200 ᠰᠢᠬᠠᠮ ᠵᠢᠯ ᠢ ᠰᠤᠨᠳᠠᠯᠠᠭᠰᠠᠨ ᠢᠨᠵᠧᠨᠧᠷᠢᠩ︕ ᠴᠢᠩ ᠤᠯᠤᠰ ᠤᠨ ᠲᠠᠪᠤᠨ ᠬᠠᠭᠠᠨ ᠤ ᠵᠠᠯᠭᠠᠵᠤ ᠨᠠᠶᠢᠷᠠᠭᠤᠯᠤᠭᠰᠠᠨ ︽ᠶᠡᠭᠡ ᠨᠢᠭᠡᠳᠦᠯ ᠤᠨ ᠪᠢᠴᠢᠭ︾
ᠨᠡᠶᠢᠲᠡᠯᠡᠭᠰᠡᠨ ᠴᠠᠭ᠄
2023/5/12
      ᠣᠷᠴᠢᠮ᠂ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ ︵ᠣᠶᠢᠯᠠᠪᠤᠷᠢ︶︾ ᠤᠨ ᠬᠠᠷᠭᠤᠭᠤᠯᠤᠨ ᠲᠤᠯᠭᠠᠭᠰᠠᠨ ᠳᠡᠪᠲᠡᠷ ᠦᠪᠡᠳᠡᠭᠰᠢ ᠶᠡᠭᠡ ᠪᠠᠷ ᠬᠡᠪᠯᠡᠭᠳᠡᠯ᠎ᠡ᠃ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠪᠣᠯ ᠴᠢᠩ ᠤᠯᠤᠰ ᠤᠨ ᠠᠯᠪᠠᠨ ᠠᠴᠠ ᠨᠠᠶᠢᠷᠠᠭᠤᠯᠤᠭᠰᠠᠨ ᠭᠠᠵᠠᠷ ᠵᠦᠢ ᠶᠢᠨ ᠶᠡᠷᠦᠩᠬᠡᠢ ᠪᠢᠴᠢᠭ ᠪᠣᠯᠣᠨ᠎ᠠ᠃ ︽ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠤᠨ ᠪᠢᠴᠢᠭᠰᠡᠨ ᠠᠵᠢᠯ ᠪᠣᠯ ᠤᠯᠤᠰ ᠭᠦᠷᠦᠨ ᠤ ᠢᠨᠵᠧᠨᠧᠷᠢᠩ ᠶᠤᠮ᠂ ᠡᠨᠡ ᠨᠢ ᠡᠩᠬᠡ ᠠᠮᠤᠭᠤᠯᠠᠩ᠂ ᠨᠠᠶᠢᠷᠠᠯᠲᠤ ᠲᠥᠪ᠂ ᠲᠡᠭᠷᠢ ᠲᠡᠳᠬᠦᠭᠴᠢ᠂ ᠰᠠᠶᠢᠰᠢᠶᠠᠯᠲᠤ ᠢᠷᠦᠭᠡᠯᠲᠦ᠂ ᠲᠥᠷᠥ ᠭᠡᠷᠡᠯᠲᠦ ᠲᠠᠪᠤᠨ ᠬᠠᠭᠠᠨ ᠢ ᠥᠩᠭᠡᠷᠡᠭᠡᠵᠦ᠂ 200 ᠰᠢᠬᠠᠮ ᠵᠢᠯ ᠢ ᠰᠤᠨᠳᠠᠯᠠᠭᠰᠠᠨ ᠮᠤᠨᠳᠠᠭ ᠶᠡᠭᠡ ᠪᠦᠲᠦᠭᠡᠯ ᠪᠣᠯᠣᠨ᠎ᠠ᠃ ᠴᠢᠩ ᠤᠯᠤᠰ ᠤᠨ ᠲᠠᠪᠤᠨ ᠬᠠᠭᠠᠨ ᠶᠠᠮᠠᠷ ᠵᠣᠷᠢᠯᠭ᠎ᠠ ᠪᠠᠷ ᠬᠤᠶᠠᠷ ᠵᠠᠭᠤ ᠰᠢᠬᠠᠮ ᠤᠷᠲᠤ ᠤᠳᠠᠭᠠᠨ ᠣᠨ ᠵᠢᠯ ᠤᠨ ᠳᠣᠲᠣᠷ᠎ᠠ᠂ ︽ᠶᠡᠭᠡ ᠨᠢᠭᠡᠳᠦᠯ ᠤᠨ ᠪᠢᠴᠢᠭ︾ ᠢ ᠵᠠᠯᠭᠠᠵᠤ ᠨᠠᠶᠢᠷᠠᠭᠤᠯᠤᠭᠰᠠᠨ ᠪᠤᠢ︖
1.jpg     
      ▲ᠴᠢᠩ ᠤᠯᠤᠰ ᠤᠨ ᠮᠠᠨᠳᠤᠭᠰᠠᠨ ᠲᠥᠷᠥ ᠶᠢᠨ ᠭᠠᠵᠠᠷ ᠤᠨ ᠵᠢᠷᠤᠭ ︵ᠵᠢᠷᠤᠭ ᠤᠨ ᠢᠷᠡᠯᠲᠡ᠄ ︽ᠳᠤᠮᠳᠠᠳᠤ ᠤᠯᠤᠰ ᠤᠨ ᠲᠡᠦᠬᠡ ᠶᠢᠨ ᠭᠠᠵᠠᠷ ᠵᠦᠢ ᠶᠢᠨ ᠵᠢᠷᠤᠭ ᠤᠨ ᠡᠮᠬᠢᠳᠬᠡᠯ︾︶      ᠡᠩᠬᠡ ᠠᠮᠤᠭᠤᠯᠠᠩ ᠡᠬᠢᠯᠡᠵᠦ ᠨᠠᠶᠢᠷᠠᠭᠤᠯᠤᠨ᠂ ᠲᠥᠪ ᠤᠳᠤᠮᠰᠢᠯ ᠢ ᠲᠤᠩᠬᠠᠭᠯᠠᠭᠰᠠᠨ ᠨᠢ      ᠴᠠᠭ ᠤᠨ ᠬᠦᠷᠳᠦ ᠶᠢ ᠡᠷᠭᠢᠭᠦᠯᠦᠨ ᠡᠩᠬᠡ ᠠᠮᠤᠭᠤᠯᠠᠩ ᠤᠨ ᠲᠥᠷᠥ ᠪᠠᠷᠢᠭᠰᠠᠨ ᠡᠬᠢᠨ ᠤ ᠦᠶ᠎ᠡ᠂ ᠲᠤᠬᠠᠶᠢᠯᠠᠪᠠᠯ ᠡᠩᠬᠡ ᠠᠮᠤᠭᠤᠯᠠᠩ ᠤᠨ ᠨᠠᠢᠮᠠᠳᠤᠭᠠᠷ ᠣᠨ ︵1669 ᠣᠨ︶ ᠳᠤ᠂ ᠡᠩᠬᠡ ᠠᠮᠤᠭᠤᠯᠠᠩ ᠵᠠᠯᠢᠬᠠᠢ ᠲᠦᠰᠢᠮᠡᠯ ᠣᠪᠣᠢ ᠶᠢ ᠡᠴᠦᠰᠯᠡᠭᠦᠯᠵᠦ᠂ ᠲᠥᠷᠥ ᠶᠢᠨ ᠡᠷᠬᠡ ᠶᠢ ᠭᠠᠷ ᠲᠤ ᠪᠠᠨ ᠣᠷᠣᠭᠤᠯᠪᠠ᠃ ᠡᠨᠡ ᠦᠶ᠎ᠡ ᠳᠤ᠂ ᠴᠢᠩ ᠤᠨ ᠴᠡᠷᠢᠭ ᠪᠣᠭᠤᠮᠲᠠ ᠳᠤ ᠣᠷᠣᠵᠤ ᠢᠷᠡᠭᠡᠳ ᠨᠢᠭᠡᠨᠲᠡ ᠬᠤᠷᠢ ᠭᠠᠷᠤᠢ ᠵᠢᠯ ᠪᠣᠯᠣᠭᠰᠠᠨ ᠪᠣᠯᠪᠠᠴᠤ᠂ ᠣᠯᠠᠩᠬᠢ ᠮᠤᠵᠢ ᠣᠷᠣᠨ ᠨᠤᠭᠤᠳ ᠣᠷᠣᠨ ᠨᠤᠲᠤᠭ ᠤᠨ ᠣᠶᠢᠯᠠᠯᠭ᠎ᠠ ᠶᠢᠨ ᠪᠢᠴᠢᠭ ᠢ ᠠᠷᠠᠢ ᠪᠢᠴᠢᠵᠦ ᠵᠠᠪᠳᠤᠭᠠᠳᠤᠢ ᠪᠠᠶᠢᠪᠠ᠃ ᠲᠥᠷᠥ ᠵᠠᠰᠠᠭ ᠠᠴᠠ ᠡᠯ᠎ᠡ ᠭᠠᠵᠠᠷ ᠤᠨ ᠠᠭᠤᠯᠠ ᠤᠰᠤ᠂ ᠭᠠᠵᠠᠷ ᠤᠨ ᠪᠠᠶᠢᠷᠢᠰᠢᠯ᠂ ᠬᠥᠮᠥᠨ ᠠᠮᠠ᠂ ᠭᠠᠵᠠᠷ ᠲᠠᠷᠢᠶᠠᠯᠠᠩ᠂ ᠵᠠᠩ ᠰᠤᠷᠲᠠᠬᠤᠨ ᠵᠡᠷᠭᠡ ᠦᠨᠳᠦᠰᠦᠨ ᠮᠡᠳᠡᠭᠡ ᠵᠠᠩᠭᠢ ᠶᠢ ᠪᠦᠷᠢᠮᠦᠰᠦᠨ ᠡᠵᠡᠮᠰᠢᠵᠤ ᠴᠢᠳᠠᠭ᠎ᠠ ᠦᠭᠡᠢ ᠪᠠᠶᠢᠵᠠᠢ᠃ ᠡᠨᠡ ᠪᠠᠶᠢᠳᠠᠯ ᠳᠤ ᠴᠢᠭᠯᠡᠭᠦᠯᠦᠨ ᠡᠭᠦᠷᠢᠳᠡ ᠨᠠᠶᠢᠷᠠᠮᠳᠠᠭᠤᠯᠤᠭᠴᠢ ᠬᠠᠷᠰᠢ ᠶᠢᠨ ᠲᠠᠢ ᠬᠡᠦᠰᠢ ᠸᠧᠢ ᠵᠸᠤ ᠽᠦᠸᠧ ᠠᠶᠢᠯᠠᠳᠬᠠᠯ ᠪᠢᠴᠢᠭ ᠡᠷᠭᠦᠨ᠂ ᠲᠥᠷᠥ ᠵᠠᠰᠠᠭ ᠠᠴᠠ ᠡᠯ᠎ᠡ ᠮᠤᠵᠢ ᠶᠢᠨ ᠲᠦᠳᠤ᠋᠂ ᠴᠠᠨ᠎ᠠ ᠨᠣᠶᠠᠨ ᠵᠡᠷᠭᠡ ᠲᠦᠰᠢᠮᠡᠯ ᠢ ᠶᠡᠷᠦᠩᠬᠡᠶᠢᠯᠡᠨ ᠵᠠᠬᠢᠷᠴᠤ᠂ ᠠᠯᠳᠠᠷ ᠴᠣ ᠲᠠᠢ ᠪᠢᠴᠢᠭ ᠤᠨ ᠮᠡᠷᠭᠡᠳ ᠢ ᠤᠷᠢᠨ ᠲᠣᠮᠢᠯᠠᠵᠤ᠂ ︽ᠨᠡᠪᠲᠡᠷᠬᠡᠢ ᠣᠶᠢᠯᠠᠯᠭ᠎ᠠ︾ ᠶᠢ ᠨᠠᠶᠢᠷᠠᠭᠤᠯᠤᠨ ᠪᠢᠴᠢᠵᠦ ᠲᠥᠪ ᠲᠤ ᠮᠡᠳᠡᠭᠦᠯᠵᠦ᠂ ᠰᠤᠳᠤᠷ ᠪᠢᠴᠢᠭ ᠤᠨ ᠬᠦᠷᠢᠶᠡᠯᠡᠩ ᠬᠤᠷᠢᠶᠠᠩᠭᠤᠶᠢᠯᠠᠨ ᠨᠠᠶᠢᠷᠠᠭᠤᠯᠤᠭᠠᠳ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠪᠣᠯᠭᠠᠮᠤ ᠬᠡᠮᠡᠵᠡᠢ᠃      ᠡᠨᠡ ᠳᠤᠷᠠᠳᠤᠯᠭ᠎ᠠ ᠶᠢᠨ ᠤᠯᠤᠰ ᠲᠥᠷᠥ ᠶᠢᠨ ᠠᠴᠢ ᠬᠤᠯᠪᠣᠭᠳᠠᠯ ᠶᠡᠭᠡ᠂ ᠴᠢᠩ ᠤᠨ ᠵᠠᠰᠠᠭ ᠤᠨ ᠭᠠᠵᠠᠷ ᠠᠴᠠ ᠪᠦᠬᠦ ᠤᠯᠤᠰ ᠤᠨ ᠡᠯ᠎ᠡ ᠵᠦᠢᠯ ᠤᠨ ᠮᠡᠳᠡᠭᠡ ᠵᠠᠩᠭᠢ ᠶᠢ ᠪᠦᠬᠦ ᠲᠠᠯ᠎ᠠ ᠪᠠᠷ ᠡᠵᠡᠮᠰᠢᠬᠦ᠂ ᠡᠯ᠎ᠡ ᠲᠠᠯ᠎ᠠ ᠶᠢᠨ ᠡᠬᠢ ᠪᠠᠶᠠᠯᠢᠭ ᠢ ᠡᠮᠬᠢᠯᠡᠨ ᠨᠢᠭᠡᠳᠬᠡᠬᠦ ᠳᠤ ᠠᠰᠢᠭᠲᠠᠢ ᠪᠠᠶᠢᠵᠠᠢ᠃ ᠲᠡᠭᠦᠨ ᠤ ᠨᠡᠩ ᠴᠢᠬᠤᠯᠠ ᠨᠢ ᠶᠤᠸᠠᠨ᠂ ᠮᠢᠩ ᠬᠤᠶᠠᠷ ᠲᠥᠷᠥ ᠶᠢᠨ ︽ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠤᠨ ᠪᠢᠴᠢᠬᠦ ᠤᠯᠠᠮᠵᠢᠯᠠᠯ ᠢ ᠵᠠᠯᠭᠠᠬᠤ ᠳᠤ ᠪᠠᠶᠢᠬᠤ ᠶᠤᠮ᠃ ᠶᠤᠸᠠᠨ ᠤᠯᠤᠰ ᠤᠨ ᠨᠠᠶᠢᠷᠠᠭᠤᠯᠤᠭᠰᠠᠨ ︽ᠲᠠᠶᠢᠶᠤᠸᠠᠨ ᠤᠯᠤᠰ ᠤᠨ ᠶᠡᠭᠡ ᠨᠢᠭᠡᠳᠦᠯ ᠤᠨ ᠪᠢᠴᠢᠭ︾ ᠨᠢ ︽ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠤᠨ ᠪᠢᠴᠢᠬᠦ ᠠᠩᠬᠠᠨ ᠤ ᠵᠠᠮ ᠢ ᠨᠡᠭᠡᠭᠡᠭᠰᠡᠨ ᠶᠤᠮ᠂ ᠮᠢᠩ ᠤᠯᠤᠰ ᠡᠭᠦᠨ ᠢᠶᠠᠷ ᠵᠢᠱᠢᠶ᠎ᠡ ᠪᠣᠯᠭᠠᠨ ︽ᠳᠠᠶᠢᠮᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠤᠨ ᠭᠠᠷᠭᠠᠭᠰᠠᠨ ᠨᠢ ︽ᠡᠷᠲᠡᠨ ᠢ ᠡᠳᠦᠭᠡ ᠳᠤ ᠵᠠᠯᠭᠠᠵᠤ᠂ ᠡᠮᠬᠢᠯᠡᠨ ᠨᠠᠶᠢᠷᠠᠭᠤᠯᠤᠭᠠᠳ ᠨᠣᠮ ᠪᠣᠯᠭᠠᠵᠠᠢ︾᠃ ︽ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠤᠭᠰᠠᠨ ᠨᠢ ᠴᠢᠩ ᠤᠯᠤᠰ ᠤᠨ ᠤᠯᠤᠰ ᠢ ᠵᠠᠰᠠᠬᠤ ᠡᠷᠬᠡ ᠪᠠᠨ ᠲᠤᠩᠬᠠᠭᠯᠠᠬᠤ ᠪᠠᠷ ᠥᠯᠥ ᠪᠠᠷᠠᠨ᠂ ᠨᠡᠩ ᠴᠢᠬᠤᠯᠠ ᠨᠢ ᠶᠤᠸᠠᠨ᠂ ᠮᠢᠩ᠂ ᠴᠢᠩ ᠤᠨ ᠡᠮᠦᠨ᠎ᠡ ᠬᠤᠶᠢᠨᠠᠬᠢ ᠤᠯᠠᠮᠵᠢᠯᠠᠯ ᠤᠨ ᠬᠠᠷᠢᠴᠠᠭ᠎ᠠ ᠶᠢ ᠢᠯᠡᠷᠬᠡᠶᠢᠯᠡᠭᠰᠡᠨ ᠪᠠᠶᠢᠳᠠᠭ᠃ ᠡᠶᠢᠮᠦ ᠠᠴᠠ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠬᠤ ᠠᠵᠢᠯ ᠨᠢ ᠴᠢᠩ ᠤᠯᠤᠰ ᠳᠡᠯᠡᠬᠡᠢ ᠳ᠋ᠠᠬᠢᠨ ᠳᠤ ᠲᠥᠪ ᠤᠳᠤᠮᠰᠢᠯ ᠢ ᠵᠠᠯᠭᠠᠮᠵᠢᠯᠠᠭᠰᠠᠨ ᠲᠤᠩᠬᠠᠭ ᠪᠢᠴᠢᠭ ᠪᠣᠯᠣᠨ᠎ᠠ᠃ ᠡᠩᠬᠡ ᠠᠮᠤᠭᠤᠯᠠᠩ ᠬᠠᠭᠠᠨ ᠡᠨᠡ ᠬᠦ ᠳᠤᠷᠠᠳᠤᠯᠭ᠎ᠠ ᠶᠢ ᠳᠤᠷᠠᠲᠠᠶᠢᠶ᠎ᠠ ᠬᠦᠯᠢᠶᠡᠨ ᠠᠪᠤᠭᠠᠳ ᠡᠯ᠎ᠡ ᠰᠠᠯᠠᠭ᠎ᠠ ᠮᠥᠴᠢᠷ ᠤᠨ ᠬᠢᠨ ᠶᠠᠭ ᠴᠠᠭ ᠢ ᠵᠠᠪᠳᠤᠨ ᠡᠬᠢᠯᠡᠭᠦᠯᠬᠦ ᠠᠵᠢᠯ ᠢᠶᠠᠨ ᠪᠡᠯᠡᠳᠬᠡᠵᠦ ᠪᠠᠶᠢᠲᠠᠯ᠎ᠠ᠂ ︽ᠭᠤᠷᠪᠠᠨ ᠬᠢᠵᠠᠭᠠᠷ ᠤᠨ ᠦᠢᠮᠡᠭᠡᠨ︾ ᠡᠭᠦᠰᠴᠦ᠂ ᠪᠦᠬᠦ ᠤᠯᠤᠰ ᠢ ᠳᠣᠩᠰᠣᠯᠭᠠᠵᠤ᠂ ᠣᠶᠢᠯᠠᠯᠭ᠎ᠠ ᠶᠢᠨ ᠪᠢᠴᠢᠭ ᠢ ᠨᠠᠶᠢᠷᠠᠭᠤᠯᠬᠤ ᠠᠵᠢᠯ ᠲᠦᠷ ᠵᠣᠭᠰᠣᠪᠠ᠃      ᠭᠤᠷᠪᠠᠨ ᠬᠢᠵᠠᠭᠠᠷ ᠢ ᠲᠦᠪᠰᠢᠳᠬᠡᠭᠰᠡᠨ ᠤ ᠳᠠᠷᠠᠭ᠎ᠠ᠂ ᠴᠢᠩ ᠤᠯᠤᠰ ᠤᠷᠢᠳ ᠬᠤᠵᠢᠳ ᠵᠡᠭᠦᠨ ᠡᠮᠦᠨ᠎ᠡ ᠵᠦᠭ ᠲᠤ ᠲᠠᠶᠢᠸᠠᠨ ᠢ ᠡᠬᠡᠭᠦᠯᠦᠨ ᠠᠪᠴᠤ᠂ ᠤᠮᠠᠷ᠎ᠠ ᠳᠤ ᠬᠠᠭᠠᠨᠲᠤ ᠣᠷᠣᠰ ᠢ ᠥᠯᠳᠡᠨ ᠭᠠᠷᠭᠠᠪᠠ᠃ ᠨᠢᠭᠡ ᠯᠡ ᠳᠣᠣᠷ᠎ᠠ ᠨᠤᠲᠤᠭ ᠳᠡᠪᠢᠰᠬᠡᠷ ᠦᠳᠲᠡᠷ ᠲᠦᠷᠭᠡᠨ ᠥᠷᠭᠡᠵᠢᠨ ᠲᠡᠯᠡᠵᠦ᠂ ᠡᠮᠦᠨᠡᠬᠢ ᠲᠥᠷᠥ ᠨᠦᠭᠦᠳ ᠠᠴᠠ ᠬᠤᠯᠠ ᠳᠠᠪᠠᠭᠰᠠᠨ ᠪᠠᠶᠢᠪᠠ᠃ ᠡᠶᠢᠨ ᠬᠦ ᠢᠲᠡᠭᠡᠯ ᠳᠦᠭᠦᠷᠡᠩ ᠪᠣᠯᠣᠭᠰᠠᠨ ᠡᠩᠬᠡ ᠠᠮᠤᠭᠤᠯᠠᠩ ᠬᠠᠭᠠᠨ ︽ᠶᠡᠭᠡ ᠨᠢᠭᠡᠳᠦᠯ︾ ᠳᠤ ᠨᠡᠩ ᠭᠦᠨᠵᠡᠭᠡᠢ ᠲᠠᠨᠢᠯᠲᠠ ᠲᠠᠢ ᠪᠣᠯᠵᠤ᠂ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠢ ᠨᠢᠭᠡᠨ ᠦᠶ᠎ᠡ ᠶᠢᠨ ᠨᠡᠶᠢᠲᠡᠯᠢᠭ ᠳᠦᠷᠢᠮ ᠪᠣᠯᠭᠠᠬᠤ ᠶᠢ ᠱᠠᠭᠠᠷᠳᠠᠭᠰᠠᠨ ᠶᠤᠮ᠃ ᠡᠩᠬᠡ ᠠᠮᠤᠭᠤᠯᠠᠩ ᠬᠠᠭᠠᠨ ᠤ ᠰᠠᠨᠠᠭᠤᠯᠭ᠎ᠠ ᠪᠠᠷ ᠴᠧᠨ ᠶᠡᠨ ᠵᠢᠩ᠂ ᠰᠢᠦᠢ ᠴᠢᠶᠠᠨ ᠰᠢᠦᠸᠠᠢ᠂ ᠭᠤᠤ ᠱᠢ ᠴᠢ ᠨᠠᠷ ᠢᠶᠠᠷ ᠪᠦᠷᠢᠯᠳᠦᠭᠰᠡᠨ ︽ᠶᠡᠭᠡ ᠨᠢᠭᠡᠳᠦᠯ ᠤᠨ ᠣᠶᠢᠯᠠᠯᠭ᠎ᠠ︾ ᠶᠢᠨ ᠠᠯᠪᠠᠨ ᠭᠡᠷ ᠢ ᠪᠠᠶᠢᠭᠤᠯᠵᠤ᠂ ᠲᠤᠰᠬᠠᠶᠢᠯᠠᠨ ᠨᠠᠶᠢᠷᠠᠭᠤᠯᠤᠨ ᠪᠢᠴᠢᠬᠦ ᠠᠵᠢᠯ ᠢ ᠡᠷᠬᠢᠯᠡᠬᠦ ᠶᠢᠨ ᠳᠠᠭᠠᠤ ᠠᠯᠪᠠᠨ ᠠᠴᠠ ᠨᠠᠶᠢᠷᠠᠭᠤᠯᠤᠭᠰᠠᠨ ᠰᠤᠳᠤᠷ ᠪᠢᠴᠢᠭ᠂ ᠬᠠᠭᠠᠨ ᠤ ᠣᠷᠳᠣᠨ ᠤ ᠳᠠᠩᠰᠠ ᠡᠪᠬᠢᠮᠡᠯ᠂ ᠴᠢᠨᠠᠭᠰᠢᠯᠠᠪᠠᠯ ᠮᠠᠨᠵᠤ ᠦᠰᠦᠭ ᠤᠨ ᠭᠠᠵᠠᠷ ᠤᠨ ᠵᠢᠷᠤᠭ ᠢ ᠬᠠᠮᠲᠤ ᠳᠤ ᠨᠢ ᠨᠡᠭᠡᠭᠡᠯᠲᠡᠲᠡᠢ ᠪᠣᠯᠭᠠᠵᠠᠢ᠃
2.jpg     
     ▲ᠲᠡᠭᠷᠢ ᠲᠡᠳᠬᠦᠭᠴᠢ ᠬᠠᠭᠠᠨ ᠤ ᠪᠢᠴᠢᠭᠰᠡᠨ ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ ᠤᠨ ᠣᠷᠣᠰᠢᠯ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠰᠦᠷᠲᠦ ᠶᠡᠩᠵᠤᠲᠠᠢ ᠬᠠᠷᠰᠢ ᠶᠢᠨ ᠰᠡᠶᠢᠯᠦᠮᠡᠯ ᠬᠡᠪᠯᠡᠯ ︵ᠬᠠᠭᠠᠨ ᠤ ᠣᠷᠳᠣᠨ ᠤ ᠮᠦᠽᠸᠢ︶      ᠡᠩᠬᠡ ᠠᠮᠤᠭᠤᠯᠠᠩ ᠤᠨ ᠬᠤᠷᠢᠨ ᠬᠤᠶᠠᠳᠤᠭᠠᠷ ᠣᠨ ︵1683 ᠣᠨ︶ ᠳᠤ ᠬᠠᠭᠠᠨ ᠠᠴᠠ ︽ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠬᠤ ᠠᠵᠢᠯ ᠳᠤ ᠴᠤᠬᠤᠪᠤᠷᠢᠯᠠᠯᠲᠠ ᠬᠢᠵᠦ᠄ ︽ᠴᠠᠭᠠᠨ ᠬᠡᠷᠡᠮ ᠤᠨ ᠭᠠᠳᠠᠨᠠᠬᠢ ᠭᠠᠵᠠᠷ ᠤᠨ ᠨᠡᠷ᠎ᠡ ᠶᠢ ᠨᠢᠭᠡ ᠪᠣᠯ ᠬᠢᠲᠠᠳ ᠬᠡᠯᠡᠨ ᠳᠤ ᠪᠠᠶᠢᠯᠭᠠᠬᠤ᠂ ᠡᠰᠡᠪᠡᠯ ᠬᠢᠲᠠᠳ ᠬᠡᠯᠡᠨ ᠳᠤ ᠥᠯᠥ ᠪᠠᠶᠢᠯᠭᠠᠬᠤ ᠶᠢ ᠢᠯᠭᠠᠨ ᠲᠣᠭᠲᠠᠭᠠᠵᠤ᠂ ︿ᠶᠡᠭᠡ ᠨᠢᠭᠡᠳᠦᠯ ᠤᠨ ᠪᠢᠴᠢᠭ﹀ ᠲᠤ ᠣᠷᠣᠭᠤᠯᠪᠠᠯ ᠵᠣᠬᠢᠨ᠎ᠠ︾ ᠭᠡᠰᠡᠨ ᠪᠠᠶᠢᠨ᠎ᠠ᠃ ᠠᠳᠡᠬᠢ ᠨᠢ ︽ᠴᠠᠭᠠᠨ ᠬᠡᠷᠡᠮ ᠤᠨ ᠭᠠᠳᠠᠨᠠᠬᠢ︾ ᠭᠡᠳᠡᠭ ᠪᠣᠯ ᠭᠤᠣᠯ ᠨᠢ ︽ᠭᠤᠪᠢ ᠶᠢᠨ ᠡᠮᠦᠨᠡᠬᠢ︾ ᠮᠣᠩᠭᠤᠯ ᠠᠶᠢᠮᠠᠭ ᠤᠳ ᠢ ᠵᠢᠭᠠᠵᠤ ᠪᠠᠶᠢᠭ᠎ᠠ ᠶᠤᠮ᠃ ︽ᠭᠠᠳᠠᠭᠠᠳᠤ ᠮᠣᠩᠭᠤᠯ ᠤᠨ ᠶᠡᠷᠦᠩᠬᠡᠢ ᠠᠶᠢᠮᠠᠭ︾ ᠭᠡᠰᠡᠨ ᠲᠤᠰᠬᠠᠢ ᠪᠦᠯᠦᠭ ᠭᠠᠷᠭᠠᠵᠤ᠂ ᠪᠢᠴᠢᠭᠳᠡᠵᠦ ᠪᠦᠬᠦᠢ ᠬᠢᠯᠢ ᠬᠢᠵᠠᠭᠠᠷ ᠣᠷᠣᠨ ᠨᠤᠭᠤᠳ ᠢ ︽ᠶᠡᠭᠡ ᠨᠢᠭᠡᠳᠦᠯ︾ ᠤᠨ ᠰᠢᠰᠲ᠋ᠧᠮ ᠤᠨ ᠦᠯᠢᠭᠡᠷ ᠵᠢᠱᠢᠶ᠎ᠡ ᠳᠤ ᠣᠷᠣᠭᠤᠯᠤᠭᠰᠠᠨ ᠪᠠᠶᠢᠨ᠎ᠠ᠃      ᠡᠩᠬᠡ ᠠᠮᠤᠭᠤᠯᠠᠩ ᠤᠨ ᠬᠤᠷᠢᠨ ᠳᠣᠯᠣᠳᠤᠭᠠᠷ ᠣᠨ ︵1688 ᠣᠨ︶ ᠳᠤ ᠥᠭᠡᠯᠡᠳ ᠤᠨ ᠵᠦᠩᠭᠠᠷ ᠬᠠᠭᠠᠨ ᠭᠠᠯᠳᠠᠨ ᠴᠡᠷᠢᠭ ᠳᠠᠶᠢᠴᠢᠯᠠᠨ ᠬᠠᠯᠬ᠎ᠠ ᠮᠣᠩᠭᠤᠯ ᠢ ᠲᠦᠷᠢᠮᠡᠬᠡᠶᠢᠯᠡᠪᠡ᠃ ᠳᠠᠷᠠᠭ᠎ᠠ ᠵᠢᠯ ᠨᠢ ᠭᠠᠯᠳᠠᠨ ᠠᠶᠤᠮᠰᠢᠭ ᠦᠭᠡᠢ ᠪᠠᠷ ᠭᠤᠪᠢ ᠶᠢᠨ ᠡᠮᠦᠨ᠎ᠡ ᠳᠠᠭᠠᠷᠢᠯᠲᠠ ᠬᠢᠭᠡᠳ ᠤᠮᠠᠷ᠎ᠠ ᠬᠢᠵᠠᠭᠠᠷ ᠲᠦᠭᠰᠢᠭᠦᠷᠢ ᠲᠠᠢ ᠪᠣᠯᠵᠤ ᠨᠡᠶᠢᠰᠯᠡᠯ ᠬᠤᠲᠠ ᠰᠦᠷᠳᠡᠭᠦᠯᠦᠯ ᠳᠤ ᠤᠴᠠᠷᠠᠪᠠ᠃ ᠮᠠᠰᠢ ᠣᠬᠤᠷᠬᠠᠨ ᠬᠤᠭᠤᠴᠠᠭᠠᠨ᠎ᠠ᠂ ᠴᠢᠩ ᠤᠨ ᠴᠡᠷᠢᠭ ᠤᠮᠠᠷᠠᠰᠢ ᠳᠠᠶᠢᠯᠠᠵᠤ ᠭᠠᠯᠳᠠᠨ ᠢ ᠳᠠᠷᠤᠭᠰᠠᠨ ᠪᠠᠶᠢᠨ᠎ᠠ᠃ ᠡᠩᠬᠡ ᠠᠮᠤᠭᠤᠯᠠᠩ ᠤᠨ ᠭᠤᠴᠢᠳᠤᠭᠠᠷ ᠣᠨ ︵1691 ᠣᠨ︶ ᠳᠤ ᠡᠩᠬᠡ ᠠᠮᠤᠭᠤᠯᠠᠩ ᠬᠠᠭᠠᠨ ᠳᠣᠯᠣᠨ ᠨᠠᠭᠤᠷ ︵ᠥᠨᠥ ᠶᠢᠨ ᠰᠢᠯᠢ ᠶᠢᠨ ᠭᠤᠣᠯ ᠠᠶᠢᠮᠠᠭ ᠤᠨ ᠳᠣᠯᠣᠨ ᠰᠢᠶᠠᠨ︶ ᠲᠤ ᠪᠡᠶ᠎ᠡ ᠪᠠᠷ ᠰᠠᠭᠠᠲᠠᠵᠤ᠂ ᠬᠠᠯᠬ᠎ᠠ ᠠᠶᠢᠮᠠᠭ ᠤᠨ ᠲᠦᠷᠦᠭᠦᠴᠦᠳ ᠪᠣᠯᠣᠨ ᠭᠤᠪᠢ ᠶᠢᠨ ᠡᠮᠦᠨᠡᠬᠢ ᠸᠠᠩ ᠭᠦᠩ ᠤᠳ ᠲᠠᠢ ᠴᠢᠭᠤᠯᠭᠠᠨ ᠴᠢᠭᠤᠯᠪᠠ᠂ ᠲᠡᠦᠬᠡᠨ ᠳᠡᠭᠡᠷ᠎ᠡ ᠡᠭᠦᠨ ᠢ ᠳᠣᠯᠣᠨ ᠨᠠᠭᠤᠷ ᠤᠨ ᠴᠢᠭᠤᠯᠭᠠᠨ ᠭᠡᠳᠡᠭ᠃ ᠴᠢᠭᠤᠯᠭᠠᠨ ᠳᠡᠭᠡᠷ᠎ᠡ ᠬᠠᠯᠬ᠎ᠠ ᠮᠣᠩᠭᠤᠯ ᠤᠨ ᠡᠯ᠎ᠡ ᠠᠶᠢᠮᠠᠭ ᠤᠳ ᠢ ᠠᠶᠢᠮᠠᠭ ᠬᠤᠰᠢᠭᠤᠨ ᠳᠤ ᠬᠤᠪᠢᠶᠠᠨ ᠬᠢᠯᠢ ᠬᠢᠵᠠᠭᠠᠷ ᠢ ᠲᠣᠭᠲᠠᠭᠠᠵᠤ᠂ ᠬᠠᠤᠯᠢ ᠳᠦᠷᠢᠮ ᠢ ᠨᠡᠶᠢᠳᠡᠯᠡᠵᠡᠢ᠃ ᠡᠭᠦᠨ ᠠᠴᠠ ᠬᠤᠶᠢᠰᠢ ᠭᠤᠪᠢ ᠶᠢᠨ ᠠᠷᠤ ᠳᠠᠬᠢ ᠮᠣᠩᠭᠤᠯᠴᠤᠳ ᠴᠢᠩ ᠤᠯᠤᠰ ᠤᠨ ᠨᠤᠲᠤᠭ ᠳᠡᠪᠢᠰᠬᠡᠷ ᠲᠤ ᠪᠠᠭᠲᠠᠯᠴᠠᠨ ᠣᠷᠣᠭᠰᠠᠨ ᠠᠵᠢ᠃
3.jpg     
         ▲ᠡᠩᠬᠡ ᠠᠮᠤᠭᠤᠯᠠᠩ ᠬᠠᠭᠠᠨ ᠤ ᠵᠠᠷᠯᠢᠭ ᠢᠶᠠᠷ ᠬᠥᠬᠡ ᠰᠦᠮ᠎ᠡ ᠶᠢ ᠪᠠᠶᠢᠭᠤᠯᠤᠨ ᠳᠣᠯᠤᠨ ᠨᠠᠭᠤᠷ ᠤᠨ ᠴᠢᠭᠤᠯᠭᠠᠨ ᠢ ᠳᠤᠷᠠᠰᠬᠠᠵᠠᠢ᠃ ︵ᠵᠢᠷᠤᠭ ᠤᠨ ᠢᠷᠡᠯᠲᠡ᠄ ᠳᠤᠮᠳᠠᠳᠤ ᠶᠢᠨ ᠰᠦᠯᠵᠢᠶᠡᠨ ᠤ ᠲᠠᠯ᠎ᠠ ᠨᠤᠲᠤᠭ ᠤᠨ ᠰᠤᠪᠠᠭ︶      ᠲᠤᠰ ᠵᠢᠯ᠂ ᠡᠩᠬᠡ ᠠᠮᠤᠭᠤᠯᠠᠩ ᠬᠠᠭᠠᠨ ᠳᠣᠯᠣᠨ ᠠᠴᠠ ᠨᠡᠶᠢᠰᠯᠡᠯ ᠪᠤᠴᠠᠬᠤ ᠵᠠᠮ ᠳᠤ ᠪᠠᠨ ᠴᠠᠭᠠᠨ ᠬᠡᠷᠡᠮ ᠳᠡᠭᠡᠷ᠎ᠡ ᠭᠠᠷᠬᠤ ᠲᠠᠢ ᠲᠣᠬᠢᠶᠠᠵᠤ ᠮᠤᠯᠳᠤᠰᠢ ᠬᠠᠭᠠᠯᠭᠠᠨ ᠤ ᠪᠦᠭᠦᠳᠡ ᠶᠢ ᠵᠠᠬᠢᠷᠤᠭᠴᠢ ᠼᠠᠢ ᠶᠤᠸᠠᠨ ᠤ ᠤᠷᠲᠤ ᠴᠠᠭᠠᠨ ᠬᠡᠷᠡᠮ ᠢ ᠰᠡᠯᠪᠢᠨ ᠵᠠᠰᠠᠬᠤ ᠠᠶᠢᠯᠠᠳᠬᠠᠯ ᠪᠢᠴᠢᠭ ᠳᠡᠪᠰᠢᠭᠦᠯᠦᠭᠰᠡᠨ ᠳᠤ ᠡᠩᠬᠡ ᠠᠮᠤᠭᠤᠯᠠᠩ ᠬᠠᠭᠠᠨ ᠠᠴᠠ ᠭᠦᠨᠵᠡᠭᠡᠢ ᠰᠡᠳᠬᠢᠭᠦᠰᠢᠲᠡᠢ ᠨᠢᠭᠡᠨ ᠨᠣᠲᠠᠯᠠᠯᠲᠠ ᠬᠢᠭᠰᠡᠨ ᠨᠢ ᠡᠨᠡ ᠠᠵᠤᠭᠤ᠄ ᠴᠢᠨ ᠤᠯᠤᠰ ᠠᠴᠠ ᠨᠠᠭᠠᠰᠢ ᠴᠠᠭᠠᠨ ᠬᠡᠷᠡᠮ ᠢ ᠵᠠᠰᠠᠭᠰᠠᠨ ᠠᠴᠠ ᠠᠪᠤᠭᠠᠳ᠂ ᠬᠠᠨ᠂ ᠲᠠᠩ᠂ ᠰᠦᠩ ᠪᠠᠰᠠ ᠦᠷᠭᠦᠯᠵᠢ ᠵᠠᠰᠠᠭᠰᠠᠨ ᠠᠪᠠᠴᠤ ᠬᠢᠯᠢ ᠶᠢᠨ ᠭᠠᠮᠰᠢᠭ ᠥᠯᠦ ᠲᠠᠰᠤᠷᠠᠵᠤᠬᠤᠢ᠃ ᠮᠢᠩ ᠤᠯᠤᠰ ᠴᠠᠭᠠᠨ ᠬᠡᠷᠡᠮ ᠢ ᠵᠠᠰᠠᠯ᠎ᠠ ᠴᠤ ᠭᠡᠰᠡᠨ ᠳᠠᠶᠢᠴᠢᠩ ᠤᠯᠤᠰ ᠤᠨ ᠪᠣᠭᠤᠮᠲᠠ ᠳᠠᠪᠠᠭ᠋ᠤ ᠶᠢ ᠬᠤᠷᠢᠭᠯᠠᠵᠤ ᠳᠡᠶᠢᠯᠦᠭᠡ ᠦᠭᠡᠢ᠂ ᠤᠯᠤᠰ ᠢ ᠰᠠᠬᠢᠬᠤ ᠤᠷ᠎ᠠ ᠮᠡᠷᠭᠡᠵᠢᠯ ᠵᠥᠪᠬᠡᠨ ᠰᠤᠷᠲᠠᠯ ᠢ ᠵᠠᠰᠠᠵᠤ ᠠᠷᠠᠳ ᠢ ᠠᠮᠤᠷᠵᠢᠭᠤᠯᠬᠤ ᠳᠤᠷ ᠠᠮᠤᠢ᠃ ᠠᠷᠠᠳ ᠪᠠᠶᠠᠰᠴᠤ᠂ ᠰᠠᠭᠤᠷᠢ ᠪᠠᠬᠢᠵᠢᠨ ᠤᠯᠤᠰ ᠠᠮᠤᠭᠤᠯᠠᠩ ᠪᠣᠯᠪᠠᠰᠤ ᠬᠢᠯᠢ ᠬᠢᠵᠠᠭᠠᠷ ᠠᠶᠠᠨᠳᠠᠭᠠᠨ ᠲᠣᠭᠲᠠᠪᠤᠷᠢᠵᠢᠵᠤᠬᠤᠢ᠃ ᠡᠨᠡ ᠦᠭᠡ ᠡᠩᠬᠡ ᠠᠮᠤᠭᠤᠯᠠᠩ ᠤᠨ ᠨᠤᠲᠤᠭ ᠳᠡᠪᠢᠰᠬᠡᠷ ᠤᠨ ᠳᠠᠪᠰᠢᠩᠭᠤᠢ ᠦᠵᠡᠯᠲᠡ᠂ ᠳᠤᠮᠳᠠᠳᠤ ᠬᠠᠷᠢ ᠶᠢᠨ ᠦᠵᠡᠯᠲᠡ᠂ ᠠᠷᠠᠳ ᠢᠶᠠᠷ ᠦᠨᠳᠦᠰᠦ ᠪᠣᠯᠭᠠᠬᠤ ᠦᠵᠡᠯᠲᠡ ᠶᠢ ᠲᠤᠰᠬᠠᠵᠤ ᠪᠠᠶᠢᠭ᠎ᠠ ᠶᠤᠮ᠃ ᠴᠠᠭᠠᠨ ᠬᠡᠷᠡᠮ ᠠᠬᠢᠭᠠᠳ ᠬᠢᠯᠢ ᠬᠢᠵᠠᠭᠠᠷ ᠪᠣᠯᠣᠨ ᠳᠤᠮᠳᠠᠳᠤ ᠶᠢᠨ ᠵᠠᠭᠠᠭ ᠱᠤᠭᠤᠮ ᠪᠢᠰᠢ ᠪᠣᠯᠵᠤ᠂ ᠠᠬᠢᠭᠠᠳ ᠮᠥᠨ ᠬᠠᠷᠢ ᠦᠨᠳᠦᠰᠦᠲᠡᠨ ᠪᠣᠯᠣᠨ ᠬᠤᠸᠠᠰᠢᠶᠠ ᠶᠢᠨ ᠢᠯᠭᠠᠬᠤ ᠳᠡᠮᠲᠡᠭ ᠪᠢᠰᠢ ᠪᠣᠯᠣᠭᠠᠳ ᠴᠠᠭᠠᠨ ᠬᠡᠷᠡᠮ ᠤᠨ ᠭᠠᠳᠠᠨ᠎ᠠ ᠳᠣᠲᠣᠨ᠎ᠠ ᠨᠢᠭᠡ ᠭᠡᠷ ᠪᠣᠯᠵᠤ ᠬᠤᠪᠢᠷᠠᠪᠠ᠃ ᠴᠢᠩ ᠤᠨ ᠦᠶ᠎ᠡ ᠶᠢᠨ ᠡᠨᠡ ᠬᠦ ᠶᠡᠭᠡ ᠨᠢᠭᠡᠳᠦᠯ ᠤᠨ ᠦᠢᠯᠡᠳᠦᠯᠭᠡ ᠨᠢ ᠡᠮᠦᠨᠡᠬᠢ ᠦᠶ᠎ᠡ ᠶᠢᠨ ︽ᠳᠤᠮᠳᠠᠳᠤ ᠬᠠᠷᠢ ᠶᠢᠨ ᠮᠠᠷᠭᠤᠭᠠᠨ︾ ᠤ ᠦᠵᠡᠯᠲᠡ ᠠᠴᠠ ᠳᠠᠪᠰᠢᠯᠲᠠ ᠲᠠᠢ ᠪᠣᠯᠣᠭᠰᠠᠨ ᠪᠠᠶᠢᠨ᠎ᠠ᠃
4.jpg     
       ▲ᠰᠦᠷᠯᠢᠭ ᠭᠠᠶᠢᠬᠠᠮᠰᠢᠭᠲᠤ ᠪᠡᠭᠡᠵᠢᠩ ᠤᠨ ᠬᠢᠯᠢ ᠶᠢᠨ ᠴᠠᠭᠠᠨ ᠬᠡᠷᠡᠮ ︵ᠵᠢᠷᠤᠭ ᠤᠨ ᠢᠷᠡᠯᠲᠡ᠄ ᠳᠤᠮᠳᠠᠳᠤ ᠤᠯᠤᠰ ᠤᠨ ᠤᠯᠤᠰ ᠤᠨ ᠭᠠᠵᠠᠷ ᠵᠦᠢ︶       ︽ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠬᠤ ᠠᠵᠢᠯ ᠨᠢ ᠶᠡᠭᠡ ᠨᠢᠭᠡᠳᠦᠯ ᠤᠨ ᠵᠢᠯᠣᠭᠤᠳᠬᠤ ᠦᠵᠡᠯ ᠰᠠᠨᠠᠭ᠎ᠠ ᠶᠢ ᠪᠦᠷᠢᠨ ᠬᠠᠷᠠᠭᠤᠯᠤᠭᠰᠠᠨ ᠭᠡᠯᠲᠡᠢ᠃ ᠡᠩᠬᠡ ᠠᠮᠤᠭᠤᠯᠠᠩ ᠤᠨ ᠲᠠᠪᠢᠨ ᠳᠦᠷᠪᠡᠳᠦᠭᠡᠷ ᠣᠨ ︵1715 ᠣᠨ︶ ᠳᠤ᠂ ᠲᠠᠢ ᠬᠡᠦᠰᠢ ᠰᠦᠩ ᠵᠤ᠋ ᠵᠡᠷᠭᠡ ᠲᠦᠰᠢᠮᠡᠳ ᠠᠶᠢᠯᠠᠳᠬᠠᠯ ᠡᠷᠭᠦᠨ ᠬᠠᠯᠬ᠎ᠠ᠂ ᠥᠭᠡᠯᠡᠳ᠂ ᠲᠠᠩᠭᠤᠳ ᠪᠠᠨᠴᠠᠨ᠂ ᠳᠠᠯᠠᠢ ᠯᠠᠮ᠎ᠠ᠂ ᠬᠠᠮᠢᠯ ᠵᠡᠷᠭᠡ ᠭᠠᠵᠠᠷ᠂ ᠠᠯᠢᠪᠠ ᠤᠯᠠᠷᠢᠯ ᠬᠤᠪᠢᠰᠤᠯ᠂ ᠵᠠᠩ ᠦᠢᠯᠡ᠂ ᠠᠭᠤᠯᠠ ᠮᠥᠷᠡᠨ᠂ ᠨᠤᠲᠤᠭ ᠤᠨ ᠭᠠᠷᠤᠯᠲᠠ ᠵᠡᠷᠭᠡ ᠶᠢ ᠬᠠᠮᠲᠤ ᠳᠤ ᠨᠢ ︽ᠶᠡᠭᠡ ᠨᠢᠭᠡᠳᠦᠯ ᠤᠨ ᠪᠢᠴᠢᠭ︾ ᠲᠤ ᠣᠷᠣᠭᠤᠯᠪᠠᠯ ᠵᠣᠬᠢᠨ᠎ᠠ ᠬᠡᠮᠡᠨ ᠱᠠᠭᠠᠷᠳᠠᠪᠠ᠃ ᠡᠩᠬᠡ ᠠᠮᠤᠭᠤᠯᠠᠩ ᠤᠨ ᠵᠢᠷᠠᠳᠤᠭᠠᠷ ᠣᠨ ︵1721 ᠣᠨ︶ ᠳᠤ᠂ ︽ᠶᠡᠭᠡ ᠨᠢᠭᠡᠳᠦᠯ ᠤᠨ ᠪᠢᠴᠢᠭ︾ ᠤᠨ ᠠᠯᠪᠠᠨ ᠭᠡᠷ ᠬᠥᠬᠡᠨᠠᠭᠤᠷ᠂ ᠲᠥᠪᠡᠳ ᠤᠨ ᠣᠶᠢᠯᠠᠯᠭ᠎ᠠ ᠶᠢᠨ ᠪᠢᠴᠢᠭ ᠢ ᠨᠠᠶᠢᠷᠠᠭᠤᠯᠤᠨ ᠵᠣᠬᠢᠶᠠᠪᠠ᠃ ᠡᠶᠢᠮᠦᠷᠬᠦᠦ ᠴᠢᠩ ᠤᠯᠤᠰ ᠤᠨ ᠨᠣᠶᠠᠷᠬᠠᠭᠴᠢᠳ ᠡᠬᠢᠯᠡᠵᠦ ᠨᠡᠯᠢᠶᠡᠳ ᠲᠣᠳᠣᠷᠬᠠᠢ ᠤᠯᠤᠰ ᠤᠨ ᠨᠤᠲᠤᠭ ᠳᠡᠪᠢᠰᠬᠡᠷ ᠤᠨ ᠤᠬᠠᠭᠳᠠᠬᠤᠨ ᠲᠠᠢ ᠪᠣᠯᠵᠠᠢ᠃ ᠵᠢᠱᠢᠶᠡᠯᠡᠪᠡᠯ᠂ ᠮᠣᠩᠭᠤᠯ᠂ ᠬᠤᠲᠤᠩ᠂ ᠲᠥᠪᠡᠳ ᠵᠡᠷᠭᠡ ᠭᠠᠵᠠᠷ ᠢ ᠤᠯᠤᠰ ᠤᠨ ᠨᠤᠲᠤᠭ ᠳᠡᠪᠢᠰᠬᠡᠷ ᠤᠨ ᠡᠷᠬᠡ ᠮᠡᠳᠡᠯ ᠢ ᠪᠡᠯᠭᠡᠳᠡᠭᠰᠡᠨ ︽ᠶᠡᠭᠡ ᠨᠢᠭᠡᠳᠦᠯ ᠤᠨ ᠪᠢᠴᠢᠭ︾ ᠲᠤ ᠣᠷᠣᠭᠤᠯᠤᠭᠰᠠᠨ ᠪᠣᠯ ᠡᠳᠡᠭᠡᠷ ᠭᠠᠵᠠᠷ ᠳᠤᠮᠳᠠᠳᠤ ᠤᠯᠤᠰ ᠤᠨ ᠨᠤᠲᠤᠭ ᠳᠡᠪᠢᠰᠬᠡᠷ ᠤᠨ ᠰᠠᠯᠵᠤ ᠪᠣᠯᠣᠰᠢ ᠦᠭᠡᠢ ᠨᠢᠭᠡᠨ ᠭᠡᠰᠡᠭ ᠭᠡᠰᠡᠨ ᠢ ᠢᠯᠡᠷᠬᠡᠶᠢᠯᠡᠵᠦ ᠪᠠᠶᠢᠭ᠎ᠠ ᠶᠤᠮ᠃      ᠨᠠᠶᠢᠷᠠᠯᠲᠤ ᠲᠥᠪ᠂ ᠲᠡᠭᠷᠢ ᠲᠡᠳᠬᠦᠭᠴᠢ ᠵᠠᠯᠭᠠᠵᠤ ᠨᠠᠶᠢᠷᠠᠭᠤᠯᠤᠭᠰᠠᠨ ᠪᠠ ᠵᠢᠷᠭᠤᠭ᠎ᠠ ᠨᠡᠶᠢᠯᠡᠵᠦ ᠨᠢᠭᠡ ᠭᠡᠷ ᠪᠣᠯᠣᠭᠰᠠᠨ ᠨᠢ      ᠨᠠᠶᠢᠷᠠᠯᠲᠤ ᠲᠥᠪ ᠶᠡᠭᠡ ᠣᠷᠣᠨ ᠳᠤ ᠰᠠᠭᠤᠮᠠᠭᠴᠠ᠂ ︽ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠬᠤ ᠢᠨᠵᠧᠨ᠋ᠧᠷᠢᠩ ᠢ ᠳᠠᠬᠢᠨᠲᠠ ᠦᠳᠲᠡᠷ ᠲᠦᠷᠭᠡᠨ ᠡᠬᠢᠯᠡᠭᠦᠯᠵᠦ᠂ ᠨᠠᠶᠢᠷᠠᠯᠲᠤ ᠲᠥᠪ ᠤᠨ ᠭᠤᠷᠪᠠᠳᠤᠭᠠᠷ ᠣᠨ ︵1725 ᠣᠨ︶ ᠨᠠᠶᠢᠷᠠᠭᠤᠯᠬᠤ ᠠᠵᠢᠯ ᠤᠨ ᠠᠬᠢᠴᠠ ᠶᠢ ᠳᠡᠭᠡᠭᠰᠢᠯᠡᠬᠦᠯᠬᠦ ᠶᠢᠨ ᠲᠥᠯᠥᠭᠡ᠂ ᠪᠠᠰᠠ ᠲᠤᠰᠬᠠᠢ ᠵᠠᠷᠯᠢᠭ ᠪᠠᠭᠤᠯᠭᠠᠨ᠂ ᠬᠢᠨᠠᠮᠠᠭᠠᠢ ᠪᠠᠷ ᠮᠡᠷᠭᠡᠨ ᠲᠦᠰᠢᠮᠡᠯ ᠢ ᠰᠣᠩᠭᠤᠨ ᠶᠡᠭᠡ ᠨᠢᠭᠡᠳᠦᠯ ᠤᠨ ᠠᠯᠪᠠᠨ ᠭᠡᠷ ᠢ ᠳᠠᠬᠢᠵᠤ ᠪᠠᠶᠢᠭᠤᠯᠵᠠᠢ᠃ ᠨᠠᠶᠢᠷᠠᠯᠲᠤ ᠲᠥᠪ ᠪᠠᠰᠠ ᠦᠷᠭᠦᠯᠵᠢ ᠥᠪᠡᠷ ᠤᠨ ᠪᠡᠶ᠎ᠡ ᠪᠠᠷ ᠢᠶᠠᠨ ᠡᠯ᠎ᠡ ᠮᠤᠵᠢ ᠠᠴᠠ ᠢᠷᠡᠭᠰᠡᠨ ᠨᠡᠪᠲᠡᠷᠬᠡᠢ ᠣᠶᠢᠯᠠᠯᠭ᠎ᠠ ᠶᠢ ᠪᠠᠶᠢᠴᠠᠭᠠᠨ ᠦᠵᠡᠳᠡᠭ᠃ ᠭᠤᠸᠠᠩᠰᠢ ᠶᠢᠨ ᠴᠠᠨ᠎ᠠ ᠨᠣᠶᠠᠨ ᠯᠢ ᠹᠦ᠋ ᠶᠢᠨ ᠨᠠᠶᠢᠷᠠᠭᠤᠯᠤᠭᠰᠠᠨ ︽ᠭᠤᠸᠠᠩᠰᠢ ᠶᠢᠨ ᠨᠡᠪᠲᠡᠷᠬᠡᠢ ᠣᠶᠢᠯᠠᠯᠭ᠎ᠠ︾ ᠳᠤ ᠨᠠᠶᠢᠷᠠᠯᠲᠤ ᠲᠥᠪ ᠮᠠᠰᠢ ᠬᠠᠨᠤᠮᠵᠢ ᠦᠭᠡᠢ ᠪᠠᠶᠢᠵᠤ᠂ ᠵᠠᠷᠯᠢᠭ ᠪᠠᠭᠤᠯᠭᠠᠨ ᠳᠠᠬᠢᠵᠤ ᠨᠠᠶᠢᠷᠠᠭᠤᠯᠤᠭᠰᠠᠨ ᠶᠤᠮ᠃ ᠲᠥᠷᠥ ᠠᠴᠠ ᠳᠠᠬᠢᠨ ᠳᠠᠪᠲᠠᠨ ᠬᠢᠨᠠᠨ ᠱᠠᠭᠠᠷᠳᠠᠭᠰᠠᠨ ᠤ ᠦᠷ᠎ᠡ ᠳ᠋ᠦᠩ ᠳᠤ ᠡᠯ᠎ᠡ ᠮᠤᠵᠢ ᠬᠤᠶᠢᠨ᠎ᠠ ᠬᠤᠶᠢᠨ᠎ᠠ ᠠᠴᠠ ᠪᠠᠨ ᠣᠶᠢᠯᠠᠯᠭ᠎ᠠ ᠶᠢᠨ ᠳᠣᠪᠴᠢᠶ᠎ᠠ ᠪᠠᠶᠢᠭᠤᠯᠵᠤ᠂ ᠡᠯ᠎ᠡ ᠭᠠᠵᠠᠷ ᠤᠨ ᠣᠶᠢᠯᠠᠯᠭ᠎ᠠ ᠶᠢ ᠨᠠᠶᠢᠷᠠᠭᠤᠯᠬᠤ ᠠᠵᠢᠯ ᠢᠳᠡᠭ ᠢᠳᠡᠭ ᠢᠶᠠᠷ ᠰᠠᠶᠢᠵᠢᠷᠠᠵᠤ ᠡᠬᠢᠯᠡᠭᠡᠳ᠂ ᠡᠯ᠎ᠡ ᠮᠤᠵᠢ ᠶᠢᠨ ᠨᠡᠪᠲᠡᠷᠬᠡᠢ ᠣᠶᠢᠯᠠᠯᠭ᠎ᠠ ᠵᠠᠯᠭᠠᠭ᠎ᠠ ᠪᠠᠷ ᠡᠷᠭᠦᠨ ᠳᠡᠪᠰᠢᠭᠦᠯᠦᠭᠳᠡᠵᠡᠢ᠃      ᠨᠠᠶᠢᠷᠠᠯᠲᠤ ᠲᠥᠪ ᠬᠠᠭᠠᠨ ᠮᠠᠨᠵᠤ ᠬᠢᠲᠠᠳ ᠪᠢᠴᠢᠭ ᠤᠨ ᠬᠥᠮᠦᠨ ᠢ ︽ᠳᠤᠮᠳᠠᠳᠤ ᠬᠠᠷᠢ ᠶᠢᠨ ᠮᠠᠷᠭᠤᠭᠠᠨ︾ ᠠᠴᠠ ᠭᠠᠷᠭᠠᠬᠤ ᠶᠢᠨ ᠲᠥᠯᠥᠭᠡ᠂ ᠲᠤᠰᠬᠠᠶᠢᠯᠠᠨ ︽ᠳ᠋ᠠ ᠢ ᠵᠢᠤᠸᠠᠢ ᠮᠢ ᠪᠢᠴᠢᠭ︾ ᠢ ᠲᠤᠭᠤᠷᠪᠢᠵᠤ ︽ᠳᠤᠮᠳᠠᠳᠤ ᠬᠠᠷᠢ ᠨᠢᠭᠡ ᠭᠡᠷ︾ ᠤᠨ ᠣᠨᠣᠯ ᠢ ᠲᠣᠳᠣᠷᠬᠠᠶᠢᠯᠠᠨ ᠥᠭᠦᠯᠡᠪᠡ᠃ ᠲᠡᠷᠡ᠄ ᠳᠤᠮᠳᠠᠳᠤ ᠬᠠᠷᠢ ᠶᠢᠨ ᠶᠡᠭᠡ ᠨᠢᠭᠡᠳᠦᠯ ᠢ ᠪᠡᠶᠡᠯᠡᠭᠦᠯᠡᠬᠦ ᠳᠤ ᠶᠣᠰᠣ ᠰᠤᠷᠲᠠᠬᠤᠨ ᠲᠠᠢ ᠨᠢ ᠦᠯᠡᠳᠡᠵᠦ᠂ ᠶᠣᠰᠣ ᠰᠤᠷᠲᠠᠬᠤᠨ ᠦᠭᠡᠢ ᠨᠢ ᠠᠶᠠᠨᠳᠠᠭᠠᠨ ᠲᠠᠶᠠᠭᠳᠠᠵᠤᠬᠤᠢ᠂ ᠡᠨᠡ ᠨᠢ ᠦᠨᠳᠦᠰᠦᠲᠡᠨ ᠲᠠᠢ ᠬᠠᠮᠢᠶ᠎ᠠ ᠦᠭᠡᠢ᠂ ᠮᠠᠨᠵᠤ ᠬᠡᠳᠦ᠋ᠢᠪᠡᠷ ︽ᠬᠠᠷᠢ︾ ᠪᠣᠯᠪᠠᠴᠤ ᠵᠥᠪᠬᠡᠨ ᠭᠠᠵᠠᠷ ᠵᠦᠶ ᠣᠷᠣᠨ ᠪᠠᠶᠢᠷᠢ ᠶᠢᠨ ᠤᠬᠠᠭᠳᠠᠬᠤᠨ ᠲᠡᠳᠦᠶ ᠶᠤᠮ᠃ ᠮᠣᠩᠭᠤᠯ᠂ ᠲᠥᠪᠡᠳ ᠵᠢᠴᠢ ᠪᠤᠰᠤᠳ ᠴᠥᠭᠡᠨ ᠲᠣᠭᠠᠲᠤ ᠦᠨᠳᠦᠰᠦᠲᠡᠨ ᠴᠥᠮ ᠢᠶᠠᠷ ᠢᠶᠠᠨ ᠳᠤᠮᠳᠠᠳᠤ ᠶᠢᠨ ᠦᠨᠳᠦᠰᠦᠲᠡᠨ ᠤ ᠨᠢᠭᠡ ᠨᠢ ᠶᠤᠮ ᠭᠡᠪᠡ᠃ ᠢᠩᠬᠢᠭᠡᠳ ᠳᠤᠮᠳᠠᠳᠤ ᠬᠠᠷᠢ ᠶᠢᠨ ᠶᠡᠭᠡ ᠨᠢᠭᠡᠳᠦᠯ ᠨᠢ ᠨᠠᠶᠢᠷᠠᠯᠲᠤ ᠲᠥᠪ ᠤᠨ ᠲᠥᠷᠥ ᠶᠢᠨ ︽ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠤᠨ ᠵᠠᠰᠠᠬᠤ ᠠᠵᠢᠯ ᠤᠨ ᠬᠠᠮᠤᠭ ᠳᠡᠭᠡᠳᠦ ᠬᠥᠲᠥᠯᠪᠦᠷᠢ ᠪᠣᠯᠵᠠᠢ᠃ ᠨᠠᠶᠢᠷᠠᠯᠲᠤ ᠲᠥᠪ ᠨᠠᠰᠤ ᠨᠥᠭᠴᠢᠭᠰᠡᠨ ᠤ ᠳᠠᠷᠠᠭ᠎ᠠ᠂ ᠲᠩᠷᠢ ᠲᠡᠳᠬᠦᠭᠴᠢ ᠬᠠᠭᠠᠨ ᠲᠡᠭᠦᠨ ᠤ ᠬᠢᠵᠦ ᠳᠠᠭᠤᠰᠤᠭ᠎ᠠ ᠦᠭᠡᠶ ᠠᠵᠢᠯ ᠢ ᠦᠷᠭᠦᠯᠵᠢᠯᠡᠭᠦᠯᠵᠡᠢ᠃ ᠲᠩᠷᠢ ᠲᠡᠳᠬᠦᠭᠴᠢ ᠶᠢᠨ ᠨᠠᠢᠮᠠᠳᠤᠭᠠᠷ ᠣᠨ ︵1743 ᠣᠨ︶ ᠳᠤ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠢ ᠪᠢᠴᠢᠵᠦ ᠳᠠᠭᠤᠰᠬᠠᠭᠠᠳ ᠳᠠᠷᠠᠭ᠎ᠠ ᠵᠢᠯ ᠨᠢ ᠲᠠᠷᠬᠠᠭᠠᠨ ᠨᠡᠢᠲᠡᠯᠠᠪᠡ᠃ ᠴᠢᠩ ᠤᠯᠤᠰ ᠤᠨ ᠦᠶ᠎ᠡ ᠶᠢᠨ ᠠᠩᠬᠠᠨ ᠤ ᠨᠢᠭᠡ ᠢᠵᠢ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠢ ᠨᠠᠶᠢᠷᠠᠭᠤᠯᠤᠨ ᠪᠢᠴᠢᠬᠦ ᠠᠵᠢᠯ ᠡᠨᠡ ᠮᠡᠲᠦ ᠪᠠᠷ ᠲᠡᠭᠦᠰ ᠠᠮᠵᠢᠯᠲᠠ ᠲᠠᠢ ᠪᠠᠷ ᠳᠠᠭᠤᠰᠪᠠ᠃      ᠲᠩᠷᠢ ᠲᠡᠳᠬᠦᠭᠴᠢ ᠶᠢᠨ ᠬᠤᠷᠢ ᠶᠢᠰᠦᠳᠦᠭᠡᠷ ᠣᠨ ︵1764 ᠣᠨ︶ ᠳᠤ᠂ ᠲᠩᠷᠢ ᠲᠡᠳᠬᠦᠭᠴᠢ ᠬᠠᠭᠠᠨ ᠠᠴᠠ ᠴᠡᠷᠢᠭ ᠤᠨ ᠲᠤᠬᠠᠢ ᠶᠢᠨ ᠭᠠᠵᠠᠷ ᠲᠤ ︽ᠶᠡᠭᠡ ᠨᠢᠭᠡᠳᠦᠯ ᠤᠨ ᠪᠢᠴᠢᠭ︾ ᠢ ᠵᠠᠯᠭᠠᠨ ᠨᠠᠶᠢᠷᠠᠭᠤᠯᠬᠤ ᠵᠠᠷᠯᠢᠭ ᠪᠠᠭᠤᠯᠭᠠᠵᠠᠶ᠃ ᠡᠨᠡ ᠦᠶ᠎ᠡ ᠳᠤ ︽ᠶᠡᠭᠡ ᠨᠢᠭᠡᠳᠦᠯ ᠤᠨ ᠪᠢᠴᠢᠭ︾ ᠢ ᠠᠩᠬ᠎ᠠ ᠡᠬᠢᠯᠡᠭᠦᠯᠵᠦ ᠪᠢᠴᠢᠭᠰᠡᠨ ᠠᠴᠠ ᠨᠠᠭᠠᠰᠢ ᠨᠢᠭᠡᠨᠲᠡ ᠬᠤᠷᠢᠭᠠᠳ ᠢᠯᠡᠭᠦᠦ ᠵᠢᠯ ᠪᠣᠯᠣᠭᠰᠠᠨ ᠠᠲᠠᠯ᠎ᠠ᠂ ᠲᠩᠷᠢ ᠲᠡᠳᠬᠦᠭᠴᠢ ᠬᠠᠭᠠᠨ ᠶᠠᠭᠤᠨ ᠳᠤ ᠡᠨᠡ ᠮᠡᠲᠦ ᠶᠡᠭᠡ ᠬᠦᠴᠦ ᠵᠠᠷᠤᠴᠠᠭᠤᠯᠵᠤ᠂ ᠡᠨᠡ ᠬᠦ ᠮᠤᠨᠳᠠᠭ ᠶᠡᠭᠡ ᠢᠨᠵᠧᠨᠧᠷᠢᠩ ᠢ ᠳᠠᠬᠢᠨ ᠡᠬᠢᠯᠡᠭᠦᠯᠦᠭᠰᠡᠨ ᠪᠤᠶ︖ ᠡᠨᠡ ᠦᠶ᠎ᠡ ᠳᠤ ᠪᠠᠷᠠᠭᠤᠨ ᠡᠮᠦᠨᠡᠲᠦ ᠶᠢᠨ ᠠᠶᠢᠮᠠᠭ ᠤᠳ ᠤᠨ ᠨᠣᠶᠠᠳ ᠬᠤᠶᠢᠨ᠎ᠠ ᠬᠤᠶᠢᠨ᠎ᠠ ᠠᠴᠠ ᠪᠠᠨ ᠨᠡᠶᠢᠯᠡᠷ᠎ᠡ ᠢᠷᠡᠵᠦ᠂ ᠨᠢᠭᠡᠳᠦᠭᠰᠡᠨ ᠣᠯᠠᠨ ᠦᠨᠳᠦᠰᠦᠲᠡᠨ ᠲᠠᠢ ᠤᠯᠤᠰ ᠪᠠᠬᠢᠵᠢᠨ ᠬᠥᠭᠵᠢᠪᠡ᠃ ᠨᠡᠩ ᠴᠢᠬᠤᠯᠠ ᠨᠢ ᠲᠩᠷᠢ ᠲᠡᠳᠬᠦᠭᠴᠢ ᠶᠢᠨ ᠦᠶ᠎ᠡ ᠳᠤ ᠵᠦᠩᠭᠠᠷ ᠢ ᠨᠢᠭᠡᠳᠬᠡᠬᠦ ᠡᠴᠦᠰ ᠤᠨ ᠢᠯᠠᠯᠲᠠ ᠣᠯᠤᠭᠰᠠᠨ ᠶᠠᠪᠤᠳᠠᠯ ᠪᠣᠯᠤᠨ᠎ᠠ᠃ ᠡᠩᠬᠡ ᠠᠮᠤᠭᠤᠯᠠᠩ ᠤᠨ ᠦᠶ᠎ᠡ ᠳᠤ᠂ ᠵᠦᠩᠭᠠᠷ ᠠᠶᠢᠮᠠᠭ ᠲᠩᠷᠢ ᠠᠭᠤᠯᠠ ᠶᠢᠨ ᠥᠷᠭᠡᠨ ᠠᠭᠤᠳᠠᠮ ᠨᠤᠲᠤᠭ ᠳᠡᠪᠢᠰᠭᠡᠷ ᠢ ᠡᠵᠡᠯᠡᠨ ᠰᠠᠭᠤᠵᠤ᠂ ᠲᠥᠪᠡᠳ᠂ ᠮᠣᠩᠭᠤᠯ ᠢ ᠲᠦᠷᠢᠮᠡᠬᠡᠶᠢᠯᠡᠬᠦ ᠪᠠᠷ ᠦᠯᠦ ᠪᠠᠷᠠᠮ᠂ ᠴᠠᠭᠠᠰᠢᠯᠠᠭᠠᠳ ᠬᠠᠭᠠᠨᠲᠤ ᠣᠷᠣᠰ ᠲᠠᠢ ᠰᠦᠯᠪᠡᠭᠡᠯᠳᠦᠵᠦ᠂ ᠡᠬᠡ ᠤᠯᠤᠰ ᠢ ᠬᠠᠭᠠᠴᠠᠭᠤᠯᠬᠤ ᠪᠠᠷ ᠰᠠᠨᠠᠭᠠᠰᠢᠷᠠᠵᠤ ᠪᠠᠶᠢᠵᠠᠢ᠃ ᠡᠩᠬᠡ ᠠᠮᠤᠭᠤᠯᠠᠩ᠂ ᠨᠠᠶᠢᠷᠠᠯᠲᠤ ᠲᠥᠪ ᠬᠤᠶᠠᠷ ᠲᠦᠷᠦ ᠶᠢᠨ ᠦᠶ᠎ᠡ ᠳᠤ ᠤᠯᠠᠨ ᠤᠳᠠᠭ᠎ᠠ ᠭᠤᠪᠢ ᠶᠢᠨ ᠠᠷᠤ᠂ ᠬᠥᠬᠡᠨᠠᠭᠤᠷ᠂ ᠲᠥᠪᠡᠳ ᠵᠡᠷᠭᠡ ᠭᠠᠵᠠᠷ ᠲᠤ ᠴᠡᠷᠢᠭ ᠲᠣᠮᠢᠯᠠᠵᠤ ᠵᠦᠩᠭᠠᠷ ᠠᠶᠢᠮᠠᠭ ᠤᠨ ᠬᠦᠴᠦᠨ ᠳᠤ ᠴᠣᠬᠢᠯᠲᠠ ᠥᠭᠭᠦᠭᠰᠡᠨ ᠪᠣᠯᠪᠠᠴᠤ ᠵᠦᠩᠭᠠᠷ ᠠᠶᠢᠮᠠᠭ ᠮᠥᠨ ᠯᠡ ᠪᠠᠷᠠᠭᠤᠨ ᠬᠢᠵᠠᠭᠠᠷ ᠢ ᠡᠵᠡᠯᠡᠨ ᠰᠠᠭᠤᠵᠤ᠂ ᠬᠢᠯᠢ ᠬᠢᠵᠠᠭᠠᠷ ᠢ ᠪᠤᠰᠠᠨᠢᠭᠤᠯᠵᠤ ᠪᠠᠶᠢᠯ᠎ᠠ᠃ ᠡᠶᠢᠮᠦ ᠠᠴᠠ ᠡᠩᠬᠡ ᠠᠮᠤᠭᠤᠯᠠᠩ ᠤᠨ ᠡᠬᠢᠨ ᠤ ᠦᠶ᠎ᠡ ᠶᠢᠨ ︽ᠶᠡᠭᠡ ᠨᠢᠭᠡᠳᠦᠯ ᠤᠨ ᠪᠢᠴᠢᠭ︾ ᠨᠢ ᠬᠠᠮᠢᠯ ᠠᠴᠠ ᠪᠠᠷᠠᠭᠤᠨᠰᠢᠬᠢ ᠥᠷᠭᠡᠨ ᠠᠭᠤᠳᠠᠮ ᠭᠠᠵᠠᠷ ᠨᠤᠲᠤᠭ ᠢ ᠪᠠᠭᠲᠠᠭᠠᠵᠤ ᠴᠢᠳᠠᠭᠰᠠᠨ ᠦᠭᠡᠢ ᠪᠠᠶᠢᠵᠠᠢ᠃      ᠲᠩᠷᠢ ᠲᠡᠳᠬᠦᠭᠴᠢ ᠶᠢᠨ ᠦᠶ᠎ᠡ ᠳᠤ᠂ ᠵᠦᠩᠭᠠᠷ ᠠᠶᠢᠮᠠᠭ ᠬᠠᠭᠠᠨ ᠰᠠᠭᠤᠷᠢᠨ ᠢ ᠪᠤᠯᠢᠶᠠᠯᠳᠤᠭᠰᠠᠨ ᠠᠴᠠ ᠪᠤᠯᠵᠤ ᠳᠣᠲᠣᠭᠠᠳᠤ ᠶᠢᠨ ᠬᠢᠮᠤᠷᠠᠯ ᠡᠭᠦᠰᠦᠭᠰᠡᠨ ᠳᠤ᠂ ᠲᠩᠷᠢ ᠲᠡᠳᠬᠦᠭᠴᠢ ᠡᠷᠡᠰ ᠰᠢᠭᠤᠷᠬᠠᠶ ᠪᠠᠷ ᠴᠡᠷᠢᠭ ᠲᠣᠮᠢᠯᠠᠵᠤ᠂ ᠲᠦᠷᠪᠡᠨ ᠵᠢᠯ ᠤᠨ ᠬᠤᠭᠤᠴᠠᠭᠠᠨ ᠳᠤ ᠵᠦᠩᠭᠠᠷ ᠤᠨ ᠬᠡᠰᠡᠭᠯᠡᠨ ᠡᠵᠡᠯᠡᠭᠰᠡᠨ ᠵᠠᠰᠠᠭ ᠤᠨ ᠦᠯᠡᠳᠡᠭᠳᠡᠯ ᠬᠦᠴᠦᠨ ᠢ ᠲᠦᠢᠯᠪᠤᠷᠢᠲᠠᠶ ᠤᠰᠠᠳᠬᠠᠪᠠ᠃ ᠡᠨᠡ ᠤᠳᠠᠭᠠᠨ ᠤ ᠳᠠᠶᠢᠨ ᠨᠢ ᠦᠷ᠎ᠡ ᠪᠦᠲᠦᠭᠡᠯ ᠢᠶᠠᠷ ᠡᠯᠪᠡᠭ ᠳᠡᠯᠪᠡᠭ᠂ ︽ᠬᠤᠶᠠᠷ ᠲᠦᠮᠡ ᠢᠯᠡᠭᠦᠦ ᠭᠠᠵᠠᠷ ᠢ ᠲᠡᠯᠡᠨ ᠥᠷᠭᠡᠳᠭᠡᠭᠡᠳ︾᠂ ᠬᠠᠨ᠂ ᠲᠠᠩ ᠠᠴᠠ ᠨᠠᠭᠠᠰᠢᠬᠢ ᠲᠩᠷᠢ ᠠᠭᠤᠯᠠ ᠶᠢᠨ ᠡᠮᠦᠨ᠎ᠡ ᠤᠮᠠᠷ᠎ᠠ ᠵᠠᠮ ᠢ ᠵᠠᠰᠠᠬᠤ ᠡᠷᠬᠡ ᠶᠢ ᠪᠦᠷᠢᠮᠦᠰᠦᠨ ᠰᠡᠷᠭᠦᠭᠡᠵᠦ ᠴᠢᠳᠠᠵᠠᠢ᠃ ᠲᠩᠷᠢ ᠲᠡᠳᠬᠦᠭᠴᠢ ᠬᠠᠭᠠᠨ ᠠᠯᠳᠠᠭᠠᠳ ᠲᠠᠬᠢᠵᠤ ᠡᠨᠡ ᠬᠦ ᠤᠯᠤᠭᠰᠠᠨ ᠨᠤᠲᠤᠭ ᠳᠡᠪᠢᠰᠬᠡᠷ ᠢᠶᠠᠨ ︽ᠰᠢᠨᠵᠢᠶᠠᠩ︾ ︵ᠰᠢᠨ᠎ᠡ ᠬᠢᠵᠠᠭᠠᠷ︶ ᠭᠡᠵᠦ ᠨᠡᠷᠡᠯᠡᠭᠰᠡᠨ ᠪᠥᠭᠡᠳ ᠬᠥᠰᠢᠶ᠎ᠡ ᠪᠤᠰᠬᠠᠨ ᠳᠤᠷᠠᠰᠬᠠᠵᠠᠶ᠃ ᠲᠩᠷᠢ ᠲᠡᠳᠬᠦᠭᠴᠢ ᠶᠢᠨ ᠬᠤᠪᠢ ᠳᠤ ᠰᠢᠨᠵᠢᠶᠠᠩ ᠢ ︽ᠶᠡᠭᠡ ᠨᠢᠭᠡᠳᠦᠯ ᠤᠨ ᠪᠢᠴᠢᠭ︾ ᠲᠤ ᠣᠷᠣᠭᠤᠯᠪᠠᠯ ᠵᠣᠬᠢᠨ᠎ᠠ ᠬᠡᠮᠡᠨ ᠦᠵᠡᠵᠦ ᠪᠠᠶᠢᠭᠰᠠᠨ ᠶᠤᠮ᠃
5.jpg     
      ▲ ︵ᠴᠢᠩ︶ ᠴᠢᠶᠠᠨ ᠸᠧᠢ ᠴᠧᠩ ︽ᠵᠦᠩᠭᠠᠷ ᠢ ᠳᠥᠪᠰᠢᠳᠬᠡᠭᠰᠡᠨ ᠵᠢᠷᠤᠭ ᠤᠨ ᠡᠪᠬᠡᠮᠡᠯ︾ ︵ᠵᠢᠷᠤᠭ ᠤᠨ ᠢᠷᠡᠯᠲᠡ᠄ ᠳᠤᠮᠳᠠᠳᠤ ᠤᠯᠤᠰ ᠤᠨ ᠤᠯᠤᠰ ᠤᠨ ᠮᠦᠽᠧᠢ︶      ︽ᠶᠡᠭᠡ ᠨᠢᠭᠡᠳᠦᠯ ᠤᠨ ᠪᠢᠴᠢᠭ︾ ᠢ ᠵᠠᠯᠭᠠᠨ ᠨᠠᠶᠢᠷᠠᠭᠤᠯᠵᠤ᠂ ᠡᠯ᠎ᠡ ᠪᠣᠲᠢ ᠶᠢ ᠨᠢ ᠡᠮᠬᠢᠯᠡᠨ ᠵᠢᠭᠰᠠᠭᠠᠭᠠᠳ ᠬᠡᠯᠪᠡᠷᠢ ᠮᠠᠶ᠋ᠢᠭ ᠢ ᠨᠢ ᠨᠠᠷᠢᠨ ᠨᠢᠮᠪᠠᠶ ᠲᠥᠯᠥᠪᠯᠡᠵᠦ᠂ ᠲᠩᠷᠢ ᠲᠡᠳᠬᠦᠭᠴᠢ ᠬᠠᠭᠠᠨ ᠤ ᠦᠶ᠎ᠡ ᠶᠢᠨ ᠡᠵᠡᠨ ᠲᠦᠰᠢᠮᠡᠯ ᠤᠨ ᠨᠤᠲᠤᠭ ᠳᠡᠪᠢᠰᠬᠡᠷ ᠤᠨ ᠦᠵᠡᠯᠲᠡ ᠶᠢ ᠳᠣᠪᠤᠶᠢᠯᠭᠠᠭᠰᠠᠨ ᠶᠤᠮ᠃ ᠲᠡᠳᠡ ︽ᠶᠡᠭᠡ ᠨᠢᠭᠡᠳᠦᠯ ᠤᠨ ᠪᠢᠴᠢᠭ︾ ᠢ ᠠᠩᠬ᠎ᠠ ᠵᠠᠰᠠᠭᠰᠠᠨ ᠰᠠᠭᠤᠷᠢᠨ ᠳᠡᠭᠡᠷ᠎ᠡ ︽ᠪᠠᠷᠠᠭᠤᠨ ᠬᠢᠵᠠᠭᠠᠷ ᠤᠨ ᠰᠢᠨᠵᠢᠶᠠᠩ ᠤᠨ ᠪᠦᠬᠦ ᠠᠶᠢᠮᠠᠭ︾ ᠢ ᠨᠡᠮᠡᠨ ᠣᠷᠣᠭᠤᠯᠵᠤ᠂ ︽ᠭᠠᠳᠠᠭᠠᠳᠤ ᠮᠣᠩᠭᠤᠯ ᠤᠨ ᠪᠦᠬᠦ ᠠᠶᠢᠮᠠᠭ︾ ᠢ ︽ᠰᠢᠨ᠎ᠡ ᠬᠠᠭᠤᠴᠢᠨ ᠮᠣᠩᠭᠤᠯ ᠤᠨ ᠪᠦᠬᠦ ᠠᠶᠢᠮᠠᠭ︾ ᠬᠡᠮᠡᠨ ᠥᠭᠡᠷᠡᠴᠢᠯᠡᠵᠡᠶ᠃ ᠡᠭᠦᠨ ᠤ ᠬᠠᠮᠲᠤ᠂ ᠶᠡᠷᠦᠩᠬᠡᠢ ᠪᠣᠲᠢ ᠶᠢᠨ ᠠᠷᠤ ᠳᠤ ᠳᠥᠷᠪᠡᠨ ᠪᠣᠲᠢ ᠨᠡᠮᠡᠵᠦ᠂ ᠠᠯᠪᠠ ᠪᠠᠷᠢᠵᠤ ᠪᠦᠬᠦᠢ ᠤᠯᠠᠨ ᠤᠯᠤᠰ ᠢ ᠨᠠᠢᠷᠠᠭᠤᠯᠤᠨ ᠤᠷᠤᠭᠤᠯᠤᠭᠠᠳ᠂ ᠰᠣᠯᠣᠩᠭᠤᠰ᠂ ᠠᠨᠨᠠᠨ ︵ᠸᠢᠶᠧᠲᠨᠠᠮ︶᠂ ᠣᠷᠣᠰ ᠵᠡᠷᠭᠡ ᠤᠯᠤᠰ ᠢ ᠬᠢᠯᠢ ᠶᠢᠨ ᠭᠠᠳᠠᠨᠠᠬᠢ ᠤᠯᠤᠰ ᠬᠡᠮᠡᠨ ᠲᠣᠳᠣᠷᠬᠠᠶ ᠵᠢᠭᠠᠨ ᠭᠠᠷᠭᠠᠵᠤ᠂ ᠬᠢᠯᠢ ᠬᠢᠵᠠᠭᠠᠷ ᠣᠷᠣᠨ ᠠᠴᠠ ᠢᠯᠭᠠᠪᠤᠷᠢᠯᠠᠵᠠᠶ᠃
6.jpg    
      ▲ ︽ᠲᠡᠭᠷᠢ ᠲᠡᠳᠬᠦᠭᠴᠢ ᠶᠢᠨ ᠲᠣᠳᠣᠭᠠᠳᠤ ᠣᠷᠳᠣᠨ ᠤ ᠭᠠᠵᠠᠷ ᠤᠨ ᠵᠢᠷᠤᠭ︾ ᠭᠠᠤᠯᠢᠨ ᠬᠡᠪᠯᠡᠯ᠂ ᠡᠨᠡ ᠬᠦ ᠵᠢᠷᠤᠭ ᠨᠢ ︽ᠭᠠᠵᠠᠷ ᠤᠨ ᠵᠢᠷᠤᠭ ᠤᠨ ᠪᠦᠬᠦ ᠦᠵᠡᠮᠵᠢ ᠶᠢᠨ ᠵᠢᠷᠤᠭ︾ ᠤᠨ ᠰᠠᠭᠤᠷᠢᠨ ᠳᠡᠭᠡᠷ᠎ᠡ᠂ ᠬᠠᠮᠢᠯ ᠠᠴᠠ ᠪᠠᠷᠠᠭᠤᠨᠰᠢ ᠭᠠᠵᠠᠷ ᠣᠷᠣᠨ ᠢ ᠣᠨᠣᠪᠴᠢᠲᠠᠢ ᠪᠣᠳᠠᠲᠠᠢ ᠬᠡᠮᠵᠢᠨ ᠵᠢᠷᠤᠭᠯᠠᠵᠠᠢ᠃ ︵ᠵᠢᠷᠤᠭ ᠤᠨ ᠢᠷᠡᠯᠲᠡ᠄ ᠬᠠᠭᠠᠨ ᠤ ᠣᠷᠳᠣᠨ ᠤ ᠮᠦᠽᠧᠢ︶      ᠬᠡᠷᠪᠡ ᠡᠩᠬᠡ ᠠᠮᠤᠭᠤᠯᠠᠩ ᠤᠨ ᠡᠬᠢᠨ ᠤ ᠦᠶ᠎ᠡ ᠳᠤ ︽ᠶᠡᠭᠡ ᠨᠢᠭᠡᠳᠦᠯ ᠶᠢᠨ ᠪᠢᠴᠢᠭ︾ ᠢ ᠨᠠᠢᠷᠠᠭᠤᠯᠤᠭᠰᠠᠨ ᠵᠣᠷᠢᠯᠭ᠎ᠠ ᠨᠢ ᠮᠢᠩ᠂ ᠴᠢᠩ ᠤᠨ ᠲᠦᠷᠦ ᠰᠣᠯᠢᠭᠳᠠᠭᠰᠠᠨ ᠲᠥᠪ ᠤᠳᠤᠮᠰᠢᠯ ᠢ ᠢᠯᠡᠷᠡᠭᠦᠯᠬᠦ ᠶᠢᠨ ᠲᠥᠯᠥᠭᠡ ᠪᠠᠶᠢᠭᠰᠠᠨ ᠶᠤᠮ ᠪᠣᠯ ᠲᠩᠷᠢ ᠲᠡᠳᠬᠦᠭᠴᠢ ᠶᠢᠨ ︽ᠶᠡᠭᠡ ᠨᠢᠭᠡᠳᠦᠯ ᠤᠨ ᠪᠢᠴᠢᠭ︾ ᠢ ᠵᠠᠯᠭᠠᠵᠤ ᠨᠠᠶᠢᠷᠠᠭᠤᠯᠤᠭᠰᠠᠨ ᠶᠠᠪᠤᠳᠠᠯ ᠨᠢ ᠪᠤᠶ ᠪᠦᠬᠦᠢ ᠬᠢᠯᠢ ᠬᠢᠵᠠᠭᠠᠷ ᠣᠷᠣᠨ ᠢ ᠸᠠᠩᠲᠤ ᠲᠥᠷᠥ ᠶᠢᠨ ᠨᠤᠲᠤᠭ ᠳᠡᠪᠢᠰᠬᠡᠷ ᠲᠤ ᠪᠠᠭᠲᠠᠭᠠᠨ ᠣᠷᠣᠭᠤᠯᠤᠭᠰᠠᠨ ᠡᠷᠬᠡ ᠰᠦᠷᠲᠦ ᠬᠠᠤᠯᠢ ᠶᠣᠰᠣ ᠪᠠᠷ ᠲᠤᠩᠬᠠᠭᠯᠠᠵᠤ᠂ ︽ᠵᠢᠷᠭᠤᠭ᠎ᠠ ᠨᠡᠶᠢᠯᠡᠵᠦ ᠨᠢᠭᠡ ᠭᠡᠷ ᠪᠤᠯᠤᠭᠰᠠᠨ︾ ᠢ ᠵᠠᠷᠯᠠᠭᠰᠠᠨ ᠶᠠᠪᠤᠳᠠᠯ ᠪᠤᠯᠬᠤ ᠶᠤᠮ᠃
7.jpg
      ▲ᠴᠢᠩ   ᠰᠢᠦᠢ ᠶᠠᠩ ︽ᠮᠠᠨᠳᠤᠭᠰᠠᠨ ᠲᠥᠷᠥ ᠶᠢᠨ ᠡᠰᠡᠨᠢᠨ ᠬᠥᠭᠵᠢᠭᠰᠡᠨ ᠵᠢᠷᠤᠭ︾ ᠤᠨ ᠬᠡᠰᠡᠭ ᠦᠵᠡᠭᠳᠡᠯ᠃ ︵ᠵᠢᠷᠤᠭ ᠤᠨ ᠢᠷᠡᠯᠲᠡ᠄ ᠰᠢᠨ ᠵᠢᠩ ᠰᠣᠨᠢᠨ ᠨᠣᠮ ᠤᠨ ᠰᠢᠭᠦᠮᠵᠢ ᠶᠢᠨ ᠠᠯᠪᠠᠨ ᠳ᠋ᠤᠭᠠᠷ︶           ᠰᠠᠶᠢᠰᠢᠶᠠᠯᠲᠤ ᠢᠷᠦᠭᠡᠯᠲᠦ᠂ ᠲᠦᠷᠦ ᠭᠡᠷᠡᠯᠲᠦ ᠠᠬᠢᠨ ᠵᠠᠰᠠᠭᠠᠳ᠂ ᠶᠡᠭᠡ ᠨᠢᠭᠡᠳᠦᠯ ᠢ ᠬᠡᠪ ᠢᠶᠠᠷ ᠨᠢ ᠪᠠᠶᠢᠯᠭᠠᠭᠰᠠᠨ ᠨᠢ      ᠲᠩᠷᠢ ᠲᠡᠳᠬᠦᠭᠴᠢ ᠶᠢᠨ ᠨᠠᠰᠤ ᠨᠥᠭᠴᠢᠬᠦ ᠶᠢ ᠳᠠᠭᠠᠯᠳᠤᠨ ᠳᠠᠶᠢᠴᠢᠩ ᠤᠯᠤᠰ ᠤᠨ ᠵᠠᠭᠤᠨ ᠵᠢᠯ ᠤᠨ ᠮᠠᠨᠳᠤᠭᠰᠠᠨ ᠲᠦᠷᠦ ᠶᠢᠨ ᠥᠩᠭᠡ ᠦᠵᠡᠮᠵᠢ ᠠᠯᠭᠤᠷ ᠠᠭᠠᠵᠢᠮ ᠢᠶᠠᠷ ᠬᠥᠰᠢᠭᠡ ᠪᠠᠨ ᠬᠠᠭᠠᠪᠠ᠃ ᠪᠤᠤᠬᠢᠶ᠎ᠠ ᠲᠣᠰᠣᠭᠴᠢ ᠪᠣᠯᠤᠭᠰᠠᠨ ᠤ ᠬᠤᠪᠢ ᠳᠤ ᠰᠠᠶᠢᠰᠢᠶᠠᠯᠲᠤ ᠢᠷᠥᠭᠡᠯᠲᠦ ᠬᠠᠭᠠᠨ ᠥᠪᠡᠷ ᠤᠨ ᠡᠷᠬᠡ ᠦᠭᠡᠢ ᠮᠠᠨᠳᠤᠭᠰᠠᠨ ᠲᠦᠷᠦ ᠪᠠᠨ ᠦᠷᠭᠦᠯᠵᠢᠯᠡᠭᠦᠯᠬᠦ ᠶᠢ ᠬᠦᠰᠡᠵᠦ ᠪᠠᠶᠢᠭᠰᠠᠨ ᠠᠵᠢ᠃ ᠲᠤᠰ ᠤᠳᠠᠭᠠᠨ ᠤ ︽ᠶᠡᠭᠡ ᠨᠢᠭᠡᠳᠦᠯ ᠤᠨ ᠪᠢᠴᠢᠭ︾ ᠢ ᠳᠠᠬᠢᠨ ᠨᠠᠢᠷᠠᠭᠤᠯᠬᠤ ᠠᠵᠢᠯ ᠤᠨ ᠮᠠᠲ᠋ᠧᠷᠢᠶᠠᠯ ᠰᠠᠶᠢᠰᠢᠶᠠᠯᠲᠤ ᠢᠷᠥᠭᠡᠯᠲᠦ ᠶᠢᠨ ᠬᠤᠷᠢᠨ ᠲᠠᠪᠤᠳᠤᠭᠠᠷ ᠣᠨ ︵1820 ᠣᠨ︶ ᠢᠶᠠᠷ ᠬᠢᠵᠠᠭᠠᠷᠯᠠᠭᠳᠠᠵᠤ᠂ ᠪᠦᠬᠦ ᠤᠯᠤᠰ ᠤᠨ ᠡᠯ᠎ᠡ ᠭᠠᠵᠠᠷ ᠤᠨ ᠪᠠᠶᠢᠭᠤᠯᠤᠮᠵᠢ ᠶᠢᠨ ᠳᠦᠷᠢᠮ ᠤᠨ ᠤᠯᠠᠷᠢᠯ ᠬᠤᠪᠢᠰᠤᠯ᠂ ᠵᠡᠷᠭᠡ ᠲᠤᠰᠢᠶᠠᠯ᠂ ᠡᠷᠦᠬᠡ ᠠᠮᠠ᠂ ᠨᠡᠷᠡᠲᠦ ᠬᠦᠮᠦᠰ ᠵᠡᠷᠭᠡ ᠶᠢ ᠨᠢᠭᠡ ᠳᠤᠤᠷ᠎ᠠ ᠲᠡᠮᠳᠡᠭᠯᠡᠵᠦ᠂ ᠨᠤᠲᠤᠭ ᠳᠡᠪᠢᠰᠬᠡᠷ ᠤᠨ ᠶᠡᠭᠡ ᠨᠢᠭᠡᠳᠦᠯ ᠤᠨ ᠦᠵᠡᠯᠲᠡ ᠶᠢ ᠤᠯᠠᠮ ᠨᠢᠭᠡ ᠠᠯᠬᠤᠮ ᠭᠦᠨᠵᠡᠭᠡᠶᠢᠷᠡᠭᠦᠯᠵᠡᠢ᠃      ᠣᠷᠣᠨ ᠨᠤᠲᠤᠭ ᠤᠨ ᠨᠡᠷᠡᠶᠢᠳᠦᠯ ᠤᠨ ᠬᠤᠪᠢᠷᠠᠯᠲᠠ ᠠᠴᠠ ᠦᠵᠡᠪᠡᠯ᠂ ᠬᠠᠮᠤᠭ ᠶᠡᠭᠡ ᠬᠤᠪᠢᠷᠠᠯᠲᠠ ᠲᠠᠢ ᠨᠢ ᠤᠮᠠᠷᠠᠲᠤ ᠬᠢᠵᠠᠭᠠᠷ ᠪᠣᠯᠣᠨ ᠪᠠᠷᠠᠭᠤᠨ ᠬᠤᠶᠢᠲᠤ ᠬᠢᠵᠠᠭᠠᠷ ᠣᠷᠣᠨ ᠪᠤᠯᠤᠨ᠎ᠠ᠃ ᠡᠨᠡ ᠤᠳᠠᠭᠠᠨ ᠤ ︽ᠶᠡᠭᠡ ᠨᠢᠭᠡᠳᠦᠯ ᠤᠨ ᠪᠢᠴᠢᠭ︾ ᠢ ᠲᠠᠬᠢᠨ ᠵᠠᠰᠠᠬᠤ ᠳᠤ ᠪᠠᠨ ︽ᠤᠯᠢᠶᠠᠰᠤᠲᠠᠢ ᠮᠣᠩᠭᠤᠯ ᠤᠨ ᠪᠦᠬᠦ ᠠᠶᠢᠮᠠᠭ︾ ᠢ ᠨᠡᠮᠡᠨ ᠤᠷᠦᠭᠤᠯᠵᠤ᠂ ︽ᠪᠠᠷᠠᠭᠤᠨ ᠬᠢᠵᠠᠭᠠᠷ ᠤᠨ ᠰᠢᠨᠵᠢᠶᠠᠩ ᠤᠨ ᠪᠦᠬᠦ ᠠᠶᠢᠮᠠᠭ︾ ᠢ ︽ᠰᠢᠨᠵᠢᠶᠠᠩ ᠤᠨ ᠪᠦᠬᠦ ᠠᠶᠢᠮᠠᠭ︾ ᠪᠣᠯᠭᠠᠵᠤ᠂ ︽ᠰᠢᠨ᠎ᠡ ᠬᠠᠭᠤᠴᠢᠨ ᠮᠣᠩᠭᠤᠯ ᠤᠨ ᠪᠦᠬᠦ ᠠᠶᠢᠮᠠᠭ︾ ᠢ ︽ᠮᠣᠩᠭᠤᠯ ᠤᠨ ᠪᠦᠬᠦ ᠠᠶᠢᠮᠠᠭ︾ ᠭᠡᠵᠦ ᠥᠭᠡᠷᠡᠴᠢᠯᠡᠪᠡ᠃      ᠵᠡᠭᠦᠨ ᠬᠤᠶᠢᠲᠤ ᠣᠷᠣᠨ ᠳᠤ ᠬᠠᠮᠢᠶᠠᠳᠦᠭ᠌ᠰᠠᠨ ᠠᠭᠤᠯᠭ᠎ᠠ ᠶᠢ ᠨᠠᠶᠢᠷᠠᠭᠤᠯᠤᠨ ᠪᠢᠴᠢᠬᠦ ᠳᠤ ᠪᠠᠨ ᠴᠤ ᠥᠩᠭᠡᠷᠡᠭᠰᠡᠨ ᠤ ᠵᠤᠷᠰᠢᠯ ᠢ ᠡᠪᠳᠡᠭᠰᠡᠨ ᠪᠠᠶᠢᠳᠠᠭ᠃ ᠵᠡᠭᠦᠨ ᠬᠤᠶᠢᠲᠤ ᠣᠷᠣᠨ ᠨᠢ ᠴᠢᠩ ᠤᠯᠤᠰ ᠤᠨ ︽ᠡᠭᠦᠰᠴᠦ ᠮᠠᠨᠳᠤᠭᠰᠠᠨ ᠭᠠᠵᠠᠷ︾ ᠪᠣᠯᠤᠭᠰᠠᠨ ᠤ ᠬᠤᠪᠢ ᠳᠤ᠂ ᠶᠡᠷᠦ ᠠᠴᠠ ᠴᠢᠩ ᠤᠯᠤᠰ ᠤᠨ ᠨᠣᠶᠠᠷᠬᠠᠭᠴᠢᠳ ᠤᠨ ᠬᠦᠨᠳᠦᠳᠬᠡᠯ ᠢ ᠣᠯᠤᠭᠰᠠᠭᠠᠷ ᠢᠷᠡᠭᠰᠡᠨ ᠶᠤᠮ᠃ ᠡᠭᠦᠨ ᠠᠴᠠ ᠡᠮᠦᠨ᠎ᠡ ᠨᠠᠢᠷᠠᠭᠤᠯᠤᠭᠰᠠᠨ ︽ᠶᠡᠭᠡ ᠨᠢᠭᠡᠳᠦᠯ ᠤᠨ ᠪᠢᠴᠢᠭ︾ ᠲᠤ ᠮᠥᠭᠳᠡᠨ᠂ ᠬᠡᠲᠦ ᠠᠯᠠ ᠶᠢ ᠶᠡᠷᠦ ᠠᠴᠠ ᠨᠡᠶᠢᠰᠯᠡᠯ ᠬᠤᠲᠠ᠂ ᠰᠢᠭᠤᠳ ᠬᠠᠷᠢᠶ᠎ᠠ ᠮᠤᠵᠢ ᠶᠢᠨ ᠳᠠᠷᠠᠭ᠎ᠠ ᠪᠠᠶᠢᠷᠢᠨ ᠳᠤ ᠲᠠᠯᠪᠢᠵᠤ᠂ ᠡᠷᠬᠢᠮ ᠳᠤ ᠦᠵᠡᠵᠦ ᠪᠠᠶᠢᠭ᠎ᠠ ᠪᠠᠨ ᠢᠯᠡᠷᠬᠡᠶᠢᠯᠡᠳᠡᠭ ᠪᠠᠶᠢᠵᠠᠢ᠃ ᠡᠨᠡ ᠤᠳᠠᠭ᠎ᠠ ᠶᠢᠨ ᠳᠠᠬᠢᠨ ᠵᠠᠰᠠᠯᠲᠠ ᠳᠤ ︽ᠤᠷᠤᠨ ᠨᠤᠲᠤᠭ ᠢ ᠨᠢᠭᠡᠳᠦᠯᠲᠠᠢ ᠪᠤᠯᠭᠠᠬᠤ︾ ᠵᠤᠷᠢᠯᠭ᠎ᠠ ᠪᠠᠷ ᠮᠥᠭᠳᠡᠨ᠂ ᠬᠡᠲᠦ ᠠᠯᠠ ᠶᠢ ᠲᠤᠰᠠᠭᠠᠷ ᠪᠤᠳᠢ ᠳᠤ ᠤᠷᠤᠭᠤᠯᠤᠯ ᠦᠭᠡᠢ᠂ ᠬᠠᠷᠢᠨ ᠮᠥᠭᠳᠡᠨ ᠤ ᠪᠦᠬᠦ ᠠᠶᠢᠮᠠᠭ ᠤᠨ ᠬᠠᠷᠢᠶᠠᠨ ᠳᠤ ᠪᠠᠭᠲᠠᠭᠠᠨ ᠣᠷᠣᠭᠤᠯᠵᠠᠢ᠃
  8.jpg  
      ▲ᠰᠠᠶᠢᠰᠢᠶᠠᠯᠲᠤ ᠢᠷᠦᠭᠡᠯᠲᠦ ︽ᠶᠡᠭᠡ ᠨᠢᠭᠡᠳᠦᠯ ᠤᠨ ᠪᠢᠴᠢᠭ︾ ᠤᠨ ᠬᠠᠭᠤᠯᠪᠤᠷᠢ ᠳᠡᠪᠲᠡᠷ ︵ᠵᠢᠷᠤᠭ ᠤᠨ ᠢᠷᠡᠯᠲᠡ᠄ ᠬᠠᠭᠠᠨ ᠤ ᠣᠷᠳᠣᠨ ᠤ ᠮᠦᠽᠧᠢ︶      ︽ᠶᠡᠭᠡ ᠨᠢᠭᠡᠳᠦᠯ ᠤᠨ ᠪᠢᠴᠢᠭ︾ ᠢ ᠳᠠᠬᠢᠨ ᠨᠠᠢᠷᠠᠭᠤᠯᠬᠤ ᠠᠵᠢᠯ ᠲᠥᠷᠥ ᠭᠡᠷᠡᠯᠲᠦ ᠶᠢᠨ ᠦᠶᠡᠰ ᠲᠤ ᠳᠠᠭᠤᠰᠪᠠ᠃ ᠲᠥᠷᠥ ᠭᠡᠷᠡᠯᠲᠦ ᠶᠢᠨ ᠵᠠᠯᠭᠠᠨ ᠠᠪᠤᠭᠰᠠᠨ ᠲᠦᠷᠦ ᠨᠢ ᠡᠳᠦᠷ ᠢᠷᠡᠬᠦᠶ᠎ᠡ ᠤᠷᠤᠭᠤᠳᠠᠨ ᠳᠣᠷᠣᠶᠢᠳᠠᠭᠰᠠᠨ ᠲᠥᠷᠥ ᠭᠦᠷᠦᠨ ᠪᠠᠶᠢᠵᠤ᠂ ᠲᠤᠲᠤᠭᠠᠳᠤ ᠳᠤ ᠪᠠᠨ ᠪᠣᠰᠣᠯᠭ᠎ᠠ ᠤᠷᠪᠠᠯᠭ᠎ᠠ ᠳᠠᠰᠤᠷᠠᠯ ᠦᠭᠡᠢ ᠦᠷᠭᠦᠯᠵᠢᠯᠡᠵᠦ᠂ ᠨᠣᠶᠠᠷᠬᠠᠯ ᠤᠨ ᠰᠠᠭᠤᠷᠢ ᠶᠢ ᠭᠤᠶᠢᠪᠢᠯᠵᠠᠭᠤᠯᠵᠤ᠂ ᠭᠠᠳᠠᠭᠠᠳᠤ ᠳᠤ ᠪᠠᠨ ᠬᠦᠴᠦᠷᠬᠡᠭ ᠤᠯᠤᠰ ᠤᠳ ᠬᠦᠷᠢᠶᠡᠯᠡᠨ ᠰᠢᠷᠲᠡᠭᠡᠳ᠂ ᠨᠤᠲᠤᠭ ᠳᠡᠪᠢᠰᠬᠡᠷ ᠤᠨ ᠨᠢᠭᠡᠳᠦᠯ ᠲᠠᠢ ᠪᠠᠶᠢᠳᠠᠯ ᠡᠪᠳᠡᠭᠳᠡᠯ ᠳᠤ ᠤᠴᠠᠷᠠᠵᠤ ᠪᠠᠶᠢᠯ᠎ᠠ᠃ ᠭᠡᠪᠡᠴᠦ ᠲᠥᠷᠥ ᠭᠡᠷᠡᠯᠲᠦ ᠬᠠᠭᠠᠨ ᠬᠠᠷᠢᠨ ︽ᠬᠠᠭᠠᠨ ᠤ ᠪᠢᠴᠢᠭᠰᠡᠨ ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ ᠤᠨ ᠣᠷᠣᠰᠢᠯ︾ ᠤᠨ ᠡᠬᠢᠯᠡᠯ ᠤᠨ ᠬᠡᠰᠡᠭ ᠲᠤ ᠪᠠᠨ᠄ ︽ᠮᠠᠨ ᠤ ᠳᠠᠶᠢᠴᠢᠩ ᠤᠯᠤᠰ ᠬᠡᠮᠡᠭᠴᠢ ᠲᠩᠷᠢ ᠶᠢᠨ ᠪᠣᠱᠤᠭ ᠢ ᠤᠯᠵᠤ ᠳᠡᠯᠡᠬᠡᠶ ᠳ᠋ᠠᠬᠢᠨ ᠢ ᠡᠵᠡᠯᠡᠵᠦ᠂ ᠬᠦᠷᠢᠶ᠎ᠡ ᠬᠡᠪᠴᠢᠶ᠎ᠡ ᠥᠷᠭᠡᠳᠴᠤ ᠶᠡᠭᠡ ᠨᠢᠭᠡᠳᠦᠯ ᠢ ᠪᠠᠶᠡᠯᠡᠭᠦᠯᠦᠭᠡᠳ ᠡᠳᠦᠭᠡ ᠬᠤᠶᠠᠷ ᠵᠠᠭᠤᠨ ᠵᠢᠯ ᠪᠤᠯᠵᠤᠬᠤᠢ︾ ᠬᠡᠮᠡᠨ ᠪᠢᠴᠢᠵᠡᠢ᠃ ᠳᠣᠲᠣᠭᠠᠳᠤ ᠶᠢᠨ ᠵᠣᠪᠠᠯᠠᠩ ᠭᠠᠳᠠᠭᠠᠳᠤ ᠶᠢᠨ ᠠᠶᠤᠯ ᠤᠨ ᠡᠮᠦᠨ᠎ᠡ᠂ ᠲᠥᠷᠥ ᠭᠡᠷᠡᠯᠲᠦ ᠬᠠᠭᠠᠨ ᠠᠯᠪᠠᠨ ᠤ ᠣᠶᠢᠯᠠᠯᠭ᠎ᠠ ᠶᠢᠨ ᠪᠢᠴᠢᠭ ᠢ ᠨᠠᠶᠢᠷᠠᠭᠤᠯᠬᠤ ᠠᠷᠭ᠎ᠠ ᠪᠠᠷ ᠳᠠᠮᠵᠢᠭᠤᠯᠤᠭᠠᠳ ᠶᠡᠭᠡ ᠨᠢᠭᠡᠳᠦᠯ ᠢ ᠪᠡᠶᠡᠯᠡᠭᠦᠯᠬᠦ ᠬᠦᠰᠡᠯ ᠢᠶᠠᠨ ᠲᠠᠬᠢᠨᠲᠠ ᠴᠢᠬᠤᠯᠠᠴᠢᠯᠠᠭᠰᠠᠨ ᠨᠢ ᠵᠤᠬᠢᠬᠤ ᠬᠡᠮᠵᠢᠶᠡᠨ ᠳᠤ ᠬᠥᠮᠦᠰ ᠤᠨ ᠰᠡᠳᠬᠢᠯ ᠰᠠᠨᠠᠭ᠎ᠠ ᠪᠠᠨ ᠨᠢᠭᠲᠠᠷᠠᠭᠤᠯᠵᠤ᠂ ᠵᠣᠷᠢᠭ ᠰᠦᠰᠦ ᠪᠠᠨ ᠬᠥᠪᠴᠢᠯᠡᠬᠦ‍ ᠨᠢᠭᠡ ᠵᠦᠢᠯ ᠤᠨ ᠠᠷᠭ᠎ᠠ ᠪᠣᠳᠣᠯᠭ᠎ᠠ ᠪᠣᠯᠬᠤ ᠨᠢ ᠢᠯᠡᠷᠬᠡᠢ ᠪᠠᠶᠢᠯ᠎ᠠ᠃      ᠮᠠᠨᠳᠤᠭᠰᠠᠨ ᠲᠦᠷᠦ ᠶᠢᠨ ᠣᠶᠢᠯᠠᠯᠭ᠎ᠠ ᠪᠢᠴᠢᠬᠦ ᠨᠢ ᠳᠤᠮᠳᠠᠳᠤ ᠶᠢᠨ ᠰᠣᠶᠣᠯ ᠤᠨ ᠰᠢᠯᠢᠳᠡᠭ ᠤᠯᠠᠮᠵᠢᠯᠠᠯ ᠶᠤᠮ᠃ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠨᠢ ᠵᠥᠪᠬᠡᠨ ᠨᠢᠭᠡᠨ ᠢᠵᠢ ᠭᠠᠵᠠᠷ ᠵᠦᠶ ᠶᠢᠨ ᠶᠡᠷᠦᠩᠬᠡᠶ ᠣᠶᠢᠯᠠᠯᠭ᠎ᠠ ᠲᠡᠳᠦᠶ ᠪᠢᠰᠢ᠂ ᠬᠠᠷᠢᠨ ᠴᠢᠩ ᠤᠯᠤᠰ ᠤᠨ ᠲᠠᠪᠤᠨ ᠦᠶ᠎ᠡ ᠶᠢᠨ ᠬᠠᠭᠠᠨ ᠭᠤᠷᠪᠠᠨᠲᠠ ᠵᠠᠰᠠᠨ ᠰᠡᠯᠪᠢᠵᠦ᠂ ᠪᠦᠬᠦ ᠵᠤᠷᠢᠭ ᠪᠦᠬᠦ ᠬᠦᠴᠦ ᠪᠠᠷ ᠢᠶᠠᠨ ᠳᠠᠶᠢᠴᠢᠩ ᠤᠯᠤᠰ ᠤᠨ ᠶᠡᠭᠡ ᠨᠢᠭᠡᠳᠦᠯ ᠤᠨ ᠲᠤᠬᠠᠶ ᠣᠮᠤᠭ ᠪᠠᠭ᠋ᠠᠳᠤᠯᠲᠤ ᠰᠡᠳᠬᠢᠯᠭᠡ ᠪᠠᠨ ᠢᠯᠡᠷᠬᠡᠶᠢᠯᠡᠵᠦ᠂ ᠬᠥᠮᠦᠰ ᠤᠨ ᠰᠡᠳᠬᠢᠯ ᠰᠠᠨᠠᠭ᠎ᠠ ᠶᠢ ᠲᠠᠰᠤᠷᠠᠯᠲᠠ ᠦᠭᠡᠶ ᠨᠢᠭᠲᠠᠷᠠᠭᠤᠯᠬᠤ ᠶᠢᠨ ᠳᠠᠭᠠᠤ ᠳᠤ᠂ ᠴᠢᠩ ᠤᠯᠤᠰ ᠤᠨ ᠡᠵᠡᠨ ᠲᠦᠰᠢᠮᠡᠳ ᠤᠨ ᠨᠤᠲᠤᠭ ᠳᠡᠪᠢᠰᠬᠡᠷ ᠢᠶᠠᠨ ᠪᠠᠬᠢᠵᠢᠭᠦᠯᠬᠦ ᠶᠠᠪᠤᠴᠠ ᠳᠤ ᠪᠠᠨ᠂ ᠳᠤᠮᠳᠠᠳᠤ ᠤᠯᠤᠰ ᠤᠨ ᠮᠡᠳᠡᠷᠡᠬᠦᠢ ᠶᠢᠨ ᠬᠡᠪᠴᠢᠶ᠎ᠡ ᠨᠢ ᠲᠠᠰᠤᠷᠠᠯᠲᠠ ᠦᠭᠡᠶ ᠥᠷᠭᠡᠳᠴᠦ᠂ ᠬᠢᠯᠢ ᠬᠢᠵᠠᠭᠠᠷ ᠬᠢᠭᠡᠳ ᠳᠤᠮᠳᠠᠳᠤ ᠣᠷᠣᠨ ᠤ ᠬᠠᠷᠢᠴᠠᠭ᠎ᠠ ᠶᠢ ᠳᠠᠬᠢᠨ ᠰᠢᠨ᠎ᠡ ᠪᠠᠷ ᠲᠤᠮᠢᠶᠠᠯᠠᠭᠰᠠᠨ ᠶᠤᠮ᠂ ᠡᠨᠡ ᠪᠣᠯ ᠳᠤᠮᠳᠠᠳᠤ ᠤᠯᠤᠰ ᠤᠨ ᠤᠯᠠᠮᠵᠢᠯᠠᠯᠲᠤ ᠨᠤᠲᠤᠭ ᠳᠡᠪᠢᠰᠬᠡᠷ ᠤᠨ ᠦᠵᠡᠯᠲᠡ ᠶᠢᠨ ᠲᠦᠢᠯᠪᠤᠷᠢᠲᠠᠶ ᠬᠤᠪᠢᠰᠤᠯᠲᠠ ᠪᠣᠯᠤᠨ᠎ᠠ᠃ ᠵᠢᠱᠢᠶᠡᠯᠡᠪᠡᠯ᠂ ᠲᠩᠷᠢ ᠲᠡᠳᠬᠦᠭᠴᠢ ᠬᠠᠭᠠᠨ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠢ ᠵᠠᠯᠭᠠᠨ ᠨᠠᠶᠢᠷᠠᠭᠤᠯᠬᠤ ᠳᠤ ᠪᠠᠨ ᠡᠩ ᠲᠡᠷᠢᠭᠦᠨ ᠳᠤ ᠬᠥᠬᠡᠨᠠᠭᠤᠷ᠂ ᠲᠥᠪᠡᠳ᠂ ᠰᠢᠨᠵᠢᠶᠠᠩ ᠣᠷᠣᠨ ᠤ ᠨᠠᠷᠢᠨ ᠣᠨᠣᠪᠴᠢᠲᠠᠶ ᠭᠠᠵᠠᠷ ᠤᠨ ᠵᠢᠷᠤᠭ ᠢ ᠬᠡᠮᠵᠢᠨ ᠦᠢᠯᠡᠳᠴᠦ᠂ ︽ᠪᠠᠷᠠᠭᠤᠨ ᠬᠢᠵᠠᠭᠠᠷ ᠤᠨ ᠵᠢᠷᠤᠭᠲᠤ ᠣᠶᠢᠯᠠᠯᠭ᠎ᠠ︾ ᠵᠡᠷᠭᠡ ᠬᠢᠵᠠᠭᠠᠷ ᠣᠷᠣᠨ ᠤ ᠨᠣᠮ ᠪᠢᠴᠢᠭ ᠢ ᠨᠠᠶᠢᠷᠠᠭᠤᠯᠤᠨ ᠪᠢᠴᠢᠬᠦ ᠶᠢᠨ ᠬᠠᠮᠲᠤ᠂ ᠡᠯ᠎ᠡ ᠮᠤᠵᠢ ᠶᠢᠨ ᠨᠣᠶᠠᠳ ᠢ ᠳᠠᠶᠢᠴᠢᠯᠠᠨ ︽ᠳᠠᠶᠢᠴᠢᠩ ᠤᠯᠤᠰ ᠤᠨ ᠶᠡᠭᠡ ᠨᠢᠭᠡᠳᠦᠯ ᠤᠨ ᠪᠢᠴᠢᠭ︾ ᠲᠤ ᠬᠡᠷᠡᠭᠰᠡᠬᠦ ᠮᠠᠲ᠋ᠧᠷᠢᠶᠠᠯ ᠢ ᠴᠤᠭᠯᠠᠭᠤᠯᠵᠤ᠂ ᠡᠮᠬᠢᠳᠬᠡᠵᠦ᠂ ᠳᠡᠭᠡᠭᠰᠢ ᠲᠤᠰᠢᠶᠠᠯᠭᠠᠬᠤ ᠠᠵᠢᠯ ᠢ ᠬᠢᠯᠭᠡᠵᠡᠢ᠃ ᠰᠠᠶᠢᠰᠢᠶᠠᠯᠲᠤ ᠢᠷᠥᠭᠡᠯᠲᠦ ᠬᠠᠭᠠᠨ ᠶᠡᠭᠡ ᠨᠢᠭᠡᠳᠦᠯ ᠤᠨ ᠪᠢᠴᠢᠭ ᠢ ᠲᠠᠬᠢᠨ ᠵᠠᠰᠠᠬᠤ ᠳᠤ ᠪᠠᠨ᠂ ︽ᠵᠦᠩᠭᠠᠷ ᠢ ᠲᠦᠪᠰᠢᠳᠬᠡᠬᠦ ᠠᠷᠭ᠎ᠠ ᠪᠤᠳᠤᠯᠭ᠎ᠠ︾᠂ ︽ᠪᠠᠷᠠᠭᠤᠨ ᠬᠢᠵᠠᠭᠠᠷ ᠤᠨ ᠵᠢᠷᠭᠤᠭᠠᠨ ᠵᠦᠢᠯ ᠤᠨ ᠦᠰᠦᠭ ᠤᠨ ᠤᠷᠴᠢᠭᠤᠯᠭ᠎ᠠ ᠶᠢᠨ ᠲᠤᠯᠢ︾᠂ ︽ᠵᠢᠨᠴᠤᠸᠠᠨ ᠢ ᠲᠦᠪᠰᠢᠳᠬᠡᠬᠦ ᠠᠷᠭ᠎ᠠ ᠪᠤᠳᠤᠯᠭ᠎ᠠ︾᠂ ︽ᠲᠩᠷᠢ ᠶᠢᠨ ᠳᠣᠣᠷᠠᠬᠢ ᠨᠤᠲᠤᠭ ᠳᠡᠪᠢᠰᠬᠡᠷ ᠤᠨ ᠪᠦᠷᠢᠨ ᠵᠢᠷᠤᠭ︾ ᠵᠡᠷᠭᠡ ᠬᠢᠯᠢ ᠬᠢᠵᠠᠭᠠᠷ ᠣᠷᠣᠨ ᠤ ᠨᠡᠩ ᠤᠯᠠᠨ ᠨᠣᠮ ᠪᠢᠴᠢᠭ ᠢ ᠴᠤᠭᠯᠠᠭᠤᠯᠵᠠᠶ᠃      ᠴᠢᠩ ᠤᠯᠤᠰ ᠤᠨ ᠲᠠᠪᠤᠨ ᠬᠠᠭᠠᠨ ᠪᠢᠴᠢᠭ ᠤᠨ ᠬᠥᠮᠦᠰ ᠲᠠᠢ ᠰᠡᠳᠬᠢᠯ ᠪᠠᠨ ᠨᠢᠭᠡᠳᠭᠡᠨ ᠬᠦᠴᠦ ᠪᠠᠨ ᠬᠠᠮᠲᠤᠳᠬᠠᠵᠤ᠂ ᠶᠡᠭᠡ ᠨᠢᠭᠡᠳᠦᠯ ᠤᠨ ᠪᠢᠴᠢᠭ ᠢ ᠨᠠᠶᠢᠷᠠᠭᠤᠯᠤᠨ ᠪᠢᠴᠢᠵᠤ᠂ ᠬᠠᠭᠠᠨᠲᠤ ᠲᠦᠷᠦ ᠶᠢᠨ ᠳᠡᠭᠡᠷ᠎ᠡ ᠳᠤᠤᠷ᠎ᠠ ᠦᠭᠡᠢ᠂ ᠮᠠᠨᠵᠤ ᠬᠢᠲᠠᠳ ᠤᠨ ᠢᠯᠭᠠᠭ᠎ᠠ ᠵᠥᠷᠢᠶ᠎ᠡ ᠦᠭᠡᠢ ᠪᠠᠷ ︽ᠨᠤᠲᠤᠭ ᠳᠡᠪᠢᠰᠬᠡᠷ ᠢᠶᠠᠨ ᠨᠢᠭᠡᠳᠬᠡᠵᠦ᠂ ᠳᠣᠲᠣᠭᠠᠳᠤ ᠭᠠᠳᠠᠭᠠᠳᠤ ᠳᠤ ᠢᠯᠭᠠᠭ᠎ᠠ ᠦᠬᠡᠢ︾ ᠭᠡᠰᠡᠨ ︽ᠶᠡᠭᠡ ᠨᠢᠭᠡᠳᠦᠯ︾ ᠤᠨ ᠣᠶᠢᠯᠠᠭᠠᠭᠳᠠᠬᠤᠨ ᠤ ᠤᠬᠠᠭᠤᠯᠭ᠎ᠠ ᠬᠥᠮᠦᠵᠢᠯ ᠤᠨ ᠠᠵᠢᠯ ᠢ ᠳᠠᠰᠤᠷᠠᠯᠳᠠ ᠦᠬᠡᠢ ᠬᠢᠭᠰᠡᠨ ᠤ ᠦᠷ᠎ᠡ ᠳ᠋ᠦᠩ ᠳᠤ ᠢᠪᠡᠭᠡᠯ ᠬᠠᠶᠢᠷ᠎ᠠ ᠨᠢ ᠬᠤᠶᠢᠴᠢ ᠦᠶᠡᠰ ᠲᠤ ᠲᠤᠰᠴᠤ᠂ ᠡᠭᠦᠨ ᠠᠴᠠ ᠪᠤᠯᠵᠤ ᠤᠯᠠᠮ ᠠᠴᠠ ᠤᠯᠠᠮ ᠪᠠᠲᠤᠳᠬᠠᠭᠳᠠᠭᠰᠠᠨ ᠳᠤᠮᠳᠠᠳᠤ ᠶᠢᠨ ᠶᠡᠭᠡ ᠨᠢᠭᠡᠳᠦᠯ ᠤᠨ ᠣᠶᠢᠯᠠᠭᠠᠭᠳᠠᠬᠤᠨ ᠨᠢ ᠣᠷᠴᠢᠨ ᠦᠶ᠎ᠡ ᠶᠢᠨ ᠳᠤᠮᠳᠠᠳᠤ ᠶᠢᠨ ᠪᠤᠢ ᠪᠦᠬᠦᠢ ᠴᠢᠩ ᠵᠤᠷᠢᠭᠲᠠᠨ ᠴᠢᠭᠴᠢ ᠵᠢᠷᠤᠮᠲᠠᠨ ᠤ ᠤᠯᠤᠰ ᠣᠷᠣᠨ ᠤ ᠨᠢᠭᠡᠳᠦᠯ ᠢ ᠬᠥᠭᠡᠭᠡᠴᠡᠯᠳᠦᠬᠦ ᠬᠠᠮᠲᠦ ᠶᠢᠨ ᠡᠷᠢᠯᠬᠢᠯᠡᠯ ᠢ ᠰᠢᠭᠤᠳ ᠨᠥᠯᠥᠭᠡᠯᠡᠭᠰᠡᠨ ᠶᠤᠮ᠃      ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ᠄
9.jpg     
      ᠯᠢ ᠿᠠᠨ᠂ ᠳᠤᠮᠳᠠᠳᠤ ᠡᠮᠦᠨᠡᠲᠦ ᠶᠢᠨ ᠦᠨᠳᠦᠰᠦᠲᠡᠨ ᠤ ᠶᠡᠭᠡ ᠰᠤᠷᠭᠠᠭᠤᠯᠢ ᠶᠢᠨ ᠫᠷᠣᠹᠧᠰᠰᠣᠷ᠂ ᠳ᠋ᠣᠺᠲ᠋ᠣᠷᠠᠨᠲ ᠤᠨ ᠵᠢᠯᠣᠭᠤᠳᠣᠭᠴᠢ ᠪᠠᠭᠰᠢ᠂ ᠬᠤᠪᠸᠢ ᠮᠤᠵᠢ ᠶᠢᠨ ᠰᠣᠶᠣᠯ ᠤᠨ ᠤᠬᠠᠭᠤᠯᠭ᠎ᠠ ᠶᠢᠨ ᠴᠢᠳᠠᠪᠤᠷᠢᠲᠠᠨ ᠢ ᠬᠥᠮᠦᠵᠢᠭᠦᠯᠬᠦ ᠢᠨᠵᠧᠨᠧᠷᠢᠩ ᠤᠨ ︽ᠲᠤᠯᠤᠭᠠᠨ ᠵᠠᠭᠤᠨ︾ ᠤ ᠲᠥᠷᠥᠯ ᠵᠦᠢᠯ ︵ᠭᠦᠨ ᠤᠬᠠᠭᠠᠨ ᠨᠡᠶᠢᠭᠡᠮ ᠤᠨ ᠰᠢᠨᠵᠢᠯᠡᠬᠦ ᠤᠬᠠᠭᠠᠨ ᠤ ᠲᠥᠷᠥᠯ︶ ᠤᠨ ᠵᠢᠱᠢᠭᠳᠡᠭᠴᠢ᠂ ᠤᠯᠤᠰ ᠤᠨ ᠦᠨᠳᠦᠰᠦᠲᠡᠨ ᠤ ᠬᠡᠷᠡᠭ ᠡᠷᠭᠢᠯᠡᠬᠦ ᠵᠦᠪᠯᠡᠯ ᠤᠨ ︽ᠢᠳᠡᠷ ᠵᠠᠯᠠᠭᠤ ᠴᠢᠳᠠᠪᠤᠷᠢᠲᠠᠨ︾᠃      ᠵᠧᠦ ᠰᠧ ᠯᠢᠶᠠᠩ᠂ ᠳᠤᠮᠳᠠᠳᠤ ᠡᠮᠦᠨᠡᠲᠦ ᠶᠢᠨ ᠦᠨᠳᠦᠰᠦᠲᠡᠨ ᠤ ᠶᠡᠭᠡ ᠰᠤᠷᠭᠠᠭᠤᠯᠢ ᠶᠢᠨ ᠠᠰᠫᠢᠷᠠᠨᠲ᠃          ᠣᠷᠴᠢᠭᠤᠯᠤᠭᠴᠢ᠄ ᠴᠢ᠊·ᠰᠡᠴᠡᠨ          ᠬᠢᠨᠠᠨ ᠨᠠᠶᠢᠷᠠᠭᠤᠯᠤᠭᠴᠢ᠄ ᠠᠳᠢᠶ᠎ᠠ   ᠰᠠᠴᠤᠷᠠᠯ          ᠶᠡᠷᠦᠩᠬᠡᠢ ᠬᠢᠨᠠᠨ ᠨᠠᠶᠢᠷᠠᠭᠤᠯᠤᠭᠴᠢ᠄ ᠪᠠᠶᠠᠨᠴᠢᠮᠡᠭ
ᠢᠷᠡᠯᠲᠡ᠄ ᠲᠤᠮᠳᠠᠳᠤ ᠶᠢ ᠥᠭᠦᠯᠡᠬᠦᠢ