ᠮᠠᠨ ᠤ ᠣᠷᠣᠨ ᠤ ᠴᠥᠭᠡᠨ ᠲᠣᠭᠠᠲᠤ ᠦᠨᠳᠦᠰᠦᠲᠡᠨ ᠤ 79 ᠵᠦᠢᠯ ᠤᠨ ᠰᠤᠳᠤᠷ ᠪᠢᠴᠢᠭ ︽ᠤᠯᠤᠰ ᠤᠨ ᠬᠤᠪᠣᠷ ᠨᠠᠨᠳᠢᠨ ᠰᠤᠳᠤᠷ ᠪᠢᠴᠢᠭ ᠤᠨ ᠨᠡᠷᠡᠰ ᠤᠨ ᠵᠢᠭᠰᠠᠭᠠᠯᠲᠠ︾ ᠳᠤ ᠰᠣᠩᠭᠤᠭᠳᠠᠨ ᠣᠷᠣᠪᠠ
ᠨᠡᠶᠢᠲᠡᠯᠡᠭᠰᠡᠨ ᠴᠠᠭ᠄
2023/5/8
      ︽ᠤᠯᠤᠰ ᠤᠨ ᠬᠤᠪᠣᠷ ᠨᠠᠨᠳᠢᠨ ᠰᠤᠳᠤᠷ ᠪᠢᠴᠢᠭ ᠤᠨ ᠨᠡᠷᠡᠰ ᠤᠨ ᠵᠢᠭᠰᠠᠭᠠᠯᠲᠠ︾ ᠪᠣᠯ ᠰᠣᠶᠣᠯ ᠤᠨ ᠶᠠᠮᠤᠨ ᠠᠴᠠ ᠲᠤᠭᠤᠷᠪᠢᠨ ᠲᠣᠭᠲᠠᠭᠠᠵᠤ᠂ ᠲᠦᠷᠦ ᠶᠢᠨ ᠶᠠᠪᠤᠳᠠᠯ ᠤᠨ ᠬᠤᠷᠢᠶᠠᠨ ᠳᠤ ᠮᠡᠳᠡᠭᠦᠯᠦᠨ ᠵᠥᠪᠰᠢᠶᠡᠷᠡᠭᠦᠯᠦᠭᠰᠡᠨ ᠤ ᠲᠠᠷᠠᠭ᠎ᠠ ᠨᠡᠶᠢᠲᠡᠯᠡᠭᠰᠡᠨ ᠨᠡᠷᠡᠰ ᠤᠨ ᠵᠢᠭᠰᠠᠭᠠᠯᠲᠠ ᠪᠣᠯᠣᠨ᠎ᠠ᠂ ᠭᠤᠣᠯᠳᠠᠭᠤ 1912 ᠣᠨ ᠠᠴᠠ ᠡᠮᠦᠨ᠎ᠡ ᠪᠢᠴᠢᠭᠳᠡᠭᠰᠡᠨ ᠪᠤᠶᠤ ᠬᠡᠪᠯᠡᠭᠳᠡᠭᠰᠡᠨ᠂ ᠳᠤᠮᠳᠠᠳᠤ ᠤᠯᠤᠰ ᠤᠨ ᠡᠷᠲᠡᠨ ᠤ ᠬᠠᠪᠢᠰᠤᠨ ᠤ ᠴᠢᠮᠡᠭᠯᠡᠯ ᠤᠨ ᠬᠡᠯᠪᠡᠷᠢ ᠪᠠᠷ ᠣᠷᠣᠰᠢᠵᠤ ᠪᠠᠶᠢᠭ᠎ᠠ᠂ ᠲᠡᠦᠬᠡ᠂ ᠦᠵᠡᠯ ᠰᠠᠨᠠᠭ᠎ᠠ ᠪᠠ ᠰᠣᠶᠣᠯ ᠤᠨ ᠴᠢᠬᠤᠯᠠ ᠦᠨ᠎ᠡ ᠥᠷᠲᠡᠭ ᠲᠠᠢ ᠬᠤᠪᠣᠷ ᠨᠠᠨᠳᠢᠨ ᠬᠢᠲᠠᠳ ᠬᠡᠯᠡᠨ ᠤ ᠰᠤᠳᠤᠷ ᠪᠢᠴᠢᠭ ᠵᠢᠴᠢ ᠴᠥᠭᠡᠨ ᠲᠣᠭᠠᠲᠤ ᠦᠨᠳᠦᠰᠦᠲᠡᠨ ᠤ ᠦᠰᠦᠭ ᠪᠢᠴᠢᠭ ᠤᠨ ᠰᠤᠳᠤᠷ ᠪᠢᠴᠢᠭ ᠢ  ᠵᠢᠭᠰᠠᠭᠠᠨ ᠣᠷᠣᠭᠤᠯᠵᠠᠢ᠃      ᠣᠲᠣ ᠪᠣᠯᠲᠠᠯ᠎ᠠ᠂ ᠨᠡᠶᠢᠲᠡ ᠵᠢᠷᠭᠤᠭᠠᠨ ᠪᠦᠯᠦᠭ ︽ᠤᠯᠤᠰ ᠤᠨ ᠬᠤᠪᠣᠷ ᠨᠠᠨᠳᠢᠨ ᠰᠤᠳᠤᠷ ᠪᠢᠴᠢᠭ ᠤᠨ ᠨᠡᠷᠡᠰ ᠤᠨ ᠵᠢᠭᠰᠠᠭᠠᠯᠲᠠ︾ ᠶᠢ ᠨᠡᠶᠢᠲᠡᠯᠡᠵᠦ᠂ ᠨᠡᠶᠢᠲᠡ 13026 ᠪᠣᠳᠢ ᠤᠯᠤᠰ ᠤᠨ ᠬᠤᠪᠣᠷ ᠨᠠᠨᠳᠢᠨ ᠰᠤᠳᠤᠷ ᠪᠢᠴᠢᠭ ᠢ ᠣᠷᠣᠭᠤᠯᠵᠠᠢ᠂ ᠡᠭᠦᠨ ᠳᠤ ᠬᠢᠲᠠᠳ ᠬᠡᠯᠡᠨ ᠤ ᠰᠤᠷᠪᠤᠯᠵᠢ ᠪᠢᠴᠢᠭ 11855 ᠪᠣᠳᠢ ︵ᠶᠠᠰᠤᠨ ᠪᠢᠴᠢᠭ 4 ᠬᠡᠰᠡᠭ ᠨᠡᠶᠢᠲᠡ 11 ᠨᠢᠭᠡᠴᠢ᠂ ᠬᠤᠯᠤᠰᠤᠨ ᠴᠣᠬᠤᠳᠠᠰᠤ ᠲᠣᠷᠭᠠᠨ ᠨᠡᠬᠡᠮᠡᠯ ᠤᠨ ᠪᠢᠴᠢᠭ 187 ᠵᠦᠢᠯ᠂ ᠳ᠋ᠦᠨᠬᠤᠸᠠᠩ ᠤᠨ ᠭᠡᠷᠢᠶᠡᠰ ᠪᠢᠴᠢᠭ 405 ᠵᠦᠢᠯ᠂ ᠬᠥᠰᠢᠶᠡᠨ ᠤ ᠪᠢᠴᠢᠭᠡᠰᠦ ᠶᠢᠨ ᠳᠠᠷᠤᠮᠠᠯ ᠳᠡᠪᠲᠡᠷ 219 ᠵᠦᠢᠯ᠂ ᠡᠷᠲᠡᠨ ᠤ ᠭᠠᠵᠠᠷ ᠤᠨ ᠵᠢᠷᠤᠭ 149 ᠵᠦᠢᠯ᠂ ᠬᠢᠲᠠᠳ ᠬᠡᠯᠡᠨ ᠤ ᠰᠤᠳᠤᠷ ᠪᠢᠴᠢᠭ 10891 ᠵᠦᠢᠯ ᠢ ᠪᠠᠭᠲᠠᠭᠠᠨ᠎ᠠ︶᠂ ᠴᠥᠭᠡᠨ ᠲᠣᠭᠠᠲᠤ ᠦᠨᠳᠦᠰᠦᠲᠡᠨ ᠤ ᠥᠰᠥᠭ ᠪᠢᠴᠢᠭ ᠤᠨ ᠰᠤᠳᠤᠷ ᠪᠢᠴᠢᠭ 1133 ᠪᠣᠳᠢ᠂ ᠪᠤᠰᠤᠳ ᠥᠰᠥᠭ ᠪᠢᠴᠢᠭ ᠤᠨ ᠰᠤᠳᠤᠷ ᠪᠢᠴᠢᠭ 38  ᠪᠣᠳᠢ ᠪᠤᠢ᠃      2007 ᠣᠨ ᠳᠤ ︽ᠳᠤᠮᠳᠠᠳᠤ ᠶᠢᠨ ᠰᠤᠳᠤᠷ ᠪᠢᠴᠢᠭ ᠤᠨ ᠬᠠᠮᠠᠭᠠᠯᠠᠯᠲᠠ ᠶᠢᠨ ᠲᠥᠯᠥᠪᠯᠡᠭᠡ︾ ᠶᠢ ᠵᠢᠩᠬᠢᠨᠢ ᠪᠠᠷ ᠬᠡᠷᠡᠭᠵᠢᠭᠦᠯᠦᠭᠰᠡᠨ ᠠᠴᠠ ᠨᠠᠭᠠᠰᠢ᠂ ᠤᠯᠤᠰ ᠤᠨ ᠰᠤᠳᠤᠷ ᠪᠢᠴᠢᠭ ᠤᠨ ᠬᠠᠮᠠᠭᠠᠯᠠᠯᠲᠠ ᠶᠢᠨ ᠲᠥᠪ ᠤᠨ ᠱᠠᠭᠠᠷᠳᠠᠯᠭ᠎ᠠ ᠶᠣᠰᠣᠭᠠᠷ᠂ ᠮᠠᠨ ᠤ ᠣᠷᠣᠨ ᠤ ᠰᠤᠳᠤᠷ ᠪᠢᠴᠢᠭ ᠬᠤᠷᠢᠶᠠᠨ ᠬᠠᠳᠠᠭᠠᠯᠠᠬᠤ ᠡᠯ᠎ᠡ ᠨᠢᠭᠡᠴᠢ ︽ᠤᠯᠤᠰ ᠤᠨ ᠬᠤᠪᠣᠷ ᠨᠠᠨᠳᠢᠨ ᠰᠤᠳᠤᠷ ᠪᠢᠴᠢᠭ ᠤᠨ ᠨᠡᠷᠡᠰ ᠤᠨ ᠵᠢᠭᠰᠠᠭᠠᠯᠲᠠ︾ ᠶᠢ ᠡᠷᠡᠮᠡᠯᠵᠡᠯᠡᠨ ᠮᠡᠳᠡᠭᠦᠯᠬᠦ ᠠᠵᠢᠯ ᠳᠤ ᠢᠳᠡᠪᠬᠢᠲᠡᠢ ᠣᠷᠣᠯᠴᠠᠵᠤ᠂ ᠴᠥᠭᠡᠨ ᠲᠣᠭᠠᠲᠤ ᠦᠨᠳᠦᠰᠦᠲᠡᠨ ᠤ ᠨᠡᠶᠢᠲᠡ 79 ᠵᠦᠢᠯ ᠤᠨ ᠬᠤᠪᠣᠷ ᠨᠠᠨᠳᠢᠨ ᠰᠤᠳᠤᠷ ᠪᠢᠴᠢᠭ ︽ᠤᠯᠤᠰ ᠤᠨ ᠬᠤᠪᠣᠷ ᠨᠠᠨᠳᠢᠨ ᠰᠤᠳᠤᠷ ᠪᠢᠴᠢᠭ ᠤᠨ ᠨᠡᠷᠡᠰ ᠤᠨ ᠵᠢᠭᠰᠠᠭᠠᠯᠲᠠ︾ ᠳᠤ ᠰᠤᠩᠭᠤᠭᠳᠠᠨ ᠣᠷᠣᠵᠤ᠂ ᠨᠢᠭᠡᠳᠦᠭᠡᠷ ᠪᠦᠯᠦᠭ ᠲᠤ 12 ᠵᠦᠢᠯ᠂ ᠬᠤᠶᠠᠳᠤᠭᠠᠷ ᠪᠦᠯᠦᠭ ᠲᠤ 41 ᠵᠦᠢᠯ᠂ ᠲᠠᠪᠤᠳᠤᠭᠠᠷ ᠪᠦᠯᠦᠭ ᠲᠤ 4 ᠵᠦᠢᠯ᠂ ᠵᠢᠷᠭᠤᠳᠤᠭᠠᠷ ᠪᠦᠯᠦᠭ ᠲᠤ 22 ᠵᠦᠢᠯ ᠪᠣᠶ᠃
W020230423606225406584.jpg      
      ︽ᠤᠯᠤᠰ ᠤᠨ ᠬᠤᠪᠣᠷ ᠨᠠᠨᠳᠢᠨ  ᠰᠤᠳᠤᠷ ᠪᠢᠴᠢᠭ ᠤᠨ ᠨᠡᠷᠡᠰ ᠤᠨ ᠵᠢᠭᠰᠠᠭᠠᠯᠲᠠ︾ ᠶᠢᠨ ᠦᠨᠡᠮᠯᠡᠯ ︵ᠵᠢᠷᠤᠭ ᠰᠦᠯᠵᠢᠶ᠎ᠡ ᠠᠴᠠ ᠢᠷᠡᠯᠲᠡ ᠲᠠᠢ︶            ᠣᠷᠴᠢᠭᠤᠯᠤᠭᠴᠢ᠄ ᠡᠷᠳᠡᠨᠢᠰᠤᠪᠤᠳ            ᠬᠢᠨᠠᠨ ᠨᠠᠶᠢᠷᠠᠭᠤᠯᠤᠭᠴᠢ᠄ ᠠᠳᠢᠶ᠎ᠠ   ᠰᠠᠴᠤᠷᠠᠯ            ᠶᠡᠷᠦᠩᠬᠡᠢ ᠬᠢᠨᠠᠨ ᠨᠠᠶᠢᠷᠠᠭᠤᠯᠤᠭᠴᠢ᠄ ᠪᠠᠶᠠᠨᠴᠢᠮᠡᠭ 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠴᠥᠭᠡᠨ ᠲᠣᠭᠠᠲᠤ ᠦᠨᠳᠦᠰᠦᠲᠡᠨ ᠤ ᠰᠤᠳᠤᠷ ᠪᠢᠴᠢᠭ ᠰᠤᠳᠤᠯᠬᠤ ᠲᠠᠰᠤᠭ