ᠲᠤᠮᠳᠠᠳᠤ ᠶᠢᠨ ᠭᠤᠸ᠎ᠠ ᠰᠠᠶᠢᠬᠠᠨ ᠢ ᠡᠷᠢᠯᠬᠢᠯᠡᠶ᠎ᠡ — ᠪᠢᠲᠡᠭᠦᠦ ᠣᠢ ᠶᠢᠨ ᠭᠦᠨ ᠳᠤ ᠴᠠ ᠪᠤᠭᠤ ᠶᠢᠨ ᠠᠮᠢᠳᠤᠷᠠᠵᠤ ᠪᠠᠶᠢᠭ᠎ᠠ ᠭᠠᠵᠠᠷ ᠢ ᠬᠠᠶᠢᠭᠰᠠᠨ ᠨᠢ
ᠨᠡᠶᠢᠲᠡᠯᠡᠭᠰᠡᠨ ᠴᠠᠭ᠄
2024/1/3
      ᠳ᠋ᠢᠩᠭᠠᠷ ᠳ᠋ᠠᠩᠭᠠᠷ᠂ ᠳ᠋ᠢᠩᠭᠠᠷ ᠳ᠋ᠠᠩᠭᠠᠷ      ᠳᠠᠭᠰᠢᠨ ᠰᠠᠶᠢᠬᠠᠨ ᠳᠠᠭᠤᠨ ᠰᠠᠯᠬᠢᠨ ᠤ ᠠᠶ᠎ᠠ ᠪᠠᠷ ᠰᠣᠨᠣᠰᠲᠠᠨ᠎ᠠ      ᠲᠤᠩᠭᠠᠯᠠᠭ ᠭᠤᠶᠣᠬᠠᠨ ᠭᠤᠷᠤᠬ᠎ᠠ ᠶᠢᠨ ᠤᠰᠤᠨ ᠠᠳᠠᠯᠢ ᠤᠷᠤᠰᠬᠠᠯ ᠲᠠᠢ ᠰᠠᠨᠠᠭᠳᠠᠨ᠎ᠠ      ᠴᠠ ᠪᠤᠭᠤ ᠶᠢᠨ ᠬᠦᠵᠦᠭᠦᠨ ᠤ ᠬᠤᠩᠬᠤᠨ ᠳᠠᠭᠤᠨ       ᠴᠠᠭᠯᠠᠰᠢ ᠦᠭᠡᠢ ᠠᠭᠤᠳᠠᠮ ᠶᠡᠭᠡ ᠬᠢᠩᠭᠠᠨ ᠳᠠᠪᠠᠭ᠎ᠠ ᠶᠢᠨ ᠣᠢ ᠶᠢᠨ ᠭᠦᠨ ᠳᠤ ᠴᠤᠤᠷᠢᠶᠠᠲᠤᠨ᠎ᠠ            ᠤᠢ ᠰᠢᠭᠤᠢ᠂ ᠲᠠᠯ᠎ᠠ ᠨᠤᠲᠤᠭ᠂ ᠨᠤᠭᠤ ᠭᠠᠵᠠᠷ       ᠥᠪᠥᠷ ᠮᠣᠩᠭᠤᠯ ᠤᠨ ᠶᠡᠭᠡ ᠬᠢᠩᠭᠠᠨ ᠳᠠᠪᠠᠭ᠎ᠠ ᠶᠢᠨ ᠰᠢᠭᠤᠶᠢᠲᠤ ᠣᠷᠣᠨ ᠤ ᠠᠮᠢ ᠠᠬᠤᠢ ᠶᠢᠨ ᠴᠢᠳᠠᠮᠵᠢᠲᠤ ᠣᠷᠣᠨ       ᠥᠪᠴᠢ ᠪᠦᠷᠢᠳᠦᠭᠰᠡᠨ ᠭᠤᠷᠪᠠᠨ ᠶᠡᠭᠡ ᠪᠠᠶᠢᠭᠠᠯᠢᠯᠢᠭ ᠠᠮᠢ ᠠᠬᠤᠢ ᠶᠢᠨ ᠰᠢᠰᠲ᠋ᠧᠮ ᠲᠠᠢ      ᠥᠨᠢ ᠤᠳᠠᠭᠠᠨ ᠡᠪᠦᠯ ᠤᠨ ᠬᠠᠬᠢᠷ ᠬᠦᠢᠲᠡᠨ ᠳᠤ ᠴᠤ      ᠬᠠᠮᠤᠭ ᠤᠨ ᠳᠣᠣᠷ᠎ᠠ ᠠᠭᠠᠷ ᠤᠨ ᠳᠤᠯᠠᠭᠠᠨ ᠲᠡᠭ ᠠᠴᠠ ᠳᠣᠷᠣᠭᠰᠢ 50 ᠭᠷᠡᠳᠦ᠋ᠰ ᠠᠴᠠ ᠳᠠᠪᠠᠭᠰᠠᠨ ᠴᠤ      ᠬᠠᠷᠢᠨ ᠬᠥᠪᠳᠥ ᠵᠡᠷᠭᠡ ᠡᠯᠪᠡᠭ ᠳᠡᠯᠪᠡᠭ ᠤᠷᠭᠤᠮᠠᠯ ᠤᠨ ᠬᠤᠴᠢᠯᠭ᠎ᠠ ᠲᠠᠢ ᠪᠠᠶᠢᠳᠠᠭ ᠠᠴᠠ       ᠬᠠᠷᠠᠬᠠᠨ ᠴᠠ ᠪᠤᠭᠤ ᠶᠢᠨ ᠤᠨᠳᠤᠷᠤᠯ ᠳᠤ ᠬᠠᠮᠤᠭ ᠡᠭᠡᠯᠢᠲᠡᠢ ᠪᠠᠶᠢᠭᠠᠯᠢᠯᠢᠭ ᠮᠠᠯᠵᠢᠯ ᠤᠨ ᠲᠠᠯᠠᠪᠠᠢ ᠪᠤᠯᠵᠠᠢ            ᠵᠤᠵᠠᠭᠠᠯᠢᠭ ᠪᠦᠳᠦᠭᠦᠨ ᠰᠢᠷᠬᠡᠭ ᠦᠰᠦ ᠨᠢ       ᠵᠤᠵᠠᠭᠠᠨ ᠤᠷᠲᠤ ᠡᠭᠴᠡᠯᠡᠵᠦ ᠪᠥᠯᠲᠥᠭᠡᠷ ᠨᠢᠳᠦ ᠰᠡᠷᠲᠡᠭᠡᠷ ᠬᠠᠮᠠᠷ ᠲᠠᠢ      ᠣᠬᠢ ᠰᠠᠶᠢᠬᠠᠨ ᠡᠪᠡᠷ ᠲᠠᠢ ᠪᠤᠭᠤ ᠰᠤᠭᠤ ᠨᠤᠭᠤᠳ       ︽ᠤᠢ ᠶᠢᠨ ᠣᠩᠭᠤᠴᠠ︾ ᠬᠡᠮᠡᠨ ᠠᠯᠳᠠᠷᠰᠢᠭᠰᠠᠨ ᠴᠠ ᠪᠤᠭᠤ ᠮᠠᠨᠢ       ᠶᠡᠭᠡ ᠬᠢᠩᠭᠠᠨ ᠳᠠᠪᠠᠭ᠎ᠠ ᠶᠢᠨ ᠪᠠᠷᠠᠭᠤᠨ ᠬᠤᠷᠮᠣᠢ ᠳᠤ ᠦᠷᠡᠵᠢᠨ ᠲᠦᠯᠵᠢᠵᠦ ᠪᠤᠢ       ᠥᠪᠥᠷ ᠮᠣᠩᠭᠤᠯ ᠤᠨ ᠬᠡᠭᠡᠨ ᠭᠤᠣᠯ ᠬᠤᠲᠠ ᠶᠢᠨ ᠣᠯᠭᠤᠶᠠ ᠡᠸᠡᠩᠬᠢ ᠦᠨᠳᠦᠰᠦᠲᠡᠨ ᠤ ᠰᠢᠶᠠᠩ ᠳᠤ       ᠦᠶ᠎ᠡ ᠶᠢᠨ ᠦᠶ᠎ᠡ ᠳᠤ ᠪᠠᠨ ᠴᠠ ᠪᠤᠭᠤ ᠶᠢ ᠭᠠᠷᠰᠢᠭᠤᠯᠤᠭᠰᠠᠨ ᠡᠸᠡᠩᠬᠢ ᠦᠨᠳᠦᠰᠦᠲᠡᠨ       ᠠᠭᠯᠠᠭ ᠠᠭᠤᠯᠠᠨ ᠠᠴᠠ ᠨᠡᠭᠦᠳᠡᠯᠯᠡᠨ ᠭᠡᠭᠡᠨ ᠭᠤᠣᠯ ᠬᠤᠲᠠ ᠶᠢᠨ ᠪᠠᠷᠠᠭᠤᠨ ᠲᠡᠭᠦᠷᠭᠡ ᠪᠠᠷ ᠨᠤᠲᠤᠭᠰᠢᠵᠤ       ᠠᠵᠢᠯᠴᠢ ᠡᠸᠡᠩᠬᠢ ᠦᠨᠳᠦᠰᠦᠲᠡᠨ ᠤ ᠣᠯᠠᠨ ᠲᠦᠮᠡᠨ ᠠᠩ ᠠᠩᠨᠠᠯ ᠤᠨ ᠠᠮᠢᠳᠤᠷᠠᠯ ᠠᠴᠠ ᠠᠩᠭᠢᠵᠢᠷᠠᠵᠤ      ᠠᠩᠭᠢᠳᠠ ᠰᠠᠶᠢᠬᠠᠨ ᠵᠢᠭᠤᠯᠴᠢᠯᠠᠯ ᠢᠶᠠᠷ ᠪᠠᠶᠠᠵᠢᠯ ᠤᠨ ᠵᠠᠮ ᠢᠶᠠᠨ ᠨᠡᠭᠡᠭᠡᠵᠦ      ᠦᠵᠡᠰᠬᠦᠯᠡᠩᠲᠦ ᠰᠠᠶᠢᠬᠠᠨ ᠠᠮᠢ ᠠᠬᠤᠢ ᠶᠢᠨ ᠣᠷᠴᠢᠨ ᠲᠣᠭᠤᠷᠢᠨ       ᠤᠯᠠᠮᠵᠢᠯᠠᠯᠲᠤ ᠠᠷᠠᠳ ᠤᠨ ᠵᠠᠩ ᠵᠠᠩᠰᠢᠯ ᠨᠢ       ᠤᠷᠴᠢᠨ ᠵᠤᠷᠴᠢᠬᠤ ᠵᠢᠭᠤᠯᠴᠢᠯᠠᠭᠴᠢᠳ ᠤᠨ ᠠᠩᠬᠠᠷᠤᠯ ᠢ ᠲᠠᠲᠠᠭᠰᠠᠨ ᠠᠴᠠ      ᠤᠯᠭᠤᠶᠠ ᠨᠢ ︽ᠴᠠ ᠪᠤᠭᠤ ᠶᠢᠨ ᠨᠤᠲᠤᠭ︾ ᠬᠡᠮᠡᠬᠦ ᠠᠯᠳᠠᠷ ᠢ ᠬᠦᠷᠲᠡᠪᠡ            ᠬᠥᠪᠴᠢᠨ ᠣᠶᠢᠲᠤ᠂ ᠶᠡᠭᠡ ᠬᠢᠩᠭᠠᠨ ᠳᠠᠪᠠᠭ᠎ᠠ ᠳᠤ       ᠬᠥᠮᠥᠨ ᠪᠠᠶᠢᠭᠠᠯᠢ ᠡᠶ᠎ᠡ ᠵᠣᠬᠢᠴᠠᠯ ᠲᠠᠢ ᠬᠠᠮᠲᠤ ᠣᠷᠣᠰᠢᠨᠠᠮ           ᠡᠷᠬᠢᠮ ᠰᠡᠭᠦᠳᠡᠷᠯᠡᠭᠴᠢ ᠸᠠᠩ ᠸᠧᠢ ᠶᠢᠨ ᠬᠠᠷᠠᠭᠠᠰᠤ ᠶᠢᠨ ᠳᠠᠭᠠᠤ       ᠡᠲᠡᠭᠡᠳ ᠰᠠᠶᠢᠬᠠᠨ ᠶᠡᠭᠡ ᠬᠢᠩᠭᠠᠨ ᠳᠠᠪᠠᠭᠠᠨ ᠤ ᠴᠠ ᠪᠤᠭᠤ ᠶᠢᠨ ᠶᠢᠷᠲᠢᠨᠴᠦ ᠲᠠᠢ ᠣᠶᠢᠷᠠᠳᠴᠤ       ᠬᠥᠭᠵᠢᠯ ᠪᠢᠯᠬᠠᠭᠰᠠᠨ ᠪᠠᠶᠢᠭᠠᠯᠢ ᠶᠢᠨ ᠦᠵᠡᠮᠵᠢ ᠳᠤ ᠰᠣᠭᠲᠣᠭᠤᠷᠠᠵᠤ      ᠬᠥᠮᠥᠨ ᠪᠠᠶᠢᠭᠠᠯᠢ ᠡᠶ᠎ᠡ ᠵᠣᠬᠢᠴᠠᠯ ᠲᠠᠢ ᠣᠷᠣᠰᠢᠭᠰᠠᠨ ᠰᠠᠶᠢᠨ ᠰᠠᠶᠢᠬᠠᠨ ᠪᠠᠶᠢᠳᠠᠯ ᠢ ᠪᠡᠶᠡᠴᠢᠯᠡᠨ ᠤᠶᠢᠯᠠᠭᠠᠶ᠎ᠠ           ᠭᠡᠷᠡᠯ ᠵᠢᠷᠤᠭ ᠤᠨ ᠲᠤᠳᠤᠷᠬᠠᠶᠢᠯᠠᠯ᠄
1.jpg     
      ᠴᠠᠰᠤᠲᠤ ᠣᠢ ᠳᠠᠬᠢ ᠴᠠ ᠪᠤᠭᠤ ᠨᠢ ᠬᠥᠷᠰᠦᠯᠢᠭ ᠵᠤᠵᠠᠭᠠᠨ ᠠᠷᠠᠰᠤ ᠨᠤᠤᠰᠤ ᠲᠠᠢ᠂ ᠣᠷᠴᠢᠨ ᠲᠣᠭᠤᠷᠢᠨ ᠤ ᠴᠠᠰᠤᠲᠤ ᠦᠵᠡᠮᠵᠢ ᠲᠠᠢ ᠡᠭᠡᠨᠡᠭᠰᠢᠨ ᠰᠢᠩᠭᠡᠨ᠎ᠡ᠃ 
2.jpg     
      ᠢᠯᠢ ᠪᠠᠨ ᠬᠥᠬᠦᠭᠦᠯᠵᠦ ᠪᠠᠶᠢᠭ᠎ᠠ ᠰᠤᠭᠤ᠃
3.jpg     
      ᠨᠤᠲᠤᠭ ᠲᠤ ᠪᠠᠨ ᠪᠤᠴᠠᠭᠰᠠᠨ ᠢᠤᠢ ᠭᠦᠸᠧ ︵ᠪᠠᠷᠠᠭᠤᠨᠳᠡᠬᠢ︶ ᠡᠵᠢ ᠲᠠᠢ ᠪᠠᠨ ᠬᠠᠮᠲᠤ ᠴᠠ ᠪᠤᠭᠤ ᠲᠡᠵᠢᠭᠡᠨ᠎ᠡ᠃ 
4.jpg     
      ᠴᠠ ᠪᠤᠭᠤ ᠶᠢᠨ ᠬᠦᠵᠦᠭᠦᠨ ᠳᠤ ᠭᠠᠤᠯᠢᠨ ᠬᠤᠨᠭ᠍ᠬᠤ ᠵᠡᠭᠦᠵᠦ᠂ ᠣᠢ ᠰᠢᠭᠤᠢ ᠳᠤ ᠴᠠ ᠪᠤᠭᠤ ᠪᠡᠯᠴᠢᠬᠦ ᠳᠤ ᠬᠤᠩᠬᠤᠨ ᠳᠠᠭᠤᠨ ᠠᠭᠤᠯᠠᠨ ᠤᠢ ᠳᠤ ᠳᠠᠭᠤᠷᠢᠰᠤᠨ᠎ᠠ᠃ 
5.jpg     
      ᠢᠤᠢ ᠬᠦᠸᠧ ᠴᠠ ᠪᠤᠭᠤ ᠲᠠᠢ ᠡᠶᠡᠯᠰᠡᠭ ᠨᠢᠯᠬᠠᠷᠠᠨ᠎ᠠ᠃ 
6.jpg     
      ᠪᠤᠭᠤ ᠰᠤᠭᠤ ᠴᠥᠮ ᠡᠪᠡᠷ ᠲᠠᠢ᠂ ᠪᠤᠭᠤ ᠶᠢᠨ ᠭᠠᠳᠠᠷ ᠪᠠᠶᠢᠳᠠᠯ ᠤᠨ ᠴᠢᠬᠤᠯᠠ ᠣᠨᠴᠠᠯᠢᠭ ᠪᠣᠯ ᠣᠯᠠᠨ ᠰᠠᠯᠠᠭᠠᠲᠤ ᠡᠪᠡᠷ ᠪᠣᠯᠣᠨ᠎ᠠ᠃ 
7.jpg     
      ᠴᠠᠰᠤᠨ ᠲᠤᠮᠳᠠ ᠢᠳᠡᠰᠢᠯᠡᠵᠦ ᠪᠠᠶᠢᠭ᠎ᠠ ᠴᠠ ᠪᠤᠭᠤ᠃ 
8.jpg     
      ᠭᠠᠴᠠᠭᠠᠨ ᠤ ᠠᠷᠠᠳ ᠭᠦ᠋ ᠭᠧ ᠵᠢᠶᠦ᠋ᠨ ᠠᠭᠯᠠᠭ ᠣᠢ ᠳᠤ ᠭᠡᠭᠡᠭᠰᠡᠨ ᠴᠠ ᠪᠤᠭᠤ ᠪᠠᠨ ᠡᠷᠢᠵᠦ ᠣᠯᠪᠠ᠃ 
9.jpg     
      ᠣᠯᠭᠤᠶᠠ ᠡᠸᠡᠩᠬᠢ ᠦᠨᠳᠦᠰᠦᠲᠡᠨ ᠤ ᠨᠤᠲᠤᠭ ᠢᠶᠠᠷ ᠵᠤᠭᠠᠴᠠᠭᠰᠠᠳ ᠴᠠ ᠪᠤᠭᠤ ᠶᠢ ᠲᠡᠵᠢᠭᠡᠵᠦ ᠪᠠᠶᠢᠭ᠎ᠠ ᠨᠢ᠃ 
10.jpg     
      ᠠᠭᠠᠷ ᠠᠴᠠ ᠰᠡᠬᠦᠳᠡᠷᠯᠡᠭᠰᠡᠨ ᠶᠡᠭᠡ ᠬᠢᠩᠭᠠᠨ ᠳᠠᠪᠠᠭ᠎ᠠ ᠶᠢᠨ ᠰᠢᠭᠤᠶᠢᠲᠤ ᠣᠷᠣᠨ ᠤ ᠵᠤᠨ ᠤ ᠦᠵᠡᠮᠵᠢ᠃            ᠣᠷᠴᠢᠭᠤᠯᠤᠭᠴᠢ᠄ ᠤᠷᠢᠬᠠᠨ            ᠬᠢᠨᠠᠨ ᠣᠷᠴᠢᠭᠤᠯᠤᠭᠴᠢ᠄ ᠠᠳᠢᠶ᠎ᠠ   ᠰᠠᠴᠤᠷᠠᠯ            ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠦᠸᠠᠢ ᠳ᠋ᠦᠩ 
ᠢᠷᠡᠯᠲᠡ᠄ ᠲᠤᠮᠳᠠᠳᠤ ᠶᠢ ᠥᠭᠦᠯᠡᠬᠦᠢ