ᠶᠡᠷᠦᠩᠬᠡᠢ ᠱᠦᠵᠢ ᠰᠢ ᠶᠢᠨ ᠫᠢᠩ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠤᠯᠤᠰ ᠲᠦᠷᠦ ᠶᠢᠨ ᠲᠣᠪᠴᠢᠶᠠᠨ ᠤ ᠶᠢᠰᠦᠳᠦᠭᠡᠷ ᠤᠳᠠᠭᠠᠨ ᠤ | ᠬᠠᠮᠲᠤ ᠶᠢᠨ ᠰᠤᠷᠤᠯᠴᠠᠯᠭ᠎ᠠ ᠳᠡᠭᠡᠷᠡᠬᠢ ᠶᠠᠷᠢᠶᠠᠨ ᠳᠤ ᠪᠠᠨ᠄ ︽ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠮᠠᠨ ᠤ ᠨᠠᠮ ᠳᠤᠮᠳᠠᠳᠤ ᠶᠢᠨ | ᠦᠨᠳᠦᠰᠦᠲᠡᠨ ᠤ ᠶᠡᠭᠡ ᠭᠡᠷ ᠪᠦᠯᠢ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ | ᠤᠬᠠᠮᠰᠠᠷ ᠢ ᠪᠠᠳᠤᠳᠬᠠᠬᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠪᠠᠶᠢᠭᠤᠯᠤᠯᠲᠠ ᠶᠢ ᠠᠬᠢᠭᠤᠯᠬᠤ ᠵᠡᠷᠭᠡ ᠣᠨᠤᠯᠵᠢᠬᠤᠨ ᠢ | ᠴᠢᠬᠤᠯᠠᠴᠢᠯᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ ᠶᠢ ᠰᠢᠨ᠎ᠡ ᠴᠠᠭ ᠦᠶ᠎ᠡ ᠶᠢᠨ ᠨᠠᠮ ᠤᠨ ᠦᠨᠳᠦᠰᠦᠲᠡᠨ | ᠤ ᠠᠵᠢᠯ ᠤᠨ ᠭᠤᠣᠯ ᠰᠢᠵᠢᠮ ᠪᠤᠯᠭᠠᠵᠤ᠂ ᠦᠨᠳᠦᠰᠦᠲᠡᠨ ᠤ ᠭᠠᠵᠠᠷ ᠣᠷᠣᠨ ᠤ ᠡᠯ᠎ᠡ ᠲᠦᠷᠦᠯ ᠤᠨ ᠠᠵᠢᠯ ᠤᠨ ᠭᠤᠤᠯ ᠰᠢᠵᠢᠮ ᠪᠣᠯᠭᠠᠬᠤ ᠶᠢ ᠲᠣᠳᠣᠷᠬᠠᠢ | ᠲᠤᠷᠠᠳᠴᠦ᠂ ᠳᠤᠮᠳᠠᠳᠤ ᠤᠯᠤᠰ ᠤᠨ ᠣᠨᠴᠠᠯᠢᠭ ᠲᠠᠢ ᠪᠠᠷ ᠦᠨᠳᠦᠰᠦᠲᠡᠨ ᠤ ᠠᠰᠠᠭᠤᠳᠠᠯ ᠢ ᠰᠢᠶᠳᠪᠦᠷᠢᠯᠡᠬᠦ ᠵᠥᠪ ᠵᠠᠮ ᠢ ᠤᠯᠠᠮ ᠨᠢᠭᠡ ᠠᠯᠬᠤᠮ ᠦᠷᠬᠡᠳᠬᠡᠵᠦ᠂ | ᠨᠠᠮ ᠤᠨ ᠦᠨᠳᠦᠰᠦᠲᠡᠨ ᠤ ᠠᠵᠢᠯ ᠢ ᠴᠢᠩᠭᠠᠳᠬᠠᠨ ᠰᠠᠶᠢᠵᠢᠷᠠᠭᠤᠯᠬᠤ ᠲᠤᠬᠠᠢ ᠴᠢᠬᠤᠯᠠ ᠦᠵᠡᠯ ᠰᠠᠨᠠᠭ᠎ᠠ ᠶᠢ ᠪᠦᠷᠢᠯᠳᠦᠬᠦᠯᠵᠦ᠂ ᠮᠠᠷᠺᠰ ᠤᠨ ᠦᠵᠡᠯ ᠤᠨ | ᠦᠨᠳᠦᠰᠦᠲᠡᠨ ᠤ ᠣᠨᠣᠯ ᠢ ᠳᠤᠮᠳᠠᠳᠤ ᠤᠯᠤᠰᠴᠢᠯᠠᠭᠰᠠᠨ ᠴᠠᠭ ᠦᠶᠡᠴᠢᠯᠡᠭᠰᠡᠨ ᠰᠢᠨ᠎ᠡ ᠠᠬᠤᠶ ᠪᠠᠶᠢᠳᠠᠯ ᠢ ᠨᠡᠬᠡᠬᠡᠵᠦ᠂ ᠨᠠᠮ ᠤᠨ ᠦᠨᠳᠦᠰᠦᠲᠡᠨ ᠤ ᠠᠵᠢᠯ | ᠲᠡᠦᠬᠡᠲᠦ ᠴᠢᠨᠠᠷᠲᠠᠢ ᠰᠢᠨ᠎ᠡ ᠠᠮᠵᠢᠯᠲᠠ ᠤᠯᠪᠠ︾ ᠬᠡᠵᠦ ᠵᠢᠭᠠᠨ ᠭᠠᠷᠭᠠᠪᠠ᠃ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ ᠨᠢ ᠮᠠᠷᠺᠰ ᠤᠨ ᠦᠵᠡᠯ ᠤᠨ ᠦᠨᠳᠦᠰᠦᠲᠡᠨ ᠤ ᠤᠨᠤᠯ ᠤᠨ | ᠴᠢᠬᠤᠯᠠ ᠶᠡᠭᠡ ᠤᠤᠭᠠᠯ ᠡᠭᠦᠳᠦᠯᠲᠡ ᠶᠢᠨ ᠴᠢᠨᠠᠷᠲᠠᠢ ᠤᠨᠤᠯ ᠪᠣᠯᠤᠭᠰᠠᠨ ᠤ ᠬᠤᠪᠢ ᠳᠤ ᠮᠠᠷᠺᠰ ᠤᠨ ᠦᠵᠡᠯ ᠤᠨ ᠦᠨᠳᠦᠰᠦᠲᠡᠨ ᠤ ᠤᠨᠤᠯ ᠢ ᠳᠤᠮᠳᠠᠳᠤ | ᠤᠯᠤᠰᠴᠢᠯᠠᠭᠰᠠᠨ ᠦᠢᠯᠡᠳᠦᠯᠭᠡ ᠠᠴᠠ ᠢᠷᠡᠯᠲᠡ ᠲᠠᠢ ᠶᠤᠮ᠃ ᠲᠡᠦᠬᠡ ᠶᠢ ᠡᠷᠭᠢᠴᠡᠭᠦᠯᠦᠭᠦᠶᠡ᠂ ᠮᠠᠨ ᠤ ᠨᠠᠮ ᠤᠨ ᠳᠤᠮᠳᠠᠳᠤ ᠤᠯᠤᠰ ᠤᠨ ᠠᠷᠠᠳ ᠲᠦᠮᠡᠨ ᠢ | ᠪᠦᠯᠬᠦᠮᠳᠡᠭᠦᠯᠦᠨ ᠳᠠᠭᠠᠭᠤᠯᠵᠤ ᠬᠢᠭᠰᠡᠨ ᠵᠠᠭᠤᠨ ᠵᠢᠯ ᠤᠨ ᠦᠢᠯᠡᠳᠦᠯᠭᠡ ᠨᠢ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ | ᠭᠤᠣᠯ ᠰᠡᠳᠦᠪ ᠢ ᠢᠮᠠᠭᠲᠠ ᠲᠤᠭᠤᠰᠢᠯᠠᠭᠤᠯᠤᠭᠰᠠᠭᠠᠷ ᠢᠷᠡᠵᠡᠢ᠃ ᠮᠠᠨ ᠤ ᠨᠠᠮ ᠮᠠᠷᠺᠰ ᠤᠨ ᠦᠵᠡᠯ ᠤᠨ ᠳᠤᠮᠳᠠᠳᠤ ᠤᠯᠤᠰᠴᠢᠯᠠᠬᠤ ᠴᠠᠭ ᠦᠶᠡᠴᠢᠯᠡᠬᠦ ᠶᠢ | ᠲᠠᠰᠤᠷᠠᠯᠲᠠ ᠦᠭᠡᠢ ᠠᠬᠢᠭᠤᠯᠵᠤ᠂ ᠳᠤᠮᠳᠠᠳᠤ ᠶᠢᠨ ᠦᠨᠳᠦᠰᠦᠲᠡᠨ ᠢ ᠳᠠᠭᠠᠭᠤᠯᠤᠨ ᠪᠣᠰᠴᠤ ᠵᠣᠭᠰᠣᠭᠰᠠᠨ ᠪᠠ ᠴᠢᠨᠡᠭᠡᠯᠢᠭᠵᠢᠭᠦᠯᠦᠭᠰᠡᠨ ᠳᠠᠬᠢᠨ | ᠬᠦᠴᠦᠷᠬᠡᠭᠵᠢᠬᠦᠯᠦᠭᠰᠡᠨ ᠲᠡᠦᠬᠡᠲᠦ ᠴᠢᠨᠠᠷᠲᠠᠢ ᠦᠰᠦᠷᠦᠯᠲᠡ ᠶᠢ ᠪᠡᠶᠡᠯᠡᠭᠦᠯᠪᠡ᠃ ᠡᠨᠡ ᠬᠦ ᠦᠢᠯᠡᠳᠦᠯᠭᠡ ᠶᠢᠨ ᠥᠩᠭᠡᠷᠡᠯᠲᠡ ᠪᠣᠯ ᠮᠦᠨ ᠴᠤ ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠣᠭᠴᠠ ᠶᠢᠨ ᠪᠠᠶᠢᠭᠤᠯᠤᠯᠲᠠ ᠶᠢᠨ ᠥᠩᠭᠡᠷᠡᠯᠲᠡ ᠮᠥᠨ᠃ | | 2023 ᠣᠨ ᠤ 11 ᠳ᠋ᠤᠬᠡᠷ ᠰᠠᠷ᠎ᠠ ᠶᠢᠨ 26 ᠤ ᠡᠳᠦᠷ᠂ ᠯᠢᠵᠢᠶᠠᠩ ᠠᠴᠠ ᠰᠢᠶᠠᠩᠭᠧᠷᠯᠢᠶᠠ ᠬᠥᠷᠬᠦ ᠲᠡᠮᠦᠷ ᠵᠠᠮ ᠨᠡᠪᠲᠡᠷᠡᠵᠦ ᠡᠵᠡᠩᠨᠡᠯᠲᠡ ᠪᠠᠨ | ᠡᠬᠢᠯᠡᠭᠦᠯᠪᠡ᠃ ᠯᠢᠵᠢᠶᠠᠩ ᠠᠴᠠ ᠰᠢᠶᠠᠩᠭᠧᠷᠯᠢᠶᠠ ᠬᠥᠷᠬᠦ ᠲᠡᠮᠦᠷ ᠵᠠᠮ ᠨᠢ ᠶᠦᠨᠨᠠᠨ ᠮᠤᠵᠢ ᠶᠢᠨ ᠯᠢᠵᠢᠶᠠᠩ ᠬᠤᠲᠠ ᠶᠢᠨ ᠢᠤᠢ ᠯᠦᠩ ᠤᠨ ᠨᠠᠰᠢ ᠦᠨᠳᠦᠰᠦᠲᠡᠨ ᠤ | ᠥᠪᠡᠷᠲᠡᠭᠡᠨ ᠵᠠᠰᠠᠬᠤ ᠰᠢᠶᠠᠨ ᠤ ᠯᠢᠵᠢᠶᠠᠩ ᠥᠷᠲᠡᠭᠡ ᠠᠴᠠ ᠡᠬᠢᠯᠡᠵᠦ᠂ ᠶᠦᠨᠨᠠᠨ ᠮᠤᠵᠢ ᠶᠢᠨ ᠳ᠋ᠢᠴᠢᠩ ᠤᠨ ᠲᠥᠪᠡᠳ ᠦᠨᠳᠦᠰᠦᠲᠡᠨ ᠤ ᠥᠪᠡᠷᠲᠡᠭᠡᠨ ᠵᠠᠰᠠᠬᠤ | ᠵᠧᠦ ᠶᠢᠨ ᠰᠢᠶᠠᠩᠭᠧᠷᠯᠢᠶᠠ ᠬᠤᠲᠠ ᠶᠢᠨ ᠰᠢᠶᠠᠩᠭᠧᠷᠯᠢᠶᠠ ᠥᠷᠲᠡᠭᠡ ᠳᠤ ᠬᠦᠷᠴᠦ᠂ ᠬᠥᠬᠡᠨᠠᠭᠤᠷ ᠲᠥᠪᠡᠳ ᠤᠨ ᠥᠨᠳᠦᠷᠯᠢᠭ ᠤᠨ ᠬᠦᠨᠳᠡᠯᠡᠨ ᠣᠭᠲᠤᠯᠤᠭᠠᠰᠤᠨ | ᠪᠦᠬᠦᠢ ᠠᠭᠤᠯᠠᠨ ᠭᠠᠵᠠᠷ ᠤᠨ ᠡᠩᠭᠡᠷ ᠬᠤᠷᠮᠤᠢ ᠪᠠᠷ ᠥᠩᠭᠡᠷᠡᠵᠦ᠂ ᠣᠯᠠᠨ ᠦᠨᠳᠦᠰᠦᠲᠡᠨ ᠲᠥᠪᠯᠡᠷᠡᠨ ᠰᠠᠭᠤᠭᠰᠠᠨ ᠭᠠᠵᠠᠷ ᠤᠳ ᠢᠶᠠᠷ ᠦᠩᠬᠡᠷᠡᠳᠡᠭ᠃ ᠵᠢᠷᠤᠭ ᠪᠣᠯ | ᠯᠢᠵᠢᠶᠠᠩ ᠠᠴᠠ ᠰᠢᠶᠠᠩᠭᠧᠷᠯᠢᠶᠠ ᠬᠦᠷᠬᠦ ᠲᠡᠮᠦᠷ ᠵᠠᠮ ᠨᠡᠪᠲᠡᠷᠡᠬᠦ ᠶᠣᠰᠣᠯᠠᠯ ᠳᠤ ᠣᠷᠣᠯᠴᠠᠭᠰᠠᠨ ᠴᠥᠭᠡᠨ ᠲᠣᠭᠠᠲᠤ ᠦᠨᠳᠦᠰᠦᠲᠡᠨ ᠤ ᠲᠥᠯᠥᠭᠡᠯᠡᠭᠴᠢᠳ ᠤᠨ | ᠳᠤᠷᠠᠰᠬᠠᠯ ᠤᠨ ᠰᠡᠬᠦᠳᠡᠷ ᠪᠣᠯᠤᠨ᠎ᠠ᠃ ︵ᠰᠢᠨᠬᠤᠸᠠ ᠬᠤᠷᠢᠶᠠᠨ ᠤ ᠰᠤᠷᠪᠤᠯᠵᠢᠯᠠᠭᠴᠢ ᠴᠧᠨ ᠰᠢᠨ ᠪᠥᠸᠧ ᠰᠡᠭᠦᠳᠡᠷᠯᠡᠪᠡ︶ | ᠨᠢᠭᠡ᠂ ᠰᠢᠨ᠎ᠡ ᠠᠷᠠᠳᠴᠢᠯᠠᠭᠰᠠᠨ ᠦᠵᠡᠯ ᠤᠨ ᠬᠤᠪᠢᠰᠬᠠᠯ ᠤᠨ ᠦᠶ᠎ᠡ ᠶᠢᠨ ᠮᠠᠷᠺᠰ ᠤᠨ ᠦᠵᠡᠯ ᠤᠨ ᠦᠨᠳᠦᠰᠦᠲᠡᠨ ᠤ ᠣᠨᠣᠯ ᠤᠨ ᠳᠤᠮᠳᠠᠳᠤ | ᠤᠯᠤᠰᠴᠢᠯᠠᠭᠰᠠᠨ ᠦᠢᠯᠡᠳᠦᠯᠭᠡ ᠨᠢ ᠦᠨᠳᠦᠰᠦᠲᠡᠨ ᠤ ᠲᠤᠰᠠᠭᠠᠷ ᠲᠣᠭᠲᠠᠨᠢᠯ ᠴᠢᠯᠥᠭᠡᠯᠡᠯᠲᠡ ᠶᠢᠨ ᠵᠠᠮ ᠢ ᠨᠡᠭᠡᠭᠡᠪᠡ᠃ | ᠶᠡᠷᠦᠩᠬᠡᠢ ᠱᠦᠵᠢ ᠰᠢ ᠶᠢᠨ ᠫᠢᠩ᠄ ︽ᠳᠤᠮᠳᠠᠳᠤ ᠤᠯᠤᠰ ᠤᠨ ᠠᠷᠠᠳ ᠲᠦᠮᠡᠨ ᠳᠤ ᠵᠣᠯ ᠵᠢᠷᠭᠠᠯ ᠡᠳ᠋ᠯᠡᠭᠦᠯᠵᠦ᠂ ᠳᠤᠮᠳᠠᠳᠤ ᠶᠢᠨ ᠦᠨᠳᠦᠰᠦᠲᠡᠨ ᠤ ᠰᠡᠷᠭᠦᠨ | ᠮᠠᠨᠳᠤᠯᠲᠠ ᠶᠢ ᠪᠡᠶᠡᠯᠡᠭᠦᠯᠬᠦ ᠪᠣᠯ ᠳᠤᠮᠳᠠᠳᠤ ᠤᠯᠤᠰ ᠤᠨ ᠡᠪ ᠬᠠᠮᠲᠤᠴᠤᠳ ᠤᠨ ᠤᠬ ᠰᠠᠨᠠᠭ᠎ᠠ ᠪᠠ ᠡᠭᠦᠷᠭᠡ ᠬᠠᠷᠢᠭᠤᠴᠠᠯᠭ᠎ᠠ ᠮᠥᠨ᠂ ᠦᠶ᠎ᠡ ᠦᠶ᠎ᠡ ᠶᠢᠨ ᠳᠤᠮᠳᠠᠳᠤ | ᠤᠯᠤᠰ ᠤᠨ ᠡᠪ ᠬᠠᠮᠲᠤᠴᠤᠳ ᠢ ᠤᠷᠮᠠᠰᠢᠭᠤᠯᠤᠨ ᠵᠣᠷᠢᠭᠵᠢᠭᠤᠯᠵᠤ ᠡᠮᠦᠨᠡᠬᠢ ᠨᠢ ᠤᠨᠠᠪᠠᠯ ᠬᠤᠶᠢᠨᠠᠬᠢ ᠨᠢ ᠵᠠᠯᠭᠠᠮᠵᠢᠯᠠᠨ ᠡᠷᠡᠯᠬᠡᠭᠯᠡᠨ ᠤᠷᠤᠭᠰᠢᠯᠠᠭᠤᠯᠬᠤ | ᠦᠨᠳᠦᠰᠦᠨ ᠬᠥᠳᠡᠯᠭᠡᠬᠦ ᠬᠦᠴᠦᠨ ᠮᠥᠨ︾ ᠭᠡᠪᠡ᠃ ᠴᠧᠨ ᠳ᠋ᠦ᠋ ᠰᠢᠦ᠂ ᠯᠢ ᠳ᠋ᠡ ᠵᠤᠤ᠂ ᠮᠠᠤ ᠽᠧ ᠳ᠋ᠦᠩ ᠵᠡᠷᠭᠡ ᠤᠯᠤᠰ ᠤᠨ ᠳᠣᠲᠣᠭᠠᠳᠤ ᠶᠢᠨ ᠬᠠᠮᠤᠭ ᠤᠨ ᠡᠷᠲᠡᠨ | ᠤ ᠨᠢᠭᠡ ᠪᠦᠯᠦᠭ ᠮᠠᠷᠺᠰ ᠤᠨ ᠦᠵᠡᠯᠳᠡᠳ ᠠᠷᠠᠳ ᠲᠦᠮᠡᠨ ᠤ ᠵᠣᠭᠰᠣᠯᠲᠠ ᠶᠢ ᠪᠠᠲᠤ ᠰᠠᠬᠢᠵᠤ᠂ ᠦᠨᠳᠦᠰᠦᠲᠡᠨ ᠤ ᠴᠢᠯᠥᠭᠡᠯᠡᠯᠲᠡ᠂ ᠤᠯᠤᠰ ᠤᠨ ᠲᠤᠰᠠᠭᠠᠷ | ᠲᠣᠭᠲᠠᠨᠢᠯ ᠢ ᠡᠪ ᠬᠠᠮᠲᠤᠴᠤᠳ ᠤᠨ ᠡᠭᠦᠷᠭᠡ ᠬᠠᠷᠢᠭᠤᠴᠠᠯᠭ᠎ᠠ ᠪᠠ ᠬᠥᠭᠡᠭᠡᠴᠡᠯᠳᠦᠯ ᠢᠶᠠᠷ ᠦᠵᠡᠪᠡ᠃ ᠵᠢᠱᠢᠶᠡᠯᠡᠪᠡᠯ᠄ ᠳᠤᠮᠳᠠᠳᠤ ᠤᠯᠤᠰ ᠤᠨ ᠡᠪ ᠬᠠᠮᠲᠤ ᠨᠠᠮ ᠢ | ᠡᠭᠦᠰᠭᠡᠨ ᠪᠠᠶᠢᠭᠤᠯᠤᠭᠴᠢ ᠶᠢᠨ ᠨᠢᠭᠡ ᠪᠣᠯᠬᠤ ᠯᠢ ᠳ᠋ᠡ ᠵᠤᠤ᠂ ᠳᠤᠮᠳᠠᠳᠤ ᠤᠯᠤᠰ ᠤᠨ ᠬᠤᠪᠢᠰᠬᠠᠯ ᠤᠨ ᠲᠡᠷᠢᠭᠦᠨ ᠴᠢᠬᠤᠯᠠ ᠡᠭᠦᠷᠭᠡ ᠪᠣᠯ ᠡᠵᠡᠷᠬᠡᠭ ᠲᠦᠷᠢᠮᠡᠭᠡᠶᠢᠳᠡᠨ | ᠢ ᠡᠰᠡᠷᠭᠦᠴᠡᠵᠦ᠂ ᠦᠨᠳᠦᠰᠦᠲᠡᠨ ᠤ ᠴᠢᠯᠥᠭᠡᠯᠡᠯᠲᠡ ᠶᠢ ᠪᠡᠶᠡᠯᠡᠭᠦᠯᠬᠦ ᠶᠠᠪᠤᠳᠠᠯ ᠪᠣᠯᠤᠨ᠎ᠠ ᠭᠡᠵᠦ ᠲᠣᠳᠣᠷᠬᠠᠢ ᠵᠢᠭᠠᠵᠤ ᠭᠠᠷᠭᠠᠪᠠ᠃ ᠲᠡᠷᠡ᠂ ᠳᠤᠮᠳᠠᠳᠤ ᠶᠢᠨ | ᠦᠨᠳᠦᠰᠦᠲᠡᠨ ᠤ ᠮᠠᠨᠳᠤᠵᠤ ᠮᠥᠬᠦᠬᠦ ᠲᠠᠢ ᠬᠠᠷᠢᠴᠠᠭᠤᠯᠪᠠᠯ᠂ ᠤᠯᠤᠰ ᠤᠨ ᠳᠣᠲᠣᠭᠠᠳᠤ ᠶᠢᠨ ᠦᠨᠳᠦᠰᠦᠲᠡᠨ ᠤ ᠠᠰᠠᠭᠤᠳᠠᠯ ᠳᠡᠳ᠋ᠯᠡᠬᠦ ᠪᠠᠶᠢᠷᠢᠨ ᠳᠤ ᠪᠠᠶᠢᠵᠤ᠂ ᠡᠯ᠎ᠡ | ᠦᠨᠳᠦᠰᠦᠲᠡᠨ ᠠᠯᠢ ᠡᠷᠲᠡ ᠳᠤᠮᠳᠠᠳᠤ ᠤᠯᠤᠰ ᠤᠨ ᠤᠷᠲᠤ ᠤᠳᠠᠭᠠᠨ ᠲᠡᠦᠬᠡᠨ ᠳᠤ ︿ᠵᠠᠭᠠᠭ ᠬᠢᠵᠠᠭᠠᠷ᠂ ᠤᠳᠤᠮ ᠰᠤᠳᠤᠷ ᠤᠨ ᠢᠯᠭᠠᠭ᠎ᠠ ᠪᠦᠷᠢᠮᠦᠰᠦᠨ ᠠᠷᠢᠯᠵᠤ﹀᠂ | ︿ᠲᠠᠪᠤᠨ ᠦᠨᠳᠦᠰᠦᠲᠡᠨ ᠤ ᠰᠣᠶᠣᠯ ᠨᠢᠭᠡᠨᠲᠡ ᠠᠭᠠᠵᠢᠮ ᠢᠶᠠᠷ ᠨᠢᠭᠡᠳᠬᠦ ᠳᠡᠶᠢᠰᠢ ᠪᠠᠨ ᠬᠠᠨᠳᠤᠭᠰᠠᠨ ᠮᠥᠷᠳᠡᠭᠡᠨ ᠪᠠᠰᠠ ᠡᠷᠬᠡ ᠴᠢᠯᠦᠬᠡ ᠲᠠᠢ ᠡᠷᠬᠡ ᠲᠡᠭᠰᠢ | ᠪᠦᠭᠦᠳᠡ ᠨᠠᠶᠢᠷᠠᠮᠳᠠᠬᠤ ᠤᠯᠤᠰ ᠤᠨ ᠬᠠᠷᠢᠶᠠᠨ ᠳᠤ ᠤᠷᠤᠭᠰᠠᠨ ᠪᠠᠶᠢᠨ᠎ᠠ﹀ ᠭᠡᠵᠦ ᠴᠢᠬᠤᠯᠠᠴᠢᠯᠠᠪᠠ᠃ ᠯᠢ ᠳ᠋ᠡ ᠵᠤᠤ᠂ ︽ᠰᠢᠨ᠎ᠡ ᠳᠤᠮᠳᠠᠳᠤ ᠶᠢᠨ ᠦᠨᠳᠦᠰᠦᠲᠡᠨ ᠤ | ᠦᠵᠡᠯ︾ ᠢ ᠳᠤᠷᠠᠳᠴᠤ᠂ ᠡᠭᠦᠨ ᠢᠶᠠᠷ ᠵᠣᠷᠢᠯᠲᠠ ᠪᠣᠯᠭᠠᠵᠤ ︽ᠦᠨᠳᠦᠰᠦᠲᠡᠨ ᠤ ᠵᠣᠷᠢᠭ ᠰᠠᠨᠠᠭ᠎ᠠ ᠶᠢ ᠪᠠᠶᠢᠭᠤᠯᠵᠤ᠂ ᠦᠨᠳᠦᠰᠦᠲᠡᠨ ᠤ ᠦᠵᠡᠯ ᠰᠠᠨᠠᠭ᠎ᠠ ᠶᠢ | ᠨᠢᠭᠡᠳᠬᠡᠵᠦ︾᠂ ︽ᠳᠤᠮᠳᠠᠳᠤ ᠶᠢᠨ ᠤᠯᠤᠰ ᠬᠦᠷᠦᠨ ᠢ ᠳᠠᠬᠢᠨ ᠪᠠᠶᠢᠭᠤᠯᠵᠤ᠂ ᠳᠤᠮᠳᠠᠳᠤ ᠶᠢᠨ ᠦᠨᠳᠦᠰᠦᠲᠡᠨ ᠢ ᠳᠠᠬᠢᠨ ᠰᠡᠷᠭᠦᠭᠡᠬᠦ︾ ᠶᠢ ᠪᠡᠶᠡᠯᠡᠭᠦᠯᠬᠦ ᠪᠠᠷ ᠵᠣᠷᠢᠪᠠ᠃ | 1922 ᠣᠨ ᠤ ᠨᠠᠮ ᠤᠨ ᠬᠤᠶᠠᠳᠤᠭᠠᠷ ᠶᠡᠭᠡ ᠬᠤᠷᠠᠯ ᠠᠴᠠ ᠲᠤᠬᠠᠶ ᠶᠢᠨ ᠦᠶ᠎ᠡ ᠶᠢᠨ ᠲᠡᠦᠬᠡᠨ ᠨᠥᠬᠦᠴᠡᠯ ᠳᠤ ᠰᠠᠭᠤᠷᠢᠯᠠᠵᠤ ᠪᠠᠳᠤᠯᠠᠭᠰᠠᠨ ︽ᠳᠤᠮᠳᠠᠳᠤ | ᠤᠯᠤᠰ ᠤᠨ ᠡᠪ ᠬᠠᠮᠲᠤ ᠨᠠᠮ ᠤᠨ ᠬᠤᠶᠠᠳᠤᠭᠠᠷ ᠤᠳᠠᠭᠠᠨ ᠤ ᠪᠦᠬᠦ ᠤᠯᠤᠰ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠤᠩᠬᠠᠭ︾ ᠲᠤ ᠨᠠᠮ ᠤᠨ ᠲᠡᠮᠡᠴᠡᠯ | ᠤᠨ ᠬᠠᠷᠠᠯᠲᠠ ᠶᠢᠨ ᠨᠢᠭᠡ ᠪᠣᠯ ︽ᠳᠡᠯᠡᠬᠡᠶ ᠶᠢᠨ ᠡᠵᠡᠷᠬᠡᠭ ᠲᠦᠷᠢᠮᠡᠬᠡᠶᠢᠲᠡᠨ ᠤ ᠳᠠᠷᠤᠯᠠᠯ ᠢ ᠳᠥᠯᠭᠢᠨ ᠤᠨᠠᠭᠠᠵᠤ᠂ ᠳᠤᠮᠳᠠᠳᠤ ᠶᠢᠨ ᠦᠨᠳᠦᠰᠦᠲᠡᠨ ᠤ ᠪᠦᠷᠢᠮᠦᠰᠦᠨ | ᠲᠤᠰᠠᠭᠠᠷ ᠲᠣᠭᠲᠠᠨᠢᠯ ᠢ ᠪᠡᠶᠡᠯᠡᠭᠦᠯᠬᠦ︾ ᠶᠠᠪᠤᠳᠠᠯ ᠪᠣᠯᠤᠨ᠎ᠠ ᠭᠡᠵᠦ ᠳᠤᠷᠠᠳᠤᠨ ᠭᠠᠷᠭᠠᠵᠠᠶ᠃ | ᠤᠷᠳᠤ ᠵᠠᠮ ᠤᠨ ᠠᠶᠠᠨ ᠲᠠᠶᠢᠨ ᠳᠤ ᠲᠥᠪ ᠤᠨ ᠤᠯᠠᠭᠠᠨ ᠴᠡᠷᠢᠭ ︵ᠤᠯᠠᠭᠠᠨ ᠨᠢᠭᠡᠳᠦᠭᠡᠷ ᠹᠷᠣᠨᠲ ᠤᠨ ᠴᠡᠷᠢᠭ︶ 11 ᠮᠤᠵᠢ ᠶᠢ ᠲᠤᠭᠤᠯᠵᠤ᠂ ᠠᠷᠪᠠᠨ | ᠬᠡᠳᠦᠨ ᠴᠥᠭᠡᠨ ᠲᠣᠭᠠᠲᠤ ᠦᠨᠳᠦᠰᠦᠲᠡᠨ ᠤ ᠲᠥᠪᠯᠡᠷᠡᠨ ᠰᠠᠭᠤᠷᠢᠰᠢᠭᠰᠠᠨ ᠣᠷᠣᠨ ᠪᠤᠶᠤ ᠬᠤᠯᠢᠯᠳᠤᠨ ᠰᠠᠭᠤᠷᠢᠰᠢᠭᠰᠠᠨ ᠣᠷᠣᠨ ᠢᠶᠠᠷ ᠦᠩᠭᠡᠷᠡᠬᠦ ᠳᠤ ᠪᠠᠨ᠂ | ᠤᠯᠠᠨ ᠦᠨᠳᠦᠰᠦᠲᠡᠨ ᠲᠠᠢ ᠤᠯᠤᠰ ᠤᠨ ᠪᠠᠶᠢᠳᠠᠯ ᠢ ᠭᠦᠨᠵᠡᠭᠡᠢ ᠣᠶᠢᠯᠠᠭᠠᠪᠠ᠃ ᠤᠷᠳᠤ ᠵᠠᠮ ᠤᠨ ᠠᠶᠠᠨ ᠲᠠᠶᠢᠨ ᠤ ᠳᠠᠪᠲᠠᠯᠲᠠ ᠪᠠᠷ ᠳᠠᠮᠵᠢᠵᠤ᠂ ᠮᠠᠨ ᠤ ᠨᠠᠮ | ᠵᠥᠪᠬᠡᠨ ᠠᠵᠢᠯᠴᠢᠨ ᠠᠩᠬᠢ ᠳᠤ ᠲᠦᠰᠢᠭᠯᠡᠳᠡᠭ ︽ᠨᠢᠭᠡ ᠯᠡ ᠦᠡᠭᠭᠡ︾ ᠠᠴᠠ ᠠᠯᠢᠪᠠ ᠪᠦᠯᠬᠦᠮᠳᠡᠵᠦ ᠪᠣᠯᠬᠤ ᠬᠦᠴᠦᠨ ᠪᠦᠬᠦᠨ ᠲᠠᠢ ᠪᠦᠯᠬᠦᠮᠳᠡᠬᠦ ︽ᠶᠡᠭᠡ | ᠬᠤᠯᠪᠣᠭᠠᠯᠠᠯ︾ ᠪᠣᠯᠤᠨ ᠬᠤᠪᠢᠷᠠᠵᠤ᠂ ︽ᠡᠪ ᠬᠠᠮᠲᠤ ᠶᠢᠨ ᠢᠨᠲ᠋ᠧᠷᠨᠠᠼᠢᠣᠨᠠᠯ ᠤᠨ ᠳᠤᠮᠳᠠᠳᠤ ᠤᠯᠤᠰ ᠤᠨ ᠰᠠᠯᠪᠤᠷᠢ ᠠᠩᠭᠢ︾ ᠠᠴᠠ ︽ᠳᠤᠮᠳᠠᠳᠤ ᠶᠢᠨ ᠦᠨᠳᠦᠰᠦᠲᠡᠨ | ᠤ ᠬᠤᠰᠢᠭᠤᠴᠢ ᠠᠩᠬᠢ︾ ᠪᠣᠯᠤᠨ ᠬᠤᠪᠢᠷᠠᠵᠠᠢ᠃ ᠮᠠᠤ ᠽᠧ ᠳ᠋ᠦᠩ ᠨᠥᠬᠦᠷ ᠢᠶᠠᠷ ᠭᠤᠣᠯᠯᠠᠭᠤᠯᠤᠭᠰᠠᠨ ᠨᠠᠮ ᠤᠨ ᠲᠥᠪ ᠬᠤᠷᠢᠶ᠎ᠠ ᠶᠢᠨ ᠸᠠ ᠶᠣᠣ ᠫᠦ᠋ ᠶᠢᠨ | ᠬᠤᠷᠠᠯᠳᠤᠭᠠᠨ ᠳᠡᠭᠡᠷ᠎ᠡ᠂ ᠳᠤᠮᠳᠠᠳᠤ ᠤᠯᠤᠰ ᠤᠨ ᠡᠪ ᠬᠠᠮᠲᠤ ᠨᠠᠮ ᠪᠣᠯ ᠳᠤᠮᠳᠠᠳᠤ ᠤᠯᠤᠰ ᠤᠨ ᠦᠭᠡᠶᠢᠭᠦᠦ ᠠᠩᠬᠢ ᠶᠢᠨ ᠬᠤᠰᠢᠭᠤᠴᠢ ᠠᠩᠬᠢ ᠪᠣᠯᠬᠤ ᠶᠢᠨ | ᠬᠠᠮᠲᠤ ᠪᠠᠰᠠ ᠪᠦᠭᠦ ᠦᠨᠳᠦᠰᠦᠲᠡᠨ ᠤ ᠬᠤᠰᠢᠭᠤᠴᠢ ᠠᠩᠬᠢ ᠮᠥᠨ ᠭᠡᠵᠦ ᠠᠩᠬ᠎ᠠ ᠤᠳᠠᠭ᠎ᠠ ᠲᠣᠳᠣᠷᠬᠠᠢ ᠵᠢᠭᠠᠵᠤ ᠭᠠᠷᠭᠠᠭᠰᠠᠨ ᠢᠶᠠᠷ ᠨᠠᠮ ᠠᠴᠠ ᠠᠩᠬᠢ ᠶᠢᠨ | ᠴᠢᠨᠠᠷ ᠪᠠ ᠦᠨᠳᠦᠰᠦᠲᠡᠨ ᠤ ᠴᠢᠨᠠᠷ ᠢ ᠨᠢᠭᠡᠳᠬᠡᠭᠰᠡᠨ ᠪᠠᠶᠢᠨ᠎ᠠ︔ ᠶᠠᠫᠣᠨ ᠢ ᠡᠰᠡᠷᠭᠦᠴᠡᠬᠦ ᠦᠨᠳᠦᠰᠦᠲᠡᠨ ᠤ ᠨᠢᠭᠡᠳᠦᠮᠡᠯ ᠹᠷᠣᠨᠲ ᠢ ᠪᠠᠶᠢᠭᠤᠯᠬᠤ ᠶᠢ | ᠲᠣᠭᠲᠠᠭᠠᠭᠰᠠᠨ ᠢᠶᠠᠷ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠦᠬᠦ ᠲᠠᠯ᠎ᠠ ᠪᠠᠷ ᠰᠡᠬᠡᠭᠡᠷᠡᠭᠦᠯᠪᠡ᠃ ᠬᠤᠰᠢᠭᠤᠴᠢ ᠠᠩᠭᠢ ᠶᠢᠨ | ᠰᠢᠨᠵᠢ ᠴᠢᠨᠠᠷ ᠢ ᠵᠢᠩᠬᠢᠨᠢ ᠪᠠᠷ ᠲᠣᠭᠲᠠᠭᠠᠵᠤ᠂ ᠦᠨᠳᠦᠰᠦᠲᠡᠨ ᠤ ᠨᠢᠭᠡᠳᠦᠮᠡᠯ ᠹᠷᠣᠨᠲ ᠢ ᠠᠩᠬ᠎ᠠ ᠤᠳᠠᠭ᠎ᠠ ᠳᠤᠷᠠᠳᠤᠭᠰᠠᠨ ᠨᠢ ᠮᠠᠷᠺᠰ ᠤᠨ ᠦᠵᠡᠯ ᠢ ᠳᠤᠮᠳᠠᠳᠤ | ᠤᠯᠤᠰᠴᠢᠯᠠᠭᠰᠠᠨ ᠠᠭᠤᠤ ᠶᠡᠭᠡ ᠦᠷ᠎ᠡ ᠪᠦᠲᠦᠭᠡᠯ ᠪᠣᠯᠤᠨ᠎ᠠ᠃ | | ᠰᠧᠴᠤᠸᠠᠨ ᠮᠤᠵᠢ ᠶᠢᠨ ᠯᠢᠶᠠᠩᠱᠠᠨ ᠤ ᠢ ᠦᠨᠳᠦᠰᠦᠲᠡᠨ ᠤ ᠥᠪᠡᠷᠲᠡᠭᠡᠨ ᠵᠠᠰᠠᠬᠤ ᠵᠧᠦ ᠶᠢᠨ ᠮᠢᠶᠠᠨ ᠨᠢᠩ ᠰᠢᠶᠠᠨ ᠤ ᠢ ᠬᠠᠶ ᠰᠢᠶᠠᠩ ᠳᠤ ᠬᠢ ᠢ ᠬᠠᠶ | ᠬᠤᠯᠪᠣᠭ᠎ᠠ ᠪᠠᠶᠢᠭᠤᠯᠤᠭᠰᠠᠨ ᠳᠤᠷᠠᠰᠬᠠᠯ ᠤᠨ ᠬᠥᠰᠢᠶ᠎ᠡ᠃ 1935 ᠣᠨ ᠤ 5 ᠳ᠋ᠤᠭᠠᠷ ᠰᠠᠷ᠎ᠠ ᠳᠤ ᠲᠤᠬᠠᠢ ᠶᠢᠨ ᠦᠶ᠎ᠡ ᠳᠤ ᠤᠯᠠᠭᠠᠨ ᠴᠡᠷᠢᠭ ᠤᠨ ᠶᠡᠷᠦᠩᠬᠡᠢ | ᠱᠲ᠋ᠠᠪ ᠤᠨ ᠳᠠᠷᠤᠭ᠎ᠠ ᠪᠥᠭᠡᠳ ᠤᠷᠢᠳᠴᠢᠯᠠᠨ ᠲᠣᠮᠢᠯᠠᠭᠰᠠᠨ ᠴᠡᠷᠢᠭ ᠤᠨ ᠺᠤᠮᠠᠨᠳᠠᠯᠠᠭᠴᠢ ᠪᠠᠶᠢᠭᠰᠠᠨ ᠯᠢᠦ ᠪᠥᠸᠧ ᠴᠧᠩ ᠪᠣᠯᠤᠨ ᠢ ᠦᠨᠳᠦᠰᠦᠲᠡᠨ ᠤ ᠭᠦᠸᠧ ᠵᠢᠢ | ᠭᠡᠷ ᠤᠨ ᠲᠤᠯᠤᠭᠠᠶᠢᠯᠠᠭᠴᠢ ᠰᠢᠶᠤᠤ ᠶᠧ ᠳ᠋ᠠᠨ ᠬᠤᠶᠠᠭᠤᠯᠠ ᠤᠰᠤ ᠪᠠᠷ ᠠᠷᠢᠬᠢ ᠶᠢ ᠣᠷᠣᠯᠠᠭᠤᠯᠵᠤ᠂ ︽ᠢ ᠬᠠᠢ ᠬᠤᠯᠪᠣᠭ᠎ᠠ︾ ᠶᠢ ᠪᠠᠶᠢᠭᠤᠯᠪᠠ᠃ ᠡᠨᠡ ᠤᠳᠠᠭ᠎ᠠ ᠶᠢᠨ | ᠬᠤᠯᠪᠣᠭ᠎ᠠ ᠨᠢ ᠲᠥᠪ ᠤᠨ ᠤᠯᠠᠭᠠᠨ ᠴᠡᠷᠢᠭ ᠤᠨ ᠭᠤᠣᠯ ᠬᠦᠴᠦᠨ ᠤ ᠢ ᠦᠨᠳᠦᠰᠦᠲᠡᠨ ᠤ ᠣᠷᠣᠨ ᠢᠶᠠᠷ ᠤᠷᠤᠭᠰᠢᠲᠠᠢ ᠥᠩᠭᠡᠷᠡᠬᠦ ᠳᠤ ᠴᠢᠬᠤᠯᠠ ᠦᠢᠯᠡᠳᠦᠯ | ᠦᠵᠡᠭᠦᠯᠵᠦ᠂ ᠪᠠᠰᠠ ᠢ ᠦᠨᠳᠦᠰᠦᠲᠡᠨ ᠤ ᠣᠷᠣᠨ ᠳᠤ ᠬᠤᠪᠢᠰᠬᠠᠯ ᠤᠨ ᠣᠴᠢ ᠶᠢ ᠳᠦᠷᠡᠯᠵᠢᠭᠦᠯᠵᠡᠢ᠃ ︵ᠭᠡᠷᠡᠯ ᠵᠢᠷᠤᠭ ᠤᠨ ᠢᠷᠡᠯᠲᠡ᠄ ᠰᠢᠨᠬᠤᠸᠠ ᠰᠦᠯᠵᠢᠶ᠎ᠡ︶ | ᠶᠠᠫᠣᠨ ᠢ ᠡᠰᠡᠷᠭᠦᠴᠡᠬᠦ ᠳᠠᠶᠢᠨ ᠤ ᠦᠶ᠎ᠡ ᠳᠤ ᠶᠠᠫᠣᠨ ᠤ ᠡᠵᠡᠷᠬᠡᠭ ᠲᠦᠷᠢᠮᠡᠬᠡᠶᠢᠲᠡᠨ ᠤ ᠲᠦᠷᠢᠮᠡᠬᠡᠶᠢᠯᠡᠯ ᠨᠢ ᠳᠤᠮᠳᠠᠳᠤ ᠤᠯᠤᠰ ᠢ ᠮᠥᠬᠦᠯ ᠤᠨ ᠳᠠᠪᠠᠭᠠᠨ ᠳᠤ | ᠬᠦᠷᠭᠡᠵᠦ᠂ ᠳᠤᠮᠳᠠᠳᠤ ᠶᠢᠨ ᠦᠨᠳᠦᠰᠦᠲᠡᠨ ᠢ ᠤᠷᠢᠳ ᠡᠮᠦᠨ᠎ᠡ ᠭᠠᠷᠤᠭ᠎ᠠ ᠦᠭᠡᠶ ᠵᠤᠪᠠᠯᠠᠩ ᠳᠤ ᠤᠴᠠᠷᠠᠭᠤᠯᠵᠡᠢ᠃ ᠳᠤᠮᠳᠠᠳᠤ ᠶᠢᠨ ᠦᠨᠳᠦᠰᠦᠲᠡᠨ ᠤ ᠦᠨᠳᠦᠰᠦᠨ | ᠠᠰᠢᠭ ᠲᠤᠰᠠ ᠶᠢ ᠬᠠᠮᠠᠭᠠᠯᠠᠬᠤ ᠶᠢᠨ ᠲᠥᠯᠥᠭᠡ᠂ ᠮᠠᠨ ᠤ ᠨᠠᠮ ᠡᠷᠡᠰ ᠰᠢᠭᠤᠷᠬᠠᠢ ᠪᠠᠷ ᠮᠠᠷᠺᠰ ᠤᠨ ᠦᠵᠡᠯ ᠢ ᠳᠤᠮᠳᠠᠳᠤ ᠤᠯᠤᠰ ᠤᠨ ᠪᠣᠳᠠᠲᠤ ᠪᠠᠶᠢᠳᠠᠯ ᠲᠠᠢ | ᠤᠶᠠᠯᠳᠤᠭᠤᠯᠵᠤ᠂ ᠵᠦᠪᠯᠡᠯᠲᠦ ᠬᠤᠯᠪᠣᠭᠠᠲᠤ ᠤᠯᠤᠰ ᠤᠨ ︽ᠦᠨᠳᠦᠰᠦᠲᠡᠨ ᠤ ᠥᠪᠡᠷᠲᠡᠭᠡᠨ ᠰᠢᠢᠳᠪᠦᠷᠢᠯᠡᠬᠦ ᠡᠷᠬᠡ︾ ᠶᠢᠨ ᠤᠨᠤᠯ ᠢ ᠲᠠᠶᠠᠭᠳᠠᠪᠠ᠃ ᠶᠢᠰᠦᠨ ᠰᠠᠷ᠎ᠠ | ᠶᠢᠨ ᠠᠷᠪᠠᠨ ᠨᠠᠢᠮᠠᠨ ᠤ ᠬᠡᠷᠡᠭ ᠬᠤᠪᠢᠰᠤᠯ ᠤᠨ ᠳᠠᠷᠠᠭ᠎ᠠ᠂ ᠶᠠᠫᠣᠨ ᠫᠦ᠋ ᠢ ᠶᠢ ᠳᠡᠮᠵᠢᠨ ︽ᠮᠠᠨᠵᠤ ᠤᠯᠤᠰ︾ ᠢ ᠪᠠᠶᠢᠭᠤᠯᠵᠤ᠂ ᠲᠠᠮᠴᠤᠭᠳᠤᠩᠷᠤᠪ ᠢ ᠳᠡᠮᠵᠢᠨ ︽ᠮᠣᠩᠭᠤᠯ | ᠬᠤᠯᠪᠤᠭᠠᠳᠤ ᠥᠪᠡᠷᠲᠡᠭᠡᠨ ᠵᠠᠰᠠᠬᠤ ᠵᠠᠰᠠᠭ ᠤᠨ ᠣᠷᠳᠣᠨ︾ ᠢ ᠪᠠᠶᠢᠭᠤᠯᠤᠭᠰᠠᠨ ᠤ ᠬᠠᠮᠲᠤ ᠪᠠᠷᠠᠭᠤᠨ ᠬᠤᠶᠢᠲᠤ ᠶᠢᠨ ᠴᠡᠷᠢᠭ ᠤᠨ ᠡᠷᠬᠡᠲᠡᠨ ᠢ ᠢᠳᠡᠪᠬᠢᠲᠡᠶ ᠪᠠᠷ | ᠢᠳᠬᠠᠨ ᠳᠠᠳᠠᠵᠤ ︽ᠬᠤᠳᠤᠩ ᠤᠯᠤᠰ︾ ᠪᠠᠶᠢᠭᠤᠯᠬᠤ ᠪᠠᠷ ᠤᠷᠤᠯᠳᠤᠪᠠ᠂ ᠡᠳᠡᠭᠡᠷ ᠨᠢ ᠴᠥᠮ ᠶᠠᠫᠣᠨ ᠤ ᠡᠵᠡᠷᠬᠡᠭ ᠲᠦᠷᠢᠮᠡᠬᠡᠶᠢᠳᠡᠨ ᠤ ︽ᠦᠨᠳᠦᠰᠦᠲᠡᠨ ᠤ | ᠥᠪᠡᠷᠲᠡᠭᠡᠨ ᠰᠢᠶᠳᠪᠦᠷᠢᠯᠡᠬᠦ︾ ᠭᠡᠬᠦ ᠨᠡᠷ᠎ᠡ ᠪᠠᠷ ︽ᠳᠤᠮᠳᠠᠳᠤ ᠤᠯᠤᠰ ᠢ ᠬᠡᠰᠡᠭᠯᠡᠨ ᠰᠠᠯᠭᠠᠬᠤ︾ ᠭᠡᠰᠡᠨ ᠪᠣᠳᠠᠲᠤ ᠶᠠᠪᠤᠳᠠᠯ ᠶᠤᠮ᠃ ᠡᠨᠡ ᠲᠤᠬᠠᠶ 1938 ᠣᠨ ᠳᠤ | ᠳᠤᠮᠳᠠᠳᠤ ᠤᠯᠤᠰ ᠤᠨ ᠡᠪ ᠬᠠᠮᠲᠤ ᠨᠠᠮ ᠤᠨ ᠵᠢᠷᠭᠤᠳᠤᠭᠠᠷ ᠬᠤᠭᠤᠴᠠᠭᠠᠨ ᠤ ᠲᠥᠪ ᠬᠤᠷᠢᠶᠠᠨ ᠤ ᠵᠢᠷᠭᠤᠳᠤᠭᠠᠷ ᠪᠥᠬᠦᠳᠡ ᠬᠤᠷᠠᠯ ᠠᠴᠠ ᠵᠦᠪᠯᠡᠯᠳᠤ ᠳᠤ | ᠰᠤᠷᠤᠯᠴᠠᠭᠰᠠᠨ ᠪᠦᠯᠦᠭ ᠤᠨ ᠬᠢᠨ ᠤ ᠦᠭᠦᠰᠢᠷᠡᠮᠡᠯ ᠦᠵᠡᠯ ᠤᠨ ᠠᠯᠳᠠᠭ᠎ᠠ ᠶᠢ ᠰᠢᠭᠦᠮᠵᠢᠯᠡᠵᠦ᠂ ᠠᠩᠬ᠎ᠠ ᠤᠳᠠᠭ᠎ᠠ ︽ᠮᠠᠷᠺᠰ ᠤᠨ ᠦᠵᠡᠯ ᠢ ᠳᠤᠮᠳᠠᠳᠤ | ᠤᠯᠤᠰᠴᠢᠯᠠᠬᠤ︾ ᠶᠢ ᠳᠤᠷᠠᠳᠤᠭᠰᠠᠨ ᠪᠥᠭᠡᠳ ᠡᠪ ᠬᠠᠮᠲᠤ ᠶᠢᠨ ᠢᠨᠲ᠋ᠧᠷᠨᠠᠼᠢᠣᠨᠠᠯ ᠤᠨ ᠵᠢᠯᠤᠭᠤᠳᠤᠯᠭ᠎ᠠ ᠳᠣᠣᠷ᠎ᠠ ᠳᠤᠷᠠᠳᠤᠭᠰᠠᠨ ︽ᠦᠨᠳᠦᠰᠦᠲᠡᠨ ᠤ ᠥᠪᠡᠷᠲᠡᠭᠡᠨ | ᠰᠢᠶᠳᠪᠦᠷᠢᠯᠡᠬᠦ ᠤᠨᠤᠯ︾ ᠢ ︽ᠦᠨᠳᠦᠰᠦᠲᠡᠨ ᠤ ᠣᠷᠣᠨ ᠤ ᠥᠪᠡᠷᠲᠡᠭᠡᠨ ᠵᠠᠰᠠᠬᠤ ᠤᠨᠤᠯ︾ ᠭᠡᠵᠦ ᠵᠠᠰᠠᠵᠠᠶ᠃ 1939 ᠣᠨ ᠳᠤ᠂ ᠮᠠᠤ ᠽᠧ ᠳ᠋ᠦᠩ ᠨᠥᠬᠦᠷ | ︽ᠳᠤᠮᠳᠠᠳᠤ ᠤᠯᠤᠰ ᠤᠨ ᠬᠤᠪᠢᠰᠬᠠᠯ ᠪᠣᠯᠤᠨ ᠳᠤᠮᠳᠠᠳᠤ ᠤᠯᠤᠰ ᠤᠨ ᠡᠪ ᠬᠠᠮᠲᠤ ᠨᠠᠮ︾ ᠭᠡᠬᠦ ᠵᠣᠬᠢᠶᠠᠯ ᠢᠶᠠᠨ ᠲᠤᠭᠤᠷᠪᠢᠪᠠ᠂ ᠡᠨ᠋ᠨ ᠨᠢ ︽ᠮᠠᠷᠺᠰ ᠤᠨ ᠦᠵᠡᠯ ᠢ | ᠳᠤᠮᠳᠠᠳᠤ ᠤᠯᠤᠰᠴᠢᠯᠠᠬᠤ︾ ᠰᠡᠳᠦᠪ ᠢ ᠳᠤᠷᠠᠳᠤᠭᠰᠠᠨ ᠤ ᠳᠠᠷᠠᠭᠠᠬᠢ ᠴᠢᠬᠤᠯᠠ ᠤᠨᠤᠯ ᠤᠨ ᠵᠣᠬᠢᠶᠠᠯ ᠪᠤᠯᠵᠤ᠂ ᠰᠢᠨ᠎ᠡ ᠠᠷᠠᠳᠴᠢᠯᠠᠭᠰᠠᠨ ᠬᠤᠪᠢᠰᠬᠠᠯ ᠤᠨ ᠤᠨᠤᠯ | ᠤᠨ ᠲᠥᠯᠥᠭᠡᠯᠡᠭᠴᠢ ᠪᠦᠲᠦᠭᠡᠯ ᠤᠨ ᠨᠢᠭᠡ ᠨᠢ ᠪᠣᠯᠤᠭᠰᠠᠨ ᠪᠠᠶᠢᠨ᠎ᠠ᠃ ᠵᠣᠬᠢᠶᠠᠯ ᠳᠤ ᠬᠢ ᠡᠬᠢᠯᠡᠯᠲᠡ ᠶᠢᠨ ᠨᠢᠭᠡᠳᠦᠭᠡᠷ ᠪᠦᠯᠦᠭ ᠤᠨ ᠨᠢᠭᠡᠳᠦᠭᠡᠷ ᠬᠡᠰᠡᠭ ᠲᠤ ᠳᠠᠷᠤᠢ | ︽ᠳᠤᠮᠳᠠᠳᠤ ᠶᠢᠨ ᠦᠨᠳᠦᠰᠦᠲᠡᠨ︾ ᠢᠶᠠᠷ ᠰᠡᠳᠦᠪᠯᠡᠵᠦ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠳᠤᠮᠳᠠᠳᠤ ᠶᠢᠨ ᠦᠨᠳᠦᠰᠦᠲᠡᠨ ᠤ ᠦᠵᠡᠯᠲᠡ ᠶᠢ ᠠᠩᠬ᠎ᠠ | ᠤᠳᠠᠭ᠎ᠠ ᠵᠥᠪ ᠲᠠᠯ᠎ᠠ ᠠᠴᠠ ᠰᠢᠰᠲ᠋ᠧᠮ ᠲᠠᠢ ᠲᠣᠳᠣᠷᠬᠠᠶᠢᠯᠠᠨ ᠥᠭᠦᠯᠡᠭᠰᠡᠨ ᠪᠣᠯᠬᠤᠷ ᠮᠥᠨ ᠴᠦ ᠮᠠᠷᠺᠰ ᠤᠨ ᠦᠵᠡᠯ ᠤᠨ ᠦᠨᠳᠦᠰᠦᠲᠡᠨ ᠤ ᠤᠨᠤᠯ ᠢ ᠳᠤᠮᠳᠠᠳᠤ | ᠤᠯᠤᠰᠴᠢᠯᠠᠭᠰᠠᠨ ᠴᠢᠬᠤᠯᠠ ᠦᠷ᠎ᠡ ᠪᠦᠲᠦᠭᠡᠯ ᠪᠣᠯᠤᠨ᠎ᠠ᠃ | ᠨᠠᠮ ᠤᠨ ᠤᠳᠤᠷᠢᠳᠤᠯᠭ᠎ᠠ ᠳᠣᠣᠷ᠎ᠠ᠂ ᠰᠢᠨ᠎ᠡ ᠠᠷᠠᠳᠴᠢᠯᠠᠭᠰᠠᠨ ᠬᠤᠪᠢᠰᠬᠠᠯ ᠢᠯᠠᠯᠲᠠ ᠣᠯᠵᠤ᠂ ᠬᠠᠭᠤᠴᠢᠨ ᠳᠤᠮᠳᠠᠳᠤ ᠤᠯᠤᠰ ᠤᠨ ᠬᠠᠭᠠᠰ ᠺᠣᠯᠣᠨᠢ ᠬᠠᠭᠠᠰ | ᠹᠸᠤᠳᠠᠯ ᠤᠨ ᠨᠡᠶᠢᠭᠡᠮ ᠤᠨ ᠲᠡᠦᠬᠡ ᠪᠣᠯᠤᠨ ᠲᠠᠷᠠᠬᠠᠢ ᠪᠤᠲᠠᠷᠬᠠᠢ ᠪᠠᠶᠢᠳᠠᠯ ᠢ ᠲᠤᠶᠢᠯᠪᠤᠷᠢᠲᠠᠢ ᠡᠴᠦᠰᠯᠡᠭᠦᠯᠵᠦ᠂ ᠦᠨᠳᠦᠰᠦᠲᠡᠨ ᠤ ᠲᠤᠰᠠᠭᠠᠷ ᠲᠣᠭᠲᠠᠨᠢᠯ | ᠴᠢᠯᠥᠭᠡᠯᠡᠯᠲᠡ ᠶᠢ ᠪᠡᠶᠡᠯᠡᠭᠦᠯᠵᠦ᠂ ᠳᠤᠮᠳᠠᠳᠤ ᠶᠢᠨ ᠦᠨᠳᠦᠰᠦᠲᠡᠨ ᠤᠷᠢᠳᠤ ᠡᠮᠦᠨ᠎ᠡ ᠪᠠᠶᠢᠭ᠎ᠠ ᠦᠭᠡᠢ ᠨᠢᠭᠲᠠᠷᠠᠯ ᠤᠨ ᠬᠦᠴᠦᠨ ᠲᠠᠢ ᠪᠦᠬᠦᠯᠢ ᠴᠣᠭᠴᠠ ᠪᠤᠯᠵᠤ | ᠵᠢᠩᠬᠢᠨᠢ ᠪᠠᠷ ᠪᠣᠰᠴᠤ ᠵᠤᠭᠰᠤᠵᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠳᠤ ᠦᠨᠳᠦᠰᠦᠨ ᠨᠡᠶᠢᠭᠡᠮ ᠤᠨ ᠨᠥᠬᠦᠴᠡᠯ ᠢ | ᠪᠦᠷᠢᠯᠳᠦᠭᠦᠯᠵᠦ ᠥᠭᠴᠡᠢ᠃ | ᠬᠤᠶᠠᠷ᠂ ᠰᠢᠨ᠎ᠡ ᠳᠤᠮᠳᠠᠳᠤ ᠤᠯᠤᠰ ᠤᠨ ᠮᠠᠷᠺᠰ ᠤᠨ ᠦᠵᠡᠯ ᠤᠨ ᠦᠨᠳᠦᠰᠦᠲᠡᠨ ᠤ ᠣᠨᠣᠯ ᠤᠨ ᠳᠤᠮᠳᠠᠳᠤ ᠤᠯᠤᠰᠴᠢᠯᠠᠭᠰᠠᠨ ᠰᠢᠨ᠎ᠡ ᠡᠭᠦᠳᠦᠯᠲᠡ ᠨᠢ | ᠳᠡᠭᠡᠳᠦ ᠬᠡᠮᠵᠢᠶᠡᠨ ᠤ ᠤᠯᠤᠰ ᠲᠥᠷᠥ ᠶᠢᠨ ᠣᠶᠤᠨ ᠤᠬᠠᠭᠠᠨ ᠢ ᠢᠯᠡᠷᠡᠭᠦᠯᠪᠡ᠃ | ᠰᠢᠨ᠎ᠡ ᠳᠤᠮᠳᠠᠳᠤ ᠤᠯᠤᠰ ᠪᠠᠶᠢᠭᠤᠯᠤᠭᠳᠠᠬᠤ ᠠᠴᠠ ᠡᠮᠦᠨᠡᠬᠡᠨ᠂ ᠶᠠᠮᠠᠷ ᠰᠢᠨᠵᠢ ᠴᠢᠨᠠᠷ ᠲᠠᠢ ᠰᠢᠨ᠎ᠡ ᠳᠤᠮᠳᠠᠳᠤ ᠤᠯᠤᠰ ᠢ ᠪᠠᠶᠢᠭᠤᠯᠬᠤ ᠠᠰᠠᠭᠤᠳᠠᠯ ᠳᠤᠮᠳᠠᠳᠤ | ᠤᠯᠤᠰ ᠤᠨ ᠡᠪ ᠬᠠᠮᠲᠤᠴᠤᠳ ᠤᠨ ᠡᠮᠦᠨ᠎ᠡ ᠲᠠᠯᠪᠢᠭᠳᠠᠪᠠ᠃ 1949 ᠣᠨ ᠤ 6 ᠳ᠋ᠤᠭᠠᠷ ᠰᠠᠷ᠎ᠠ ᠶᠢᠨ 30 ᠤ ᠡᠳᠦᠷ᠂ ᠮᠠᠤ ᠲᠡᠷᠢᠭᠦᠯᠡᠭᠴᠢ ᠠᠷᠠᠳ ᠤᠨ | ᠠᠷᠠᠳᠴᠢᠯᠠᠭᠰᠠᠨ ᠳᠠᠷᠤᠩᠭᠤᠶᠢᠯᠠᠬᠤ ᠵᠠᠰᠠᠭ ᠤᠨ ᠲᠤᠬᠠᠶ ᠰᠢᠰᠲ᠋ᠧᠮ ᠲᠠᠢ ᠥᠭᠦᠯᠡᠵᠡᠶ᠃ 1949 ᠣᠨ ᠳᠤ ᠪᠠᠲᠤᠯᠠᠭᠳᠠᠭᠰᠠᠨ ︽ᠳᠤᠮᠳᠠᠳᠤ ᠤᠯᠤᠰ ᠤᠨ ᠠᠷᠠᠳ ᠤᠨ | ᠤᠯᠤᠰ ᠲᠦᠷᠦ ᠶᠢᠨ ᠵᠥᠪᠯᠡᠯᠭᠡᠨ ᠤ ᠬᠠᠮᠳᠤ ᠶᠢᠨ ᠬᠥᠲᠥᠯᠪᠦᠷᠢ︾ ︵ᠳᠥᠭᠦᠮᠴᠢᠯᠡᠭᠡᠳ ︽ᠬᠠᠮᠳᠤ ᠶᠢᠨ ᠬᠥᠲᠥᠯᠪᠦᠷᠢ︾ ᠭᠡᠳᠡᠭ︶ ᠶᠢᠨ ᠨᠢᠭᠡᠳᠦᠭᠡᠷ ᠵᠦᠢᠯ ᠳᠤ᠄ | ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠣᠯ ᠰᠢᠨ᠎ᠡ ᠠᠷᠠᠳᠴᠢᠯᠠᠭᠰᠠᠨ ᠦᠵᠡᠯ᠂ ᠲᠤᠬᠠᠶᠢᠯᠠᠪᠠᠯ ᠠᠷᠠᠳ ᠤᠨ ᠠᠷᠠᠳᠴᠢᠯᠠᠭᠰᠠᠨ ᠤᠯᠤᠰ ᠮᠥᠨ᠂ | ᠠᠵᠢᠯᠴᠢᠨ ᠠᠩᠭᠢ ᠪᠠᠷ ᠤᠳᠤᠷᠢᠳᠤᠭᠤᠯᠤᠭᠰᠠᠨ᠂ ᠠᠵᠢᠯᠴᠢᠨ ᠲᠠᠷᠢᠶᠠᠴᠢᠨ ᠤ ᠬᠤᠯᠪᠣᠭ᠎ᠠ ᠪᠠᠷ ᠰᠠᠭᠤᠷᠢ ᠪᠣᠯᠭᠠᠭᠰᠠᠨ᠂ ᠡᠯ᠎ᠡ ᠠᠷᠠᠳᠴᠢᠯᠠᠭᠰᠠᠨ ᠠᠩᠭᠢ ᠪᠠ ᠤᠯᠤᠰ | ᠤᠨ ᠳᠣᠲᠣᠭᠠᠳᠤ ᠶᠢᠨ ᠡᠯ᠎ᠡ ᠦᠨᠳᠦᠰᠦᠲᠡᠨ ᠲᠠᠢ ᠪᠦᠯᠬᠦᠮᠳᠡᠭᠰᠡᠨ ᠠᠷᠠᠳ ᠤᠨ ᠠᠷᠠᠳᠴᠢᠯᠠᠭᠰᠠᠨ ᠳᠠᠷᠤᠩᠭᠤᠶᠢᠯᠠᠬᠤ ᠵᠠᠰᠠᠭ ᠢ ᠬᠡᠷᠡᠭᠵᠢᠭᠦᠯᠦᠨ᠎ᠡ᠃︾ ᠭᠡᠵᠦ | ᠳᠤᠭᠳᠠᠭᠠᠵᠠᠢ᠃ ᠠᠷᠠᠳ ᠤᠨ ᠠᠷᠠᠳᠴᠢᠯᠠᠭᠰᠠᠨ ᠳᠠᠷᠤᠩᠭᠤᠶᠢᠯᠠᠬᠤ ᠵᠠᠰᠠᠭ ᠤᠨ ᠮᠥᠨ ᠴᠢᠨᠠᠷ ᠪᠣᠯ ᠦᠭᠡᠶᠢᠭᠦᠦ ᠠᠩᠭᠢ ᠶᠢᠨ ᠳᠠᠷᠤᠩᠭᠤᠶᠢᠯᠠᠬᠤ ᠵᠠᠰᠠᠭ ᠤᠨ ᠤᠨᠤᠯ | ᠤᠨ ᠳᠤᠮᠳᠠᠳᠤ ᠤᠯᠤᠰ ᠤᠨ ᠪᠣᠳᠠᠲᠤ ᠲᠡᠦᠬᠡᠨ ᠨᠥᠬᠦᠴᠡᠯ ᠳᠠᠬᠢ ᠢᠯᠡᠷᠡᠯ ᠮᠥᠨ᠃ ᠠᠵᠢᠯᠴᠢᠨ ᠲᠠᠷᠢᠶᠠᠴᠢᠨ ᠤ ᠬᠤᠯᠪᠣᠭ᠎ᠠ ᠠᠴᠠ ᠭᠠᠳᠠᠨ᠎ᠠ᠂ ᠵᠢᠵᠢᠭ ᠬᠥᠷᠥᠩᠭᠡᠲᠡᠨ | ᠠᠩᠭᠢ᠂ ᠦᠨᠳᠦᠰᠦᠲᠡᠨ ᠤ ᠬᠥᠷᠥᠩᠭᠡᠲᠡᠨ ᠠᠩᠭᠢ ᠴᠤ ᠠᠷᠠᠳ ᠲᠦᠮᠡᠨ ᠤ ᠨᠢᠭᠡ ᠬᠡᠰᠡᠭ ᠮᠥᠨ᠃ ᠮᠠᠷᠺᠰ ᠤᠨ ᠦᠵᠡᠯ ᠢ ᠳᠤᠮᠳᠠᠳᠤ ᠤᠯᠤᠰ ᠤᠨ ᠪᠣᠳᠠᠲᠤ ᠪᠠᠶᠢᠳᠠᠯ | ᠲᠠᠢ ᠤᠶᠠᠯᠳᠤᠭᠤᠯᠬᠤ ᠪᠠᠷ ᠳᠠᠮᠵᠢᠭᠤᠯᠵᠤ᠂ ᠨᠢᠭᠡ ᠲᠠᠯ᠎ᠠ ᠪᠠᠷ ︽ᠡᠯ᠎ᠡ ᠠᠷᠠᠳᠴᠢᠯᠠᠭᠰᠠᠨ ᠠᠩᠭᠢ ᠲᠠᠢ ᠪᠦᠯᠬᠦᠮᠳᠡᠬᠦ︾︔ ᠨᠦᠭᠦᠭᠡ ᠲᠠᠯ᠎ᠠ ᠪᠠᠷ ︽ᠤᠯᠤᠰ ᠤᠨ | ᠳᠣᠲᠣᠭᠠᠳᠤ ᠶᠢᠨ ᠦᠨᠳᠦᠰᠦᠲᠡᠨ ᠨᠦᠭᠦᠳ ᠲᠠᠢ ᠪᠦᠯᠬᠦᠮᠳᠡᠬᠦ︾ ᠵᠡᠷᠭᠡ ᠬᠤᠶᠠᠷ ᠳᠠᠪᠬᠤᠷᠭ᠎ᠠ ᠶᠢᠨ ᠪᠦᠯᠬᠦᠮᠳᠡᠯ ᠢ ᠪᠠᠶᠢᠭᠤᠯᠤᠭᠰᠠᠨ ᠶᠠᠪᠤᠳᠠᠯ ᠪᠣᠯᠤᠨ᠎ᠠ᠃ ᠢᠩᠭᠢᠭᠡᠳ | ᠦᠨᠳᠦᠰᠦᠲᠡᠨ ᠨᠦᠭᠦᠳ ᠤᠨ ᠬᠤᠭᠤᠷᠣᠨᠳᠣᠬᠢ᠂ ᠦᠨᠳᠦᠰᠦᠲᠡᠨ ᠨᠦᠭᠦᠳ ᠤᠨ ᠠᠵᠢᠯᠴᠢᠨ ᠲᠠᠷᠢᠶᠠᠴᠢᠨ ᠠᠩᠭᠢ ᠬᠢᠭᠡᠳ ᠪᠤᠰᠤᠳ ᠳᠠᠪᠰᠢᠭᠰᠠᠨ ᠠᠩᠭᠢ ᠶᠢᠨ | ᠬᠤᠭᠤᠷᠣᠨᠳᠣᠬᠢ ᠡᠷᠬᠡ ᠲᠡᠭᠰᠢ ᠪᠦᠯᠬᠦᠮᠳᠡᠯ ᠢ ᠪᠠᠲᠤᠯᠠᠵᠤ᠂ ᠲᠦᠷᠪᠡᠨ ᠳ᠋ᠦᠩᠰᠢᠭᠤᠷ ᠠᠬ᠎ᠠ ᠳᠡᠭᠦᠦ ᠨᠡᠷ ᠢ ᠴᠥᠮ ᠪᠠᠭᠲᠠᠭᠠᠨ ᠣᠷᠣᠭᠤᠯᠵᠤ᠂ ᠳᠤᠮᠳᠠᠳᠤ ᠶᠢᠨ | ᠦᠨᠳᠦᠰᠦᠲᠡᠨ ᠤ ᠪᠦᠬᠦᠯᠢ ᠴᠣᠭᠴᠠᠲᠤ ᠴᠢᠨᠠᠷ ᠢ ᠴᠢᠩᠭᠠᠳᠬᠠᠵᠠᠢ᠃ | ᠰᠢᠨ᠎ᠡ ᠳᠤᠮᠳᠠᠳᠤ ᠤᠯᠤᠰ ᠨᠢ ᠵᠥᠪᠯᠡᠯᠲᠦ ᠬᠤᠯᠪᠣᠭᠠᠲᠤ ᠤᠯᠤᠰ ᠤᠨ ᠬᠤᠯᠪᠣᠭᠠᠨ ᠤ ᠪᠠᠶᠢᠭᠤᠯᠤᠯ ᠤᠨ ᠵᠠᠭᠪᠤᠷ ᠢ ᠬᠡᠷᠡᠭᠯᠡᠭᠰᠡᠨ ᠦᠭᠡᠢ᠂ ᠬᠠᠷᠢᠨ | ᠦᠨᠳᠦᠰᠦᠲᠡᠨ ᠤ ᠣᠷᠣᠨ ᠤ ᠥᠪᠡᠷᠲᠡᠭᠡᠨ ᠵᠠᠰᠠᠬᠤ ᠪᠠᠶᠢᠭᠤᠯᠤᠯ ᠢ ᠲᠤᠭᠳᠠᠭᠠᠪᠠ᠂ ᠡᠨᠡ ᠨᠢ ᠮᠠᠷᠺᠰ ᠤᠨ ᠦᠵᠡᠯ ᠤᠨ ᠦᠨᠳᠦᠰᠦᠲᠡᠨ ᠤ ᠣᠨᠣᠯ ᠤᠨ ᠳᠤᠮᠳᠠᠳᠤ | ᠤᠯᠤᠰᠴᠢᠯᠠᠭᠰᠠᠨ ᠪᠠᠶᠢᠭᠤᠯᠤᠯ ᠤᠨ ᠰᠢᠨ᠎ᠡ ᠡᠭᠦᠳᠦᠯᠲᠡ ᠪᠤᠯᠤᠨ᠎ᠠ᠃ 1949 ᠣᠨ ᠳᠤ ᠳᠤᠮᠳᠠᠳᠤ ᠤᠯᠤᠰ ᠤᠨ ᠠᠷᠠᠳ ᠤᠨ ᠤᠯᠤᠰ ᠲᠦᠷᠦ ᠶᠢᠨ ᠵᠥᠪᠯᠡᠯᠭᠡᠨ ᠤ | ᠬᠤᠷᠠᠯ ᠢ ᠬᠤᠷᠠᠯᠳᠤᠭᠤᠯᠵᠤ᠂ ᠲᠠᠬᠢᠨ ᠳᠠᠪᠲᠠᠨ ᠶᠠᠷᠢᠯᠴᠠᠬᠤ ᠪᠠᠷ ᠳᠠᠮᠵᠢᠵᠤ᠂ ︽ᠬᠠᠮᠲᠤ ᠶᠢᠨ ᠬᠥᠲᠥᠯᠪᠦᠷᠢ︾ ᠳᠤ ᠦᠨᠳᠦᠰᠦᠲᠡᠨ ᠤ ᠣᠷᠣᠨ ᠤ ᠥᠪᠡᠷᠲᠡᠭᠡᠨ ᠵᠠᠰᠠᠬᠤ | ᠪᠠᠶᠢᠭᠤᠯᠤᠯ ᠢ ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠦᠨᠳᠦᠰᠦᠲᠡᠨ ᠤ ᠠᠰᠠᠭᠤᠳᠠᠯ ᠢ ᠰᠢᠢᠳᠪᠦᠷᠢᠯᠡᠬᠦ ᠦᠨᠳᠦᠰᠦᠨ ᠤᠯᠤᠰ ᠲᠦᠷᠦ ᠶᠢᠨ | ᠪᠠᠶᠢᠭᠤᠯᠤᠯ ᠪᠣᠯᠭᠠᠨ ᠲᠣᠭᠲᠠᠭᠠᠵᠤ᠂ ︽ᠹᠸᠤᠳᠠᠯ ᠢ ᠵᠢᠶᠦ᠋ᠨ ᠰᠢᠶᠠᠨ ᠳᠤ ᠠᠬᠤᠭᠤᠯᠬᠤ︾ ᠡᠷᠲᠡᠨ ᠤ ᠤᠶᠤᠨ ᠤᠬᠠᠭᠠᠨ ᠢᠶᠠᠷ ᠭᠠᠭᠴᠠ ᠪᠠᠶᠢᠭᠤᠯᠤᠯᠳᠤ ᠤᠯᠤᠰ ᠤᠨ | ᠪᠠᠶᠢᠭᠤᠯᠤᠯ ᠢ ᠳᠠᠪᠲᠠᠨ ᠪᠣᠯᠪᠠᠰᠤᠷᠠᠭᠤᠯᠵᠤ᠂ ︽ᠵᠠᠩᠰᠢᠯ ᠢᠶᠠᠷ ᠨᠢ ᠵᠠᠰᠠᠬᠤ︾ ᠳᠤᠮᠳᠠᠳᠤ ᠶᠢᠨ ᠤᠯᠠᠮᠵᠢᠯᠠᠯ ᠢᠶᠠᠷ ᠦᠨᠳᠦᠰᠦᠲᠡᠨ ᠤ ᠭᠠᠵᠠᠷ ᠣᠷᠣᠨ ᠤ ᠵᠠᠰᠠᠯᠲᠠ ᠶᠢᠨ | ᠠᠰᠠᠭᠤᠳᠠᠯ ᠢ ᠵᠣᠬᠢᠰᠲᠠᠢ ᠰᠢᠢᠳᠪᠦᠷᠢᠯᠡᠵᠦ᠂ ︽ᠡᠶ᠎ᠡ ᠨᠠᠶᠢᠷᠠᠮᠳᠠᠭᠤ ᠪᠣᠯᠪᠠᠴᠤ ᠠᠳᠠᠯᠢ ᠪᠤᠰᠤ︾ ᠳᠤᠮᠳᠠᠳᠤ ᠤᠯᠤᠰ ᠤᠨ ᠰᠣᠶᠣᠯ ᠤᠨ ᠢᠯᠭᠠᠭ᠎ᠠ ᠲᠠᠢ ᠴᠢᠨᠠᠷ ᠪᠣᠯᠤᠨ | ᠨᠡᠶᠢᠲᠡᠯᠢᠭ ᠴᠢᠨᠠᠷ ᠤᠨ ᠬᠠᠷᠢᠴᠠᠭ᠎ᠠ ᠶᠢ ᠳᠡᠩᠴᠡᠭᠦᠷᠢᠳᠡᠢ ᠪᠣᠯᠭᠠᠵᠤ᠂ ᠳᠤᠮᠳᠠᠳᠤ ᠤᠯᠤᠰ ᠤᠨ ᠣᠨᠴᠠᠯᠢᠭ ᠲᠠᠢ ᠪᠠᠷ ᠦᠨᠳᠦᠰᠦᠲᠡᠨ ᠤ ᠠᠰᠠᠭᠤᠳᠠᠯ ᠢ ᠰᠢᠢᠳᠪᠦᠷᠢᠯᠡᠬᠦ | ᠵᠥᠪ ᠵᠠᠮ ᠢ ᠨᠡᠭᠡᠭᠡᠵᠡᠢ᠃ | | ᠰᠢᠨᠵᠢᠶᠠᠩ ᠤᠨ ᠾᠧ ᠲᠢᠶᠠᠨ ᠬᠤᠲᠠ ᠶᠢᠨ ᠲᠤᠸᠠᠨ ᠴᠧᠩ ᠵᠡᠭᠡᠯᠢ ᠭᠤᠳᠤᠮᠵᠢ᠄ ᠣᠷᠣᠨ ᠰᠠᠭᠤᠴᠠ ᠶᠢᠨ ᠣᠷᠴᠢᠨ ᠨᠥᠬᠦᠴᠡᠯ ᠢ ᠰᠠᠶᠢᠵᠢᠷᠠᠭᠤᠯᠵᠤ᠂ ᠾᠧ | ᠲᠢᠶᠠᠨ ᠤ ᠲᠡᠦᠬᠡ ᠰᠣᠶᠣᠯ ᠲᠠᠢ ᠵᠡᠭᠡᠯᠢ ᠲᠣᠭᠤᠷᠢᠭ ᠤᠨ ᠳᠦᠷᠰᠦ ᠪᠠᠶᠢᠳᠠᠯ ᠢ ᠪᠠᠲᠤᠯᠠᠬᠤ ᠶᠢᠨ ᠲᠥᠯᠥᠭᠡ᠂ ᠲᠤᠬᠠᠶ ᠶᠢᠨ ᠭᠠᠵᠠᠷ ᠤᠨ ᠬᠢᠨ ᠪᠡᠭᠡᠵᠢᠩ ᠬᠤᠲᠠ ᠶᠢᠨ | ᠰᠢᠨᠵᠢᠶᠠᠩ ᠢ ᠲᠤᠰᠠᠯᠠᠬᠤ ᠪᠠᠯᠠ ᠮᠥᠩᠭᠦ ᠶᠢ ᠠᠰᠢᠭᠯᠠᠵᠤ᠂ ᠾᠧ ᠲᠢᠶᠠᠨ ᠤ ᠬᠠᠭᠤᠴᠢᠨ ᠬᠤᠲᠠ ᠶᠢᠨ ᠲᠣᠭᠤᠷᠢᠭ ᠢ ᠬᠠᠮᠠᠭᠠᠯᠠᠬᠤ᠂ ᠠᠮᠤᠭᠤᠯᠠᠩ ᠰᠠᠭᠤᠴᠠ᠂ ᠠᠶᠠᠯᠠᠯ | ᠵᠢᠭᠤᠯᠴᠢᠯᠠᠯ ᠬᠢᠭᠡᠳ ᠠᠵᠢᠯ ᠣᠯᠭᠤᠯᠲᠠ ᠳᠥᠷᠪᠡ ᠶᠢ ᠨᠢᠭᠡ ᠴᠣᠭᠴᠠᠵᠢᠭᠤᠯᠤᠭᠰᠠᠨ ᠥᠭᠡᠷᠡᠴᠢᠯᠡᠯᠲᠡ ᠬᠢᠪᠠ᠃ ︵ᠭᠡᠷᠡᠯ ᠵᠢᠷᠤᠭ ᠤᠨ ᠢᠷᠡᠯᠲᠡ᠄ ᠰᠢᠨᠬᠤᠸᠠ | ᠰᠦᠯᠵᠢᠶ᠎ᠡ︶ | ᠰᠢᠨ᠎ᠡ ᠳᠤᠮᠳᠠᠳᠤ ᠤᠯᠤᠰ ᠪᠤᠯᠤᠨ ᠵᠦᠪᠯᠡᠯᠲᠦ ᠬᠤᠯᠪᠣᠭᠠᠲᠤ ᠤᠯᠤᠰ ᠤᠨ ᠦᠨᠳᠦᠰᠦᠲᠡᠨ ᠤ ᠬᠠᠷᠢᠴᠠᠭ᠎ᠠ ᠶᠢ ᠰᠢᠢᠳᠪᠦᠷᠢᠯᠡᠬᠦ ᠪᠠᠶᠢᠭᠤᠯᠤᠯ ᠪᠠ ᠲᠦᠷᠦ ᠶᠢᠨ | ᠪᠤᠳᠤᠯᠭ᠎ᠠ ᠨᠢ ᠠᠳᠠᠯᠢ ᠦᠭᠡᠢ ᠪᠠᠶᠢᠭᠰᠠᠨ ᠠᠴᠠ ᠬᠤᠶᠠᠷ ᠤᠯᠤᠰ ᠤᠨ ᠬᠤᠵᠢᠮ ᠤᠨ ᠡᠷᠡᠰ ᠣᠨᠳᠣᠣ ᠲᠡᠦᠬᠡᠨ ᠬᠤᠪᠢ ᠵᠠᠶᠠᠭ᠎ᠠ ᠶᠢ ᠰᠢᠭᠤᠳ ᠨᠥᠯᠦᠭᠡᠯᠡᠭᠰᠡᠨ | ᠭᠡᠳᠡᠭ ᠢ ᠪᠣᠳᠠᠲᠤ ᠬᠡᠷᠡᠭ ᠭᠡᠷᠡᠴᠢᠯᠡᠭᠰᠡᠨ ᠪᠠᠶᠢᠨ᠎ᠠ᠃ ᠵᠢᠱᠢᠶᠡᠯᠡᠪᠡᠯ᠂ ᠵᠦᠪᠯᠡᠯᠳᠤ ᠬᠤᠯᠪᠣᠭᠠᠲᠤ ᠤᠯᠤᠰ ᠤᠨ ᠦᠨᠳᠦᠰᠦᠨ ᠬᠠᠤᠯᠢ ᠳᠤ ᠡᠯ᠎ᠡ ᠬᠤᠯᠪᠣᠭᠠᠨ ᠤ ᠪᠦᠬᠦᠳᠠ | ᠨᠠᠶᠢᠷᠠᠮᠳᠠᠬᠤ ᠤᠯᠤᠰ ︽ᠥᠪᠡᠷᠲᠡᠭᠡᠨ ᠰᠢᠢᠳᠪᠦᠷᠢᠯᠡᠬᠦ︾ ᠪᠠᠷ ᠲᠠᠮᠵᠢᠨ ᠬᠤᠯᠪᠣᠭ᠎ᠠ ᠠᠴᠠ ᠭᠠᠷᠬᠤ ᠡᠷᠬᠡ ᠲᠠᠢ ᠭᠡᠵᠦ ᠲᠣᠭᠲᠠᠭᠠᠭᠰᠠᠨ ᠨᠢ ᠲᠡᠭᠦᠨ ᠤ ᠬᠤᠶᠢᠰᠢᠲᠠ ᠶᠢᠨ | ᠵᠠᠳᠠᠷᠠᠯ ᠳᠤ ᠲᠠᠯᠳᠠ ᠭᠡᠮ ᠦᠯᠡᠳᠡᠭᠡᠵᠡᠢ︔ ᠭᠡᠲᠡᠯ᠎ᠡ ᠮᠠᠨ ᠤ ᠤᠯᠤᠰ ᠤᠨ ︽ᠦᠨᠳᠦᠰᠦᠨ ᠬᠠᠤᠯᠢ︾ ᠶᠢᠨ ᠳᠥᠷᠪᠡᠳᠦᠭᠡᠷ ᠵᠦᠢᠯ ᠳᠤ ︽ᠡᠯ᠎ᠡ ᠦᠨᠳᠦᠰᠦᠲᠡᠨ ᠤ | ᠥᠪᠡᠷᠲᠡᠭᠡᠨ ᠵᠠᠰᠠᠬᠤ ᠭᠠᠵᠠᠷ ᠣᠷᠣᠨ ᠪᠣᠯ ᠴᠥᠮ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠠᠯᠵᠤ ᠪᠣᠯᠤᠰᠢ ᠦᠭᠡᠢ ᠬᠡᠰᠡᠭ ᠮᠥᠨ︾ ᠭᠡᠵᠦ | ᠲᠣᠭᠲᠠᠭᠠᠵᠤ᠂ ᠳᠦᠷᠢᠮ ᠢ ᠲᠥᠯᠥᠪᠯᠡᠬᠦ ᠲᠠᠯ᠎ᠠ ᠪᠠᠷ ᠦᠨᠳᠦᠰᠦᠲᠡᠨ ᠤ ᠡᠯᠧᠮᠧᠨ᠋ᠲ ᠪᠣᠯᠤᠨ ᠣᠷᠣᠨ ᠨᠤᠳᠤᠭ ᠤᠨ ᠡᠯᠧᠮᠧᠨ᠋ᠲ ᠢ ᠬᠠᠷᠢᠯᠴᠠᠨ ᠤᠶᠠᠯᠳᠤᠭᠤᠯᠵᠤ᠂ ᠲᠥᠪ | ᠤᠨ ᠵᠠᠰᠠᠭ ᠤᠨ ᠵᠠᠷᠯᠢᠭ ᠤᠨ ᠨᠢᠭᠡᠳᠦᠯ ᠪᠣᠯᠤᠨ ᠣᠷᠣᠨ ᠨᠤᠲᠤᠭ ᠤᠨ ᠢᠳᠡᠪᠬᠢᠵᠢᠯ ᠢ ᠪᠠᠳᠠᠷᠠᠭᠤᠯᠬᠤ ᠶᠢ ᠦᠨᠡᠨ ᠬᠦ ᠪᠠᠲᠤᠯᠠᠪᠠ᠃ ᠵᠢᠱᠢᠶᠡᠯᠡᠪᠡᠯ᠂ ᠵᠦᠪᠯᠡᠯᠳᠦ | ᠬᠤᠯᠪᠣᠭᠠᠲᠤ ᠤᠯᠤᠰ ᠠᠩᠬᠢ ᠶᠢᠨ ᠬᠠᠷᠢᠴᠠᠭ᠎ᠠ ᠶᠢ ᠦᠨᠳᠦᠰᠦᠲᠡᠨ ᠤ ᠬᠠᠷᠢᠴᠠᠭ᠎ᠠ ᠠᠴᠠ ᠳᠡᠭᠡᠭᠦᠷ ᠲᠠᠯᠪᠢᠵᠤ᠂ ᠦᠭᠡᠶᠢᠭᠦᠦ ᠠᠩᠬᠢ ᠶᠢᠨ ᠳᠠᠷᠤᠩᠭᠤᠶᠢᠯᠠᠬᠤ ᠵᠠᠰᠠᠭ | ᠢᠶᠠᠷ ᠦᠨᠳᠦᠰᠦᠲᠡᠨ ᠤ ᠵᠥᠷᠢᠶ᠎ᠡ ᠶᠢ ᠤᠰᠠᠳᠬᠠᠭᠰᠠᠨ ᠠᠴᠠ᠂ ᠭᠡᠳᠡᠷᠭᠦ ᠪᠠᠨ ᠦᠨᠳᠦᠰᠦᠲᠡᠨ ᠤ ᠵᠥᠷᠢᠴᠡᠯ ᠢ ᠬᠤᠷᠴᠠᠳᠬᠠᠪᠠ︔ ᠮᠠᠨ ᠤ ᠤᠯᠤᠰ ᠦᠨᠳᠦᠰᠦᠲᠡᠨ | ᠨᠦᠭᠦᠳ ᠡᠷᠬᠡ ᠲᠡᠭᠰᠢ ᠪᠠᠶᠢᠬᠤ ᠶᠢ ᠪᠠᠷᠢᠮᠲᠠᠯᠠᠵᠤ᠂ ᠠᠩᠭᠢ ᠶᠢᠨ ᠠᠰᠠᠭᠤᠳᠠᠯ ᠠᠴᠠ ᠭᠠᠳᠠᠨ᠎ᠠ ᠪᠠᠰᠠ ᠦᠨᠳᠦᠰᠦᠲᠡᠨ ᠤ ᠴᠢᠯᠥᠭᠡᠯᠡᠯᠲᠡ ᠶᠢ ᠴᠢᠬᠤᠯᠠᠴᠢᠯᠠᠳᠠᠭ᠃ ᠪᠠᠰᠠ | ᠵᠢᠱᠢᠶᠡᠯᠡᠪᠡᠯ᠂ ᠵᠦᠪᠯᠡᠯᠳᠦ ᠬᠤᠯᠪᠣᠭᠠᠲᠤ ᠤᠯᠤᠰ ᠤᠷᠤᠰ ᠦᠨᠳᠦᠰᠦᠲᠡᠨ ᠤ ᠳᠠᠪᠠᠭᠤᠯᠢᠭ ᠴᠢᠨᠠᠷ ᠪᠠ ᠬᠤᠪᠢ ᠨᠡᠮᠡᠷᠢ ᠶᠢᠨ ᠤᠨᠤᠯ ᠢ ᠳᠣᠪᠤᠶᠢᠯᠭᠠᠨ ᠤᠬᠠᠭᠤᠯᠵᠤ᠂ | ᠪᠤᠰᠤᠳ ᠦᠨᠳᠦᠰᠦᠲᠡᠨ ᠯᠦᠭᠡ ᠶᠢᠨ ᠵᠥᠷᠢᠴᠡᠯ ᠢ ᠬᠤᠷᠴᠠᠳᠬᠠᠭᠰᠠᠨ ᠪᠠᠶᠢᠨ᠎ᠠ︔ ᠭᠡᠳᠡᠯ᠎ᠡ ᠮᠠᠨ ᠤ ᠤᠯᠤᠰ ᠠᠩᠭᠢ ᠶᠢᠨ ᠡᠷᠬᠡ ᠲᠡᠭᠰᠢ ᠪᠠ ᠦᠨᠳᠦᠰᠦᠲᠡᠨ ᠤ ᠡᠷᠬᠡ | ᠲᠡᠭᠰᠢ ᠶᠢ ᠬᠠᠮᠲᠤ ᠳᠤ ᠨᠢ ᠬᠠᠷᠠᠭᠠᠯᠵᠠᠵᠤ᠂ ᠳᠤᠮᠳᠠᠳᠤ ᠶᠢᠨ ᠦᠨᠳᠦᠰᠦᠲᠡᠨ ᠨᠦᠭᠦᠳ ᠤᠨ ᠬᠥᠪᠡᠭᠦᠳ ᠥᠬᠢᠳ ᠬᠠᠮᠲᠤ ᠪᠠᠷ ᠳᠤᠮᠳᠠᠳᠤ ᠶᠢᠨ ᠦᠨᠳᠦᠰᠦᠲᠡᠨ ᠢ | ᠪᠦᠷᠢᠯᠳᠦᠭᠦᠯᠵᠦ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠢ ᠬᠠᠮᠲᠤ ᠪᠠᠷ ᠴᠣᠭᠴᠠᠯᠠᠨ ᠪᠠᠶᠢᠭᠤᠯᠤᠭᠰᠠᠨ ᠭᠡᠳᠡᠭ ᠢ ᠴᠢᠬᠤᠯᠠᠴᠢᠯᠠᠪᠠ᠃ | ᠮᠠᠷᠺᠰ ᠤᠨ ᠦᠵᠡᠯ ᠤᠨ ᠦᠨᠳᠦᠰᠦᠲᠡᠨ ᠤ ᠣᠨᠣᠯ ᠤᠨ ᠳᠤᠮᠳᠠᠳᠤ ᠤᠯᠤᠰᠴᠢᠯᠠᠯᠲᠠ ᠳᠤ ᠦᠨᠳᠦᠰᠦᠲᠡᠨ ᠤ ᠠᠰᠠᠭᠤᠳᠠᠯ ᠢ ᠰᠢᠢᠳᠪᠦᠷᠢᠯᠡᠬᠦ ᠳᠤᠮᠳᠠᠳᠤ | ᠤᠯᠤᠰ ᠤᠨ ᠣᠶᠣᠨ ᠤᠬᠠᠭᠠᠨ ᠠᠭᠤᠯᠤᠭᠳᠠᠵᠤ ᠪᠠᠶᠢᠬᠤ ᠶᠢ ᠦᠢᠯᠡᠳᠦᠯᠭᠡ ᠪᠢᠳᠡᠨ ᠳᠤ ᠬᠡᠯᠡᠵᠦ ᠥᠭᠪᠡ᠃ ᠳᠤᠮᠳᠠᠳᠤ ᠤᠯᠤᠰ ᠤᠨ ᠣᠨᠴᠠᠯᠢᠭ ᠲᠠᠢ ᠪᠠᠷ | ᠦᠨᠳᠦᠰᠦᠲᠡᠨ ᠤ ᠠᠰᠠᠭᠤᠳᠠᠯ ᠢ ᠰᠢᠢᠳᠪᠦᠷᠢᠯᠡᠬᠦ ᠵᠥᠪ ᠵᠠᠮ ᠤᠨ ᠳᠠᠪᠠᠭᠤᠯᠢᠭ ᠴᠢᠨᠠᠷ ᠨᠢ ᠡᠴᠦᠰ ᠤᠨ ᠡᠴᠦᠰ ᠲᠤ ᠪᠠᠨ ᠳᠤᠮᠳᠠᠳᠤ ᠤᠯᠤᠰᠴᠢᠯᠠᠭᠰᠠᠨ ᠴᠠᠭ | ᠦᠶᠡᠴᠢᠯᠡᠭᠰᠡᠨ ᠮᠠᠷᠺᠰ ᠤᠨ ᠦᠵᠡᠯ ᠤᠨ ᠦᠨᠳᠦᠰᠦᠲᠡᠨ ᠤ ᠣᠨᠣᠯ ᠤᠨ ᠳᠠᠪᠠᠭᠤᠯᠢᠭ ᠴᠢᠨᠠᠷ ᠠᠴᠠ ᠢᠷᠡᠭᠰᠡᠨ ᠶᠤᠮ᠃ | ᠭᠤᠷᠪᠠ᠂ ᠰᠢᠨ᠎ᠡ ᠴᠠᠭ ᠦᠶ᠎ᠡ ᠶᠢᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ ᠴᠢᠬᠤᠯᠠ ᠶᠡᠭᠡ ᠤᠤᠭᠠᠯ | ᠡᠭᠦᠳᠦᠯᠲᠡ ᠶᠢᠨ ᠤᠨᠤᠯ ᠨᠢ ᠮᠠᠷᠺᠰ ᠤᠨ ᠦᠵᠡᠯ ᠤᠨ ᠦᠨᠳᠦᠰᠦᠲᠡᠨ ᠤ ᠤᠨᠤᠯ ᠢ ᠳᠤᠮᠳᠠᠳᠤ ᠤᠯᠤᠰᠴᠢᠯᠠᠭᠰᠠᠨ ᠴᠠᠭ ᠦᠶᠡᠴᠢᠯᠡᠭᠰᠡᠨᠰᠢᠨᠡ ᠠᠬᠤᠢ ᠪᠠᠶᠢᠳᠠᠯ ᠢ | ᠨᠡᠭᠡᠭᠡᠪᠡ᠃ | 20 ᠳ᠋ᠤᠭᠠᠷ ᠵᠠᠭᠤᠨ ᠤ ᠨᠠᠶᠠᠭᠠᠳ ᠣᠨ ᠤ ᠰᠡᠭᠦᠯᠴᠢ ᠠᠴᠠ ᠶᠡᠷᠡᠭᠡᠳ ᠣᠨ ᠤ ᠡᠬᠢ ᠪᠣᠯᠲᠠᠯ᠎ᠠ᠂ ᠵᠦᠪᠯᠡᠯᠳᠦ ᠬᠤᠯᠪᠣᠭᠠᠲᠤ ᠤᠯᠤᠰ ᠪᠠ ᠵᠡᠭᠦᠨ ᠧᠦ᠋ᠷᠣᠫᠠ | ᠶᠢᠨ ᠰᠢᠷᠦᠭᠦᠨ ᠬᠤᠪᠢᠰᠤᠯᠲᠠ᠂ ᠳᠡᠯᠡᠬᠡᠢ ᠶᠢᠨ ᠨᠡᠶᠢᠭᠡᠮ ᠵᠢᠷᠤᠮᠳᠤ ᠦᠵᠡᠯ ᠬᠦᠨᠳᠦ ᠨᠣᠴᠢᠲᠠᠢ ᠨᠤᠭᠤᠷᠠᠯ ᠪᠦᠳᠦᠷᠢᠯ ᠳᠤ ᠤᠴᠠᠷᠠᠭᠰᠠᠨ ᠦᠶ᠎ᠡ ᠳᠤ᠂ ᠮᠠᠨ ᠤ ᠤᠯᠤᠰ | ᠬᠦᠨᠳᠦ ᠨᠣᠴᠢᠲᠠᠢ ᠲᠠᠭᠠᠷᠢᠯᠳᠠ ᠶᠢ ᠳᠠᠭᠠᠭᠠᠵᠤ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠢ ᠦᠷᠭᠦᠯᠵᠢᠯᠡᠨ ᠤᠷᠤᠬᠰᠢ ᠠᠬᠢᠭᠤᠯᠪᠠ᠃ 1990 | ᠣᠨ ᠳᠤ ᠨᠠᠮ ᠤᠨ ᠲᠥᠪ ᠬᠤᠷᠢᠶ᠎ᠠ ᠠᠴᠠ ︽ᠭᠤᠷᠪᠠᠨ ᠰᠠᠯᠵᠤ ᠪᠣᠯᠤᠰᠢ ᠦᠭᠡᠢ︾᠂ ᠲᠤᠬᠠᠶᠢᠯᠠᠪᠠᠯ ︽ᠬᠢᠲᠠᠳ ᠦᠨᠳᠦᠰᠦᠲᠡᠨ ᠴᠥᠭᠡᠨ ᠲᠣᠭᠠᠲᠤ ᠦᠨᠳᠦᠰᠦᠲᠡᠨ | ᠠᠴᠠ ᠰᠠᠯᠵᠤ ᠴᠢᠳᠠᠰᠢ ᠦᠭᠡᠢ᠂ ᠴᠥᠭᠡᠨ ᠲᠣᠭᠠᠲᠤ ᠦᠨᠳᠦᠰᠦᠲᠡᠨ ᠬᠢᠲᠠᠳ ᠦᠨᠳᠦᠰᠦᠲᠡᠨ ᠠᠴᠠ ᠰᠠᠯᠵᠤ ᠴᠢᠳᠠᠬᠤ ᠦᠭᠡᠢ᠂ ᠴᠥᠭᠡᠨ ᠲᠣᠭᠠᠲᠤ ᠦᠨᠳᠦᠰᠦᠲᠡᠨ | ᠴᠦ ᠬᠡᠨ ᠠᠯᠢᠨ ᠠᠴᠠ ᠪᠠᠨ ᠰᠠᠯᠵᠤ ᠪᠣᠯᠤᠰᠢ ᠦᠭᠡᠢ︾ ᠭᠡᠵᠦ ᠬᠦᠨᠵᠡᠬᠡᠢ ᠳᠤᠷᠠᠳᠴᠤ᠂ ᠳᠤᠮᠳᠠᠳᠤ ᠤᠯᠤᠰ ᠤᠨ ᠦᠨᠳᠦᠰᠦᠲᠡᠨ ᠨᠦᠭᠦᠳ ᠤᠨ ᠵᠢᠷᠭᠠᠯ ᠵᠣᠪᠠᠯᠠᠩ | ᠢᠶᠠᠨ ᠬᠠᠮᠲᠤᠳᠬᠠᠵᠤ᠂ ᠬᠤᠪᠢ ᠵᠠᠶᠠᠭ᠎ᠠ ᠪᠠᠨ ᠬᠠᠮᠳᠤᠳᠬᠠᠬᠤ ᠴᠢᠰᠤ ᠮᠢᠬᠠᠨ ᠤ ᠬᠠᠷᠢᠴᠠᠭ᠎ᠠ ᠶᠢ ᠭᠦᠨᠵᠡᠭᠡᠢ ᠲᠣᠳᠣᠷᠬᠠᠶᠢᠯᠠᠨ ᠥᠭᠦᠯᠡᠵᠡᠢ᠃ | ᠰᠢᠨ᠎ᠡ ᠴᠠᠭ ᠦᠶ᠎ᠡ ᠳᠤ᠂ ᠶᠡᠷᠦᠩᠬᠡᠢ ᠱᠦᠵᠢ ᠰᠢ ᠶᠢᠨ ᠫᠢᠩ ᠤᠯᠠᠨ ᠦᠨᠳᠦᠰᠦᠲᠡᠨ ᠲᠠᠢ ᠨᠢᠭᠡᠳᠦᠭᠰᠡᠨ ᠤᠯᠤᠰ ᠤᠨ ᠦᠨᠳᠦᠰᠦᠨ ᠤᠯᠤᠰ ᠤᠨ ᠪᠠᠶᠢᠳᠠᠯ ᠳᠤ | ᠰᠠᠭᠤᠷᠢᠯᠠᠵᠤ᠂ ᠲᠦᠷᠦ ᠶᠢ ᠵᠠᠰᠠᠬᠤ ᠪᠠᠶᠢᠯᠳᠤᠬᠤ ᠪᠤᠳᠤᠯᠭ᠎ᠠ ᠶᠢᠨ ᠦᠨᠳᠦᠷᠴᠡ ᠠᠴᠠ ᠮᠠᠷᠺᠰ ᠤᠨ ᠦᠵᠡᠯ ᠤᠨ ᠦᠨᠳᠦᠰᠦᠲᠡᠨ ᠤ ᠣᠨᠣᠯ ᠤᠨ ᠭᠤᠤᠯ ᠴᠢᠮᠥᠭᠡ ᠶᠢ | ᠰᠢᠩᠭᠡᠭᠡᠨ ᠠᠪᠴᠤ᠂ ᠳᠤᠮᠳᠠᠳᠤ ᠶᠢᠨ ᠦᠨᠳᠦᠰᠦᠲᠡᠨ ᠤ ᠥᠨᠢ ᠤᠳᠠᠭᠠᠨ ᠲᠡᠦᠬᠡ ᠳᠤ ᠦᠨᠳᠦᠰᠦᠯᠡᠵᠦ᠂ ᠥᠷᠥᠨᠡᠳᠠᠬᠢᠨ ᠤ ᠤᠯᠤᠰ ᠤᠷᠤᠨ ᠤ ᠦᠨᠳᠦᠰᠦᠲᠡᠨ ᠤ | ᠤᠨᠤᠯ ᠠᠴᠠ ᠳᠠᠪᠠᠵᠤ᠂ ᠮᠠᠷᠺᠰ ᠤᠨ ᠦᠵᠡᠯ ᠢ ᠳᠤᠮᠳᠠᠳᠤ ᠤᠯᠤᠰᠴᠢᠯᠠᠬᠤ ᠵᠥᠪ ᠴᠢᠭᠯᠡᠯ ᠢᠶᠠᠷ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ | ᠨᠡᠶᠢᠭᠡᠮ ᠵᠢᠷᠤᠮ ᠤᠨ ᠦᠨᠳᠦᠰᠦᠲᠡᠨ ᠤ ᠣᠨᠣᠯ ᠢ ᠪᠦᠷᠢᠯᠳᠦᠭᠦᠯᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ | ᠴᠢᠬᠤᠯᠠ ᠶᠡᠭᠡ ᠤᠤᠭᠠᠯ ᠡᠭᠦᠳᠦᠯᠲᠡ ᠶᠢᠨ ᠴᠢᠨᠠᠷᠲᠠᠢ ᠤᠨᠤᠯ ᠢ ᠳᠤᠷᠠᠳᠴᠤ᠂ ᠨᠠᠮ ᠤᠨ ᠦᠨᠳᠦᠰᠦᠲᠡᠨ ᠤ ᠠᠵᠢᠯ ᠢ ᠴᠢᠩᠭᠠᠳᠬᠠᠨ ᠰᠠᠶᠢᠵᠢᠷᠠᠭᠤᠯᠬᠤ ᠲᠤᠬᠠᠢ | ᠴᠢᠬᠤᠯᠠ ᠦᠵᠡᠯ ᠰᠠᠨᠠᠭ᠎ᠠ ᠶᠢ ᠪᠦᠷᠢᠯᠳᠦᠭᠦᠯᠵᠦ᠂ ᠮᠠᠷᠺᠰ ᠤᠨ ᠦᠵᠡᠯ ᠤᠨ ᠦᠨᠳᠦᠰᠦᠲᠡᠨ ᠤ ᠣᠨᠣᠯ ᠢ ᠳᠤᠮᠳᠠᠳᠤ ᠤᠯᠤᠰᠴᠢᠯᠠᠭᠰᠠᠨ ᠴᠠᠭ ᠦᠶᠡᠴᠢᠯᠡᠭᠰᠡᠨ ᠰᠢᠨ᠎ᠡ | ᠠᠬᠤᠶ ᠪᠠᠶᠢᠳᠠᠯ ᠢ ᠨᠡᠭᠡᠭᠡᠪᠡ᠃ | ᠶᠡᠷᠦᠩᠬᠡᠢ ᠱᠦᠵᠢ ᠰᠢ ᠶᠢᠨ ᠫᠢᠩ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠤᠯᠤᠰ ᠲᠦᠷᠦ ᠶᠢᠨ ᠲᠣᠪᠴᠢᠶᠠᠨ ᠤ ᠶᠢᠰᠦᠳᠦᠭᠡᠷ ᠤᠳᠠᠭᠠᠨ ᠤ | ᠬᠠᠮᠲᠤ ᠶᠢᠨ ᠰᠤᠷᠤᠯᠴᠠᠯᠭ᠎ᠠ ᠳᠡᠭᠡᠷ᠎ᠡ᠄ ︽ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠨᠤᠯ ᠤᠨ ᠰᠢᠰᠲ᠋ᠧᠮ ᠢ ᠪᠠᠶᠢᠭᠤᠯᠬᠤ ᠳᠤ ᠡᠷᠬᠡᠪᠰᠢ | ᠳᠤᠮᠳᠠᠳᠤ ᠶᠢᠨ ᠦᠨᠳᠦᠰᠦᠲᠡᠨ ᠤ ᠥᠨᠢ ᠤᠳᠠᠭᠠᠨ ᠲᠡᠦᠬᠡᠨ ᠳᠤ ᠰᠠᠭᠤᠷᠢᠯᠠᠵᠤ᠂ ᠮᠠᠷᠺᠰ ᠤᠨ ᠦᠵᠡᠯ ᠤᠨ ᠦᠨᠳᠦᠰᠦᠲᠡᠨ ᠤ ᠤᠨᠤᠯ ᠢ ᠳᠤᠮᠳᠠᠳᠤ ᠤᠯᠤᠰ ᠤᠨ | ᠪᠣᠳᠠᠲᠤ ᠪᠠᠶᠢᠳᠠᠯ ᠲᠠᠢ ᠤᠶᠠᠯᠳᠤᠭᠤᠯᠵᠤ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠲᠠᠢ ᠤᠶᠠᠯᠳᠤᠭᠤᠯᠬᠤ ᠬᠡᠷᠡᠭᠲᠡᠢ︾ ᠭᠡᠵᠦ ᠵᠢᠭᠠᠵᠤ ᠭᠠᠷᠭᠠᠪᠠ᠃ | ᠦᠨᠳᠦᠰᠦᠨ ᠠᠴᠠ ᠨᠢ ᠠᠪᠴᠤ ᠬᠡᠯᠡᠪᠡᠯ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ ᠶᠢ ᠠᠬᠢᠭᠤᠯᠬᠤ ᠶᠢᠨ | ᠵᠠᠩᠭᠢᠯᠠᠭ᠎ᠠ ᠨᠢ ᠢᠯᠠᠩᠭᠤᠶ᠎ᠠ ᠤᠨᠤᠯ ᠤᠨ ᠵᠢᠯᠤᠭᠤᠳᠤᠯᠭ᠎ᠠ ᠶᠢᠨ ᠲᠠᠯ᠎ᠠ ᠪᠠᠷ ᠬᠢ ︽ᠬᠤᠶᠠᠳᠠᠬᠢ ᠤᠶᠠᠯᠳᠤᠯ︾ ᠪᠣᠯᠤᠨ᠎ᠠ᠃ ︽ᠬᠤᠶᠠᠳᠠᠬᠢ ᠤᠶᠠᠯᠳᠤᠯ︾ ᠨᠢ ᠮᠠᠷᠺᠰ ᠤᠨ | ᠦᠵᠡᠯ ᠢ ᠳᠤᠮᠳᠠᠳᠤ ᠤᠯᠤᠰ ᠤᠨ ᠬᠢ ᠪᠣᠯᠭᠠᠵᠤ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠤᠳᠤ ᠦᠶ᠎ᠡ ᠶᠢᠨ ᠬᠢ ᠪᠣᠯᠭᠠᠵᠤ᠂ ᠳᠤᠮᠳᠠᠳᠤ ᠶᠢᠨ | ᠪᠣᠯᠪᠠᠰᠤᠨ ᠤ ᠠᠮᠢ ᠨᠠᠰᠤᠨ ᠤ ᠰᠢᠨᠡᠴᠢᠯᠡᠯᠲᠡ ᠪᠣᠯᠤᠨ ᠤᠳᠤ ᠦᠶ᠎ᠡ ᠶᠢᠨ ᠬᠡᠯᠪᠡᠷᠢ ᠶᠢ ᠬᠤᠪᠢᠷᠠᠭᠤᠯᠬᠤ ᠶᠢ ᠠᠬᠢᠭᠤᠯᠪᠠ︔ ︽ᠤᠶᠠᠯᠳᠤᠯ︾ ᠢᠶᠠᠷ ᠳᠠᠮᠵᠢᠨ | ᠪᠦᠷᠢᠯᠳᠦᠭᠰᠡᠨ ᠰᠢᠨ᠎ᠡ ᠰᠣᠶᠣᠯ ᠨᠢ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠭᠰᠠᠨ ᠰᠣᠶᠣᠯ ᠤᠨ ᠬᠡᠯᠪᠡᠷᠢ ᠪᠣᠯᠵᠤ᠂ ︽ᠤᠶᠠᠯᠳᠤᠯ︾ ᠢᠶᠠᠷ ᠳᠠᠮᠵᠢᠨ | ᠪᠦᠷᠢᠯᠳᠦᠭᠰᠡᠨ ᠳᠤᠮᠳᠠᠳᠤ ᠶᠢᠨ ᠦᠨᠳᠦᠰᠦᠲᠡᠨ ᠤ ᠣᠳᠣ ᠦᠶ᠎ᠡ ᠶᠢᠨ ᠪᠣᠯᠪᠠᠰᠤᠨ ᠨᠢ ᠬᠥᠮᠦᠨ ᠲᠥᠷᠥᠯᠬᠢᠲᠡᠨ ᠤ ᠪᠣᠯᠪᠠᠰᠤᠨ ᠤ ᠰᠢᠨ᠎ᠡ ᠬᠡᠯᠪᠡᠷᠢ ᠪᠣᠯᠵᠠᠶ᠃ | ᠳᠤᠮᠳᠠᠳᠤ ᠶᠢᠨ ᠦᠨᠳᠦᠰᠦᠲᠡᠨ ᠤ ᠤᠳᠤ ᠦᠶ᠎ᠡ ᠶᠢᠨ ᠪᠣᠯᠪᠠᠰᠤᠨ ᠨᠢ ᠳᠤᠮᠳᠠᠳᠤ ᠶᠢᠨ ᠦᠨᠳᠦᠰᠦᠲᠡᠨ ᠨᠦᠭᠦᠳ ᠤᠨ ᠬᠠᠮᠲᠤ ᠪᠠᠷ ᠪᠠᠶᠢᠭᠤᠯᠬᠤ ᠬᠠᠮᠲᠤ ᠪᠠᠷ ᠡᠳ᠋ᠯᠡᠬᠦ | ᠪᠣᠯᠪᠠᠰᠤᠨ ᠤ ᠬᠡᠯᠪᠡᠷᠢ ᠪᠣᠯᠤᠭᠰᠠᠨ ᠤ ᠬᠤᠪᠢ ᠳᠤ ᠬᠠᠮᠲᠤ ᠶᠢᠨ ᠦᠷᠳᠡᠭ ᠢ ᠬᠥᠭᠡᠭᠡᠴᠡᠯᠳᠦᠬᠦ᠂ ᠲᠡᠮᠡᠴᠡᠯ ᠤᠨ ᠡᠭᠦᠷᠭᠡ ᠶᠢ ᠬᠠᠮᠲᠤ ᠪᠠᠷ ᠡᠭᠦᠷᠭᠡᠯᠡᠬᠦ᠂ ᠰᠣᠶᠣᠯ ᠤᠨ | ᠡᠨᠡᠭᠰᠢᠯ ᠢ ᠬᠠᠮᠲᠤ ᠪᠠᠷ ᠡᠳ᠋ᠯᠡᠬᠦ ᠶᠢ ᠬᠠᠷᠠᠭᠤᠯᠵᠤ ᠪᠠᠶᠢᠨ᠎ᠠ᠃ ᠡᠶᠢᠮᠦ ᠠᠴᠠ᠂ ᠳᠤᠮᠳᠠᠳᠤ ᠶᠢᠨ ᠦᠨᠳᠦᠰᠦᠲᠡᠨ ᠤ ᠤᠳᠤ ᠦᠶ᠎ᠡ ᠶᠢᠨ ᠪᠣᠯᠪᠠᠰᠤᠨ ᠤ ᠪᠠᠶᠢᠭᠤᠯᠤᠯᠲᠠ | ᠪᠣᠯᠤᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠪᠠᠶᠢᠭᠤᠯᠤᠯᠲᠠ ᠪᠣᠯ ᠠᠳᠠᠯᠢ ᠴᠢᠭᠯᠡᠯ ᠢᠶᠠᠷ ᠬᠠᠮᠲᠤ ᠪᠠᠷ ᠤᠷᠤᠭᠰᠢᠯᠠᠬᠤ᠂ ᠬᠠᠷᠢᠯᠴᠠᠨ | ᠠᠬᠢᠭᠤᠯᠵᠤ ᠬᠠᠮᠲᠤ ᠪᠠᠷ ᠳᠠᠪᠰᠢᠬᠤ ᠬᠠᠷᠢᠴᠠᠭ᠎ᠠ ᠮᠥᠨ ᠪᠦᠭᠡᠳ ᠨᠡᠩ ᠭᠦᠨ ᠳᠠᠪᠬᠤᠷᠭ᠎ᠠ ᠠᠴᠠ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ | ᠤᠬᠠᠮᠰᠠᠷ ᠢ ᠪᠠᠳᠤᠳᠬᠠᠬᠤ ᠶᠢ ᠠᠬᠢᠭᠤᠯᠵᠤ ᠪᠠᠶᠢᠭ᠎ᠠ ᠶᠤᠮ᠃ | | ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠭᠳᠠᠭᠰᠠᠨ 70 ᠵᠢᠯ ᠤᠨ ᠣᠶ ᠶᠢ ᠪᠡᠯᠭᠡᠯᠡᠬᠦ ᠶᠡᠭᠡ ᠬᠤᠷᠠᠯ ᠤᠨ ᠣᠯᠠᠨ ᠲᠦᠮᠡᠨ ᠤ | ᠵᠢᠭᠰᠠᠭᠠᠯ ᠳᠤ ᠬᠢ ᠦᠨᠳᠦᠰᠦᠲᠡᠨ ᠤ ᠪᠦᠯᠬᠦᠮᠳᠡᠯ ᠤᠨ ᠵᠢᠭᠰᠠᠭᠠᠯ᠃ ︵ᠰᠢᠨ ᠬᠤᠸᠠ ᠬᠤᠷᠢᠶᠠᠨ ᠤ ᠰᠤᠷᠪᠤᠯᠵᠢᠯᠠᠭᠴᠢ᠄ ᠵᠠᠩ ᠾᠥᠩ ᠰᠢᠶᠠᠩ︶ | ︽ᠬᠤᠶᠠᠷ ᠤᠶᠠᠯᠳᠤᠯ︾ ᠢᠯᠠᠩᠭᠤᠶ᠎ᠠ ︽ᠬᠤᠶᠠᠳᠠᠬᠢ ᠤᠶᠠᠯᠳᠤᠯ︾ ᠳᠤ ᠰᠠᠭᠤᠷᠢᠯᠠᠵᠤ᠂ ᠶᠡᠷᠦᠩᠬᠡᠢ ᠱᠦᠵᠢ ᠰᠢ ᠶᠢᠨ ᠫᠢᠩ ᠳᠤᠮᠳᠠᠳᠤ ᠶᠢᠨ ᠦᠨᠳᠦᠰᠦᠲᠡᠨ ᠤ | ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ ᠴᠢᠬᠤᠯᠠ ᠶᠡᠭᠡ ᠤᠤᠭᠠᠯ ᠡᠭᠦᠳᠦᠯᠲᠡ ᠶᠢᠨ ᠤᠨᠤᠯ ᠢ ᠳᠤᠷᠠᠳᠴᠤ᠂ ᠮᠠᠷᠺᠰ ᠤᠨ ᠦᠵᠡᠯ ᠤᠨ ᠦᠨᠳᠦᠰᠦᠲᠡᠨ | ᠤ ᠤᠨᠤᠯ ᠢ ᠳᠤᠮᠳᠠᠳᠤ ᠤᠯᠤᠰᠴᠢᠯᠠᠭᠰᠠᠨ ᠴᠠᠭ ᠦᠶᠡᠴᠢᠯᠡᠭᠰᠡᠨ ᠰᠢᠨ᠎ᠡ ᠠᠬᠤᠢ ᠪᠠᠶᠢᠳᠠᠯ ᠢ ᠨᠡᠭᠡᠭᠡᠵᠡᠢ᠂ ᠡᠭᠦᠨ ᠳᠤ᠄ ᠲᠡᠦᠬᠡ ᠶᠢᠨ ᠬᠥᠭᠵᠢᠯᠲᠡ ᠶᠢᠨ ᠲᠠᠯ᠎ᠠ ᠠᠴᠠ | ᠡᠷᠬᠡᠪᠰᠢ ᠵᠥᠪ ᠣᠨᠣᠪᠴᠢᠲᠠᠢ ᠳᠤᠮᠳᠠᠳᠤ ᠶᠢᠨ ᠦᠨᠳᠦᠰᠦᠲᠡᠨ ᠤ ᠲᠡᠦᠬᠡ ᠶᠢᠨ ᠦᠵᠡᠯᠲᠡ ᠶᠢ ᠪᠠᠷᠢᠮᠲᠠᠯᠠᠬᠤ ᠬᠡᠷᠡᠭᠲᠡᠢ ᠭᠡᠵᠦ ᠳᠤᠷᠠᠳᠤᠭᠰᠠᠨ ᠨᠢ ᠮᠠᠷᠺᠰ ᠤᠨ ᠦᠵᠡᠯ | ᠤᠨ ᠦᠨᠳᠦᠰᠦᠲᠡᠨ ᠤ ᠲᠡᠦᠬᠡ ᠶᠢᠨ ᠶᠠᠪᠤᠴᠠ ᠶᠢᠨ ᠤᠨᠤᠯ ᠪᠣᠯᠤᠨ ᠳᠤᠮᠳᠠᠳᠤ ᠶᠢᠨ ᠦᠨᠳᠦᠰᠦᠲᠡᠨ ᠤ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠶᠢᠨ ᠲᠡᠦᠬᠡ ᠶᠢᠨ | ᠵᠢᠮ᠎ᠡ ᠶᠣᠰᠣ ᠶᠢᠨ ᠭᠦᠨᠵᠡᠭᠡᠢ ᠤᠶᠠᠯᠳᠤᠯ ᠪᠣᠯᠤᠨ᠎ᠠ︔ ᠬᠠᠮᠲᠤ ᠶᠢᠨ ᠴᠣᠭᠴᠠ ᠶᠢᠨ ᠲᠠᠯ᠎ᠠ ᠠᠴᠠ ︽ᠲᠦᠷᠪᠡᠨ ᠬᠠᠮᠳᠤᠳᠬᠠᠬᠤ︾ ᠬᠠᠮᠲᠤ ᠶᠢᠨ ᠴᠣᠭᠴᠠ ᠶᠢᠨ | ᠣᠶᠢᠯᠠᠭᠠᠭᠳᠠᠬᠤᠨ ᠢ ᠳᠤᠷᠠᠳᠤᠭᠰᠠᠨ ᠨᠢ ᠮᠠᠷᠺᠰ ᠤᠨ ᠦᠵᠡᠯ ᠤᠨ ᠦᠨᠳᠦᠰᠦᠲᠡᠨ ᠤ ᠶᠠᠪᠤᠯᠴᠠᠭ᠎ᠠ ᠬᠤᠯᠪᠣᠭᠠᠯᠠᠯ ᠤᠨ ᠤᠨᠤᠯ ᠪᠣᠯᠤᠨ ᠳᠤᠮᠳᠠᠳᠤ ᠤᠯᠤᠰ ᠤᠨ | ᠦᠨᠳᠦᠰᠦᠲᠡᠨ ᠨᠦᠭᠦᠳ ᠤᠨ ︽ᠬᠡᠨ ᠠᠯᠢᠨ ᠠᠴᠠ ᠪᠠᠨ ᠰᠠᠯᠵᠤ ᠴᠢᠳᠠᠬᠤ ᠦᠬᠡᠢ︾ ᠪᠤᠰᠤᠳᠴᠢ ᠪᠣᠳᠠᠲᠤ ᠪᠠᠶᠢᠳᠠᠯ ᠤᠨ ᠭᠦᠨᠵᠡᠭᠡᠢ ᠤᠶᠠᠯᠳᠤᠯ ᠪᠣᠯᠤᠨ᠎ᠠ︔ ᠠᠷᠭ᠎ᠠ | ᠶᠢᠨ ᠤᠨᠤᠯ ᠤᠨ ᠡᠭᠦᠳᠡᠨ ᠠᠴᠠ ᠳᠤᠮᠳᠠᠳᠤ ᠶᠢᠨ ᠦᠨᠳᠦᠰᠦᠲᠡᠨ ᠪᠣᠯᠤᠨ ᠦᠨᠳᠦᠰᠦᠲᠡᠨ ᠨᠦᠭᠦᠳ ᠤᠨ ᠬᠤᠭᠤᠷᠣᠨᠳᠣᠬᠢ ︽ᠲᠦᠷᠪᠡᠨ ᠬᠤᠣᠰ ᠬᠠᠷᠢᠴᠠᠭ᠎ᠠ︾ ᠶᠢ | ᠳᠤᠷᠠᠳᠤᠨ ᠭᠠᠷᠭᠠᠭᠰᠠᠨ ᠶᠠᠪᠤᠳᠠᠯ ᠪᠣᠯ ᠮᠠᠷᠺᠰ ᠤᠨ ᠦᠵᠡᠯ ᠤᠨ ᠪᠣᠳᠠᠰᠴᠢ ᠬᠤᠪᠢᠰᠤᠩᠭᠤᠢ ᠠᠷᠭ᠎ᠠ ᠪᠣᠯᠤᠨ ᠳᠤᠮᠳᠠᠳᠤ ᠤᠯᠤᠰ ᠤᠨ ᠤᠯᠠᠮᠵᠢᠯᠠᠯᠲᠤ ᠬᠤᠪᠢᠰᠤᠩᠭᠤᠢ | ᠰᠡᠳᠬᠢᠬᠦᠢ ᠶᠢᠨ ᠭᠦᠨᠵᠡᠭᠡᠢ ᠤᠶᠠᠯᠳᠤᠯ ᠮᠥᠨ︔ ᠲᠥᠷᠥ ᠶᠢ ᠵᠠᠰᠠᠬᠤ ᠡᠭᠦᠳᠡᠨ ᠠᠴᠠ ᠳᠤᠮᠳᠠᠳᠤ ᠶᠢᠨ ᠦᠨᠳᠦᠰᠦᠲᠡᠨ ᠤ ᠣᠯᠠᠨ ᠡᠰᠢᠲᠦ ᠨᠢᠭᠡ ᠴᠣᠭᠴᠠᠵᠢᠭᠰᠠᠨ | ᠪᠠᠶᠢᠷᠢᠰᠢᠯ ᠪᠠ ᠨᠢᠭᠡᠳᠦᠭᠰᠡᠨ ᠣᠯᠠᠨ ᠦᠨᠳᠦᠰᠦᠲᠡᠨ ᠲᠠᠢ ᠤᠯᠤᠰ ᠤᠨ ᠣᠨᠤᠯᠵᠢᠬᠤᠨ ᠢ ᠴᠢᠬᠤᠯᠠᠴᠢᠯᠠᠬᠤ ᠪᠣᠯ ᠮᠠᠷᠺᠰ ᠤᠨ ᠦᠵᠡᠯ ᠤᠨ ᠤᠯᠤᠰ ᠤᠨ | ᠦᠨᠳᠦᠰᠦᠲᠡᠨ ᠤ ᠣᠨᠣᠯ ᠬᠢᠭᠡᠳ ᠳᠤᠮᠳᠠᠳᠤ ᠤᠯᠤᠰ ᠤᠨ ᠶᠡᠭᠡ ᠨᠢᠭᠡᠳᠦᠯ ᠤᠨ ᠤᠯᠠᠷᠢᠨ ᠬᠤᠪᠢᠰᠬᠤ ᠵᠢᠮ᠎ᠡ ᠶᠣᠰᠣᠨ ᠤ ᠭᠦᠨᠵᠡᠭᠡᠶ ᠤᠶᠠᠯᠳᠤᠯ ᠮᠥᠨ᠃ | ᠶᠡᠷᠦᠩᠬᠡᠢ ᠱᠦᠵᠢ ᠰᠢ ᠶᠢᠨ ᠫᠢᠩ ᠤᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ ᠴᠢᠬᠤᠯᠠ ᠶᠡᠭᠡ ᠤᠤᠭᠠᠯ | ᠡᠭᠦᠳᠦᠯᠲᠡ ᠶᠢᠨ ᠤᠨᠤᠯ ᠨᠢ ᠳᠤᠮᠳᠠᠳᠤ ᠶᠢᠨ ᠦᠨᠳᠦᠰᠦᠲᠡᠨ ᠪᠣᠯᠤᠨ ᠨᠢᠭᠡᠳᠦᠭᠰᠡᠨ ᠤᠯᠠᠨ ᠦᠨᠳᠦᠰᠦᠲᠡᠨ ᠲᠠᠢ ᠤᠯᠤᠰ ᠤᠨ ᠬᠠᠷᠢᠴᠠᠭ᠎ᠠ ᠶᠢ ᠲᠣᠳᠣᠷᠬᠠᠶᠢᠯᠠᠵᠤ᠂ | ᠳᠤᠮᠳᠠᠳᠤ ᠶᠢᠨ ᠦᠨᠳᠦᠰᠦᠲᠡᠨ ᠪᠣᠯᠤᠨ ᠡᠯ᠎ᠡ ᠦᠨᠳᠦᠰᠦᠲᠡᠨ ᠤ ᠬᠠᠷᠢᠴᠠᠭ᠎ᠠ ᠶᠢ ᠲᠣᠭᠲᠠᠭᠠᠵᠤ᠂ ᠨᠡᠶᠢᠲᠡᠯᠢᠭ ᠴᠢᠨᠠᠷ ᠪᠣᠯᠤᠨ ᠵᠥᠷᠢᠶᠡᠲᠦ ᠴᠢᠨᠠᠷ ᠤᠨ ᠬᠠᠷᠢᠴᠠᠭ᠎ᠠ ᠶᠢ | ᠵᠥᠪ ᠪᠠᠶᠢᠷᠢᠯᠠᠭᠤᠯᠵᠤ᠂ ᠨᠢᠭᠡ ᠴᠣᠭᠴᠠ ᠪᠣᠯᠤᠨ ᠤᠯᠠᠨ ᠡᠰᠢᠲᠦ ᠬᠠᠷᠢᠴᠠᠭ᠎ᠠ ᠶᠢ ᠨᠡᠪᠲᠡᠷᠬᠡᠢ ᠶᠠᠷᠢᠭᠰᠠᠨ ᠪᠠᠶᠢᠨ᠎ᠠ︔ ︽ᠳᠤᠮᠳᠠᠳᠤ ᠶᠢᠨ ᠦᠨᠳᠦᠰᠦᠲᠡᠨ︾ ᠪᠣᠯ | ᠦᠨᠳᠦᠰᠦᠲᠡᠨ ᠨᠦᠭᠦᠳ ᠤᠨ ᠠᠭᠤᠰᠤᠯᠴᠠᠨ ᠨᠡᠶᠢᠯᠡᠵᠦ ᠪᠦᠷᠢᠯᠳᠦᠭᠰᠡᠨ ᠬᠡᠳᠦᠨ ᠮᠢᠩᠭᠠᠨ ᠵᠢᠯ ᠤᠨ ᠭᠦᠨ ᠵᠤᠵᠠᠭᠠᠨ ᠲᠡᠦᠬᠡ ᠶᠢᠨ ᠰᠠᠭᠤᠷᠢ ᠲᠠᠢ ᠦᠨᠳᠦᠰᠦᠲᠡᠨ ᠤ | ᠪᠣᠳᠠᠲᠤ ᠴᠣᠭᠴᠠ ᠪᠣᠯᠬᠤ ᠶᠢ ᠢᠯᠡᠷᠡᠭᠦᠯᠵᠦ᠂ ᠳᠤᠮᠳᠠᠳᠤ ᠶᠢᠨ ᠦᠨᠳᠦᠰᠦᠲᠡᠨ ᠪᠣᠯ ︽ᠲᠦᠷᠪᠡᠨ ᠬᠠᠮᠲᠤ ᠪᠠᠷ︾ ᠤᠨ ᠲᠡᠦᠬᠡ ᠶᠢᠨ ᠦᠢᠯᠡᠳᠦᠯᠭᠡ ᠳᠤᠮᠳᠠ ᠲᠠᠰᠤᠷᠠᠯᠳᠠ | ᠦᠭᠡᠢ ᠬᠦᠴᠦᠷᠬᠡᠭᠵᠢᠭᠰᠡᠨ ᠬᠤᠪᠢ ᠵᠠᠶᠠᠭᠠᠨ ᠤ ᠬᠠᠮᠲᠤ ᠶᠢᠨ ᠴᠣᠭᠴᠠ ᠪᠣᠯᠬᠤ ᠶᠢ ᠲᠤᠭ ᠲᠡᠮᠳᠡᠭ ᠲᠣᠳᠣᠷᠬᠠᠢ ᠪᠠᠷ ᠰᠠᠨᠠᠭᠠᠴᠢᠯᠠᠪᠠ᠃ ᠡᠨᠡ ᠨᠢ ᠪᠠᠰᠠ ᠮᠠᠷᠺᠰ ᠤᠨ | ᠦᠵᠡᠯ ᠢ ᠳᠤᠮᠳᠠᠳᠤ ᠤᠯᠤᠰᠴᠢᠯᠠᠭᠰᠠᠨ ᠴᠠᠭ ᠦᠶᠡᠴᠢᠯᠡᠭᠰᠡᠨ ᠢ ᠲᠠᠰᠣᠷᠠᠯᠳᠠ ᠥᠭᠡᠢ ᠲᠥᠯᠬᠢᠨ ᠠᠬᠢᠭᠤᠯᠬᠤ ᠶᠢ ᠳᠠᠭᠠᠯᠳᠤᠵᠤ᠂ ᠮᠠᠨ ᠤ ᠨᠠᠮ ᠤᠨ ᠲᠡᠦᠬᠡ ᠶᠢᠨ | ᠢᠲᠡᠭᠡᠯ ᠪᠠ ᠰᠣᠶᠣᠯ ᠤᠨ ᠢᠲᠡᠭᠡᠯ ᠰᠢᠨ᠎ᠡ ᠥᠨᠳᠥᠷᠴᠡ ᠳᠤ ᠬᠥᠷᠥᠭᠰᠡᠨ ᠢ ᠬᠠᠷᠠᠭᠤᠯᠵᠤ ᠪᠠᠶᠢᠨ᠎ᠠ᠃ | ᠮᠠᠷᠺᠰ ᠤᠨ ᠦᠵᠡᠯ ᠤᠨ ᠦᠨᠳᠦᠰᠦᠲᠡᠨ ᠤ ᠤᠨᠤᠯ ᠢ ᠳᠤᠮᠳᠠᠳᠤ ᠤᠯᠤᠰᠴᠢᠯᠠᠭᠰᠠᠨ ᠵᠠᠭᠤᠨ ᠵᠢᠯ ᠤᠨ ᠦᠢᠯᠡᠳᠦᠯᠭᠡ ᠠᠴᠠ ᠳᠤᠮᠳᠠᠳᠤ ᠶᠢᠨ ᠦᠨᠳᠦᠰᠦᠲᠡᠨ | ᠤ ᠬᠠᠮᠲᠤ ᠶᠢᠨ ᠴᠣᠭᠴᠠ ᠶᠢ ᠴᠢᠬᠤᠯᠠᠴᠢᠯᠠᠬᠤ ᠪᠣᠯ ᠲᠡᠭᠦᠨ ᠳᠤ ᠲᠤᠭᠤᠰᠢᠯᠠᠭᠳᠠᠵᠤ ᠪᠠᠶᠢᠭ᠎ᠠ ᠨᠢᠭᠡᠨ ᠭᠤᠣᠯ ᠰᠢᠵᠢᠮ ᠪᠠᠶᠢᠵᠤ᠂ ᠳᠤᠮᠳᠠᠳᠤ ᠶᠢᠨ ᠦᠨᠳᠦᠰᠦᠲᠡᠨ ᠤ | ᠠᠭᠤᠤ ᠶᠡᠭᠡ ᠰᠡᠷᠭᠦᠨ ᠮᠠᠨᠳᠤᠯᠲᠠ ᠭᠡᠬᠦ ᠡᠨᠡ ᠬᠦ ᠡᠪ ᠬᠠᠮᠲᠤᠴᠤᠳ ᠤᠨ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠳᠤ ᠢᠮᠠᠭᠲᠠ ᠦᠢᠯᠡᠴᠢᠯᠡᠵᠦ ᠪᠠᠶᠢᠳᠠᠭ ᠢ | ᠦᠵᠡᠵᠦ ᠭᠠᠷᠴᠤ ᠪᠤᠯᠤᠨ᠎ᠠ᠃ ᠬᠡᠳᠦᠶᠢᠪᠡᠷ ᠠᠳᠠᠯᠢ ᠪᠤᠰᠤ ᠲᠡᠦᠬᠡᠨ ᠴᠠᠭ ᠦᠶ᠎ᠡ ᠳᠤ ᠠᠳᠠᠯᠢ ᠪᠤᠰᠤ ᠲᠡᠦᠬᠡᠨ ᠨᠥᠬᠦᠴᠡᠯ ᠳᠣᠣᠷ᠎ᠠ᠂ ᠨᠠᠮ ᠤᠨ ᠦᠨᠳᠦᠰᠦᠲᠡᠨ ᠤ | ᠠᠵᠢᠯ ᠤᠨ ᠡᠭᠦᠷᠭᠡ ᠪᠠ ᠭᠤᠣᠯᠳᠠᠯᠭ᠎ᠠ ᠨᠢ ᠠᠳᠠᠯᠢ ᠪᠤᠰᠤ ᠪᠠᠶᠢᠳᠠᠭ ᠪᠣᠯᠪᠠᠴᠤ ᠮᠠᠷᠺᠰ ᠤᠨ ᠦᠵᠡᠯ ᠤᠨ ᠦᠨᠳᠦᠰᠦᠲᠡᠨ ᠤ ᠤᠨᠤᠯ ᠢ ᠳᠤᠮᠳᠠᠳᠤ ᠤᠯᠤᠰᠴᠢᠯᠠᠬᠤ | ᠭᠤᠣᠯᠳᠠᠯᠭ᠎ᠠ ᠨᠢ ᠶᠡᠷᠦ ᠠᠴᠠ ᠬᠤᠪᠢᠷᠠᠬᠤ ᠦᠭᠡᠢ ᠪᠠᠶᠢᠵᠤ᠂ ᠳᠤᠮᠳᠠᠳᠤ ᠶᠢᠨ ᠦᠨᠳᠦᠰᠦᠲᠡᠨ ᠤ ᠪᠦᠬᠦᠯᠢ ᠴᠣᠭᠴᠠ ᠶᠢᠨ ᠰᠢᠨᠵᠢ ᠴᠢᠨᠠᠷ ᠢ ᠳᠣᠪᠤᠶᠢᠯᠭᠠᠵᠤ᠂ | ᠳᠤᠮᠳᠠᠳᠤ ᠶᠢᠨ ᠦᠨᠳᠦᠰᠦᠲᠡᠨ ᠤ ᠪᠦᠬᠦᠯᠢ ᠴᠣᠭᠴᠠ ᠶᠢᠨ ᠠᠰᠢᠭ ᠲᠤᠰᠠ ᠶᠢ ᠬᠠᠮᠠᠭᠠᠯᠠᠵᠤ ᠪᠠᠶᠢᠳᠠᠭ᠃ ᠳᠤᠮᠳᠠᠳᠤ ᠤᠯᠤᠰᠴᠢᠯᠠᠭᠰᠠᠨ ᠴᠠᠭ ᠦᠶᠡᠴᠢᠯᠡᠭᠰᠡᠨ | ᠮᠠᠷᠺᠰ ᠤᠨ ᠦᠵᠡᠯ ᠤᠨ ᠦᠨᠳᠦᠰᠦᠲᠡᠨ ᠤ ᠣᠨᠣᠯ ᠤᠨ ᠵᠢᠯᠣᠭᠤᠳᠣᠯᠭ᠎ᠠ ᠳᠣᠤᠷ᠎ᠠ᠂ ᠳᠤᠮᠳᠠᠳᠤ ᠤᠯᠤᠰ ᠤᠨ ᠣᠨᠴᠠᠯᠢᠭ ᠲᠠᠢ ᠪᠠᠷ ᠦᠨᠳᠦᠰᠦᠲᠡᠨ ᠤ ᠠᠰᠠᠭᠤᠳᠠᠯ ᠢ | ᠰᠢᠶᠳᠪᠦᠷᠢᠯᠡᠬᠦ ᠵᠥᠪ ᠵᠠᠮ ᠤᠨ ᠳᠠᠪᠠᠭᠤᠯᠢᠭ ᠴᠢᠨᠠᠷ ᠨᠢ ᠲᠠᠰᠤᠷᠠᠯᠲᠠ ᠥᠬᠡᠶ ᠢᠯᠡᠷᠡᠵᠦ ᠪᠠᠶᠢᠨ᠎ᠠ᠃ ᠰᠢᠨ᠎ᠡ ᠴᠠᠭ ᠦᠶ᠎ᠡ ᠳᠤ ᠤᠷᠤᠬᠰᠠᠨ ᠤ ᠲᠠᠷᠠᠭ᠎ᠠ᠂ ᠶᠡᠷᠦᠩᠬᠡᠢ | ᠱᠦᠵᠢ ᠰᠢ ᠶᠢᠨ ᠫᠢᠩ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ ᠴᠢᠬᠤᠯᠠ ᠶᠡᠭᠡ ᠤᠤᠭᠠᠯ ᠡᠭᠦᠳᠦᠯᠲᠡ ᠶᠢᠨ | ᠤᠨᠤᠯ ᠢ ᠳᠤᠷᠠᠳᠤᠭᠰᠠᠨ ᠨᠢ ᠨᠢᠭᠡᠳᠦᠭᠰᠡᠨ ᠤᠯᠠᠨ ᠦᠨᠳᠦᠰᠦᠲᠡᠨ ᠲᠠᠢ ᠤᠯᠤᠰ ᠤᠨ ᠬᠤᠪᠢᠰᠤᠯᠲᠠ ᠶᠢᠨ ᠶᠠᠪᠤᠴᠠ ᠳᠠᠬᠢ ︽ᠲᠦᠷᠪᠡᠨ ᠬᠠᠮᠲᠤ ᠪᠠᠷ︾ ᠤᠨ ᠲᠡᠦᠬᠡ | ᠶᠢᠨ ᠳ᠋ᠦᠩᠨᠡᠯᠲᠡ ᠠᠴᠠ ᠢᠷᠡᠯᠲᠡ ᠲᠠᠢ ᠪᠥᠭᠡᠳ ᠮᠠᠷᠺᠰ ᠤᠨ ᠦᠵᠡᠯ ᠤᠨ ᠦᠨᠳᠦᠰᠦᠲᠡᠨ ᠤ ᠤᠨᠤᠯ ᠢ ᠳᠤᠮᠳᠠᠳᠤ ᠤᠯᠤᠰᠴᠢᠯᠠᠭᠰᠠᠨ ᠵᠠᠭᠤᠨ ᠵᠢᠯ ᠤᠨ | ᠦᠢᠯᠡᠳᠦᠯᠭᠡ ᠶᠢᠨ ᠲᠤᠷᠰᠢᠯᠭ᠎ᠠ ᠠᠴᠠ ᠢᠷᠡᠯᠲᠡ ᠲᠠᠢ᠂ ᠮᠠᠨ ᠤ ᠨᠠᠮ ᠤᠨ ᠳᠤᠮᠳᠠᠳᠤ ᠤᠯᠤᠰ ᠤᠨ ᠪᠣᠳᠠᠲᠤ ᠪᠠᠶᠢᠳᠠᠯ ᠠᠴᠠ ᠡᠭᠦᠰᠬᠦ ᠶᠢ ᠪᠠᠷᠢᠮᠲᠠᠯᠠᠵᠤ᠂ ᠳᠤᠮᠳᠠᠳᠤ | ᠶᠢᠨ ᠦᠨᠳᠦᠰᠦᠲᠡᠨ ᠤ ᠥᠨᠢ ᠤᠳᠠᠭᠠᠨ ᠲᠡᠦᠬᠡ ᠳᠤ ᠰᠠᠭᠤᠷᠢᠯᠠᠵᠤ᠂ ᠴᠠᠭ ᠦᠶ᠎ᠡ ᠶᠢᠨ ᠶᠡᠭᠡ ᠬᠠᠨᠳᠤᠰᠢ ᠶᠢ ᠨᠡᠪᠲᠡ ᠠᠵᠢᠭᠯᠠᠵᠤ᠂ ᠲᠡᠦᠬᠡ ᠶᠢᠨ ᠰᠠᠨᠠᠭᠠᠴᠢᠯᠠᠭᠠᠲᠤ | ᠡᠷᠬᠡ ᠶᠢ ᠡᠵᠡᠮᠳᠡᠵᠦ᠂ ᠮᠠᠷᠺᠰ ᠤᠨ ᠦᠵᠡᠯ ᠤᠨ ᠳᠤᠮᠳᠠᠳᠤ ᠤᠯᠤᠰᠴᠢᠯᠠᠬᠤ ᠴᠠᠭ ᠦᠶᠡᠴᠢᠯᠡᠬᠦ ᠶᠢ ᠳᠠᠰᠤᠷᠠᠯᠳᠠ ᠦᠭᠡᠢ ᠠᠬᠢᠭᠤᠯᠬᠤ ᠰᠢᠨ᠎ᠡ ᠡᠭᠦᠳᠦᠯᠳᠡ ᠶᠢᠨ ᠬᠡᠪ | ᠰᠤᠷᠲᠠᠯ ᠪᠣᠯᠤᠨ ᠥᠷᠨᠢᠭᠦᠨ ᠪᠠᠳᠠᠷᠠᠩᠭᠤᠢ ᠠᠮᠢᠵᠢᠷᠠᠯ ᠤᠨ ᠬᠦᠴᠦᠨ ᠢ ᠭᠦᠢᠴᠡᠳ ᠢᠯᠡᠷᠡᠭᠦᠯᠵᠡᠢ᠃ | | | | | ᠬᠢᠨᠠᠨ ᠨᠠᠶᠢᠷᠠᠭᠤᠯᠤᠭᠴᠢ᠄ ᠠᠳᠢᠶ᠎ᠠ ᠰᠠᠴᠤᠷᠠᠯ | ᠶᠡᠷᠦᠩᠬᠡᠢ ᠬᠢᠨᠠᠨ ᠨᠠᠶᠢᠷᠠᠭᠤᠯᠤᠭᠴᠢ᠄ ᠸᠠᠩ ᠰᠢᠥᠸᠠᠢ ᠳ᠋ᠦᠩ | |