ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠯᠢ ᠺᠸ ᠴᠢᠶᠠᠩ ᠵᠠᠰᠠᠭ᠎ᠤᠨ ᠣᠷᠳᠣᠨ᠎ᠤ ᠣᠨᠴᠠᠭ᠋ᠠᠢ ᠨᠡᠮᠡᠯᠭᠡ ᠵᠢᠨ ᠲᠦᠷᠢᠮ᠎ᠤᠨ ᠳᠡᠭᠡᠳᠦ ᠳᠡᠰ ᠳᠠᠪᠬᠤᠷᠭ᠎ᠠ ᠵᠢᠨ ᠪᠠ ᠳᠡᠭᠡᠳᠦ ᠮᠡᠷᠭᠡᠵᠢᠯ ᠴᠢᠳᠠᠪᠤᠷᠢ ᠵᠢᠨ ᠴᠢᠳᠠᠪᠤᠷᠢᠲᠠᠨ᠎ᠤ ᠶᠠᠷᠢᠯᠴᠠᠬᠤ ᠬᠤᠷᠠᠯ᠎ᠢ ᠡᠷᠬᠢᠯᠡᠨ ᠬᠤᠷᠠᠯᠳᠤᠭᠤᠯᠪᠠ
ᠨᠡᠶᠢᠲᠡᠯᠡᠭᠰᠡᠨ ᠴᠠᠭ᠄ 2021-05-13


      ᠯᠢ ᠺᠸ ᠴᠢᠶᠠᠩ ᠵᠠᠰᠠᠭ᠎ᠤᠨ ᠣᠷᠳᠣᠨ᠎ᠤ ᠣᠨᠴᠠᠭ᠋ᠠᠢ ᠨᠡᠮᠡᠯᠭᠡ ᠵᠢᠨ ᠲᠦᠷᠢᠮ᠎ᠤᠨ ᠳᠡᠭᠡᠳᠦ ᠳᠡᠰ ᠳᠠᠪᠬᠤᠷᠭ᠎ᠠ ᠵᠢᠨ ᠪᠠ ᠳᠡᠭᠡᠳᠦ ᠮᠡᠷᠭᠡᠵᠢᠯ ᠴᠢᠳᠠᠪᠤᠷᠢ ᠵᠢᠨ ᠴᠢᠳᠠᠪᠤᠷᠢᠲᠠᠨ᠎ᠤ ᠶᠠᠷᠢᠯᠴᠠᠬᠤ ᠬᠤᠷᠠᠯ᠎ᠢ ᠡᠷᠬᠢᠯᠡᠨ ᠬᠤᠷᠠᠯᠳᠤᠭᠤᠯᠬᠤ᠎ᠳᠤ᠎ᠪᠠᠨ ᠴᠢᠬᠤᠯᠠᠴᠢᠯᠠᠭᠰᠠᠨ᠎ᠨᠢ
      ᠰᠢᠨᠵᠢᠯᠡᠬᠦ ᠤᠬᠠᠭ᠋ᠠᠨ᠎ᠢ ᠬᠦᠨᠳᠦᠳᠬᠡᠬᠦ ᠮᠡᠳᠡᠯᠭᠡ ᠵᠢ ᠬᠦᠨᠳᠦᠳᠬᠡᠬᠦ ᠴᠢᠳᠠᠪᠤᠷᠢᠲᠠᠨ᠎ᠢ ᠬᠦᠨᠳᠦᠳᠬᠡᠬᠦ ᠨᠡᠶ᠋ᠢᠭᠡᠮ᠎ᠤᠨ ᠠᠭᠤᠷ ᠠᠮᠢᠰᠬᠤᠯ᠎ᠢ ᠦᠷᠭᠦᠯᠵᠢᠯᠡᠨ ᠪᠤᠢ ᠪᠣᠯᠭ᠋ᠠᠬᠤ ᠬᠡᠷᠡᠭᠲᠡᠢ
      ᠰᠢᠨ᠎ᠡ ᠵᠢ ᠡᠭᠦᠳᠴᠦ ᠡᠭᠦᠳᠦᠨ ᠪᠦᠲᠦᠭᠡᠬᠦ ᠵᠢ ᠤᠷᠮᠠᠰᠢᠭᠤᠯᠵᠤ ᠠᠵᠤ ᠠᠬᠤᠶ ᠵᠢᠨ ᠬᠥᠭᠵᠢᠯᠲᠡ ᠪᠠ ᠨᠡᠶ᠋ᠢᠭᠡᠮ᠎ᠤᠨ ᠳᠠᠪᠰᠢᠯᠲᠠ ᠵᠢ ᠠᠬᠢᠭᠤᠯᠬᠤ ᠬᠡᠷᠡᠭᠲᠡᠢ
      ᠬᠠᠨ ᠵᠧᠩ ᠬᠤᠷᠠᠯ᠎ᠳᠤ ᠣᠷᠣᠯᠴᠠᠵᠠᠢ

     5 ᠳ᠋ᠤᠭ᠋ᠠᠷ ᠰᠠᠷ᠎ᠠ ᠵᠢᠨ 11᠎ᠤ ᠡᠳᠦᠷ᠂ ᠨᠠᠮ᠎ᠤᠨ ᠲᠥᠪ ᠬᠣᠷᠢᠶᠠᠨ᠎ᠤ ᠤᠯᠤᠰ ᠲᠥᠷᠥ ᠵᠢᠨ ᠲᠣᠪᠴᠢᠶᠠᠨ᠎ᠤ ᠪᠠᠢ᠌ᠩᠭᠤ ᠵᠢᠨ ᠭᠡᠰᠢᠭᠦᠨ᠂ ᠲᠥᠷᠥ ᠵᠢᠨ ᠶᠠᠪᠤᠳᠠᠯ᠎ᠤᠨ ᠬᠣᠷᠢᠶᠠᠨ᠎ᠤ ᠶᠡᠷᠦᠩᠬᠡᠢ ᠰᠠᠢ᠌ᠳ ᠯᠢ ᠺᠸ ᠴᠢᠶᠠᠩ ᠵᠠᠰᠠᠭ᠎ᠤᠨ ᠣᠷᠳᠣᠨ᠎ᠤ ᠣᠨᠴᠠᠭ᠋ᠠᠢ ᠨᠡᠮᠡᠯᠭᠡ ᠵᠢᠨ ᠳᠥᠷᠢᠮ᠎ᠤᠨ ᠳᠡᠭᠡᠳᠦ ᠳᠡᠰ ᠳᠠᠪᠬᠤᠷᠭ᠎ᠠ ᠵᠢᠨ ᠪᠠ ᠳᠡᠭᠡᠳᠦ ᠮᠡᠷᠭᠡᠵᠢᠯ ᠴᠢᠳᠠᠪᠤᠷᠢ ᠵᠢᠨ ᠴᠢᠳᠠᠪᠤᠷᠢᠲᠠᠨ᠎ᠤ ᠶᠠᠷᠢᠯᠴᠠᠬᠤ ᠬᠤᠷᠠᠯ᠎ᠢ ᠡᠷᠬᠢᠯᠡᠨ ᠬᠤᠷᠠᠯᠳᠤᠭᠤᠯᠪᠠ᠃
      ᠨᠠᠮ᠎ᠤᠨ ᠲᠥᠪ ᠬᠣᠷᠢᠶᠠᠨ᠎ᠤ ᠤᠯᠤᠰ ᠲᠦᠷᠦ ᠵᠢᠨ ᠲᠣᠪᠴᠢᠶᠠᠨ᠎ᠤ ᠪᠠᠶ᠋ᠢᠩᠭᠤ ᠵᠢᠨ ᠭᠡᠰᠢᠭᠦᠨ᠂ ᠲᠦᠷᠦ ᠵᠢᠨ ᠶᠠᠪᠤᠳᠠᠯ᠎ᠤᠨ ᠬᠣᠷᠢᠶᠠᠨ᠎ᠤ ᠳᠡᠳ᠋ ᠶᠡᠷᠦᠩᠬᠡᠢ ᠰᠠᠢ᠌ᠳ ᠬᠠᠨ ᠵᠸᠩ ᠬᠤᠷᠠᠯ᠎ᠳᠤ ᠣᠷᠣᠯᠴᠠᠪᠠ᠃

      ᠬᠤᠷᠠᠯ ᠳᠡᠭᠡᠷ᠎ᠡ᠂ ᠵᠠᠩ ᠵᠢᠶ ᠫᠢᠩ᠂ ᠪᠦ᠋ ᠰᠢᠶᠠᠨ ᠴᠢᠶᠦᠢ᠍ᠨ᠂ ᠦ᠋ ᠴᠧᠨ᠂ ᠸᠠᠩ ᠴᠥᠩ᠂ ᠯᠢ ᠫᠧᠶ ᠵᠡᠷᠭᠡ ᠵᠠᠰᠠᠭ᠎ᠤᠨ ᠣᠷᠳᠣᠨ᠎ᠤ ᠣᠨᠴᠠᠭ᠋ᠠᠢ ᠨᠡᠮᠡᠯᠭᠡ ᠵᠢ ᠬᠦᠷᠲᠡᠭᠰᠡᠨ ᠳᠡᠭᠡᠳᠦ ᠲᠠᠰ ᠳᠠᠪᠬᠤᠷᠭ᠎ᠠ ᠵᠢᠨ ᠲᠤᠰᠬᠠᠶ ᠮᠡᠷᠭᠡᠵᠢᠯᠲᠡᠨ᠂ ᠳᠡᠭᠡᠳᠦ ᠮᠡᠷᠭᠡᠵᠢᠯ ᠴᠢᠳᠠᠪᠤᠷᠢ ᠵᠢᠨ ᠴᠢᠳᠠᠪᠤᠷᠢᠲᠠᠨ᠎ᠤ ᠲᠥᠯᠥᠭᠡᠯᠡᠭᠴᠢᠳ ᠦᠭᠡ ᠬᠡᠯᠡᠭᠰᠡᠨ ᠪᠥᠭᠡᠳ ᠣᠨᠴᠠᠭ᠋ᠠᠢ ᠨᠡᠮᠡᠯᠭᠡ ᠵᠢᠨ ᠲᠦᠷᠢᠮ᠎ᠢ ᠲᠡᠭᠦᠯᠳᠡᠷᠵᠢᠭᠦᠯᠬᠦ᠂ ᠰᠠᠭᠤᠷᠢ ᠰᠤᠳᠤᠯᠭ᠋ᠠᠨ᠎ᠢ ᠴᠢᠩᠭ᠋ᠠᠳᠬᠠᠬᠤ᠂ ᠮᠡᠷᠭᠡᠵᠢᠯ ᠴᠢᠳᠠᠪᠤᠷᠢ ᠵᠢᠨ ᠴᠢᠳᠠᠪᠤᠷᠢᠲᠠᠨ ᠪᠠ ᠵᠠᠯᠠᠭᠤ ᠴᠢᠳᠠᠪᠤᠷᠢᠲᠠᠨ᠎ᠢ ᠳᠡᠮᠵᠢᠬᠦ ᠳᠡᠮᠵᠢᠯᠭᠡ ᠵᠢ ᠴᠢᠩᠭ᠋ᠠᠷᠠᠭᠤᠯᠬᠤ᠂ ᠣᠯᠠᠨ ᠤᠯᠤᠰ᠎ᠤᠨ ᠰᠣᠯᠢᠯᠴᠠᠭ᠎ᠠ ᠵᠢ ᠠᠬᠢᠭᠤᠯᠬᠤ ᠵᠡᠷᠭᠡ ᠲᠠᠯ᠎ᠠ᠎ᠪᠠᠷ ᠰᠠᠨᠠᠭᠤᠯᠭ᠎ᠠ ᠳᠤᠷᠠᠳᠪᠠ᠃ ᠯᠢ ᠺᠸ ᠴᠢᠶᠠᠩ ᠤᠯᠠᠨ᠎ᠲᠠᠢ ᠰᠠᠨᠠᠯ ᠵᠶ᠋ᠠᠨ ᠰᠣᠯᠢᠯᠴᠠᠵᠤ᠂ ᠣᠨᠴᠠᠭ᠋ᠠᠢ ᠨᠡᠮᠡᠯᠭᠡ ᠵᠢ ᠬᠦᠷᠲᠡᠭᠰᠡᠨ ᠥᠷᠭᠡᠨ ᠤᠯᠠᠨ ᠴᠢᠳᠠᠪᠤᠷᠢᠲᠠᠨ᠎ᠤ ᠰᠢᠨ᠎ᠡ ᠵᠢ ᠡᠭᠦᠳᠬᠦ᠎ᠳᠤ ᠪᠣᠳᠠᠲᠠᠢ ᠵᠢ ᠡᠷᠬᠢᠮᠯᠡᠬᠦ᠂ ᠠᠵᠤ ᠠᠬᠤᠢ ᠨᠡᠶ᠋ᠢᠭᠡᠮ᠎ᠤᠨ ᠬᠥᠭᠵᠢᠯᠲᠡ ᠵᠢ ᠠᠬᠢᠭᠤᠯᠬᠤ᠂ ᠳᠤᠮᠳᠠᠳᠤ ᠵᠢᠨ ᠰᠢᠯᠢᠳᠡᠭ ᠰᠣᠶᠣᠯ᠎ᠢ ᠪᠠᠳᠠᠷᠠᠭᠤᠯᠬᠤ ᠵᠡᠷᠭᠡ᠎ᠳᠤ ᠦᠵᠡᠭᠦᠯᠦᠭᠰᠡᠨ ᠬᠤᠪᠢ ᠨᠡᠮᠡᠷᠢ ᠵᠢ ᠭᠦᠢ᠍ᠴᠡᠳ ᠨᠤᠲᠠᠯᠠᠵᠤ᠂ ᠬᠣᠯᠪᠣᠭᠳᠠᠯ ᠪᠦᠬᠦᠢ ᠰᠠᠯᠠᠭ᠎ᠠ ᠮᠥᠴᠢᠷ᠎ᠤᠨ᠎ᠬᠢᠨ᠎ᠠᠴᠠ ᠤᠯᠠᠨ᠎ᠤ ᠰᠠᠨᠠᠭᠤᠯᠭ᠎ᠠ ᠵᠢ ᠨᠠᠷᠢᠨ ᠬᠢᠨᠠᠮᠠᠭ᠋ᠠᠢ ᠰᠤᠳᠤᠯᠬᠤ ᠬᠡᠷᠡᠭᠲᠡᠢ ᠭᠡᠵᠦ ᠱᠠᠭ᠋ᠠᠷᠳᠠᠪᠠ᠃

      ᠯᠢ ᠺᠸ ᠴᠢᠶᠠᠩ ᠬᠡᠯᠡᠬᠦ᠎ᠳᠤ᠎ᠪᠠᠨ᠂ ᠵᠠᠰᠠᠭ᠎ᠤᠨ ᠣᠷᠳᠣᠨ᠎ᠤ ᠣᠨᠴᠠᠭ᠋ᠠᠢ ᠨᠡᠮᠡᠯᠭᠡ ᠪᠣᠯ ᠨᠠᠮ ᠪᠠ ᠤᠯᠤᠰ᠎ᠠᠴᠠ ᠴᠢᠳᠠᠪᠤᠷᠢᠲᠠᠨ᠎ᠢ ᠬᠦᠨᠳᠦᠳᠬᠡᠬᠦ᠂ ᠬᠠᠯᠠᠮᠵᠢᠯᠠᠬᠤ᠂ ᠳᠡᠮᠵᠢᠬᠦ ᠴᠢᠬᠤᠯᠠ ᠳᠦᠷᠢᠮ᠎ᠤᠨ ᠲᠣᠬᠢᠷᠠᠭᠤᠯᠤᠯᠲᠠ ᠮᠥᠨ᠂ ᠲᠡᠭᠦᠨ᠎ᠢ ᠬᠡᠷᠡᠭᠵᠢᠭᠦᠯᠦᠭᠰᠡᠨ 30 ᠵᠢᠯ᠎ᠤᠨ ᠲᠤᠷᠰᠢ ᠢᠯᠡᠳᠲᠡ ᠠᠮᠵᠢᠯᠲᠠ ᠪᠦᠲᠦᠮᠵᠢ ᠣᠯᠵᠠᠶ᠃ ᠡᠨᠡ ᠬᠦ᠌ ᠲᠦᠷᠢᠮ᠎ᠨᠢ ᠡᠳ᠋ ᠪᠣᠳᠠᠰ᠎ᠤᠨ ᠬᠥᠬᠢᠭᠦᠯᠦᠯ᠎ᠢ ᠴᠢᠬᠤᠯᠠᠴᠢᠯᠠᠬᠤ ᠦᠭᠡᠢ ᠬᠠᠷᠢᠨ ᠢᠷᠠᠭᠤ ᠠᠯᠳᠠᠷ᠎ᠤᠨ ᠤᠷᠮᠠᠰᠢᠭᠤᠯᠤᠯ᠎ᠢ ᠴᠢᠩᠭ᠋ᠠᠳᠬᠠᠵᠤ᠂ ᠥᠷᠭᠡᠨ ᠤᠯᠠᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠠᠵᠢᠯᠳᠠᠨ ᠪᠠ ᠳᠡᠭᠡᠳᠦ ᠤᠷ᠎ᠠ ᠮᠡᠷᠭᠡᠰᠢᠯᠳᠦ ᠴᠢᠳᠠᠪᠤᠷᠢᠲᠠᠨ᠎ᠤ ᠡᠷᠳᠡᠮ ᠴᠢᠳᠠᠪᠤᠷᠢ᠎ᠪᠠᠨ ᠪᠠᠳᠠᠷᠠᠭᠤᠯᠵᠤ᠂ ᠤᠯᠤᠰ᠎ᠤᠨ ᠪᠦᠳᠦᠭᠡᠨ ᠪᠠᠶ᠋ᠢᠭᠤᠯᠤᠯᠲᠠ ᠪᠠ ᠬᠥᠭᠵᠢᠯᠲᠡ᠎ᠳᠤ ᠢᠳᠡᠪᠬᠢᠲᠡᠢ ᠣᠷᠣᠯᠴᠠᠬᠤ ᠵᠢ ᠬᠦᠴᠦᠲᠡᠢ ᠠᠬᠢᠭᠤᠯᠵᠠᠢ᠃ ᠰᠢᠨ᠎ᠡ ᠴᠠᠭ᠎ᠤᠨ ᠪᠠᠶ᠋ᠢᠳᠠᠯ ᠳᠣᠣᠷ᠎ᠠ᠂ ᠰᠢ ᠵᠢᠨ ᠫᠢᠩ ᠨᠥᠬᠥᠷ ᠵᠶ᠋ᠠᠷ ᠭᠣᠣᠯ ᠪᠣᠯᠭ᠋ᠠᠭᠰᠠᠨ ᠨᠠᠮ᠎ᠤᠨ ᠲᠥᠪ ᠬᠣᠷᠢᠶᠠᠨ᠎ᠤ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠨᠠᠮ᠎ᠤᠨ ᠲᠥᠪ ᠬᠣᠷᠢᠶ᠎ᠠ᠂ ᠲᠦᠷᠦ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠷᠢᠯᠠᠭᠤᠯᠤᠯᠲᠠ ᠶᠣᠰᠣᠭ᠋ᠠᠷ᠂ ᠴᠢᠳᠠᠪᠤᠷᠢᠲᠠᠨ᠎ᠢ ᠤᠷᠮᠠᠰᠢᠭᠤᠯᠬᠤ ᠲᠦᠷᠢᠮ᠎ᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠡᠯ᠎ᠡ ᠲᠠᠯ᠎ᠠ ᠵᠢᠨ ᠤᠶᠤᠨ ᠤᠬᠠᠭ᠋ᠠᠨ ᠪᠠ ᠬᠦᠴᠦᠨ ᠴᠢᠳᠠᠯ᠎ᠢ ᠨᠢᠭᠲᠠᠷᠠᠭᠤᠯᠵᠤ᠂ ᠴᠢᠨᠠᠷᠯᠢᠭ ᠬᠥᠭᠵᠢᠯᠲᠡ ᠵᠢ ᠠᠬᠢᠭᠤᠯᠵᠤ᠂ ᠨᠡᠶ᠋ᠢᠭᠡᠮ ᠵᠢᠷᠤᠮ᠎ᠤᠨ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠳᠦᠭᠡᠨ ᠪᠠᠶ᠋ᠢᠭᠤᠯᠬᠤ ᠰᠢᠨ᠎ᠡ ᠠᠶᠠᠨ᠎ᠢ ᠡᠬᠢᠯᠡᠭᠦᠯᠬᠦ ᠬᠡᠷᠡᠭᠲᠡᠢ ᠭᠡᠵᠡᠢ᠃

      ᠯᠢ ᠺᠸ ᠴᠢᠶᠠᠩ ᠬᠡᠯᠡᠬᠦ᠎ᠳᠤ᠎ᠪᠠᠨ᠂ ᠨᠡᠶ᠋ᠢᠭᠡᠮ ᠵᠢᠷᠤᠮ᠎ᠤᠨ ᠣᠳᠣᠬᠢᠴᠢᠯᠠᠯᠲᠠ ᠵᠢᠨ ᠪᠦᠳᠦᠭᠡᠨ ᠪᠠᠶ᠋ᠢᠭᠤᠯᠤᠯᠲᠠ ᠵᠢ ᠠᠬᠢᠭᠤᠯᠬᠤ᠎ᠳᠤ ᠡᠷᠬᠡᠪᠰᠢ ᠴᠢᠳᠠᠪᠤᠷᠢᠲᠠᠨ᠎ᠳᠤ ᠲᠦᠰᠢᠭᠯᠡᠵᠦ᠂ ᠠᠵᠢᠯᠴᠢ ᠬᠥᠳᠡᠯᠮᠦᠷᠢᠴᠢ ᠤᠶᠤᠨ ᠤᠬᠠᠭ᠋ᠠᠨ᠎ᠲᠠᠢ ᠠᠷᠠᠳ ᠤᠯᠠᠨ᠎ᠳᠤ ᠲᠦᠰᠢᠭᠯᠡᠬᠦ ᠬᠡᠷᠡᠭᠲᠡᠢ᠃ ᠳᠤᠮᠳᠠᠳᠤ ᠤᠯᠤᠰ ᠰᠢᠭ᠋ ᠡᠶ᠋ᠢᠮᠦ 14 ᠳ᠋ᠦᠩᠰᠢᠭᠤᠷ ᠬᠥᠮᠦᠨ ᠠᠮᠠ᠎ᠲᠠᠢ ᠲᠤᠮᠤ ᠤᠯᠤᠰ᠎ᠲᠤ ᠣᠳᠣᠬᠢᠴᠢᠯᠠᠯᠲᠠ ᠵᠢ ᠪᠡᠶᠡᠯᠡᠭᠦᠯᠬᠦ ᠶᠠᠪᠤᠳᠠᠯ ᠪᠣᠯ ᠬᠥᠮᠦᠨ ᠲᠥᠷᠥᠯᠬᠢᠲᠡᠨ᠎ᠤ ᠲᠡᠦᠬᠡᠨ᠎ᠳᠤ ᠭᠠᠷᠴᠤ ᠥᠩᠭᠡᠷᠡᠭᠡ ᠦᠭᠡᠢ ᠠᠭᠤᠤ ᠦᠢ᠍ᠯᠡᠰ ᠪᠠᠢ᠌ᠵᠤ᠂ ᠮᠠᠰᠢ ᠤᠯᠠᠨ ᠬᠦᠴᠢᠷ ᠪᠡᠷᠬᠡᠰᠢᠶᠡᠯ ᠪᠠ ᠥᠷᠢᠰᠥᠯᠳᠦᠭᠡᠨ᠎ᠳᠤ ᠲᠤᠯᠭ᠋ᠠᠷᠠᠬᠤ ᠪᠣᠯᠣᠨ᠎ᠠ᠃ ᠭᠡᠪᠡᠴᠦ ᠪᠢᠳᠡ ᠬᠥᠮᠦᠨ᠎ᠤ ᠬᠦᠴᠦ ᠪᠠ ᠴᠢᠳᠠᠪᠤᠷᠢᠲᠠᠨ᠎ᠤ ᠡᠬᠢ ᠪᠠᠶᠠᠯᠢᠭ᠎ᠤᠨ ᠳᠠᠪᠠᠭᠤᠯᠢᠭ ᠵᠶ᠋ᠠᠨ ᠰᠠᠶ᠋ᠢᠲᠤᠷ ᠪᠠᠳᠠᠷᠠᠭᠤᠯᠪᠠᠯ ᠣᠳᠣᠬᠢᠴᠢᠯᠠᠭᠰᠠᠨ ᠪᠦᠳᠦᠭᠡᠨ ᠪᠠᠶ᠋ᠢᠭᠤᠯᠤᠯᠲᠠ ᠵᠢᠨ ᠬᠦᠴᠦᠷᠬᠡᠭ ᠶᠡᠬᠡ ᠬᠦᠴᠦᠨ ᠪᠤᠯᠵᠤ ᠴᠢᠳᠠᠨ᠎ᠠ᠃ ᠰᠢᠨᠵᠢᠯᠡᠬᠦ ᠤᠬᠠᠭ᠋ᠠᠨ᠎ᠢ ᠬᠦᠨᠳᠦᠳᠬᠡᠵᠦ᠂ ᠦᠨᠡᠨ᠎ᠠᠴᠠ ᠵᠥᠪ᠎ᠢ ᠡᠷᠢᠬᠦ ᠵᠢ ᠪᠠᠷᠢᠮᠲᠠᠯᠠᠨ᠂ ᠮᠡᠳᠡᠯᠭᠡ ᠵᠢ ᠬᠦᠨᠳᠦᠳᠬᠡᠵᠦ᠂ ᠤᠯᠠᠨ᠎ᠤ ᠳᠠᠪᠠᠭᠤᠯᠢᠭ᠎ᠢ ᠥᠷᠭᠡᠨ ᠵᠶ᠋ᠠᠷ ᠰᠢᠩᠭᠡᠭᠡᠨ ᠠᠪᠴᠤ᠂ ᠴᠢᠳᠠᠪᠤᠷᠢᠲᠠᠨ᠎ᠢ ᠬᠠᠶ᠋ᠢᠷᠠᠯᠠᠨ ᠬᠥᠨᠳᠦᠳᠬᠡᠵᠦ᠂ ᠨᠢᠭᠡ ᠯᠡ ᠬᠡᠪᠰᠢᠯ᠎ᠳᠤ ᠪᠠᠷᠢᠭᠳᠠᠬᠤ ᠦᠭᠡᠢ᠎ᠪᠠᠷ ᠴᠢᠳᠠᠪᠤᠷᠢᠲᠠᠨ᠎ᠢ ᠰᠣᠩᠭᠣᠨ ᠬᠡᠷᠡᠭᠯᠡᠵᠦ᠂ ᠡᠷᠳᠡᠮᠲᠡᠨ ᠴᠢᠳᠠᠪᠤᠷᠢᠲᠠᠨ ᠬᠣᠶ᠋ᠢᠨ᠎ᠠ ᠬᠣᠶ᠋ᠢᠨ᠎ᠠ᠎ᠠᠴᠠ᠎ᠪᠠᠨ ᠴᠣᠯᠭᠣᠷᠠᠨ ᠭᠠᠷᠬᠤ ᠪᠠ ᠣᠷᠣᠶ᠋ᠢᠯᠠᠭᠰᠠᠨ ᠴᠢᠳᠠᠪᠤᠷᠢᠲᠠᠨ ᠴᠣᠯᠭᠣᠷᠠᠨ ᠭᠠᠷᠬᠤ ᠰᠠᠢ᠍ᠢ᠍ᠨ ᠰᠠᠶ᠋ᠢᠬᠠᠨ ᠪᠠᠶ᠋ᠢᠳᠠᠯ ᠪᠦᠷᠢᠯᠳᠦᠬᠦ ᠵᠢ ᠠᠬᠢᠭᠤᠯᠬᠤ ᠬᠡᠷᠡᠭᠲᠡᠶ᠃ ᠴᠢᠳᠠᠪᠤᠷᠢᠲᠠᠨ᠎ᠢ ᠬᠥᠮᠦᠵᠢᠭᠦᠯᠬᠦ᠎ᠳᠤ ᠦᠨᠳᠦᠰᠦᠨ ᠴᠢᠳᠠᠪᠤᠷᠢ ᠵᠢᠨ ᠪᠣᠯᠪᠠᠰᠤᠷᠠᠯ᠎ᠢ ᠴᠢᠩᠭ᠋ᠠᠳᠬᠠᠬᠤ ᠵᠢ ᠴᠢᠬᠤᠯᠠᠴᠢᠯᠠᠵᠤ᠂ ᠰᠠᠭᠤᠷᠢ ᠵᠢ ᠠᠯᠬᠤᠮ ᠠᠯᠬᠤᠮ ᠵᠶ᠋ᠠᠷ ᠪᠠᠲᠤᠳᠬᠠᠵᠤ᠂ ᠰᠠᠭᠤᠷᠢ ᠮᠡᠳᠡᠯᠭᠡ ᠪᠠ ᠤᠨᠤᠯ᠎ᠢ ᠰᠤᠷᠤᠯᠴᠠᠨ ᠡᠵᠡᠮᠰᠢᠬᠦ ᠵᠢ ᠴᠢᠬᠤᠯᠠᠴᠢᠯᠠᠵᠤ᠂ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠤᠨ ᠰᠣᠩᠭᠣᠳᠠᠭ ᠪᠦᠲᠦᠭᠡᠯ᠎ᠢ ᠰᠤᠳᠤᠯᠤᠨ ᠤᠩᠰᠢᠬᠤ ᠪᠠ ᠤᠯᠠᠮᠵᠢᠯᠠᠨ ᠵᠠᠯᠭ᠋ᠠᠮᠵᠢᠯᠠᠵᠤ᠂ ᠬᠦᠢ᠍ᠳᠡᠨ ᠰᠠᠨᠳᠠᠯᠢ᠎ᠳᠤ ᠰᠠᠭᠤᠬᠤ᠂ 《ᠠᠷᠪᠠᠨ ᠵᠢᠯ᠎ᠳᠤ ᠨᠢᠭᠡ ᠰᠡᠯᠡᠮ᠎ᠡ ᠵᠢ ᠬᠤᠷᠴᠠᠯᠠᠬᠤ》 ᠰᠠᠭᠤᠷᠢ ᠰᠤᠳᠤᠯᠭ᠋ᠠᠨ ᠪᠠ 《ᠤᠷᠳᠤ ᠱᠤᠭᠤᠮ》᠎ᠤᠨ ᠰᠤᠳᠤᠯᠭ᠋ᠠᠨ᠎ᠳᠤ ᠦᠵᠡᠭᠦᠯᠬᠦ ᠳᠡᠮᠵᠢᠯᠭᠡ᠎ᠪᠠᠨ ᠴᠢᠩᠭ᠋ᠠᠳᠬᠠᠬᠤ ᠬᠡᠷᠡᠭᠲᠡᠶ᠃ ᠪᠦᠬᠦ ᠨᠡᠶ᠋ᠢᠭᠡᠮ᠎ᠳᠤ ᠰᠢᠨᠵᠢᠯᠡᠬᠦ ᠤᠬᠠᠭ᠋ᠠᠨ᠎ᠤ ᠵᠣᠷᠢᠭ ᠰᠠᠨᠠᠭ᠎ᠠ᠂ ᠤᠷᠠᠨ ᠲᠠᠷᠬᠠᠨ᠎ᠤ ᠵᠣᠷᠢᠭ ᠰᠠᠨᠠᠭ᠎ᠠ᠂ ᠲᠤᠰᠬᠠᠢ ᠮᠡᠷᠭᠡᠵᠢᠯ᠎ᠤᠨ ᠵᠣᠷᠢᠭ ᠰᠠᠨᠠᠭ᠎ᠠ ᠵᠢ ᠪᠠᠳᠠᠷᠠᠭᠤᠯᠵᠤ᠂ ᠨᠢᠭᠲᠠ᠎ᠠᠴᠠ ᠨᠢᠭᠲᠠ᠂ ᠤᠷ᠎ᠠ ᠮᠡᠷᠭᠡᠵᠢᠯ᠎ᠳᠤ᠎ᠪᠠᠨ ᠴᠠᠭ᠋ᠠᠷᠠᠭᠰᠠᠨ ᠨᠡᠩ ᠤᠯᠠᠨ ᠴᠢᠳᠠᠪᠤᠷᠢᠲᠠᠨ᠎ᠢ ᠬᠥᠮᠦᠵᠢᠭᠦᠯᠬᠦ ᠬᠡᠷᠡᠭᠲᠡᠢ᠃ ᠣᠨᠴᠠᠭ᠋ᠠᠢ ᠨᠡᠮᠡᠯᠭᠡ ᠵᠢᠨ ᠲᠦᠷᠢᠮ᠎ᠢ ᠲᠡᠭᠦᠯᠳᠡᠷᠵᠢᠭᠦᠯᠦᠨ ᠰᠢᠯᠢᠳᠡᠭᠵᠢᠭᠦᠯᠵᠦ᠂ ᠤᠳᠤᠷᠢᠳᠤᠮᠵᠢ ᠵᠢᠨ ᠦᠢ᠍ᠯᠡᠳᠦᠯ᠎ᠢ ᠨᠠᠩ ᠰᠠᠶ᠋ᠢᠲᠤᠷ ᠪᠠᠳᠠᠷᠠᠭᠤᠯᠵᠤ᠂ ᠨᠠᠩ ᠣᠯᠠᠨ ᠬᠥᠮᠦᠨ᠎ᠤ ᠴᠢᠳᠠᠪᠤᠷᠢᠲᠠᠨ ᠪᠣᠯᠬᠤ᠎ᠪᠠᠷ ᠴᠢᠷᠮᠠᠢ᠌ᠬᠤ ᠪᠠ ᠬᠥᠮᠦᠨ ᠪᠦᠬᠦᠨ᠎ᠤ ᠴᠢᠳᠠᠪᠤᠷᠢ ᠵᠢ ᠭᠦᠢ᠍ᠴᠡᠳ ᠪᠠᠳᠠᠷᠠᠭᠤᠯᠬᠤ ᠵᠢ ᠵᠣᠷᠢᠭᠵᠢᠭᠤᠯᠬᠤ ᠬᠡᠷᠡᠭᠲᠡᠶ᠃ ᠤᠯᠠᠨ ᠤᠯᠤᠰ᠎ᠤᠨ ᠰᠣᠯᠢᠯᠴᠠᠭ᠎ᠠ ᠬᠠᠮᠲᠤᠷᠠᠯᠴᠠᠭ᠎ᠠ ᠵᠢ ᠠᠬᠢᠭᠤᠯᠵᠤ᠂ ᠬᠥᠮᠦᠨ ᠲᠥᠷᠥᠯᠬᠢᠲᠡᠨ᠎ᠤ ᠰᠢᠯᠢᠳᠡᠭ ᠪᠣᠯᠪᠠᠰᠤᠨ᠎ᠤ ᠦᠷ᠎ᠡ ᠪᠦᠲᠦᠭᠡᠯ᠎ᠢ ᠰᠤᠷᠤᠯᠴᠠᠨ ᠲᠣᠯᠢᠯᠠᠵᠤ᠂ ᠬᠠᠷᠢᠯᠴᠠᠨ ᠠᠰᠢᠭᠲᠠᠢ ᠬᠠᠮᠲᠤ᠎ᠪᠠᠷ ᠠᠰᠢᠭ ᠬᠦᠷᠳᠡᠬᠦ ᠳᠤᠮᠳᠠ ᠰᠢᠨ᠎ᠡ ᠵᠢ ᠡᠭᠦᠳᠬᠦ ᠪᠠ ᠡᠭᠦᠳᠦᠨ ᠪᠦᠲᠦᠭᠡᠬᠦ ᠴᠢᠳᠠᠪᠤᠷᠢ᠎ᠪᠠᠨ ᠳᠡᠭᠡᠭᠰᠢᠯᠡᠭᠦᠯᠬᠦ ᠬᠡᠷᠡᠭᠲᠡᠢ ᠭᠡᠵᠡᠢ᠃

      ᠯᠢ ᠺᠸ ᠴᠢᠶᠠᠩ ᠬᠡᠯᠡᠬᠦ᠎ᠳᠤ᠎ᠪᠠᠨ᠂ ᠡᠯ᠎ᠡ ᠲᠦᠷᠦᠯ᠎ᠤᠨ ᠴᠢᠳᠠᠪᠤᠷᠢᠲᠠᠨ᠎ᠤ ᠠᠪᠢᠶᠠᠰ ᠴᠢᠳᠠᠪᠤᠷᠢ᠎ᠪᠠᠨ ᠪᠠᠳᠠᠷᠠᠭᠤᠯᠬᠤ ᠠᠭᠤᠷ ᠠᠮᠢᠰᠬᠤᠯ᠎ᠢ ᠪᠤᠢ ᠪᠣᠯᠭ᠋ᠠᠬᠤ ᠬᠡᠷᠡᠭᠲᠡᠢ᠃ ᠠᠵᠤ ᠠᠬᠤᠶ ᠨᠡᠶ᠋ᠢᠭᠡᠮ᠎ᠤᠨ ᠬᠥᠭᠵᠢᠯᠲᠡ᠎ᠳᠤ ᠰᠠᠢ᠍ᠢ᠍ᠨ ᠰᠠᠶ᠋ᠢᠬᠠᠨ ᠡᠵᠡᠩᠨᠡᠨ ᠬᠤᠳᠠᠯᠳᠤᠭ᠋ᠠᠯᠠᠬᠤ ᠣᠷᠴᠢᠨ ᠨᠥᠬᠥᠴᠡᠯ ᠪᠠᠶ᠋ᠢᠬᠤ ᠬᠡᠷᠡᠭᠲᠡᠶ ᠪᠥᠭᠡᠳ ᠴᠢᠳᠠᠪᠤᠷᠢᠲᠠᠨ᠎ᠤ ᠦᠰᠦᠨ ᠪᠣᠶ᠋ᠢᠵᠢᠬᠤ ᠪᠠ ᠦᠢ᠍ᠯᠡᠳᠦᠯ ᠵᠶ᠋ᠠᠨ ᠪᠠᠳᠠᠷᠠᠭᠤᠯᠬᠤ᠎ᠳᠤ ᠠᠰᠢᠭᠲᠠᠶ ᠣᠷᠴᠢᠨ ᠨᠥᠬᠥᠴᠡᠯ ᠪᠠᠶ᠋ᠢᠬᠤ ᠬᠡᠷᠡᠭᠲᠡᠶ᠃ 《ᠲᠠᠯᠪᠢᠬᠤ ᠬᠠᠮᠢᠶᠠᠷᠬᠤ ᠦᠢ᠍ᠯᠡᠴᠢᠯᠡᠬᠦ》 ᠥᠭᠡᠷᠡᠴᠢᠯᠡᠯᠲᠡ ᠵᠢ ᠭᠦᠨᠵᠡᠭᠡᠶ᠋ᠢᠷᠡᠭᠦᠯᠵᠦ᠂ ᠰᠤᠷᠭ᠋ᠠᠨ ᠬᠥᠮᠦᠵᠢᠯ᠎ᠤᠨ ᠪᠠᠢ᠌ᠭᠤᠯᠤᠯ᠂ ᠰᠢᠨᠵᠢᠯᠡᠬᠦ ᠤᠬᠠᠭ᠋ᠠᠨ ᠮᠡᠷᠭᠡᠵᠢᠯ᠎ᠤᠨ ᠪᠠᠢ᠌ᠭᠤᠯᠤᠯ ᠵᠡᠷᠭᠡ ᠵᠢᠨ ᠥᠭᠡᠷᠡᠴᠢᠯᠡᠯᠲᠡ ᠵᠢ ᠠᠬᠢᠭᠤᠯᠵᠤ᠂ ᠡᠯ᠎ᠡ ᠵᠦᠢ᠍ᠯ᠎ᠤᠨ ᠵᠦᠢ ᠵᠤᠬᠢᠰ ᠦᠭᠡᠢ ᠬᠢᠵᠠᠭ᠋ᠠᠷᠯᠠᠯ᠎ᠢ ᠡᠪᠳᠡᠵᠦ᠂ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠪᠦᠯᠬᠦᠮ᠎ᠢ ᠨᠡᠩ ᠶᠡᠬᠡ ᠡᠵᠡᠨ ᠮᠡᠳᠡᠬᠦ ᠡᠷᠬᠡ᠎ᠲᠠᠢ ᠪᠣᠯᠭ᠋ᠠᠵᠤ᠂ ᠡᠯ᠎ᠡ ᠲᠦᠷᠦᠯ᠎ᠤᠨ ᠴᠢᠳᠠᠪᠤᠷᠢᠲᠠᠨ᠎ᠤ ᠰᠡᠳᠬᠢᠯ ᠰᠠᠨᠠᠭ᠎ᠠ ᠲᠣᠭᠲᠠᠭᠤᠨ᠂ ᠨᠢᠭᠡ ᠰᠡᠳᠬᠢᠯ ᠵᠶ᠋ᠠᠷ ᠰᠤᠳᠤᠯᠭ᠋ᠠᠨ ᠬᠢᠵᠦ᠂ ᠨᠢᠭᠡ ᠰᠡᠳᠬᠢᠯ ᠵᠶ᠋ᠠᠷ ᠤᠷ᠎ᠠ ᠴᠢᠳᠠᠪᠤᠷᠢ᠎ᠪᠠᠨ ᠳᠡᠭᠡᠭᠰᠢᠯᠡᠭᠦᠯᠬᠦ ᠵᠢ ᠠᠬᠢᠭᠤᠯᠵᠤ᠂ ᠠᠵᠢᠯ ᠲᠦᠷᠦᠯ ᠨᠢᠭᠡᠪᠦᠷᠢ᠎ᠠᠴᠠ ᠰᠢᠯᠢᠳᠡᠭ ᠴᠢᠳᠠᠪᠤᠷᠢᠲᠠᠨ ᠴᠤᠯᠭᠤᠷᠠᠨ ᠭᠠᠷᠬᠤ ᠵᠢ ᠠᠬᠢᠭᠤᠯᠬᠤ ᠬᠡᠷᠡᠭᠲᠡᠢ᠃ 《ᠦᠷ᠎ᠡ ᠪᠦᠲᠦᠭᠡᠯ᠎ᠢ ᠵᠠᠷᠯᠠᠨ ᠱᠠᠩᠨᠠᠯ ᠬᠥᠬᠢᠭᠦᠯᠦᠯ ᠣᠯᠭᠣᠬᠤ》 ᠵᠡᠷᠭᠡ ᠰᠢᠨ᠎ᠡ ᠬᠡᠯᠪᠡᠷᠢ ᠵᠢᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠲᠦᠷᠦᠯ ᠵᠦᠢ᠍ᠯ ᠵᠶ᠋ᠠᠷ ᠵᠣᠬᠢᠶᠠᠨ ᠪᠠᠶ᠋ᠢᠭᠤᠯᠵᠤ ᠬᠠᠮᠢᠶᠠᠷᠬᠤ ᠠᠷᠭ᠎ᠠ ᠬᠡᠯᠪᠡᠷᠢ᠎ᠳᠤ ᠰᠢᠨ᠎ᠡ ᠵᠢ ᠡᠭᠦᠳᠴᠦ᠂ ᠠᠵᠢᠯ ᠬᠢᠵᠦ ᠴᠢᠳᠠᠬᠤ᠂ ᠠᠵᠢᠯ ᠪᠦᠲᠦᠭᠡᠵᠦ ᠴᠢᠳᠠᠬᠤ ᠴᠢᠳᠠᠪᠤᠷᠢᠲᠠᠨ᠎ᠳᠤ ᠲᠠᠪᠴᠠᠩ ᠣᠯᠭᠣᠬᠤ᠂ ᠢᠷᠠᠭᠤ ᠠᠯᠳᠠᠷ ᠣᠯᠭᠣᠬᠤ ᠪᠠ ᠤᠷᠮᠠᠰᠢᠭᠤᠯᠤᠨ ᠵᠣᠷᠢᠭᠵᠢᠭᠤᠯᠬᠤ ᠬᠡᠷᠡᠭᠲᠡᠢ᠃ ᠵᠠᠯᠠᠭᠤ ᠴᠢᠳᠠᠪᠤᠷᠢᠲᠠᠨ ᠪᠣᠯ ᠰᠢᠨ᠎ᠡ ᠵᠢ ᠡᠭᠦᠳᠬᠦ ᠳᠠᠯᠳᠠ ᠴᠢᠳᠠᠪᠤᠷᠢ᠎ᠪᠠᠷ ᠬᠠᠮᠤᠭ᠎ᠠᠴᠠ ᠳᠠᠪᠠᠭᠤᠯᠢᠭ ᠪᠠᠶ᠋ᠢᠳᠠᠭ᠃ ᠨᠡᠩ ᠤᠯᠠᠨ ᠰᠢᠯᠢᠳᠡᠭ ᠵᠠᠯᠠᠭᠤᠴᠤᠳ᠎ᠤᠨ ᠴᠢᠬᠤᠯᠠ ᠶᠡᠬᠡ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠡᠭᠦᠷᠭᠡ᠎ᠢ ᠭᠦᠢ᠍ᠴᠡᠳᠬᠡᠬᠦ ᠶᠠᠪᠤᠴᠠ᠎ᠳᠤ ᠴᠢᠬᠤᠯᠠ ᠡᠭᠦᠷᠭᠡ ᠡᠭᠦᠷᠭᠡᠯᠡᠬᠦ ᠵᠢ ᠳᠡᠮᠵᠢᠵᠦ᠂ ᠲᠡᠳᠡᠨ᠎ᠤ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠰᠢᠵᠢᠷ ᠠᠯᠳᠠᠨ ᠱᠠᠲᠤ ᠦᠶ᠎ᠡ᠎ᠳᠤ᠎ᠪᠠᠨ ᠢᠯᠡᠭᠦᠬᠡᠨ ᠦᠷ᠎ᠡ ᠪᠦᠲᠦᠭᠡᠯ ᠭᠠᠷᠭ᠋ᠠᠬᠤ ᠵᠢ ᠠᠬᠢᠭᠤᠯᠬᠤ ᠬᠡᠷᠡᠭᠲᠡᠢ᠃ ᠠᠬᠠᠮᠠᠳ ᠨᠢᠭᠡ ᠦᠶ᠎ᠡ ᠵᠢᠨ ᠰᠢᠨᠵᠢᠯᠡᠬᠦ ᠤᠬᠠᠭ᠋ᠠᠨᠲᠠᠨ ᠪᠣᠯᠤᠨ ᠳᠡᠭᠡᠳᠦ ᠮᠡᠷᠭᠡᠵᠢᠯ ᠴᠢᠳᠠᠪᠤᠷᠢ ᠵᠢᠨ ᠴᠢᠳᠠᠪᠤᠷᠢᠲᠠᠨ᠎ᠤ ᠵᠠᠯᠠᠭᠤ ᠡᠷᠳᠡᠮᠲᠡᠳ᠎ᠢ ᠬᠥᠬᠢᠭᠦᠯᠦᠨ ᠳᠡᠮᠵᠢᠵᠦ᠂ ᠳᠤᠷᠠᠲᠠᠶ᠎ᠠ ᠪᠤᠰᠤᠳ᠎ᠲᠤ ᠲᠥᠰᠢᠭ ᠲᠤᠯᠭ᠋ᠠᠭᠤᠷᠢᠯᠠᠯ ᠪᠤᠯᠵᠤ᠂ ᠵᠠᠯᠠᠭᠤᠴᠤᠳ᠎ᠤᠨ ᠴᠢᠳᠠᠪᠤᠷᠢᠲᠠᠨ ᠪᠣᠯᠬᠤ᠎ᠳᠤ ᠣᠷᠣᠨ ᠵᠠᠢ ᠵᠢ᠎ᠨᠢ ᠥᠷᠭᠡᠳᠬᠡᠵᠦ ᠥᠭᠬᠦ ᠵᠢ ᠬᠦᠰᠡᠵᠦ ᠪᠠᠶ᠋ᠢᠨ᠎ᠠ ᠭᠡᠵᠡᠢ᠃
      ᠬᠤ᠌ ᠴᠦᠨ ᠬᠤᠸᠠ᠂ ᠸᠠᠩ ᠶᠦᠩ᠂ ᠰᠢᠶᠤᠤ ᠵᠢᠶᠸ᠂ ᠡᡁᠸ ᠯᠢ ᠹᠸᠩ ᠶᠠᠷᠢᠯᠴᠠᠬᠤ ᠬᠤᠷᠠᠯ᠎ᠳᠤ ᠣᠷᠣᠯᠴᠠᠪᠠ᠃

ᠢᠷᠡᠯᠲᠡ᠄
          
ᠬᠠᠮᠢᠶ᠎ᠡ ᠪᠦᠬᠦᠢ ᠰᠣᠨᠢᠨ
ᠰᠢ ᠵᠢᠨ ᠫᠢᠩ ᠨᠠᠨᠶᠠᠩ ᠬᠣᠲᠠ ᠵᠢᠨ ᠰᠢᠴᠦᠸᠠᠨ ᠰᠢᠶᠠᠨ᠎ᠳᠤ ᠡᠮᠦᠨᠡᠲᠦ ᠵᠢᠨ ᠤᠰᠤ ᠵᠢ ᠤᠮᠠᠷᠠᠰᠢ ᠲᠠᠲᠠᠬᠤ ᠢᠨᠵᠧᠨᠧᠷᠢᠩ᠎ᠢ ᠰᠢᠨᠵᠢᠯᠡᠨ ᠪᠠᠢ᠌ᠴᠠᠭ᠋ᠠᠪᠠ
ᠰᠢ ᠵᠢᠨ ᠫᠢᠩ ᠡᠮᠦᠨᠡᠳᠡᠬᠢ ᠤᠰᠤ ᠵᠢ ᠤᠮᠠᠷᠠᠰᠢ ᠲᠠᠲᠠᠬᠤ ᠵᠠᠯᠭ᠋ᠠᠮᠵᠢ ᠢᠨᠵᠧᠨᠧᠷᠢᠩ᠎ᠤᠨ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠬᠤ ᠶᠠᠷᠢᠯᠴᠠᠬᠤ ᠬᠤᠷᠠᠯ ᠳᠡᠭᠡᠷ᠎ᠡ ᠴᠢᠬᠤᠯᠠᠴᠢᠯᠠᠭᠰᠠᠨ᠎ᠨᠢ ᠡᠮᠦᠨᠡᠳᠡᠬᠢ ᠤᠰᠤ ᠵᠢ ᠤᠮᠠᠷᠠᠰᠢ ᠲᠠᠲᠠᠬᠤ ᠢᠨᠵᠧᠨᠧᠷᠢᠩ᠎ᠳᠤ ᠲᠤᠯᠭ᠋ᠠᠷᠠᠵᠤ ᠪᠠᠶ᠋ᠢᠭ᠎ᠠ ᠰᠢᠨ᠎ᠡ ᠪᠠᠶ᠋ᠢᠳᠠᠯ ᠰᠢᠨ᠎ᠡ ᠡᠭᠦᠷᠭᠡ ᠵᠢ ᠭᠦᠨᠵᠡᠭᠡᠢ ᠵᠠᠳᠠᠯᠤᠨ ᠢᠨᠵᠧᠨᠧᠷᠢᠩ᠎ᠤᠨ ᠲᠥᠯᠥᠪᠵᠢᠭᠦᠯᠭᠡ ᠪᠥᠲᠥᠭᠡᠨ ᠪᠠᠶ᠋ᠢᠭᠤᠯᠤᠯᠲᠠ ᠵᠢ ᠰᠢᠨᠵᠢᠯᠡᠬᠦ ᠤᠬᠠᠭ᠋ᠠᠨᠴᠢ᠎ᠪᠠᠷ ᠠᠬᠢᠭᠤᠯᠵᠤ ᠤᠰᠤᠨ᠎ᠤ ᠡᠬᠢ ᠪᠠᠶᠠᠯᠢᠭ᠎ᠢ ᠡᠷᠴᠢᠮᠵᠢᠭᠦᠯᠦᠨ ᠠᠷᠪᠢᠯᠠᠨ ᠠᠰᠢᠬᠯᠠᠬᠤ ᠲᠦᠪᠰᠢᠨ᠎ᠢ ᠳᠡᠭᠡᠭᠰᠢᠯᠡᠭᠦᠯᠬᠦ ᠭᠡᠷᠡᠭᠲᠡᠢ
ᠰᠢ ᠵᠢᠨ ᠫᠢᠩ ᠮᠠᠨ᠎ᠤ ᠤᠯᠤᠰ᠎ᠤᠨ ᠠᠩᠬᠠᠳᠠᠭᠴᠢ ᠤᠳᠠᠭ᠋ᠠᠨ᠎ᠤ ᠭᠠᠯ ᠭᠠᠷᠠᠭ ᠬᠠᠶ᠋ᠢᠨ ᠰᠢᠨᠵᠢᠯᠡᠬᠦ ᠡᠭᠦᠷᠭᠡ ᠵᠢ ᠭᠦᠢ᠍ᠴᠡᠳᠬᠡᠬᠦ ᠲᠢᠶᠠᠨ ᠸᠸᠨ ᠨᠢᠭᠡᠳᠦᠭᠡᠷ ᠨᠣᠮᠧᠷᠲᠤ ᠬᠠᠢ᠌ᠭᠤᠷ᠎ᠤᠨ ᠭᠠᠯ ᠭᠠᠷᠠᠭ᠎ᠲᠤ ᠠᠮᠵᠢᠯᠲᠠ᠎ᠲᠠᠢ ᠭᠠᠵᠠᠷᠳᠠᠭᠰᠠᠨ᠎ᠳᠤ ᠪᠠᠶᠠᠷ ᠬᠦᠷᠭᠡᠪᠡ
ᠯᠢ ᠺᠸ ᠴᠢᠶᠠᠩ ᠲᠦᠷᠦ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ ᠥᠷᠭᠡᠨ ᠬᠡᠷᠡᠭᠴᠡᠭᠡᠨ᠎ᠤ ᠲᠠᠸᠠᠷ᠎ᠤᠨ ᠬᠠᠩᠭ᠋ᠠᠯᠭ᠎ᠠ ᠵᠢ ᠪᠠᠲᠤᠯᠠᠵᠤ ᠦᠨ᠎ᠡ ᠵᠢ ᠲᠣᠭᠲᠠᠪᠤᠷᠢᠵᠢᠭᠤᠯᠬᠤ ᠠᠵᠢᠯ᠎ᠢ ᠰᠠᠢ᠌ᠲᠤᠷ ᠬᠢᠬᠦ ᠲᠤᠬᠠᠢ ᠵᠡᠷᠭᠡ ᠠᠵᠢᠯ᠎ᠢ ᠪᠠᠢ᠌ᠷᠢᠯᠠᠭᠤᠯᠪᠠ
ᠰᠢ ᠵᠢᠨ ᠫᠢᠩ ᠤᠷᠤᠰ᠎ᠤᠨ ᠶᠡᠷᠦᠩᠬᠡᠶ᠋ᠢᠯᠡᠭᠴᠢ ᠫᠦᠲ᠋ᠢᠨ᠎ᠲᠠᠢ ᠬᠠᠮᠲᠤ᠎ᠪᠠᠷ ᠳᠤᠮᠳᠠᠳᠤ ᠤᠷᠤᠰ᠎ᠤᠨ ᠴᠥᠮ᠎ᠡ ᠵᠢᠨ ᠡᠨᠧᠷᠭᠢ ᠵᠢᠨ ᠬᠠᠮᠲᠤᠷᠠᠯᠴᠠᠭ᠋ᠠᠨ᠎ᠤ ᠲᠦᠷᠦᠯ ᠵᠦᠢ᠍ᠯ᠎ᠤᠨ ᠪᠠᠷᠢᠯᠭ᠎ᠠ ᠡᠬᠢᠯᠡᠬᠦ ᠶᠣᠰᠣᠯᠠᠯ᠎ᠢ ᠭᠡᠷᠡᠴᠢᠯᠡᠪᠡ
 
            