ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶ᠎ᠠ ᠬᠤᠷᠠᠩᠳᠠ ᠭᠸᠨ᠋ᠸᠷᠠᠯ᠎ᠤᠨ ᠴᠡᠷᠢᠭ᠎ᠤᠨ ᠴᠣᠯᠠ᠎ᠳᠤ ᠳᠡᠪᠰᠢᠭᠦᠯᠬᠦ ᠶᠣᠰᠣᠯᠠᠯ ᠶᠠᠪᠤᠭᠤᠯᠪᠠ   ᠰᠢ᠎ᠵᠢᠨ᠎ᠫᠢᠩ ᠵᠠᠷᠯᠢᠭ᠋᠎ᠤᠨ ᠪᠢᠴᠢᠭ ᠭᠠᠷᠳᠠᠭᠤᠯᠤᠭᠰᠠᠨ ᠪᠦᠭᠡᠳ ᠴᠡᠷᠢᠭ᠎ᠤᠨ ᠴᠣᠯᠠ᠎ᠳᠤ ᠳᠡᠪᠰᠢᠭᠰᠡᠨ ᠣᠹᠢᠼᠧᠷ᠎ᠲᠤ ᠪᠠᠶᠠᠷ ᠬᠦᠷᠭᠡᠵᠡᠢ
ᠨᠡᠶᠢᠲᠡᠯᠡᠭᠰᠡᠨ ᠴᠠᠭ᠄ 2025-12-24

ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶ᠎ᠠ ᠬᠤᠷᠠᠩᠳᠠ ᠭᠸᠨ᠋ᠸᠷᠠᠯ᠎ᠤᠨ ᠴᠡᠷᠢᠭ᠎ᠤᠨ ᠴᠣᠯᠠ᠎ᠳᠤ ᠳᠡᠪᠰᠢᠭᠦᠯᠬᠦ ᠶᠣᠰᠣᠯᠠᠯ ᠶᠠᠪᠤᠭᠤᠯᠪᠠ   ᠰᠢ᠎ᠵᠢᠨ᠎ᠫᠢᠩ ᠵᠠᠷᠯᠢᠭ᠋᠎ᠤᠨ ᠪᠢᠴᠢᠭ ᠭᠠᠷᠳᠠᠭᠤᠯᠤᠭᠰᠠᠨ ᠪᠦᠭᠡᠳ ᠴᠡᠷᠢᠭ᠎ᠤᠨ ᠴᠣᠯᠠ᠎ᠳᠤ ᠳᠡᠪᠰᠢᠭᠰᠡᠨ ᠣᠹᠢᠼᠧᠷ᠎ᠲᠤ ᠪᠠᠶᠠᠷ ᠬᠦᠷᠭᠡᠵᠡᠢ

 

    ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠠ᠎ᠶᠢᠨ ᠬᠤᠷᠠᠩᠳᠠ ᠭᠸᠨ᠋ᠸᠷᠠᠯ᠎ᠤᠨ ᠴᠡᠷᠢᠭ᠎ᠤᠨ ᠴᠣᠯᠠ᠎ᠳᠤ ᠳᠡᠪᠰᠢᠭᠦᠯᠬᠦ ᠶᠣᠰᠣᠯᠠᠯ 22᠎ᠤᠨ ᠡᠳᠦᠷ ᠪᠡᠭᠡᠵᠢᠩ᠎ᠤᠨ 《8·1》 ᠶᠡᠬᠡ ᠠᠰᠠᠷ᠎ᠲᠤ ᠶᠠᠪᠤᠭᠳᠠᠪᠠ᠃ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠠ᠎ᠶᠢᠨ ᠲᠡᠷᠢᠭᠦᠯᠡᠭᠴᠢ ᠰᠢ᠎ᠵᠢᠨ᠎ᠫᠢᠩ ᠴᠡᠷᠢᠭ᠎ᠤᠨ ᠴᠣᠯᠠ᠎ᠳᠤ ᠳᠡᠪᠰᠢᠭᠦᠯᠬᠦ ᠶᠣᠰᠣᠯᠠᠯ᠎ᠳᠤ ᠣᠷᠣᠯᠴᠠᠵᠠᠢ᠃

 


 

 

12 ᠰᠠᠷ᠎ᠠ᠎ᠶᠢᠨ 22᠎ᠤᠨ ᠡᠳᠦᠷ᠂ ᠲᠥᠪ᠎ᠤᠨ ᠴᠡᠷᠢᠭ᠎ᠦᠨ ᠶᠠᠪᠤᠳᠠᠯ᠎ᠤᠨ ᠬᠤᠷᠢᠶ᠎ᠠ᠎ᠵᠢᠨ ᠬᠤᠷᠠᠩᠳᠠ ᠭᠸᠨ᠋ᠸᠷᠠᠯ᠎ᠤᠨ ᠴᠡᠷᠢᠭ᠎ᠦᠨ ᠴᠣᠯᠠ᠎ᠳᠤ ᠳᠡᠪᠰᠢᠭᠦᠯᠬᠦ ᠶᠣᠰᠣᠯᠠᠯ ᠪᠡᠭᠡᠵᠢᠩ᠎ᠦᠨ 《 8·1 》 ᠶᠡᠬᠡ ᠠᠰᠠᠷ᠎ᠲᠤ ᠶᠠᠪᠤᠭᠳᠠᠪᠠ᠃ ᠲᠥᠪ᠎ᠤᠨ ᠴᠡᠷᠢᠭ᠎ᠦᠨ ᠶᠠᠪᠤᠳᠠᠯ᠎ᠤᠨ ᠬᠤᠷᠢᠶ᠎ᠠ᠎ᠶᠢᠨ ᠲᠡᠷᠢᠭᠦᠯᠡᠭᠴᠢ ᠰᠢ᠎ᠵᠢᠨ᠎ᠫᠢᠩ ᠴᠡᠷᠢᠭ᠎ᠤᠨ ᠴᠣᠯᠠ᠎ᠳᠤ ᠳᠡᠪᠰᠢᠭᠦᠯᠬᠦ ᠶᠣᠰᠣᠯᠠᠯ᠎ᠳᠤ ᠣᠷᠣᠯᠴᠠᠵᠠᠢ᠃ ᠵᠢᠷᠤᠭ ᠪᠤᠯ ᠰᠢ᠎ᠵᠢᠨ᠎ᠫᠢᠩ ᠵᠡᠷᠭᠡ ᠤᠳᠤᠷᠢᠳᠬᠤ ᠨᠥᠬᠥᠳ ᠬᠤᠷᠠᠩᠳᠠ ᠭᠸᠨ᠋ᠸᠷᠠᠯ᠎ᠤᠨ ᠴᠡᠷᠢᠭ᠎ᠤᠨ ᠴᠣᠯᠠ᠎ᠳᠤ ᠳᠡᠪᠰᠢᠭᠰᠡᠨ ᠣᠹᠢᠼᠧᠷ ᠎ᠲᠠᠢ ᠬᠠᠮᠲᠤ ᠎ᠬᠡᠷᠡᠯ ᠵᠢᠷᠤᠭ ᠲᠠᠲᠠᠭᠤᠯᠵᠦ ᠪᠠᠢᠭ᠎ᠠ ᠨᠢ᠃ 

ᠰᠢᠨᠬᠤᠸᠠ ᠬᠤᠷᠢᠶ᠎ᠠ᠎ᠵᠢᠨ ᠰᠤᠷᠪᠤᠯᠵᠢᠯᠠᠭᠴᠢ ᠯᠢ ᠭᠠᠨᠭ᠌  ᠰᠡᠭᠦᠳᠡᠷᠯᠡᠪᠡ

 

ᠦᠳᠡ᠎ᠶᠢᠨ ᠡᠮᠦᠨᠡᠬᠢ 10 ᠴᠠᠭ 30 ᠮᠢᠨᠦ᠋ᠲ᠎ᠤᠨ ᠦᠶ᠎ᠡ᠎ᠪᠠᠷ᠂ ᠴᠡᠷᠢᠭ᠎ᠤᠨ ᠴᠣᠯᠠ᠎ᠳᠤ ᠳᠡᠪᠰᠢᠭᠦᠯᠬᠦ ᠶᠣᠰᠣᠯᠠᠯ ᠰᠦᠷ ᠵᠢᠪᠬᠤᠯᠠᠩᠲᠤ ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠤᠯᠤᠰ᠎ᠤᠨ ᠰᠦᠯᠳᠡ ᠳᠠᠭᠤᠤ᠎ᠶᠢᠨ ᠳᠤᠮᠳᠠ ᠡᠬᠢᠯᠡᠪᠡ᠃ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠠ᠎ᠶᠢᠨ ᠳᠡᠳ᠋ ᠲᠡᠷᠢᠭᠦᠯᠡᠭᠴᠢ ᠵᠠᠩ ᠶᠢᠦ ᠰᠢᠶᠠ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠠ᠎ᠶᠢᠨ ᠲᠡᠷᠢᠭᠦᠯᠡᠭᠴᠢ ᠰᠢ᠎ᠵᠢᠨ᠎ᠫᠢᠩ᠎ᠤᠨ ᠭᠠᠷ᠎ᠤᠨ ᠦᠰᠦᠭ ᠵᠢᠷᠤᠭᠰᠠᠨ ᠬᠤᠷᠠᠩᠳᠠ ᠭᠸᠨ᠋ᠸᠷᠠᠯ᠎ᠤᠨ ᠴᠡᠷᠢᠭ᠎ᠤᠨ ᠴᠣᠯᠠ᠎ᠳᠤ ᠳᠡᠪᠰᠢᠭᠦᠯᠬᠦ ᠵᠠᠷᠯᠢᠭ᠋᠎ᠢ ᠤᠩᠰᠢᠨ ᠨᠡᠢᠲᠡᠯᠡᠪᠡ᠃ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠠ᠎ᠶᠢᠨ ᠳᠡᠳ᠋ ᠲᠡᠷᠢᠭᠦᠯᠡᠭᠴᠢ ᠵᠠᠩ ᠱᠧᠩ ᠮᠢᠨ ᠴᠡᠷᠢᠭ᠎ᠤᠨ ᠴᠣᠯᠠ᠎ᠳᠤ ᠳᠡᠪᠰᠢᠭᠦᠯᠬᠦ ᠶᠣᠰᠣᠯᠠᠯ᠎ᠢ ᠡᠷᠭᠢᠯᠡᠪᠡ᠃

ᠰᠢ᠎ᠵᠢᠨ᠎ᠫᠢᠩ ᠬᠤᠷᠠᠩᠳᠠ ᠭᠸᠨ᠋ᠸᠷᠠᠯ᠎ᠤᠨ ᠴᠡᠷᠢᠭ᠎ᠤᠨ ᠴᠣᠯᠠ᠎ᠳᠤ ᠳᠡᠪᠰᠢᠭᠰᠡᠨ ᠵᠡᠭᠦᠨ ᠬᠡᠰᠡᠭ᠎ᠦᠨ ᠪᠠᠢᠯᠳᠤᠭᠠᠨ᠎ᠤ ᠲᠣᠭᠣᠷᠢᠭ᠋᠎ᠤᠨ ᠺᠣᠮᠠᠨᠳ᠋ᠯᠠᠭ᠍ᠴᠢ ᠶᠠᠩ ᡁᠢ ᠪᠢᠨ᠂ ᠳᠤᠮᠳᠠ ᠬᠡᠰᠡᠭ᠎ᠤᠨ ᠪᠠᠢᠯᠳᠤᠭᠠᠨ᠎ᠤ ᠲᠣᠭᠣᠷᠢᠭ᠋᠎ᠤᠨ ᠺᠣᠮᠠᠨᠳ᠋ᠯᠠᠭ᠍ᠴᠢ ᠬᠠᠨ ᠱᠧᠩ ᠶᠠᠨ᠎ᠳᠤ ᠵᠠᠷᠯᠢᠭ᠋᠎ᠤᠨ ᠪᠢᠴᠢᠭ ᠭᠠᠷᠳᠠᠭᠤᠯᠵᠤ᠂ ᠪᠠᠶᠠᠷ ᠬᠦᠷᠭᠡᠵᠦ ᠪᠠᠢᠬᠤ᠎ᠪᠠᠨ ᠢᠯᠡᠳᠬᠡᠪᠡ᠃ ᠬᠤᠷᠠᠩᠳᠠ ᠭᠸᠨ᠋ᠸᠷᠠᠯ᠎ᠤᠨ ᠴᠡᠷᠢᠭ᠎ᠤᠨ ᠴᠣᠯᠠ᠎ᠵᠢᠨ ᠲᠡᠮᠲᠡᠭ᠎ᠢ ᠵᠡᠭᠦᠭᠰᠡᠨ 2 ᠣᠹᠢᠼᠧᠷ ᠰᠢ᠎ᠵᠢᠨ᠎ᠫᠢᠩ᠎ᠳᠦ ᠶᠣᠰᠣᠯᠠᠵᠤ᠂ ᠶᠣᠰᠣᠯᠠᠯ᠎ᠳᠤ ᠣᠷᠣᠯᠴᠠᠭᠰᠠᠨ ᠪᠦᠬᠦ ᠨᠥᠬᠥᠳ᠎ᠲᠦ ᠶᠣᠰᠣᠯᠠᠭᠰᠠᠨ᠎ᠳᠤ ᠲᠠᠯᠠᠪᠠᠢ ᠳᠠᠶᠠᠭᠠᠷ ᠨᠢᠵᠢᠭᠢᠨᠡᠲᠡᠯ᠎ᠡ ᠠᠯᠠᠭ᠎ᠠ ᠲᠠᠰᠢᠵᠠᠭᠠᠪᠠ᠃

ᠴᠡᠷᠢᠭ᠎ᠤᠨ ᠴᠣᠯᠠ᠎ᠳᠤ ᠳᠡᠪᠰᠢᠭᠦᠯᠬᠦ ᠶᠣᠰᠣᠯᠠᠯ ᠬᠠᠩᠭᠢᠨᠠᠮ᠎ᠠ ᠬᠦᠴᠦᠲᠡᠢ ᠳᠤᠮᠳᠠᠳᠤ ᠤᠯᠤᠰ᠎ᠤᠨ ᠠᠷᠠᠳ᠎ᠤᠨ ᠴᠢᠯᠦᠭᠡᠯᠡᠬᠦ ᠴᠡᠷᠢᠭ᠎ᠤᠨ ᠴᠡᠷᠢᠭ᠎ᠦᠨ ᠳᠠᠭᠤᠤ᠎ᠶᠢᠨ ᠳᠤᠮᠳᠠ ᠲᠡᠭᠦᠰᠪᠡ᠃ ᠳᠠᠷᠠᠭ᠎ᠠ ᠨᠢ᠂ ᠰᠢ᠎ᠵᠢᠨ᠎ᠫᠢᠩ ᠵᠡᠷᠭᠡ ᠤᠳᠤᠷᠢᠳᠬᠤ ᠨᠥᠬᠥᠳ ᠬᠤᠷᠠᠩᠳᠠ ᠭᠸᠨ᠋ᠸᠷᠠᠯ᠎ᠤᠨ ᠴᠡᠷᠢᠭ᠎ᠦᠨ ᠴᠣᠯᠠ᠎ᠳᠤ ᠳᠡᠪᠰᠢᠭᠰᠡᠨ ᠣᠹᠢᠼᠧᠷ᠎ᠲᠠᠢ ᠬᠠᠮᠲᠤ᠎ᠶᠢᠨ ᠬᠡᠷᠡᠯ ᠵᠢᠷᠤᠭ ᠲᠠᠲᠠᠭᠤᠯᠪᠠ᠃

ᠲᠥᠪ᠎ᠦᠨ ᠴᠡᠷᠢᠭ᠎ᠦᠨ ᠶᠠᠪᠤᠳᠠᠯ᠎ᠤᠨ ᠬᠤᠷᠢᠶ᠎ᠠ᠎ᠵᠢᠨ ᠭᠡᠰᠢᠭᠦᠨ ᠯᠢᠦ ᠵᠧᠨ ᠯᠢ᠂ ᠴᠡᠷᠢᠭ᠎ᠦᠨ ᠶᠠᠪᠤᠳᠠᠯ᠎ᠤᠨ ᠬᠤᠷᠢᠶ᠎ᠠ᠎ᠵᠢᠨ ᠪᠠᠢᠭᠤᠯᠭ᠎ᠠ᠎ᠶᠢᠨ ᠡᠯ᠎ᠡ ᠰᠠᠯᠠᠭ᠎ᠠ ᠮᠥᠴᠢᠷ᠂ ᠪᠡᠭᠡᠵᠢᠩ᠎ᠳᠦ ᠰᠠᠭᠤᠭ᠎ᠠ ᠴᠡᠷᠢᠭ ᠠᠩᠭᠢ᠎ᠶᠢᠨ ᠬᠣᠯᠪᠣᠭᠳᠠᠯ ᠪᠦᠬᠦᠢ ᠨᠢᠭᠡᠴᠢ᠎ᠶᠢᠨ ᠭᠣᠣᠯ ᠬᠠᠷᠢᠭᠤᠴᠠᠯᠭᠠᠲᠠᠨ ᠨᠥᠬᠥᠳ ᠴᠡᠷᠢᠭ᠎ᠤᠨ ᠴᠣᠯᠠ᠎ᠳᠤ ᠳᠡᠪᠰᠢᠭᠦᠯᠬᠦ ᠶᠣᠰᠣᠯᠠᠯ᠎ᠳᠤ ᠣᠷᠣᠯᠴᠠᠵᠠᠢ᠃

ᠰᠢᠨᠬᠤᠸᠠ ᠬᠤᠷᠢᠶ᠎ᠠ᠎ᠶᠢᠨ ᠪᠡᠭᠡᠵᠢᠩ᠎ᠤᠨ 12 ᠰᠠᠷ᠎ᠠ᠎ᠶᠢᠨ 22᠎ᠤᠨ ᠴᠠᠬᠢᠯᠭᠠᠨ ᠮᠡᠳᠡᠭᠡ
ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ

ᠢᠷᠡᠯᠲᠡ᠄          ᠵᠠᠰᠠᠭ᠎᠎ᠤᠨ ᠤᠷᠳᠣᠨ
          
ᠬᠠᠮᠢᠶ᠎ᠡ ᠪᠦᠬᠦᠢ ᠰᠣᠨᠢᠨ
 
            