ᠭᠠᠵᠠᠷ ᠵᠦᠶ ᠶᠢᠨ ᠣᠷᠴᠢᠨ ᠨᠦᠬᠦᠴᠠᠯ ᠪᠣᠯ ᠪᠣᠯᠪᠠᠰᠤᠨ ᠤ ᠬᠦᠪᠤᠷᠠᠯ ᠤᠨ ᠥᠯᠥᠭᠡᠶ ᠮᠥᠨ᠃ ᠮᠠᠨ ᠤ ᠤᠯᠤᠰ ᠤᠨ ᠭᠤᠷᠪᠠᠨ ᠳᠡᠰ ᠤᠨ ᠱᠠᠲᠤᠯᠢᠭ | ᠭᠠᠵᠠᠷ ᠤᠨ ᠭᠠᠳᠠᠷᠭᠤ ᠨᠢ ᠠᠳᠠᠯᠢ ᠪᠤᠰᠤ ᠰᠣᠯᠪᠢᠴᠠᠭᠰᠠᠨ ᠣᠷᠣᠨ ᠪᠦᠰᠡ ᠪᠣᠯᠵᠤ ᠪᠦᠷᠢᠯᠳᠦᠵᠡᠶ᠃ ᠡᠨᠡ ᠬᠦ ᠨᠠᠷᠢᠨ ᠪᠤᠳᠤᠯᠢᠶᠠᠨᠲᠠᠶ ᠭᠠᠵᠠᠷ ᠵᠦᠶ ᠶᠢᠨ ᠪᠦᠲᠦᠴᠡ ᠨᠢ | ᠳᠤᠮᠳᠠᠳᠤ ᠶᠢᠨ ᠦᠨᠳᠦᠰᠦᠲᠡᠨ ᠤ ᠳᠣᠲᠣᠭᠠᠳᠤ ᠳᠤ ᠪᠠᠨ ᠲᠥᠪᠯᠡᠷᠡᠩᠭᠦᠢ ᠨᠢᠭᠡᠳᠦᠯᠲᠦ ᠰᠢᠨᠵᠢ ᠪᠠ ᠭᠠᠳᠠᠭᠰᠢ ᠪᠠᠨ ᠨᠡᠭᠡᠭᠡᠯᠲᠡ ᠲᠠᠢ ᠪᠠᠭᠲᠠᠭᠠᠮᠵᠢᠲᠤ ᠤᠨᠴᠠᠯᠢᠭ ᠢ | ᠪᠤᠶᠢᠵᠢᠭᠤᠯᠵᠠᠶ᠃ | ᠲᠣᠰ ᠲᠤᠰᠬᠠᠶ ᠪᠤᠯᠤᠩ ᠳᠤ ᠠᠳᠠᠯᠢ ᠪᠤᠰᠤ ᠰᠣᠯᠪᠢᠴᠠᠭᠰᠠᠨ ᠣᠷᠣᠨ ᠪᠦᠰᠡ ᠳᠠᠬᠢ ᠬᠥᠮᠦᠰ ᠤᠨ ᠬᠥᠭᠵᠢᠯᠲᠡ ᠶᠢᠨ ᠲᠡᠦᠬᠡ ᠪᠠᠷ ᠡᠨᠡ ᠬᠦ ᠭᠠᠵᠠᠷ ᠣᠷᠣᠨ ᠤ | ᠦᠨᠳᠦᠰᠦᠲᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠶᠢᠨ ᠠᠮᠢᠳᠤᠯᠢᠭ ᠦᠢᠯᠡᠳᠦᠯᠭᠡ ᠶᠢ ᠳᠡᠯᠭᠡᠨ ᠦᠵᠡᠭᠦᠯᠵᠦ᠂ ᠳᠤᠮᠳᠠᠳᠤ ᠶᠢᠨ | ᠦᠨᠳᠦᠰᠦᠲᠡᠨ ᠤ ᠪᠦᠷᠢᠯᠳᠦᠯ ᠤᠨ ᠭᠠᠵᠠᠷ ᠣᠷᠣᠨ ᠤ ᠲᠤᠷᠰᠢᠯᠭ᠎ᠠ ᠶᠢ ᠬᠠᠷᠠᠭᠤᠯᠬᠤ ᠪᠤᠯᠤᠨ᠎ᠠ᠃ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠴᠠᠪ ᠬᠤᠲᠠ ᠶᠢᠨ ᠵᠢᠨᠢᠩ ᠲᠣᠭᠤᠷᠢᠭ ᠲᠤ ᠬᠠᠭᠤᠴᠢ ᠰᠤᠳᠤᠯᠤᠯ ᠤᠨ ᠦᠨ᠎ᠡ ᠥᠷᠲᠡᠭ | ᠪᠦᠬᠦᠢ ᠶᠤᠸᠠᠨ ᠤᠯᠤᠰ ᠤᠨ ᠦᠶ᠎ᠡ ᠶᠢᠨ ᠡᠷᠳᠡᠨ ᠤ ᠪᠠᠭᠤᠷᠢ ᠪᠠᠶᠢᠳᠠᠭ᠂ ᠡᠨ᠋ᠨ ᠨᠢ ᠳᠠᠷᠤᠢ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠪᠤᠯᠤᠨ᠎ᠠ᠃ | ᠪᠠᠭᠤᠷᠢ ᠶᠢᠨ ᠵᠡᠭᠦᠨ ᠲᠠᠯ᠎ᠠ ᠨᠢ ᠴᠢᠭᠤᠯᠤᠯᠲᠤ ᠬᠠᠭᠠᠯᠭ᠎ᠠ ᠠᠴᠠ 140 ᠺᠢᠯᠣᠮᠧᠲᠷ ᠵᠠᠶᠢᠳᠠᠢ᠂ ᠡᠮᠦᠨ᠎ᠡ ᠲᠠᠯ᠎ᠠ ᠨᠢ ᠳ᠋ᠠᠲ᠋ᠦ᠋ᠩ ᠬᠤᠲᠠ ᠠᠴᠠ 90 ᠺᠢᠯᠣᠮᠧᠲᠷ ᠵᠠᠶᠢᠲᠠᠶ᠂ | ᠠᠷᠤ ᠳᠤ ᠨᠢ ᠮᠣᠩᠭᠤᠯ ᠤᠨ ᠭᠤᠪᠢ ᠨᠤᠲᠤᠭ᠂ ᠡᠮᠦᠨ᠎ᠡ ᠨᠢ ᠳᠤᠮᠳᠠᠳᠤ ᠣᠷᠣᠨ ᠪᠠᠶᠢᠷᠢᠯᠠᠵᠤ᠂ ᠲᠠᠯ᠎ᠠ ᠨᠤᠲᠤᠭ ᠤᠨ ᠲᠣᠷᠭᠠᠨ ᠤ ᠵᠠᠮ ᠤᠨ ᠵᠡᠭᠦᠨ ᠳᠤ ᠬᠢ ᠴᠢᠬᠤᠯᠠ | ᠡᠬᠢᠯᠡᠯᠲᠡ ᠶᠢᠨ ᠴᠡᠭ ᠪᠤᠯᠤᠨ᠎ᠠ᠃ ᠠᠳᠡᠬᠢ ᠨᠢ ᠤᠤᠯ ᠳᠤ ᠪᠠᠨ ᠮᠠᠰᠢ ᠴᠡᠴᠡᠭᠯᠡᠨ ᠬᠦᠭᠵᠢᠭᠰᠡᠨ ᠲᠠᠯ᠎ᠠ ᠨᠤᠲᠤᠭ ᠤᠨ ᠬᠤᠲᠠ ᠪᠠᠯᠭᠠᠰᠤ᠂ ᠨᠡᠭᠦᠳᠡᠯ ᠮᠠᠯᠵᠢᠯ ᠤᠨ | ᠪᠣᠯᠪᠠᠰᠤᠨ ᠪᠠ ᠲᠠᠷᠢᠶᠠᠯᠠᠬᠤ ᠪᠣᠯᠪᠠᠰᠤᠨ ᠠᠭᠤᠰᠤᠯᠴᠠᠨ ᠬᠥᠭᠵᠢᠵᠦ᠂ ᠦᠨᠳᠦᠰᠦᠲᠡᠨ ᠨᠦᠭᠦᠳ ᠬᠤᠯᠢᠯᠳᠤᠨ ᠰᠠᠭᠤᠷᠢᠰᠢᠭᠰᠠᠨ ᠭᠠᠵᠠᠷ ᠪᠠᠶᠢᠠᠠᠰᠠᠨ ᠢᠶᠠᠷ ᠠᠳᠠᠯᠢ | ᠪᠤᠰᠤ ᠵᠠᠩ ᠦᠢᠯᠡ᠂ ᠥᠪ ᠰᠣᠶᠣᠯ ᠡᠨ᠋ᠨ ᠬᠦ ᠨᠤᠳᠤᠭ ᠲᠤ ᠬᠤᠷᠠᠨ ᠴᠤᠭᠯᠠᠷᠠᠵᠤ᠂ ᠬᠠᠷᠢᠯᠴᠠᠨ ᠠᠭᠤᠰᠤᠯᠴᠠᠨ ᠤᠯᠠᠮᠵᠢᠯᠠᠭᠳᠠᠵᠤ᠂ ᠢᠯᠡ ᠲᠣᠳᠣ ᠭᠠᠵᠠᠷ ᠣᠷᠣᠨ ᠤ | ᠣᠨᠴᠠᠯᠢᠭ ᠲᠠᠢ ᠤᠮᠠᠷᠠᠲᠤ ᠬᠢᠯᠢ ᠶᠢᠨ ᠰᠣᠶᠣᠯ ᠢ ᠪᠦᠷᠢᠯᠳᠦᠬᠦᠯᠦᠭᠰᠡᠨ ᠪᠠᠶᠢᠳᠠᠭ᠃ | ᠮᠢᠩᠭᠠᠨ ᠤᠨ ᠤ ᠡᠷᠬᠢᠴᠡᠬᠦᠯᠤᠯ ᠡᠷᠳᠡᠨ ᠤ ᠬᠤᠳᠠ ᠶᠢᠨ ᠮᠠᠭᠳᠠᠭᠤ | ᠤᠮᠠᠷᠠᠲᠤ ᠶᠢᠨ ᠦᠨᠳᠦᠰᠦᠲᠡᠨ ᠪᠤᠯ ︽ᠤᠰᠤ ᠪᠡᠯᠴᠢᠬᠡᠷ ᠲᠠᠭᠠᠨ ᠨᠡᠬᠦᠳᠡᠯᠯᠡᠨ ᠰᠠᠭᠤᠷᠢᠰᠢᠳᠠᠭ︾ ᠤᠯᠠᠮᠵᠢᠯᠠᠯᠲᠤ ᠳᠠᠳᠬᠠᠯ ᠪᠠ ᠦᠢᠯᠡᠳᠪᠤᠷᠢᠯᠡᠯ | ᠠᠮᠢᠳᠤᠷᠠᠯ ᠤᠨ ᠵᠢᠮ᠎ᠡ ᠶᠤᠰᠤ ᠲᠠᠢ᠃ 1192 ᠣᠨ ᠳᠤ᠂ ᠠᠯᠳᠠᠨ ᠤᠯᠤᠰ ᠤᠨ ᠵᠠᠩᠽᠦ᠋ᠡᠭ ᠬᠠᠭᠠᠨ ᠸᠠᠨ ᠶᠠᠨ ᠵᠢᠩ ᠪᠠᠷ ᠠᠯᠳᠠᠨ ᠤᠯᠤᠰ᠂ ᠮᠤᠩᠭᠤᠯ᠂ ᠬᠢᠳᠠᠨ ᠤ | ᠬᠢᠵᠠᠭᠠᠷ ᠲᠠᠬᠢ ᠴᠠᠭᠠᠨ ᠬᠦᠷᠢᠶ᠎ᠡ ︵ᠣᠳᠣ ᠶᠢᠨ ᠭᠦᠯᠦ ᠰᠢᠷ᠎ᠠ ᠨᠠᠭᠤᠷ︶ ᠶᠢᠨ ᠵᠡᠭᠦᠨ ᠡᠷᠭᠢ ᠶᠢ ᠰᠣᠩᠭᠤᠵᠤ᠂ ᠲᠥᠪ ᠵᠠᠰᠠᠭ ᠠᠴᠠ ᠭᠤᠣᠯᠯᠠᠨ ᠵᠠᠬᠢᠷᠤᠭᠰᠠᠨ ︽ᠵᠢᠨᠢᠩ︾ | ᠬᠡᠳᠡᠭ ᠬᠠᠪᠤᠷ ᠤᠨ ᠠᠷᠠᠯᠵᠢᠶᠠᠨ ᠤ ᠵᠠᠬ᠎ᠠ ᠶᠢ ᠪᠠᠶᠢᠭᠤᠯᠵᠠᠶ᠃ ︽ᠵᠢᠨᠢᠩ︾ ᠭᠡᠳᠡᠭ ᠨᠢ ︽ᠠᠮᠤᠷ ᠲᠠᠶᠢᠪᠤᠩ ᠠᠷᠠᠯᠵᠢᠶᠠᠨ ᠤ ᠵᠠᠬ᠎ᠠ︾ ᠭᠡᠰᠡᠨ ᠤᠳᠬ᠎ᠠ ᠲᠠᠢ᠂ ᠵᠢᠨᠢᠩ | ᠴᠦᠷᠬᠡᠯᠡᠭᠡ ᠶᠢᠨ ᠡᠷᠲᠡᠨ ᠤ ᠬᠤᠲᠠ ᠨᠢ ᠡᠭᠦᠨ ᠠᠴᠠ ᠡᠬᠦᠰᠦᠯ ᠲᠠᠢ ᠶᠤᠮ᠃ | ᠡᠷᠲᠡᠨ ᠤ ᠬᠤᠲᠠ ᠨᠢ ᠬᠤᠶᠢᠲᠤ ᠲᠠᠯ᠎ᠠ ᠪᠠᠷ ᠢᠶᠠᠨ ᠲᠤᠬᠤᠶᠢᠯᠠᠭᠰᠠᠨ ᠭᠡᠯᠪᠡᠷᠢᠳᠡᠢ ᠠᠭᠤᠯᠠᠷᠬᠠᠭ ᠭᠠᠵᠠᠷ ᠢ ᠲᠦᠰᠢᠵᠦ᠂ ᠡᠮᠦᠨ᠎ᠡ ᠲᠠᠯ᠎ᠠ ᠪᠠᠷ ᠢᠶᠠᠨ ᠭᠦᠯᠦ | ᠰᠢᠷ᠎ᠠ ᠨᠠᠭᠤᠷ ︵ᠠᠯᠲᠠᠨ ᠤᠯᠤᠰ ᠤᠨ ᠦᠶ᠎ᠡ ᠳᠤ ᠴᠠᠭᠠᠨ ᠤᠰᠤᠨ ᠨᠠᠭᠤᠷ ᠭᠡᠳᠡᠭ︶ ᠲᠠᠢ ᠨᠢᠭᠤᠷᠯᠠᠵᠤ᠂ ᠠᠭᠤᠯᠠ ᠶᠢ ᠲᠦᠰᠢᠵᠦ ᠤᠰᠤ ᠶᠢ ᠪᠠᠷᠠᠯᠬᠠᠰᠠᠨ᠂ ᠭᠠᠵᠠᠷ ᠤᠨ | ᠪᠠᠶᠢᠴᠠ ᠨᠢ ᠳᠡᠭᠰᠢ ᠰᠠᠷᠠᠭᠤᠯ᠂ ᠵᠠᠮ ᠬᠠᠷᠢᠯᠴᠠᠭ᠎ᠠ ᠳᠥᠭᠦᠮ᠂ ᠨᠡᠭᠦᠳᠡᠯᠯᠡᠨ ᠮᠠᠯᠵᠢᠬᠤ ᠪᠠ ᠳᠠᠷᠢᠶᠠᠯᠠᠩ ᠤᠨ ᠰᠤᠯᠢᠯᠴᠠᠭ᠎ᠠ ᠳᠤ ᠮᠠᠰᠢ ᠲᠣᠬᠢᠷᠠᠮᠵᠢᠲᠠᠶ ᠭᠠᠵᠠᠷ ᠪᠠᠶᠢᠪᠠ᠃ | ᠡᠷᠲᠡᠨ ᠤ ᠬᠤᠲᠠ ᠶᠢᠨ ᠵᠡᠭᠦᠨ ᠪᠠ ᠬᠤᠶᠢᠳᠤ ᠳᠠᠯ᠎ᠠ ᠶᠢᠨ ᠬᠤᠲᠠ ᠶᠢᠨ ᠬᠡᠷᠡᠮ ᠨᠢ ᠦᠯᠡᠳᠡᠵᠦ᠂ ᠪᠠᠷᠠᠭᠤᠨ ᠪᠠ ᠡᠮᠦᠨ᠎ᠡ ᠳᠠᠯ᠎ᠠ ᠶᠢᠨ ᠬᠤᠲᠠ ᠶᠢᠨ ᠬᠡᠷᠡᠮ ᠨᠢ | ᠶᠡᠭᠦᠷᠡᠵᠦ ᠪᠤᠯᠠᠭᠳᠠᠵᠠᠢ᠃ | | ᠵᠢᠷᠤᠭ 1᠄ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠶᠢᠨ ᠮᠠᠯᠲᠠᠵᠤ ᠢᠯᠡᠷᠡᠭᠦᠯᠦᠭᠰᠡᠨ ᠬᠡᠰᠡᠭ ︵ᠭᠡᠷᠡᠯ ᠵᠢᠷᠤᠭ ᠤᠨ ᠢᠷᠡᠯᠲᠡ᠄ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ︶ | ᠡᠷᠲᠡᠨ ᠤ ᠬᠤᠲᠠ ᠶᠢᠨ ᠵᠡᠭᠦᠨ᠂ ᠪᠠᠷᠠᠭᠤᠨ ᠬᠡᠷᠡᠮ ᠳᠤ ᠨᠢ ᠲᠤᠰ ᠪᠦᠷᠢ ᠨᠢᠭᠡ ᠬᠤᠲᠠ ᠶᠢᠨ ᠬᠠᠭᠠᠯᠭ᠎ᠠ ᠲᠠᠢ᠂ ᠵᠡᠭᠦᠨ ᠬᠠᠭᠠᠯᠭ᠎ᠠ ᠨᠢ ᠬᠤᠲᠠ ᠶᠢᠨ ᠵᠡᠭᠦᠨ | ᠬᠡᠷᠡᠮ ᠤᠨ ᠬᠤᠶᠢᠲᠤ ᠬᠡᠰᠡᠭ ᠲᠤ ᠪᠠᠶᠢᠷᠢᠯᠠᠵᠤ᠂ ᠭᠠᠳᠠᠨ᠎ᠠ ᠪᠠᠨ ᠳᠥᠷᠪᠡᠯᠵᠢᠨ ᠬᠠᠯᠬᠠᠭ᠎ᠠ ᠬᠤᠲᠠ ᠲᠠᠢ︔ ᠪᠠᠷᠠᠭᠤᠨ ᠬᠠᠭᠠᠯᠭ᠎ᠠ ᠨᠢ ᠬᠤᠲᠠ ᠶᠢᠨ ᠪᠠᠷᠠᠭᠤᠨ | ᠬᠡᠷᠡᠮ ᠤᠨ ᠳᠤᠮᠳᠠ ᠬᠡᠰᠡᠭ ᠲᠤ ᠣᠷᠣᠰᠢᠵᠤ᠂ ᠭᠠᠳᠠᠨ᠎ᠠ ᠨᠢ ᠮᠣᠷᠢᠨ ᠲᠤᠭᠤᠷᠠᠶ ᠶᠢᠨ ᠬᠡᠯᠪᠡᠷᠢᠲᠡᠶ ᠬᠠᠯᠬᠠᠭ᠎ᠠ ᠬᠤᠲᠠ ᠲᠠᠢ᠃ ᠬᠤᠲᠠ ᠶᠢᠨ ᠳᠤᠳᠤᠷᠠᠬᠢ ᠵᠢᠷᠭᠤᠭᠠᠨ | ᠭᠤᠯᠳᠤ ᠵᠠᠮ᠂ ᠳᠣᠯᠣᠭᠠᠨ ᠬᠥᠨᠳᠡᠯᠡᠨ ᠵᠠᠮ ᠨᠢ ᠡᠷᠲᠡᠨ ᠤ ᠬᠤᠲᠠ ᠶᠢ ᠭᠤᠴᠢᠨ ᠨᠢᠭᠡᠨ ᠨᠢᠭᠡᠴᠢ ᠪᠤᠯᠭᠠᠨ ᠬᠤᠪᠢᠶᠠᠵᠠᠢ᠃ ᠬᠤᠲᠠ ᠶᠢᠨ ᠳᠣᠲᠣᠷᠠᠬᠢ ᠬᠤᠶᠢᠲᠤ ᠬᠡᠰᠡᠭ | ᠲᠤ ᠨᠢ ᠲᠣᠮᠣ ᠬᠡᠯᠪᠡᠷᠢ ᠶᠢᠨ ᠪᠠᠷᠢᠯᠭ᠎ᠠ ᠶᠢᠨ ᠰᠠᠭᠤᠷᠢ ᠲᠠᠢ᠂ ᠰᠠᠭᠤᠷᠢ ᠶᠢᠨ ᠡᠮᠦᠨ᠎ᠡ ᠬᠡᠰᠡᠭ ᠨᠢ ᠳᠠᠷᠤᠢ ᠬᠤᠲᠠ ᠶᠢᠨ ᠠᠷᠠᠯᠵᠢᠶᠠᠨ ᠤ ᠵᠠᠬ᠎ᠠ ᠶᠢᠨ ᠪᠠᠭᠤᠷᠢ ᠪᠣᠯᠤᠨ᠎ᠠ᠃ | ᠬᠤᠲᠠ ᠶᠢᠨ ᠪᠠᠷᠠᠭᠤᠨ ᠵᠠᠬ᠎ᠠ ᠪᠠᠷ ᠨᠢ ᠡᠮᠦᠨᠡᠰᠢ ᠤᠮᠠᠷᠠᠰᠢ ᠨᠡᠪᠲᠡᠷᠡᠭᠰᠡᠨ ᠵᠠᠮ ᠪᠠᠶᠢᠳᠠᠭ᠂ ᠡᠨ᠋ᠨ ᠵᠠᠮ ᠨᠢ ᠪᠠᠷᠠᠭᠤᠨ ᠬᠠᠭᠠᠯᠭ᠎ᠠ ᠶᠢᠨ ᠬᠠᠯᠬᠠᠭ᠎ᠠ ᠬᠤᠳᠠ ᠬᠢᠭᠡᠳ | ᠬᠤᠳᠠ ᠶᠢᠨ ᠳᠣᠲᠣᠷᠠᠬᠢ ᠵᠠᠮ ᠲᠠᠢ ᠵᠠᠯᠭᠠᠯᠳᠤᠳᠠᠭ᠃ | | ᠵᠢᠷᠤᠭ 2᠄ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠶᠢᠨ ᠪᠠᠷᠠᠭᠤᠨ ᠬᠠᠭᠠᠯᠭ᠎ᠠ ᠶᠢᠨ ᠬᠠᠯᠬᠠᠭ᠎ᠠ ᠬᠤᠳᠠ ᠶᠢᠨ ᠪᠠᠭᠤᠷᠢ ︵ᠭᠡᠷᠡᠯ ᠵᠢᠷᠤᠭ ᠤᠨ | ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ︶ | ᠲᠡᠦᠬᠡ ᠶᠢᠨ ᠨᠤᠮ ︽ᠠᠯᠲᠠᠨ ᠤᠯᠤᠰ ᠤᠨ ᠲᠡᠦᠬᠡ · ᠭᠠᠵᠠᠷ ᠵᠦᠢ ᠶᠢᠨ ᠤᠢᠢᠯᠠᠯᠭ᠎ᠠ︾ ᠳᠤ ︽ᠰᠢ ᠵᠢᠩ ᠴᠦᠷᠬᠡᠯᠡᠭᠡ ᠶᠢᠨ ᠬᠠᠷᠢᠶᠠᠨ ᠳᠤ ᠷᠸᠦ ᠶᠤᠸᠠᠨ᠂ | ᠵᠢᠨᠢᠩ ᠵᠡᠷᠭᠡ ᠰᠢᠶᠠᠨ ᠪᠠᠶᠢᠳᠠᠭ︾ ᠭᠡᠵᠦ ᠳᠡᠮᠳᠡᠭᠯᠡᠭᠰᠡᠨ ᠪᠠᠶᠢᠳᠠᠭ᠃ ᠠᠯᠲᠠᠨ ᠤᠯᠤᠰ ᠤᠨ ᠦᠶ᠎ᠡ ᠶᠢᠨ ᠹᠦᠵᠧᠦ ᠨᠢ ᠣᠳᠣ ᠶᠢᠨ ᠭᠠᠵᠠᠷ ᠤᠷᠤᠨ ᠤ ᠳᠡᠰ ᠤᠨ ᠵᠠᠰᠠᠭ | ᠵᠠᠬᠢᠷᠭᠠᠨ ᠤ ᠪᠠᠶᠢᠭᠤᠯᠤᠮᠵᠢ ᠲᠠᠢ ᠲᠡᠩᠴᠡᠵᠦ᠂ ᠲᠡᠭᠦᠨ ᠤ ᠬᠠᠷᠢᠶᠠᠨ ᠳᠠᠬᠢ ᠷᠸᠦ ᠶᠤᠸᠠᠨ ︵ᠣᠳᠣ ᠶᠢᠨ ᠾᠧᠪᠸᠢ ᠮᠤᠵᠢ ᠶᠢᠨ ᠵᠠᠩᠪᠸᠢ ᠰᠢᠶᠠᠨ︶᠂ ᠵᠢᠨᠢᠩ ᠨᠢ | ᠰᠢᠶᠠᠨ ᠤ ᠳᠡᠰ ᠤᠨ ᠪᠠᠶᠢᠭᠤᠯᠤᠮᠵᠢ ᠪᠠᠶᠢᠵᠠᠢ᠃ | ᠶᠤᠸᠠᠨ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠰᠢᠶᠠᠨᠽᠦ᠋ᠩ ᠬᠠᠭᠠᠨ ︵1251 — 1259 ᠣᠨ︶ ᠵᠢᠨᠢᠩ ᠰᠢᠶᠠᠨ ᠢ ᠵᠢᠨᠢᠩ ᠴᠦᠷᠬᠡᠯᠡᠭᠡ ᠪᠣᠯᠭᠠᠨ | ᠳᠡᠪᠰᠢᠬᠦᠯᠵᠦ᠂ ᠡᠨ᠋ᠨ ᠨᠢ ᠣᠳᠣ ᠶᠢᠨ ᠭᠠᠵᠠᠷ ᠤᠷᠤᠨ ᠤ ᠳᠡᠰ ᠤᠨ ᠬᠤᠲᠠ ᠶᠢᠨ ᠪᠠᠶᠢᠭᠤᠯᠤᠮᠵᠢ ᠲᠠᠢ ᠳᠡᠩᠴᠠᠨᠠ᠂ ᠵᠢᠨᠢᠩ ᠴᠦᠷᠬᠡᠯᠡᠭᠡ ᠨᠢ ᠵᠦᠩ ᠱᠤ᠋ ᠱᠧᠩ | ᠮᠤᠵᠢ ᠳᠤ ᠬᠠᠮᠢᠶᠠᠷᠤᠭᠳᠠᠵᠤ᠂ ᠶᠤᠸᠠᠨ ᠤᠯᠤᠰ ᠤᠨ ᠨᠡᠶᠢᠰᠯᠡᠯ ᠤᠨ ᠲᠤᠳᠤᠭᠠᠳᠤ ᠤᠷᠤᠨ ᠪᠠᠶᠢᠪᠠ᠃ | ᠡᠷᠲᠡᠨ ᠤ ᠬᠤᠲᠠ ᠶᠢᠨ ᠪᠠᠭᠤᠷᠢ ᠶᠢᠨ ᠬᠡᠪᠴᠢᠶ᠎ᠡ ᠪᠠ ᠮᠠᠯᠲᠠᠵᠤ ᠭᠠᠷᠭᠠᠭᠰᠠᠨ ᠲᠡᠦᠬᠡ ᠶᠢᠨ ᠳᠤᠷᠠᠰᠬᠠᠯᠲᠤ ᠵᠦᠢᠯᠡᠰ ᠤᠨ ᠪᠠᠶᠢᠳᠠᠯ ᠠᠴᠠ ᠮᠠᠭᠠᠳᠯᠠᠪᠠᠯ᠂ | ᠲᠤᠬᠠᠶ ᠶᠢᠨ ᠦᠶ᠎ᠡ ᠳᠤ ᠵᠢᠨᠢᠩ ᠴᠦᠷᠬᠡᠯᠡᠭᠡ ᠨᠢ ᠮᠠᠰᠢ ᠴᠡᠴᠡᠭᠯᠡᠨ ᠬᠥᠭᠵᠢᠭᠰᠡᠨ ᠲᠠᠯ᠎ᠠ ᠨᠤᠲᠤᠭ ᠤᠨ ᠬᠤᠲᠠ ᠪᠠᠶᠢᠵᠠᠶ᠃ ᠡᠶᠢᠮᠦ ᠨᠢᠭᠡᠨ ᠡᠷᠲᠡᠨ ᠤ ᠲᠡᠦᠬᠡ ᠲᠠᠢ | ᠬᠤᠲᠠ ᠨᠢ ᠳᠠᠶᠢᠨ ᠲᠠᠵᠢᠨ ᠤ ᠲᠡᠷᠢ ᠶᠢᠨ ᠤᠳᠤᠭ᠎ᠠ ᠪᠠ ᠤᠨ ᠰᠠᠷ᠎ᠠ ᠶᠢᠨ ᠡᠯᠡᠭᠳᠡᠯ ᠳᠤ ᠪᠠᠯᠠᠷᠠᠵᠤ᠂ ᠬᠤᠵᠢᠮ ᠤᠨ ᠬᠥᠮᠦᠰ ᠲᠤ ᠬᠢᠵᠠᠭᠠᠯᠠᠰᠢ ᠦᠭᠡᠢ ᠮᠠᠭᠠᠳᠯᠠᠯ ᠪᠠ | ᠰᠡᠳᠬᠢᠭᠳᠡᠯ ᠦᠯᠡᠳᠡᠭᠡᠭᠰᠡᠨ ᠪᠠᠶᠢᠨ᠎ᠠ᠃ | ᠰᠤᠶᠤᠯ ᠪᠤᠯᠪᠠᠰᠤᠨ ᠤ ᠠᠭᠤᠰᠤᠯᠴᠠᠭ᠎ᠠ ᠡᠷᠳᠡᠨ ᠡᠳᠦᠭᠡ ᠶᠢᠨ ᠤᠯᠠᠮᠵᠢᠯᠠᠯ | ᠬᠡᠳᠦ᠋ᠢᠪᠡᠷ ᠲᠡᠦᠬᠡᠨ ᠮᠠᠲ᠋ᠧᠷᠢᠶᠠᠯ ᠳᠤ ᠳᠡᠮᠳᠡᠭᠯᠡᠭᠳᠡᠵᠦ ᠪᠠᠶᠢᠭ᠎ᠠ ᠪᠣᠯᠪᠠᠴᠤ ᠵᠢᠨᠢᠩ ᠤᠨ ᠳᠤᠳᠤᠷᠬᠠᠢ ᠤᠷᠤᠨ ᠪᠠᠶᠢᠷᠢ ᠶᠢ ᠶᠡᠷᠦ ᠨᠢ ᠲᠤᠳᠤᠯᠠᠵᠤ ᠳᠡᠶᠢᠯᠦᠭᠡ | ᠦᠭᠡᠢ ᠪᠠᠶᠢᠵᠠᠢ᠃ ᠢᠡᠭᠬᠢᠵᠦ ᠪᠠᠶᠢᠠᠠᠰᠠᠭᠠᠷ 1922 ᠣᠨ ᠳᠤ᠂ ᠤᠤᠯ ᠤᠨ ᠴᠠᠬᠠᠷ ᠤᠨ ᠰᠢᠯᠤᠭᠤᠨ ᠰᠢᠷ᠎ᠠ ᠬᠤᠰᠢᠭᠤᠨ ᠤ ᠨᠠᠢᠮᠠᠨ ᠰᠤᠮᠤ ᠶᠢᠨ ᠳ᠋ᠠ ᠲᠤ ᠴᠸᠡᠭ ᠠᠴᠠ | ᠨᠢᠬᠡ ᠡᠷᠲᠡᠨ ᠤ ᠬᠤᠲᠠ ᠶᠢᠨ ᠪᠠᠭᠤᠷᠢ ᠢᠯᠡᠷᠡᠭᠦᠯᠵᠦ᠂ ᠡᠷᠲᠡᠨ ᠤ ᠬᠤᠲᠠ ᠶᠢᠨ ᠺᠦᠩᠽᠢ ᠶᠢᠨ ᠰᠦᠮ᠎ᠡ ᠶᠢᠨ ᠪᠠᠭᠤᠷᠢ ᠠᠴᠠ ᠶᠤᠸᠠᠨ ᠤᠯᠤᠰ ᠤᠨ ᠷᠧᠨᠽᠦ᠋ᠩ | ᠬᠠᠭᠠᠨ ᠤ ᠬᠤᠸᠠᠩ ᠴᠢᠩ ᠤᠨ ᠲᠡᠷᠢᠭᠦᠨ ᠣᠨ ︵1312 ᠣᠨ︶ ᠳᠤ ᠰᠡᠶᠢᠯᠦᠭᠰᠡᠨ ︽ᠪᠤᠭᠳᠠ ᠸᠧᠨ ᠰᠢᠤᠸᠠᠨ ᠸᠠᠩ ᠤᠨ ᠰᠦᠮ᠎ᠡ ᠶᠢᠨ ᠰᠤᠷᠭᠠᠭᠤᠯᠢ ᠶᠢᠨ ᠬᠥᠰᠢᠶ᠎ᠡ︾ | ᠶᠢ ᠢᠯᠡᠷᠡᠬᠦᠯᠪᠠ᠂ ᠲᠤᠰ ᠬᠥᠰᠢᠶᠡᠨ ᠳᠡᠭᠡᠷ᠎ᠡ ︽ᠵᠢᠨᠢᠩ︾ ᠬᠡᠰᠡᠨ ᠦᠰᠦᠭ ᠢ ᠰᠡᠶᠢᠯᠦᠭᠰᠡᠨ ᠪᠠᠶᠢᠪᠠ᠃ ᠲᠡᠦᠬᠡ ᠰᠤᠳᠤᠯᠤᠭᠠᠴᠢ ᠶᠢᠨ ᠮᠠᠭᠠᠳᠯᠠᠭᠰᠠᠨ ᠢᠶᠠᠷ ᠡᠨᠡ ᠪᠣᠯ | ᠳᠠᠷᠤᠶ ᠠᠯᠲᠠᠨ ᠤᠯᠤᠰ ᠤᠨ ᠵᠢᠨᠢᠩ ᠰᠢᠶᠠᠨ᠂ ᠶᠤᠸᠠᠨ ᠤᠯᠤᠰ ᠤᠨ ᠵᠢᠨᠢᠩ ᠴᠦᠷᠬᠡᠯᠡᠭᠡ ᠶᠢᠨ ᠪᠠᠭᠤᠷᠢ ᠪᠣᠯᠤᠨ᠎ᠠ᠃ | | ᠵᠢᠷᠤᠭ 3᠄ ᠤᠳᠤ ᠤᠯᠠᠭᠠᠨᠴᠠᠪ ᠬᠤᠳᠠ ᠶᠢᠨ ᠮᠦᠽᠧᠢ ᠶᠢᠨ ᠣᠷᠳᠣᠨ ᠤ ᠡᠮᠦᠨ᠎ᠡ ᠪᠣᠰᠬᠠᠭᠰᠠᠨ ᠶᠤᠸᠠᠨ ᠤᠯᠤᠰ ᠤᠨ ᠦᠶ᠎ᠡ ᠶᠢᠨ ᠵᠢᠨᠢᠩ ᠴᠦᠷᠬᠡᠯᠡᠭᠡ ᠶᠢᠨ | ︽ᠪᠤᠭᠳᠠ ᠸᠧᠨ ᠰᠢᠤᠸᠠᠨ ᠸᠠᠩ ᠤᠨ ᠰᠦᠮ᠎ᠡ ᠶᠢᠨ ᠰᠤᠷᠭᠠᠭᠤᠯᠢ ᠶᠢᠨ ᠬᠥᠰᠢᠶ᠎ᠡ︾ ︵ᠬᠡᠷᠡᠯ ᠵᠢᠷᠤᠭ ᠤᠨ ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠰᠦᠯᠵᠢᠶ᠎ᠡ︶ | ᠶᠤᠸᠠᠨ ᠤᠯᠤᠰ ᠤᠨ ᠲᠥᠪ ᠵᠠᠰᠠᠭ ᠠᠴᠠ ᠲᠦᠷᠦ ᠬᠦᠷᠦᠨ ᠢᠶᠠᠨ ᠪᠦᠲᠦᠮᠵᠢᠲᠡᠢ ᠵᠠᠰᠠᠬᠤ ᠶᠢᠨ ᠲᠥᠯᠥᠭᠡ ᠺᠦᠩᠽᠢ ᠶᠢᠨ ᠰᠤᠷᠭᠠᠯᠲᠠᠨ ᠤ ᠰᠣᠶᠣᠯ ᠢ ᠶᠡᠭᠡ | ᠪᠠᠷ ᠳᠡᠯᠭᠡᠷᠡᠭᠦᠯᠵᠡᠢ᠃ ᠡᠯ᠎ᠡ ᠬᠠᠭᠠᠨ ᠡᠵᠡᠳ ᠪᠢᠴᠢᠭ ᠤᠨ ᠰᠤᠷᠭᠠᠯ ᠢ ᠡᠷᠬᠢᠮᠯᠡᠨ ᠺᠦᠩᠽᠢ ᠶᠢ ᠬᠦᠨᠳᠦᠳᠬᠡᠵᠦ᠂ ᠺᠦᠩᠽᠢ ᠶᠢᠨ ᠰᠦᠮ᠎ᠡ ᠶᠢ ᠶᠡᠭᠡ ᠪᠠᠷ ᠪᠠᠶᠢᠭᠤᠯᠵᠤ᠂ | ᠪᠢᠴᠢᠭ ᠤᠨ ᠰᠤᠷᠭᠠᠯᠲᠠᠨ ᠤ ᠰᠣᠶᠣᠯ ᠢ ᠨᠤᠶᠠᠷᠬᠠᠯ ᠤᠨ ᠲᠥᠷᠥ ᠶᠢᠨ ᠪᠣᠳᠣᠯᠭ᠎ᠠ ᠶᠢᠨ ᠢᠶᠠᠨ ᠦᠨᠳᠦᠰᠦᠨ ᠠᠭᠤᠯᠭ᠎ᠠ ᠪᠣᠯᠭᠠᠵᠤ᠂ ᠺᠦᠩᠽᠢ ᠶᠢ ᠨᠡᠩ ᠴᠤ ︽ᠪᠤᠭᠳᠠ | ᠸᠧᠨ ᠰᠢᠤᠸᠠᠨ ᠸᠠᠩ︾ ᠭᠡᠵᠦ ᠡᠷᠭᠦᠮᠵᠢᠯᠡᠪᠡ᠂ ᠡᠨᠡ ᠪᠣᠯ ᠲᠡᠦᠬᠡᠨ ᠳᠡᠭᠡᠷᠡᠬᠢ ᠡᠯ᠎ᠡ ᠲᠥᠷᠥ ᠭᠦᠷᠦᠨ ᠤ ᠳᠤᠲᠤᠷ᠎ᠠ ᠺᠦᠩᠽᠢ ᠳᠤ ᠣᠯᠭᠤᠭᠰᠠᠨ ᠬᠠᠮᠤᠭ ᠤᠨ ᠳᠡᠭᠡᠳᠦ | ᠴᠣᠯᠠ ᠪᠣᠯᠤᠨ᠎ᠠ᠃ | ᠥᠨᠥᠳᠦᠷ ᠤᠨ ᠤᠯᠠᠭᠠᠨᠴᠠᠪ ᠬᠤᠳᠠ ᠶᠢᠨ ᠮᠦᠽᠧᠢ ᠳᠤ ᠬᠠᠳᠠᠭᠠᠯᠠᠭᠳᠠᠵᠤ ᠪᠠᠶᠢᠭ᠎ᠠ ᠵᠢᠨᠢᠩ ᠴᠦᠷᠬᠡᠯᠡᠭᠡ ᠶᠢᠨ ︽ᠪᠤᠭᠳᠠ ᠸᠧᠨ ᠰᠢᠤᠸᠠᠨ ᠸᠠᠩ ᠤᠨ ᠰᠦᠮ᠎ᠡ | ᠶᠢᠨ ᠰᠤᠷᠭᠠᠭᠤᠯᠢ ᠶᠢᠨ ᠬᠥᠰᠢᠶ᠎ᠡ︾ ᠨᠢ ᠶᠤᠸᠠᠨ ᠤᠯᠤᠰ ᠤᠨ ᠬᠠᠭᠠᠨ ᠺᠦᠩᠽᠢ ᠶᠢ ᠬᠢᠵᠠᠭᠠᠯᠠᠰᠢ ᠦᠭᠡᠢ ᠬᠦᠨᠳᠦᠳᠬᠡᠵᠦ ᠪᠠᠶᠢᠭᠰᠠᠨ ᠢ ᠬᠠᠷᠠᠭᠤᠯᠵᠤ ᠪᠠᠶᠢᠭ᠎ᠠ | ᠪᠥᠭᠡᠳ ᠡᠨᠡ ᠨᠢ ᠶᠤᠸᠠᠨ ᠤᠯᠤᠰ ᠤᠨ ᠦᠶ᠎ᠡ ᠳᠤ ᠪᠢᠴᠢᠭ ᠤᠨ ᠰᠤᠷᠭᠠᠯ ᠵᠢᠨᠢᠩ ᠤᠷᠤᠨ ᠢᠶᠠᠷ ᠳᠡᠯᠭᠡᠷᠡᠭᠰᠡᠨ ᠤ ᠴᠢᠬᠤᠯᠠ ᠭᠡᠷᠡᠴᠢ ᠶᠤᠮ᠃ ᠪᠢᠴᠢᠭ ᠤᠨ | ᠰᠤᠷᠭᠠᠯ ᠤᠨ ᠰᠤᠷᠭᠠᠨ ᠬᠥᠮᠦᠵᠢᠯ ᠢ ᠶᠡᠭᠡ ᠪᠠᠷ ᠡᠷᠬᠢᠮᠯᠡᠬᠦ ᠪᠠᠷ ᠳᠠᠮᠵᠢᠭᠤᠯᠤᠨ ᠶᠤᠸᠠᠨ ᠤᠯᠤᠰ ᠲᠤ ᠰᠣᠶᠣᠯ ᠤᠨ ᠠᠭᠤᠰᠤᠯᠴᠠᠨ ᠬᠥᠭᠵᠢᠬᠦ ᠶᠢ ᠤᠯᠠᠮ ᠨᠢᠭᠡ | ᠠᠯᠬᠤᠮ ᠪᠡᠶᠡᠯᠡᠭᠦᠯᠵᠡᠢ᠃ | ᠵᠢᠨᠢᠩ ᠴᠦᠷᠬᠡᠯᠡᠭᠡ ᠶᠢᠨ ᠪᠠᠭᠤᠷᠢ ᠶᠢ ᠢᠯᠡᠷᠡᠭᠦᠯᠬᠦ ᠦᠶ᠎ᠡ ᠳᠤ ᠫᠢᠩ ᠰᠦᠢ ᠲᠡᠮᠦᠷ ᠵᠠᠮ ᠢ ᠶᠠᠭ ᠪᠠᠶᠢᠭᠤᠯᠵᠤ ᠪᠠᠶᠢᠪᠠ᠃ ᠤᠤᠯ ᠨᠢ ᠫᠢᠡᠭ ᠳ᠋ᠢ ᠴᠢᠤᠸᠠᠨ ᠳᠤ | ᠲᠡᠷᠭᠡᠨ ᠥᠷᠲᠡᠭᠡ ᠪᠠᠶᠢᠭᠤᠯᠬᠤ ᠪᠠᠷ ᠲᠥᠯᠥᠪᠯᠡᠵᠦ ᠪᠠᠶᠢᠵᠠᠶ᠂ ᠭᠡᠪᠡᠴᠦ ᠲᠤᠬᠠᠶ ᠶᠢᠨ ᠭᠠᠵᠠᠷ ᠤᠨ ᠱᠠᠰᠢᠨ ᠤ ᠨᠡᠶᠢᠭᠡᠮᠯᠢᠭ ᠤᠨ ᠬᠠᠷᠰᠢᠯᠠᠭᠰᠠᠨ ᠠᠴᠠ ᠪᠣᠯᠵᠤ᠂ ᠠᠷᠭ᠎ᠠ | ᠪᠤᠰᠤ ᠲᠡᠷᠭᠡᠨ ᠥᠷᠲᠡᠭᠡ ᠪᠠᠨ ᠬᠡᠷᠢᠶᠡᠨ ᠠᠮᠠ ︵ᠤᠤᠯ ᠤᠨ ᠵᠢᠨᠢᠩ︶ ᠳᠤ ᠪᠠᠶᠢᠭᠤᠯᠵᠤ᠂ ᠫᠢᠡᠭ ᠳ᠋ᠢ ᠴᠢᠤᠸᠠᠨ ᠲᠡᠷᠭᠡᠨ ᠥᠷᠲᠡᠭᠡ ᠭᠡᠵᠦ ᠨᠡᠷᠡᠶᠢᠳᠪᠡ᠃ 1922 | ᠣᠨ ᠳᠤ ᠢᠷᠭᠡᠨ ᠤᠯᠤᠰ ᠤᠨ ᠵᠠᠰᠠᠭ ᠤᠨ ᠣᠷᠳᠣᠨ ᠫᠢᠡᠭ ᠳᠢ ᠴᠢᠤᠸᠠᠨ ᠣᠷᠴᠢᠮ ᠫᠢᠡᠭᠴᠢᠤᠸᠠᠨ ᠰᠢᠶᠠᠨ ᠢ ᠪᠠᠶᠢᠭᠤᠯᠬᠤ ᠭᠡᠰᠡᠨ ᠪᠣᠯᠪᠠᠴᠤ ᠾᠧᠪᠸᠢ ᠮᠤᠵᠢ ᠶᠢᠨ | ᠫᠢᠩᠴᠢᠤᠸᠠᠨ ᠰᠢᠶᠠᠨ ᠲᠠᠢ ᠨᠠᠷᠠ ᠳᠠᠪᠬᠤᠴᠠᠭᠰᠠᠨ ᠠᠴᠠ ᠪᠤᠯᠵᠤ ᠪᠠᠶᠢᠭᠤᠯᠵᠤ ᠴᠢᠳᠠᠭᠰᠠᠨ ᠦᠬᠡᠢ᠃ | | ᠵᠢᠷᠤᠭ 4᠄ ᠫᠢᠩ ᠰᠦᠢ ᠲᠡᠮᠤᠷ ᠵᠠᠮ ᠤᠨ ᠵᠢᠨᠢᠩ ᠰᠢᠶᠠᠨ ᠭᠠᠯᠳᠤ ᠲᠡᠷᠭᠡᠨ ᠤ ᠦᠷᠳᠡᠭᠡ᠂ ᠵᠢᠨᠢᠩ ᠨᠢ ᠲᠤᠬᠠᠢ ᠶᠢᠨ ᠦᠶ᠎ᠡ ᠳᠤ ᠰᠦᠢᠶᠤᠸᠠᠨ ᠮᠤᠵᠢ ᠶᠢᠨ | ᠵᠠᠮ ᠬᠠᠷᠢᠯᠴᠠᠭ᠎ᠠ ᠵᠢᠴᠢ ᠴᠡᠷᠢᠭ ᠤᠨ ᠶᠠᠪᠤᠳᠠᠯ ᠤᠨ ᠴᠢᠬᠤᠯᠠ ᠪᠠᠯᠭᠠᠰᠤ ᠪᠠᠶᠢᠪᠠ᠃ ᠹᠡᠩ ᠳ᠋ᠠ ᠽᠧᠩ | 1936 ᠤᠨ ᠳᠤ ᠰᠡᠬᠦᠳᠡᠷᠯᠡᠪᠡ᠃ ︵ᠵᠢᠷᠤᠭ ᠤᠨ ᠢᠷᠡᠯᠳᠡ᠄ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠤᠨ ᠤᠨ ᠵᠠᠰᠠᠭ ᠤᠨ ᠤᠷᠳᠤᠨ ᠤ | ᠠᠯᠪᠠᠨ ᠰᠦᠯᠵᠢᠶ᠎ᠠ︶ | ᠥᠭᠡᠷ᠎ᠡ ᠨᠡᠷ᠎ᠡ ᠰᠣᠩᠭᠤᠬᠤ ᠦᠶ᠎ᠡ ᠳᠤ ᠪᠠᠨ ᠵᠢᠨᠢᠩ ᠴᠦᠷᠬᠡᠯᠡᠭᠡ ᠶᠢᠨ ᠡᠷᠲᠡᠨ ᠤ ᠬᠤᠳᠠ ᠶᠢᠨ ᠪᠠᠭᠤᠷᠢ ᠠᠴᠠ ᠣᠯᠳᠠᠭᠰᠠᠨ ᠴᠢᠯᠠᠭᠤᠨ ᠬᠥᠰᠢᠶᠡᠨ ᠳᠡᠭᠡᠷᠡᠬᠢ | ︽ᠵᠢᠨᠢᠩ︾ ᠭᠡᠬᠦ ᠦᠰᠦᠭ ᠢ ᠬᠡᠷᠡᠭᠯᠡᠵᠡᠢ᠂ ᠤᠳᠤ ᠶᠢᠨ ᠵᠢᠨᠢᠩ ᠴᠤ ᠡᠭᠦᠨ ᠠᠴᠠ ᠡᠬᠦᠰᠤᠯ ᠲᠠᠢ᠃ 1924 ᠣᠨ ᠤ 2 ᠰᠠᠷ᠎ᠠ ᠶᠢᠨ 15 ᠤ ᠡᠳᠦᠷ᠂ ᠵᠢᠨᠢᠩ ᠰᠢᠶᠠᠨ | ᠵᠢᠩᠬᠢᠨᠢ ᠪᠠᠷ ᠪᠠᠶᠢᠭᠤᠯᠤᠭᠳᠠᠵᠤ᠂ ᠵᠢᠨᠢᠩ ᠬᠡᠬᠦ ᠨᠡᠷ᠎ᠠ ᠪᠠᠨ ᠦᠷᠬᠦᠯᠵᠢᠯᠡᠨ ᠬᠡᠷᠡᠭᠯᠡᠵᠡᠢ᠃ ᠮᠥᠬᠦᠭᠰᠡᠨ ᠡᠷᠲᠡᠨ ᠤ ᠬᠤᠲᠠ ᠪᠤᠯᠤᠨ ᠣᠳᠣ ᠦᠶ᠎ᠡ ᠶᠢᠨ ᠬᠤᠲᠠ ᠨᠢ ᠡᠶᠢᠨ | ᠬᠦ ᠵᠤᠯᠭᠠᠯᠳᠤᠨ ᠤᠯᠠᠮᠵᠢᠯᠠᠭᠳᠠᠪᠠ᠃ | ᠬᠤᠳᠠᠯᠳᠤᠭᠠᠴᠢᠳ ᠬᠤᠷᠠᠨ ᠴᠤᠭᠯᠠᠷᠠᠵᠤ ᠬᠠᠷᠢᠯᠴᠠᠨ ᠰᠢᠬᠢᠤᠡᠴᠤ ᠬᠦᠭᠵᠢᠨᠠᠮ | ᠶᠤᠸᠠᠨ ᠤᠯᠤᠰ ᠤᠨ ᠦᠶ᠎ᠡ ᠳᠤ ᠧᠦ᠋ᠷᠣᠫᠠ ᠠᠽᠢᠶ᠎ᠠ ᠶᠢᠨ ᠡᠬᠡ ᠬᠠᠭᠤᠷᠠᠶ ᠶᠢᠨ ᠡᠮᠦᠨᠡᠲᠦ ᠤᠮᠠᠷᠠᠲᠤ᠂ ᠵᠡᠭᠦᠨ ᠪᠠᠷᠠᠭᠤᠨ ᠣᠷᠣᠨ ᠤ ᠠᠵᠤ ᠠᠬᠤᠶ | ᠰᠣᠶᠣᠯ ᠤᠨ ᠰᠣᠯᠢᠯᠴᠠᠭ᠎ᠠ ᠡᠳᠦᠷ ᠢᠷᠡᠬᠦᠶ᠎ᠠ ᠣᠯᠠᠰᠢᠷᠠᠵᠤ᠂ ᠠᠷᠠᠯᠵᠢᠶ᠎ᠠ ᠬᠤᠳᠠᠯᠳᠤᠭ᠎ᠠ ᠤᠯᠠᠮ ᠢᠶᠠᠷ ᠬᠥᠭᠵᠢᠵᠦ᠂ ᠵᠢᠨᠢᠩ ᠤᠨ ᠡᠷᠲᠡᠨ ᠤ ᠬᠤᠲᠠ ᠨᠢ ᠳᠤᠮᠳᠠᠳᠤ | ᠣᠷᠣᠨ ᠠᠴᠠ ᠭᠤᠪᠢ ᠶᠢᠨ ᠠᠷᠤ ᠳᠤ ᠨᠡᠪᠲᠡᠷᠡᠬᠦ ᠵᠠᠮ ᠬᠠᠷᠢᠯᠴᠠᠭᠠᠨ ᠤ ᠴᠢᠬᠤᠯᠠ ᠬᠤᠳᠠ ᠪᠣᠯᠵᠤ ᠪᠠᠶᠢᠪᠠ᠃ ᠶᠤᠸᠠᠨ ᠤᠯᠤᠰ ᠤᠨ ᠦᠶ᠎ᠡ ᠳᠤ ᠵᠢᠨᠢᠩ ᠰᠢᠶᠠᠨ ᠢ | ᠵᠢᠨᠢᠩ ᠴᠦᠷᠬᠡᠯᠡᠭᠡ ᠪᠤᠯᠭᠠᠨ ᠲᠡᠭᠡᠭᠰᠢᠯᠡᠬᠦᠯᠵᠦ᠂ ᠪᠠᠳᠤ ᠪᠠᠬᠢᠯᠢᠭ᠌ ᠬᠤᠳᠠ ᠰᠠᠭᠤᠷᠢᠨ ᠢ ᠪᠠᠶᠢᠭᠤᠯᠵᠤ᠂ ᠰᠠᠭᠤᠭᠠᠯᠢ ᠠᠷᠠᠳ᠂ ᠬᠤᠳᠠᠯᠳᠤᠭᠠᠴᠢᠳ ᠪᠠ ᠡᠳ᠋ ᠪᠣᠳᠠᠰ ᠢ | ᠬᠠᠮᠠᠭᠠᠯᠠᠵᠤ ᠪᠠᠶᠢᠵᠠᠢ᠃ | ᠡᠨᠡ ᠨᠢ ᠤᠮᠠᠷᠠᠲᠤ ᠶᠢᠨ ᠦᠨᠳᠦᠰᠦᠲᠡᠨ ᠪᠣᠯᠤᠨ ᠳᠤᠮᠳᠠᠳᠤ ᠣᠷᠣᠨ ᠤ ᠠᠷᠠᠳ ᠢᠷᠬᠡᠳ ᠤᠨ ᠬᠠᠷᠢᠯᠴᠠᠨ ᠠᠰᠢᠭᠲᠠᠶ ᠶᠠᠪᠤᠯᠴᠠᠭ᠎ᠠ ᠰᠤᠯᠢᠯᠴᠠᠭ᠎ᠠ ᠶᠢ | ᠠᠬᠢᠭᠤᠯᠪᠠ᠃ ᠤᠮᠠᠷᠠᠲᠤ ᠣᠷᠣᠨ ᠨᠢ ᠨᠣᠤᠰᠣᠨ ᠨᠡᠬᠡᠮᠡᠯ᠂ ᠵᠡᠷᠯᠢᠭ ᠠᠷᠢᠶᠠᠲᠠᠨ ᠤ ᠠᠷᠠᠰᠤ᠂ ᠪᠣᠳᠠ ᠮᠠᠯ᠂ ᠳᠠᠪᠤᠰᠤ᠂ ᠲᠡᠮᠦᠷ ᠵᠡᠷᠭᠡ ᠡᠳ᠋ ᠪᠠᠷᠠᠭ᠎ᠠ ᠪᠠᠷ ᠳᠤᠮᠳᠠᠳᠤ | ᠣᠷᠣᠨ ᠤ ᠴᠠᠭᠠᠨ ᠮᠥᠩᠭᠦ᠂ ᠪᠦᠰ ᠪᠠᠷᠠᠭ᠎ᠠ᠂ ᠴᠠᠶ᠂ ᠲᠣᠷᠭ᠎ᠠ ᠵᠡᠷᠭᠡ ᠶᠢ ᠰᠤᠯᠢᠨ ᠠᠪᠴᠢᠷᠠᠳᠠᠭ᠂ ᠡᠬᠦᠨ ᠢ ᠡᠷᠬᠡ ᠲᠡᠭᠰᠢ ᠬᠠᠷᠢᠯᠴᠠᠨ ᠮᠠᠶᠢᠮᠠᠶᠢᠯᠠᠬᠤ᠂ ᠵᠠᠰᠠᠭ ᠲᠤ | ᠳᠤᠰᠠᠲᠠᠢ ᠠᠷᠠᠳ ᠲᠤ ᠠᠰᠢᠭᠲᠠᠶ ᠶᠠᠪᠤᠳᠠᠯ ᠭᠡᠵᠦ ᠬᠡᠯᠡᠵᠦ ᠪᠣᠯᠤᠨ᠎ᠠ᠃ ᠨᠡᠭᠦᠳᠡᠯᠯᠡᠨ ᠮᠠᠯᠵᠢᠳᠠᠭ ᠦᠨᠳᠦᠰᠦᠲᠡᠨ ᠤ ᠴᠢᠬᠤᠯᠠ ᠬᠡᠷᠡᠭᠴᠡᠬᠡᠳᠦ ᠠᠮᠢᠳᠤᠷᠠᠯ ᠤᠨ ᠬᠡᠷᠡᠭᠰᠡᠯ᠂ | ᠭᠠᠷ ᠦᠢᠯᠡᠳᠪᠦᠷᠢᠯᠡᠯ ᠤᠨ ᠬᠡᠷᠡᠭᠰᠡᠯ ᠨᠢ ᠳᠤᠮᠳᠠᠳᠤ ᠣᠷᠣᠨ ᠠᠴᠠ ᠲᠠᠰᠤᠷᠠᠯᠲᠠ ᠦᠭᠡᠶ ᠭᠤᠪᠢ ᠶᠢᠨ ᠠᠷᠤ ᠳᠤ ᠣᠷᠣᠵᠤ ᠢᠷᠡᠪᠡ᠃ ᠡᠬᠦᠨ ᠤ ᠬᠠᠮᠲᠤ᠂ ︽ᠳᠤᠮᠳᠠᠳᠤ | ᠣᠷᠣᠨ ᠳᠤ ᠮᠠᠯ ᠲᠡᠵᠢᠭᠡᠪᠤᠷᠢ ᠭᠡᠭᠡᠷ᠎ᠡ ᠲᠦᠬᠦᠷᠴᠦ︾᠂ ᠳᠤᠮᠳᠠᠳᠤ ᠣᠷᠣᠨ ᠤ ᠲᠠᠷᠢᠶᠠᠯᠠᠩ ᠤᠨ ᠦᠢᠯᠡᠳᠪᠦᠷᠢᠯᠡᠯ ᠤᠨ ᠬᠦᠴᠦᠨ ᠤ ᠬᠥᠭᠵᠢᠯᠲᠡ ᠶᠢ ᠠᠬᠢᠭᠤᠯᠪᠠ᠃ | ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠲᠥᠪ ᠬᠡᠰᠡᠭ ᠲᠤ ᠨᠢᠭᠡᠨ ᠪᠦᠷᠢᠨ ᠪᠦᠲᠦᠨ ᠬᠤᠲᠠ ᠶᠢᠨ ᠪᠠᠭᠤᠷᠢ ᠶᠢ ᠢᠯᠡᠷᠡᠬᠦᠯᠪᠠ᠂ ᠡᠨ᠋ᠨ ᠪᠠᠭᠤᠷᠢ | ᠵᠡᠭᠦᠨᠰᠢ ᠪᠠᠷᠠᠭᠤᠨᠰᠢ ᠪᠠᠨ 100 ᠮᠧᠲᠷ᠂ ᠡᠮᠦᠨᠡᠰᠢ ᠤᠮᠠᠷᠠᠰᠢ ᠪᠠᠨ 60 ᠮᠧᠲᠷ ᠪᠠᠶᠢᠨ᠎ᠠ᠃ ᠤᠷᠤᠨ ᠰᠠᠭᠤᠴᠠ ᠨᠢ ᠲᠤᠭᠤᠨᠤᠯᠵᠢᠨ ᠵᠡᠭᠡᠯᠢ ᠶᠢᠨ ᠬᠤᠶᠠᠷ ᠬᠠᠵᠠᠭᠤ | ᠪᠠᠷ ᠲᠠᠷᠬᠠᠵᠤ᠂ ᠵᠡᠭᠡᠯᠢ ᠳᠠᠭᠠᠤ ᠭᠡᠷ ᠪᠠᠶᠢᠰᠢᠩ ᠨᠢ ᠬᠡᠷᠡᠰᠬᠡ ᠬᠡᠯᠪᠡᠷᠢ ᠪᠠᠷ ᠪᠠᠶᠢᠷᠢᠯᠠᠵᠤ ᠪᠠᠶᠢᠵᠠᠢ᠃ ᠮᠠᠭᠠᠳᠯᠠᠯ ᠢᠶᠠᠷ ᠵᠡᠭᠡᠯᠢ ᠳᠠᠭᠠᠤ ᠶᠢᠨ ᠭᠡᠷ ᠪᠠᠶᠢᠰᠢᠩ ᠨᠢ ᠣᠷᠣᠨ | ᠰᠠᠭᠤᠴᠠ᠂ ᠠᠷᠠᠯᠵᠢᠶᠠᠨ ᠤ ᠲᠠᠯᠠᠪᠤᠷ᠂ ᠳᠣᠲᠣᠷ᠎ᠠ ᠲᠠᠯ᠎ᠠ ᠶᠢᠨ ᠭᠡᠷ ᠪᠠᠶᠢᠰᠢᠩ ᠨᠢ ᠦᠢᠯᠡᠳᠬᠡᠯ ᠤᠨ ᠭᠠᠵᠠᠷ ᠪᠤᠶᠤ ᠡᠳ᠋ ᠪᠣᠳᠠᠰ ᠬᠠᠳᠠᠭᠠᠯᠠᠬᠤ ᠭᠠᠵᠠᠷ ᠪᠠᠶᠢᠵᠤ | ᠡᠷᠲᠡᠨ ᠤ ᠬᠤᠳᠠ ᠶᠢᠨ ᠲᠠᠸᠠᠷ ᠤᠨ ᠠᠷᠠᠯᠵᠢᠶᠠᠨ ᠤ ᠴᠢᠬᠤᠯᠠ ᠲᠠᠯᠠᠪᠤᠷ ᠪᠣᠯᠤᠨ᠎ᠠ᠃ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠨᠢ ᠰᠢᠭᠤᠳ | ᠪᠠᠷᠠᠭᠤᠨ ᠬᠤᠲᠠ ᠶᠢᠨ ᠬᠠᠭᠠᠯᠭ᠎ᠠ ᠳᠤ ᠬᠦᠷᠬᠦ ᠲᠤᠭᠤᠨᠤᠯᠵᠢᠨ ᠵᠠᠮ ᠤᠨ ᠬᠤᠶᠠᠷ ᠬᠠᠵᠠᠭᠤ ᠪᠠᠷ ᠪᠠᠶᠢᠷᠢᠯᠠᠵᠤ᠂ ᠬᠤᠲᠠ ᠶᠢᠨ ᠳᠥᠪ ᠤᠨ ᠴᠢᠬᠤᠯᠠ ᠭᠠᠵᠠᠷ ᠲᠤ | ᠬᠠᠷᠢᠶᠠᠯᠠᠭᠳᠠᠵᠤ᠂ ᠶᠤᠸᠠᠨ ᠤᠯᠤᠰ ᠠᠴᠠ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠠᠷᠠᠯᠵᠢᠶ᠎ᠠ ᠬᠤᠳᠠᠯᠳᠤᠭᠠᠨ ᠤ ᠴᠢᠳᠠᠮᠵᠢ ᠶᠢ ᠳᠡᠭᠡᠳᠦ ᠬᠡᠮᠵᠢᠶ᠎ᠡ ᠪᠠᠷ | ᠴᠢᠬᠤᠯᠠᠴᠢᠯᠠᠵᠤ ᠪᠠᠶᠢᠭᠰᠠᠨ ᠢ ᠭᠦᠢᠴᠡᠳ ᠬᠠᠷᠠᠭᠤᠯᠵᠤ ᠪᠠᠶᠢᠨ᠎ᠠ᠃ | | ᠵᠢᠷᠤᠭ 5᠄ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠠᠴᠠ ᠮᠠᠯᠳᠠᠵᠤ ᠴᠡᠪᠡᠷᠯᠡᠵᠦ ᠢᠯᠡᠷᠡᠭᠦᠯᠦᠭᠰᠡᠨ ᠬᠤᠲᠠ ᠶᠢᠨ ᠪᠠᠭᠤᠷᠢ ︵ᠭᠡᠷᠡᠯ ᠵᠢᠷᠤᠭ ᠤᠨ ᠢᠷᠡᠯᠲᠡ᠄ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ | ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ︶ | ᠲᠤᠬᠠᠶ ᠶᠢᠨ ᠦᠶ᠎ᠡ ᠶᠢᠨ ᠵᠢᠨᠢᠩ ᠴᠦᠷᠬᠡᠯᠡᠭᠡ ᠨᠢ ᠪᠣᠭᠤᠮᠲᠠ ᠶᠢᠨ ᠭᠠᠳᠠᠨᠠᠬᠢ ᠬᠤᠳᠠᠯᠳᠤᠭᠠᠨ ᠤ ᠬᠤᠲᠠ ᠪᠣᠯᠤᠭᠰᠠᠨ ᠤ ᠬᠤᠪᠢ ᠳᠤ ᠬᠤᠲᠠ ᠶᠢᠨ ᠴᠢᠳᠠᠮᠵᠢ | ᠨᠢ ᠪᠦᠷᠢᠨ ᠲᠡᠭᠦᠯᠳᠡᠷ᠂ ᠲᠠᠸᠠᠷ ᠤᠨ ᠰᠣᠯᠢᠯᠴᠠᠭᠠᠨ ᠤ ᠠᠭᠤᠯᠭ᠎ᠠ ᠨᠢ ᠴᠤ ᠮᠠᠰᠢ ᠥᠷᠭᠡᠨ ᠳᠡᠯᠭᠡᠷ ᠪᠠᠶᠢᠵᠠᠢ᠃ | ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠠᠴᠠ 3 ᠲᠦᠮᠡ ᠭᠠᠷᠤᠶ ᠡᠷᠲᠡᠨ ᠤ ᠵᠣᠭᠤᠰ ᠢ ᠮᠠᠯᠲᠠᠨ ᠭᠠᠷᠭᠠᠪᠠ᠃ ᠲᠤᠭᠤᠨᠤᠯᠵᠢᠨ ᠵᠡᠭᠡᠯᠢ ᠶᠢᠨ | ᠬᠥᠭᠵᠢᠶᠡᠨ ᠨᠠᠷᠭᠢᠶᠠᠨ ᠲᠠᠢ ᠵᠡᠭᠡᠯᠢ ᠳᠠᠭᠠᠤ ᠶᠢᠨ ᠵᠠᠷᠢᠮ ᠭᠡᠷ ᠤᠨ ᠪᠠᠭᠤᠷᠢ ᠠᠴᠠ ᠢᠳᠡᠭᠡᠨ ᠤ ᠵᠦᠢᠯ ᠢ ᠰᠢᠷᠠᠵᠤ ᠬᠠᠭᠰᠠᠭᠠᠬᠤ ᠵᠤᠤᠬ᠎ᠠ ᠶᠢ ᠢᠯᠡᠷᠡᠬᠦᠯᠵᠦ᠂ ᠵᠤᠤᠬᠠᠨ | ᠳᠣᠲᠣᠷ᠎ᠠ ᠰᠢᠷᠠᠵᠤ ᠬᠡᠦᠷᠰᠢᠭᠰᠡᠨ ᠢᠳᠡᠭᠡᠨ ᠤ ᠦᠯᠡᠳᠡᠭᠳᠡᠯ ᠬᠠᠳᠠᠭᠠᠯᠠᠭᠳᠠᠵᠤ ᠪᠠᠶᠢᠪᠠ᠂ ᠵᠠᠷᠢᠮ ᠭᠡᠷ ᠤᠨ ᠪᠠᠭᠤᠷᠢ ᠠᠴᠠ ᠪᠠᠰᠠ ᠬᠡᠯᠬᠢᠶ᠎ᠡ ᠲᠠᠢ ᠵᠠᠰᠠᠯ ᠴᠢᠮᠡᠭ ᠵᠢᠴᠢ | ᠬᠠᠰ ᠴᠢᠯᠠᠭᠤ ᠶᠢᠨ ᠵᠠᠰᠠᠯ ᠵᠢᠮᠰᠡᠭ ᠤᠯᠳᠠᠪᠠ᠃ ᠡᠭᠦᠨ ᠠᠴᠠ ᠭᠠᠳᠠᠨ᠎ᠠ᠂ ᠵᠡᠭᠦᠨᠰᠢ ᠪᠠᠷᠠᠭᠤᠨᠰᠢ ᠴᠢᠭᠯᠡᠯ ᠤᠨ ᠵᠡᠭᠡᠯᠢ ᠶᠢᠨ ᠵᠡᠭᠦᠨ ᠦᠵᠦᠭᠦᠷ ᠤᠨ ᠨᠢᠭᠡ ᠪᠦᠯᠦᠭ ᠭᠡᠷ | ᠳᠣᠲᠣᠷ᠎ᠠ ᠠᠴᠠ 9 ᠵᠣᠭᠤᠷᠢ ᠶᠢ ᠢᠯᠡᠷᠡᠬᠦᠯᠵᠤ᠂ ᠡᠭᠦᠨ ᠳᠤ ᠱᠠᠭᠠᠵᠠᠩ ᠰᠠᠪᠠ ᠠᠴᠠ ᠭᠠᠳᠠᠨ᠎ᠠ ᠭᠠᠤᠯᠢᠨ ᠰᠢᠨᠠᠭ᠎ᠠ᠂ ᠭᠠᠤᠯᠢᠨ ᠬᠠᠯᠪᠠᠭ᠎ᠠ᠂ ᠭᠠᠤᠯᠢᠨ ᠫᠢᠯᠠ ᠵᠡᠷᠭᠡ | ᠰᠠᠪᠠ ᠬᠡᠷᠡᠭᠰᠡᠯ ᠢ ᠮᠠᠯᠳᠠᠵᠤ ᠭᠠᠷᠭᠠᠪᠠ᠃ ᠱᠠᠭᠠᠵᠠᠩ ᠰᠠᠪᠠ ᠶᠢᠨ ᠢᠷᠤᠭᠠᠷ ᠤᠨ ᠬᠡᠰᠡᠭ ᠲᠤ ᠬᠢ ︽ᠸᠠᠩ ᠤᠪᠤᠭᠳᠤ ᠶᠢᠨ ᠡᠮ ᠤᠨ ᠫᠦᠰᠡ︾ ᠬᠡᠰᠡᠨ | ᠪᠢᠴᠢᠭᠡᠰᠦ ᠠᠴᠠ ᠦᠵᠡᠪᠡᠯ᠂ ᠨᠢᠭᠡᠨ ᠲᠤᠮᠤ ᠡᠮ ᠤᠨ ᠳᠡᠯᠭᠡᠭᠦᠷ ᠪᠠᠶᠢᠭᠰᠠᠨ ᠪᠣᠯᠣᠯᠲᠠᠢ᠃ | | | ᠵᠢᠷᠤᠭ 6᠄ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠠᠴᠠ ᠢᠯᠡᠷᠡᠬᠦᠯᠦᠭᠰᠡᠨ ᠲᠡᠮᠦᠷᠯᠢᠭ ᠵᠤᠭᠤᠰ᠂ ᠮᠠᠯᠳᠠᠵᠤ ᠭᠠᠷᠭᠠᠬᠤ ᠦᠶ᠎ᠡ ᠶᠢᠨ ᠤᠤᠯ | ᠪᠠᠶᠢᠳᠠᠯ ︵ᠭᠡᠷᠡᠯ ᠵᠢᠷᠤᠭ ᠤᠨ ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ | ᠬᠦᠷᠢᠶᠡᠯᠡᠩ︶ | ᡁᠢ ᠶᠤᠸᠠᠨ ᠤ ᠠᠷᠪᠠᠨ ᠲᠠᠪᠤᠳᠤᠭᠠᠷ ᠣᠨ ︵1278 ᠣᠨ︶ ᠳᠤ ᠶᠤᠸᠠᠨ ᠤᠯᠤᠰ ᠵᠢᠩ ᠳ᠋ᠧ ᠵᠧᠨ ᠳᠤ ᠲᠤᠰᠬᠠᠶᠢᠯᠠᠨ ᠱᠠᠭᠠᠵᠠᠩ ᠭᠡᠷᠡᠭᠰᠡᠯ ᠢ ᠭᠤᠣᠯᠯᠠᠨ | ᠬᠠᠮᠢᠶᠠᠷᠬᠤ ᠪᠠᠶᠢᠭᠤᠯᠤᠮᠵᠢ — ᠹᠦᠯᠢᠶᠠᠩ ᠱᠠᠭᠠᠵᠠᠩ ᠤᠨ ᠲᠣᠪᠴᠢᠶ᠎ᠠ ᠶᠢ ᠪᠠᠶᠢᠭᠤᠯᠵᠤ᠂ ︽ᠠᠯᠳᠠ ᠬᠠᠰ ᠳᠠᠷᠬᠠᠳ ᠤᠨ ᠶᠡᠷᠦᠩᠬᠡᠢ ᠵᠠᠬᠢᠷᠤᠭᠴᠢ ᠶᠢᠨ ᠣᠷᠳᠣᠨ︾ | ᠳᠤ ᠬᠠᠮᠢᠶᠠᠷᠤᠭᠤᠯᠵᠠᠢ᠂ ᠡᠨᠡ ᠪᠣᠯ ᠳᠤᠮᠳᠠᠳᠤ ᠤᠯᠤᠰ ᠤᠨ ᠤᠯᠠᠨ ᠲᠦᠷᠦ ᠳᠤ ᠬᠢ ᠱᠠᠭᠠᠵᠠᠩ ᠭᠡᠷᠡᠭᠰᠡᠯ ᠬᠢᠬᠦ ᠶᠢ ᠲᠤᠰᠬᠠᠶᠢᠯᠠᠨ ᠬᠠᠮᠢᠶᠠᠷᠬᠤ ᠴᠤᠷᠢ ᠶᠢᠨ ᠭᠠᠭᠴᠠ | ᠠᠯᠪᠠᠨ ᠤ ᠪᠠᠶᠢᠭᠤᠯᠤᠮᠵᠢ ᠶᠤᠮ᠃ ᠲᠠᠩ ᠤᠯᠤᠰ ᠰᠦᠩ ᠤᠯᠤᠰ ᠤᠨ ᠦᠶ᠎ᠡ ᠠᠴᠠ ᠤᠯᠠᠮᠵᠢᠯᠠᠭᠳᠠᠵᠤ ᠢᠷᠡᠭᠰᠡᠨ ᠱᠠᠭᠠᠵᠠᠩ ᠭᠡᠷᠡᠭᠰᠡᠯ ᠬᠢᠬᠦ ᠮᠡᠷᠭᠡᠵᠢᠯ ᠶᠤᠸᠠᠨ | ᠤᠯᠤᠰ ᠤᠨ ᠦᠶ᠎ᠡ ᠳᠤ ᠤᠷᠢᠳᠤ ᠡᠮᠦᠨ᠎ᠡ ᠭᠠᠷᠤᠭ᠎ᠠ ᠦᠭᠡᠶ ᠬᠦᠭᠵᠢᠪᠡ᠃ ᠵᠢᠩ ᠳ᠋ᠧ ᠵᠧᠨ ᠪᠠᠯᠭᠠᠰᠤ ᠪᠠᠷ ᠲᠥᠪ ᠪᠣᠯᠭᠠᠵᠤ᠂ ᠯᠦᠩ ᠴᠢᠤᠸᠠᠨ ᠶᠣᠣ᠂ ᠳ᠋ᠢᠩ ᠶᠣᠣ᠂ | ᠶᠣᠣ ᠵᠧᠦ ᠶᠣᠣ᠂ ᠵᠢᠶᠦ᠋ᠨ ᠶᠣᠣ᠂ ᠼᠢ ᠵᠧᠦ ᠶᠣᠣ ᠵᠡᠷᠭᠡ ᠨᠠᠷᠠᠲᠤ ᠤᠭᠤᠷᠭᠠᠢ ᠦᠷᠭᠦᠯᠵᠢᠯᠡᠨ ᠤᠢᠢᠯᠡᠳᠪᠦᠷᠢᠯᠡᠯ ᠢᠶᠠᠨ ᠥᠷᠭᠡᠳᠬᠡᠬᠦ ᠶᠢᠨ ᠬᠠᠮᠲᠤ ᠠᠷᠠᠳ ᠤᠨ ᠨᠢᠭᠡ | ᠪᠦᠯᠦᠭ ᠤᠭᠤᠷᠭᠠᠢ ᠴᠤ ᠮᠥᠷᠡᠨ ᠤ ᠡᠮᠦᠨ᠎ᠡ ᠤᠮᠠᠷ᠎ᠠ ᠠᠴᠠ ᠥᠷᠨᠢᠨ ᠮᠠᠨᠳᠤᠵᠤ᠂ ᠨᠢᠭᠡ ᠦᠶ᠎ᠡ ᠦᠷᠨᠢᠨ ᠲᠡᠯᠭᠡᠷᠡᠪᠡ᠃ | ᠲᠤᠮᠳᠠᠳᠤ ᠣᠷᠣᠨ ᠤ ᠵᠡᠭᠦᠨ ᠪᠠᠷᠠᠭᠤᠨ ᠡᠮᠦᠨ᠎ᠡ ᠤᠮᠠᠷ᠎ᠠ ᠶᠢᠨ ᠡᠯ᠎ᠡ ᠶᠡᠭᠡ ᠤᠭᠤᠷᠭᠠᠢ ᠶᠢᠨ ᠱᠠᠭᠠᠵᠠᠩ ᠭᠡᠷᠡᠭᠰᠡᠯ ᠶᠡᠭᠡ ᠬᠡᠮᠵᠢᠶ᠎ᠡ ᠪᠠᠷ ᠵᠢᠨᠢᠩ ᠴᠦᠷᠬᠡᠯᠡᠭᠡ | ᠶᠢᠨ ᠡᠷᠲᠡᠨ ᠤ ᠬᠤᠲᠠ ᠳᠤ ᠴᠤᠭᠯᠠᠷᠠᠵᠠᠢ᠃ ᠪᠦᠷᠢᠳᠬᠡᠯ ᠳᠤ ᠦᠨᠳᠦᠰᠦᠯᠡᠪᠡᠯ᠂ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠠᠴᠠ ᠮᠠᠯᠲᠠᠵᠤ | ᠭᠠᠷᠭᠠᠭᠰᠠᠨ ᠡᠯ᠎ᠡ ᠶᠡᠭᠡ ᠤᠭᠤᠷᠭᠠᠢ ᠶᠢᠨ ᠰᠢᠰᠲ᠋ᠧᠮ ᠤᠨ ᠪᠦᠷᠢᠨ ᠪᠦᠲᠦᠨ ᠱᠠᠭᠠᠵᠠᠩ ᠭᠡᠷᠡᠭᠰᠡᠯ 200 ᠭᠠᠷᠤᠶ ᠵᠦᠢᠯ᠂ ᠤᠤᠯ ᠪᠠᠶᠢᠳᠠᠯ ᠢ ᠨᠢ ᠰᠡᠷᠭᠦᠭᠡᠵᠦ ᠪᠣᠯᠬᠤ | ᠱᠠᠭᠠᠵᠠᠩ ᠭᠡᠷᠡᠭᠰᠡᠯ 7000 ᠭᠠᠷᠤᠶ ᠵᠦᠢᠯ᠂ ᠱᠠᠭᠠᠵᠠᠩ ᠰᠠᠪᠠ ᠶᠢᠨ ᠵᠠᠭᠪᠤᠷ ᠲᠦᠮᠡ ᠭᠠᠷᠤᠶ ᠵᠦᠢᠯ ᠳᠤ ᠬᠦᠷᠴᠦ᠂ ᠴᠢᠨᠠᠷ ᠰᠠᠶᠢᠲᠠᠶ ᠮᠥᠷᠳᠡᠭᠡᠨ ᠨᠠᠷᠢᠯᠢᠭ ᠬᠢᠴᠡ | ᠲᠠᠢ ᠠᠵᠢ᠃ ᠢᠯᠠᠩᠭᠤᠶ᠎ᠠ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠠᠴᠠ ᠢᠯᠡᠷᠡᠭᠦᠯᠦᠭᠰᠡᠨ ᠵᠣᠭᠤᠷᠢ 19 ᠪᠤᠯᠤᠨ ᠵᠣᠭᠤᠷᠢ 24 ᠳᠤ ᠨᠢ ᠪᠦᠷᠢᠨ | ᠪᠦᠳᠦᠨ ᠬᠥᠬᠡ ᠬᠤᠸᠠᠷᠲᠠᠶ 7 ᠱᠠᠭᠠᠵᠠᠩ ᠰᠠᠪᠠ᠂ ᠢᠵᠢ ᠪᠦᠷᠢᠨ ᠬᠥᠬᠡ ᠬᠤᠸᠠᠷᠲᠠᠶ ᠥᠨᠳᠥᠷ ᠬᠥᠯᠲᠦ 6 ᠠᠶᠠᠭ᠎ᠠ ᠨᠢ ᠬᠠᠭᠤᠴᠢ ᠰᠤᠳᠤᠯᠤᠯ ᠤᠨ ᠴᠢᠬᠤᠯᠠ | ᠢᠯᠡᠷᠡᠭᠦᠯᠦᠯᠲᠡ ᠪᠣᠯᠵᠠᠶ᠃ | | ᠵᠢᠷᠤᠭ 7᠄ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠶᠢᠨ ᠵᠤᠭᠤᠷᠢ 24 ᠠᠴᠠ ᠢᠯᠡᠷᠡᠬᠦᠯᠦᠭᠰᠡᠨ ᠱᠠᠭᠠᠵᠠᠩ ᠰᠠᠪᠠ᠂ ᠮᠠᠯᠳᠠᠵᠤ ᠭᠠᠷᠭᠠᠬᠤ | ᠦᠶ᠎ᠡ ᠶᠢᠨ ᠪᠠᠶᠢᠳᠠᠯ ︵ᠬᠡᠷᠡᠯ ᠵᠢᠷᠤᠭ ᠤᠨ ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ | ᠰᠦᠯᠵᠢᠶ᠎ᠠ︶ | | ᠵᠢᠷᠤᠭ 8᠄ ᠵᠢᠨᠢᠩ ᠴᠦᠷᠬᠡᠯᠡᠭᠡ ᠶᠢᠨ ᠡᠷᠲᠡᠨ ᠤ ᠬᠤᠲᠠ ᠶᠢᠨ ᠪᠠᠭᠤᠷᠢ ᠠᠴᠠ ᠮᠠᠯᠲᠠᠵᠤ ᠭᠠᠷᠭᠠᠭᠰᠠᠨ ᠰᠢᠷ ᠪᠤᠳᠤᠭ ᠰᠠᠭᠤᠯᠭᠠᠭᠰᠠᠨ ᠤᠯᠠᠭᠠᠨ ᠬᠠᠰ | ᠯᠣᠩᠬᠤ ︵ᠵᠡᠭᠦᠨ︶ ᠪᠣᠯᠤᠨ ᠬᠥᠬᠡ ᠬᠤᠸᠠᠷᠳᠠᠢ ᠠᠯᠢᠮᠠᠨ ᠬᠡᠯᠪᠡᠷᠢ ᠲᠠᠢ ᠳᠡᠪᠦᠷ᠎ᠡ ︵ᠪᠠᠷᠠᠭᠤᠨ︶ ︵ᠭᠡᠷᠡᠯ ᠵᠢᠷᠤᠭ ᠤᠨ ᠢᠷᠡᠯᠲᠡ᠄ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ︶ | ᠵᠢᠩ ᠳ᠋ᠧ ᠵᠧᠨ ᠪᠠᠯᠭᠠᠰᠤ ᠠᠴᠠ ᠵᠢᠨᠢᠩ ᠴᠦᠷᠬᠡᠯᠡᠭᠡ ᠬᠦᠷᠳᠡᠯᠡᠬᠢ ᠬᠡᠳᠦᠨ ᠮᠢᠩᠭᠠᠨ ᠺᠢᠯᠣᠮᠧᠲᠷ ᠠᠯᠤᠰ ᠤᠨ ᠵᠠᠮ ᠳᠤ ᠬᠥᠮᠦᠨ ᠤᠨᠤᠭ᠎ᠠ ᠡᠩᠬᠦᠯ ᠳᠤᠩᠬᠤᠯ | ᠵᠠᠮ ᠢᠶᠠᠷ ᠴᠣᠪᠣᠷᠠᠵᠤ ᠶᠠᠪᠤᠳᠠᠭ᠃ ᠮᠠᠯᠲᠠᠵᠤ ᠭᠠᠷᠭᠠᠭᠰᠠᠨ ᠳᠤᠮᠳᠠᠳᠤ ᠣᠷᠣᠨ ᠤ ᠡᠯ᠎ᠡ ᠶᠡᠭᠡ ᠤᠭᠤᠷᠭᠠᠢ ᠶᠢᠨ ᠴᠢᠨᠠᠷ ᠰᠠᠶᠢᠨ ᠨᠠᠷᠢᠯᠢᠭ ᠬᠢᠴᠡ ᠲᠠᠢ ᠱᠠᠭᠠᠵᠠᠩ | ᠭᠡᠷᠡᠭᠰᠡᠯ ᠨᠢ ᠲᠠᠯ᠎ᠠ ᠨᠤᠲᠤᠭ ᠤᠨ ᠲᠣᠷᠭᠠᠨ ᠤ ᠵᠠᠮ ᠤᠨ ᠥᠩᠭᠡᠷᠡᠭᠰᠡᠨ ᠤ ᠬᠥᠭᠵᠢᠯ ᠴᠡᠴᠡᠭᠯᠡᠯ ᠪᠣᠯᠤᠨ ᠦᠨᠳᠦᠰᠦᠲᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ | ᠠᠭᠤᠰᠤᠯᠴᠠᠭ᠎ᠠ ᠶᠢᠨ ᠬᠡᠷᠡᠴᠢᠯᠡᠯ ᠪᠤᠯᠬᠤ ᠶᠤᠮ᠃ | ︵ᠢᠷᠡᠯᠳᠡ᠄ ᠥᠪᠥᠷ ᠮᠣᠩᠭᠤᠯ ᠤᠨ ᠤᠯᠠᠭᠠᠨᠴᠠᠪ ᠬᠤᠲᠠ ᠶᠢᠨ ᠵᠢᠨᠢᠩ ᠲᠣᠭᠤᠷᠢᠭ ᠤᠨ ᠦᠨᠳᠦᠰᠦᠲᠡᠨ ᠤ ᠵᠥᠪᠯᠡᠯ ᠠᠴᠠ ᠡᠮᠬᠢᠳᠬᠡᠨ ᠡᠬᠡ ᠪᠢᠴᠢᠭ ᠬᠠᠩᠭᠠᠪᠠ︶ | | ᠬᠢᠨᠠᠨ ᠦᠢᠯᠡᠳᠦᠭᠴᠢ᠄ ᠸᠠᠩ ᠰᠢᠶᠠᠩ ᠢᠦᠢ | ᠬᠠᠷᠢᠭᠤᠴᠠᠭᠰᠠᠨ ᠨᠠᠶᠢᠷᠠᠭᠤᠯᠤᠭᠴᠢ᠄ ᠼᠠᠢ ᠯᠢ ᠶᠤᠸᠠᠨ | ᠬᠢᠨᠠᠨ ᠬᠠᠷᠭᠤᠭᠤᠯᠤᠭᠰᠠᠨ᠄ ᠯᠠᠨ ᠰᠢ ᠹᠧᠩ | ᠬᠢᠵᠦ ᠦᠢᠯᠡᠳᠦᠭᠰᠡᠨ ᠨᠢ᠄ ᠬᠤ᠋ ᠰᠢᠶᠣᠤ ᠳ᠋ᠢᠶᠧ | | ᠣᠷᠴᠢᠭᠤᠯᠤᠭᠴᠢ᠄ ᠣᠶᠤᠨᠰᠡᠴᠡᠨ | ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ | ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠦᠸᠠᠢ ᠳ᠋ᠦᠩ |