ᠥᠪᠥᠷ ᠮᠣᠩᠭᠤᠯ ᠤᠨ ᠠᠩᠬᠠᠳᠠᠭᠴᠢ ᠪᠦᠯᠦᠭ ᠤᠨ ᠡᠪ ᠬᠠᠮᠲᠤᠴᠤᠳ ᠤᠨ ᠮᠠᠨᠳᠤᠯᠡᠭᠰᠡᠨ ᠨᠢ᠄ ᠨᠠᠮ ᠪᠠᠶᠢᠭᠤᠯᠤᠭᠳᠠᠭᠰᠠᠨ ᠡᠬᠢᠨ ᠤ ᠦᠶ᠎ᠡ ᠳᠤ ᠨᠠᠮ ᠠᠴᠠ ᠦᠨᠳᠦᠰᠦᠲᠡᠨ ᠤ ᠠᠰᠠᠭᠤᠳᠠᠯ ᠢ ᠴᠢᠬᠤᠯᠠᠴᠢᠯᠠᠭᠰᠠᠨ ᠢᠯᠡᠷᠡᠯ — ᠶᠡᠷᠦᠩᠬᠡᠢ ᠱᠦᠵᠢ ᠶᠢᠨ ᠶᠠᠷᠢᠵᠤ ᠥᠩᠭᠡᠷᠡᠭᠰᠡᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠦᠯᠢᠭᠡᠷ
ᠨᠡᠶᠢᠲᠡᠯᠡᠭᠰᠡᠨ ᠴᠠᠭ᠄
2023/8/21
      ᠠᠯᠢ ᠡᠷᠲᠡ ᠨᠠᠮ ᠪᠠᠶᠢᠭᠤᠯᠤᠭᠳᠠᠭᠰᠠᠨ ᠡᠬᠢᠨ ᠤ ᠦᠶ᠎ᠡ ᠳᠤ᠂ ᠮᠠᠨ ᠤ ᠨᠠᠮ ᠦᠨᠳᠦᠰᠦᠲᠡᠨ ᠤ ᠠᠰᠠᠭᠤᠳᠠᠯ ᠢ ᠮᠠᠰᠢ ᠠᠩᠬᠠᠷᠴᠤ ᠢᠷᠡᠵᠡᠢ᠃ ᠯᠢ ᠳ᠋ᠡ ᠵᠤᠤ ᠨᠥᠬᠦᠷ ᠮᠣᠩᠭᠤᠯ ᠦᠨᠳᠦᠰᠦᠲᠡᠨ ᠤ ᠤᠯᠠᠨ ᠲᠦᠮᠡᠨ ᠤ ᠳᠤᠮᠳᠠ ᠮᠠᠷᠺᠰ ᠤᠨ ᠦᠵᠡᠯ ᠢ ᠤᠯᠠᠮᠵᠢᠯᠠᠵᠤ᠂ ᠡᠪ ᠬᠠᠮᠲᠤ ᠶᠣᠰᠣᠨ ᠤ ᠲᠡᠷᠢᠭᠦᠨ ᠤ ᠬᠥᠮᠦᠰ ᠢ ᠬᠥᠮᠦᠵᠢᠭᠦᠯᠬᠦ ᠠᠵᠢᠯ ᠳᠤ ᠣᠷᠣᠯᠴᠠᠨ ᠰᠢᠭᠤᠳ ᠤᠳᠤᠷᠢᠳᠪᠠ᠃ 1923 ᠣᠨ ᠳᠤ᠂ ᠥᠪᠥᠷ ᠮᠣᠩᠭᠤᠯ ᠳᠤ ᠤᠯᠠᠭᠠᠨᠬᠦᠦ ᠶᠢ ᠪᠠᠭᠲᠠᠭᠠᠭᠰᠠᠨ ᠠᠩᠬᠠᠳᠠᠭᠴᠢ ᠪᠦᠯᠦᠭ ᠤᠨ ᠡᠪ ᠬᠠᠮᠲᠤᠴᠤᠳ ᠮᠠᠨᠳᠤᠯᠠᠵᠡᠢ᠃       — ᠶᠡᠷᠦᠩᠬᠡᠢ ᠱᠦᠵᠢ ᠰᠢ ᠶᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ  ᠤᠨ ᠳᠥᠷᠪᠡᠳᠦᠭᠡᠷ ᠬᠤᠷᠠᠯ ᠤᠨ ᠥᠪᠥᠷ ᠮᠣᠩᠭᠤᠯ ᠤᠨ ᠲᠥᠯᠥᠭᠡᠯᠡᠭᠴᠢᠳ ᠤᠨ ᠪᠦᠯᠬᠦᠮ ᠤᠨ ᠬᠢᠨᠠᠨ ᠵᠥᠪᠯᠡᠬᠦ ᠳᠤ ᠣᠷᠣᠯᠴᠠᠬᠤ ᠳᠤ ᠪᠠᠨ ᠴᠢᠬᠤᠯᠠᠴᠢᠯᠠᠪᠠ
W020230726541154532709.png
           ᠮᠣᠩᠭᠤᠯ ᠲᠥᠪᠡᠳ ᠤᠨ ᠰᠤᠷᠭᠠᠭᠤᠯᠢ ᠶᠢᠨ ᠰᠤᠷᠤᠭᠴᠢᠳ ᠤᠨ ᠬᠠᠮᠲᠤ ᠶᠢᠨ ᠰᠡᠭᠦᠳᠡᠷ ︵ᠬᠡᠰᠡᠭ︶      ᠪᠡᠭᠡᠵᠢᠩ ᠤᠨ ᠬᠦᠯ ᠬᠥᠭᠵᠢᠶᠡᠨ ᠲᠠᠢ ᠰᠢ ᠳ᠋ᠠᠨ ᠬᠤᠳᠠᠯᠳᠤᠭᠠᠨ ᠤ ᠲᠣᠭᠤᠷᠢᠭ ᠲᠠᠬᠢ ᠦᠨᠳᠦᠷ ᠰᠦᠷᠯᠢᠭ ᠠᠰᠠᠷ ᠤᠳ ᠤᠨ ᠬᠤᠭᠤᠷᠤᠨᠳᠤ ᠨᠢᠭᠡᠨ ᠪᠣᠷᠣ ᠸᠠᠭᠠᠷ ᠬᠥᠬᠡ ᠲᠣᠭᠤᠰᠬ᠎ᠠ ᠪᠠᠷ ᠪᠠᠷᠢᠭᠰᠠᠨ ᠡᠷᠲᠡᠨ ᠤ ᠪᠠᠷᠢᠯᠭ᠎ᠠ ᠬᠦᠷᠢᠶ᠎ᠠ ᠪᠠᠶᠢᠳᠠᠭ᠂ ᠲᠡᠷᠡ ᠪᠤᠯ ᠳᠠᠷᠤᠶ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠠᠷᠢᠶᠠᠲᠤ ᠳᠤᠮᠳᠠᠳᠤ ᠰᠤᠷᠭᠠᠭᠤᠯᠢ ᠶᠢᠨ ᠤᠤᠯ ᠤᠨ ᠪᠠᠭᠤᠷᠢ — ᠤᠯᠤᠰ ᠠᠴᠠ ᠪᠠᠶᠢᠭᠤᠯᠤᠭᠰᠠᠨ ᠮᠣᠩᠭᠤᠯ ᠲᠥᠪᠡᠳ ᠤᠨ ᠰᠤᠷᠭᠠᠭᠤᠯᠢ ᠶᠢᠨ ᠬᠠᠭᠤᠴᠢᠨ ᠪᠠᠭᠤᠷᠢ ᠪᠣᠯᠤᠨ᠎ᠠ᠃ ᠠᠳᠡ ᠥᠪᠥᠷ ᠮᠣᠩᠭᠤᠯ ᠤᠨ ᠠᠩᠬᠠᠳᠠᠭᠴᠢ ᠪᠦᠯᠦᠭ ᠤᠨ ᠡᠪ ᠬᠠᠮᠳᠤᠴᠤᠳ ᠢ ᠬᠥᠮᠦᠵᠢᠭᠦᠯᠦᠭᠰᠡᠨ ᠪᠣᠯᠬᠤᠷ ︽ᠥᠪᠥᠷ ᠮᠣᠩᠭᠤᠯ ᠤᠨ ᠬᠤᠪᠢᠰᠬᠠᠯ ᠤᠨ ᠥᠯᠥᠭᠡᠢ︾ ᠬᠡᠮᠡᠨ ᠠᠯᠳᠠᠷᠰᠢᠵᠠᠢ᠃       ᠮᠣᠩᠭᠤᠯ ᠲᠥᠪᠡᠳ ᠤᠨ ᠰᠤᠷᠭᠠᠭᠤᠯᠢ 1913 ᠣᠨ ᠳᠤ ᠪᠠᠶᠢᠭᠤᠯᠤᠭᠳᠠᠵᠤ᠂ ᠲᠡᠷᠡ ᠨᠢ ᠤᠮᠠᠷᠠᠲᠤ ᠶᠢᠨ ᠵᠠᠰᠠᠭ ᠤᠨ ᠣᠷᠳᠣᠨ ᠠᠴᠠ ᠮᠣᠩᠭᠤᠯ ᠦᠨᠳᠦᠰᠦᠲᠡᠨ᠂ ᠲᠥᠪᠡᠳ ᠦᠨᠳᠦᠰᠦᠲᠡᠨ ᠵᠡᠷᠭᠡ ᠴᠥᠭᠡᠨ ᠲᠣᠭᠠᠲᠤ ᠦᠨᠳᠦᠰᠦᠲᠡᠨ ᠤ ᠦᠷ᠎ᠡ ᠬᠡᠦᠬᠡᠳ ᠤᠳ ᠲᠤ ᠪᠠᠶᠢᠭᠤᠯᠵᠤ ᠥᠭᠭᠦᠭᠰᠡᠨ ᠦᠨᠳᠦᠰᠦᠲᠡᠨ ᠤ ᠳᠤᠮᠳᠠᠳᠤ ᠰᠤᠷᠭᠠᠭᠤᠯᠢ ᠪᠣᠯᠤᠨ᠎ᠠ᠂ 1918 ᠣᠨ ᠠᠴᠠ ᠡᠬᠢᠯᠡᠨ ᠲᠤᠰᠬᠠᠢ ᠮᠡᠷᠭᠡᠵᠢᠯ ᠤᠨ ᠰᠤᠷᠤᠭᠴᠢ ᠡᠯᠰᠡᠵᠦ᠂ ᠪᠡᠭᠡᠵᠢᠩ ᠤᠨ ᠮᠣᠩᠭᠤᠯ ᠲᠥᠪᠡᠳ ᠤᠨ ᠰᠤᠷᠭᠠᠭᠤᠯᠢ ᠭᠡᠵᠦ ᠥᠭᠡᠷᠡᠴᠢᠯᠡᠪᠡ᠃ ᠲᠠᠪᠤᠨ ᠰᠠᠷ᠎ᠠ ᠶᠢᠨ ᠳᠥᠷᠪᠡᠨ ᠤ ᠬᠥᠳᠡᠯᠭᠡᠭᠡᠨ ᠤ ᠳᠠᠷᠠᠭ᠎ᠠ᠂ ᠰᠤᠷᠭᠠᠭᠤᠯᠢ ᠨᠢᠭᠡ ᠦᠶ᠎ᠡ ᠵᠠᠷᠤᠳᠠᠯ ᠮᠦᠩᠬᠦ ᠶᠢᠨ ᠬᠦᠴᠢᠷᠳᠡᠯ  ᠠᠴᠠ ᠪᠣᠯᠵᠤ ᠰᠤᠷᠤᠭᠴᠢ ᠡᠯᠰᠡᠬᠦ ᠪᠠᠨ ᠵᠣᠭᠰᠣᠪᠠ᠃       1923 ᠣᠨ ᠠᠴᠠ ᠮᠣᠩᠭᠤᠯ ᠲᠥᠪᠡᠳ ᠤᠨ ᠰᠤᠷᠭᠠᠭᠤᠯᠢ ᠳᠠᠬᠢᠨᠲᠠ ᠰᠤᠷᠤᠭᠴᠢ ᠡᠯᠰᠡᠵᠦ ᠡᠬᠢᠯᠡᠪᠡ᠃ ᠮᠣᠩᠭᠤᠯ ᠦᠨᠳᠦᠰᠦᠲᠡᠨ ᠤ ᠠᠩᠬᠠᠳᠠᠭᠴᠢ ᠡᠪ ᠬᠠᠮᠲᠤ ᠨᠠᠮ ᠤᠨ ᠭᠡᠰᠢᠭᠦᠨ ᠷᠦᠩ ᠶᠣᠣ ᠰᠢᠶᠠᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ ᠤ ᠨᠠᠮ ᠤᠨ ᠬᠤᠷᠢᠶᠠᠨ ᠤ ᠵᠢᠭᠠᠪᠤᠷᠢ ᠵᠢᠴᠢ ᠰᠤᠷᠭᠠᠭᠤᠯᠢ ᠶᠢᠨ ᠲᠠᠯ᠎ᠠ ᠶᠢᠨ ᠨᠠᠶᠢᠳᠠᠯᠭ᠎ᠠ ᠪᠠᠷ᠂ ᠲᠤᠰ ᠰᠤᠷᠭᠠᠭᠤᠯᠢ ᠳᠤ ᠰᠤᠷᠤᠯᠴᠠᠵᠤ ᠪᠠᠶᠢᠭᠰᠠᠨ ᠬᠠᠭᠤᠴᠢᠨ ᠰᠤᠷᠤᠭᠴᠢ ᠶᠢᠨ ᠬᠤᠪᠢ ᠪᠠᠷ ᠬᠦᠢᠰᠦ᠋ᠢ ᠣᠷᠣᠨ  ᠳᠠᠬᠢ ᠬᠦᠰᠡᠯ ᠵᠣᠷᠢᠯᠲᠠ ᠲᠠᠢ ᠮᠣᠩᠭᠤᠯ ᠦᠨᠳᠦᠰᠦᠲᠡᠨ ᠤ ᠵᠠᠯᠠᠭᠤᠴᠤᠳ ᠢ ᠳᠠᠶᠢᠴᠢᠯᠠᠨ ᠮᠣᠩᠭᠤᠯ ᠲᠥᠪᠡᠳ ᠤᠨ ᠰᠤᠷᠭᠠᠭᠤᠯᠢ ᠳᠤ ᠣᠴᠢᠭᠤᠯᠵᠤ ᠰᠤᠷᠤᠯᠴᠠᠭᠤᠯᠪᠠ᠃ ᠲᠡᠭᠦᠨ ᠤ ᠲᠠᠶᠢᠴᠢᠯᠠᠯ ᠳᠣᠣᠷ᠎ᠠ᠂ ᠵᠠᠶᠠᠭᠠᠲᠠᠢ᠂ ᠯᠢ ᠢᠤᠢ ᡁᠢ᠂ ᠮᠧᠩ ᠴᠦᠨ᠂ ᠳ᠋ᠦᠸᠧ ᠰᠦᠩ ᠨᠢᠶᠠᠨ᠂ ᠤᠯᠠᠭᠠᠨᠬᠦᠦ᠂ ᠺᠦᠢ ᠪᠢ᠂ ᠹᠦᠸᠧ ᠳ᠋ᠢᠩ᠂ ᠵᠠᠯᠭᠠᠨ ᠵᠡᠷᠭᠡ ᠦᠨᠳᠦᠰᠦᠲᠡᠨ ᠤ ᠬᠥᠭᠵᠢᠯ ᠮᠠᠨᠳᠤᠯ ᠢ ᠬᠥᠭᠡᠭᠡᠴᠡᠯᠳᠦᠭᠰᠡᠨ 30 ᠭᠠᠷᠤᠢ ᠬᠠᠯᠠᠭᠤᠨ ᠰᠡᠳᠬᠢᠯᠲᠦ ᠵᠠᠯᠠᠭᠤᠴᠤᠳ ᠠᠯᠤᠰ ᠬᠤᠯᠠ ᠶᠢᠨ ᠥᠪᠥᠷ ᠮᠣᠩᠭᠤᠯ ᠠᠴᠠ ᠪᠡᠭᠡᠵᠢᠩ ᠳᠤ ᠬᠦᠷᠴᠦ ᠢᠷᠡᠪᠡ᠃       ᠮᠣᠩᠭᠤᠯ ᠲᠥᠪᠡᠳ ᠤᠨ ᠰᠤᠷᠭᠠᠭᠤᠯᠢ ᠳᠤ ᠢᠷᠡᠭᠰᠡᠨ ᠡᠳᠡᠭᠡᠷ ᠮᠣᠩᠭᠤᠯ ᠵᠠᠯᠠᠭᠤ ᠰᠤᠷᠤᠭᠴᠢᠳ ᠰᠤᠷᠤᠯᠴᠠᠬᠤ ᠲᠣᠬᠢᠶᠠᠯ ᠢᠶᠠᠨ ᠮᠠᠰᠢ ᠨᠠᠨᠳᠢᠩᠨᠠᠵᠤ᠂ ᠨᠠᠷᠢᠨ ᠬᠢᠨᠠᠮᠠᠭᠠᠶ ᠬᠠᠲᠠᠭᠤᠵᠢᠯᠲᠠᠶ ᠰᠤᠷᠤᠯᠴᠠᠳᠠᠭ᠃ ᠤᠮᠠᠷᠠᠲᠤ ᠶᠢᠨ ᠵᠠᠰᠠᠭ ᠤᠨ ᠣᠷᠳᠣᠨ ᠪᠠ ᠰᠤᠷᠭᠠᠭᠤᠯᠢ ᠶᠢᠨ ᠲᠠᠯ᠎ᠠ ᠠᠴᠠ ᠳᠠᠪᠰᠢᠩᠭᠤᠢ ᠰᠤᠷᠤᠭᠴᠢᠳ ᠢ ᠬᠢᠵᠠᠭᠠᠷᠯᠠᠭᠰᠠᠨ ᠶᠠᠪᠤᠳᠠᠯ ᠳᠤ ᠳᠤᠷ᠎ᠠ ᠦᠭᠡᠶᠢᠴᠡᠭᠰᠡᠨ ᠠᠴᠠ ᠪᠤᠯᠵᠦ᠂ ᠳᠡᠳᠡ ᠵᠠᠯᠭᠠᠭ᠎ᠠ ᠪᠠᠷ ᠬᠡᠳᠦᠨ ᠤᠳᠠᠭᠠᠨ ᠤ ᠰᠤᠷᠤᠭᠴᠢᠳ ᠤᠨ ᠬᠥᠳᠡᠯᠭᠡᠭᠡᠨ ᠢ ᠡᠭᠦᠰᠬᠡᠪᠡ᠃       ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠮᠠᠭᠴᠠ ᠪᠠᠨ ᠦᠨᠳᠦᠰᠦᠲᠡᠨ ᠤ ᠭᠠᠵᠠᠷ ᠣᠷᠣᠨ ᠳᠤ ᠬᠤᠪᠢᠰᠬᠠᠯ ᠤᠨ ᠠᠵᠢᠯ ᠢ ᠥᠷᠨᠢᠭᠦᠯᠬᠦ ᠶᠢ ᠮᠠᠰᠢ ᠴᠢᠬᠤᠯᠠᠴᠢᠯᠠᠭᠰᠠᠭᠠᠷ ᠢᠷᠡᠵᠡᠢ᠃ ᠲᠤᠬᠠᠢ ᠶᠢᠨ ᠦᠶ᠎ᠡ ᠳᠤ᠂ ᠥᠪᠥᠷ ᠮᠣᠩᠭᠤᠯ ᠤᠨ ᠥᠷᠭᠡᠨ ᠠᠭᠤᠳᠠᠮ ᠮᠠᠯᠵᠢᠬᠤ ᠳᠠᠷᠢᠶᠠᠯᠠᠬᠤ ᠣᠷᠣᠨ ᠳᠤ ᠮᠠᠯᠴᠢᠨ ᠲᠠᠷᠢᠶᠠᠴᠢᠨ ᠤ ᠡᠰᠡᠷᠭᠦᠴᠡᠯ ᠲᠡᠮᠡᠴᠡᠯ ᠲᠠᠰᠤᠷᠠᠯᠳᠠ ᠦᠭᠡᠢ ᠡᠭᠦᠰᠴᠦ ᠪᠠᠶᠢᠪᠠ᠃ ᠥᠪᠥᠷ ᠮᠣᠩᠭᠤᠯ ᠣᠷᠣᠨ ᠤ ᠦᠨᠳᠦᠰᠦᠲᠡᠨ ᠤ ᠴᠢᠯᠥᠭᠡᠯᠡᠯᠲᠡ ᠶᠢᠨ ᠬᠥᠳᠡᠯᠭᠡᠭᠡᠨ ᠢ ᠵᠥᠪ ᠵᠠᠮ ᠳᠤ ᠬᠦᠳᠦᠯᠤᠨ ᠣᠷᠣᠭᠤᠯᠬᠤ ᠳᠤ ᠡᠷᠬᠡᠪᠰᠢ ᠡᠪ ᠬᠠᠮᠲᠤ ᠶᠣᠰᠣ ᠶᠢ ᠪᠠᠷᠢᠮᠲᠠᠯᠠᠳᠠᠭ ᠨᠢᠭᠡ ᠪᠦᠯᠦᠭ ᠺᠠᠳ᠋ᠷ ᠪᠠᠶᠢᠬᠤ ᠬᠡᠷᠡᠭᠲᠡᠢ᠃       ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ ᠤ ᠨᠠᠮ ᠤᠨ ᠬᠤᠷᠢᠶᠠᠨ ᠤ ᠬᠠᠷᠢᠭᠤᠴᠠᠯᠭᠠᠲᠠᠨ ᠯᠢ ᠳ᠋ᠡ ᠵᠤᠤ ᠮᠣᠩᠭᠤᠯ ᠲᠥᠪᠡᠳ ᠤᠨ ᠰᠤᠷᠭᠠᠭᠤᠯᠢ ᠶᠢᠨ ᠰᠤᠷᠤᠭᠴᠢᠳ ᠪᠣᠯ ᠬᠥᠮᠦᠵᠢᠭᠦᠯᠵᠦ ᠪᠣᠯᠬᠤ ᠬᠦᠴᠦᠨ ᠪᠣᠯᠬᠤ ᠭᠡᠳᠡᠭ ᠢ ᠰᠡᠷᠭᠡᠭ ᠢᠶᠠᠷ ᠣᠯᠵᠤ ᠮᠡᠳᠡᠪᠠ᠃ ᠲᠡᠷᠡ ᠪᠡᠶ᠎ᠡ ᠪᠠᠷ ᠢᠶᠠᠨ ᠮᠣᠩᠭᠤᠯ ᠲᠥᠪᠡᠳ ᠤᠨ ᠰᠤᠷᠭᠠᠭᠤᠯᠢ ᠳᠤ ᠬᠦᠷᠴᠦ ᠰᠤᠷᠤᠭᠴᠢᠳ ᠲᠠᠢ ᠰᠡᠳᠬᠢᠯ ᠰᠠᠨᠠᠭ᠎ᠠ ᠪᠠᠨ ᠰᠤᠯᠢᠯᠴᠠᠵᠤ᠂ ᠤᠮᠠᠷᠠᠲᠤ ᠶᠢᠨ ᠵᠠᠰᠠᠭ ᠤᠨ ᠣᠷᠳᠣᠨ ᠤ ᠤᠯᠠᠨ ᠲᠦᠮᠡᠨ ᠢ ᠬᠢᠬᠠᠨ ᠳᠠᠷᠤᠯᠠᠵᠤ ᠪᠠᠶᠢᠭ᠎ᠠ ᠪᠠᠶᠢᠳᠠᠯ ᠢ ᠣᠶᠢᠯᠠᠭᠠᠵᠤ᠂ ᠰᠤᠷᠤᠭᠴᠢᠳ ᠲᠤ ᠬᠤᠪᠢᠰᠬᠠᠯᠲᠤ ᠰᠡᠬᠡᠭᠡᠷᠡᠭᠦᠯᠬᠦ ᠬᠥᠮᠦᠵᠢᠯ ᠬᠢᠵᠦ᠂ ᠰᠤᠷᠤᠭᠴᠢᠳ ᠢ ᠤᠯᠤᠰ ᠢᠶᠠᠨ ᠠᠪᠤᠷᠠᠬᠤ ᠪᠠ ᠦᠨᠳᠦᠰᠦᠲᠡᠨ ᠤ ᠴᠢᠯᠥᠭᠡᠯᠡᠯᠲᠡ ᠶᠢᠨ ᠵᠦᠪ ᠵᠠᠮ ᠢ ᠡᠷᠢᠬᠦ ᠶᠢ ᠵᠣᠷᠢᠭᠵᠢᠭᠤᠯᠪᠠ᠃ ᠲᠡᠷᠡ ᠪᠠᠰᠠ ᠳ᠋ᠧᠩ ᠵᠦᠩ ᠰᠢᠶᠠ᠂ ᠵᠤᠤ ᠱᠢ ᠶᠠᠨ᠂ ᠵᠤ᠋ ᠡᠦ ᠱᠠᠨ ᠵᠡᠷᠭᠡ ᠬᠥᠮᠦᠰ ᠢ ᠲᠣᠮᠢᠯᠠᠨ ᠮᠣᠩᠭᠤᠯ ᠲᠥᠪᠡᠳ ᠤᠨ ᠰᠤᠷᠭᠠᠭᠤᠯᠢ ᠳᠤ ᠣᠴᠢᠭᠤᠯᠵᠤ᠂ ᠨᠣᠮ ᠤᠩᠰᠢᠬᠤ ᠬᠤᠷᠠᠯ᠂ ᠶᠠᠷᠢᠯᠴᠠᠬᠤ ᠬᠤᠷᠠᠯ ᠵᠡᠷᠭᠡ ᠬᠡᠯᠪᠡᠷᠢ ᠪᠠᠷ ᠵᠠᠯᠠᠭᠤ ᠰᠤᠷᠤᠭᠴᠢᠳ ᠢ ᠵᠣᠬᠢᠶᠠᠨ ᠪᠠᠶᠢᠭᠤᠯᠤᠨ ᠮᠠᠷᠺᠰ ᠤᠨ ᠦᠵᠡᠯ ᠢ ᠰᠤᠷᠤᠯᠴᠠᠭᠤᠯᠪᠠ᠃      ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ ᠤ ᠨᠠᠮ ᠤᠨ ᠬᠤᠷᠢᠶ᠎ᠠ ᠶᠢᠨ ᠬᠥᠮᠦᠵᠢᠭᠦᠯᠦᠯ ᠪᠠ ᠵᠣᠬᠢᠶᠠᠨ ᠪᠠᠶᠢᠭᠤᠯᠤᠯᠲᠠ ᠶᠢᠨ ᠳᠣᠣᠷ᠎ᠠ᠂ ᠳ᠋ᠦᠸᠧ ᠰᠦᠩ ᠨᠢᠶᠠᠨ᠂ ᠤᠯᠠᠭᠠᠨᠬᠦᠦ᠂ ᠺᠦᠢ ᠪᠢ ᠵᠡᠷᠭᠡ ᠮᠣᠩᠭᠤᠯ ᠦᠨᠳᠦᠰᠦᠲᠡᠨ ᠤ ᠳᠠᠪᠰᠢᠩᠭᠤᠢ ᠰᠤᠷᠤᠭᠴᠢᠳ ᠳᠤᠮᠳᠠᠳᠤ ᠤᠯᠤᠰ ᠤᠨ ᠨᠡᠶᠢᠭᠡᠮ ᠵᠢᠷᠤᠮᠲᠤ ᠵᠠᠯᠠᠭᠤᠴᠤᠳ ᠤᠨ ᠡᠪᠯᠡᠯ ︵ᠡᠪ ᠬᠠᠮᠲᠤ ᠵᠠᠯᠠᠭᠤᠴᠤᠳ ᠤᠨ ᠡᠪᠯᠡᠯ ᠤᠨ ᠤᠤᠯ ᠤᠨ ᠨᠡᠷᠡᠶᠢᠳᠦᠯ︶ ᠳᠤ ᠣᠷᠣᠬᠤ ᠪᠠᠷ ᠭᠤᠶᠤᠴᠢᠯᠠᠵᠤ᠂ ᠮᠣᠩᠭᠤᠯ ᠦᠨᠳᠦᠰᠦᠲᠡᠨ ᠤ ᠠᠩᠬᠠᠳᠠᠭᠴᠢ ᠡᠪᠯᠡᠯ ᠤᠨ ᠡᠭᠦᠷ ᠢ ᠪᠠᠶᠢᠭᠤᠯᠪᠠ᠃ ᠡᠪᠯᠡᠯ ᠤᠨ ᠭᠡᠰᠢᠭᠦᠳ ᠮᠠᠷᠺᠰ ᠯᠧᠨᠢᠨ ᠤ ᠦᠵᠡᠯ ᠢ ᠰᠤᠳᠤᠯᠬᠤ ᠳᠤᠭᠤᠶᠢᠯᠠᠩ ᠳᠤ ᠣᠷᠣᠵᠤ᠂ ︽ᠡᠪ ᠬᠠᠮᠲᠤ ᠨᠠᠮ  ᠤᠨ ᠲᠤᠩᠬᠠᠭ︾᠂ ︽ᠯᠧᠨᠢᠨ ᠤ ᠦᠵᠡᠯ ᠤᠨ ᠰᠠᠭᠤᠷᠢ︾ ᠵᠡᠷᠭᠡ ᠵᠣᠬᠢᠶᠠᠯ ᠢ ᠰᠤᠷᠤᠯᠴᠠᠵᠤ᠂ ᠬᠤᠪᠢᠰᠬᠠᠯ ᠤᠨ ᠢᠲᠡᠭᠡᠯ ᠪᠢᠰᠢᠷᠡᠯ ᠢᠶᠠᠨ ᠪᠠᠲᠤᠳᠬᠠᠪᠠ᠃       1924 ᠣᠨ ᠤ ᠳᠣᠣᠷ᠎ᠠ ᠬᠠᠭᠠᠰ ᠵᠢᠯ ᠠᠴᠠ ᠡᠬᠢᠯᠡᠵᠦ᠂ ᠳ᠋ᠥ᠋ᠸᠧ ᠰᠦᠩ ᠨᠢᠶᠠᠨ᠂ ᠤᠯᠠᠭᠠᠨᠬᠦᠦ᠂ ᠯᠢ ᠢᠤᠢ ᡁᠢ᠂ ᠺᠦᠢ ᠪᠢ᠂ ᠵᠠᠶᠠᠭᠠᠲᠠᠶ᠂ ᠹᠦᠸᠧ ᠳ᠋ᠢᠩ᠂ ᠵᠣᠣ ᠴᠧᠩ᠂ ᠮᠧᠩ ᠴᠦᠨ᠂ ᠵᠦ ᠱᠢ ᠹᠦ᠋᠂ ᠶᠦᠨ ᠷᠦᠨ᠂ ᠶᠦᠨ ᠯᠢᠨ᠂ ᠭᠤᠮᠪᠣᠵᠠᠪ ᠵᠡᠷᠭᠡ ᠬᠥᠮᠦᠰ ᠵᠠᠯᠭᠠᠭ᠎ᠠ ᠪᠠᠷ ᠳᠤᠮᠳᠠᠳᠤ ᠤᠯᠤᠰ ᠤᠨ ᠡᠪ ᠬᠠᠮᠲᠤ ᠨᠠᠮ ᠳᠤ ᠡᠯᠰᠡᠭᠳᠡᠭᠰᠡᠨ ᠪᠥᠭᠡᠳ ᠳᠤᠮᠳᠠᠳᠤ ᠤᠯᠤᠰ ᠤᠨ ᠡᠪ ᠬᠠᠮᠲᠤ ᠨᠠᠮ ᠤᠨ ᠮᠣᠩᠭᠤᠯ ᠲᠥᠪᠡᠳ ᠤᠨ ᠰᠤᠷᠭᠠᠭᠤᠯᠢ ᠶᠢᠨ ᠨᠠᠮ ᠤᠨ ᠡᠭᠦᠷ ᠢ ᠪᠠᠶᠢᠭᠤᠯᠪᠠ᠃       ᠡᠪ ᠬᠠᠮᠲᠤ ᠨᠠᠮ ᠤᠨ ᠭᠡᠰᠢᠭᠦᠨ ᠪᠣᠯᠤᠨ ᠡᠪ ᠬᠠᠮᠲᠤ ᠵᠠᠯᠠᠭᠤᠴᠤᠳ ᠤᠨ ᠡᠪᠯᠡᠯ ᠤᠨ ᠭᠡᠰᠢᠭᠦᠨ ᠲᠠᠰᠤᠷᠠᠯᠲᠠ ᠦᠭᠡᠢ ᠣᠷᠣᠯᠴᠠᠬᠤ ᠶᠢ ᠳᠠᠭᠠᠯᠳᠤᠵᠤ᠂ ᠮᠣᠩᠭᠤᠯ ᠦᠨᠳᠦᠰᠦᠲᠡᠨ ᠤ ᠦᠨᠳᠦᠰᠦᠲᠡᠨ ᠤ ᠳᠠᠷᠤᠯᠠᠯ ᠢ ᠡᠰᠡᠷᠭᠦᠴᠡᠬᠦ ᠲᠡᠮᠡᠴᠡᠯ ᠠᠶᠠᠨᠳᠠᠭᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠳᠣᠣᠷᠠᠬᠢ ᠵᠣᠬᠢᠶᠠᠨ ᠪᠠᠶᠢᠭᠤᠯᠤᠯᠲᠠ ᠲᠠᠢ ᠦᠨᠳᠦᠰᠦᠲᠡᠨ ᠤ ᠴᠢᠯᠥᠭᠡᠯᠡᠯᠲᠡ ᠶᠢᠨ ᠵᠠᠮ ᠢᠶᠠᠷ ᠵᠠᠮᠨᠠᠪᠠ᠃ ᠨᠠᠮ ᠤᠨ ᠦᠨᠳᠦᠰᠦᠲᠡᠨ ᠤ ᠨᠢᠭᠡ ᠪᠦᠯᠦᠭ ᠰᠢᠯᠢᠳᠡᠭ ᠺᠠᠳ᠋ᠷ ᠦᠳᠲᠡᠷ ᠲᠦᠷᠭᠡᠨ ᠦᠰᠦᠨ ᠬᠦᠮᠦᠵᠢᠭᠳᠡᠪᠠ᠃       ᠨᠠᠮ ᠤᠨ ᠤᠳᠤᠷᠢᠳᠤᠯᠭ᠎ᠠ ᠳᠣᠣᠷ᠎ᠠ᠂ ᠮᠣᠩᠭᠤᠯ ᠲᠥᠪᠡᠳ ᠤᠨ ᠰᠤᠷᠭᠠᠭᠤᠯᠢ ᠶᠢᠨ ᠰᠤᠷᠤᠭᠴᠢᠳ ᠪᠡᠭᠡᠵᠢᠩ ᠤᠨ ᠬᠤᠪᠢᠰᠬᠠᠯᠲᠤ ᠲᠡᠮᠡᠴᠡᠯ ᠳᠤᠮᠳᠠᠬᠢ ᠨᠢᠭᠡᠨ ᠰᠠᠯᠠᠭ᠎ᠠ ᠴᠢᠬᠤᠯᠠ ᠬᠦᠴᠦᠨ ᠪᠤᠯᠵᠠᠢ᠃ ᠰᠤᠷᠤᠭᠴᠢᠳ ︽ ᠶᠢᠨ ᠬᠠᠨ︾ ᠲᠡᠮᠤᠷ ᠵᠠᠮ ᠤᠨ ᠶᠡᠭᠡ ᠠᠵᠢᠯ ᠬᠠᠶᠠᠯᠲᠠ ᠶᠢᠨ ᠨᠢᠭᠡ ᠵᠢᠯ ᠤᠨ ᠤᠢ ᠶᠢ ᠳᠤᠷᠠᠰᠬᠠᠬᠤ᠂ ᠯᠧᠨᠢᠨ ᠤ ᠨᠠᠰᠤ ᠪᠠᠷᠠᠭᠰᠠᠨ ᠨᠢᠭᠡ ᠵᠢᠯ ᠤᠨ ᠤᠢ ᠶᠢ ᠳᠤᠷᠠᠰᠬᠠᠬᠤ᠂ ᠯᠢ ᠳ᠋ᠡ ᠵᠤᠤ ᠵᠦᠪᠯᠡᠯᠳᠤ ᠬᠤᠯᠪᠣᠭᠠᠲᠤ ᠤᠯᠤᠰ ᠠᠴᠠ ᠪᠤᠴᠠᠵᠤ ᠢᠷᠡᠭᠰᠡᠨ ᠤ ᠳᠠᠷᠠᠭᠠᠬᠢ ᠮᠡᠳᠡᠭᠦᠯᠦᠯᠲᠡ ᠶᠢᠨ ᠬᠤᠷᠠᠯ ᠵᠡᠷᠭᠡ ᠬᠤᠪᠢᠰᠬᠠᠯᠲᠤ ᠠᠵᠢᠯᠯᠠᠭ᠎ᠠ ᠳᠤ ᠣᠷᠣᠯᠴᠠᠪᠠ᠃ 1925 ᠣᠨ ᠤ 3 ᠳ᠋ᠤᠭᠠᠷ ᠰᠠᠷ᠎ᠠ ᠳᠤ ᠺᠦᠢ ᠪᠢ᠂ ᠵᠠᠶᠠᠭᠠᠲᠠᠶ ᠨᠠᠷ ᠰᠦᠢᠶᠤᠸᠠᠨ ᠤ ᠢᠷᠭᠡᠨ ᠤ ᠬᠤᠷᠠᠯ ᠢ ᠠᠬᠢᠭᠤᠯᠬᠤ ᠬᠤᠷᠠᠯ ᠤᠨ ᠲᠥᠯᠥᠭᠡᠯᠡᠭᠴᠢ ᠶᠢᠨ ᠬᠤᠪᠢ ᠪᠠᠷ ᠪᠡᠭᠡᠵᠢᠩ ᠳᠤ ᠬᠤᠷᠠᠯᠳᠤᠭᠤᠯᠤᠭᠰᠠᠨ ᠢᠷᠭᠡᠨ ᠤ ᠬᠤᠷᠠᠯ ᠢ ᠠᠬᠢᠭᠤᠯᠬᠤ ᠬᠤᠷᠠᠯ ᠤᠨ ᠪᠦᠬᠦ ᠤᠯᠤᠰ ᠤᠨ ᠲᠥᠯᠥᠭᠡᠯᠡᠭᠴᠢᠳ ᠤᠨ ᠶᠡᠭᠡ ᠬᠤᠷᠠᠯ ᠳᠤ ᠣᠷᠣᠯᠴᠠᠪᠠ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ ᠤ ᠨᠠᠮ ᠤᠨ ᠬᠤᠷᠢᠶᠠᠨ ᠤ ᠤᠳᠤᠷᠢᠳᠤᠯᠭ᠎ᠠ ᠪᠣᠯᠤᠨ ᠯᠢ ᠳ᠋ᠡ ᠵᠤᠤ ᠶᠢᠨ ᠵᠢᠯᠤᠭᠤᠳᠤᠯᠭ᠎ᠠ ᠳᠣᠣᠷ᠎ᠠ᠂ 1925 ᠣᠨ ᠳᠤ ᠳ᠋ᠦᠸᠧ ᠰᠦᠩ ᠨᠢᠶᠠᠨ᠂ ᠤᠯᠠᠭᠠᠨᠬᠦᠦ᠂ ᠺᠦᠢ ᠪᠢ ᠨᠡᠷ ᠥᠪᠥᠷ ᠮᠣᠩᠭᠤᠯ ᠤᠨ ᠬᠠᠮᠤᠭ ᠤᠨ ᠡᠷᠲᠡᠨ ᠤ ᠬᠤᠪᠢᠰᠬᠠᠯᠲᠤ ᠰᠡᠳᠬᠦᠯ ︽ᠮᠣᠩᠭᠤᠯ ᠲᠠᠷᠢᠶᠠᠴᠢᠨ︾ ᠢ ᠡᠬᠦᠰᠬᠡᠨ ᠨᠠᠶᠢᠷᠠᠭᠤᠯᠵᠤ᠂ ᠥᠪᠥᠷ ᠮᠣᠩᠭᠤᠯ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠵᠡᠷᠬᠡᠭ ᠲᠦᠷᠢᠮᠡᠭᠡᠶᠢᠳᠡᠨ ᠢ ᠡᠰᠡᠷᠭᠦᠴᠡᠬᠦ ᠹᠸᠤᠳᠠᠯ ᠢ ᠡᠰᠡᠷᠭᠦᠴᠡᠬᠦ ᠠᠷᠠᠳᠴᠢᠯᠠᠭᠰᠠᠨ ᠬᠤᠪᠢᠰᠬᠠᠯ ᠤᠨ ᠬᠥᠲᠥᠯᠪᠦᠷᠢ ᠶᠢ ᠤᠬᠠᠭᠤᠯᠪᠠ᠃      ᠰᠢᠷᠭᠠᠭᠤ ᠬᠠᠲᠠᠭᠤᠵᠢᠯᠲᠠᠢ ᠬᠤᠪᠢᠰᠬᠠᠯᠲᠤ ᠲᠡᠮᠡᠴᠡᠯ ᠤᠨ ᠳᠤᠮᠳᠠ᠂ ᠥᠪᠥᠷ ᠮᠣᠩᠭᠤᠯ ᠤᠨ ᠵᠠᠷᠢᠮ ᠡᠷᠲᠡ ᠦᠶ᠎ᠡ ᠶᠢᠨ ᠡᠪ ᠬᠠᠮᠲᠤ ᠨᠠᠮ ᠤᠨ ᠭᠡᠰᠢᠭᠦᠳ ᠠᠭᠠᠵᠢᠮ ᠢᠶᠠᠷ ᠬᠤᠪᠢᠰᠬᠠᠯ ᠤᠨ ᠲᠤᠯᠭᠠᠭᠤᠷᠢ ᠬᠦᠴᠦᠨ ᠪᠤᠯᠵᠤ ᠬᠦᠮᠦᠵᠢᠭᠳᠡᠪᠠ᠃ ᠲᠡᠳᠡ ᠬᠦᠴᠢᠷ ᠪᠡᠷᠬᠡᠰᠢᠶᠡᠯ ᠠᠴᠠ ᠠᠶᠤᠬᠤ ᠦᠭᠡᠢ᠂ ᠦᠷᠡᠭᠳᠡᠬᠦ ᠠᠴᠠ ᠠᠶᠤᠬᠤ ᠦᠭᠡᠢ ᠪᠠᠷ ᠵᠠᠯᠠᠭᠤ ᠨᠠᠰᠤ ᠪᠠ ᠬᠠᠯᠠᠭᠤᠨ ᠴᠢᠰᠤ ᠪᠠᠷ ᠢᠶᠠᠨ ᠲᠦᠭ ᠲᠦᠮᠡᠨ ᠠᠷᠠᠳ ᠤᠯᠠᠨ ᠢ ᠰᠡᠬᠡᠭᠡᠷᠡᠭᠦᠯᠦᠭᠰᠡᠨ ᠶᠤᠮ᠃ 1924 ᠣᠨ ᠳᠤ᠂ ᠨᠠᠮ ᠤᠨ ᠵᠢᠭᠠᠪᠤᠷᠢ  ᠪᠠᠷ᠂ ᠷᠦᠩ ᠶᠣᠣ ᠰᠢᠶᠠᠨ ᠬᠤᠸᠠᠩᠫᠦ᠋ ᠶᠢᠨ ᠴᠡᠷᠢᠭ ᠤᠨ ᠰᠤᠷᠭᠠᠭᠤᠯᠢ ᠳᠤ ᠰᠤᠷᠤᠯᠴᠠᠵᠤ᠂ ᠰᠡᠭᠦᠯᠡᠷ ᠨᠢ ᠤᠮᠠᠷᠠᠰᠢ ᠳᠠᠶᠢᠯᠠᠬᠤ ᠳᠤ ᠣᠷᠣᠯᠴᠠᠵᠤ᠂ ᠪᠠᠶᠢᠯᠳᠤᠭᠠᠨ ᠤ ᠳᠤᠮᠳᠠ ᠪᠠᠭᠠᠲᠤᠷᠯᠢᠭ ᠢᠶᠠᠷ ᠪᠡᠶ᠎ᠡ ᠦᠷᠡᠭᠳᠡᠪᠡ᠂ ᠲᠤᠬᠠᠢ ᠶᠢᠨ ᠦᠶ᠎ᠠ ᠳᠤ ᠲᠡᠷᠡ ᠰᠠᠶ᠋ᠢ 32 ᠨᠠᠰᠤᠲᠠᠢ ᠪᠠᠶᠢᠯ᠎ᠠ᠃ 1925 ᠣᠨ ᠳᠤ᠂ ᠳ᠋ᠦᠸᠧ ᠰᠦᠩ ᠨᠢᠶᠠᠨ᠂ ᠤᠯᠠᠭᠠᠨᠬᠦᠦ ᠨᠡᠷ ᠨᠠᠮ ᠤᠨ ᠵᠣᠬᠢᠶᠠᠨ ᠪᠠᠶᠢᠭᠤᠯᠤᠯᠲᠠ ᠶᠢᠨ ᠲᠣᠮᠢᠯᠠᠯᠲᠠ ᠪᠠᠷ ᠮᠣᠰᠺᠸᠠ ᠶᠢᠨ ᠵᠦᠩᠱᠠᠨ ᠶᠡᠭᠡ ᠰᠤᠷᠭᠠᠭᠤᠯᠢ ᠳᠤ ᠰᠤᠷᠤᠯᠴᠠᠪᠠ᠃ ᠳ᠋ᠦᠸᠧ ᠰᠦᠩ ᠨᠢᠶᠠᠨ ᠤᠯᠤᠰ ᠲᠤ ᠪᠠᠨ ᠪᠤᠴᠠᠭᠰᠠᠨ ᠤ ᠲᠠᠷᠠᠭ᠎ᠠ ᠴᠠᠬᠠᠷ ᠣᠷᠣᠨ ᠤ ᠬᠤᠪᠢᠰᠬᠠᠯᠲᠤ ᠲᠡᠮᠡᠴᠡᠯ ᠢ ᠤᠳᠤᠷᠢᠳᠴᠤ᠂ 1927 ᠣᠨ ᠤ 8 ᠳ᠋ᠤᠭᠠᠷ ᠰᠠᠷ᠎ᠠ ᠳᠤ ᠮᠦᠭᠳᠡᠨ  ᠤ ᠴᠡᠷᠢᠭ ᠤᠨ ᠡᠷᠬᠡᠲᠡᠨ ᠳᠤ ᠪᠠᠷᠢᠪᠴᠢᠯᠠᠭᠳᠠᠵᠤ᠂ ᠪᠠᠭᠠᠲᠤᠷᠯᠢᠭ ᠢᠶᠠᠷ ᠪᠡᠶ᠎ᠡ ᠦᠷᠡᠭᠳᠡᠪᠡ᠃ 1929 ᠣᠨ ᠳᠤ᠂ ᠤᠯᠠᠭᠠᠨᠬᠦᠦ ᠨᠢᠭᠤᠴᠠ ᠪᠠᠷ ᠤᠯᠤᠰ ᠲᠤ ᠪᠠᠨ ᠪᠤᠴᠠᠭᠰᠠᠨ ᠤ ᠲᠠᠷᠠᠭ᠎ᠠ᠂ ᠥᠪᠥᠷ ᠮᠣᠩᠭᠤᠯ ᠤᠨ ᠪᠠᠷᠠᠭᠤᠨ ᠭᠡᠰᠡᠭ ᠤᠨ ᠭᠠᠵᠠᠷ ᠣᠷᠣᠨ ᠳᠤ ᠤᠷᠳᠤ ᠬᠤᠭᠤᠴᠠᠭ᠎ᠠ ᠪᠠᠷ ᠨᠢᠭᠤᠴᠠ ᠠᠵᠢᠯ ᠥᠷᠨᠢᠭᠦᠯᠵᠦ᠂ ᠥᠪᠥᠷ ᠮᠣᠩᠭᠤᠯ ᠤᠨ ᠠᠷᠠᠳ ᠤᠨ ᠵᠡᠪᠰᠡᠭᠲᠦ ᠬᠦᠴᠦᠨ ᠤ ᠶᠠᠫᠣᠨ ᠢ ᠡᠰᠡᠷᠭᠦᠴᠡᠬᠦ ᠠᠩᠬᠠᠨ ᠤ ᠫᠤᠤ ᠶᠢ ᠫᠤᠤᠳᠠᠪᠠ᠃ ᠶᠠᠫᠣᠨ ᠢ ᠡᠰᠡᠷᠭᠦᠴᠡᠬᠦ ᠲᠠᠶᠢᠨ ᠢᠯᠠᠯᠲᠠ ᠣᠯᠤᠭᠰᠠᠨ ᠤ ᠲᠠᠷᠠᠭ᠎ᠠ᠂ ᠨᠠᠮ ᠤᠨ ᠤᠳᠤᠷᠢᠳᠤᠯᠭ᠎ᠠ ᠳᠣᠣᠷ᠎ᠠ᠂ ᠲᠡᠷᠡ ᠠᠷᠭ᠎ᠠ ᠪᠦᠬᠦᠨ ᠢ ᠰᠦᠪᠡᠭᠴᠢᠯᠡᠨ ᠥᠪᠥᠷ ᠮᠣᠩᠭᠤᠯ ᠤᠨ ᠵᠡᠭᠦᠨ ᠪᠠᠷᠠᠭᠤᠨ ᠤᠷᠤᠨ ᠤ ᠤᠷᠳᠤ  ᠬᠤᠭᠤᠴᠠᠭᠠᠨ ᠤ ᠲᠤᠷᠰᠢᠳᠡ ᠰᠠᠯᠤᠩᠬᠢ ᠪᠠᠶᠢᠭᠰᠠᠨ ᠠᠰᠠᠭᠤᠳᠠᠯ ᠢ ᠰᠢᠢᠳᠪᠦᠷᠢᠯᠡᠵᠦ᠂ ᠥᠪᠡᠷᠲᠡᠭᠡᠨ ᠵᠠᠰᠠᠬᠤ ᠵᠠᠰᠠᠭ ᠤᠨ ᠣᠷᠳᠣᠨ ᠢ ᠪᠠᠶᠢᠭᠤᠯᠬᠤ ᠠᠩᠬ᠎ᠠ ᠠᠯᠬᠤᠮ  ᠤᠨ ᠰᠠᠨᠠᠭᠠᠴᠢᠯᠠᠭ᠎ᠠ ᠪᠠᠨ ᠳᠤᠷᠠᠳᠴᠤ᠂ ᠥᠪᠥᠷ ᠮᠣᠩᠭᠤᠯ ᠳᠤ ᠮᠠᠨ ᠤ ᠤᠯᠤᠰ ᠤᠨ ᠠᠩᠬᠠᠳᠠᠭᠴᠢ ᠮᠤᠵᠢ ᠶᠢᠨ ᠲᠡᠰ ᠤᠨ ᠴᠥᠭᠡᠨ ᠲᠣᠭᠠᠲᠤ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠢ ᠪᠠᠶᠢᠭᠤᠯᠪᠠ᠃       ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠮᠣᠩᠭᠤᠯ ᠲᠥᠪᠡᠳ ᠤᠨ ᠰᠤᠷᠭᠠᠭᠤᠯᠢ ᠶᠢᠨ ᠨᠡᠷ᠎ᠡ ᠶᠢ ᠲᠥᠪ ᠤᠨ ᠦᠨᠳᠦᠰᠦᠲᠡᠨ ᠤ ᠳᠡᠭᠡᠳᠦ ᠰᠤᠷᠭᠠᠭᠤᠯᠢ ᠶᠢᠨ ᠬᠠᠷᠢᠶᠠᠲᠤ ᠳᠤᠮᠳᠠᠳᠤ ᠰᠤᠷᠭᠠᠭᠤᠯᠢ ︵ᠤᠳᠤ ᠶᠢᠨ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠬᠠᠷᠢᠶᠠᠳᠤ ᠲᠤᠮᠳᠠᠳᠤ ᠰᠤᠷᠭᠠᠭᠤᠯᠢ︶ ᠭᠡᠵᠦ ᠬᠠᠯᠠᠪᠠ᠃ 1984 ᠣᠨ ᠤ 3 ᠳ᠋ᠤᠭᠠᠷ ᠰᠠᠷ᠎ᠠ ᠶᠢᠨ 6 ᠤ ᠡᠳᠦᠷ᠂ ᠤᠯᠠᠭᠠᠨᠬᠦᠦ ᠡᠭᠡ ᠰᠤᠷᠭᠠᠭᠤᠯᠢ ᠳᠤ ᠪᠠᠨ ᠪᠤᠴᠠᠵᠤ᠂ ᠬᠢᠴᠢᠶᠡᠯ ᠤᠨ ᠭᠡᠷ ᠤᠨ ᠵᠡᠬᠦᠨᠳᠡᠬᠢ ᠪᠠᠶᠢᠷᠢ ᠶᠢᠨ ᠡᠭᠦᠳᠡᠨ ᠳᠤ ᠵᠤᠭᠰᠤᠭᠠᠳ ᠲᠤᠬᠠᠢ ᠶᠢᠨ ᠵᠢᠯ ᠤᠨ ᠨᠠᠮ ᠳᠤ ᠣᠷᠣᠬᠤ ᠶᠣᠰᠣᠯᠠᠯ ᠢᠶᠠᠨ ᠡᠷᠭᠢᠴᠡᠭᠦᠯᠪᠡ᠃ ᠲᠡᠷᠡ᠂ ᠲᠡᠷᠡ ᠬᠦ ᠣᠨ ᠵᠢᠯ ᠢ ᠡᠯᠡᠭᠡᠭᠰᠡᠨ ᠴᠢᠪᠠᠭ᠎ᠠ ᠶᠢᠨ ᠮᠤᠳᠤ ᠶᠢ ᠲᠡᠮᠳᠡᠷᠢᠭᠰᠡᠭᠡᠷ᠂ ᠲᠤᠬᠠᠢ ᠶᠢᠨ ᠵᠢᠯ ᠤᠨ ᠬᠠᠮᠲᠤ ᠰᠤᠷᠤᠯᠭᠠᠲᠠᠨ ᠲᠠᠢ ᠪᠠᠨ ᠰᠡᠳᠬᠢᠯ ᠤᠨ ᠦᠭᠡ ᠪᠠᠨ ᠶᠠᠷᠢᠯᠴᠠᠵᠤ ᠪᠠᠶᠢᠭᠰᠠᠨ ᠪᠠᠶᠢᠳᠠᠯ  ᠢᠶᠠᠨ ᠶᠠᠷᠢᠪᠠ᠃ ᠡᠪ ᠬᠠᠮᠲᠤ ᠶᠣᠰᠣ ᠴᠥᠭᠡᠨ ᠲᠣᠭᠠᠲᠤ ᠦᠨᠳᠦᠰᠦᠲᠡᠨ ᠤ ᠳᠤᠮᠳᠠ ᠤᠯᠠᠮᠵᠢᠯᠠᠭᠳᠠᠭᠰᠠᠨ ᠪᠣᠯ ᠡᠨᠡ ᠬᠦ ᠰᠤᠷᠭᠠᠭᠤᠯᠢ ᠠᠴᠠ ᠡᠬᠢᠯᠡᠭᠰᠡᠨ ᠶᠤᠮ ᠭᠡᠵᠦ ᠲᠡᠷᠡ ᠭᠦᠨ ᠰᠡᠳᠬᠢᠯᠭᠡ ᠲᠠᠢ ᠪᠠᠷ ᠶᠠᠷᠢᠵᠤ ᠪᠢᠯᠡ᠃      ᠮᠣᠩᠭᠤᠯ ᠲᠥᠪᠡᠳ ᠤᠨ ᠰᠤᠷᠭᠠᠭᠤᠯᠢ ᠪᠠᠶᠢᠭᠤᠯᠤᠭᠳᠠᠭᠰᠠᠨ ᠠᠴᠠ ᠨᠠᠭᠠᠰᠢ᠂ ᠴᠥᠭᠡᠨ ᠲᠣᠭᠠᠲᠤ ᠦᠨᠳᠦᠰᠦᠲᠡᠨ ᠤ ᠮᠠᠰᠢ ᠤᠯᠠᠨ ᠰᠢᠯᠢᠳᠡᠭ ᠴᠢᠳᠠᠪᠤᠷᠢᠲᠠᠨ ᠢ ᠬᠦᠮᠦᠵᠢᠬᠦᠯᠪᠠ᠂ ᠳᠡᠳᠡ ᠡᠯ᠎ᠡ ᠹᠷᠣᠨᠲ ᠳᠡᠭᠡᠷ᠎ᠡ ᠠᠷᠠᠳ ᠲᠦᠮᠡᠨ ᠤ ᠴᠢᠯᠥᠭᠡᠯᠡᠯᠲᠡ᠂ ᠤᠯᠤᠰ ᠤᠨ ᠬᠥᠭᠵᠢᠯᠲᠡ᠂ ᠦᠨᠳᠦᠰᠦᠲᠡᠨ ᠤ ᠪᠦᠯᠬᠦᠮᠳᠡᠯ᠂ ᠠᠷᠠᠳ ᠲᠦᠮᠡᠨ ᠤ ᠵᠣᠯ ᠵᠢᠷᠭᠠᠯ ᠳᠤ ᠴᠢᠬᠤᠯᠠ ᠬᠤᠪᠢ ᠨᠡᠮᠡᠷᠢ ᠦᠵᠡᠭᠦᠯᠵᠡᠢ᠃ 2013 ᠣᠨ ᠳᠤ᠂ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠠᠷᠢᠶᠠᠲᠤ ᠳᠤᠮᠳᠠᠳᠤ ᠰᠤᠷᠭᠠᠭᠤᠯᠢ ᠶᠢᠨ 100 ᠵᠢᠯ ᠤᠨ ᠣᠶ ᠶᠢᠨ ᠪᠠᠶᠠᠷ ᠠᠴᠠ ᠡᠮᠦᠨᠡᠬᠡᠨ᠂ ᠪᠥᠬᠦ ᠤᠯᠤᠰ ᠤᠨ 24 ᠮᠤᠵᠢ ︵ᠣᠷᠣᠨ᠂ ᠬᠤᠲᠠ︶ ᠠᠴᠠ ᠢᠷᠡᠭᠰᠡᠨ ᠦᠨᠳᠦᠰᠦᠲᠡᠨ  ᠨᠦᠭᠦᠳ ᠤᠨ 1800 ᠲᠣᠰ ᠰᠤᠷᠭᠠᠭᠤᠯᠢ ᠶᠢᠨ ᠰᠣᠷᠣᠭᠴᠢ ᠶᠡᠷᠦᠩᠬᠡᠶ ᠱᠦᠵᠢ ᠰᠢ ᠶᠢᠨ ᠫᠢᠩ ᠳᠤ ᠵᠠᠬᠢᠳᠠᠯ ᠪᠢᠴᠢᠵᠦ᠂ ᠲᠡᠳᠡᠨ ᠤ ᠨᠡᠶᠢᠰᠯᠡᠯ ᠪᠡᠭᠡᠵᠢᠩ ᠳᠤ ᠰᠤᠷᠤᠯᠴᠠᠵᠤ ᠠᠮᠢᠳᠤᠷᠠᠵᠤ ᠪᠠᠶᠢᠭ᠎ᠠ ᠪᠠᠶᠢᠳᠠᠯ ᠢᠶᠠᠨ ᠬᠠᠷᠢᠭᠤ ᠮᠡᠳᠡᠭᠦᠯᠪᠡ᠃ ᠶᠡᠷᠦᠩᠬᠡᠢ ᠱᠦᠵᠢ ᠰᠢ ᠶᠢᠨ ᠫᠢᠩ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ  ᠶᠢᠨ ᠬᠠᠷᠢᠶᠠᠲᠤ ᠳᠤᠮᠳᠠᠳᠤ ᠰᠤᠷᠭᠠᠭᠤᠯᠢ ᠶᠢᠨ ᠪᠦᠬᠦ ᠰᠤᠷᠤᠭᠴᠢᠳ ᠲᠤ ᠬᠠᠷᠢᠭᠤ ᠵᠠᠬᠢᠳᠠᠯ ᠢᠯᠡᠭᠡᠵᠦ᠂ ᠰᠤᠷᠭᠠᠭᠤᠯᠢ ᠶᠢᠨ ᠵᠠᠭᠤᠨ ᠵᠢᠯ ᠤᠨ ᠤᠢ ᠪᠠᠨ ᠤᠭᠲᠤᠬᠤ ᠲᠤᠬᠠᠢ ᠰᠤᠷᠤᠭᠴᠢᠳ ᠪᠣᠯᠤᠨ ᠰᠤᠷᠭᠠᠭᠤᠯᠢ ᠶᠢᠨ ᠪᠦᠬᠦ ᠪᠠᠭᠰᠢ ᠠᠵᠢᠯᠳᠠᠨ ᠳᠤ ᠬᠠᠯᠠᠭᠤᠨ ᠪᠠᠶᠠᠷ ᠬᠦᠷᠭᠡᠪᠡ᠃ ᠶᠡᠷᠦᠩᠬᠡᠢ ᠱᠦᠵᠢ ᠰᠢ ᠶᠢᠨ ᠫᠢᠡᠭ ᠰᠤᠷᠭᠠᠭᠤᠯᠢ  ᠶᠢᠨ ᠬᠢᠨ ᠢᠷᠠᠭᠤ ᠠᠯᠳᠠᠷᠲᠤ ᠤᠳᠤᠮᠰᠢᠯ ᠢᠶᠠᠨ ᠵᠠᠯᠭᠠᠮᠵᠢᠯᠠᠵᠤ᠂ ᠦᠨᠳᠦᠰᠦᠲᠡᠨ ᠨᠦᠭᠦᠳ ᠤᠨ ᠰᠢᠯᠢᠳᠡᠭ ᠰᠣᠶᠣᠯ ᠢ ᠵᠠᠯᠭᠠᠮᠵᠢᠯᠠᠵᠤ᠂ ᠶᠣᠰᠣ ᠰᠤᠷᠲᠠᠬᠤᠨ ᠢᠶᠠᠷ ᠬᠥᠮᠦᠨ ᠢ ᠬᠥᠮᠦᠵᠢᠭᠦᠯᠬᠦ᠂ ᠪᠢᠴᠢᠭ ᠵᠢᠭᠠᠵᠤ ᠬᠥᠮᠦᠨ ᠢ ᠬᠥᠮᠦᠵᠢᠭᠦᠯᠬᠦ ᠲᠠᠷᠬᠠᠨ ᠡᠭᠦᠷᠭᠡ ᠬᠠᠷᠢᠭᠤᠴᠠᠯᠭ᠎ᠠ ᠪᠠᠨ ᠰᠠᠶᠢᠲᠤᠷ ᠡᠭᠦᠷᠭᠡᠯᠡᠵᠦ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠢᠯᠡᠰ ᠤᠨ ᠬᠢᠷᠢ ᠲᠡᠩᠴᠡᠭᠰᠡᠨ ᠪᠦᠳᠦᠭᠡᠨ ᠪᠠᠶᠢᠭᠤᠯᠤᠭᠴᠢ ᠪᠠ ᠵᠠᠯᠭᠠᠮᠵᠢᠯᠠᠭᠴᠢ ᠶᠢ ᠬᠦᠴᠦᠯᠡᠨ ᠬᠥᠮᠦᠵᠢᠭᠦᠯᠬᠦ ᠶᠢ ᠬᠦᠰᠡᠵᠦ ᠪᠠᠶᠢᠨ᠎ᠠ᠃ ᠨᠥᠬᠦᠳ ᠨᠡᠷ ᠰᠠᠶᠢᠨ ᠰᠠᠶᠢᠬᠠᠨ ᠴᠠᠭ ᠮᠥᠴᠡ ᠪᠠᠨ ᠨᠠᠨᠳᠢᠩᠨᠠᠵᠤ᠂ ᠶᠣᠰᠣ ᠰᠤᠷᠲᠠᠬᠤᠨ ᠢᠶᠠᠨ ᠳᠠᠪᠲᠠᠨ ᠪᠣᠯᠪᠠᠰᠤᠷᠠᠭᠤᠯᠵᠤ᠂ ᠦᠵᠡᠯ ᠰᠡᠳᠬᠢᠯᠭᠡ ᠪᠠᠨ ᠪᠣᠯᠪᠠᠰᠤᠷᠠᠭᠤᠯᠵᠤ᠂ ᠰᠢᠷᠭᠠᠭᠤ ᠰᠤᠷᠤᠯᠴᠠᠵᠤ᠂ ᠪᠦᠬᠦ ᠲᠠᠯ᠎ᠠ ᠪᠠᠷ ᠬᠥᠭᠵᠢᠵᠦ᠂ ᠵᠢᠩᠬᠢᠨᠢ ᠡᠷᠳᠡᠮ ᠴᠢᠳᠠᠪᠤᠷᠢ ᠶᠢ ᠡᠵᠡᠮᠰᠢᠵᠦ᠂ ᠠᠭᠤᠤ ᠶᠡᠭᠡ ᠡᠬᠡ ᠤᠯᠤᠰ ᠢᠶᠠᠨ ᠪᠦᠳᠦᠭᠡᠨ ᠪᠠᠶᠢᠭᠤᠯᠬᠤ᠂ ᠦᠵᠡᠰᠬᠦᠯᠡᠩᠲᠦ ᠰᠠᠶᠢᠬᠠᠨ ᠨᠤᠲᠤᠭ ᠤᠰᠤ ᠪᠠᠨ ᠪᠦᠳᠦᠭᠡᠨ ᠪᠠᠶᠢᠭᠤᠯᠬᠤ ᠳᠤ ᠬᠡᠷᠡᠭᠴᠡᠭᠡ ᠲᠠᠢ ᠴᠢᠳᠠᠪᠤᠷᠢᠲᠠᠨ᠂ ᠲᠤᠯᠭᠠᠭᠤᠷᠢ ᠬᠦᠴᠦᠨ ᠪᠣᠯᠬᠤ ᠪᠠᠷ ᠴᠢᠷᠮᠠᠶᠢᠵᠤ᠂ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢ ᠠᠬᠢᠭᠤᠯᠬᠤ᠂ ᠬᠠᠮᠲᠤ ᠶᠢᠨ ᠬᠥᠭᠵᠢᠯ ᠴᠡᠴᠡᠭᠯᠡᠯ ᠢ ᠪᠡᠶᠡᠯᠡᠭᠦᠯᠬᠦ ᠳᠤ ᠦᠵᠡᠭᠦᠯᠪᠡᠰᠦ ᠵᠣᠬᠢᠬᠤ ᠬᠤᠪᠢ ᠨᠡᠮᠡᠷᠢ ᠪᠠᠨ ᠦᠵᠡᠭᠦᠯᠬᠦ ᠶᠢ ᠬᠦᠰᠡᠵᠦ ᠪᠠᠶᠢᠨ᠎ᠠ ᠬᠡᠵᠡᠢ᠃       ᠶᠡᠷᠦᠩᠬᠡᠶ ᠱᠦᠵᠢ ᠶᠢᠨ ᠬᠠᠷᠢᠭᠤ ᠵᠠᠬᠢᠳᠠᠯ ᠨᠢ ᠥᠷᠭᠡᠨ ᠣᠯᠠᠨ ᠰᠤᠷᠤᠭᠴᠢᠳ ᠤᠨ ᠥᠪᠡᠷ ᠢ ᠪᠠᠨ ᠦᠷᠡᠭᠳᠡᠭᠦᠯᠬᠦ ᠲᠡᠮᠡᠴᠡᠯ ᠤᠨ ᠵᠣᠷᠢᠭ ᠰᠠᠨᠠᠭ᠎ᠠ ᠪᠠᠷ ᠡᠬᠡ ᠤᠯᠤᠰ ᠤᠨ ᠬᠠᠮᠤᠭ ᠤᠨ ᠬᠡᠷᠡᠭᠴᠡᠭᠡ ᠲᠠᠢ ᠭᠠᠵᠠᠷ ᠲᠤ ᠰᠠᠨᠠᠭᠠᠴᠢᠯᠠᠭ᠎ᠠ ᠠᠴᠠ ᠪᠠᠨ ᠣᠷᠣᠯᠴᠠᠬᠤ ᠶᠢ ᠲᠤᠶᠢᠯ ᠤᠨ ᠶᠡᠭᠡ ᠪᠠᠷ ᠵᠣᠷᠢᠭᠵᠢᠭᠤᠯᠪᠠ᠃ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠳᠤᠯᠤᠯᠳᠠ ᠳᠤᠮᠳᠠ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠳᠤᠮᠳᠠ᠂ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠠᠷᠢᠶᠠᠲᠤ ᠳᠤᠮᠳᠠᠳᠤ ᠰᠤᠷᠭᠠᠭᠤᠯᠢ ᠶᠢᠨ ᠨᠢᠭᠡ ᠪᠦᠯᠦᠭ ᠨᠥᠬᠦᠳ ᠡᠮᠦᠨ᠎ᠡ ᠹᠷᠣᠨᠲ ᠲᠤ ᠡᠷᠡᠯᠬᠡᠭᠯᠡᠨ ᠲᠡᠮᠡᠴᠡᠵᠦ᠂ ᠦᠨᠳᠦᠰᠦᠨ ᠱᠠᠲᠤᠨ ᠳᠤ ᠬᠦᠨᠵᠡᠬᠡᠶᠢᠷᠡᠵᠦ᠂ ᠪᠣᠳᠠᠲᠤ ᠠᠵᠢᠯᠯᠠᠭ᠎ᠠ ᠪᠠᠷ ᠢᠶᠠᠨ ︽ᠠᠭᠤᠤ ᠶᠡᠭᠡ ᠡᠬᠡ ᠤᠯᠤᠰ ᠢᠶᠠᠨ ᠪᠥᠲᠥᠭᠡᠨ ᠪᠠᠶᠢᠭᠤᠯᠵᠤ᠂ ᠦᠵᠡᠰᠬᠦᠯᠡᠩᠲᠦ ᠰᠠᠶᠢᠬᠠᠨ ᠬᠡᠷ ᠣᠷᠣᠨ ᠢᠶᠠᠨ ᠪᠥᠲᠥᠭᠡᠨ ᠪᠠᠶᠢᠭᠤᠯᠬᠤ︾ ᠬᠦᠰᠡᠯ ᠨᠠᠶᠢᠳᠠᠯᠭ᠎ᠠ ᠶᠢ ᠦᠶᠯᠡᠳᠦᠯᠭᠡᠵᠢᠭᠦᠯᠵᠦ᠂ ᠮᠠᠨ ᠤ ᠤᠯᠤᠰ ᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠦᠶᠯᠡᠰ ᠲᠤ ᠬᠤᠪᠢ ᠨᠡᠮᠡᠷᠢ ᠦᠵᠡᠭᠦᠯᠪᠡ᠃      ︵ᠲᠤᠰ ᠵᠣᠬᠢᠶᠠᠯ ᠢ ︽ᠳᠤᠮᠳᠠᠳᠤ  ᠶᠢᠨ ᠦᠨᠳᠦᠰᠦᠲᠡᠨ ᠰᠣᠨᠢᠨ︾ 2021 ᠣᠨ ᠤ 6 ᠳ᠋ᠤᠭᠠᠷ ᠰᠠᠷ᠎ᠠ ᠶᠢᠨ 29 ᠤ ᠡᠳᠦᠷ ᠤᠨ 05 ᠳ᠋ᠤᠭᠠᠷ ᠨᠢᠭᠤᠷ  ᠲᠤ ᠨᠡᠶᠢᠲᠡᠯᠡᠪᠡ᠂ ᠸᠠᠩ ᠵᠧᠨ ᠪᠢᠴᠢᠪᠠ︶               ᠣᠷᠴᠢᠭᠤᠯᠤᠭᠴᠢ᠄ ᠣᠶᠤᠨᠰᠡᠴᠡᠨ              ᠬᠢᠨᠠᠨ ᠨᠠᠶᠢᠷᠠᠭᠤᠯᠤᠭᠴᠢ᠄ ᠠᠳᠢᠶ᠎ᠠ   ᠰᠠᠴᠤᠷᠠᠯ              ᠶᠡᠷᠦᠩᠬᠡᠢ ᠬᠢᠨᠠᠨ ᠨᠠᠶᠢᠷᠠᠭᠤᠯᠤᠭᠴᠢ᠄ ᠪᠠᠶᠠᠨᠴᠢᠮᠡᠭ 
ᠢᠷᠡᠯᠲᠡ᠄ ᠲᠤᠮᠳᠠᠳᠤ ᠶᠢ ᠥᠭᠦᠯᠡᠬᠦᠢ