠂ | ᠪᠢᠳᠡ ᠭᠤᠣᠯᠳᠠᠭᠤ ᠥᠷᠭᠡᠨ ᠠᠭᠤᠳᠠᠮ ᠨᠤᠲᠤᠭ ᠳᠡᠪᠢᠰᠬᠡᠷ᠂ ᠬᠢᠯᠢ ᠬᠢᠵᠠᠭᠠᠷ ᠤᠨ ᠦᠨᠳᠦᠰᠦᠲᠡᠨ ᠢ ᠨᠢᠭᠡᠳᠭᠡᠬᠦ᠂ ᠲᠥᠪ ᠲᠤ ᠲᠥᠪᠯᠡᠷᠡᠭᠦᠯᠦᠨ ᠵᠠᠬᠢᠷᠬᠤ ᠤᠯᠤᠰ | ᠲᠦᠷᠦ ᠶᠢᠨ ᠪᠠᠶᠢᠭᠤᠯᠤᠯ᠂ ᠨᠢᠭᠡᠳᠦᠯ ᠳᠤ ᠠᠰᠢᠬᠳᠠᠢ ᠠᠵᠤ ᠠᠬᠤᠢ ᠨᠡᠶᠢᠭᠡᠮ ᠰᠣᠶᠣᠯ ᠤᠨ ᠨᠥᠬᠦᠴᠡᠯ ᠵᠡᠷᠭᠡ ᠬᠠᠷᠠᠭᠠᠰᠤ ᠠᠴᠠ ᠵᠠᠳᠠᠯᠤᠨ ᠰᠢᠨᠵᠢᠯᠡᠵᠦ᠂ ︽ᠪᠣᠳᠠᠲᠠᠢ︾ | ᠲᠠᠯ᠎ᠠ ᠶᠢ ᠴᠢᠬᠤᠯᠠᠴᠢᠯᠠᠵᠦ ᠪᠠᠶᠢᠵᠠᠢ᠃ ᠭᠡᠬᠦ ᠳᠤ᠂ ᠪᠢᠳᠡ ᠪᠠᠰᠠ ︽ᠶᠡᠭᠡ ᠨᠢᠭᠡᠳᠦᠯ︾ ᠤᠨ ︽ᠬᠡᠶᠢᠰᠪᠦᠷᠢ︾ ᠲᠠᠯ᠎ᠠ᠂ ᠤᠨᠴᠠᠭᠠᠢᠢᠯᠠᠨ ᠲᠡᠭᠦᠨ ᠤ ︽ᠲᠦᠪ ᠤᠳᠤᠮᠰᠢᠯ︾ ᠤᠨ | ᠠᠰᠠᠭᠤᠳᠠᠯ ᠯᠤᠭ᠎ᠠ ᠶᠢᠨ ᠨᠢᠭᠲᠠ ᠬᠠᠷᠢᠴᠠᠭ᠎ᠠ ᠳᠡᠭᠡᠷ᠎ᠡ ᠢᠯᠡᠷᠡᠵᠦ ᠪᠠᠶᠢᠬᠤ ᠢᠯᠡᠷᠡᠯ ᠢ ᠤᠯᠵᠤ ᠬᠠᠷᠠᠬᠤ ᠬᠡᠷᠡᠭᠲᠡᠢ᠃ | ᠣᠷᠴᠢᠨ ᠦᠶ᠎ᠡ ᠠᠴᠠ ᠨᠠᠭᠠᠰᠢ᠂ ᠮᠡᠳᠡᠯᠭᠡ ᠶᠢᠨ ᠰᠢᠰᠲ᠋ᠧᠮ ᠪᠦᠬᠦᠯᠢ ᠴᠣᠭᠴᠠ ᠪᠠᠷ ᠢᠶᠠᠨ ᠰᠢᠨᠡᠴᠢᠯᠡᠭᠳᠡᠵᠦ᠂ ᠲᠦᠪ ᠤᠳᠤᠮᠰᠢᠯ ᠤᠨ ᠤᠨᠤᠯ ᠢ ᠴᠤ ᠨᠢᠭᠡ ᠦᠶ᠎ᠡ | ᠨᠣᠶᠠᠷᠬᠠᠭᠴᠢᠳ ᠤᠨ ᠵᠠᠬᠢᠷᠤᠨ ᠡᠵᠡᠮᠰᠢᠳᠡᠭ ᠪᠠᠮᠪᠠᠢ ᠪᠠᠷ ᠦᠵᠡᠬᠦ ᠪᠤᠯᠪᠠ᠃ ᠭᠡᠪᠡᠴᠤ ᠲᠡᠦᠬᠡ ᠶᠢᠨ ᠣᠷᠴᠢᠨ ᠳᠤ ᠪᠤᠴᠠᠭᠠᠨ ᠦᠬᠦᠯᠡᠪᠡᠯ᠂ ︽ᠲᠦᠪ ᠤᠳᠤᠮᠰᠢᠯ︾ ᠪᠤᠯ | ᠵᠠᠰᠠᠭ ᠤᠨ ᠡᠷᠬᠡ ᠶᠢᠨ ᠵᠦᠢ ᠶᠣᠰᠣᠴᠢ ᠴᠢᠨᠠᠷ ᠢ ᠨᠤᠲᠠᠯᠠᠬᠤ ᠳᠤ ᠬᠤᠯᠪᠣᠭᠳᠠᠳᠠᠭ ᠢᠶᠠᠷ ᠪᠠᠷᠠᠬᠤ ᠦᠭᠡᠢ᠂ ᠪᠠᠰᠠ ᠲᠩᠷᠢ ᠭᠠᠵᠠᠷ ᠲᠦᠮᠡᠨ ᠪᠣᠳᠠᠰ᠂ ᠬᠥᠮᠦᠨ ᠤ ᠰᠡᠳᠬᠢᠯ | ᠵᠠᠩ ᠵᠠᠩᠰᠢᠯ ᠴᠦᠮ ᠬᠠᠭᠠᠨ ᠡᠵᠡᠨ ᠳᠤ ᠵᠠᠬᠢᠷᠤᠬᠳᠠᠬᠤ ᠶᠢ ᠵᠢᠭᠠᠵᠤ᠂ ᠲᠡᠷᠡᠴᠢᠯᠡᠨ ᠲᠤᠰ ᠲᠤᠰ ᠤᠨ ᠠᠮᠢ ᠨᠠᠰᠤ᠂ ᠡᠶ᠎ᠡ ᠵᠣᠬᠢᠴᠠᠩᠭᠤᠢ ᠡᠷᠭᠢᠯᠲᠡ ᠶᠢᠨ ︽ᠨᠢᠭᠡ ᠳᠤ | ᠲᠤᠠᠠᠳᠠᠭᠠᠳᠠᠭ︾ ᠢ ᠵᠢᠭᠠᠵᠤ ᠪᠤᠢ︔ ᠪᠠᠶᠢᠭᠠᠯᠢ ᠪᠠ ᠬᠦᠮᠤᠨ ᠨᠢᠭᠡᠳᠦᠯᠳᠡᠢ᠂ ᠤᠯᠤᠰ ᠭᠡᠷ ᠤᠨ ᠪᠦᠲᠦᠴᠡ ᠨᠢᠭᠡᠳᠡᠢ ᠪᠠᠶᠢᠬᠰᠠᠨ ᠤᠯᠠᠮᠵᠢᠯᠠᠯᠲᠤ ᠳᠤᠮᠳᠠᠳᠤ ᠤᠯᠤᠰ ᠲᠤ᠂ | ᠡᠨᠡ ᠨᠢ ᠵᠥᠪᠬᠡᠨ ᠴᠠᠭᠠᠰᠤᠨ ᠳᠡᠭᠡᠷᠡᠬᠢ ᠰᠣᠩᠭᠤᠳᠠᠭ ᠥᠭᠦᠯᠡᠯᠲᠡ ᠪᠤᠶᠤ ᠶᠣᠰᠣ ᠰᠤᠷᠲᠠᠬᠤᠨ ᠤ ᠬᠦᠰᠡᠯᠡᠩ ᠲᠡᠳᠤᠢ ᠪᠢᠰᠢ᠂ ᠬᠠᠷᠢᠨ ᠦᠢᠯᠡᠳᠦᠯᠭᠡ ᠳᠤ ᠨᠡᠩ | ᠢᠯᠡᠬᠦᠦ ᠨᠠᠶᠢᠳᠠᠪᠤᠷᠢᠵᠢᠭᠤᠯᠤᠠᠠᠳᠠᠵᠤ ᠪᠠᠶᠢᠵᠠᠢ᠃ ᠭᠠᠭᠴᠠ ᠬᠦ ᠢᠩᠭᠢᠮᠠᠠᠵᠢᠨ ᠰᠠᠶ᠋ᠢ ᠠᠷᠠᠳ ᠤᠨ ᠰᠤᠷᠲᠠᠯ ᠪᠣᠷᠣᠭᠵᠢᠭᠤᠨ᠂ ᠲᠡᠯᠡᠭᠡᠢ ᠳ᠋ᠡᠬᠢᠨ ᠠᠮᠤᠷ ᠲᠠᠶᠢᠪᠤᠡᠭ ᠪᠠᠶᠢᠵᠤ | ᠴᠢᠳᠠᠨ᠎ᠠ ᠭᠡᠳᠡᠭ᠃ ︽ᠶᠡᠭᠡ ᠨᠢᠭᠡᠳᠦᠯ︾ ᠢ ᠣᠶᠢᠯᠠᠭᠠᠬᠤ ᠳᠤ ᠵᠥᠪᠬᠡᠨ ︽ᠪᠣᠳᠠᠲᠠᠢ︾ ᠲᠠᠯ᠎ᠠ ᠠᠴᠠ ᠨᠢ ᠠᠪᠴᠤ ᠦᠵᠡᠭᠡᠳ ᠪᠤᠯᠬᠤ ᠦᠭᠡᠢ᠂ ᠨᠡᠩ ᠴᠤ ᠲᠡᠭᠦᠨ ᠳᠤ | ᠠᠭᠤᠯᠤᠬᠳᠠᠵᠤ ᠪᠠᠶᠢᠭ᠎ᠠ ᠥᠷᠥᠨᠡᠳᠠᠬᠢᠨ ᠲᠠᠢ ᠠᠳᠠᠯᠢ ᠪᠤᠰᠤ ᠰᠡᠳᠬᠢᠬᠦᠢ ᠶᠢᠨ ᠠᠷᠭ᠎ᠠ ᠮᠠᠶ᠋ᠢᠭ ᠪᠠ ᠦᠢᠯᠡᠳᠦᠯᠭᠡ ᠶᠢᠨ ᠯᠣᠭᠢᠭ ᠢ ᠠᠩᠬᠠᠷᠬᠤ ᠬᠡᠷᠡᠭᠲᠡᠢ᠃ ᠡᠨᠡ ᠪᠣᠯ | ᠨᠢᠭᠡ ᠵᠦᠢᠯ ᠤᠨ ᠬᠡᠶᠢᠰᠪᠦᠷᠢ ᠪᠠ ᠪᠣᠳᠠᠲᠠᠢ ᠶᠢ ᠨᠢᠭᠡᠳᠬᠡᠭᠰᠡᠨ᠂ ᠬᠥᠳᠡᠯᠦᠩᠭᠦᠢ ᠪᠠᠷ ᠢᠯᠡᠷᠡᠭᠰᠡᠨ ᠤᠯᠤᠰ ᠲᠦᠷᠦ ᠰᠣᠶᠣᠯ ᠤᠨ ᠦᠵᠡᠭᠳᠡᠯ ᠮᠥᠨ᠃ ᠲᠡᠭᠦᠨ ᠢ ᠶᠡᠭᠡ | ᠲᠥᠯᠥᠪ ᠳᠣᠣᠷᠠᠬᠢ ᠲᠦᠷᠪᠡᠨ ᠲᠠᠯ᠎ᠠ ᠠᠴᠠ ᠣᠶᠢᠯᠠᠭᠠᠵᠤ ᠪᠣᠯᠤᠨ᠎ᠠ᠄ | ᠡᠩ ᠲᠡᠷᠢᠭᠦᠨ ᠳᠤ᠂ ︽ᠶᠡᠭᠡ ᠨᠢᠭᠡᠳᠦᠯ︾ ᠪᠣᠯ ᠳᠤᠮᠳᠠᠳᠤ ᠤᠯᠤᠰ ᠤᠨ ᠡᠷᠲᠡᠨ ᠤ ᠲᠦᠷᠦ ᠱᠠᠰᠢᠨ ᠤ ᠬᠠᠷᠢᠴᠠᠭᠠᠨ ᠤ ᠡᠬᠢᠯᠡᠯᠲᠡ ᠮᠥᠨ᠃ ︽ᠠᠷᠪᠠᠨ ᠭᠤᠷᠪᠠᠨ | ᠨᠤᠮ ᠤᠨ ᠲᠠᠶᠢᠯᠪᠤᠷᠢ · ᠴᠦᠨ ᠴᠢᠦ ᠶᠢᠨ ᠬᠥᠩ ᠶᠠᠩ ᠤᠨ ᠱᠠᠰᠳᠢᠷ ᠤᠨ ᠲᠠᠶᠢᠯᠪᠤᠷᠢ︾ ᠳᠤ ᠲᠡᠮᠳᠡᠭᠯᠡᠭᠰᠡᠨ ᠢ ᠦᠨᠳᠦᠰᠦᠯᠡᠪᠡᠯ᠄ ︽ᠨᠣᠶᠠᠷᠬᠠᠭᠴᠢ ᠬᠡᠮᠡᠭᠴᠢ ᠪᠤᠯ | ᠵᠠᠷᠯᠢᠭ ᠬᠦᠯᠢᠶᠡᠯᠭᠡᠨ ᠲᠦᠷᠢᠮ ᠵᠢᠷᠤᠮ ᠳᠤ ᠦᠭᠡᠷᠡᠴᠢᠯᠡᠯᠳᠡ ᠬᠢᠵᠦ᠂ ᠵᠠᠰᠠᠭ ᠶᠠᠪᠤᠭᠤᠯᠤᠨ ᠳᠡᠯᠡᠬᠡᠶ ᠳ᠋ᠠᠬᠢᠨ ᠳᠤᠷ ᠬᠥᠮᠦᠵᠢᠯ ᠬᠦᠷᠲᠡᠭᠡᠮᠦᠢ᠂ ᠬᠥᠩ ᠾᠧᠦ ᠠᠴᠠ | ᠠᠪᠤᠭᠠᠳ ᠡᠭᠡᠯ ᠠᠷᠠᠳ ᠲᠤ ᠬᠦᠷᠲᠡᠯ᠎ᠡ᠂ ᠠᠭᠤᠯᠠ ᠤᠰᠤᠨ ᠠᠴᠠ ᠠᠪᠤᠭᠠᠳ ᠡᠪᠡᠰᠦ ᠮᠣᠳᠣ ᠬᠤᠷᠤᠬᠠᠢ ᠰᠢᠪᠠᠵᠢ ᠳᠤ ᠬᠦᠷᠲᠡᠯ᠎ᠡ ᠠᠯᠢ ᠨᠢ ᠴᠤ ᠭᠡᠳ ᠴᠦᠮ | ᠴᠠᠭᠠᠨ ᠰᠠᠷ᠎ᠠ ᠯᠤᠭ᠎ᠠ ᠬᠠᠷᠢᠴᠠᠭ᠎ᠠ ᠬᠤᠯᠪᠤᠭ᠎ᠠ ᠲᠠᠢ ᠪᠦᠯᠦᠭᠡ︾ ᠬᠡᠵᠡᠢ᠃ ᠡᠨᠡ ᠦᠭᠡ ᠪᠤᠯ ᠬᠠᠮᠤᠭ ᠤᠨ ᠳᠡᠭᠡᠳᠦ ᠨᠣᠶᠠᠷᠬᠠᠭᠴᠢᠳ ᠪᠤᠯ ᠲᠡᠭᠷᠢ ᠪᠠ ᠬᠥᠮᠦᠨ ᠤ | ᠨᠢᠭᠡᠳᠦᠯ ᠤᠨ ᠣᠶᠢᠯᠠᠭᠠᠭᠳᠠᠬᠤᠨ ᠢ ᠦᠨᠳᠦᠰᠦᠯᠡᠵᠤ᠂ ᠥᠷᠭᠡᠨ ᠠᠭᠤᠳᠠᠮ ᠣᠷᠣᠨ ᠵᠠᠶ ᠳᠤ ᠴᠠᠭ ᠤᠨ ᠲᠠᠷᠠᠭᠠᠯᠠᠯ ᠢ ᠲᠣᠬᠢᠷᠠᠭᠤᠯᠵᠤ᠂ ᠲᠩᠷᠢ ᠶᠢᠨ ᠶᠤᠰᠤ ᠶᠢ | ᠳᠠᠭᠠᠬᠰᠠᠨ ᠳᠦᠷᠢᠮ ᠪᠠ ᠵᠠᠰᠠᠭ ᠤᠨ ᠵᠠᠷᠯᠢᠭ ᠢ ᠶᠠᠪᠤᠭᠤᠯᠵᠤ᠂ ᠳᠡᠯᠡᠬᠡᠶ ᠳ᠋ᠡᠬᠢᠨ ᠤ ᠠᠵᠢᠯᠯᠠᠭ᠎ᠠ ᠶᠢ ᠵᠤᠬᠢᠴᠠᠭᠤᠯᠵᠤ᠂ ᠲᠩᠷᠢ᠂ ᠭᠠᠵᠠᠷ᠂ ᠬᠥᠮᠦᠨ ᠭᠤᠷᠪᠠ ᠶᠢ | ᠨᠢᠭᠡᠳᠦᠬᠦᠯᠬᠦ ᠶᠠᠪᠤᠳᠠᠯ ᠪᠤᠯᠤᠨ᠎ᠠ ᠭᠡᠰᠡᠨ ᠤᠤᠠᠬ᠎ᠠ ᠲᠠᠢ᠃ ᠥᠭᠡᠷ᠎ᠡ ᠪᠠᠷ ᠬᠡᠯᠡᠪᠡᠯ᠂ ᠣᠷᠴᠢᠯᠠᠩ ᠤᠨ ᠡᠮᠬᠢ ᠵᠢᠷᠤᠮ ᠢᠶᠠᠷ ᠬᠥᠮᠦᠨ ᠤ ᠶᠢᠷᠲᠢᠨᠴᠦ ᠶᠢᠨ ᠡᠮᠬᠢ ᠵᠢᠷᠤᠮ ᠢ | ᠲᠣᠬᠢᠷᠠᠭᠤᠯᠵᠤ᠂ ᠬᠥᠮᠦᠨ ᠤ ᠶᠢᠷᠲᠢᠨᠴᠦ ᠶᠢᠨ ᠡᠮᠬᠢ ᠵᠢᠷᠤᠮ ᠢᠶᠠᠷ ᠣᠷᠴᠢᠯᠠᠩ ᠤᠨ ᠡᠮᠬᠢ ᠵᠢᠷᠤᠮ ᠢ ᠢᠯᠡᠷᠡᠭᠦᠯᠬᠦ ᠶᠠᠪᠤᠳᠠᠯ ᠪᠤᠯᠤᠨ᠎ᠠ᠂ ᠤᠯᠤᠰ ᠲᠥᠷᠥ ᠶᠢᠨ ᠵᠠᠷᠯᠢᠭ | ᠬᠢᠭᠡᠳ ᠶᠣᠰᠣ ᠰᠤᠷᠲᠠᠬᠤᠨ ᠤ ᠬᠥᠮᠦᠵᠢᠯ ᠢ ᠦᠵᠡᠬᠦ ᠳᠤ ᠠᠳᠠᠯᠢ ᠪᠤᠰᠤ ᠪᠠᠶᠢᠳᠠᠭ ᠪᠣᠯᠪᠠᠴᠤ ᠦᠨᠡᠨ ᠳᠤ ᠪᠠᠨ ᠬᠤᠭᠤᠷᠤᠡᠳᠤ ᠪᠠᠨ ᠠᠳᠠᠯᠢᠬᠠᠨ ᠬᠠᠷᠢᠴᠠᠭ᠎ᠠ ᠲᠠᠢ | ᠪᠠᠶᠢᠳᠠᠭ᠂ ᠡᠨᠡ ᠪᠤᠯ ᠤᠯᠠᠮᠵᠢᠯᠠᠯᠲᠤ ᠲᠥᠷᠥ ᠱᠠᠰᠢᠨ ᠤ ᠬᠠᠷᠢᠴᠠᠭ᠎ᠠ ᠶᠢᠨ ᠦᠨᠳᠦᠰᠦᠨ ᠡᠭᠦᠰᠦᠯᠲᠡ ᠪᠣᠯᠤᠨ᠎ᠠ᠃ | | ▲ᠴᠢᠩ ᠤᠯᠤᠰ ᠤᠨ ᠦᠶ᠎ᠡ ᠶᠢᠨ ︽ᠠᠷᠪᠠᠨ ᠭᠤᠷᠪᠠᠨ ᠰᠤᠳᠤᠷ ᠤᠨ ᠲᠠᠶᠢᠯᠪᠤᠷᠢ︾ ︵ᠴᠢᠩ ᠤᠯᠤᠰ︶ ᠷᠤᠸᠠᠨ ᠶᠤᠸᠠᠨ ᠵᠣᠬᠢᠶᠠᠪᠠ᠂ ᠴᠢᠩ ᠤᠯᠤᠰ ᠤᠨ | ᠰᠠᠶᠢᠰᠢᠶᠠᠯᠲᠤ ᠢᠷᠥᠭᠡᠯᠲᠦ ︵1796 —1820︶ ᠶᠢᠨ ᠬᠡᠪᠯᠡᠯ᠃ ︵ᠵᠢᠷᠤᠭ ᠨᠢ ᠰᠦᠯᠵᠢᠶ᠎ᠡ ᠠᠴᠠ ᠢᠷᠡᠯᠲᠡ ᠲᠠᠢ︶ | ᠲᠠᠷᠠᠭᠠᠯᠠᠪᠠᠯ᠂ ︽ᠶᠡᠭᠡ ᠨᠢᠭᠡᠳᠦᠯ︾ ᠳᠤ ︽ᠨᠤᠶᠠᠷᠬᠠᠬᠴᠢ ᠶᠢ ᠪᠠᠭᠳᠠᠭᠠᠬᠤ︾ ᠶᠢ ᠰᠠᠨᠠᠭᠠᠴᠢᠯᠠᠳᠠᠭ ᠨᠢ ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨ | ᠯᠦᠭᠡ ᠶᠢᠨ ᠬᠤᠶᠠᠷ ᠡᠰᠢᠲᠦ ᠡᠰᠡᠷᠭᠦᠴᠡᠯᠳᠦᠯ ᠢ ᠲᠠᠪᠠᠵᠠᠢ᠃ ᠴᠦᠨ ᠴᠢᠦ ᠶᠢᠨ ᠬᠥᠩ ᠶᠠᠩ ᠤᠨ ᠰᠤᠷᠭᠠᠯ ᠳᠤ ᠬᠢᠳᠡᠳ ᠦᠨᠳᠦᠰᠦᠳᠡᠨ ᠪᠠ ᠪᠤᠰᠤᠤᠨ | ᠦᠨᠳᠦᠰᠦᠳᠡᠨ ᠤ ᠢᠯᠭᠠᠭ᠎ᠠ ᠶᠢ ᠴᠢᠬᠤᠯᠠᠴᠢᠯᠠᠬᠰᠠᠨ ᠪᠠᠶᠢᠳᠠᠭ ᠪᠦᠭᠡᠳ ᠪᠠᠰᠠ ᠡᠨᠡ ᠬᠤᠶᠠᠷ ᠤᠨ ᠬᠤᠭᠤᠷᠤᠨᠳᠤᠬᠢ ᠤᠯᠠᠷᠢᠯ ᠬᠤᠪᠢᠷᠠᠯ ᠢ ᠴᠢᠬᠤᠯᠠᠴᠢᠯᠠᠵᠤ᠂ ᠬᠢᠳᠡᠳ | ᠦᠨᠳᠦᠰᠦᠳᠡᠨ ᠪᠠ ᠪᠤᠰᠤᠤᠨ ᠦᠨᠳᠦᠰᠦᠳᠡᠨ ᠤ ᠢᠯᠭᠠᠭ᠎ᠠ ᠪᠤᠯ ︽ᠶᠣᠰᠣ︾ ᠪᠠᠶᠢᠬᠤ ᠡᠰᠡᠬᠦ ᠳᠤ ᠪᠠᠶᠢᠳᠠᠭ ᠠᠴᠠ ᠪᠢᠰᠢ᠂ ᠬᠠᠷᠢᠨ ᠭᠠᠵᠠᠷ ᠵᠦᠶ᠂ ᠠᠷᠠᠰᠤᠲᠠᠨ ᠶᠠᠰᠤᠳᠠᠨ | ᠪᠤᠶᠤ ᠰᠣᠶᠣᠯ ᠤᠨ ᠬᠡᠯᠪᠡᠷᠢ ᠪᠠᠶᠢᠳᠠᠯ ᠪᠠ ᠠᠮᠢᠳᠤᠷᠠᠯ ᠤᠨ ᠠᠷᠭ᠎ᠠ ᠮᠠᠶ᠋ᠢᠭ ᠲᠤ ᠪᠠᠶᠢᠳᠠᠭ ᠥᠬᠡᠶ ᠭᠡᠵᠦ ᠦᠵᠡᠪᠡ᠃ ᠡᠨᠡ ᠬᠦ ︽ᠶᠣᠰᠣ︾ ᠭᠡᠳᠡᠭ ᠢ ᠨᠠᠩ | ᠲᠤᠳᠤᠷᠠᠭᠤᠯᠤᠨ ᠬᠡᠯᠡᠪᠡᠯ᠂ ᠺᠦᠩᠽᠢ ᠶᠢᠨ ᠰᠤᠷᠭᠠᠯᠲᠠᠨ ᠢᠶᠠᠷ ᠭᠤᠤᠯ ᠪᠣᠯᠭᠠᠭᠰᠠᠨ ᠳᠤᠮᠳᠠᠳᠤ ᠤᠯᠤᠰ ᠤᠨ ᠤᠯᠠᠮᠵᠢᠯᠠᠯᠲᠤ ᠰᠣᠶᠣᠯ ᠪᠣᠯᠤᠨ᠎ᠠ᠂ ᠡᠭᠦᠨ ᠤ ᠤᠯᠠᠮ ᠠᠴᠠ | ᠪᠤᠰᠤᠤᠨ ᠦᠨᠳᠦᠰᠦᠳᠡᠨ ᠨᠦᠭᠦᠳ ᠬᠡᠷᠪᠡ ᠳᠤᠮᠳᠠᠳᠤ ᠣᠷᠣᠨ ᠳᠤ ᠤᠷᠤᠵᠤ ᠢᠷᠡᠵᠦ᠂ ᠮᠦᠨ ᠳᠤᠮᠳᠠᠳᠤ ᠶᠢᠨ ᠰᠣᠶᠣᠯ ᠢᠶᠠᠷ ᠸᠠᠩᠲᠤ ᠲᠥᠷᠥ ᠶᠢᠨ ᠢᠶᠠᠨ ᠲᠥᠷᠥ | ᠱᠠᠰᠢᠨ ᠤ ᠭᠤᠤᠯᠳᠠᠯᠭ᠎ᠠ ᠪᠤᠯᠭᠠᠬᠤ ᠳᠤ ᠬᠦᠷᠪᠡᠯ᠂ ᠪᠤᠰᠤᠤᠨ ᠦᠨᠳᠦᠰᠦᠳᠡᠨ ᠨᠦᠭᠦᠳ ᠴᠤ ᠲᠤᠮᠳᠠᠳᠤ ᠶᠢᠨ ᠬᠢ ᠪᠤᠯᠤᠨ᠎ᠠ︔ ᠡᠭᠦᠨ ᠤ ᠡᠰᠡᠷᠭᠦ ᠪᠠᠷ᠂ ᠬᠢᠳᠡᠳ | ᠦᠨᠳᠦᠰᠦᠳᠡᠨ ᠬᠡᠷᠪᠡ ᠳᠤᠮᠳᠠᠳᠤ ᠶᠢᠨ ᠰᠣᠶᠣᠯ ᠢ ᠲᠠᠶᠠᠭᠳᠠᠵᠦ᠂ ᠪᠤᠰᠤᠤᠨ ᠦᠨᠳᠦᠰᠦᠳᠡᠨ ᠨᠦᠭᠦᠳ ᠢ ᠲᠠᠭᠠᠬᠤ ᠳᠤ ᠬᠦᠷᠪᠡᠯ᠂ ᠬᠢᠳᠡᠳ ᠦᠡᠳᠦᠰᠦᠳᠡᠨ ᠴᠤ | ᠪᠤᠰᠤᠤᠨ ᠦᠨᠳᠦᠰᠦᠳᠡᠨ ᠪᠤᠯᠵᠤ ᠬᠤᠪᠢᠷᠠᠨ᠎ᠠ ᠭᠡᠵᠦ ᠦᠵᠡᠵᠡᠢ᠃ ᠴᠦᠨ ᠴᠢᠦ ᠶᠢᠨ ᠬᠥᠩ ᠶᠠᠩ ᠤᠨ ᠰᠤᠷᠭᠠᠯ ᠳᠤ ᠪᠠᠰᠠ ︽ᠰᠠᠨ ᠱᠢ ᠭᠤᠷᠪᠠᠳᠤᠭᠠᠷ ᠦᠶ᠎ᠡ ᠶᠢᠨ | ᠰᠤᠷᠭᠠᠯ︾ ᠢ ᠦᠨᠳᠦᠰᠦᠯᠡᠨ ︽ᠬᠢᠳᠡᠳ ᠦᠨᠳᠦᠰᠦᠳᠡᠨ︾ ᠪᠠ ︽ᠪᠤᠰᠤᠤᠨ ᠦᠨᠳᠦᠰᠦᠳᠡᠨ︾ ᠢ ᠴᠤ ︽ᠰᠠᠮᠠᠭᠤᠨ ᠴᠠᠭ︾᠂ ︽ᠠᠮᠤᠷ ᠲᠠᠶᠢᠪᠤᠩ ᠳᠤ ᠲᠡᠪᠰᠢᠬᠤ ᠴᠠᠭ︾᠂ | ︽ᠡᠩᠬᠡ ᠲᠦᠪᠰᠢᠨ ᠴᠠᠭ︾ ᠭᠡᠵᠦ ᠬᠦᠳᠡᠯᠦᠩᠭᠦᠢ ᠪᠠᠶᠢᠳᠠᠯ ᠤᠨ ᠬᠤᠪᠢᠷᠠᠯᠲᠠ ᠶᠢᠨ ᠪᠣᠷᠣ ᠲᠥᠯᠥᠪ ᠲᠤ ᠣᠷᠣᠭᠤᠯᠵᠤ᠂ ᠬᠠᠮᠤᠭ ᠤᠨ ᠡᠴᠦᠰ ᠲᠤ ︽ᠪᠤᠰᠤᠤᠨ | ᠦᠨᠳᠦᠰᠦᠳᠡᠨ ᠢ ᠬᠡᠷᠭᠡᠮᠲᠡᠨ ᠤ ᠵᠡᠷᠭᠡ ᠳᠤ ᠲᠡᠪᠰᠢᠬᠦᠯᠵᠦ ᠪᠤᠯᠤᠨ᠎ᠠ᠂ ᠳᠡᠯᠡᠬᠡᠶ ᠳ᠋ᠠᠬᠢᠨ ᠳᠤ ᠬᠤᠯᠠ ᠣᠶᠢᠷ᠎ᠠ ᠶᠡᠭᠡ ᠪᠠᠭ᠎ᠠ ᠶᠢᠨ ᠢᠯᠭᠠᠯ ᠦᠭᠡᠢ ᠠᠳᠠᠯᠢ ᠪᠠᠶᠢᠬᠤ︾ | ᠬᠦᠰᠡᠯᠡᠩᠳᠦ ᠪᠠᠶᠢᠳᠠᠯ ᠳᠤ ᠤᠷᠤᠭᠤᠯᠬᠤ ᠪᠠᠷ ᠬᠦᠰᠡᠮᠵᠢᠯᠡᠵᠡᠢ᠃ ᠢᠩᠭᠢᠭᠡᠳ ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨ ᠢ ᠴᠦᠮ ︽ᠶᠡᠭᠡ ᠨᠢᠭᠡᠳᠦᠯ︾ ᠤᠨ | ᠤᠯᠤᠰ ᠲᠥᠷᠥ ᠶᠢᠨ ᠡᠮᠬᠢ ᠲᠢᠭᠯᠢᠮ ᠳᠤ ᠬᠠᠮᠲᠤ ᠳᠤ ᠨᠢ ᠬᠠᠮᠤᠷᠤᠨ ᠤᠷᠤᠭᠤᠯᠵᠤ᠂ ᠣᠷᠴᠢᠨ ᠦᠶ᠎ᠡ ᠶᠢᠨ ᠦᠨᠳᠦᠰᠦᠲᠡᠨ ᠤ ᠦᠵᠡᠯ ᠠᠴᠠ ᠢᠯᠭᠠᠭᠳᠠᠬᠤ ᠤᠯᠤᠰ | ᠲᠥᠷᠥ ᠶᠢᠨ ᠲᠥᠰᠦᠪᠯᠡᠯ ᠪᠠ ᠤᠯᠤᠰ ᠤᠨ ᠬᠡᠪ ᠵᠠᠭᠪᠤᠷ ᠢ ᠢᠯᠡᠷᠡᠭᠦᠯᠵᠠᠢ᠃ | | ▲ᠤᠮᠠᠷᠠᠲᠤ ᠸᠧᠶ ᠤᠯᠤᠰ ᠤᠨ ᠰᠢᠶᠤᠤ ᠸᠧᠨ ᠳ᠋ᠢ ᠲᠣᠪᠠ ᠬᠤᠩ ᠬᠠᠭᠠᠨ ᠤ ᠱᠤᠭᠤᠮᠠᠯ ᠬᠥᠷᠥᠭ᠃ ᠰᠢᠶᠤᠤ ᠸᠧᠨ ᠳ᠋ᠢ ᠬᠠᠭᠠᠨ ᠨᠡᠶᠢᠰᠯᠡᠯ ᠢᠶᠠᠨ ᠯᠦᠸᠧᠶᠠᠩ | ᠳᠤ ᠨᠡᠭᠦᠯᠭᠡᠵᠦ᠂ ᠠᠯᠪᠠᠨ ᠳᠦᠷᠢᠮ ᠢ ᠥᠭᠡᠷᠡᠴᠢᠯᠡᠵᠦ᠂ ᠬᠡᠪ ᠵᠠᠩᠰᠢᠯ ᠢ ᠥᠭᠡᠷᠡᠴᠢᠯᠡᠨ ᠬᠢᠲᠠᠳᠴᠢᠯᠠᠵᠤ᠂ ᠤᠮᠠᠷᠠᠲᠤ ᠶᠢᠨ ᠡᠯ᠎ᠡ ᠦᠨᠳᠦᠰᠦᠲᠡᠨ ᠤ ᠠᠭᠤᠰᠤᠯᠴᠠᠯ ᠢ | ᠠᠬᠢᠭᠤᠯᠪᠠ᠃ ︵ᠵᠢᠷᠤᠭ ᠪᠣᠯ ᠰᠦᠯᠵᠢᠶ᠎ᠡ ᠠᠴᠠ ᠢᠷᠡᠯᠲᠡ ᠲᠠᠢ︶ | ᠭᠤᠷᠪᠠᠳᠤᠭᠠᠷ ᠲᠤ᠂ ︽ᠶᠡᠭᠡ ᠨᠢᠭᠡᠳᠦᠯ︾ ᠤᠨ ᠬᠢᠯᠢ ᠬᠢᠵᠠᠭᠠᠷ ᠣᠷᠣᠨ ᠢ ᠥᠷᠭᠡᠳᠬᠡᠬᠦ ᠱᠠᠭᠠᠷᠳᠠᠯᠭ᠎ᠠ ᠪᠠ ᠶᠣᠰᠣ ᠮᠣᠷᠠᠯ ᠤᠨ ᠥᠷᠲᠡᠭ ᠤᠨ ᠪᠦᠳᠦᠴᠡ ᠨᠢ | ᠠᠳᠠᠯᠢ ᠶᠤᠮ᠃ ︽ᠶᠡᠭᠡ ᠨᠢᠭᠡᠳᠦᠯ︾ ᠪᠤᠯ ᠥᠷᠭᠡᠨ ᠠᠭᠤᠳᠠᠮ ᠨᠤᠲᠤᠭ ᠳᠡᠪᠢᠰᠬᠡᠷ ᠢ ᠨᠣᠶᠠᠷᠬᠠᠬᠤ ᠶᠢ ᠱᠠᠭᠠᠷᠳᠠᠳᠠᠭ᠂ ᠭᠡᠪᠡᠴᠦ ᠡᠨᠡ ᠨᠢ ᠭᠠᠳᠠᠭᠰᠢ ᠲᠦᠷᠢᠬᠦ | ᠦᠵᠡᠯ ᠤᠨ ᠤᠯᠵᠠᠷᠬᠠᠬᠤ ᠣᠪᠣᠷ ᠲᠠᠢ ᠠᠳᠠᠯᠢ ᠦᠭᠡᠢ ᠶᠤᠮ᠃ ᠴᠢᠨ᠂ ᠶᠢᠨ᠂ ᠰᠦᠶ ᠵᠡᠷᠭᠡ ᠤᠯᠤᠰ ᠨᠢ ᠬᠡᠳᠦ᠋ᠢᠪᠡᠷ ᠳᠡᠯᠡᠬᠡᠶ ᠳ᠋ᠠᠬᠢᠨ ᠢ ᠨᠢᠭᠡᠳᠬᠡᠵᠦ ᠴᠢᠳᠠᠬᠰᠠᠨ | ᠪᠣᠯᠪᠠᠴᠤ ︽ᠡᠵᠡᠷᠬᠡᠭ ᠶᠣᠰᠣ︾ ᠶᠢ ᠡᠷᠬᠢᠮᠯᠡᠵᠦ᠂ ᠥᠷᠥᠰᠢᠶᠡᠯ ᠵᠢᠷᠤᠮ ᠢᠶᠠᠷ ᠳᠡᠯᠡᠬᠡᠶ ᠳ᠋ᠠᠬᠢᠨ ᠢ ᠵᠠᠰᠠᠬᠰᠠᠨ ᠦᠭᠡᠶ ᠪᠤᠯᠬᠤᠷ ᠮᠠᠰᠢ ᠲᠦᠷᠭᠡᠨ ᠮᠦᠬᠦᠯ ᠤᠨ ᠬᠤᠪᠢ | ᠵᠠᠶᠠᠭ᠎ᠠ ᠳᠤ ᠤᠨᠠᠵᠠᠢ︔ ᠭᠠᠭᠴᠠ ᠬᠦ ᠥᠷᠥᠰᠢᠶᠡᠯᠲᠦ ᠵᠠᠰᠠᠭ ᠶᠠᠪᠤᠭᠤᠯᠵᠤ᠂ ᠠᠷᠠᠳ ᠢᠶᠠᠨ ᠬᠠᠶᠢᠷᠠᠯᠠᠨ ᠠᠷᠠᠳ ᠢᠶᠠᠨ ᠲᠡᠳᠬᠦᠪᠡᠯ ᠰᠠᠶ᠋ᠢ ᠤᠯᠤᠰ ᠣᠷᠣᠨ ᠤᠷᠲᠤ | ᠤᠳᠠᠭᠠᠨ ᠦᠷᠭᠦᠯᠵᠢᠯᠡᠨ ᠤᠷᠤᠰᠢᠨ ᠲᠤᠠᠠᠳᠠᠨᠢᠵᠤ᠂ ︽ᠲᠦᠪ ᠤᠳᠤᠮᠰᠢᠯ︾ ᠪᠦᠬᠦᠢ ︽ᠶᠡᠭᠡ ᠨᠢᠭᠡᠳᠦᠯ︾ ᠤᠨ ᠸᠠᠩᠲᠤ ᠲᠥᠷᠥ ᠶᠢ ᠴᠤᠬᠴᠠᠯᠠᠵᠤ ᠴᠢᠳᠠᠨ᠎ᠠ᠃ | ᠨᠢᠭᠡᠳᠦᠬᠦᠯᠬᠦ ᠭᠠᠪᠢᠶ᠎ᠠ ᠵᠢᠳᠬᠦᠯ ᠢ ᠣᠨᠴᠠᠭᠠᠶᠢᠯᠠᠨ ᠴᠢᠬᠤᠯᠠᠴᠢᠯᠠᠳᠠᠭ ᠴᠢᠩ ᠤᠯᠤᠰ ᠨᠢ ᠴᠤ ᠮᠦᠨ ᠵᠡᠪᠰᠡᠭ ᠤᠨ ᠭᠠᠪᠢᠶ᠎ᠠ ᠵᠢᠤᠡᠬᠦᠯ ᠢ ᠴᠢᠬᠤᠯᠠᠴᠢᠯᠠᠬᠤ ᠪᠠᠷ ᠦᠯᠦ | ᠪᠠᠷᠠᠮ ᠬᠢᠯᠢ ᠬᠢᠵᠠᠭᠠᠷ ᠢᠶᠠᠨ ᠨᠡᠭᠡᠭᠡᠵᠦ ᠨᠤᠲᠤᠭ ᠳᠡᠪᠢᠰᠬᠡᠷ ᠢᠶᠠᠨ ᠥᠷᠭᠡᠳᠬᠡᠬᠦ ᠶᠠᠪᠤᠳᠠᠯ ᠢ ︽ᠲᠡᠯᠡᠭᠡᠢ ᠳ᠋ᠠᠬᠢᠨ ᠢ ᠲᠦᠪᠯᠡᠨ ᠪᠠᠶᠢᠷᠢᠯᠠᠵᠤ᠂ ᠲᠡᠭᠷᠢ ᠶᠢᠨ ᠲᠤᠤᠷᠠᠬᠢ ᠶᠢ | ᠨᠢᠭᠡᠨ ᠰᠠᠤᠡᠬᠢᠮᠤᠢ︾ ᠭᠡᠵᠦ ᠨᠡᠷ᠎ᠡ ᠲᠦᠷᠤ ᠪᠠᠶᠢᠭᠤᠯᠬᠤ ᠶᠢ ᠰᠤᠷᠲᠠᠯᠴᠢᠯᠠᠳᠠᠭ ᠪᠠᠶᠢᠵᠠᠢ᠃ ᠡᠶᠢᠮᠦ ᠠᠴᠠ ︽ᠶᠡᠭᠡ ᠨᠢᠭᠡᠳᠦᠯ︾ ᠢ ᠪᠠᠶᠢᠭᠤᠯᠬᠤ ᠪᠠ ᠬᠠᠮᠠᠭᠠᠯᠠᠬᠤ ᠶᠢᠨ | ᠦᠪᠡᠷ ᠤᠨ ᠬᠢᠨᠢ ᠱᠠᠭᠠᠷᠳᠠᠯᠭ᠎ᠠ ᠳᠤ ᠳᠤᠮᠳᠠᠳᠤ ᠶᠢᠨ ᠰᠦᠷ ᠬᠦᠴᠤᠡᠳᠦ ᠱᠠᠰᠢᠨ ᠤ ᠰᠤᠶᠤᠯ ᠰᠤᠷᠭᠠᠯ ᠤᠨ ᠰᠣᠶᠣᠯ ᠤᠨ ᠠᠭᠤᠯᠤᠭᠳᠠᠬᠤᠨ ᠲᠠᠢ ᠪᠠᠶᠢᠳᠠᠭ ᠠᠴᠠ | ᠳᠠᠩ ᠭᠠᠭᠴᠠ ᠵᠡᠪᠰᠡᠭᠲᠦ ᠬᠦᠴᠦᠨ ᠢᠶᠠᠷ ᠬᠢᠯᠢ ᠬᠢᠵᠠᠭᠠᠷ ᠢ ᠨᠡᠭᠡᠭᠡᠵᠦ ᠨᠤᠲᠤᠭ ᠳᠡᠪᠢᠰᠬᠡᠷ ᠢᠶᠠᠨ ᠥᠷᠭᠡᠳᠬᠡᠬᠦ ᠶᠢ ᠲᠠᠭᠠᠰᠢᠶᠠᠳᠠᠭ ᠦᠭᠡᠢ ᠪᠠᠶᠢᠵᠠᠢ ᠭᠡᠵᠦ ᠬᠡᠯᠡᠵᠦ | ᠪᠣᠯᠤᠨ᠎ᠠ᠃ | ᠳᠥᠷᠪᠡᠳᠦᠭᠡᠷ ᠲᠤ᠂ ︽ᠶᠡᠭᠡ ᠨᠢᠭᠡᠳᠦᠯ︾ ᠪᠤᠯ ᠦᠵᠡᠯ ᠰᠠᠨᠠᠭ᠎ᠠ ᠪᠤᠯᠬᠤ ᠮᠥᠷᠲᠡᠭᠡᠨ ᠦᠢᠯᠡᠳᠦᠯᠭᠡ ᠪᠤᠯᠤᠨ᠎ᠠ᠃ ︽ᠶᠡᠭᠡ ᠨᠢᠭᠡᠳᠦᠯ︾ ᠭᠡᠳᠡᠭ ᠦᠭᠡ ᠪᠤᠯ | ︽ᠳᠡᠯᠡᠬᠡᠶ ᠳ᠋ᠠᠬᠢᠨ︾ ᠪᠤᠶᠤ ︽ᠳᠤᠮᠳᠠᠳᠤ ᠤᠯᠤᠰ︾ ᠵᠡᠷᠭᠡ ︽ᠨᠡᠷ᠎ᠡ ᠦᠭᠡ︾ ᠲᠠᠢ ᠠᠳᠠᠯᠢ ᠥᠬᠡᠶ ᠶᠤᠮ᠃ ︽ᠶᠡᠭᠡ ᠨᠢᠭᠡᠳᠦᠯ︾ ᠪᠤᠯ ᠲᠥᠷᠥ ᠱᠠᠰᠢᠨ ᠤ ᠪᠤᠳᠠᠳᠤ | ᠦᠢᠯᠡᠳᠦᠯᠭᠡ ᠮᠦᠨ ᠪᠦᠭᠡᠳ ︽ᠦᠢᠯᠡ ᠦᠭᠡ︾ ᠶᠢᠨ ᠰᠢᠨᠵᠢ ᠴᠢᠨᠠᠷ ᠢᠶᠠᠷ ᠲᠡᠶᠢᠯᠦᠩᠬᠦᠢ ᠤᠤᠠᠬ᠎ᠠ ᠲᠠᠢ ᠦᠭᠡ ᠪᠤᠯᠤᠨ᠎ᠠ᠃ ᠴᠢᠩ ᠤᠯᠤᠰ ᠢᠶᠠᠷ ᠵᠢᠱᠢᠶᠡᠯᠡᠬᠦ ᠳᠤ᠂ | ᠲᠡᠬᠦᠨ ᠳᠤ ᠦᠵᠡᠯᠳᠡ ᠶᠢᠨ ᠠᠭᠤᠯᠤᠭᠳᠠᠬᠤᠨ ᠲᠠᠢ ᠮᠥᠷᠲᠡᠭᠡᠨ ᠪᠠᠰᠠ ᠳᠦᠷᠢᠮ ᠲᠣᠭᠲᠠᠭᠠᠯ᠂ ᠲᠥᠷᠥ ᠶᠢᠨ ᠪᠣᠳᠣᠯᠭ᠎ᠠ᠂ ᠳᠠᠶᠢᠨ ᠪᠠᠶᠢᠯᠳᠤᠭᠠᠨ᠂ ᠶᠣᠰᠣᠯᠠᠯ᠂ ᠮᠡᠳᠡᠯᠭᠡ᠂ | ᠪᠡᠯᠭᠡᠳᠡᠯ ᠭᠡᠬᠦ ᠮᠡᠳᠦ ᠶᠢᠨ ᠨᠢᠭᠡᠨ ᠢᠵᠢ ᠪᠦᠷᠢᠨ ᠲᠥᠬᠦᠷ ︽ᠬᠡᠶᠢᠰᠪᠦᠷᠢ︾ ᠪᠠ ︽ᠪᠣᠳᠠᠲᠠᠶ︾ ᠶᠢ ᠤᠶᠠᠯᠳᠤᠭᠤᠯᠤᠭᠰᠠᠨ ᠨᠣᠶᠠᠷᠬᠠᠯ ᠤᠨ ᠠᠷᠭ᠎ᠠ ᠬᠡᠯᠪᠡᠷᠢ ᠪᠠ | ᠵᠠᠰᠠᠯᠲᠠ ᠶᠢᠨ ᠮᠡᠷᠭᠡᠵᠢᠯ ᠢ ᠪᠠᠭᠳᠠᠭᠠᠬᠰᠠᠨ ︽ᠶᠡᠭᠡ ᠨᠢᠭᠡᠳᠦᠯ︾ ᠤᠨ ᠪᠠᠶᠢᠳᠠᠯ ᠢ ᠪᠦᠷᠢᠯᠳᠦᠭᠦᠯᠦᠭᠰᠡᠨ ᠪᠦᠬᠦ ᠡᠯᠧᠮᠧᠨ᠋ᠲ ᠤᠨ ᠶᠡᠷᠦᠩᠬᠡᠶᠢᠯᠡᠯ ᠪᠤᠯᠤᠨ᠎ᠠ᠃ ︽ᠶᠡᠭᠡ | ᠨᠢᠭᠡᠳᠦᠯ︾ ᠪᠤᠯ ᠬᠡᠶᠢᠰᠪᠦᠷᠢ ︽ᠬᠦᠰᠡᠯᠠᠩ ᠤᠨ ᠬᠡᠯᠪᠡᠷᠢ︾ ᠪᠢᠰᠢ᠂ ᠬᠠᠷᠢᠨ ᠪᠣᠳᠠᠲᠠᠢ ᠤᠯᠤᠰ ᠲᠦᠷᠦ ᠶᠢᠨ ᠠᠵᠢᠯᠯᠠᠭ᠎ᠠ ᠳᠤᠮᠳᠠ ᠲᠤᠭᠤᠰᠢᠯᠠᠬᠳᠠᠵᠤ ᠪᠠᠶᠢᠭ᠎ᠠ | ᠣᠶᠢᠯᠠᠭᠠᠭᠳᠠᠬᠤᠨ ᠮᠦᠨ ᠪᠦᠭᠡᠳ ᠪᠤᠳᠠᠳᠤ ᠠᠬᠤᠢ ᠪᠠ ᠪᠣᠳᠠᠲᠤ ᠠᠵᠢᠯᠯᠠᠭ᠎ᠠ ᠶᠢᠨ ᠳᠤᠮᠳᠠ ᠢᠯᠡᠷᠡᠬᠦᠯᠬᠦ ᠶᠢ ᠱᠠᠭᠠᠷᠳᠠᠳᠠᠭ᠃ ᠡᠶᠢᠮᠦ ᠠᠴᠠ ᠪᠢᠳᠠ ᠲᠡᠬᠦᠨ ᠢ ᠡᠷᠬᠡᠪᠰᠢ | ᠤᠯᠤᠰ ᠲᠦᠷᠦ ᠶᠢᠨ ᠦᠢᠯᠡᠳᠦᠯᠭᠡ ᠪᠠᠷ ᠣᠶᠢᠯᠠᠭᠠᠵᠤ᠂ ᠡᠷᠬᠡᠪᠰᠢ ᠦᠵᠡᠯ ᠰᠠᠨᠠᠭ᠎ᠠ ᠪᠣᠯᠤᠨ ᠤᠯᠤᠰ ᠲᠦᠷᠦ ᠶᠢᠨ ᠵᠠᠭᠠᠭ ᠢ ᠲᠠᠪᠠᠵᠤ᠂ ᠲᠡᠭᠦᠨ ᠤ ᠬᠤᠭᠤᠷᠤᠡᠳᠤ ᠶᠢᠨ | ᠬᠠᠷᠢᠯᠴᠠᠨ ᠨᠦᠯᠦᠭᠡᠯᠡᠯᠴᠡᠯ ᠢ ᠶᠡᠷᠦᠩᠬᠡᠢ ᠳᠤ ᠨᠢ ᠤᠯᠵᠤ ᠬᠠᠷᠠᠬᠤ ᠬᠡᠷᠡᠭᠲᠡᠢ᠃ | | 1708 ᠣᠨ ᠳᠤ ᠡᠩᠬᠡ ᠠᠮᠤᠭᠤᠯᠠᠩ ᠬᠠᠭᠠᠨ ᠵᠠᠷᠯᠢᠭ ᠪᠠᠭᠤᠯᠭᠠᠨ ︽ᠡᠩᠬᠡ ᠠᠮᠤᠭᠤᠯᠠᠩ ᠬᠠᠭᠠᠨ ᠤ ᠬᠢᠵᠠᠭᠠᠷ ᠤᠨ ᠪᠦᠭᠦᠳᠡ ᠲᠤᠶᠢᠮᠤ ᠵᠢᠷᠤᠭ︾ ᠢ | ᠨᠠᠶᠢᠷᠠᠭᠤᠯᠤᠨ ᠵᠢᠷᠤᠭᠤᠯᠬᠤ ᠳᠤ ᠪᠠᠨ ᠣᠳᠣᠨ ᠣᠷᠣᠨ ᠤ ᠠᠵᠢᠭᠯᠠᠯᠲᠠ ᠪᠠ ᠣᠳᠣᠨ ᠣᠷᠣᠨ ᠤ ᠭᠤᠷᠪᠠᠯᠵᠢᠨ ᠤ ᠬᠡᠮᠵᠢᠯᠲᠡ ᠶᠢᠨ ᠠᠷᠭ᠎ᠠ ᠪᠠᠷ ᠱᠠᠲᠤᠯᠵᠢᠨ | ᠲᠤᠰᠬᠠᠯᠲᠠ ᠪᠠᠷ ᠳᠥᠴᠢᠨ ᠲᠦᠮᠡᠨ ᠬᠤᠪᠢ ᠶᠢᠨ ᠨᠢᠭᠡ ᠶᠢᠨ ᠬᠠᠷᠢᠴᠠᠯ ᠢᠶᠠᠷ ᠵᠢᠷᠤᠭᠤᠯᠤᠭᠰᠠᠨ ᠪᠠᠶᠢᠳᠠᠭ᠃ ᠡᠨᠡ ᠬᠦ ᠭᠠᠵᠠᠷ ᠤᠨ ᠵᠢᠷᠤᠭ ᠲᠤ ᠵᠢᠷᠤᠭᠳᠠᠨ | ᠣᠷᠣᠭᠰᠠᠨ ᠭᠠᠵᠠᠷ ᠨᠤᠲᠤᠭ ᠤᠨ ᠬᠡᠪᠴᠢᠶ᠎ᠡ ᠶᠢ ᠵᠡᠭᠦᠨ ᠬᠤᠶᠢᠰᠢ ᠺᠦᠶᠧ ᠠᠷᠠᠯ᠂ ᠵᠡᠭᠦᠨ ᠡᠮᠦᠨᠡᠰᠢ ᠲᠠᠶᠢᠸᠠᠨ᠂ ᠪᠠᠷᠠᠭᠤᠨᠰᠢ ᠢᠯᠢ ᠭᠤᠣᠯ᠂ ᠤᠮᠠᠷᠠᠰᠢ ᠪᠠᠶᠢᠭᠠᠯ ᠨᠠᠭᠤᠷ᠂ | ᠡᠮᠦᠨᠡᠰᠢ ᠶᠠᠨᠵᠸᠤ ︵ᠣᠳᠣ ᠶᠢᠨ ᠬᠠᠶᠢᠨᠠᠨ ᠠᠷᠠᠯ︶ ᠳᠤ ᠬᠦᠷᠭᠡᠵᠡᠢ᠃ ᠡᠨᠡ ᠬᠦ ᠵᠢᠷᠤᠭ ᠢ ᠨᠠᠷᠢᠯᠢᠭ ᠵᠢᠷᠤᠭᠤᠯᠤᠭᠰᠠᠨ ᠤ ᠮᠡᠷᠭᠡᠵᠢᠯ ᠤᠬᠠᠭᠠᠨ ᠪᠣᠯ ᠴᠢᠩ ᠤᠯᠤᠰ ᠤᠨ | ᠨᠣᠶᠠᠷᠬᠠᠭᠴᠢᠳ ᠤᠨ ︽ᠶᠡᠭᠡ ᠨᠢᠭᠡᠳᠦᠯ︾ ᠢ ᠬᠡᠷᠡᠭᠵᠢᠭᠦᠯᠦᠭᠰᠡᠨ ᠤ ᠢᠯᠡᠷᠡᠯ ᠮᠥᠨ᠃ ︵ᠵᠢᠷᠤᠭ ᠤᠨ ᠢᠷᠡᠯᠲᠡ᠄ ᠲᠥᠪ ᠲᠧᠯᠸᠢᠰ ᠤᠨ ᠪᠠᠷᠢᠮᠲᠠᠲᠤ ᠺᠢᠨᠣ᠋ ︽ᠣᠷᠳᠣ ᠴᠠᠭᠠᠨ | ᠬᠡᠷᠡᠮ᠄ ᠳᠤᠮᠳᠠᠳᠤ ᠤᠯᠤᠰ ᠤᠨ ᠥᠯᠢᠭᠡᠷ︾ ᠤᠨ ᠵᠢᠷᠤᠭ︶ | ᠡᠭᠦᠨ ᠠᠴᠠ ︽ᠶᠡᠭᠡ ᠨᠢᠭᠡᠳᠦᠯ︾ ᠪᠤᠯ ᠲᠡᠦᠬᠡᠨ ᠳᠠᠬᠢ ᠴᠢᠬᠤᠯᠠ ᠦᠵᠡᠭᠳᠡᠯ ᠮᠥᠨ᠂ ᠪᠠᠰᠠ ᠴᠤ ᠤᠯᠠᠮᠵᠢᠯᠠᠯᠲᠤ ᠤᠯᠤᠰ ᠲᠦᠷᠦ ᠪᠠ ᠦᠵᠡᠯ ᠰᠠᠨᠠᠭ᠎ᠠ ᠳᠤ | ᠨᠡᠪᠲᠡᠷᠡᠭᠰᠡᠨ ᠭᠤᠤᠯ ᠦᠵᠡᠯᠲᠡ ᠮᠥᠨ᠂ ᠲᠡᠭᠦᠨ ᠢ ᠤᠳᠤ ᠦᠶ᠎ᠡ ᠶᠢᠨ ᠨᠡᠶᠢᠭᠡᠮ ᠤᠨ ᠰᠢᠨᠵᠢᠯᠡᠬᠦ ᠤᠬᠠᠭᠠᠨ ᠤ ᠪᠤᠰᠤᠳᠴᠢ ᠬᠠᠷᠠᠭᠠᠰᠤ ᠠᠴᠠ ᠦᠵᠡᠪᠡᠯ᠂ ︽ᠶᠡᠭᠡ | ᠨᠢᠭᠡᠳᠤᠯ︾ ᠪᠤᠯ ᠳᠤᠮᠳᠠᠳᠤ ᠤᠯᠤᠰ ᠤᠨ ᠦᠪᠡᠷ ᠤᠨ ᠬᠢᠨᠢ ᠬᠦᠭᠵᠢᠯᠳᠡ ᠶᠢᠨ ᠵᠠᠮ ᠮᠦᠷ ᠲᠠᠢ ᠤᠯᠠᠮ ᠨᠡᠶᠢᠴᠡᠭᠰᠡᠨ ᠠᠷᠭ᠎ᠠ ᠪᠠᠷᠢᠯ ᠮᠦᠨ ᠭᠡᠳᠡᠭ ᠢ ᠮᠡᠳᠡᠵᠦ | ᠪᠣᠯᠤᠨ᠎ᠠ᠃ | ᠰᠤᠷᠪᠤᠯᠵᠢᠯᠠᠭᠴᠢ᠄ ᠲᠠ ᠪᠢᠴᠢᠭᠰᠡᠨ ᠨᠣᠮ ᠳᠤ ᠪᠠᠨ ᠴᠢᠩ ᠤᠯᠤᠰ ᠪᠠᠶᠢᠭᠤᠯᠤᠭᠳᠠᠭᠰᠠᠨ ᠤ ᠲᠠᠷᠠᠭᠠᠬᠢ ᠪᠠᠶᠢᠳᠠᠯ ᠢ ᠥᠩᠭᠡᠷᠡᠭᠰᠡᠨ ᠤ ᠬᠢ ᠲᠠᠢ ᠬᠠᠷᠢᠴᠠᠭᠤᠯᠪᠠᠯ᠂ | ᠴᠢᠩ ᠤᠯᠤᠰ ᠤᠨ ᠬᠠᠭᠠᠤᠨ ︽ᠶᠡᠭᠡ ᠨᠢᠭᠡᠳᠦᠯ︾ ᠤᠨ ᠦᠵᠡᠯᠲᠡ ᠳᠤ ᠰᠢᠨ᠎ᠡ ᠭᠡᠯᠪᠡᠷᠢ ᠶᠢᠨ ᠥᠭᠡᠷᠡᠴᠢᠯᠡᠯᠲᠡ ᠬᠢᠭᠰᠡᠨ ᠭᠡᠵᠦ ᠲᠤᠷᠠᠳᠤᠠᠠᠰᠠᠨ ᠪᠠᠶᠢᠪᠠ᠂ ᠶᠠᠭᠠᠬᠢᠵᠤ | ᠬᠤᠪᠢᠷᠠᠭᠤᠯᠤᠠᠠᠰᠠᠨ ᠲᠤᠬᠠᠢ ᠪᠣᠳᠠᠲᠠᠶ ᠪᠠᠷ ᠲᠠᠶᠢᠯᠪᠤᠷᠢᠯᠠᠵᠤ ᠥᠭᠭᠦᠨ᠎ᠡ ᠦᠦ︖ ᠪᠠᠰᠠ ︽ᠶᠡᠭᠡ ᠨᠢᠭᠡᠳᠦᠯ︾ ᠤᠨ ᠦᠵᠡᠯᠲᠡ ᠶᠢ ᠬᠡᠷᠬᠢᠨ ᠠᠯᠬᠤᠮ ᠠᠯᠬᠤᠮ ᠢᠶᠠᠷ | ᠨᠠᠶᠢᠳᠠᠪᠤᠷᠢᠵᠢᠭᠤᠯᠤᠭᠰᠠᠨ ᠪᠤᠢ︖ | ᠶᠠᠩ ᠨᠢᠶᠠᠨ ᠴᠢᠶᠦ᠋ᠨ᠄ ᠬᠠᠨ᠂ ᠲᠠᠩ ᠤᠨ ︽ᠶᠡᠭᠡ ᠨᠢᠭᠡᠳᠦᠯ︾ ᠪᠤᠯ ᠨᠤᠲᠤᠭ ᠳᠡᠪᠢᠰᠬᠡᠷ ᠤᠨ ᠥᠷᠭᠡᠨ ᠠᠭᠤᠳᠠᠮ᠂ ᠳᠥᠷᠪᠡᠨ ᠵᠦᠭ ᠤᠨ ᠦᠨᠳᠦᠰᠦᠳᠡᠨ | ᠶᠠᠰᠤᠳᠠᠤᠨ ᠬᠠᠭᠠᠨ ᠡᠵᠡᠨ ᠢ ᠪᠠᠷᠠᠳᠠᠨ ᠪᠡᠯᠡᠭ ᠰᠡᠯᠳᠡ ᠡᠷᠬᠦᠵᠦ ᠲᠦᠷᠦ ᠬᠦᠷᠦᠨ ᠢ ᠲᠤᠰᠠᠯᠠᠨ ᠮᠠᠠᠳᠤᠭᠤᠯᠬᠤ ᠶᠢ ᠴᠢᠬᠤᠯᠠᠴᠢᠯᠠᠨ ᠦᠵᠡᠳᠡᠭ ᠪᠠᠶᠢᠵᠠᠢ᠃ ᠡᠮᠦᠨᠡᠲᠦ | ᠰᠦᠩ ᠤᠯᠤᠰ ᠤᠨ ᠦᠶ᠎ᠡ ᠳᠤ᠂ ᠳᠡᠯᠡᠬᠡᠶ ᠳ᠋ᠠᠬᠢᠨ ᠢ ᠨᠢᠭᠡᠳᠬᠡᠬᠦ ᠶᠢᠨ ᠠᠷᠭ᠎ᠠ ᠦᠭᠡᠢ ᠪᠤᠯᠤᠬᠰᠠᠨ ᠪᠣᠳᠠᠲᠤ ᠪᠠᠶᠢᠳᠠᠯ ᠤᠨ ᠡᠮᠦᠨ᠎ᠡ ᠡᠷᠳᠡᠮᠳᠡᠨ ᠮᠡᠷᠭᠡᠳ ᠦᠡᠳᠦᠰᠦᠳᠡᠨ | ᠤᠠᠠᠰᠠᠭᠠᠳᠠᠨ ᠪᠠ ᠰᠣᠶᠣᠯ ᠤᠨ ᠳᠠᠪᠠᠭᠤᠯᠢᠭ ᠢᠶᠠᠷ ᠢᠶᠠᠨ ︽ᠲᠦᠪ ᠤᠳᠤᠮᠰᠢᠯ︾ ᠢ ᠢᠯᠡᠷᠡᠭᠦᠯᠵᠦ ᠪᠠᠶᠢᠠᠠᠰᠠᠨ ᠨᠢ ᠤᠳᠤ ᠦᠶ᠎ᠡ ᠶᠢᠨ ᠦᠨᠳᠦᠰᠦᠲᠡᠨ ᠤ ᠦᠵᠡᠯᠳᠡ ᠲᠠᠢ | ᠠᠳᠠᠯᠢᠪᠲᠤᠷ ᠬᠡᠯᠪᠡᠷᠢᠯ ᠲᠠᠢ ᠶᠤᠮ᠃ ᠮᠢᠩ ᠤᠯᠤᠰ ᠤᠨ ᠦᠶ᠎ᠡ ᠳᠤ ᠶᠤᠰᠤ ᠵᠦᠢ ᠶᠢᠨ ᠤᠬᠠᠭᠠᠨ ᠬᠦᠭᠵᠢᠭᠰᠡᠨ ᠮᠦᠷᠳᠡᠭᠡᠨ ᠪᠠᠰᠠ ᠤᠷᠲᠤ ᠬᠤᠭᠤᠴᠠᠭ᠎ᠠ ᠪᠠᠷ | ᠮᠣᠩᠭᠤᠯ᠂ ᠮᠠᠨᠵᠤ ᠲᠠᠢ ᠡᠰᠡᠷᠭᠦᠴᠡᠯᠳᠦᠭᠰᠡᠨ ᠤ ᠬᠠᠮᠳᠤ ᠮᠢᠩ ᠤᠯᠤᠰ ᠤᠨ ᠰᠡᠭᠦᠯᠴᠢ ᠪᠤᠯᠬᠤ ᠳᠤ ᠲᠠᠬᠢᠨ ᠰᠦᠩ ᠤᠯᠤᠰ ᠤᠨ ᠭᠤᠨᠢᠠᠠᠳᠤ ᠲᠡᠤᠭᠡ ᠶᠢ ᠲᠠᠪᠳᠠᠭᠰᠠᠨ | ᠨᠢ ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨ ᠢ ᠢᠯᠭᠠᠨ ᠦᠵᠡᠬᠦ ᠦᠵᠡᠯ ᠰᠡᠳᠬᠢᠯᠭᠡ ᠤᠯᠠᠮ ᠴᠢᠩᠭ᠎ᠠ ᠡᠬᠦᠰᠦᠭᠰᠡᠨ ᠠᠴᠠ ᠶᠤᠮ᠃ ᠮᠠᠨᠵᠤᠴᠤᠳ ᠤᠨ | ᠲᠤᠮᠳᠠᠳᠤ ᠣᠷᠣᠨ ᠳᠤ ᠪᠠᠶᠢᠭᠤᠯᠤᠭᠰᠠᠨ ᠴᠢᠩ ᠤᠨ ᠲᠦᠷᠤ ᠨᠢ ᠲᠦᠪ ᠤᠳᠤᠮᠰᠢᠯᠳᠦ ᠴᠢᠨᠠᠷ ᠢ ᠦᠭᠡᠶᠢᠰᠭᠡᠳᠡᠭ ᠶᠤᠰᠤ ᠵᠦᠢ ᠶᠢᠨ ᠤᠬᠠᠭᠠᠨ ᠪᠠ ᠤᠷᠢᠳ ᠡᠮᠦᠨ᠎ᠡ | ᠭᠠᠷᠤᠭ᠎ᠠ ᠦᠭᠡᠢ ᠥᠷᠭᠡᠨ ᠠᠭᠤᠳᠠᠮ ᠨᠤᠲᠤᠭ ᠳᠡᠪᠢᠰᠬᠡᠷ ᠢ ᠲᠥᠪ ᠲᠤ ᠲᠦᠪᠯᠡᠷᠡᠬᠦᠯᠦᠨ ᠵᠠᠬᠢᠷᠤᠠᠠᠰᠠᠨ ᠸᠠᠩᠳᠦ ᠲᠦᠷᠦ ᠶᠢᠨ ᠨᠣᠶᠠᠷᠬᠠᠯ ᠤᠨ ᠬᠡᠪᠴᠢᠶᠡᠨ ᠳᠤ | ᠤᠷᠤᠭᠤᠯᠤᠠᠠᠰᠠᠨ ᠪᠠᠶᠢᠳᠠᠯ ᠤᠨ ᠲᠤᠤᠷ᠎ᠠ᠂ ᠴᠢᠩ ᠤᠯᠤᠰ ᠤᠨ ᠦᠶ᠎ᠡ ᠶᠢᠨ ︽ᠶᠡᠭᠡ ᠨᠢᠭᠡᠳᠦᠯ︾ ᠤᠨ ᠦᠵᠡᠯᠲᠡ ᠳᠤ ᠮᠠᠰᠢ ᠤᠯᠠᠨ ᠰᠢᠨ᠎ᠡ ᠣᠨᠴᠠᠯᠢᠭ ᠢᠯᠡᠷᠡᠵᠡᠢ᠃ | ᠪᠣᠳᠠᠲᠠᠶ ᠪᠠᠷ ᠬᠡᠯᠡᠪᠡᠯ᠂ ᠲᠡᠭᠦᠨ ᠳᠤ ᠭᠤᠷᠪᠠᠨ ᠲᠠᠪᠬᠤᠷ ᠠᠭᠤᠯᠭ᠎ᠠ ᠪᠠᠭᠲᠠᠵᠤ ᠪᠤᠶ᠄ ᠨᠢᠭᠡ᠂ ᠴᠢᠩ ᠤᠯᠤᠰ ᠤᠨ ᠬᠠᠭᠠᠤᠨ ᠲᠦᠪ ᠤᠳᠤᠮᠰᠢᠯ ᠤᠨ ᠦᠵᠡᠯᠳᠡ | ᠪᠠᠨ ᠬᠠᠨ ᠲᠠᠩ ᠤᠨ ᠡᠷᠲᠡᠨ ᠤ ᠶᠤᠰᠤ ᠵᠦᠢ ᠳᠤ ᠬᠦᠴᠦᠯᠡᠨ ᠪᠤᠴᠠᠭᠠᠵᠤ᠂ ᠬᠢᠳᠡᠳ ᠦᠨᠳᠦᠰᠦᠳᠡᠨ ᠲᠠᠢ ᠨᠢᠭᠡᠳᠦᠬᠦᠯᠬᠦ ᠶᠢ ᠲᠤᠪᠤᠶᠢᠯᠭᠠᠭᠰᠠᠨ ᠢᠶᠠᠷ᠂ ᠬᠢᠯᠢ | ᠬᠢᠵᠠᠭᠠᠷ ᠢ ᠦᠷᠭᠡᠤᠡᠭᠡᠨ ᠲᠡᠯᠡᠭᠰᠡᠨ ᠢᠶᠠᠷ ᠡᠮᠤᠨᠡᠬᠢ ᠲᠦᠷᠤ ᠨᠦᠭᠦᠳ ᠠᠴᠠ ᠬᠤᠯᠠ ᠲᠠᠪᠠᠵᠤ᠂ ︽ᠳᠤᠮᠳᠠᠳᠤ ᠭᠠᠳᠠᠭᠠᠳᠤ ᠶᠢᠨ ᠬᠢᠨ ᠨᠢᠭᠡ ᠭᠡᠷ ᠪᠦᠯᠢ︾᠂ ︽ᠠᠬᠠᠮᠠᠤᠨ | ᠨᠠᠰᠤᠳᠠᠨ ᠢᠶᠠᠨ ᠬᠦᠨᠳᠦᠳᠬᠡᠬᠦ︾ ᠭᠡᠳᠡᠭ ᠢᠶᠠᠷ ᠴᠢᠩ ᠤᠯᠤᠰ ᠤᠨ ᠦᠶ᠎ᠡ ᠶᠢᠨ ᠲᠦᠪ ᠤᠳᠤᠮᠰᠢᠯᠲᠤ ᠴᠢᠨᠠᠷ ᠢ ᠨᠤᠲᠠᠯᠠᠵᠠᠶ︔ ᠬᠤᠶᠠᠷ᠂ ᠰᠠᠨᠠᠭᠠᠴᠢᠯᠠᠭ᠎ᠠ ᠠᠴᠠ ᠪᠠᠨ | ᠦᠵᠡᠯ ᠰᠠᠨᠠᠭᠠᠨ ᠤ ᠬᠦᠷᠢᠶ᠎ᠡ ᠴᠡᠷᠠᠭᠠᠨ ᠳᠤ ᠤᠷᠤᠵᠤ᠂ ︽ᠴᠦᠨ ᠴᠢᠦ︾᠂ ︽ᠵᠠᠰᠠᠭ ᠲᠤᠷ ᠲᠤᠰᠠᠯᠠᠬᠤ ᠨᠡᠪᠲᠡᠷᠬᠡᠶ ᠲᠣᠯᠢ︾ ᠮᠡᠳᠦ ᠶᠢᠨ ᠴᠢᠬᠤᠯᠠ ᠪᠢᠴᠢᠭ ᠤᠳ ᠢ | ᠳᠠᠬᠢᠨ ᠲᠠᠶᠢᠯᠪᠤᠷᠢᠯᠠᠨ ᠤᠩᠰᠢᠬᠤ ᠪᠠᠷ ᠳᠠᠮᠵᠢᠭᠤᠯᠵᠤ᠂ ᠪᠢᠴᠢᠭ ᠤᠨ ᠰᠤᠷᠭᠠᠯᠲᠠᠨ ᠤ ᠲᠤᠳᠤᠷ᠎ᠠ ᠨᠢᠭᠡ ᠵᠦᠢᠯ ᠤᠨ ︽ᠶᠡᠭᠡ ᠨᠢᠭᠡᠳᠦᠯ︾ ᠲᠠᠢ ᠵᠣᠬᠢᠴᠠᠭᠰᠠᠨ | ︽ᠬᠠᠭᠠᠳ ᠤᠨ ᠨᠤᠮᠯᠠᠯ ᠰᠤᠷᠭᠠᠯ︾ ᠪᠠ ᠤᠯᠤᠰ ᠲᠥᠷᠥ ᠲᠡᠦᠬᠡ ᠶᠢ ᠬᠦᠤᠷᠨᠢᠵᠤ᠂ ︽ᠬᠠᠭᠠᠨ ᠢ ᠬᠦᠨᠳᠦᠯᠡᠬᠦ ᠡᠰᠡᠬᠦ︾ ᠪᠠᠷ ᠶᠣᠰᠣ ᠰᠤᠷᠲᠠᠬᠤᠨ ᠲᠠᠢ ᠪᠠᠶᠢᠬᠤ ᠡᠰᠡᠬᠦ᠂ | ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨ ᠤ ᠲᠠᠪᠰᠢᠬᠰᠠᠨ ᠡᠰᠡᠬᠦ ᠶᠢ ᠦᠨᠡᠯᠡᠬᠦ ᠬᠠᠮᠤᠭ ᠤᠨ ᠥᠨᠳᠥᠷ ᠪᠠᠷᠢᠮᠵᠢᠶ᠎ᠠ ᠪᠣᠯᠭᠠᠪᠠ︔ ᠭᠤᠷᠪᠠ᠂ ᠬᠠᠭᠠᠨ ᠤ | ᠡᠷᠬᠡ ᠪᠠᠷ ︽ᠶᠣᠰᠣ ᠰᠤᠷᠲᠠᠬᠤᠨ ᠤ ᠤᠯᠠᠮᠵᠢᠯᠠᠯ︾ ᠢ ᠦᠷᠬᠦᠯᠵᠢᠯᠡᠨ ᠨᠢᠭᠡᠳᠦᠬᠦᠯᠦᠭᠰᠡᠨ ᠤ ᠬᠠᠮᠲᠤ᠂ ᠶᠣᠰᠣ ᠵᠦᠢ ᠶᠢᠨ ᠤᠬᠠᠭᠠᠨ ᠤ ᠶᠤᠰᠤ ᠰᠤᠷᠳᠠᠬᠤᠨ ᠤ | ᠤᠯᠠᠮᠵᠢᠯᠠᠯ ᠤᠨ ᠦᠵᠡᠯᠳᠡ ᠬᠢᠭᠡᠤᠨ ᠪᠤᠰᠤᠤᠨ ᠦᠨᠳᠦᠰᠦᠳᠡᠨ ᠪᠠ ᠬᠢᠳᠡᠳ ᠦᠨᠳᠦᠰᠦᠳᠡᠨ ᠤ ᠲᠤᠬᠠᠢ ᠦᠵᠡᠯᠲᠡ ᠶᠢ ᠥᠭᠡᠷᠡᠴᠢᠯᠡᠭᠰᠡᠨ ᠪᠤᠯ᠂ ᠨᠢᠭᠡ ᠲᠠᠯ᠎ᠠ ᠪᠠᠷ | ᠴᠢᠨ ᠤᠯᠤᠰ ᠠᠴᠠ ᠡᠮᠤᠨᠡᠬᠢ ᠨᠣᠮ ᠰᠤᠳᠤᠷ ᠤᠨ ︽ᠱᠦᠨ ᠳ᠋ᠢ ᠲᠤᠷᠤᠨᠠᠳᠡᠬᠢᠨ ᠤ ᠬᠠᠷᠢ ᠶᠢᠨ ᠬᠥᠮᠦᠨ᠂ ᠸᠧᠨ ᠸᠠᠩ ᠦᠷᠦᠨᠡᠳᠡᠬᠢᠨ ᠤ ᠬᠠᠷᠢ ᠶᠢᠨ ᠬᠥᠮᠦᠨ︾ ᠭᠡᠳᠡᠭ | ᠥᠭᠦᠯᠡᠯᠲᠡ ᠪᠠᠷ ᠡᠰᠢ ᠲᠠᠲᠠᠵᠤ᠂ ᠪᠣᠭᠳᠠ ᠬᠥᠮᠦᠨ ᠲᠦᠷᠦᠬᠦ ᠨᠢ ᠭᠠᠵᠠᠷ ᠵᠦᠢ ᠦᠨᠳᠦᠰᠦᠲᠡᠨ ᠤᠠᠠᠰᠠᠭᠠᠳᠠᠨ ᠤ ᠢᠯᠭᠠᠯ ᠭᠡᠵᠦ ᠪᠠᠶᠢᠬᠤ ᠦᠭᠡᠢ᠂ ᠬᠢᠳᠡᠳ ᠪᠠ | ᠪᠤᠰᠤᠤᠨ ᠦᠨᠳᠦᠰᠦᠳᠡᠨ ᠤ ᠨᠤᠳᠤᠭ ᠲᠠᠪᠢᠰᠭᠡᠷ ᠭᠡᠳᠡᠭ ᠪᠤᠯ ᠲᠤᠳᠤᠷ ᠭᠠᠵᠠᠷ ᠤᠨ ᠬᠢᠨ ᠤ ᠭᠡᠯᠡᠳᠡᠭ ᠤᠭ ᠨᠤᠲᠤᠭ ᠢ ᠵᠢᠭᠠᠵᠤ ᠪᠠᠶᠢᠬᠤ ᠲᠡᠳᠤᠢ ᠭᠡᠵᠦ᠂ ᠮᠠᠠᠵᠤ ᠳᠤ | ᠲᠦᠪ ᠤᠳᠤᠮᠰᠢᠯ ᠤᠨ ᠬᠢᠷᠢ ᠭᠡᠮ ᠤᠯᠭᠤᠬᠤ ᠶᠢᠨ ᠲᠠᠭᠠᠤ ᠳᠤ ᠨᠦᠭᠦᠭᠡ ᠲᠠᠯ᠎ᠠ ᠪᠠᠷ ᠲᠠᠪᠤᠨ ᠡᠰᠢ ᠤᠨᠤᠯ ᠤᠨ ᠳᠡᠰ ᠳᠠᠷᠠᠭ᠎ᠠ ᠶᠢ ᠲᠣᠩᠭᠤᠷᠠᠭᠤᠯᠬᠤ ᠪᠠᠷ | ᠳᠠᠮᠵᠢᠭᠤᠯᠵᠤ᠂ ︽ᠡᠵᠡᠨ ᠰᠠᠶᠢᠳ︾ ᠤᠨ ᠬᠠᠷᠢᠴᠠᠭ᠎ᠠ ᠶᠢ ︽ᠡᠴᠢᠭᠡ ᠬᠥᠪᠡᠭᠦᠨ︾ ᠤ ᠬᠠᠷᠢᠴᠠᠭᠠᠨ ᠠᠴᠠ ᠲᠡᠭᠡᠳᠦ ᠪᠠᠶᠢᠷᠢᠨ ᠳᠤ ᠲᠠᠯᠪᠢᠵᠤ᠂ ︽ᠦᠨᠠᠨᠴᠢ ᠰᠢᠳᠤᠷᠭᠤ︾ ᠶᠢ | ︽ᠠᠴᠢᠯᠠᠯ ᠵᠢᠷᠦᠮ︾ ᠠᠴᠠ ᠳᠠᠪᠠᠭᠤᠯᠵᠤ᠂ ᠶᠣᠰᠣ ᠵᠦᠢ ᠶᠢᠨ ᠤᠬᠠᠭᠠᠨ ᠤ ᠤᠯᠤᠰ ᠲᠦᠷᠦ ᠶᠢᠨ ᠭᠡᠪ ᠠᠴᠠ ᠭᠡᠳᠦᠷᠡᠭᠰᠡᠨ ᠳᠠᠪᠠᠭᠤᠯᠢᠭ ᠰᠢᠡᠵᠢ ᠪᠠ ᠪᠡᠶ᠎ᠡ ᠪᠠᠨ | ᠲᠠᠭᠠᠭᠠᠭᠰᠠᠨ ᠰᠢᠡᠵᠢ ᠶᠢ ᠰᠤᠯᠠᠷᠠᠭᠤᠯᠵᠠᠢ᠃ | | ▲︽ᠰᠤᠳᠤᠷ ᠪᠢᠴᠢᠭ ᠢ ᠰᠤᠨᠢᠷᠬᠠᠨ ᠦᠵᠡᠭᠰᠡᠨ ᠲᠡᠮᠲᠡᠭᠯᠡᠯ︾ ︵ᠴᠢᠩ ᠤᠯᠤᠰ︶ ᠶᠢᠤ ᠳ᠋ᠦᠩ ᠵᠣᠬᠢᠶᠠᠪᠠ᠂ ᠶᠤᠸᠠᠨ ᠤᠯᠤᠰ᠂ ᠮᠢᠩ ᠤᠯᠤᠰ ᠤᠨ ᠵᠣᠬᠢᠶᠠᠯ | ᠨᠡᠪᠲᠡᠷᠬᠡᠢ ᠲᠤᠯᠢ ᠶᠢᠨ ᠲᠤᠬᠠᠢ ᠦᠵᠡᠯᠲᠡ ᠶᠢᠨ ᠣᠯᠠᠩᠬᠢ ᠶᠢ ᠨᠢ ᠵᠠᠰᠠᠵᠤ᠂ ︽ᠶᠡᠭᠡ ᠨᠢᠭᠡᠳᠦᠯ︾ ᠤᠨ ᠦᠵᠡᠯᠳᠡ ᠶᠢᠨ ᠳᠣᠣᠷᠠᠬᠢ ︽ᠲᠣᠲᠣᠷ ᠭᠠᠳᠠᠨ᠎ᠠ ᠶᠢᠨ ᠬᠢᠨ | ᠨᠢᠭᠡ ᠭᠡᠷ ᠪᠦᠯᠢ ᠮᠡᠲᠦ︾ ᠭᠡᠳᠡᠭ ᠤᠯᠤᠰ ᠲᠦᠷᠦ ᠶᠢᠨ ᠤᠬᠠᠮᠰᠠᠷ ᠢ ᠲᠤᠪᠤᠶᠢᠯᠭᠠᠪᠠ᠃ | ᠡᠨᠡ ᠭᠤᠷᠪᠠᠨ ᠲᠠᠪᠬᠤᠷ ᠠᠭᠤᠯᠭ᠎ᠠ ᠬᠠᠷᠢᠯᠴᠠᠨ ᠬᠤᠯᠪᠣᠯᠳᠤᠵᠤ ᠬᠠᠷᠢᠯᠴᠠᠨ ᠨᠡᠪᠴᠢᠯᠴᠡᠵᠦ᠂ ᠪᠦᠷᠬᠦᠪᠴᠢ ᠶᠢᠨ ᠰᠢᠡᠵᠢᠳᠠᠢ ᠪᠦᠬᠦᠯᠢ ᠴᠤᠠᠠᠴᠠᠳᠤ ᠪᠣᠷᠣ | ᠲᠥᠯᠥᠪ ᠢ ᠪᠦᠷᠢᠯᠳᠦᠭᠦᠯᠵᠡᠶ᠄ ᠪᠢᠴᠢᠭ ᠤᠨ ᠰᠤᠷᠭᠠᠯᠲᠠᠨ ᠤ ᠤᠯᠠᠮᠵᠢᠯᠠᠯ ᠳᠠᠬᠢ ︽ᠡᠵᠡᠨ ᠬᠠᠭᠠᠨ ᠢ ᠬᠦᠨᠳᠦᠯᠡᠬᠦ︾ ᠪᠤᠯ ᠰᠠᠭᠤᠷᠢᠯᠠᠬᠤ ᠴᠢᠨᠠᠷᠲᠠᠶ ᠪᠠᠶᠢᠷᠢ ᠰᠠᠭᠤᠷᠢ ᠲᠠᠢ | ᠶᠤᠮ᠂ ᠲᠡᠭᠦᠨ ᠤ ᠪᠠᠶᠢᠭᠤᠯᠤᠭᠳᠠᠭᠰᠠᠨ ᠨᠢ ᠤᠯᠤᠰ ᠲᠥᠷᠥ ᠪᠠ ᠶᠣᠰᠣ ᠰᠤᠷᠳᠠᠬᠤᠨ ᠤ ᠳᠠᠪᠬᠤᠷ ᠤᠳᠬ᠎ᠠ ᠲᠠᠢ ᠪᠠᠶᠢᠵᠤ᠂ ᠬᠠᠭᠠᠨ ᠡᠵᠡᠨ ᠤ ᠲᠥᠷᠥ ᠱᠠᠰᠢᠨ ᠤ | ᠶᠣᠰᠣ ᠮᠤᠷᠠᠯ᠂ ᠠᠷᠠᠳ ᠢᠷᠭᠡᠳ ᠤᠨ ᠵᠠᠩ ᠠᠭᠠᠯᠢ ᠶᠢᠨ ᠡᠭᠡᠯ ᠪᠣᠷᠣᠭᠵᠢᠭᠤᠨ᠂ ᠤᠯᠤᠰ ᠲᠥᠷᠥ ᠨᠡᠶᠢᠭᠡᠮ ᠤᠨ ᠲᠩᠷᠢ ᠶᠢᠨ ᠶᠣᠰᠣᠨ ᠳᠤ ᠨᠡᠶᠢᠴᠡᠵᠤ ᠪᠠᠶᠢᠬᠤ | ᠡᠰᠡᠬᠦ ᠶᠢ ᠭᠡᠷᠡᠴᠢᠯᠡᠬᠦ ᠶᠢᠨ ᠵᠠᠩᠭᠢᠯᠠᠭ᠎ᠠ ᠪᠤᠯᠪᠠ︔ ︽ᠶᠡᠭᠡ ᠨᠢᠭᠡᠳᠦᠯ︾ ᠢᠶᠠᠷ ᠦᠷᠭᠡᠨ ᠠᠭᠤᠳᠠᠮ ᠨᠤᠲᠤᠭ ᠳᠡᠪᠢᠰᠬᠡᠷ ᠪᠠ ᠣᠯᠠᠨ ᠡᠰᠢᠲᠦ ᠦᠨᠳᠦᠰᠦᠲᠡᠨ | ᠤᠬᠰᠠᠭᠠᠳᠠᠨ ᠢ ᠴᠢᠩ ᠤᠯᠤᠰ ᠤᠨ ᠬᠠᠭᠠᠨᠲᠤ ᠲᠥᠷᠥ ᠶᠢᠨ ᠨᠣᠶᠠᠷᠬᠠᠯ ᠳᠣᠣᠷ᠎ᠠ ᠲᠣᠭᠲᠠᠭᠤᠨ ᠢᠶᠠᠷ ᠣᠷᠣᠭᠤᠯᠵᠤ᠂ ︽ᠡᠵᠡᠨ ᠬᠠᠭᠠᠨ ᠢ ᠬᠦᠨᠳᠦᠯᠡᠬᠦ︾ ᠬᠦᠷᠢᠶ᠎ᠡ | ᠬᠡᠪᠴᠢᠶ᠎ᠡ ᠤᠷᠢᠳ ᠡᠮᠦᠨ᠎ᠡ ᠭᠠᠷᠤᠭ᠎ᠠ ᠦᠭᠡᠶ ᠥᠷᠭᠡᠵᠢᠭᠰᠡᠨ ᠤᠯᠤᠰ ᠲᠥᠷᠥ ᠶᠢᠨ ᠪᠣᠳᠠᠲᠤ ᠪᠠᠶᠢᠳᠠᠯ ᠢ ᠪᠤᠶ ᠪᠤᠯᠭᠠᠭᠰᠠᠨ ᠨᠢ ᠦᠨᠡᠨ ᠳᠤ ᠪᠠᠨ ᠲᠤᠮᠳᠠᠳᠤ | ᠤᠯᠤᠰ ᠤᠨ ᠲᠤᠬᠠᠢ ︽ᠶᠠᠷᠢᠶ᠎ᠠ ᠦᠬᠦᠯᠡᠮᠵᠢ ᠶᠢᠨ ᠬᠦᠮᠤᠵᠢᠯ︾ ᠤᠨ ᠨᠥᠯᠥᠭᠡ ᠶᠢ ᠥᠷᠭᠡᠨ ᠢᠶᠠᠷ ᠲᠡᠯᠭᠡᠷᠡᠬᠦᠯᠵᠦ᠂ ︽ᠶᠤᠰᠤ ᠰᠤᠷᠳᠠᠬᠤᠨ ᠨᠢᠭᠡᠳᠡᠢ ᠭᠡᠪ ᠵᠠᠩᠰᠢᠯ ᠢᠵᠢᠯ︾ | ᠶᠣᠰᠣ ᠰᠤᠷᠳᠠᠬᠤᠨ ᠤ ᠡᠮᠬᠢ ᠵᠢᠷᠤᠮ ᠢ ᠪᠤᠶ ᠪᠤᠯᠭᠠᠭᠰᠠᠨ ᠨᠢ ᠴᠢᠩ ᠤᠯᠤᠰ ᠤᠨ ᠨᠣᠶᠠᠷᠬᠠᠯ ᠤᠨ ︽ᠡᠰᠢ ᠤᠳᠤᠮ︾ ᠢ ᠭᠡᠷᠡᠴᠢᠯᠡᠵᠠᠢ︔ ︽ᠡᠵᠡᠨ ᠬᠠᠭᠠᠨ ᠢ | ᠬᠦᠨᠳᠦᠯᠡᠬᠦ︾ ᠶᠢ ᠲᠤᠪᠤᠶᠢᠯᠭᠠᠭᠰᠠᠨ ᠪᠠ ︽ᠦᠨᠡᠨᠴᠢ ᠰᠢᠳᠤᠷᠭᠤ︾ ᠶᠢᠨ ᠪᠠᠶᠢᠷᠢ ᠰᠠᠭᠤᠷᠢ ᠶᠢ ᠲᠡᠭᠡᠭᠰᠢᠯᠡᠬᠦᠯᠵᠠᠢ᠃ ᠬᠠᠭᠠᠨ ᠤ ᠡᠷᠬᠡ ᠶᠢ ᠡᠷᠬᠢᠮᠯᠡᠨ ᠬᠦᠨᠳᠦᠳᠬᠡᠵᠦ᠂ | ︽ᠶᠡᠭᠡ ᠨᠢᠭᠡᠳᠦᠯ︾ ᠢ ᠬᠠᠮᠠᠭᠠᠯᠠᠬᠤ ᠲᠠᠢ ᠵᠤᠬᠢᠴᠠᠯᠳᠤᠭᠤᠯᠵᠤ᠂ ᠬᠥᠮᠦᠰ ᠤᠨ ᠰᠡᠳᠬᠢᠯ ᠵᠠᠩᠰᠢᠯ ᠢ ︽ᠡᠵᠡᠨ ᠬᠠᠭᠠᠨ ᠢ ᠬᠦᠨᠳᠦᠯᠡᠨ ᠲᠡᠭᠡᠳᠦᠯᠡᠬᠦ︾ ᠪᠤᠯᠭᠠᠭᠰᠠᠨ ᠨᠢ | ᠪᠢᠴᠢᠭ ᠤᠨ ᠰᠤᠷᠭᠠᠯᠳᠠᠨ ᠤ ᠭᠡᠪ ᠪᠤᠯᠪᠠᠰᠤᠷᠠᠯ ᠢᠶᠠᠷ ᠤᠯᠤᠰ ᠭᠡᠷ ᠢᠶᠠᠨ ᠵᠠᠰᠠᠬᠤ᠂ ᠶᠣᠰᠣ ᠰᠤᠷᠲᠠᠬᠤᠨ ᠢ ᠦᠢᠯᠡᠳᠦᠯᠭᠡᠵᠢᠭᠦᠯᠬᠦ ᠪᠠ ᠦᠶ᠎ᠡ ᠤᠯᠠᠷᠢᠨ ᠵᠡᠷᠭᠡ ᠭᠡᠷᠭᠡᠮ | ᠤᠯᠠᠮᠵᠢᠯᠠᠬᠤ ᠶᠢᠨ ᠡᠬᠢᠯᠡᠯᠲᠡ ᠪᠤᠯᠭᠠᠬᠰᠠᠨ ᠮᠦᠷᠳᠡᠭᠡᠨ ᠴᠢᠩ ᠤᠯᠤᠰ ᠤᠨ ᠲᠥᠷᠥ ᠱᠠᠰᠢᠨ ᠢ ᠦᠨᠡᠯᠡᠨ ᠮᠠᠭᠠᠤᠡᠯᠠᠬᠤ ᠶᠢᠨ ᠤᠷᠢᠲᠠᠯ ᠨᠦᠬᠦᠴᠡᠯ ᠪᠤᠯᠭᠠᠵᠤ᠂ | ᠪᠢᠴᠢᠭ ᠤᠨ ᠰᠤᠷᠭᠠᠯᠳᠠᠨ ᠤ ᠶᠤᠰᠤ ᠰᠤᠷᠳᠠᠬᠤᠨ ᠤ ᠤᠯᠠᠮᠵᠢᠯᠠᠯ ᠢ ᠡᠮᠬᠢᠤᠡᠭᠡᠨ ᠨᠡᠶᠢᠷᠡᠭᠤᠯᠵᠤ᠂ ᠴᠢᠩ ᠤᠯᠤᠰ ᠤᠨ ᠤᠯᠤᠰ ᠲᠦᠷᠦ ᠶᠢᠨ ᠲᠦᠯᠦᠪᠵᠢᠬᠦᠯᠭᠡ ᠪᠠ | ᠨᠤᠶᠠᠷᠬᠠᠯ ᠢ ᠤᠢᠢᠯᠠᠳᠦᠯᠭᠡᠵᠢᠬᠦᠯᠬᠦ ᠵᠠᠮ ᠳᠤ ᠤᠷᠤᠭᠤᠯᠪᠠ᠃ | | ▲ᠴᠧᠩᠳᠧ ᠬᠤᠲᠠ ᠶᠢᠨ ᠷᠧ ᠾᠧ ᠸᠧᠨ ᠴᠠᠩ ᠤᠨ ᠰᠦᠮ᠎ᠡ ᠶᠢ ᠴᠢᠩ ᠤᠯᠤᠰ ᠤᠨ ᠲᠩᠷᠢ ᠲᠡᠳᠬᠦᠭᠴᠢ ᠶᠢᠨ ᠳᠥᠴᠢᠨ ᠨᠢᠭᠡᠳᠦᠭᠡᠷ ᠣᠨ ᠠᠴᠠ | ᠳᠥᠴᠢᠨ ᠳᠥᠷᠪᠡᠳᠦᠭᠡᠷ ᠣᠨ ︵1776 —1779 ᠤᠨ︶ ᠬᠦᠷᠲᠡᠯ᠎ᠡ ᠪᠠᠶᠢᠭᠤᠯᠵᠠᠶ᠃ ᠪᠠᠶᠢᠭᠤᠯᠵᠤ ᠳᠠᠭᠤᠰᠬᠤ ᠦᠶ᠎ᠡ ᠳᠤ ᠲᠩᠷᠢ ᠲᠡᠳᠬᠦᠭᠴᠢ ᠬᠠᠭᠠᠨ | ᠥᠪᠡᠷ ᠤᠨ ᠪᠡᠶ᠎ᠡ ᠪᠠᠷ ᠢᠶᠠᠨ ᠬᠦᠷᠴᠦ ᠲᠠᠬᠢᠯ ᠡᠷᠭᠦᠪᠡ᠃ ᠴᠢᠩ ᠤᠯᠤᠰ ᠤᠨ ᠨᠣᠶᠠᠷᠬᠠᠭᠴᠢᠳ ᠰᠣᠶᠣᠯ ᠰᠤᠷᠭᠠᠨ ᠬᠥᠮᠦᠵᠢᠯ ᠢ ᠲᠦᠢᠯ ᠢᠶᠠᠷ ᠬᠦᠨᠳᠦᠳᠬᠡᠵᠦ᠂ ᠡᠯ᠎ᠡ | ᠭᠠᠵᠠᠷ ᠲᠤ ᠸᠧᠨ ᠴᠠᠩ ᠤᠨ ᠰᠦᠮ᠎ᠡ ᠶᠢ ᠪᠠᠶᠢᠭᠤᠯᠵᠤ᠂ ᠬᠥᠮᠦᠰ ᠤᠨ ᠰᠡᠳᠬᠢᠯ ᠵᠠᠩ ᠳᠠᠳᠬᠠᠯ ᠢ ︽ᠬᠠᠭᠠᠨ ᠡᠵᠡᠨ ᠢ ᠬᠦᠨᠳᠦᠯᠡᠨ ᠳᠡᠭᠡᠳᠦᠯᠡᠬᠦ︾ ᠲᠡᠭᠡᠷ᠎ᠡ | ᠲᠦᠪᠯᠡᠷᠡᠬᠦᠯᠵᠡᠢ᠃ ︵ᠵᠢᠷᠤᠭ᠄ ᠰᠦᠯᠵᠢᠶ᠎ᠡ ᠠᠴᠠ ᠢᠷᠡᠯᠲᠡ ᠲᠠᠢ︶ | ᠡᠨᠡ ᠮᠠᠳᠤ ᠪᠠᠷ ︽ᠶᠡᠭᠡ ᠨᠢᠭᠡᠳᠦᠯ︾ ᠤᠨ ᠦᠵᠡᠯᠲᠡ ᠨᠢ ᠮᠠᠨᠵᠤ ᠶᠢᠨ ᠨᠣᠶᠠᠷᠬᠠᠯ ᠳᠤ ᠡᠶᠢᠮᠦᠷᠬᠦᠦ ᠪᠦᠷᠢᠨ ᠪᠦᠲᠦᠨ ᠤᠳᠤᠮᠰᠢᠯᠲᠤ ᠴᠢᠨᠠᠷᠲᠠᠶ ᠥᠭᠦᠯᠡᠯᠲᠡ ᠶᠢ | ᠪᠤᠢ ᠪᠤᠯᠭᠠᠵᠤ᠂ ᠤᠯᠠᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠬᠡᠷᠡᠭᠴᠡᠭᠡ ᠳᠤ ᠵᠣᠬᠢᠴᠠᠭᠤᠯᠤᠭᠰᠠᠨ ᠢᠶᠠᠷ ᠪᠠᠷᠠᠬᠤ ᠦᠭᠡᠢ᠂ ᠨᠡᠩ ᠴᠤ ᠴᠢᠩ ᠤᠯᠤᠰ ᠤᠨ | ᠨᠢᠭᠡ ᠵᠦᠢᠯ ᠤᠨ ᠳᠡᠭᠡᠳᠦ ᠬᠡᠮᠵᠢᠶᠡᠨ ᠤ ᠠᠮᠢᠳᠤᠯᠢᠭ ᠴᠢᠨᠠᠷ ᠪᠠ ᠨᠡᠭᠡᠭᠡᠯᠲᠡᠲᠦ ᠰᠢᠡᠵᠢᠳᠠᠢ ᠤᠯᠤᠰ ᠲᠦᠷᠦ ᠶᠢᠨ ᠦᠢᠯᠡᠳᠦᠯᠭᠡ ᠶᠢ ᠠᠬᠢᠭᠤᠯᠤᠬᠰᠠᠨ ᠪᠠᠶᠢᠨ᠎ᠠ᠃ ᠴᠢᠩ | ᠤᠯᠤᠰ ᠤᠨ ᠨᠣᠶᠠᠷᠬᠠᠯ ᠪᠤᠯ ᠣᠨᠴᠠᠭᠠᠶ ᠰᠣᠶᠣᠯ ᠤᠨ ᠬᠠᠷᠠᠯᠲᠠ ᠪᠤᠶᠤ ᠦᠨᠳᠦᠰᠦᠲᠡᠨ ᠤ ᠡᠮᠬᠢ ᠳᠢᠭᠯᠢᠮ ᠢ ᠬᠥᠭᠡᠭᠡᠴᠡᠯᠳᠦᠳᠡᠭ ᠦᠭᠡᠶ᠂ ᠬᠠᠷᠢᠨ ᠲᠥᠪ ᠵᠠᠰᠠᠭ ᠲᠤ | ᠦᠨᠡᠨᠴᠢ ᠰᠢᠳᠤᠷᠭᠤ ᠪᠠᠶᠢᠬᠤ ᠪᠠ ᠤᠯᠤᠰ ᠲᠥᠷᠥ ᠲᠣᠭᠲᠠᠭᠤᠨ ᠪᠠᠶᠢᠬᠤ ᠶᠢᠨ ᠲᠣᠭᠤᠷᠢᠨ ᠳᠤ ᠶᠠᠪᠤᠬᠳᠠᠵᠤ᠂ ᠠᠯᠢᠪᠠ ︽ᠶᠡᠭᠡ ᠨᠢᠭᠡᠳᠦᠯ︾ ᠳᠤ ᠠᠰᠢᠭᠲᠠᠶ ᠳᠦᠷᠢᠮ | ᠪᠠ ᠲᠥᠷᠥ ᠶᠢᠨ ᠪᠣᠳᠣᠯᠭ᠎ᠠ ᠶᠢ ᠠᠪᠤᠬᠰᠠᠨ ᠪᠦᠭᠡᠳ ᠪᠠᠰᠠ ᠡᠯ᠎ᠡ ᠦᠨᠳᠦᠰᠦᠲᠡᠨ ᠨᠦᠭᠦᠳ ᠤᠨ ︽ᠡᠵᠡᠨ ᠬᠠᠭᠠᠨ ᠢ ᠬᠦᠨᠳᠦᠯᠡᠳᠡᠭ︾ ᠰᠣᠶᠣᠯ ᠢ ᠪᠠᠭᠲᠠᠭᠠᠵᠤ | ᠴᠢᠳᠠᠵᠠᠢ︔ ᠡᠭᠦᠨ ᠤ ᠬᠠᠮᠲᠤ᠂ ᠪᠢᠴᠢᠭ ᠤᠨ ᠰᠤᠷᠭᠠᠯᠲᠠᠨ᠂ ᠲᠥᠪᠡᠳ ᠤᠨ ᠪᠤᠷᠬᠠᠨ ᠤ ᠱᠠᠰᠢᠨ ᠢᠶᠠᠷ ᠠᠪᠴᠤ ᠬᠡᠯᠡᠪᠡᠯ᠂ ︽ᠶᠡᠭᠡ ᠨᠢᠭᠡᠳᠦᠯ︾ ᠪᠠ ︽ᠡᠵᠡᠨ ᠬᠠᠭᠠᠨ ᠢ | ᠬᠦᠨᠳᠦᠯᠡᠬᠦ︾ ᠶᠠᠪᠤᠳᠠᠯ ᠨᠢ ᠭᠠᠳᠠᠨ᠎ᠠ ᠲᠠᠯ᠎ᠠ ᠠᠴᠠ ᠠᠯᠪᠠ ᠪᠠᠷ ᠲᠤᠯᠭᠠᠭᠰᠠᠨ ᠣᠨᠳᠣᠣ ᠡᠯᠧᠮᠧᠨ᠋ᠲ ᠪᠢᠰᠢ᠂ ᠬᠠᠷᠢᠨ ᠲᠡᠳᠡᠨ ᠤ ᠦᠵᠡᠯ ᠰᠠᠨᠠᠭᠠᠨ ᠤ ᠡᠬᠢ ᠰᠤᠷᠪᠤᠯᠵᠢ | ᠲᠠᠢ ᠨᠢ ᠠᠪᠴᠠᠯᠳᠤᠵᠤ ᠪᠠᠶᠢᠠᠠᠰᠠᠨ ᠰᠣᠶᠣᠯ ᠤᠨ ᠳᠣᠲᠣᠭᠠᠳᠤ ᠡᠯᠧᠮᠧᠨ᠋ᠲ ᠪᠤᠯᠤᠨ᠎ᠠ᠃ ᠡᠶᠢᠮᠦ ᠠᠴᠠ ︽ᠶᠡᠭᠡ ᠨᠢᠭᠡᠳᠦᠯ︾ ᠤᠨ ᠳᠣᠣᠷᠠᠬᠢ ᠡᠯ᠎ᠡ ᠵᠦᠢᠯ ᠤᠨ ᠰᠣᠶᠣᠯ | ᠴᠦᠮ ᠦᠪᠡᠷ ᠥᠪᠡᠷ ᠤᠨ ᠢᠶᠠᠨ ᠠᠮᠢᠵᠢᠷᠠᠯ ᠤᠨ ᠬᠦᠴᠦᠨ ᠢᠶᠠᠨ ᠬᠠᠳᠠᠭᠠᠯᠠᠵᠤ ᠪᠠᠶᠢᠳᠠᠭ ᠢᠶᠠᠷ ᠪᠠᠷᠠᠬᠤ ᠦᠭᠡᠶ᠂ ᠪᠠᠰᠠ ᠴᠢᠩ ᠤᠯᠤᠰ ᠤᠨ ᠬᠠᠭᠠᠨ ᠤ | ᠵᠢᠯᠣᠭᠤᠳᠣᠯᠭ᠎ᠠ ᠳᠣᠣᠷ᠎ᠠ ︽ᠶᠡᠭᠡ ᠨᠢᠭᠡᠳᠦᠯ︾ ᠢ ᠦᠷᠬᠦᠯᠵᠢᠯᠡᠨ ᠪᠠᠬᠢᠵᠢᠬᠦᠯᠵᠦ᠂ ᠲᠡᠬᠦᠨ ᠤ ᠤᠶᠠᠨ ᠬᠠᠳᠠᠨ ᠴᠢᠨᠠᠷ ᠢ ᠳᠡᠭᠡᠭᠰᠢᠯᠡᠭᠦᠯᠬᠦ ᠬᠦᠴᠦᠨ ᠪᠤᠯᠵᠠᠢ᠃ ᠴᠢᠩ | ᠤᠯᠤᠰ ᠤᠨ ︽ᠶᠡᠭᠡ ᠨᠢᠭᠡᠳᠦᠯ︾ ᠢ ᠨᠢᠭᠡ ᠵᠦᠢᠯ ᠤᠨ ᠭᠡᠯᠪᠡᠷᠢ ᠦᠭᠡᠢ ︽ᠲᠠᠯᠠᠪᠤᠷ︾ ᠭᠡᠵᠦ ᠬᠡᠯᠡᠵᠦ ᠪᠣᠯᠤᠨ᠎ᠠ᠂ ᠲᠡᠭᠦᠨ ᠤ ᠠᠭᠤᠯᠭ᠎ᠠ ᠪᠤᠯ ᠬᠠᠭᠠᠨ ᠤ ᠡᠷᠬᠡ ᠵᠢᠴᠢ | ᠲᠡᠭᠦᠨ ᠤ ᠨᠣᠶᠠᠷᠬᠠᠯ ᠳᠣᠣᠷᠠᠬᠢ ᠤᠯᠠᠨ ᠦᠨᠳᠦᠰᠦᠲᠡᠨ ᠶᠠᠰᠤᠳᠠᠨ᠂ ᠤᠯᠠᠨ ᠵᠦᠢᠯ ᠤᠨ ᠰᠣᠶᠣᠯ᠂ ᠡᠯ᠎ᠡ ᠭᠠᠵᠠᠷ ᠣᠷᠣᠨ ᠤ ᠨᠡᠶᠢᠭᠡᠮ ᠤᠨ ᠠᠵᠢᠯᠯᠠᠭ᠎ᠠ ᠶᠢᠨ ᠳᠤᠮᠳᠠ | ᠪᠤᠶ ᠪᠤᠯᠤᠬᠰᠠᠨ ᠪᠦᠭᠡᠳ ᠪᠠᠰᠠ ᠢᠮᠠᠭᠲᠠ ︽ᠡᠵᠡᠨ ᠬᠠᠭᠠᠨ ᠢ ᠬᠦᠨᠳᠦᠯᠡᠬᠦ︾ ᠪᠠ ︽ᠨᠢᠭᠡᠳᠦᠯ︾ ᠤᠨ ᠶᠣᠰᠣ ᠰᠤᠷᠲᠠᠬᠤᠨ ᠪᠠ ᠤᠯᠤᠰ ᠲᠥᠷᠥ ᠶᠢᠨ ᠵᠤᠷᠢᠯᠭ᠎ᠠ ᠶᠢᠨ | ᠲᠤᠭᠤᠷᠢᠨ ᠳᠤ᠂ ︽ᠬᠥᠳᠡᠯᠬᠦ ᠪᠠ ᠡᠰᠡ ᠬᠥᠳᠡᠯᠬᠦ︾ ᠶᠢᠨ ᠬᠦᠨ ᠨᠠᠷᠢᠨ ᠪᠠᠶᠢᠳᠠᠯ ᠲᠠᠢ ᠪᠠᠶᠢᠳᠠᠭ᠃ ᠴᠢᠩ ᠤᠯᠤᠰ ᠤᠨ ᠠᠳᠠᠯᠢ ᠪᠤᠰᠤ ᠦᠵᠡᠯ ᠰᠠᠨᠠᠭ᠎ᠠ ᠪᠠ | ᠲᠥᠷᠥ ᠶᠢᠨ ᠪᠣᠳᠣᠯᠭ᠎ᠠ ᠶᠢᠨ ᠡᠬᠢ ᠪᠠᠶᠠᠯᠢᠭ ᠢ ᠠᠮᠢᠳᠤᠯᠢᠭ ᠢᠶᠠᠷ ᠬᠡᠷᠡᠭᠯᠡᠵᠤ᠂ ᠭᠠᠵᠠᠷ ᠣᠷᠣᠨ ᠤ ᠪᠠᠶᠢᠳᠠᠯ ᠳᠤ ᠲᠣᠬᠢᠷᠠᠭᠤᠯᠤᠨ ᠨᠣᠶᠠᠷᠬᠠᠬᠤ ᠠᠷᠭ᠎ᠠ ᠶᠢ ᠠᠪᠴᠤ᠂ | ᠨᠡᠶᠢᠭᠡᠮ ᠤᠨ ᠲᠤᠰ ᠪᠡᠶ᠎ᠡ ᠶᠢᠨ ᠬᠦᠴᠦᠨ ᠢ ᠭᠦᠢᠴᠡᠳ ᠳᠠᠶᠢᠴᠢᠯᠠᠵᠤ᠂ ︽ᠶᠡᠭᠡ ᠨᠢᠭᠡᠳᠦᠯ︾ ᠲᠠᠢ ᠲᠣᠭᠲᠠᠭᠤᠨ ᠸᠠᠩᠲᠤ ᠲᠥᠷᠥ ᠶᠢ ᠪᠠᠶᠢᠭᠤᠯᠤᠠᠠᠰᠠᠨ ᠨᠢ ᠰᠦᠩ | ᠤᠯᠤᠰ ᠮᠢᠩ ᠤᠯᠤᠰ ᠤᠨ ᠶᠣᠰᠣ ᠵᠦᠢ ᠶᠢᠨ ᠤᠬᠠᠭᠠᠨ ᠠᠴᠠ ᠢᠯᠭᠠᠭᠳᠠᠬᠤ ᠲᠦᠪ ᠤᠳᠤᠮᠰᠢᠯᠲᠤ ᠦᠵᠡᠯᠲᠡ ᠮᠦᠨ ᠪᠦᠭᠡᠤᠨ ᠪᠠᠰᠠ ᠬᠠᠨ ᠲᠠᠩ ᠤᠨ ︽ᠶᠡᠭᠡ | ᠨᠢᠭᠡᠳᠦᠯ︾ ᠲᠠᠢ ᠠᠳᠠᠯᠢ ᠪᠤᠰᠤ ᠥᠪᠡᠷᠮᠢᠴᠡ ᠭᠡᠪ ᠰᠢᠡᠵᠢ ᠶᠢᠨ ᠢᠯᠡᠷᠡᠯ ᠪᠤᠯᠬᠤ ᠶᠤᠮ᠃ | | ▲ᠴᠢᠩ ᠤᠯᠤᠰ ᠤᠨ ᠬᠢᠯᠢ ᠬᠢᠵᠠᠭᠠᠷ ᠤᠨ ᠵᠢᠷᠤᠭ ︵1820 ᠣᠨ︶᠃ ︵ᠭᠡᠷᠡᠯ ᠵᠢᠷᠤᠭ ᠤᠨ ᠢᠷᠡᠯᠲᠡ᠄ ︽ᠳᠤᠮᠳᠠᠳᠤ ᠤᠯᠤᠰ ᠤᠨ ᠲᠡᠦᠬᠡ ᠶᠢᠨ ᠭᠠᠵᠠᠷ ᠤᠨ | ᠵᠢᠷᠤᠭ ᠤᠨ ᠲᠡᠭᠦᠪᠦᠷᠢ︾︶ | | ᠰᠤᠷᠪᠤᠯᠵᠢᠯᠠᠭ᠎ᠠ ᠬᠦᠯᠢᠶᠡᠭᠴᠢ ᠶᠢᠨ ᠲᠣᠪᠴᠢ ᠲᠠᠨᠢᠯᠴᠠᠭᠤᠯᠭ᠎ᠠ᠄ | | ᠶᠠᠩ ᠨᠢᠶᠠᠨ ᠴᠢᠶᠦ᠋ᠨ ᠪᠣᠯ ᠳᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠴᠢᠩ ᠤᠯᠤᠰ ᠤᠨ ᠲᠡᠦᠬᠡ ᠰᠤᠳᠤᠯᠬᠤ ᠭᠠᠵᠠᠷ ᠤᠨ ᠫᠷᠤᠹᠧᠰᠰᠤᠷ᠃ | ᠲᠡᠭᠦᠨ ᠤ ᠭᠤᠣᠯ ᠪᠦᠲᠦᠭᠡᠯ ᠨᠢ ᠬᠡᠪᠡᠯ᠄ ︽ᠺᠦᠩᠽᠢ ᠶᠢᠨ ᠰᠤᠷᠭᠠᠯ ᠤᠨ ᠣᠷᠣᠨ ᠪᠦᠰᠡᠴᠢᠯᠡᠭᠰᠡᠨ ᠣᠷᠴᠢᠨ ᠦᠶ᠎ᠡ ᠶᠢᠨ ᠬᠡᠯᠪᠡᠷᠢ ᠪᠠᠶᠢᠳᠠᠯ︾ ︵1997 ᠣᠨ︶᠂ | ︽ᠶᠠᠩ ᠨᠢᠶᠠᠨ ᠴᠢᠶᠦ᠋ᠨ ᠤ ᠥᠪᠡᠷ ᠤᠨ ᠰᠣᠩᠭᠤᠮᠠᠯ ᠵᠣᠬᠢᠶᠠᠯ︾ ︵2000 ᠣᠨ︶᠂ ︽ᠳᠤᠮᠳᠠ ᠳᠠᠪᠬᠤᠷᠭ᠎ᠠ ᠶᠢᠨ ᠤᠨᠤᠯ︾ ︵2001 ᠣᠨ︶᠂ ︽ᠴᠠᠰᠤᠲᠤ ᠶᠢᠨ | ᠣᠷᠣᠨ ᠤ ᠨᠣᠮ ᠵᠠᠯᠠᠬᠰᠠᠨ ᠲᠡᠮᠳᠡᠭᠯᠡᠯ︾ ︵ᠬᠠᠮᠲᠤᠷᠠᠨ ᠨᠠᠶᠢᠷᠠᠭᠤᠯᠪᠠ᠂ 2003 ᠣᠨ︶᠂ ︽︿ᠡᠪᠡᠳᠴᠢᠲᠡᠨ﹀ ᠢ ᠲᠠᠬᠢᠨ ᠪᠦᠳᠦᠭᠡᠬᠦ ᠨᠢ︾ ︵2006 ᠣᠨ︶᠂ ︽ᠠᠯᠢ | ᠭᠠᠵᠠᠷ ᠨᠢ ︿ᠵᠢᠶᠠᠩᠨᠠᠨ﹀ ᠪᠤᠯᠬᠤ ᠪᠤᠢ︖︾ ︵2010︶᠂ ︽ᠲᠠᠪᠤᠨ ᠰᠠᠷ᠎ᠠ ᠶᠢᠨ ᠲᠦᠷᠪᠡᠨ ᠤ ᠬᠥᠳᠡᠯᠭᠡᠭᠡᠨ ᠤ ᠨᠦᠬᠦᠭᠡ ᠨᠢᠭᠡ ᠲᠠᠯ᠎ᠠ︾ ︵2019︶᠂ ︽︿ᠬᠤᠪᠢ | ᠵᠠᠶᠠᠭ᠎ᠠ﹀ ᠶᠢ ᠭᠡᠷᠬᠢᠨ ᠬᠤᠪᠢᠷᠠᠭᠤᠯᠬᠤ ᠲᠤᠬᠠᠢ︾ ︵2022︶ ᠵᠡᠷᠭᠡ ᠪᠦᠳᠦᠭᠡᠯ ᠪᠤᠢ᠂ ᠲᠡᠷᠡᠪᠡᠷ ︽ᠰᠢᠨ᠎ᠡ ᠲᠡᠦᠬᠡ ᠶᠢᠨ ᠤᠬᠠᠭᠠᠨ︾ ᠴᠤᠪᠤᠷᠠᠯ ᠰᠡᠳᠬᠦᠯ ︵ᠵᠦᠩᠬᠤᠸᠠ | ᠨᠣᠮ ᠤᠨ ᠲᠤᠪᠴᠢᠶ᠎ᠠ ᠶᠢᠨ ᠬᠡᠪᠯᠡᠯ︶ ᠵᠢᠴᠢ ︽ᠰᠢᠨ᠎ᠡ ᠲᠡᠦᠬᠡ ᠶᠢᠨ ᠤᠬᠠᠭᠠᠨ & ᠤᠯᠠᠨ ᠡᠰᠢᠲᠦ ᠶᠠᠷᠢᠯᠴᠠᠭᠠᠨ ᠤ ᠰᠢᠷᠢᠰ︾ ᠴᠤᠪᠤᠷᠠᠯ ᠪᠢᠴᠢᠭ ᠢ ᠨᠠᠶᠢᠷᠠᠭᠤᠯᠬᠤ | ᠠᠵᠢᠯ ᠢ ᠡᠷᠬᠢᠯᠡᠪᠡ᠃ ᠳᠤᠮᠳᠠᠳᠤ ᠤᠯᠤᠰ ᠤᠨ ᠤᠯᠤᠰ ᠲᠥᠷᠥ ᠶᠢᠨ ᠲᠡᠦᠬᠡ᠂ ᠨᠡᠶᠢᠭᠡᠮ ᠤᠨ ᠲᠡᠦᠬᠡ ᠶᠢᠨ ᠰᠤᠳᠤᠯᠤᠯ ᠨᠢ ᠲᠡᠭᠦᠨ ᠤ ᠭᠤᠣᠯ ᠪᠣᠯᠬᠤ ᠡᠷᠳᠡᠮ | ᠰᠢᠨᠵᠢᠯᠡᠭᠡᠨ ᠤ ᠳᠤᠷ᠎ᠠ ᠰᠣᠨᠢᠷᠬᠠᠯ ᠪᠣᠯᠬᠤ ᠪᠥᠭᠡᠳ ᠰᠢᠨᠵᠢᠯᠡᠭᠡᠨ ᠠᠯᠤᠰᠯᠠᠬᠤ᠂ ᠬᠦᠷᠢᠶ᠎ᠡ ᠴᠠᠷᠠᠭ᠎ᠠ ᠠᠯᠤᠰᠯᠠᠬᠤ ᠬᠠᠷᠠᠭᠠᠰᠤ ᠠᠴᠠ ᠳᠤᠮᠳᠠᠳᠤ ᠤᠯᠤᠰ ᠤᠨ | ᠲᠡᠦᠬᠡ ᠰᠤᠳᠤᠯᠤᠯ ᠤᠨ ᠰᠢᠨ᠎ᠡ ᠠᠷᠭ᠎ᠠ ᠵᠠᠮ ᠢ ᠰᠦᠪᠡᠭᠴᠢᠯᠡᠨ ᠰᠤᠳᠤᠯᠬᠤ ᠪᠠᠷ ᠤᠷᠳᠤ ᠬᠤᠭᠤᠴᠠᠭ᠎ᠠ ᠪᠠᠷ ᠬᠦᠴᠦᠯᠡᠨ ᠴᠢᠷᠮᠠᠶᠢᠵᠦ ᠪᠤᠢ᠃ | | | ᠣᠷᠴᠢᠭᠤᠯᠤᠭᠴᠢ᠄ ᠣᠶᠤᠨᠴᠡᠴᠡᠭ | ᠬᠢᠨᠠᠨ ᠨᠠᠶᠢᠷᠠᠭᠤᠯᠤᠭᠴᠢ᠄ ᠠᠳᠢᠶ᠎ᠠ ᠰᠠᠴᠤᠷᠠᠯ | ᠶᠡᠷᠦᠩᠬᠡᠢ ᠬᠢᠨᠠᠨ ᠨᠠᠶᠢᠷᠠᠭᠤᠯᠤᠭᠴᠢ᠄ ᠪᠠᠶᠠᠨᠴᠢᠮᠡᠭ |