ᠶᠠᠭᠤᠨ ᠳᠤ ︽ᠶᠡᠭᠡ ᠨᠢᠬᠡᠳᠤᠯ︾ ᠪᠤᠯ ᠤᠳᠤ ᠦᠶ᠎ᠡ ᠶᠢᠨ ᠲᠤᠮᠳᠠᠳᠤ ᠤᠯᠤᠰ ᠤᠨ ᠤᠯᠤᠰ ᠲᠦᠷᠤ ᠪᠠ ᠨᠡᠶᠢᠬᠡᠮ ᠤᠨ ᠠᠮᠢᠳᠤᠷᠠᠯ ᠤᠨ ᠮᠤᠲ᠋ᠢᠹ ᠭᠡᠳᠡᠭ ᠪᠤᠢ — ᠴᠢᠩ ᠤᠯᠤᠰ ᠤᠨ ᠦᠶ᠎ᠡ ᠶᠢᠨ ︽ᠶᠡᠭᠡ ᠨᠢᠬᠡᠳᠤᠯ︾ ᠠᠴᠠ ᠢᠷᠬᠡᠨ ᠤᠯᠤᠰ ᠤᠨ ︽ᠲᠠᠪᠤᠨ ᠦᠨᠳᠤᠰᠤᠳᠡᠨ ᠤ ᠪᠦᠬᠦᠳᠡ ᠨᠠᠶᠢᠷᠠᠮᠳᠠᠬᠤ︾ ᠬᠦᠷᠳᠡᠯᠡᠬᠢ ᠲᠡᠤᠭᠡᠨ ᠬᠤᠪᠢᠰᠤᠯᠳᠡ ᠠᠴᠠ ᠵᠢᠱᠢᠶᠡᠯᠡᠬᠦ ᠨᠢ ︵ᠲᠤᠤᠷᠠᠳᠤ︶
ᠨᠡᠶᠢᠲᠡᠯᠡᠭᠰᠡᠨ ᠴᠠᠭ᠄
2023/6/27
      ᠰᠤᠷᠪᠤᠯᠵᠢᠯᠠᠬᠴᠢ᠄ ᠴᠢᠩ ᠤᠯᠤᠰ ᠤᠨ ᠦᠶ᠎ᠡ ᠳᠤ ︽ᠶᠡᠭᠡ ᠨᠢᠬᠡᠳᠤᠯ︾ ᠤᠨ ᠤᠯᠤᠰ ᠪᠠᠶᠢᠭᠤᠯᠬᠤ ᠶᠢ ᠴᠢᠷᠮᠠᠶᠢᠨ ᠠᠬᠢᠭᠤᠯᠬᠤ ᠶᠢᠨ ᠲᠠᠭᠠᠤ ︽ᠵᠠᠰᠠᠭ ᠢ ᠠᠨᠤ ᠨᠢᠬᠡᠳᠭᠡᠭᠰᠡᠨ ᠴᠤ ᠵᠠᠩᠰᠢᠯ ᠢ ᠠᠨᠤ ᠦᠯᠦ ᠬᠤᠪᠢᠷᠠᠭᠠᠬᠤ︾ ᠪᠤᠳᠤᠯᠭ᠎ᠠ ᠶᠢ ᠦᠷᠬᠦᠯᠵᠢᠯᠡᠬᠦᠯᠪᠡ᠃ ᠡᠨᠡ ᠲᠤᠬᠠᠢ ᠲᠠ ᠨᠤᠮ ᠳᠤ ᠪᠠᠨ ︽ᠬᠢᠳᠠᠳ ᠭᠠᠵᠠᠷ ᠪᠠ ᠬᠢᠯᠢ ᠬᠢᠵᠠᠭᠠᠷ ᠤᠷᠤᠨ ᠳᠤ ᠴᠥᠮ ᠦᠪᠡᠷ ᠦᠪᠡᠷ ᠤᠨ ᠢᠯᠡᠷᠡᠯ ᠲᠠᠢ ᠶᠤᠮ︾ ᠭᠡᠵᠤ ᠦᠬᠦᠯᠡᠵᠡᠢ᠃ ᠪᠤᠳᠠᠳᠠᠢ ᠪᠠᠷ ᠶᠠᠷᠢᠭᠠᠳ ᠦᠭᠬᠦᠨ᠎ᠡ ᠤᠤ︖       ᠶᠠᠩ ᠨᠢᠶᠠᠨ ᠴᠢᠶᠦ᠋ᠨ᠄ ᠬᠢᠲᠠᠳ ᠭᠠᠵᠠᠷ ᠲᠤ᠂ ᠴᠢᠩ ᠤᠯᠤᠰ ᠤᠨ ᠦᠶ᠎ᠡ ᠳᠤ ᠦᠨᠳᠤᠰᠤᠨ ᠳᠤ ᠪᠠᠨ ᠰᠦᠡᠭ ᠤᠯᠤᠰ᠂ ᠮᠢᠩ ᠤᠯᠤᠰ ᠤᠨ ᠦᠶ᠎ᠡ ᠶᠢᠨ ᠤᠯᠤᠰ ᠲᠦᠷᠤ ᠶᠢᠨ ᠪᠠᠶᠢᠭᠤᠯᠤᠯ ᠢ ᠦᠷᠬᠦᠯᠵᠢᠯᠡᠨ ᠭᠡᠷᠡᠭᠵᠢᠬᠦᠯᠵᠦ᠂ ᠰᠢᠯᠭᠠᠭᠤᠯᠢ ᠶᠢᠨ ᠲᠡᠰ ᠲᠠᠪᠬᠤᠷᠭ᠎ᠠ ᠶᠢᠨ ᠲᠦᠷᠢᠮ ᠤᠨ ᠨᠤᠶᠠᠳ ᠲᠦᠰᠢᠮᠡᠳ ᠪᠠ ᠤᠷᠤᠨ ᠨᠤᠳᠤᠭ ᠤᠨ ᠭᠠᠷᠮᠠᠭᠠᠢ ᠬᠦᠮᠦᠰ ᠢᠶᠠᠷ ᠲᠠᠮᠵᠢᠭᠤᠯᠤᠨ ᠲᠦᠷᠤ ᠪᠠᠨ ᠵᠠᠰᠠᠵᠤ ᠪᠠᠶᠢᠪᠠ᠃ ᠬᠠᠷᠢᠨ ᠬᠢᠯᠢ ᠬᠢᠵᠠᠭᠠᠷ ᠤᠷᠤᠨ ᠳᠤ ᠤᠪᠤᠭ ᠤᠬᠰᠠᠭ᠎ᠠ ᠪᠠ ᠰᠤᠶᠤᠯ ᠤᠨ ᠠᠳᠠᠯᠢ ᠪᠤᠰᠤ ᠶᠢ ᠦᠨᠳᠤᠰᠤᠯᠡᠨ ᠭᠠᠵᠠᠷ ᠤᠷᠤᠨ ᠳᠤ ᠨᠢ ᠲᠤᠬᠢᠷᠠᠭᠤᠯᠤᠬᠰᠠᠨ ᠪᠤᠳᠤᠯᠭ᠎ᠠ ᠠᠪᠴᠠᠢ᠃ ᠵᠢᠱᠢᠶᠡᠯᠡᠪᠡᠯ᠂ ᠮᠤᠩᠭᠤᠯᠴᠤᠳ ᠲᠤ ᠵᠠᠰᠠᠭ ᠨᠤᠶᠠᠨ ᠤ ᠲᠦᠷᠢᠮ᠂ ᠰᠢᠨᠵᠢᠶᠠᠩ ᠳᠤ ᠪᠠᠬᠢ ᠶᠢᠨ ᠲᠦᠷᠢᠮ ᠢ ᠬᠡᠷᠡᠭᠵᠢᠬᠦᠯᠵᠤ᠂ ᠲᠤᠬᠠᠢ ᠶᠢᠨ ᠭᠠᠵᠠᠷ ᠤᠷᠤᠨ ᠤ ᠢᠵᠠᠭᠤᠷᠳᠠᠨ ᠤ ᠭᠡᠷᠭᠡᠮ ᠴᠤᠯᠨ ᠶᠢ ᠦᠯᠡᠳᠡᠭᠡᠭᠰᠡᠨ ᠪᠤᠯᠪᠠᠴᠤ ᠴᠡᠷᠢᠭ ᠤᠨ ᠶᠠᠪᠤᠳᠠᠯ᠂ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠲᠠᠯ᠎ᠠ ᠪᠠᠷ ᠴᠡᠷᠢᠭ ᠤᠨ ᠶᠠᠮᠤᠨ ᠤ ᠲᠦᠷᠢᠮ ᠢᠶᠠᠷ ᠡᠵᠡᠮᠳᠡᠵᠤ ᠪᠠᠶᠢᠯ᠎ᠠ᠃ ᠲᠦᠪᠡᠳ ᠲᠤ ᠲᠦᠷᠤ ᠱᠠᠰᠢᠨ ᠨᠢᠬᠡᠳᠦᠭᠰᠡᠨ ᠪᠠᠶᠢᠭᠤᠯᠤᠯ ᠢ ᠬᠡᠷᠡᠭᠵᠢᠬᠦᠯᠵᠤ᠂ ᠲᠦᠪᠡᠳ ᠲᠤ ᠰᠠᠭᠤᠬᠤ ᠶᠡᠭᠡ ᠲᠦᠰᠢᠮᠡᠯ ᠲᠤᠮᠢᠯᠠᠵᠤ ᠯᠠᠮᠨ ᠶᠢᠨ ᠲᠦᠷᠢᠮ ᠢ ᠶᠠᠪᠤᠬᠳᠠᠭᠤᠯᠵᠤ ᠪᠠᠶᠢᠳᠠᠯ ᠢ ᠡᠵᠡᠮᠰᠢᠳᠡᠭ᠃ ᠪᠠᠷᠠᠭᠤᠨ ᠡᠮᠦᠨᠡᠳᠤ ᠤᠷᠤᠨ ᠳᠤ ᠠᠶᠢᠮᠠᠭ ᠤᠨ ᠠᠬᠠᠯᠠᠬᠴᠢ ᠶᠢᠨ ᠲᠦᠷᠢᠮ ᠢ ᠬᠡᠷᠡᠭᠯᠡᠵᠤ᠂ ᠨᠢᠭᠡ ᠲᠠᠯ᠎ᠠ ᠪᠠᠷ ᠠᠶᠢᠮᠠᠭ ᠤᠨ ᠠᠬᠠᠯᠠᠬᠴᠢ ᠶᠢ ᠦᠭᠡᠷᠡᠴᠢᠯᠡᠵᠦ ᠲᠤᠮᠢᠯᠠᠭᠰᠠᠨ ᠨᠤᠶᠠᠨ ᠢᠶᠠᠷ ᠤᠷᠤᠯᠠᠭᠤᠯᠬᠤ ᠶᠢᠨ ᠲᠠᠭᠠᠤ ᠨᠦᠬᠦᠭᠡ ᠲᠠᠯ᠎ᠠ ᠪᠠᠷ ᠠᠶᠢᠮᠠᠭ ᠤᠨ ᠠᠬᠠᠯᠠᠬᠴᠢ ᠨᠠᠷ ᠴᠤ ᠢᠯᠡᠷᠬᠡᠢ ᠡᠵᠡᠨ ᠮᠡᠳᠡᠬᠦ ᠰᠢᠨᠵᠢ ᠲᠠᠢ ᠮᠦᠷᠳᠡᠭᠡᠨ ᠲᠤᠮᠢᠯᠠᠭᠰᠠᠨ ᠨᠤᠶᠠᠳ ᠲᠤ ᠪᠦᠷᠢᠮᠦᠰᠦᠨ ᠵᠠᠬᠢᠷᠤᠬᠳᠠᠬᠤ ᠪᠤᠶᠤ ᠲᠡᠳᠡᠨ ᠳᠤ ᠤᠷᠤᠯᠠᠭᠤᠯᠤᠠᠠᠳᠠᠭ᠎ᠠ ᠦᠬᠡᠢ᠃ ᠦᠷᠬᠡᠨ ᠠᠭᠤᠳᠠᠮ ᠨᠤᠳᠤᠭ ᠲᠡᠪᠢᠰᠬᠡᠷ ᠪᠤᠯᠤᠨ ᠪᠦᠯᠦᠭ ᠪᠦᠯᠦᠭ ᠪᠤᠳᠤᠯᠢᠶᠠᠨᠳᠠᠢ ᠬᠦᠮᠦᠰ ᠢ ᠬᠡᠷᠬᠢᠨ ᠵᠠᠬᠢᠷᠬᠤ ᠬᠦᠴᠢᠷ ᠠᠰᠠᠭᠤᠳᠠᠯ ᠤᠨ ᠡᠮᠦᠨ᠎ᠡ ᠴᠢᠩ ᠤᠯᠤᠰ ᠤᠨ ᠦᠶ᠎ᠡ ᠳᠤ ︽ᠵᠠᠩᠰᠢᠯ ᠳᠤ ᠨᠢ ᠵᠤᠬᠢᠴᠠᠭᠤᠯᠤᠨ ᠵᠠᠰᠠᠬᠤ︾ ᠠᠷᠭ᠎ᠠ ᠶᠢ ᠭᠡᠷᠡᠭᠯᠡᠵᠦ᠂ ᠤᠷᠤᠨ ᠨᠤᠳᠤᠭ ᠤᠨ ᠤᠭ ᠠᠴᠠ ᠪᠠᠶᠢᠬᠰᠠᠨ ᠨᠡᠶᠢᠬᠡᠮ ᠤᠨ ᠪᠦᠳᠦᠴᠨ ᠪᠠ ᠰᠤᠶᠤᠯ ᠤᠨ ᠤᠳᠤᠮᠰᠢᠯ ᠢ ︽ᠶᠡᠭᠡ ᠨᠢᠬᠡᠳᠤᠯ︾ ᠯᠦᠭᠡ ᠨᠡᠶᠢᠯᠡᠬᠦᠯᠦᠭᠰᠡᠨ ᠢᠶᠠᠷ ᠵᠠᠰᠠᠯᠳᠠ ᠶᠢ ᠮᠠᠰᠢ ᠶᠡᠭᠡ ᠤᠷᠤᠭᠰᠢᠲᠠᠢ ᠪᠣᠯᠭᠠᠭᠰᠠᠨ ᠶᠤᠮ᠃       ︽ᠵᠠᠩᠰᠢᠯ ᠳᠤ ᠨᠢ ᠵᠤᠬᠢᠴᠠᠭᠤᠯᠤᠨ ᠵᠠᠰᠠᠬᠤ︾ ᠬᠡᠳᠡᠭ ᠨᠢ ᠤᠭ ᠪᠠᠶᠢᠳᠠᠯ ᠢ ᠪᠠᠳᠤᠯᠠᠬᠤ ᠵᠠᠰᠠᠯᠳᠠ ᠶᠢᠨ ᠠᠷᠭ᠎ᠠ ᠪᠤᠰᠤ᠂ ᠵᠠᠩᠭᠢᠯᠠᠭ᠎ᠠ ᠨᠢ ᠠᠳᠠᠯᠢ ᠪᠤᠰᠤ ᠰᠤᠶᠤᠯ ᠤᠨ ᠲᠤᠳᠤᠭᠠᠳᠤ ᠳᠤ ᠨᠢ ᠴᠢᠩ ᠤᠯᠤᠰ ᠤᠨ ᠨᠤᠶᠠᠷᠬᠠᠯ ᠤᠨ ︽ᠲᠦᠪ ᠤᠳᠤᠮᠰᠢᠯᠳᠤ ᠰᠢᠨᠵᠢ︾ ᠶᠢ ᠪᠤᠢ ᠪᠤᠯᠭᠠᠵᠤ᠂ ︽ᠶᠡᠭᠡ ᠨᠢᠬᠡᠳᠤᠯ︾ ᠯᠦᠭᠡ ᠤᠷᠭᠠᠨᠢᠭ ᠨᠢᠬᠡᠳᠤᠯ ᠲᠠᠢ ᠪᠤᠯᠭᠠᠭᠰᠠᠨ ᠳᠤ ᠪᠤᠢ᠃ ᠡᠬᠦᠨ ᠤ ᠨᠡᠶᠢᠳᠡᠯᠢᠭ ᠢᠯᠡᠷᠡᠯ ᠨᠢ ᠭᠡᠪᠡᠯ᠂ ᠴᠢᠩ ᠤᠯᠤᠰ ᠤᠨ ᠦᠶ᠎ᠡ ᠳᠤ ᠤᠨᠴᠠᠭᠠᠢ ︽ᠬᠤᠶᠠᠷ ᠡᠰᠢᠳᠤ ᠲᠦᠷᠤ ᠵᠠᠰᠠᠬᠤ ᠬᠡᠯᠪᠡᠷᠢ︾ ᠪᠦᠷᠢᠯᠳᠦᠭᠰᠡᠨ ᠶᠠᠪᠤᠳᠠᠯ ᠪᠤᠯᠤᠨ᠎ᠠ᠃ ᠺᠦᠡᠭᠽᠢ ᠶᠢᠨ ᠰᠤᠷᠭᠠᠯᠳᠠᠨ ᠤ ᠦᠷ᠎ᠡ ᠨᠦᠯᠦᠬᠡ ᠳᠤ ᠬᠦᠨ᠎ᠡ ᠨᠥᠯᠥᠭᠡᠯᠡᠭᠳᠡᠭᠰᠡᠨ ᠬᠢᠳᠠᠳ ᠭᠠᠵᠠᠷ ᠲᠤ ᠴᠢᠩ ᠤᠯᠤᠰ ᠤᠨ ᠬᠠᠭᠠᠤᠨ ︽ᠵᠠᠰᠠᠭ ᠶᠤᠰᠤᠨ ᠢ ᠨᠢᠬᠡᠳᠬᠡᠭᠰᠡᠨ︾ ᠡᠵᠡᠨ ᠬᠠᠭᠠᠨ ᠤ ᠲᠦᠷᠬᠦ ᠶᠢ ᠴᠢᠷᠮᠠᠶᠢᠨ ᠪᠤᠢ ᠪᠤᠯᠭᠠᠵᠤ᠂ ︽︿ᠭᠤᠷᠪᠠᠨ ᠦᠶ᠎ᠡ﹀ ᠳᠤᠷ ᠡᠬᠡᠬᠦ︾ ᠬᠡᠬᠦ ᠲᠤᠭ ᠢ ᠦᠨᠳᠤᠷ ᠮᠠᠨᠳᠤᠭᠤᠯᠵᠤ᠂ ᠺᠦᠩᠽᠢ ᠶᠢᠨ ᠰᠤᠷᠭᠠᠯᠲᠠᠨ ᠤ ᠤᠳᠤᠷᠢᠳᠤᠭᠴᠢ ᠪᠠᠷ ᠠᠪᠤᠷᠢᠯᠠᠵᠤ᠂ ᠤᠬᠰᠠᠭ᠎ᠠ ᠲᠦᠷᠤᠯ᠂ ᠲᠤᠰᠬᠤᠨ ᠤ ᠬᠡᠷ᠎ᠡ ᠶᠢᠨ ᠪᠠᠶᠢᠭᠤᠯᠤᠯᠳᠠ ᠶᠢ ᠡᠷᠬᠢᠯᠡᠨ ᠶᠠᠪᠤᠬᠳᠠᠭᠤᠯᠵᠤ᠂ ᠪᠢᠴᠢᠭ ᠤᠨ ᠰᠤᠷᠭᠠᠯᠳᠠᠨ ᠪᠠ ᠨᠤᠶᠠᠳ ᠲᠦᠰᠢᠮᠡᠤᠨ ᠪᠡᠶᠡᠴᠢᠯᠡᠨ ᠬᠦᠢᠴᠡᠳᠬᠡᠬᠦ᠂ ᠨᠡᠶᠢᠬᠡᠮ ᠢ ᠬᠦᠭᠵᠢᠬᠦᠯᠵᠤ ᠢᠷᠬᠡᠳ ᠢ ᠠᠮᠤᠷᠵᠢᠭᠤᠯᠬᠤ᠂ ᠰᠤᠷᠭᠠᠬᠤ ᠬᠦᠮᠤᠵᠢᠬᠦᠯᠬᠦ ᠶᠢ ᠬᠤᠤᠰᠯᠠᠭᠤᠯᠬᠤ᠂ ᠵᠠᠩ ᠲᠠᠳᠬᠠᠯ ᠢ ᠦᠬᠡᠷᠡᠴᠢᠯᠡᠬᠦ ᠤᠯᠤᠰ ᠲᠦᠷᠤ ᠶᠢᠨ ᠦᠢᠯᠡᠳᠤᠯᠬᠡ ᠪᠠᠷ ᠲᠠᠮᠵᠢᠭᠤᠯᠤᠨ ᠺᠦᠡᠭᠽᠢ ᠶᠢᠨ ᠰᠤᠷᠭᠠᠯᠳᠠᠨ ᠤ ᠭᠠᠷᠮᠠᠭᠠᠢ ᠬᠦᠮᠦᠰ ᠤᠨ ᠠᠶᠠᠨᠳᠠᠭᠠᠨ ᠤ ᠵᠦᠪᠰᠢᠶᠡᠷᠡᠯ ᠢ ᠬᠦᠷᠳᠡᠭᠰᠡᠨ ᠢᠶᠠᠷ ᠶᠤᠰᠤ ᠤᠳᠤᠮ ᠤᠨ ᠤᠬᠠᠮᠰᠠᠷ ᠪᠠ ᠦᠨᠳᠤᠰᠤᠨ ᠱᠠᠳᠤᠨ ᠤ ︽ᠦᠪᠡᠷᠳᠡᠬᠡᠨ ᠵᠠᠰᠠᠬᠤ︾ ᠨᠢ ᠤᠨᠳᠤᠤ ᠦᠵᠡᠯᠳᠡ ᠡᠬᠦᠰᠬᠦ ᠶᠢᠨ ᠦᠯᠤᠬᠡᠢ ᠪᠢᠰᠢ᠂ ᠬᠠᠷᠢᠨ ᠬᠠᠭᠠᠨ ᠤ ᠡᠷᠬᠡ ᠶᠢ ᠦᠷᠬᠡᠳᠬᠡᠬᠦ ᠪᠠ ᠲᠡᠮᠵᠢᠬᠦ ᠬᠦᠴᠤᠨ ᠵᠦᠢᠯ ᠪᠤᠯᠵᠠᠢ᠃ ᠮᠤᠩᠭᠤᠯ ᠲᠦᠪᠡᠳ ᠤᠷᠤᠨ ᠳᠤ ᠦᠷᠬᠡᠨ ᠠᠭᠤᠳᠠᠮ ᠬᠢᠵᠠᠭᠠᠷ ᠤᠷᠤᠨ ᠢ ᠨᠢᠬᠡᠳᠤᠯᠳᠡᠢ ᠵᠠᠬᠢᠷᠴᠤ ᠪᠠᠶᠢᠬᠰᠠᠨ ᠴᠢᠩ ᠤᠯᠤᠰ ᠤᠨ ᠬᠠᠭᠠᠤᠨ ᠨᠢ ︽ᠭᠠᠳᠠᠭᠠᠳᠤ ᠠᠶᠢᠮᠠᠭ ᠲᠤᠷ ᠵᠠᠷᠯᠢᠭ ᠢ ᠤᠯᠠᠮᠵᠢᠯᠠᠬᠤᠢ︾᠂ ︽ᠴᠠᠺᠠᠷᠸᠠᠷᠳᠢ ᠬᠠᠭᠠᠨ︾ ᠬᠡᠵᠦ ᠬᠦᠡᠳᠦᠯᠡᠭᠳᠡᠵᠦ᠂ ᠰᠦᠰᠦᠭᠳᠡᠳ ᠤᠨ ᠰᠢᠳᠤᠨ ᠪᠢᠰᠢᠷᠡᠬᠦ ᠡᠳᠡᠬᠡᠳ ᠪᠤᠯᠵᠤ᠂ ᠮᠤᠩᠭᠤᠯ ᠲᠦᠪᠡᠳ ᠤᠷᠤᠨ ᠤ ᠬᠡᠬᠡᠨᠳᠡᠨ ᠤ ᠲᠤᠬᠳᠠᠯᠴᠠᠭ᠎ᠠ ᠪᠤᠯᠤᠨ ᠨᠡᠶᠢᠬᠡᠮ ᠤᠨ ᠵᠠᠰᠠᠯᠳᠠ ᠶᠢᠨ ᠪᠦᠳᠤᠴᠨ ᠨᠢ ᠴᠢᠩ ᠤᠯᠤᠰ ᠤᠨ ᠬᠠᠭᠠᠨ ᠤ ᠲᠠᠷᠬᠠᠨ ᠡᠷᠬᠡ ᠳᠤ ᠵᠠᠬᠢᠷᠤᠬᠳᠠᠭᠠᠤᠨ ︽ᠡᠷᠬᠢᠮ ᠬᠠᠭᠠᠨ︾ ᠤ ︽ᠶᠡᠭᠡ ᠨᠢᠬᠡᠳᠤᠯ︾ ᠤᠨ ᠪᠠᠶᠢᠷᠢᠯᠠᠭᠤᠯᠤᠯᠳᠠ ᠳᠤ ᠤᠷᠤᠬᠰᠠᠨ ᠶᠤᠮ᠃ ᠴᠢᠩ ᠤᠯᠤᠰ ᠤᠨ ᠦᠶ᠎ᠡ ᠳᠤ ᠵᠠᠰᠠᠯᠳᠠ ᠶᠢᠨ ᠲᠠᠪᠬᠤᠷᠭ᠎ᠠ ᠲᠡᠬᠡᠷᠡᠬᠢ ︽ᠰᠢᠳᠦᠯᠭᠡ ᠪᠢᠰᠢᠷᠡᠯ ᠢ ᠠᠨᠤ ᠡᠰᠡ ᠬᠤᠪᠢᠷᠠᠭᠠᠬᠤ︾᠂ ︽ᠵᠠᠩᠰᠢᠯ ᠢ ᠠᠨᠤ ᠡᠰᠡ ᠬᠤᠪᠢᠷᠠᠭᠠᠬᠤ︾ ᠬᠡᠳᠡᠭ ᠨᠢ ᠤᠳᠤᠮᠰᠢᠯᠳᠤ ᠰᠢᠨᠵᠢ ᠲᠡᠬᠡᠷᠡᠬᠢ ︽ᠱᠠᠰᠢᠨ ᠰᠢᠲᠦᠯᠭᠡ ᠶᠢ ᠨᠢ ᠬᠦᠡᠳᠤᠤᠡᠭᠡᠬᠦ︾ ᠪᠠ ︽ᠲᠦᠷᠤ ᠶᠢᠨ ᠵᠠᠷᠯᠢᠭ ᠢ ᠠᠨᠤ ᠨᠢᠭᠡᠳᠦᠯᠳᠡᠢ ᠲᠠᠭᠠᠬᠤ︾ ᠪᠠᠷ ᠲᠠᠮᠵᠢᠭᠤᠯᠤᠨ ᠨᠢᠬᠡᠳᠬᠡᠬᠦ ᠭᠡᠰᠡᠨ ᠶᠠᠪᠤᠳᠠᠯ ᠪᠤᠯᠤᠨ᠎ᠠ᠃       ᠴᠢᠩ ᠤᠯᠤᠰ ᠤᠨ ᠦᠶ᠎ᠡ ᠳᠠᠬᠢ ︽ᠵᠠᠩᠰᠢᠯ ᠳᠤ ᠨᠢ ᠵᠤᠬᠢᠴᠠᠭᠤᠯᠤᠨ ᠵᠠᠰᠠᠬᠤ︾ ᠬᠡᠳᠡᠭ ᠪᠤᠯ ︽ᠶᠡᠭᠡ ᠨᠢᠬᠡᠳᠤᠯ︾ ᠤᠨ ᠢᠯᠡᠷᠡᠬᠦ ᠬᠡᠯᠪᠡᠷᠢ ᠪᠤᠯᠬᠤ ᠠᠴᠠ ᠪᠢᠰᠢ᠂ ᠬᠠᠷᠢᠨ ᠮᠦᠨ ᠴᠢᠨᠠᠷ ᠢᠶᠠᠷ ᠲᠤᠠᠠᠳᠠᠭᠠᠭᠳᠠᠭᠰᠠᠨ ᠵᠦᠢᠯ ᠪᠤᠰᠤ᠃ ᠪᠠᠷᠠᠭᠤᠨ ᠡᠮᠦᠨᠡᠳᠤ ᠤᠷᠤᠨ ᠳᠤ ᠴᠢᠩ ᠤᠯᠤᠰ ᠤᠨ ᠬᠠᠭᠠᠨ ᠪᠢᠴᠢᠭ ᠤᠨ ᠬᠦᠮᠦᠰ ᠲᠠᠢ ᠬᠠᠮᠳᠤ  ᠪᠠᠷ ᠠᠶᠢᠮᠠᠭ ᠤᠨ ᠠᠬᠠᠯᠠᠬᠴᠢ ᠶᠢᠨ ᠤᠳᠤᠮᠰᠢᠯ ᠬᠢᠬᠡᠳ ᠺᠦᠡᠭᠽᠢ ᠶᠢᠨ ᠰᠤᠷᠭᠠᠯᠳᠠᠨ ᠤ ᠬᠡᠬᠡᠷᠡᠬᠦᠯᠬᠦ ᠶᠢᠨ ᠬᠤᠭᠤᠷᠤᠨᠳᠤ ᠠᠮᠢᠳᠤᠯᠢᠭ ᠪᠠᠶᠢᠯᠭᠠᠬᠤ ᠠᠷᠭ᠎ᠠ ᠶᠢ ᠪᠠᠳᠤᠯᠠᠬᠰᠠᠨ ᠠᠴᠠ ᠪᠢᠰᠢ᠂ ︽ᠬᠢᠳᠠᠳᠴᠢᠯᠠᠬᠤ︾ ᠪᠤᠶᠤ ︽ᠵᠡᠩᠰᠢᠯ ᠳᠤ ᠨᠢ ᠵᠤᠬᠢᠴᠠᠭᠤᠯᠬᠤ︾ ᠶᠢ ᠦᠬᠦᠨ ᠪᠠᠷᠢᠮᠳᠠᠯᠠᠭ᠎ᠠ ᠦᠬᠡᠢ᠂ ᠬᠠᠷᠢᠨ ︽ᠶᠡᠭᠡ ᠨᠢᠬᠡᠳᠤᠯ︾ ᠳᠤ ᠠᠰᠢᠬᠳᠠᠢ ᠡᠰᠡᠬᠦ ᠪᠠᠷ ᠬᠤᠪᠢᠷᠠᠭᠤᠯᠵᠤ ᠤᠯᠠᠷᠢᠭᠤᠯᠵᠤ ᠪᠠᠶᠢᠬᠰᠠᠨ ᠨᠢ ᠨᠢᠭᠡᠨ ᠨᠡᠶᠢᠳᠡᠯᠢᠭ ᠵᠢᠱᠢᠶ᠎ᠡ ᠶᠤᠮ᠃ ᠴᠢᠩ ᠤᠯᠤᠰ ᠤᠨ ᠦᠶ᠎ᠡ ᠳᠤ ᠤᠯᠤᠰ ᠬᠦᠷᠦᠨ ᠢ ᠨᠢᠬᠡ ᠴᠤᠬᠴᠠᠵᠢᠭᠤᠯᠬᠤ ᠴᠢᠷᠮᠠᠶᠢᠯᠭ᠎ᠠ ᠶᠢ ᠶᠡᠷᠦ ᠠᠴᠠ ᠲᠠᠶᠠᠭᠳᠠᠭ᠎ᠠ ᠦᠬᠡᠢ᠂ ︽ᠪᠤᠰᠤᠤᠨ ᠦᠨᠳᠤᠰᠤᠳᠡᠨ︾ ᠢ ᠲᠠᠰᠤᠷᠠᠯᠳᠠ ᠦᠭᠡᠢ ᠠᠭᠤᠰᠬᠠᠬᠤ ᠪᠤᠶᠤ ᠦᠬᠡᠷᠡᠴᠢᠯᠡᠵᠤ᠂ ᠢᠳᠡᠭ ᠢᠳᠡᠭ ᠢᠶᠠᠷ ︽ᠲᠤᠳᠤᠷ ᠤᠷᠤᠨᠵᠢᠭᠤᠯᠤᠬᠰᠠᠨ︾ ᠪᠢᠯᠨ᠃ ᠡᠨᠡ ᠨᠢ ︽ᠵᠠᠩᠰᠢᠯ ᠳᠤ ᠨᠢ ᠵᠤᠬᠢᠴᠠᠭᠤᠯᠤᠨ ᠵᠠᠰᠠᠬᠤ︾ ᠶᠢ ᠬᠤᠪᠢᠷᠠᠭᠤᠯᠤᠬᠰᠠᠨ ᠪᠢᠰᠢ᠂ ᠬᠠᠷᠢᠨ ᠴᠢᠩ ᠤᠨ ᠵᠠᠰᠠᠭ ᠪᠤᠯᠤᠨ ᠤᠷᠤᠨ ᠨᠤᠳᠤᠭ ᠤᠨ ᠬᠤᠭᠤᠷᠤᠡᠳᠤ ᠶᠢᠨ ᠦᠷᠬᠦᠯᠵᠢᠯᠡᠭᠰᠡᠨ ᠲᠡᠮᠡᠴᠡᠯᠳᠦᠭᠡᠨ ᠢᠶᠠᠷ ᠪᠤᠢ ᠪᠤᠯᠤᠠᠠᠰᠠᠨ ᠲᠡᠩᠴᠡᠬᠦᠷᠢᠳᠤ ᠬᠦᠳᠡᠯᠤᠯᠳᠤ ᠵᠠᠰᠠᠯᠳᠠ ᠶᠢᠨ ᠬᠡᠯᠪᠡᠷᠢ ᠪᠤᠯᠬᠤ ᠶᠤᠮ᠃ ︽ᠵᠠᠩᠰᠢᠯ ᠳᠤ ᠨᠢ ᠵᠤᠬᠢᠴᠠᠭᠤᠯᠤᠨ ᠵᠠᠰᠠᠬᠤ︾ ᠬᠡᠳᠡᠭ ᠨᠢ ᠵᠦᠪᠭᠡᠨ ︽ᠰᠠᠯᠭᠠᠬᠤ︾ ᠶᠢ ᠯᠨ ᠴᠢᠬᠤᠯᠠᠴᠢᠯᠠᠭᠰᠠᠨ ᠪᠢᠰᠢ᠂ ᠬᠠᠷᠢᠨ ︽ᠰᠠᠯᠭᠠᠬᠤᠢ ᠳᠤᠷ ᠨᠡᠶᠢᠯᠡᠬᠦᠯᠬᠦ ᠶᠢ ᠠᠬᠤᠭᠤᠯᠬᠤ︾᠂ ︽ᠰᠠᠯᠭᠠᠬᠤᠢ ᠠᠨᠤ ᠨᠡᠶᠢᠯᠡᠬᠦᠯᠬᠦ ᠶᠢᠨ ᠲᠦᠯᠤᠬᠡᠨ᠎ᠡ︾ ᠬᠡᠳᠡᠭ ᠢᠶᠠᠷ ᠴᠢᠩ ᠤᠯᠤᠰ ᠤᠨ ᠦᠶ᠎ᠡ ᠳᠤ ᠨᠡᠯᠤᠬᠡᠷ ᠠᠭᠤᠳᠠᠮ ᠨᠤᠳᠤᠭ ᠲᠡᠪᠢᠰᠬᠡᠷ ᠢ ᠪᠦᠳᠦᠮᠵᠢᠳᠠᠢ ᠵᠠᠬᠢᠷᠴᠤ᠂ ︽ᠶᠡᠭᠡ ᠨᠢᠬᠡᠳᠤᠯ︾ ᠨᠢ ᠨᠢᠬᠡᠳᠦᠭᠰᠡᠨ ᠤᠯᠠᠨ ᠦᠨᠳᠤᠰᠤᠳᠡᠨ ᠲᠠᠢ ᠤᠯᠤᠰ ᠪᠤᠯᠵᠤ ᠬᠤᠪᠢᠷᠠᠭᠠᠤᠨ ᠣᠷᠴᠢᠨ ᠦᠶ᠎ᠡ ᠶᠢᠨ ᠲᠤᠮᠳᠠᠳᠤ ᠤᠯᠤᠰ ᠤᠨ ᠣᠳᠣ ᠦᠶ᠎ᠡ ᠶᠢᠨ ᠦᠨᠳᠤᠰᠤᠳᠡᠨ ᠤ ᠤᠯᠤᠰ ᠪᠤᠯᠵᠤ ᠬᠤᠪᠢᠷᠠᠬᠤ ᠰᠠᠭᠤᠷᠢ ᠶᠢ ᠨᠢ ᠲᠠᠯᠪᠢᠬᠰᠠᠨ ᠶᠤᠮ᠃       ᠰᠤᠷᠪᠤᠯᠵᠢᠯᠠᠬᠴᠢ᠄ ᠴᠢᠩ ᠤᠯᠤᠰ ᠤᠨ ᠰᠡᠬᠦᠯᠴᠢ ᠢᠷᠬᠡᠨ ᠤᠯᠤᠰ ᠤᠨ ᠦᠶ᠎ᠡ ᠳᠤ ᠬᠤᠪᠢᠰᠬᠠᠯᠳᠤ ᠨᠠᠮ ᠤᠨ ᠬᠢᠨ ︽ᠴᠥᠭᠡᠨ ᠲᠣᠭᠠᠲᠤ ᠦᠨᠳᠦᠰᠦᠲᠡᠨ ᠢ ᠦᠯᠳᠡᠨ ᠬᠦᠬᠡᠬᠡᠵᠤ᠂ ᠲᠤᠮᠳᠠᠳᠤ ᠶᠢᠨ ᠦᠨᠳᠤᠰᠤᠳᠡᠨ ᠢ ᠰᠡᠷᠬᠦᠬᠡᠬᠦ︾ ᠪᠠᠷ ᠤᠷᠢᠶ᠎ᠠ ᠪᠤᠯᠭᠠᠵᠤ᠂ ᠦᠷᠤᠨᠡᠳᠠᠬᠢᠨ ᠠᠴᠠ ᠤᠯᠠᠮᠵᠢᠯᠠᠬᠳᠠᠨ ᠢᠷᠡᠭᠰᠡᠨ ᠦᠨᠳᠤᠰᠤᠳᠡᠨ ᠤ ᠦᠵᠡᠯ ᠤᠨ ᠤᠶᠢᠯᠠᠭᠠᠬᠳᠠᠬᠤᠨ ᠢ ᠶᠡᠭᠡ ᠬᠢᠳᠡᠳᠴᠢᠯᠠᠬᠤ ᠦᠵᠡᠯ ᠤᠨ ᠤᠶᠢᠯᠠᠭᠠᠬᠳᠠᠬᠤᠨ ᠲᠠᠢ ᠤᠶᠠᠯᠳᠤᠭᠤᠯᠵᠤ᠂ ᠬᠤᠪᠢᠰᠬᠠᠯ ᠢ ᠲᠠᠶᠢᠴᠢᠯᠠᠪᠠ᠃ ᠬᠡᠳᠡᠯ᠎ᠡ ᠢᠷᠬᠡᠨ ᠤᠯᠤᠰ ᠪᠠᠶᠢᠭᠤᠯᠤᠬᠳᠠᠬᠰᠠᠨ ᠤ ᠲᠠᠷᠠᠭ᠎ᠠ᠂ ᠲᠡᠳᠡ ᠮᠥᠨ ︽ᠶᠡᠭᠡ ᠨᠢᠬᠡᠳᠤᠯ︾ ᠢ ᠢᠳᠡᠪᠬᠢᠳᠡᠢ ᠰᠠᠨᠠᠭᠠᠴᠢᠯᠠᠬᠰᠠᠨ ᠪᠠ ᠲᠠᠪᠤᠨ ᠦᠨᠳᠤᠰᠤᠳᠡᠨ ᠪᠦᠬᠦᠳᠡ ᠨᠠᠶᠢᠷᠠᠮᠳᠠᠬᠤ ᠬᠡᠯᠪᠡᠷᠢ ᠶᠢ ᠴᠢᠷᠮᠠᠶᠢᠨ ᠪᠤᠢ ᠪᠤᠯᠭᠠᠪᠠ᠃ ᠡᠨᠡ ᠨᠢ ︽ᠶᠡᠭᠡ ᠨᠢᠬᠡᠳᠤᠯ︾ ᠤᠨ ᠤᠶᠢᠯᠠᠭᠠᠬᠳᠠᠬᠤᠨ ᠤ ᠤᠷᠴᠢᠨ ᠦᠶ᠎ᠡ ᠶᠢᠨ ᠤᠯᠠᠷᠢᠭᠤᠯᠤᠯᠲᠠ ᠶᠢ ᠲᠤᠳᠤᠷᠬᠠᠢᠢᠯᠠᠵᠤ ᠪᠠᠶᠢᠨ᠎ᠠ ᠤᠤ︖ ᠡᠬᠦᠨ ᠤ ᠲᠤᠳᠤᠷᠠᠬᠢ ᠦᠨᠳᠤᠰᠤᠨ ᠯᠤᠬᠢᠭ ᠢ ᠲᠠ ᠨᠠᠷᠢᠨ ᠶᠠᠷᠢᠭᠠᠤᠨ ᠦᠭᠬᠦ ᠤᠤ︖       ᠶᠠᠩ ᠨᠢᠶᠠᠨ ᠴᠢᠶᠦ᠋ᠨ᠄ ᠤᠷᠴᠢᠨ ᠦᠶ᠎ᠡ ᠶᠢᠨ ᠲᠤᠮᠳᠠᠳᠤ ᠤᠯᠤᠰ ᠳᠣᠲᠣᠭᠠᠳᠤ ᠶᠢᠨ ᠵᠣᠪᠠᠯᠠᠩ ᠭᠠᠳᠠᠭᠠᠳᠤ ᠶᠢᠨ ᠠᠶᠤᠯ ᠳᠤ ᠲᠤᠯᠭᠠᠷᠠᠭᠰᠠᠨ ᠲᠡᠳᠤᠢ ᠦᠬᠡᠢ᠂ ᠦᠷᠤᠨᠡᠳᠠᠬᠢᠨ ᠤ ᠦᠨᠳᠤᠰᠤᠳᠡᠨ ᠤ ᠦᠵᠡᠯ ᠤᠨ ᠨᠦᠯᠤᠬᠡᠨ ᠳᠤ ᠠᠪᠳᠠᠬᠤ ᠶᠢᠨ ᠡᠷᠬᠡ ᠪᠠᠷ ᠨᠢᠬᠡ ᠦᠶ᠎ᠡ ᠨᠠᠮ ᠬᠦᠮ ᠪᠠᠶᠢᠬᠰᠠᠨ ᠦᠨᠳᠤᠰᠤᠳᠡᠨ ᠤ ᠦᠵᠡᠯᠳᠡ ᠰᠡᠷᠬᠦᠵᠤ ᠡᠬᠢᠯᠡᠪᠡ᠃ ᠬᠡᠪᠡᠴᠤ ᠦᠨᠳᠤᠰᠤᠳᠡᠨ ᠤ ᠦᠵᠡᠯ ᠲᠡᠪᠡᠷᠡᠨ ᠬᠦᠴᠦᠷᠬᠡᠭ ᠤᠯᠤᠰ ᠤᠳ ᠦᠡᠭᠭᠡᠯᠵᠡᠵᠤ ᠪᠠᠶᠢᠬᠰᠠᠨ ᠨᠦᠬᠦᠴᠡᠯ ᠪᠠᠶᠢᠳᠠᠯ ᠳᠤ ︽ᠴᠥᠭᠡᠨ ᠲᠣᠭᠠᠲᠤ ᠦᠨᠳᠦᠰᠦᠲᠡᠨ ᠢ ᠦᠯᠳᠡᠨ ᠬᠦᠬᠡᠬᠡᠵᠤ᠂ ᠲᠤᠮᠳᠠᠳᠤ ᠶᠢᠨ ᠦᠨᠳᠤᠰᠤᠳᠡᠨ ᠢ ᠰᠡᠷᠬᠦᠬᠡᠨ ᠮᠠᠨᠳᠤᠭᠤᠯᠬᠤ︾ ᠤᠷᠢᠶ᠎ᠠ ᠨᠢ ᠤᠯᠤᠰ ᠬᠡᠷ ᠰᠠᠯᠵᠤ ᠰᠠᠷᠨᠢᠬᠤ ᠨᠤᠴᠢᠳᠠᠢ ᠦᠷ᠎ᠡ ᠳ᠋ᠦᠡᠭ ᠳᠤ ᠬᠦᠷᠭᠡᠵᠦ ᠮᠡᠳᠡᠬᠦ ᠶᠢ ᠬᠤᠪᠢᠰᠬᠠᠯᠳᠤ ᠨᠠᠮ ᠤᠨ ᠬᠢᠨ ᠤᠳᠠᠯ ᠦᠬᠡᠢ ᠰᠡᠷᠡᠵᠤ ᠮᠡᠳᠡᠵᠡᠢ᠃ ᠡᠶᠢᠨ ᠬᠦ ᠢᠷᠬᠡᠨ ᠤᠯᠤᠰ ᠪᠠᠶᠢᠭᠤᠯᠤᠬᠳᠠᠬᠰᠠᠨ ᠤ ᠲᠠᠷᠠᠭ᠎ᠠ ︽ᠲᠠᠪᠤᠨ ᠦᠨᠳᠤᠰᠤᠳᠡᠨ ᠪᠦᠬᠦᠳᠡ ᠨᠠᠶᠢᠷᠠᠮᠳᠠᠬᠤ︾ ᠶᠢ ᠰᠠᠨᠠᠭᠠᠴᠢᠯᠠᠵᠤ᠂ ᠲᠤᠮᠳᠠᠳᠤ ᠶᠢᠨ ᠦᠨᠳᠤᠰᠤᠳᠡᠨ ᠪᠤᠯ ᠨᠢᠬᠡᠨ ᠪᠦᠬᠦᠯᠢ ᠴᠤᠬᠴᠨ᠂ ᠡᠯ᠎ᠡ ᠦᠨᠳᠤᠰᠤᠳᠡᠨ ᠤ ᠤᠷᠤᠰᠢᠨ ᠠᠮᠢᠳᠤᠷᠠᠵᠤ ᠪᠦᠬᠦᠢ ᠭᠠᠵᠠᠷ ᠨᠤᠳᠤᠭ ᠪᠤᠯ ᠲᠤᠮᠳᠠᠳᠤ ᠢᠷᠬᠡᠨ ᠤᠯᠤᠰ ᠤᠨ ᠬᠢᠯᠢ ᠬᠢᠵᠠᠭᠠᠷ ᠤᠨ ᠪᠦᠷᠢᠯᠳᠤᠬᠦᠨ ᠬᠡᠰᠡᠭ᠂ ᠴᠦᠬᠡᠨ ᠲᠤᠭᠠᠳᠤ ᠦᠨᠳᠤᠰᠤᠳᠡᠨ ᠤ ᠬᠦᠰᠡᠯ ᠱᠠᠭᠠᠷᠳᠠᠯᠭ᠎ᠠ ᠨᠢ ᠲᠤᠮᠳᠠᠳᠤ ᠶᠢᠨ ᠦᠨᠳᠤᠰᠤᠳᠡᠨ ᠤ ᠨᠢᠭᠡᠳᠦᠯ ᠵᠤᠷᠢᠯᠳᠠ ᠶᠢᠨ ᠲᠤᠤᠷ᠎ᠠ ᠪᠠᠶᠢᠬᠤ ᠶᠤᠰᠤᠳᠠᠢ ᠬᠡᠳᠡᠭ ᠢ ᠴᠢᠬᠤᠯᠠᠴᠢᠯᠠᠪᠠ᠃ ᠡᠬᠦᠨ ᠠᠴᠠ ᠠᠪᠤᠭᠠᠳ ︽ᠶᠡᠭᠡ ᠨᠢᠬᠡᠳᠤᠯ︾ ᠬᠢᠭᠡᠤᠨ ᠦᠨᠳᠤᠰᠤᠳᠡᠨ ᠤ ᠤᠯᠤᠰ ᠤᠨ ᠴᠤᠬᠴᠠᠯᠠᠯᠳᠠ ᠡᠳᠤᠷ ᠢᠷᠡᠬᠦᠶ᠎ᠡ ᠬᠠᠮᠳᠤ ᠶᠢᠨ ᠪᠦᠳᠤᠴᠨ ᠲᠠᠢ ᠪᠤᠯᠵᠤ᠂ ᠣᠳᠣ ᠦᠶ᠎ᠡ ᠶᠢᠨ ᠲᠤᠮᠳᠠᠳᠤ ᠤᠯᠤᠰ ᠤᠨ ᠨᠡᠶᠢᠬᠡᠮ ᠤᠨ ᠲᠠᠶᠢᠴᠢᠯᠠᠯᠳᠠ ᠬᠢᠬᠦ᠂ ᠦᠨᠳᠤᠰᠤᠳᠡᠨ ᠤ ᠨᠢᠬᠳᠠᠷᠠᠯ ᠢ ᠴᠢᠩᠭᠠᠳᠬᠠᠬᠤ᠂ ᠬᠠᠷᠢ ᠶᠢᠨ ᠲᠦᠷᠢᠮᠡᠬᠡᠶᠢᠯᠡᠯ ᠢ ᠡᠰᠡᠷᠬᠦᠴᠡᠬᠦ ᠲᠤᠯᠭᠠᠭᠤᠷᠢᠯᠠᠯ ᠪᠤᠯᠵᠤ᠂ ᠲᠤᠮᠳᠠᠳᠤ ᠤᠯᠤᠰ ᠤᠨ ᠤᠨᠴᠠᠯᠢᠭ ᠪᠦᠬᠦᠢ ᠰᠢᠨ᠎ᠡ ᠬᠡᠯᠪᠡᠷᠢ ᠶᠢᠨ ᠤᠯᠤᠰ ᠬᠡᠷ ᠤᠨ ᠦᠵᠡᠯᠳᠡ ᠪᠤᠯᠵᠤ ᠬᠤᠪᠢᠷᠠᠵᠠᠢ᠃       ︽ᠶᠡᠭᠡ ᠨᠢᠬᠡᠳᠤᠯ︾ ᠤᠨ ᠦᠵᠡᠯᠳᠡ ᠶᠢᠨ ᠤᠷᠴᠢᠨ ᠦᠶ᠎ᠡ ᠳᠠᠬᠢ ᠤᠯᠠᠷᠢᠭᠤᠯᠤᠯᠲᠠ ᠶᠢ ᠦᠬᠡᠷ᠎ᠡ ᠬᠠᠷᠠᠭᠠᠰᠤ ᠠᠴᠠ ᠠᠵᠢᠬᠯᠠᠵᠤ ᠪᠤᠯᠤᠨ᠎ᠠ᠃ ᠨᠢᠬᠡ ᠲᠠᠯ᠎ᠠ ᠪᠠᠷ᠂ ᠤᠷᠴᠢᠨ ᠦᠶ᠎ᠡ ᠶᠢᠨ ᠰᠡᠬᠡᠬᠡᠳᠡᠳ ᠲᠦᠪᠯᠡᠷᠡᠭᠰᠡᠨ ᠡᠵᠡᠷᠬᠡᠭ ᠡᠷᠬᠡᠳᠤ᠂ ᠨᠤᠳᠤᠭ ᠲᠡᠪᠢᠰᠬᠡᠷ ᠦᠷᠬᠡᠨ ᠠᠭᠤᠳᠠᠮ ︽ᠶᠡᠭᠡ ᠨᠢᠬᠡᠳᠤᠯ︾ ᠨᠢ ᠲᠤᠬᠳᠠᠩᠭᠤᠢ ᠪᠦᠭᠡᠤᠨ ᠬᠡᠪᠰᠢᠮᠡᠯ ᠪᠤᠯᠬᠤᠷ ᠪᠤᠯᠪᠠᠰᠤᠨ ᠤ ᠰᠢᠷᠤᠬᠦᠨ ᠦᠷᠢᠰᠤᠯᠳᠤᠬᠡᠨ ᠲᠤᠮᠳᠠ ᠲᠠᠪᠠᠭᠤᠯᠢᠭ ᠪᠠᠶᠢᠷᠢ ᠳᠤ ᠤᠷᠤᠰᠢᠵᠤ ᠲᠡᠶᠢᠯᠬᠦ ᠦᠬᠡᠢ ᠭᠡᠵᠤ ᠨᠢᠬᠡ ᠦᠶ᠎ᠡ ᠦᠵᠡᠵᠤ ᠪᠠᠶᠢᠬᠰᠠᠨ ᠠᠴᠠ ᠡᠷᠬᠡᠳᠤ ᠠᠷᠠᠳ ᠤᠨ ᠤᠬᠠᠮᠰᠠᠷ ᠢ ᠬᠦᠮᠤᠵᠢᠬᠦᠯᠬᠦ᠂ ᠤᠷᠤᠨ ᠨᠤᠳᠤᠭ ᠤᠨ ᠦᠪᠡᠷᠳᠡᠬᠡᠨ ᠵᠠᠰᠠᠬᠤ ᠶᠢ ᠬᠡᠷᠡᠭᠵᠢᠬᠦᠯᠦᠭᠰᠡᠨ ᠡᠸᠦ᠋ᠷᠦᠫᠡ ᠠᠮᠧᠷᠢᠺᠠ ᠶᠢᠨ ᠲᠤᠷᠰᠢᠯᠭ᠎ᠠ ᠶᠢ ᠲᠠᠭᠤᠷᠢᠶᠠᠬᠤ ᠶᠢ ᠡᠷᠬᠢᠮᠰᠢᠶᠡᠪᠡ᠃ ᠬᠡᠳᠡᠯ᠎ᠡ ᠰᠤᠳᠤᠯᠭᠠᠳᠠᠤᠨ ᠤᠯᠤᠰ ᠲᠦᠷᠤ ᠶᠢᠨ ᠠᠬᠤᠢ ᠪᠠᠶᠢᠳᠠᠯ ᠢ ᠮᠦᠬᠦᠯ ᠠᠴᠠ ᠠᠪᠤᠷᠠᠬᠤ ᠶᠢᠨ ᠲᠤᠰᠠᠳᠠ ︽ᠶᠡᠭᠡ ᠨᠢᠬᠡᠳᠤᠯ︾ ᠢ ᠤᠷᠴᠢᠨ ᠦᠶ᠎ᠡ ᠶᠢᠨ ᠦᠬᠡ ᠶᠠᠷᠢᠶ᠎ᠠ ᠯᠤᠭ᠎ᠠ ᠴᠢᠷᠮᠠᠶᠢᠨ ᠵᠤᠬᠢᠴᠠᠭᠤᠯᠵᠤ᠂ ᠬᠦᠴᠤᠷᠬᠡᠭ ᠶᠡᠭᠡ ᠨᠢᠬᠡᠳᠦᠭᠰᠡᠨ ᠤᠯᠤᠰ ᠢ ᠪᠠᠶᠢᠭᠤᠯᠬᠤ ᠶᠢ ᠤᠷᠢᠶᠠᠯᠠᠬᠤ ᠶᠢᠨ ᠬᠠᠮᠳᠤ ︽ᠴᠦᠨ ᠴᠢᠤ︾ ᠵᠡᠷᠬᠡ ᠡᠷᠳᠡᠨ ᠤ ᠰᠤᠩᠭᠤᠳᠠᠭ ᠦᠵᠡᠯ ᠰᠠᠨᠠᠭᠠᠨ ᠤ ᠡᠬᠢ ᠪᠠᠶᠠᠯᠢᠭ ᠢ ᠪᠦᠳᠤᠬᠡᠯᠴᠢ ᠴᠢᠨᠠᠷ ᠲᠠᠢ ᠲᠠᠶᠢᠯᠪᠤᠷᠢᠯᠠᠵᠤ᠂ ︽ᠶᠡᠭᠡ ᠨᠢᠬᠡᠳᠤᠯ︾ ᠪᠤᠯᠤᠨ ᠲᠤᠮᠳᠠᠳᠤ ᠶᠢᠨ ᠤᠯᠤᠰ ᠲᠦᠷᠤ ᠶᠢᠨ ᠰᠤᠶᠤᠯ ᠪᠤᠯ ᠦᠷᠤᠨᠡᠳᠠᠬᠢᠨ ᠠᠴᠠ ᠲᠠᠪᠠᠭᠤᠯᠢᠭ ᠭᠡᠳᠡᠭ ᠲᠦᠬᠡᠮᠡᠯ ᠤᠳᠬ᠎ᠠ ᠠᠭᠤᠯᠭ᠎ᠠ ᠶᠢ ᠲᠠᠬᠢᠨ ᠰᠢᠨ᠎ᠡ  ᠪᠠᠷ ᠪᠤᠢ ᠪᠤᠯᠭᠠᠪᠠ᠃ ᠨᠦᠬᠦᠬᠡ ᠲᠠᠯ᠎ᠠ ᠪᠠᠷ ᠦᠷᠤᠨᠡᠳᠠᠬᠢᠨ ᠤ ᠪᠠᠶᠢᠭᠤᠯᠤᠯ ᠢ ᠭᠡᠷᠡᠭᠵᠢᠬᠦᠯᠪᠡᠯ ᠴᠢᠩ ᠤᠯᠤᠰ ᠤᠨ ᠰᠡᠬᠦᠯᠴᠢ ᠠᠴᠠ ᠨᠠᠭᠠᠰᠢᠬᠢ ᠡᠯ᠎ᠡ ᠵᠦᠢᠯ ᠤᠨ ᠠᠰᠠᠭᠤᠳᠠᠯ ᠢ ᠨᠢᠬᠡ ᠯᠨ ᠲᠡᠬᠡᠷ᠎ᠡ ᠰᠢᠢᠳᠪᠤᠷᠢᠯᠡᠴᠢᠬᠡᠨ᠎ᠡ ᠭᠡᠵᠤ ᠬᠦᠮᠦᠰ ᠨᠢᠬᠡ ᠦᠶ᠎ᠡ ᠬᠡᠢ ᠪᠤᠳᠤᠵᠤ ᠪᠠᠶᠢᠪᠠ᠃ ᠬᠡᠪᠡᠴᠤ ᠰᠢᠯᠭᠠᠭᠤᠯᠢ ᠶᠢᠨ ᠲᠦᠷᠢᠮ᠂ ᠬᠠᠭᠠᠨᠳᠤ ᠶᠤᠰᠤ᠂ ᠨᠤᠮ ᠤᠨ ᠰᠤᠷᠭᠠᠯ ᠢ ᠪᠠᠭᠳᠠᠭᠠᠬᠰᠠᠨ ᠤᠯᠠᠮᠵᠢᠯᠠᠯᠳᠤ ᠡᠯᠧᠮᠧᠨ᠋ᠲ ᠢ ᠪᠤᠯᠳᠤ ᠪᠠᠷ ᠨᠢ ᠨᠤᠷᠠᠭᠠᠵᠤ᠂ ᠬᠦᠳᠡᠭᠡ ᠲᠤᠰᠬᠤᠨ ᠪᠠ ᠬᠤᠳᠠ᠂ ᠨᠡᠶᠢᠬᠡᠮ ᠪᠠ ᠵᠠᠰᠠᠭ ᠤᠨ ᠣᠷᠳᠣᠨ ᠤ ᠬᠤᠯᠪᠤᠭᠠᠰᠤ ᠶᠢ ᠲᠠᠰᠤᠯᠤᠠᠠᠰᠠᠨ ᠤ ᠬᠠᠮᠳᠤ ᠮᠢᠩᠭᠠᠨ ᠤᠨ ᠦᠷᠬᠦᠯᠵᠢᠯᠡᠭᠰᠡᠨ ᠤᠯᠤᠰ ᠲᠦᠷᠤ᠂ ᠶᠤᠰᠤ ᠰᠤᠷᠳᠠᠬᠤᠨ ᠪᠤᠯᠤᠨ ᠰᠤᠶᠤᠯ ᠤᠨ ᠬᠠᠮᠳᠤ ᠶᠢᠨ ᠲᠠᠨᠢᠯᠳᠠ ᠪᠠ ᠲᠡᠳᠡᠭᠡᠷ ᠤᠨ ᠪᠠᠶᠢᠭᠤᠯᠤᠯ ᠤᠨ ᠪᠦᠳᠤᠴᠨ ᠶᠢ ᠰᠦᠢᠷᠡᠭᠦᠯᠬᠦ ᠶᠤᠮ᠃ ᠡᠶᠢᠨ ᠬᠦ ᠢᠷᠬᠡᠨ ᠤᠯᠤᠰ ᠤᠨ ᠡᠬᠢᠨ ᠳᠤ ᠤᠯᠠᠶᠢᠮ᠎ᠠ ᠴᠠᠶᠢᠮ᠎ᠠ ᠡᠷᠬᠡᠳᠤ ᠤᠯᠤᠰ ᠲᠦᠷᠤ᠂ ᠵᠠᠰᠠᠭ ᠵᠠᠬᠢᠷᠭᠠᠨ ᠤ ᠯᠤᠬᠢᠭ᠂ ᠵᠠᠰᠠᠯᠳᠠ ᠶᠢᠨ ᠠᠯᠳᠠᠬᠳᠠᠯ ᠪᠠ ᠶᠤᠰᠤ ᠰᠤᠷᠳᠠᠬᠤᠨ ᠤ ᠲᠤᠷᠦ᠋ᠢᠳᠠᠯ ᠨᠢ ᠲᠤᠬᠠᠢ ᠶᠢᠨ ᠦᠶ᠎ᠡ ᠶᠢᠨ ᠨᠤᠶᠠᠷᠬᠠᠯ ᠤᠨ ᠬᠠᠤᠯᠢ ᠶᠤᠰᠤᠨ ᠤ ᠰᠢᠨᠵᠢ ᠶᠢ ᠨᠤᠴᠢᠳᠠᠢ ᠰᠡᠵᠢᠭᠯᠡᠯ ᠳᠤ ᠬᠦᠷᠤᠬᠦᠯᠵᠤ᠂ ᠡᠵᠡᠨ ᠬᠠᠭᠠᠨ ᠤ ᠪᠠᠶᠢᠷᠢ ᠰᠠᠭᠤᠷᠢ ᠶᠢ ᠲᠠᠬᠢᠨ ᠦᠨᠡᠯᠡᠬᠦ᠂ ᠲᠦᠷᠤ ᠱᠠᠰᠢᠨ ᠤ ᠲᠤᠬᠳᠠᠯᠴᠠᠭ᠎ᠠ ᠶᠢ ᠲᠠᠬᠢᠨ ᠪᠠᠶᠢᠭᠤᠯᠬᠤ᠂ ᠤᠯᠠᠮᠵᠢᠯᠠᠯᠳᠤ ᠦᠷᠳᠡᠭ ᠢ ᠲᠠᠬᠢᠨᠳᠠ ᠬᠦᠨᠵᠡᠬᠡᠢ ᠪᠤᠳᠤᠯᠬᠢᠯᠠᠬᠤ ᠳᠤ ᠬᠦᠷᠬᠡᠪᠡ᠃ ︽ᠶᠡᠭᠡ ᠨᠢᠬᠡᠳᠤᠯ︾ ᠤᠨ ᠦᠵᠡᠯᠳᠡ ᠳᠤ ᠡᠭᠡᠭᠰᠡᠨ ᠨᠢ ᠦᠨᠡᠨ ᠳᠤ ᠪᠠᠨ ᠣᠷᠴᠢᠨ ᠦᠶ᠎ᠡ ᠶᠢᠨ ᠲᠤᠮᠳᠠᠳᠤ ᠤᠯᠤᠰ ᠤᠨ ︽ᠲᠦᠪ ᠤᠳᠤᠮᠰᠢᠯ ᠤᠨ ᠬᠢᠮᠤᠷᠠᠯ︾ ᠤᠨ ᠰᠢᠨᠵᠢ ᠴᠢᠨᠠᠷ ᠤᠨ ᠲᠤᠬᠠᠢ ᠬᠠᠷᠢᠭᠤ ᠲᠤᠰᠬᠠᠯ ᠲᠡᠳᠤᠢ ᠦᠬᠡᠢ ᠦᠷᠤᠨᠡᠳᠠᠬᠢᠨ ᠤ ᠨᠦᠯᠦᠭᠡ ᠪᠠ ᠲᠤᠮᠳᠠᠳᠤ ᠶᠢᠨ ᠲᠤᠷᠰᠢᠯᠭ᠎ᠠ ᠲᠤᠮᠳᠠ ᠠᠴᠠ ᠤᠯᠤᠠᠠᠰᠠᠨ ᠪᠤᠯᠪᠠᠰᠤᠨ ᠤ ᠭᠤᠤᠯ ᠴᠤᠬᠴᠠᠳᠤ ᠰᠢᠨᠵᠢ ᠪᠤᠯᠤᠨ ᠤᠯᠤᠰ ᠲᠦᠷᠤ  ᠶᠢᠨ ᠰᠤᠶᠤᠯ ᠤᠨ ᠬᠡᠯᠪᠡᠷᠢ ᠶᠢ ᠲᠠᠬᠢᠨ ᠪᠠᠶᠢᠭᠤᠯᠬᠤ ᠬᠡᠰᠡᠨ ᠴᠢᠷᠮᠠᠶᠢᠯᠭ᠎ᠠ ᠪᠤᠯᠬᠤ ᠶᠤᠮ᠃       ᠡᠨᠡ ᠲᠠᠯ᠎ᠠ ᠪᠠᠷ ᠴᠢᠩ ᠤᠯᠤᠰ ᠤᠨ ᠰᠡᠬᠦᠯᠴᠢ ᠠᠴᠠ ᠢᠷᠬᠡᠨ ᠤᠯᠤᠰ ᠬᠦᠷᠳᠡᠯ᠎ᠡ ︽ᠶᠡᠭᠡ ᠨᠢᠬᠡᠳᠤᠯ︾ ᠤᠨ ᠲᠤᠬᠠᠢ ᠦᠵᠡᠯᠳᠡ᠂ ᠦᠢᠯᠡᠳᠤᠯᠬᠡ ᠶᠡᠷᠤ ᠠᠴᠠ ᠲᠠᠰᠤᠯᠳᠠᠭ᠎ᠠ ᠦᠬᠡᠢ ᠪᠦᠬᠡᠳ ᠬᠦᠨᠵᠡᠬᠡᠢ ᠦᠷᠬᠦᠯᠵᠢᠯᠡᠯᠳᠦ ᠴᠢᠨᠠᠷ ᠢᠶᠠᠨ ᠪᠠᠳᠤᠯᠠᠬᠰᠠᠭᠠᠷ ᠢᠷᠡᠭᠰᠡᠨ ᠶᠤᠮ᠃ ᠬᠠᠷᠢ ᠶᠢᠨ ᠨᠦᠯᠤᠬᠡ ᠬᠡᠴᠢᠨᠡᠬᠡᠨ ᠶᠡᠭᠡ ᠪᠠᠶᠢᠬᠰᠠᠨ ᠪᠤᠯᠪᠠᠴᠤ ᠤᠷᠴᠢᠨ ᠦᠶ᠎ᠡ ᠶᠢᠨ ᠲᠤᠮᠳᠠᠳᠤ ᠤᠯᠤᠰ ᠤᠨ ᠪᠠᠶᠢᠭᠤᠯᠤᠬᠳᠠᠬᠰᠠᠨ ᠨᠢ ᠡᠴᠤᠰ ᠤᠨ ᠡᠴᠤᠰ ᠲᠤ ᠮᠥᠨ ᠯᠨ ᠲᠤᠰ ᠪᠡᠶ᠎ᠡ ᠶᠢᠨ ᠰᠤᠶᠤᠯ ᠪᠠ ᠲᠡᠤᠬᠡᠨ ᠤᠯᠠᠮᠵᠢᠯᠠᠯ ᠳᠤ ᠪᠠᠨ ᠰᠠᠭᠤᠷᠢᠯᠠᠬᠰᠠᠨ ᠭᠡᠳᠡᠭ ᠢ ᠡᠬᠦᠨ ᠠᠴᠠ ᠦᠵᠡᠵᠤ ᠭᠠᠷᠬᠤ ᠶᠤᠮ᠃ ︽ᠶᠡᠭᠡ ᠨᠢᠬᠡᠳᠤᠯ︾ ᠤᠨ ᠦᠵᠡᠯᠳᠡ ᠨᠢ ᠴᠢᠩ ᠤᠯᠤᠰ ᠤᠨ ᠲᠡᠬᠡᠳᠤ ᠲᠠᠪᠬᠤᠷᠭᠠᠳᠠᠨ ᠤ ᠤᠯᠤᠰ ᠲᠦᠷᠤ ᠶᠢᠨ ᠲᠢᠭᠯᠢᠮ ᠪᠠ ᠤᠷᠤᠨ ᠨᠤᠳᠤᠭ ᠤᠨ ᠵᠠᠰᠠᠯᠳᠠ ᠶᠢᠨ ᠬᠡᠯᠪᠡᠷᠢ ᠶᠢ ᠪᠦᠷᠢᠯᠳᠤᠬᠦᠯᠦᠭᠰᠡᠨ ᠲᠡᠳᠤᠢ ᠦᠬᠡᠢ᠂ ᠲᠤᠮᠳᠠᠳᠤᠴᠤᠳ ᠤᠨ ᠡᠴᠢᠨ᠎ᠡ ᠬᠦᠨ ᠳᠠᠬᠢ ᠰᠡᠳᠬᠢᠬᠦᠢ ᠶᠢᠨ ᠠᠷᠭ᠎ᠠ ᠪᠠ ᠰᠡᠳᠬᠢᠴᠨ ᠶᠢᠨ ᠪᠠᠶᠢᠳᠠᠯ ᠢ ᠪᠦᠳᠤᠬᠡᠵᠤ᠂ ᠤᠳᠤ ᠦᠶ᠎ᠡ ᠶᠢᠨ ᠲᠤᠮᠳᠠᠳᠤ ᠤᠯᠤᠰ ᠤᠨ ᠤᠯᠤᠰ ᠲᠦᠷᠤ᠂ ᠨᠡᠶᠢᠬᠡᠮ ᠤᠨ ᠠᠮᠢᠳᠤᠷᠠᠯ ᠳᠠᠬᠢ ᠲᠠᠰᠤᠷᠠᠯᠳᠠ ᠦᠬᠡᠢ ᠡᠷᠬᠢᠵᠤ ᠬᠠᠷᠠᠬᠤ ᠮᠤᠲ᠋ᠢᠹ ᠪᠤᠯᠵᠤ᠂ ᠲᠡᠷᠡᠴᠢᠯᠡᠨ ᠪᠤᠳᠠᠳᠠᠢ ᠲᠡᠤᠬᠡ ᠶᠢᠨ ᠦᠵᠡᠭᠳᠡᠯ ᠠᠴᠠ ᠲᠠᠪᠠᠭᠰᠠᠨ ᠬᠦᠴᠤᠨ ᠪᠠ ᠵᠤᠬᠢᠴᠠᠬᠤ ᠴᠢᠳᠠᠪᠤᠷᠢ ᠪᠦᠬᠦᠢ ᠡᠷᠳᠡᠨ ᠡᠳᠤᠬᠡ ᠶᠢᠨ ᠲᠤᠮᠳᠠᠳᠤ ᠶᠢᠨ ᠤᠯᠤᠰ ᠲᠦᠷᠤ᠂ ᠰᠤᠶᠤᠯ ᠤᠨ ᠠᠵᠢᠯᠯᠠᠭ᠎ᠠ ᠶᠢ ᠤᠶᠢᠯᠠᠭᠠᠬᠤ ᠳᠤ ᠨᠡᠪᠳᠡ ᠲᠤᠭᠤᠰᠢᠯᠠᠭᠳᠠᠵᠤ ᠪᠠᠶᠢᠭ᠎ᠠ ᠵᠠᠩᠬᠢᠯᠠᠭ᠎ᠠ ᠶᠢᠨ ᠭᠤᠨ᠋ᠠᠴᠤᠭ᠎ᠠ ᠪᠤᠯᠤᠨ᠎ᠠ᠃ ᠣᠷᠴᠢᠨ ᠦᠶ᠎ᠡ ᠶᠢᠨ ᠲᠤᠮᠳᠠᠳᠤ ᠶᠢᠨ ᠬᠦᠮᠦᠨ ᠪᠤᠯᠤᠬᠰᠠᠨ ᠤ ᠬᠤᠪᠢ ᠳᠤ ᠪᠢᠳᠠ ︽ᠶᠡᠭᠡ ᠨᠢᠬᠡᠳᠤᠯ︾ ᠤᠨ ᠬᠦᠨ ᠲᠠᠪᠬᠤᠷᠭ᠎ᠠ ᠶᠢᠨ ᠯᠤᠬᠢᠭ ᠢᠶᠠᠷ ᠲᠡᠤᠬᠡ ᠶᠢ ᠤᠶᠢᠯᠠᠭᠠᠬᠤ ᠶᠢᠨ ᠲᠠᠰᠢᠷᠠᠮ ᠳᠤ ︽ᠶᠡᠭᠡ ᠨᠢᠬᠡᠳᠤᠯ︾ ᠶᠠᠭᠠᠬᠢᠭᠠᠳ ᠡᠶᠢᠮᠤ ᠬᠦᠴᠤᠷᠭᠡᠭ ᠪᠠᠶᠢᠭᠤᠯᠤᠯ᠂ ᠪᠡᠶ᠎ᠡ ᠮᠠᠬᠠᠪᠤᠳ ᠪᠠ ᠰᠡᠳᠬᠢᠴᠨ ᠶᠢᠨ ᠰᠤᠷᠭᠠᠮᠵᠢᠳᠤ ᠴᠢᠳᠠᠪᠤᠷᠢ ᠲᠠᠢ ᠪᠦᠬᠡᠳ ᠡᠯ᠎ᠡ ᠵᠦᠢᠯ ᠤᠨ ᠠᠳᠠᠯᠢ ᠪᠤᠰᠤ ᠦᠵᠡᠯ ᠰᠠᠨᠠᠭ᠎ᠠ᠂ ᠦᠢᠯᠨ ᠠᠵᠢᠯᠯᠠᠭ᠎ᠠ ᠶᠢ ᠬᠤᠷᠢᠶᠠᠮᠵᠢᠯᠠᠵᠤ ᠴᠢᠳᠠᠳᠠᠭ ᠲᠡᠳᠤᠢ ᠦᠬᠡᠢ ᠦᠨᠢ ᠤᠳᠠᠭᠠᠨ ᠰᠢᠨᠡᠳᠦᠭᠰᠡᠬᠡᠷ ᠢᠷᠡᠭᠰᠡᠨ ᠪᠤᠢ︖ ︽ᠶᠡᠭᠡ ᠨᠢᠬᠡᠳᠤᠯ︾ ᠤᠨ ᠦᠨ᠎ᠡ ᠴᠡᠨ᠎ᠡ ᠳᠤ ᠬᠡᠷᠬᠢᠨ ᠬᠠᠨᠳᠤᠬᠤ᠂ ᠬᠤᠪᠢ ᠬᠦᠮᠦᠨ ᠤ ᠲᠤᠰᠠᠭᠠᠷ ᠰᠢᠨᠵᠢ ᠪᠤᠯᠤᠨ ᠤᠶᠤᠨ ᠰᠠᠨᠠᠭᠠᠨ ᠤ ᠡᠷᠬᠡ ᠴᠢᠯᠤᠬᠡ ᠯᠦᠭᠡ ᠶᠢᠨ ᠬᠠᠷᠢᠴᠠᠭ᠎ᠠ ᠶᠢ ᠬᠡᠷᠬᠢᠨ ᠵᠦᠪ ᠡᠵᠡᠮᠳᠡᠬᠦ᠂ ᠤᠳᠤ ᠶᠢᠨ ᠨᠡᠶᠢᠬᠡᠮ ᠳᠤ ᠲᠡᠬᠦᠨ ᠢ ᠶᠠᠮᠠᠷ ᠪᠠᠶᠢᠷᠢᠨ ᠳᠤ ᠲᠠᠯᠪᠢᠬᠤ ᠪᠤᠢ ᠬᠡᠳᠡᠭ ᠢ ᠪᠤᠳᠤᠯᠬᠢᠯᠠᠭᠤᠰᠢᠳᠠᠢ ᠶᠤᠮ᠃ ᠤᠳᠤᠬᠠᠨ ᠤ ᠪᠠᠶᠢᠳᠠᠯ ᠠᠴᠠ ᠡᠬᠦᠰᠤᠨ ︽ᠡᠷᠳᠡᠨ ᠤ ᠬᠢ ᠶᠢ ᠰᠡᠷᠬᠦᠬᠡᠬᠦ︾ ᠪᠠ ︽ᠰᠢᠨᠡᠴᠢᠯᠡᠬᠦ︾ ᠬᠤᠶᠠᠷ ᠢ ᠰᠠᠯᠭᠠᠬᠤ ᠶᠢ ᠢᠯᠠᠨ ᠲᠠᠪᠠᠪᠠᠯ ᠰᠠᠶ᠋ᠢ ᠤᠳᠤᠮᠰᠢᠯ ᠳᠤ ᠠᠮᠢᠵᠢᠷᠠᠯ ᠪᠢᠯᠬᠠᠭᠤᠯᠵᠤ᠂ ᠠᠰᠢᠭ ᠬᠠᠷᠠᠬᠰᠠᠨ ᠬᠡᠷᠡᠭᠴᠡᠭᠡ ᠪᠠ ᠤᠷᠤᠨ ᠨᠤᠳᠤᠭ ᠤᠨ ᠰᠢᠨᠵᠢ ᠲᠠᠢ ᠮᠡᠳᠡᠯᠬᠡ ᠶᠢᠨ ᠬᠦᠷᠢᠶ᠎ᠡ ᠴᠠᠷᠠᠭ᠎ᠠ ᠶᠢ ᠲᠠᠪᠠᠵᠤ᠂ ᠤᠳᠤ ᠦᠶ᠎ᠠ ᠶᠢᠨ ᠲᠦᠬᠡᠮᠡᠯ ᠠᠰᠠᠭᠤᠳᠠᠯ ᠪᠦᠬᠦᠢ ᠤᠯᠤᠰ ᠲᠦᠷᠤ᠂ ᠰᠤᠶᠤᠯ ᠤᠨ ᠬᠠᠷᠢᠭᠤ ᠲᠤᠰᠬᠠᠯ ᠪᠤᠯᠭᠠᠵᠤ᠂ ︽ᠶᠡᠭᠡ ᠨᠢᠬᠡᠳᠤᠯ︾ ᠤᠨ ᠦᠵᠡᠯᠳᠡ ᠶᠢ ᠤᠳᠤᠬᠢᠴᠢᠯᠡᠨ ᠤᠯᠠᠷᠢᠭᠤᠯᠬᠤ ᠶᠢ ᠪᠡᠶᠡᠯᠡᠬᠦᠯᠵᠤ ᠴᠢᠳᠠᠬᠤ ᠶᠤᠮ᠃              ᠣᠷᠴᠢᠭᠤᠯᠤᠭᠴᠢ᠄  ᠰᠡᠴᠡᠨᠪᠠᠭᠠᠲᠤᠷ              ᠬᠢᠨᠠᠨ ᠨᠠᠶᠢᠷᠠᠭᠤᠯᠤᠭᠴᠢ᠄ ᠠᠳᠢᠶ᠎ᠠ   ᠰᠠᠴᠤᠷᠠᠯ              ᠶᠡᠷᠦᠩᠬᠡᠢ ᠬᠢᠨᠠᠨ ᠨᠠᠶᠢᠷᠠᠭᠤᠯᠤᠭᠴᠢ᠄ ᠪᠠᠶᠠᠨᠴᠢᠮᠡᠭ
ᠢᠷᠡᠯᠲᠡ᠄ ᠲᠤᠮᠳᠠᠳᠤ ᠶᠢ ᠥᠭᠦᠯᠡᠬᠦᠢ