ᠦᠦᠰᠢᠨ ᠬᠤᠰᠢᠭᠤᠨ ᠤ ᠮᠠᠯᠵᠢᠬᠤ ᠳ᠋ᠠᠵᠠᠢ ᠶᠢᠨ ᠮᠦᠽᠧᠢ ᠳᠤ 300 ᠭᠠᠷᠤᠢ ᠦᠵᠡᠭᠦᠯᠭᠡ ᠶᠢᠨ ᠪᠣᠳᠠᠰ ᠪᠣᠯᠤᠨ ᠲᠠᠪᠢᠭᠠᠳ ᠣᠨ ᠠᠴᠠ ᠨᠠᠶᠠᠭᠠᠳ ᠣᠨ | ᠪᠤᠯᠲᠠᠯᠠᠬᠢ ᠦᠦᠰᠢᠨ ᠵᠤᠤ ᠶᠢᠨ ᠪᠦᠷᠢᠨ ᠪᠦᠲᠦᠨ ᠲᠡᠦᠬᠡ ᠶᠢᠨ ᠮᠠᠲ᠋ᠧᠷᠢᠶᠠᠯ ᠢ ᠬᠠᠳᠠᠭᠠᠯᠠᠵᠤ ᠪᠣᠢ ᠲᠤᠯᠠ᠂ ᠪᠤᠷᠤᠯᠳᠠᠢ ᠨᠥᠬᠦᠷ ᠤᠨ ᠦᠨᠳᠦᠰᠦᠲᠡᠨ ᠨᠦᠭᠦᠳ ᠤᠨ | ᠤᠯᠠᠨ ᠲᠦᠮᠡᠨ ᠢ ᠪᠦᠯᠬᠦᠮᠳᠡᠭᠦᠯᠦᠨ ᠳᠠᠭᠠᠭᠤᠯᠵᠤ ᠡᠯᠡᠰᠦ ᠶᠢ ᠵᠠᠰᠠᠵᠤ᠂ ᠲᠠᠯ᠎ᠠ ᠨᠤᠲᠤᠭ ᠢ ᠪᠦᠳᠦᠭᠡᠨ ᠪᠠᠶᠢᠭᠤᠯᠵᠤ᠂ ᠨᠤᠲᠤᠭ ᠣᠷᠣᠨ ᠢᠶᠠᠨ ᠨᠣᠭᠤᠭᠠᠷᠠᠭᠤᠯᠤᠭᠰᠠᠨ | ᠪᠠᠶᠢᠳᠠᠯ ᠢ ᠰᠢᠰᠲ᠋ᠧᠮ ᠲᠠᠢ ᠪᠠᠷ ᠲᠡᠯᠭᠡᠨ ᠦᠵᠡᠭᠦᠯᠵᠠᠢ᠃ ᠮᠦᠽᠧᠢ ᠳᠣᠲᠣᠷᠠᠬᠢ ᠲᠡᠦᠬᠡ ᠶᠢᠨ ᠳᠤᠷᠠᠰᠬᠠᠯᠲᠤ ᠵᠦᠢᠯᠡᠰ᠂ ᠬᠡᠷᠡᠯ ᠵᠢᠷᠤᠭ ᠤᠳ ᠨᠢ 60 ᠭᠠᠷᠤᠢ ᠵᠢᠯ ᠤᠨ | ᠲᠤᠷᠰᠢᠬᠢ ︽ᠡᠯᠡᠰᠦ ᠶᠢ ᠵᠠᠰᠠᠵᠤ᠂ ᠲᠠᠯ᠎ᠠ ᠨᠤᠲᠤᠭ ᠢ ᠪᠦᠳᠦᠭᠡᠨ ᠪᠠᠶᠢᠭᠤᠯᠤᠭᠰᠠᠨ᠂ ᠬᠦᠴᠦᠷᠬᠡᠭᠵᠢᠬᠦ ᠪᠠᠷ ᠬᠦᠴᠦᠯᠡᠨ ᠴᠢᠷᠮᠠᠶᠢᠵᠤ ᠰᠢᠷᠭᠠᠭᠤ ᠬᠠᠲᠠᠭᠤᠵᠢᠯᠲᠠᠢ | ᠲᠡᠮᠡᠴᠡᠭᠰᠡᠨ︾ ᠮᠠᠯᠵᠢᠬᠤ ᠳ᠋ᠠᠵᠠᠢ ᠶᠢᠨ ᠵᠣᠷᠢᠭ ᠰᠠᠨᠠᠭ᠎ᠠ ᠪᠣᠯᠤᠨ ᠦᠦᠰᠢᠨ ᠤ ᠦᠨᠳᠦᠰᠦᠲᠡᠨ ᠨᠦᠭᠦᠳ ᠤᠨ ᠬᠥᠪᠡᠭᠦᠳ ᠥᠬᠢᠳ ᠦᠶ᠎ᠡ ᠵᠠᠯᠭᠠᠨ ᠡᠯᠡᠰᠦ ᠶᠢ | ᠵᠠᠰᠠᠬᠤ ᠶᠢ ᠪᠠᠷᠢᠮᠲᠠᠯᠠᠵᠤ᠂ ᠠᠤᠭ᠎ᠠ ᠲᠥᠰᠦᠪ ᠢ ᠲᠤᠭᠤᠰᠢᠲᠠᠢ ᠵᠢᠷᠤᠭᠯᠠᠵᠤ᠂ ᠮᠤᠤᠠᠤᠰᠤ ᠶᠢᠨ ᠡᠯᠡᠰᠦ ᠶᠢ ᠵᠠᠰᠠᠭᠰᠠᠨ ᠨᠤᠮᠢᠨ ᠨᠣᠭᠤᠭᠠᠨ ᠳᠤᠮᠤᠭ ᠪᠣᠯᠤᠨ | ᠦᠨᠳᠦᠰᠦᠲᠡᠨ ᠨᠦᠭᠦᠳ ᠠᠬ᠎ᠠ ᠳᠡᠭᠦᠦ ᠮᠡᠲᠦ ᠳᠣᠲᠣᠨᠣᠰᠤᠭ ᠢᠶᠠᠷ ᠭᠡᠷ ᠣᠷᠣᠨ ᠢᠶᠠᠨ ᠬᠠᠮᠲᠤ ᠪᠠᠷ ᠪᠦᠳᠦᠭᠡᠨ ᠪᠠᠶᠢᠭᠤᠯᠤᠭᠰᠠᠨ ᠵᠣᠷᠢᠭ ᠰᠠᠨᠠᠭᠠᠨ ᠤ ᠬᠡᠪ ᠴᠢᠨᠠᠷ ᠢ | ᠪᠢᠴᠢᠭᠯᠡᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤᠳᠬᠠᠬᠤ ᠶᠢ ᠭᠦᠨᠵᠡᠭᠡᠢ ᠦᠢᠯᠡᠳᠦᠯᠭᠡᠵᠢᠭᠦᠯᠬᠦ ᠲᠠᠯ᠎ᠠ ᠪᠠᠷ ︽ᠨᠤᠮᠢᠨ | ᠨᠤᠭᠤᠭᠠᠨ ᠦᠦᠰᠢᠨ︾ ᠤ ᠭᠠᠪᠢᠶ᠎ᠠ ᠵᠢᠳᠬᠦᠯ ᠢ ᠴᠣᠭᠴᠠᠯᠠᠪᠠ᠃ | ᠦᠵᠡᠭᠦᠯᠭᠡ ᠶᠢᠨ ᠪᠣᠳᠠᠰ ᠢ ︽ᠠᠮᠢᠵᠢᠷᠠᠭᠤᠯᠵᠠᠢ︾ | ᠬᠡᠷᠪᠡ ᠮᠠᠯᠵᠢᠬᠤ ᠳ᠋ᠠᠵᠠᠶ ᠶᠢᠨ ᠮᠦᠽᠧᠶ ᠳᠤ ᠳᠡᠯᠭᠡᠨ ᠦᠵᠡᠭᠦᠯᠦᠭᠰᠡᠨ ᠵᠦᠢᠯᠡᠰ ᠨᠢ ︽ᠦᠭᠡ ᠶᠠᠷᠢᠳᠠᠭ︾ ᠶᠤᠮ ᠪᠣᠯ᠂ ᠲᠠᠳᠠ ᠲᠠᠪᠤᠨ ᠵᠠᠭᠤᠨ ᠲᠦᠮᠡᠨ ᠮᠥ | ᠮᠤᠤᠠᠤᠰᠤ ᠨᠣᠭᠤᠭᠠᠨ ᠥᠩᠭᠡ ᠶᠢ ᠨᠥᠮᠥᠷᠴᠦ᠂ ᠡᠯᠡᠰᠦᠨ ᠴᠦᠯ ᠰᠢᠨ᠎ᠡ ᠳᠦᠷᠢ ᠲᠠᠢ ᠪᠤᠯᠤᠬᠰᠠᠨ ︽ᠲᠣᠮᠣ ᠥᠯᠢᠭᠡᠷ︾ ᠢ ᠶᠠᠷᠢᠬᠤ ᠨᠢ ᠯᠠᠪᠲᠠᠢ᠃ ᠳᠡᠭᠡᠷ᠎ᠡ ᠵᠠᠭᠤᠨ ᠤ | ᠲᠠᠪᠢᠭᠠᠳ ᠣᠨ ᠤ ᠡᠬᠢ ᠪᠠᠷ ᠮᠤᠤᠠᠤᠰᠤ ᠶᠢᠨ ᠡᠯᠡᠰᠦᠨ ᠳᠤ ᠪᠠᠶᠢᠷᠢᠯᠠᠵᠤ ᠪᠠᠶᠢᠭ᠎ᠠ ᠦᠦᠰᠢᠨ ᠵᠤᠤ ᠶᠢᠨ ᠪᠠᠶᠢᠭᠠᠯᠢ ᠶᠢᠨ ᠨᠥᠬᠦᠴᠡᠯ ᠲᠦᠢᠯ ᠤᠨ ᠮᠠᠭᠤ ᠪᠠᠶᠢᠵᠠᠢ᠂ | ᠨᠡᠯᠦᠭᠡᠷ ᠰᠢᠷ᠎ᠠ ᠡᠯᠡᠰᠦ ᠨᠢ ᠰᠠᠯᠬᠢ ᠲᠠᠭᠠᠨ ᠰᠢᠯᠵᠢᠳᠡᠭ ᠬᠠᠲᠠᠭᠤ ᠰᠢᠷᠦᠭᠦᠨ ᠪᠣᠳᠠᠲᠤ ᠪᠠᠶᠢᠳᠠᠯ ᠤᠨ ᠡᠮᠦᠨ᠎ᠡ᠂ ᠨᠢᠭᠡᠨ ᠦᠶ᠎ᠡ ᠶᠢᠨ ᠡᠯᠡᠰᠦ ᠶᠢ ᠵᠠᠰᠠᠭᠰᠠᠨ ᠡᠮᠡᠭᠲᠡᠶ | ᠪᠠᠭᠠᠲᠤᠷ ᠪᠣᠷᠣᠯᠲᠠᠶ ᠵᠡᠷᠭᠡ ᠪᠠᠷ ᠲᠥᠯᠥᠭᠡᠯᠡᠭᠦᠯᠦᠭᠰᠡᠨ ᠦᠦᠰᠢᠨ ᠵᠤᠤ ᠶᠢᠨ ᠡᠯ᠎ᠡ ᠦᠨᠳᠦᠰᠦᠲᠡᠨ ᠤ ᠺᠠᠳ᠋ᠷ ᠤᠯᠠᠨ ᠲᠦᠮᠡᠨ ᠨᠠᠮ ᠤᠨ ᠤᠳᠤᠷᠢᠳᠤᠯᠭ᠎ᠠ ᠳᠣᠣᠷ᠎ᠠ ᠵᠠᠮ | ᠨᠡᠭᠡᠭᠡᠵᠦ ᠡᠯᠡᠰᠦ ᠶᠢ ᠨᠤᠭᠤᠷᠠᠭᠤᠯᠬᠤ ᠪᠠᠷ ᠡᠪᠡᠰᠦ ᠮᠣᠳᠣ ᠲᠠᠷᠢᠬᠤ᠂ ᠡᠪᠡᠰᠦᠨ ᠬᠦᠷᠢᠶ᠎ᠡ ᠪᠠᠶᠢᠭᠤᠯᠬᠤ ᠵᠡᠷᠭᠡ ᠠᠷᠭ᠎ᠠ ᠬᠡᠯᠪᠡᠷᠢ ᠪᠠᠷ ᠡᠯᠡᠰᠦ ᠶᠢ ᠵᠠᠰᠠᠵᠤ᠂ ᠮᠠᠯ ᠠᠵᠤ | ᠠᠬᠤᠶ ᠶᠢᠨ ᠦᠢᠯᠡᠳᠪᠦᠷᠢᠯᠡᠯ ᠢ ᠬᠥᠭᠵᠢᠭᠦᠯᠵᠦ᠂ ᠮᠠᠯᠵᠢᠬᠤ ᠣᠷᠣᠨ ᠤ ᠬᠤᠴᠣᠷᠤᠩᠭᠤᠶ ᠳᠦᠷᠰᠦ ᠪᠠᠶᠢᠳᠠᠯ ᠢ ᠠᠯᠬᠤᠮ ᠠᠯᠬᠤᠮ ᠢᠶᠠᠷ ᠬᠤᠪᠢᠷᠠᠭᠤᠯᠵᠤ᠂ ᠨᠡᠯᠦᠭᠡᠷ ᠶᠡᠭᠡ | ᠲᠠᠩᠭᠢᠰ ᠮᠡᠲᠦ ᠮᠤᠤᠠᠤᠰᠤ ᠶᠢᠨ ᠡᠯᠡᠰᠦᠨ ᠳᠤ ᠨᠣᠭᠤᠭᠠᠨ ᠬᠤᠪᠢᠰᠬᠠᠯ ᠢ ᠥᠷᠨᠢᠭᠦᠯᠪᠡ᠃1965 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠨᠠᠮ ᠤᠨ ᠬᠤᠷᠢᠶ᠎ᠠ ᠲᠣᠭᠲᠠᠭᠠᠯ ᠭᠠᠷᠭᠠᠵᠤ᠂ ᠦᠦᠰᠢᠨ ᠵᠤᠤ ᠶᠢ ᠳ᠋ᠠᠵᠠᠶ ᠠᠴᠠ ᠰᠤᠷᠤᠯᠴᠠᠭᠰᠠᠨ ᠨᠡᠶᠢᠲᠡᠯᠢᠭ ᠵᠢᠱᠢᠶ᠎ᠡ — ︽ᠮᠠᠯᠵᠢᠬᠤ ᠳ᠋ᠠᠵᠠᠶ︾ ᠭᠡᠵᠦ ᠨᠡᠷᠡᠶᠢᠳᠪᠡ᠃ | ᠳᠡᠭᠡᠷ᠎ᠡ ᠵᠠᠭᠤᠨ ᠤ ᠲᠠᠪᠢ ᠵᠢᠷᠠᠭᠠᠳ ᠣᠨ ᠠᠴᠠ ᠡᠬᠢᠯᠡᠨ᠂ ᠦᠶ᠎ᠡ ᠦᠶ᠎ᠡ ᠶᠢᠨ ᠦᠦᠰᠢᠨ ᠤ ᠬᠥᠪᠡᠭᠦᠳ ᠥᠬᠢᠳ ᠭᠡᠷ ᠣᠷᠣᠨ ᠢᠶᠠᠨ ᠪᠠᠲᠤ ᠰᠠᠬᠢᠵᠤ᠂ ᠪᠤᠤᠬᠢᠶ᠎ᠠ | ᠳᠠᠮᠵᠢᠭᠤᠯᠤᠨ ᠡᠯᠡᠰᠦ ᠶᠢ ᠵᠠᠰᠠᠵᠤ᠂ ᠪᠦᠬᠦ ᠤᠯᠤᠰ ᠲᠤ ᠠᠯᠳᠠᠷᠰᠢᠭᠰᠠᠨ ︽ᠮᠠᠯᠵᠢᠬᠤ ᠳ᠋ᠠᠵᠠᠢ︾ ᠶᠢᠨ ᠵᠣᠷᠢᠭ ᠰᠠᠨᠠᠭ᠎ᠠ ᠶᠢ ᠪᠤᠢ ᠪᠤᠯᠭᠠᠵᠦ᠂ ᠠᠮᠢ ᠠᠬᠤᠢ ᠶᠢᠨ | ᠪᠦᠲᠦᠭᠡᠨ ᠪᠠᠶᠢᠭᠤᠯᠤᠯᠲᠠ ᠶᠢᠨ ᠭᠡᠷᠡᠯ ᠰᠠᠴᠤᠷᠠᠩᠭᠤᠢ ᠲᠡᠥᠬᠡᠨ ᠶᠠᠪᠤᠴᠠ ᠶᠢ ᠪᠦᠷᠢᠯᠳᠦᠭᠦᠯᠵᠠᠢ᠃ | ᠮᠦᠽᠧᠶ ᠶᠢ ︽ᠬᠠᠯᠠᠮᠰᠢᠭᠤᠯᠵᠠᠢ︾ | ︽ᠡᠨᠡ ᠪᠣᠯ ᠢᠷᠡᠭᠰᠡᠭᠡᠷ ᠲᠠᠬᠢᠭᠠᠳ ᠪᠠᠰᠠ ᠢᠷᠡᠶ᠎ᠡ ᠭᠡᠵᠦ ᠪᠤᠳᠤᠬᠤ ᠭᠠᠵᠠᠷ ᠪᠣᠯᠤᠨ᠎ᠠ︾ ᠭᠡᠵᠦ 2024 ᠣᠨ ᠤ ᠰᠢᠶᠠᠩᠭᠠᠩ ᠤᠨ ᠤᠶᠤᠲᠠᠳ ᠤᠨ ᠥᠪᠥᠷ | ᠮᠣᠩᠭᠤᠯ ᠤᠨ ᠵᠤᠨ ᠤ ᠠᠮᠠᠷᠠᠯᠲᠠ ᠶᠢᠨ ᠳᠠᠳᠤᠯᠭ᠎ᠠ ᠶᠢᠨ ᠪᠦᠯᠬᠦᠮ ᠤᠨ ᠰᠤᠷᠤᠭᠴᠢᠳ ᠮᠦᠽᠧᠢ ᠳᠤ ᠳᠡᠯᠭᠡᠨ ᠦᠵᠡᠭᠦᠯᠦᠭᠰᠡᠨ ᠡᠨᠡ ᠬᠦ ᠬᠦᠮᠦᠨ ᠤᠷᠤᠭᠰᠢᠯᠠᠪᠠᠯ | ᠡᠯᠡᠰᠦ ᠤᠬᠤᠷᠢᠭᠰᠠᠨ᠂ ᠪᠠᠶᠢᠭᠠᠯᠢ ᠶᠢ ᠥᠭᠡᠷᠡᠴᠢᠯᠡᠭᠰᠡᠨ ᠠᠤᠭ᠎ᠠ ᠠᠵᠢᠯᠯᠠᠭ᠎ᠠ ᠶᠢ ᠦᠵᠡᠭᠡᠳ ᠰᠡᠳᠬᠢᠯ ᠬᠦᠳᠡᠯᠦᠨ ᠶᠠᠷᠢᠵᠠᠢ᠃ | ᠨᠢᠭᠡ ᠮᠦᠽᠧᠶ ᠪᠣᠯ ᠨᠢᠭᠡ ᠶᠡᠭᠡ ᠰᠤᠷᠭᠠᠭᠤᠯᠢ ᠪᠣᠯᠤᠨ᠎ᠠ᠃ 2024 ᠣᠨ ᠤ 4 ᠳ᠋ᠦ᠋ᠭᠡᠷ ᠰᠠᠷ᠎ᠠ ᠶᠢᠨ 19 ᠤ ᠡᠳᠦᠷ᠂ ᠮᠠᠯᠵᠢᠬᠤ ᠳ᠋ᠠᠵᠠᠢ ᠶᠢᠨ ᠮᠦᠽᠧᠢ ᠶᠢ | ᠭᠤᠷᠪᠠᠳᠠᠬᠢ ᠤᠳᠠᠭ᠎ᠠ ᠰᠢᠨᠡᠳᠬᠡᠨ ᠦᠭᠡᠷᠡᠴᠢᠯᠡᠭᠡᠳ ᠲᠡᠰ ᠳᠡᠪᠰᠢᠭᠦᠯᠦᠨ ᠳᠠᠭᠤᠰᠬᠠᠵᠠᠢ᠃ ᠮᠦᠽᠧᠶ ᠨᠡᠭᠡᠭᠡᠭᠰᠡᠨ ᠠᠩᠬᠠᠨ ᠤ ᠡᠳᠦᠷ ᠤᠳ ᠲᠤ ᠨᠤᠲᠤᠭ | ᠨᠤᠲᠤᠭ ᠤᠨ ᠬᠦᠮᠦᠰ ᠵᠣᠨ ᠤ ᠬᠤᠭᠤᠴᠠᠭᠠᠨ ᠤ ᠰᠤᠳᠤᠯᠤᠨ ᠰᠤᠷᠤᠯᠴᠠᠬᠤ ᠵᠢᠭᠤᠯᠴᠢᠯᠠᠯ ᠪᠤᠶᠤ ᠨᠠᠮ ᠤᠨ ᠡᠳᠦᠷ ᠤᠨ ᠠᠵᠢᠯᠯᠠᠭ᠎ᠠ ᠪᠠᠨ ᠠᠳᠡ ᠦᠷᠨᠢᠭᠦᠯᠬᠦ ᠪᠠᠷ | ᠰᠤᠷᠠᠭᠯᠠᠬᠤ ᠪᠠᠷ ᠢᠷᠡᠵᠡᠭᠡᠵᠦ ᠪᠠᠶᠢᠯ᠎ᠠ᠃ 1966 ᠣᠨ ᠤ 6 ᠳ᠋ᠤᠭᠠᠷ ᠰᠠᠷ᠎ᠠ ᠶᠢᠨ 12 ᠤᠨ ᠡᠳᠦᠷ ᠪᠦᠬᠦᠳᠠ ᠨᠠᠶᠢᠷᠠᠮᠳᠠᠬᠤ ᠮᠠᠯᠢ ᠤᠯᠤᠰ ᠤᠨ | ᠲᠥᠯᠥᠭᠡᠯᠡᠭᠴᠢᠳ ᠤᠨ ᠪᠦᠯᠬᠦᠮ ᠤᠨ ᠠᠶᠢᠯᠴᠢᠯᠠᠯᠲᠠ ᠠᠴᠠ ᠥᠨᠥᠳᠦᠷ ᠤᠨ ᠡᠯ᠎ᠡ ᠲᠠᠯ᠎ᠠ ᠶᠢᠨ ᠵᠤᠭᠠᠴᠠᠭᠰᠠᠳ ᠠᠭᠤᠯᠠ ᠳᠠᠪᠠᠵᠤ ᠲᠠᠯᠠᠢ ᠶᠢ ᠲᠤᠭᠤᠯᠤᠨ ᠢᠷᠡᠭᠰᠡᠨ | ᠬᠦᠷᠲᠡᠯ᠎ᠡ᠂ ᠰᠢᠷᠭᠠᠭᠤ ᠬᠠᠲᠠᠭᠤᠵᠢᠯᠲᠠᠢ ᠲᠡᠮᠡᠴᠡᠬᠦ ᠵᠣᠷᠢᠭ ᠰᠠᠨᠠᠭᠠᠨ ᠤ ᠤᠯᠠᠮᠵᠢᠯᠠᠯ᠂ ᠨᠤᠮᠢᠨ ᠨᠤᠭᠤᠭᠠᠨ ᠢᠲᠡᠭᠡᠯ ᠪᠢᠰᠢᠷᠡᠯ ᠤᠨ ᠪᠠᠳᠠᠷᠠᠯ ᠨᠢ ᠦᠦᠰᠢᠨ ᠵᠤᠤ | ᠪᠠᠯᠭᠠᠰᠤᠨ ᠤ ᠡᠨᠡ ᠬᠦ ︽ᠲᠩᠷᠢ ᠲᠤᠯᠤᠮ᠎ᠠ ᠪᠠᠶᠠᠨ ᠡᠷᠬᠢᠮ︾ ᠢ ᠬᠦᠯᠢᠶᠡᠨ ᠠᠪᠬᠤ ᠰᠥᠰᠥ ᠴᠢᠳᠠᠯ ᠪᠣᠯᠵᠠᠢ᠃ | ᠦᠦᠰᠢᠨ ᠬᠤᠰᠢᠭᠤ ᠨᠢ ᠶᠡᠷᠦ ᠠᠴᠠ ᠠᠭᠤᠰᠤᠯᠴᠠᠨ ᠬᠥᠭᠵᠢᠬᠦ ᠤᠢᠢᠯᠠᠭᠠᠭᠳᠠᠬᠤᠨ ᠢ ᠪᠠᠲᠤ ᠪᠤᠢ ᠪᠣᠯᠭᠠᠵᠤ᠂ ᠮᠠᠯᠵᠢᠬᠤ ᠳ᠋ᠠᠵᠠᠢ ᠶᠢᠨ ᠵᠣᠷᠢᠭ ᠰᠠᠨᠠᠭ᠎ᠠ ᠶᠢ | ᠤᠯᠠᠮᠵᠢᠯᠠᠨ ᠵᠠᠯᠭᠠᠮᠵᠢᠯᠠᠬᠤ ᠶᠢ ᠨᠢᠭᠡᠳᠦᠮᠡᠯ ᠹᠷᠣᠨᠲ ᠤᠨ ᠠᠵᠢᠯ ᠳᠤ ᠣᠷᠣᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ | ᠪᠠᠲᠤᠳᠬᠠᠬᠤ ᠬᠥᠮᠦᠵᠢᠯ ᠦᠢᠯᠡᠳᠦᠯᠭᠡ ᠶᠢᠨ ᠰᠠᠭᠤᠷᠢᠨ ᠭᠠᠵᠠᠷ ᠢ ᠢᠳᠡᠪᠬᠢᠲᠡᠢ ᠭᠤᠶᠤᠴᠢᠯᠠᠨ ᠪᠠᠶᠢᠭᠤᠯᠵᠤ᠂ ᠮᠠᠯᠵᠢᠬᠤ ᠳ᠋ᠠᠵᠠᠢ ᠶᠢᠨ ᠲᠡᠦᠬᠡ ᠶᠢᠨ ᠠᠬᠤᠢ ᠪᠠᠶᠢᠳᠠᠯ | ᠪᠣᠯᠤᠨ ᠴᠠᠭ ᠦᠶ᠎ᠡ ᠶᠢᠨ ᠵᠣᠷᠢᠭ ᠰᠠᠨᠠᠭ᠎ᠠ ᠪᠠᠷ ᠠᠴᠢᠶᠠᠯᠠᠪᠤᠷᠢ ᠪᠣᠯᠭᠠᠵᠤ᠂ ᠮᠠᠯᠵᠢᠬᠤ ᠳ᠋ᠠᠵᠠᠢ ᠶᠢᠨ ᠮᠦᠽᠧᠢ᠂ ᠮᠤᠤᠠᠤᠰᠤ ᠶᠢᠨ ᠡᠯᠡᠰᠦᠨ ᠤ ᠠᠮᠢ ᠨᠠᠰᠤᠨ ᠤ | ᠬᠠᠮᠲᠤ ᠶᠢᠨ ᠴᠣᠭᠴᠠ ᠶᠢᠨ ᠰᠢᠨᠵᠢᠯᠡᠬᠦ ᠤᠬᠠᠭᠠᠨ ᠤ ᠰᠤᠳᠤᠯᠭᠠᠨ ᠤ ᠲᠥᠪ᠂ ᠮᠠᠯᠵᠢᠬᠤ ᠳ᠋ᠠᠵᠠᠢ ᠶᠢᠨ ᠪᠡᠶᠡᠴᠢᠯᠡᠨ ᠣᠶᠢᠯᠠᠭᠠᠬᠤ ᠮᠠᠶ᠋ᠢᠭ ᠤᠨ ᠠᠮᠢ ᠠᠬᠤᠢ ᠶᠢᠨ | ᠬᠥᠮᠦᠵᠢᠯ ᠤᠨ ᠰᠠᠭᠤᠷᠢᠨ᠂ ᠪᠦᠷᠢᠳᠦ ᠭᠠᠴᠠᠭ᠎ᠠ ᠶᠢᠨ ᠮᠤᠤᠠᠤᠰᠤ ᠶᠢᠨ ᠡᠯᠡᠰᠦ ᠶᠢ ᠤᠰᠠᠳᠬᠠᠬᠤ ᠳᠠᠶᠢᠯᠠᠯᠳᠤᠭᠠᠨ ᠤ ᠨᠣᠭᠤᠭᠠᠷᠠᠭᠤᠯᠤᠯᠲᠠ ᠶᠢᠨ ᠵᠢᠱᠢᠶ᠎ᠡ ᠦᠵᠡᠭᠦᠯᠬᠦ | ᠴᠡᠭ ᠵᠡᠷᠭᠡ ᠶᠢ ᠬᠡᠯᠬᠢᠵᠦ᠂ ᠤᠷᠢᠳᠤᠰ ᠤᠨ ᠤᠯᠠ ᠮᠥᠷ ᠢ ᠡᠷᠢᠯᠬᠢᠯᠡᠵᠦ᠂ ᠮᠠᠯᠵᠢᠬᠤ ᠳ᠋ᠠᠵᠠᠢ ᠶᠢᠨ ᠵᠣᠷᠢᠭ ᠰᠠᠨᠠᠭ᠎ᠠ ᠶᠢ ᠤᠮᠳᠠᠯᠠᠨ ᠬᠦᠷᠲᠡᠬᠦ ᠦᠨᠳᠦᠰᠦᠲᠡᠨ ᠤ | ᠪᠦᠯᠬᠦᠮᠳᠡᠯ ᠤᠨ ᠬᠥᠮᠦᠵᠢᠯ ᠤᠨ ᠲᠣᠭᠤᠷᠢᠨ ᠦᠵᠡᠬᠦ ᠱᠤᠭᠤᠮ ᠢ ᠪᠦᠷᠢᠯᠳᠦᠭᠦᠯᠵᠡᠢ᠂ ᠪᠠᠰᠠ ᠬᠠᠪᠤᠷ ᠤᠨ ᠮᠤᠷᠢᠨ ᠤ ᠴᠤᠭᠯᠠᠭᠠᠨ᠂ ︽ᠮᠠᠯᠴᠢᠳ ᠤᠨ ᠬᠥᠪᠡᠭᠦᠨ︾ | ᠰᠣᠶᠣᠯ ᠲᠠᠮᠢᠷ ᠤᠨ ᠤᠷᠠᠯᠢᠭ ᠤᠨ ᠠᠵᠢᠯᠯᠠᠭ᠎ᠠ᠂ ︽ᠦᠨᠳᠦᠰᠦᠲᠡᠨ ᠨᠦᠭᠦᠳ ᠨᠢᠭᠡ ᠭᠡᠷ ᠤᠨ ᠬᠢᠨ ᠮᠡᠲᠦ ᠪᠦᠯᠬᠦᠮᠳᠡᠭᠦᠯᠵᠦ᠂ ᠨᠣᠭᠤᠭᠠᠨ ᠴᠢᠨᠡᠭᠡᠯᠢᠭ ᠳᠤ ᠪᠠᠨ ᠨᠠᠮ ᠤᠨ | ᠠᠴᠢ ᠶᠢ ᠮᠠᠭᠲᠠᠨ ᠳᠠᠭᠤᠯᠠᠬᠤ︾ ᠭᠤᠤᠯ ᠰᠡᠳᠦᠪᠲᠦ ᠤᠷᠠᠨ ᠰᠠᠶᠢᠬᠠᠨ ᠤ ᠦᠳᠡᠰᠢᠯᠡᠭᠡ ᠵᠡᠷᠭᠡ ᠠᠯᠢ ᠣᠯᠠᠨ ᠨᠥᠯᠥᠭᠡᠯᠡᠬᠦ ᠬᠦᠴᠦᠨ ᠲᠠᠢ ᠤᠷᠤᠯᠳᠤᠭᠠᠨ ᠪᠠ ᠪᠠᠶᠠᠷ | ᠳᠤᠷᠠᠰᠬᠠᠯ ᠤᠨ ᠠᠵᠢᠯᠯᠠᠭ᠎ᠠ ᠶᠢ ᠲᠥᠯᠥᠪᠵᠢᠭᠦᠯᠦᠭᠰᠡᠨ ᠢᠶᠠᠷ᠂ ᠮᠠᠯᠵᠢᠬᠤ ᠳ᠋ᠠᠵᠠᠶ ᠶᠢᠨ ᠮᠦᠽᠧᠶ ᠨᠢ ᠳᠥᠷᠪᠡᠨ ᠵᠦᠭ ᠤᠨ ᠵᠣᠴᠢᠳ ᠤᠨ ᠵᠠᠪᠠᠯ ᠢᠷᠡᠵᠦ ᠦᠵᠡᠳᠡᠭ | ᠰᠢᠨ᠎ᠡ ᠭᠠᠵᠠᠷ ᠪᠣᠯᠤᠭᠰᠠᠨ ᠪᠠᠶᠢᠨ᠎ᠠ᠃ ᠪᠠᠶᠠᠯᠢᠭ ᠰᠠᠶᠢᠬᠠᠨ ᠠᠵᠢᠯᠯᠠᠭ᠎ᠠ ᠨᠢ ᠵᠤᠭᠠᠴᠠᠭᠰᠠᠳ ᠪᠠ ᠦᠨᠳᠦᠰᠦᠲᠡᠨ ᠨᠦᠭᠦᠳ ᠤᠨ ᠣᠯᠠᠨ ᠲᠦᠮᠡᠨ ᠤ ᠬᠡᠷᠡᠭᠴᠡᠭᠡ ᠶᠢ | ᠬᠠᠩᠭᠠᠵᠤ᠂ ᠮᠦᠨ ᠴᠦ ᠦᠦᠰᠢᠨ ᠵᠣᠣ ᠪᠠᠯᠭᠠᠰᠤᠨ ᠤ ︽ᠨᠠᠮ ᠤᠨ ᠪᠠᠶᠢᠭᠤᠯᠤᠯᠲᠠ ᠪᠠᠷ ᠬᠥᠲᠥᠯᠥᠨ ᠳᠠᠭᠠᠭᠤᠯᠵᠤ᠂ ᠨᠤᠭᠤᠭᠠᠷᠠᠭᠤᠯᠤᠯᠳᠠ ᠴᠢᠨᠡᠭᠡᠯᠡᠭᠵᠢᠯᠳᠡ ᠳᠤ | ᠰᠡᠳᠬᠢᠯ ᠨᠢᠭᠡᠳᠬᠦ︾ ᠰᠢᠵᠢᠷ ᠠᠯᠲᠠᠨ ᠨᠡᠷ᠎ᠡ ᠶᠢᠨ ᠬᠠᠭᠤᠳᠠᠰᠤ ᠶᠢ ᠤᠯᠠᠮ ᠨᠢᠭᠡ ᠠᠯᠬᠤᠮ ᠭᠡᠷᠡᠯᠲᠦᠭᠦᠯᠪᠡ᠃ | ᠵᠣᠷᠢᠭ ᠰᠠᠨᠠᠭ᠎ᠠ ᠶᠢ ︽ᠤᠯᠠᠮᠵᠢᠯᠠᠵᠠᠢ︾ | ᠡᠨᠡ ᠵᠢᠯ ᠠᠴᠠ ᠨᠠᠭᠠᠰᠢ᠂ ᠦᠦᠰᠢᠨ ᠬᠤᠰᠢᠭᠤ ᠨᠢ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤᠳᠬᠠᠬᠤ ᠡᠨᠡ ᠬᠦ | ᠭᠤᠣᠯ ᠰᠢᠵᠢᠮ ᠤᠨ ᠲᠣᠭᠤᠷᠢᠨ ᠳᠤ ᠮᠠᠯᠵᠢᠬᠤ ᠳ᠋ᠠᠵᠠᠢ ᠶᠢᠨ ᠠᠮᠢ ᠠᠬᠤᠢ ᠶᠢᠨ ᠬᠥᠮᠦᠵᠢᠯ ᠤᠨ ᠰᠠᠭᠤᠷᠢᠨ ᠭᠠᠵᠠᠷ ᠢ ᠥᠭᠡᠷᠡᠴᠢᠯᠡᠨ ᠳᠡᠭᠡᠭᠰᠢᠯᠡᠭᠦᠯᠬᠦ ᠠᠵᠢᠯ ᠢ | ᠬᠡᠷᠡᠭᠵᠢᠭᠦᠯᠵᠦ᠂ ᠦᠦᠰᠢᠨ ᠵᠤᠤ ᠶᠢᠨ ᠦᠨᠳᠦᠰᠦᠲᠡᠨ ᠨᠦᠭᠦᠳ ᠤᠨ ᠠᠷᠠᠳ ᠲᠦᠮᠡᠨ ᠢ ᠠᠨᠠᠷ ᠤᠨ ᠦᠷ᠎ᠡ ᠰᠢᠭ ᠨᠢᠭᠲᠠᠷᠠᠨ ᠪᠦᠯᠬᠦᠮᠳᠡᠭᠦᠯᠵᠦ᠂ ᠰᠠᠶᠢᠨ ᠰᠠᠶᠢᠬᠠᠨ | ᠠᠮᠢᠳᠤᠷᠠᠯ ᠢ ᠬᠠᠮᠲᠤ ᠪᠠᠷ ᠴᠣᠭᠴᠠᠯᠠᠬᠤ ᠠᠬᠤᠢ ᠪᠠᠶᠢᠳᠠᠯ ᠢ ᠠᠭᠤᠰᠤᠯᠴᠠᠭᠤᠯᠪᠠ᠃ ᠦᠦᠰᠢᠨ ᠬᠤᠰᠢᠭᠤᠨ ᠤ ᠨᠣᠭᠤᠭᠠᠷᠠᠭᠤᠯᠤᠯᠲᠠ ᠶᠢᠨ ᠵᠥᠪᠯᠡᠯ ᠤᠨ ᠬᠢᠨ | ︽ᠮᠠᠯᠵᠢᠬᠤ ᠳ᠋ᠠᠵᠠᠶ︾ ᠶᠢᠨ ᠥᠩᠭᠡ ᠬᠡᠷᠡᠯ ᠢ ᠰᠢᠨᠡᠳᠬᠡᠨ ᠪᠠᠳᠠᠷᠠᠭᠤᠯᠵᠤ᠂ 70 ᠭᠠᠷᠤᠶ ᠵᠢᠯ ᠤᠨ ᠦᠨᠳᠦᠰᠦᠲᠡᠨ ᠨᠦᠭᠦᠳ ᠤᠨ ᠣᠯᠠᠨ ᠲᠦᠮᠡᠨ ᠤ ᠡᠯᠡᠰᠦ ᠶᠢ | ᠵᠠᠰᠠᠭᠰᠠᠨ ᠲᠡᠦᠬᠡ ᠶᠢᠨ ᠣᠶᠤᠨ ᠰᠠᠨᠠᠭᠠᠨ ᠤ ᠬᠡᠪ ᠴᠢᠨᠠᠷ ᠪᠣᠯᠤᠨ ᠰᠡᠳᠬᠢᠯ ᠬᠥᠳᠡᠯᠭᠡᠮ᠎ᠡ ᠦᠢᠯᠡ ᠠᠵᠢᠯᠯᠠᠭ᠎ᠠ ᠶᠢ ᠰᠢᠰᠲ᠋ᠧᠮ ᠲᠠᠢ ᠡᠮᠬᠢᠯᠡᠵᠦ᠂ ᠮᠠᠯᠵᠢᠬᠤ ᠳ᠋ᠠᠵᠠᠶ ᠶᠢᠨ | ᠮᠦᠽᠧᠶ᠂ ᠠᠮᠢ ᠠᠬᠤᠶ ᠶᠢᠨ ᠪᠣᠯᠪᠠᠰᠤᠨ ᠤ ᠦᠵᠡᠭᠦᠯᠭᠡ ᠶᠢᠨ ᠣᠷᠳᠣᠨ᠂ ᠮᠤᠤᠠᠤᠰᠤ ᠶᠢᠨ ᠡᠯᠡᠰᠦᠨ ᠤ ᠠᠮᠢ ᠨᠠᠰᠤᠨ ᠤ ᠬᠠᠮᠲᠤ ᠶᠢᠨ ᠴᠣᠭᠴᠠ ᠶᠢᠨ ᠰᠢᠨᠵᠢᠯᠡᠬᠦ | ᠤᠬᠠᠭᠠᠨ ᠤ ᠰᠤᠳᠤᠯᠭᠠᠨ ᠤ ᠲᠥᠪ᠂ ᠠᠮᠢ ᠠᠬᠤᠶ ᠶᠢ ᠪᠡᠶᠡᠴᠢᠯᠡᠨ ᠣᠶᠢᠯᠠᠭᠠᠬᠤ ᠰᠠᠭᠤᠷᠢᠨ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ | ᠤᠬᠠᠮᠰᠠᠷ ᠢ ᠪᠠᠲᠤᠳᠬᠠᠬᠤ ᠬᠥᠮᠦᠵᠢᠯ ᠦᠢᠯᠡᠳᠦᠯᠭᠡ ᠶᠢᠨ ᠰᠠᠭᠤᠷᠢᠨ ᠭᠠᠵᠠᠷ ᠵᠡᠷᠭᠡ ᠶᠢ ᠪᠠᠶᠢᠭᠤᠯᠵᠤ᠂ ᠨᠤᠮᠢᠨ ᠨᠤᠭᠤᠭᠠᠨ ᠠᠮᠢ ᠠᠬᠤᠶ ᠶᠢᠨ ᠥᠯᠢᠭᠡᠷ ᠤᠳ ᠢᠶᠠᠷ | ᠦᠨᠳᠦᠰᠦᠲᠡᠨ ᠨᠦᠭᠦᠳ ᠤᠨ ᠣᠯᠠᠨ ᠲᠦᠮᠡᠨ ᠤ ᠡᠷᠡᠰ ᠭᠤᠶᠢᠪᠢᠰᠢ ᠥᠬᠡᠶ ᠪᠠᠷ ᠨᠠᠮ ᠢᠶᠠᠨ ᠳᠠᠭᠠᠬᠤ ᠪᠠᠲᠤ ᠵᠣᠷᠢᠭ ᠢ ᠢᠯᠡᠷᠡᠭᠦᠯᠵᠦ᠂ ᠦᠨᠳᠦᠰᠦᠲᠡᠨ ᠨᠦᠭᠦᠳ ᠤᠨ | ᠣᠯᠠᠨ ᠲᠦᠮᠡᠨ ᠰᠡᠳᠬᠢᠯ ᠨᠢᠭᠡᠳᠦᠨ ᠦᠵᠡᠰᠬᠦᠯᠡᠩᠲᠦ ᠰᠠᠶᠢᠬᠠᠨ ᠥᠪᠥᠷ ᠮᠣᠩᠭᠤᠯ ᠢᠶᠠᠨ ᠪᠥᠲᠥᠭᠡᠨ ᠪᠠᠶᠢᠭᠤᠯᠵᠤ᠂ ᠠᠭᠤᠤ ᠶᠡᠭᠡ ᠳᠤᠮᠳᠠᠳᠤ ᠶᠢᠨ ᠵᠡᠭᠦᠳᠦ ᠪᠠᠨ | ᠬᠠᠮᠲᠤ ᠪᠠᠷ ᠲᠡᠷᠭᠡᠯᠰᠢᠭᠦᠯᠬᠦ ᠴᠤᠭ ᠵᠢᠪᠬᠤᠭ᠎ᠠ ᠶᠢ ᠢᠯᠡᠷᠡᠭᠦᠯᠪᠡ᠃ 2024 ᠣᠨ ᠳᠤ ᠦᠦᠰᠢᠨ ᠬᠤᠰᠢᠭᠤᠨ ᠤ ᠨᠣᠭᠤᠭᠠᠷᠠᠭᠤᠯᠤᠯᠲᠠ ᠶᠢᠨ ᠵᠥᠪᠯᠡᠯ ᠢ ᠨᠠᠮ ᠤᠨ | ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠪᠦᠬᠦ ᠤᠯᠤᠰ ᠤᠨ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢᠨ ᠵᠢᠱᠢᠶᠡᠴᠢ ᠬᠠᠮᠲᠤ ᠪᠠᠷ | ᠬᠦᠬᠢᠭᠦᠯᠪᠡ᠃ | | | | | ᠣᠷᠴᠢᠭᠤᠯᠭ᠎ᠠ ᠶᠢᠨ ᠬᠢᠨᠠᠭᠴᠢ᠄ ᠠᠳᠢᠶ᠎ᠠ ᠰᠠᠴᠤᠷᠠᠯ | ᠳᠡᠳ᠋ ᠶᠡᠷᠦᠩᠬᠡᠢ ᠨᠠᠶᠢᠷᠠᠭᠤᠯᠤᠭᠴᠢ᠄ ᠬᠤᠣᠰᠪᠠᠶᠠᠷ | ᠶᠡᠷᠦᠩᠬᠡᠢ ᠨᠠᠶᠢᠷᠠᠭᠤᠯᠤᠭᠴᠢ᠄ ᠸᠠᠩ ᠰᠢᠥᠸᠠᠢ ᠳ᠋ᠦᠩ |