ᠰᠢ᠎ᠵᠢᠨ᠎ᠫᠢᠩ ᠼᠧᠨ ᠬᠤᠤ ᠬᠤᠢ᠎ᠶᠢᠨ ᠲᠤᠱᠢᠶᠠᠯ᠎ᠤᠨ ᠮᠡᠳᠡᠭᠦᠯᠦᠯᠲᠡ᠎ᠶ᠋ᠢ ᠰᠣᠨᠣᠰᠪᠠ
ᠤᠯᠤᠰ᠎ᠤᠨ ᠲᠡᠷᠢᠭᠦᠯᠡᠭᠴᠢ ᠰᠢ᠎ᠵᠢᠨ᠎ᠫᠢᠩ 16᠎ᠦ ᠦᠳᠡ᠎ᠶᠢᠨ ᠬᠣᠢᠨ᠎ᠠ ᠵᠦᠩ ᠨᠠᠨ ᠬᠠᠢ᠎ᠶᠢᠨ ᠶᠢᠩᠲᠠᠢᠳᠦ ᠪᠡᠭᠡᠵᠢᠩ᠎ᠳᠦ ᠲᠤᠰᠢᠶᠠᠯ᠎ᠤᠨ ᠮᠡᠳᠡᠭᠦᠯᠦᠯᠳᠡ ᠬᠢᠬᠦ᠎ᠪᠠᠷ ᠢᠷᠡᠭᠰᠡᠨ ᠣᠣᠮᠧᠨ ᠣᠨᠴᠠᠭᠠᠢ ᠵᠠᠰᠠᠭ ᠵᠠᠬᠢᠷᠭᠠᠨ᠎ᠤ ᠣᠷᠣᠨ᠎ᠤ ᠵᠠᠰᠠᠭ ᠵᠠᠬᠢᠷᠭᠠᠨ᠎ᠤ ᠳᠠᠷᠤᠭ᠎ᠠ ᠼᠸᠨ ᠬᠤᠤ ᠬᠤᠢ᠎ᠲᠠᠢ ᠠᠭᠤᠯᠵᠠᠵᠤ᠂ ᠲᠡᠭᠦᠨ᠎ᠦ ᠣᠣᠮᠧᠨ᠎ᠦ ᠣᠳᠣᠬᠠᠨ᠎ᠤ ᠪᠠᠢᠳᠠᠯ ᠪᠣᠯᠣᠨ ᠣᠨᠴᠠᠭᠠᠢ ᠵᠠᠰᠠᠭ ᠵᠠᠬᠢᠷᠭᠠᠨ᠎ᠤ ᠣᠷᠣᠨ᠎ᠤ ᠵᠠᠰᠠᠭ᠎ᠤᠨ ᠣᠷᠳᠣᠨ᠎ᠤ ᠠᠵᠢᠯ᠎ᠤᠨ ᠪᠠᠢᠳᠠᠯ᠎ᠤᠨ ᠬᠠᠷᠢᠭᠤ ᠮᠡᠳᠡᠭᠦᠯᠦᠯᠲᠡ᠎ᠶᠢ ᠰᠤᠨᠤᠰᠪᠠ᠃
ᠰᠢ ᠶᠢᠨ ᠫᠢᠩ᠂ ᠨᠢᠭᠡ ᠵᠢᠯ᠎ᠦᠨ ᠲᠤᠷᠰᠢ ᠵᠠᠰᠠᠭ ᠵᠠᠬᠢᠷᠭᠠᠨ᠎ᠤ ᠳᠠᠷᠤᠭ᠎ᠠ ᠼᠧᠨ ᠬᠤᠤ ᠬᠣᠶ ᠰᠢᠨ᠎ᠡ ᠨᠢᠭᠡ ᠬᠤᠭᠤᠴᠠᠭᠠᠨ᠎ᠦ ᠣᠨᠴᠠᠭᠠᠶ ᠵᠠᠰᠠᠭ ᠵᠠᠬᠢᠷᠭᠠᠨ᠎ᠤ ᠣᠷᠣᠨ᠎ᠤ ᠵᠠᠰᠠᠭ᠎ᠤᠨ ᠣᠷᠳᠣᠨ᠎ᠢ ᠳᠠᠭᠠᠭᠤᠯᠵᠤ᠂ ᠡᠷᠡᠰ ᠵᠤᠷᠢᠭᠯᠠᠨ ᠤᠷᠤᠭᠰᠢᠯᠠᠨ ᠲᠠᠪᠰᠢᠵᠤ᠂ ᠪᠣᠳᠠᠲᠠᠢ᠎ᠶᠢ ᠡᠷᠬᠢᠮᠯᠡᠨ ᠵᠢᠳᠬᠦᠯ ᠴᠢᠷᠮᠠᠢᠯᠭ᠎ᠠ ᠭᠠᠷᠭᠠᠵᠤ᠂ ᠤᠯᠤᠰ᠎ᠤᠨ ᠡᠷᠬᠡ ᠮᠡᠳᠡᠯ᠂ ᠠᠮᠤᠷ ᠲᠦᠪᠰᠢᠨ᠂ ᠬᠥᠭᠵᠢᠯᠲᠡ ᠶᠢᠨ ᠠᠰᠢᠭ᠋ ᠲᠤᠰᠠ ᠶᠢ ᠡᠷᠡᠰ ᠬᠠᠮᠠᠭᠠᠯᠠᠵᠤ᠂ ᠣᠣᠮᠧᠨ᠎ᠦ ᠨᠠᠢ᠍ᠮᠠᠳᠤᠭᠠᠷ ᠬᠤᠭᠤᠴᠠᠭᠠᠨ᠎ᠤ ᠬᠠᠤᠯᠢ ᠲᠣᠭᠲᠠᠭᠠᠬᠤ ᠬᠤᠷᠠᠯ ᠤᠨ ᠰᠣᠩᠭᠣᠭᠤᠯᠢ᠎ᠶᠢ ᠤᠷᠤᠭᠰᠢᠲᠠᠢ ᠶᠠᠪᠤᠭᠳᠠᠭᠤᠯᠵᠤ᠂ ᠣᠯᠠᠨ ᠨᠡᠶ᠋ᠢᠲᠡ᠎ᠶᠢᠨ ᠵᠠᠰᠠᠭ ᠵᠠᠬᠢᠷᠭᠠᠨ᠎ᠦ ᠥᠭᠡᠷᠡᠴᠢᠯᠡᠯᠲᠡ᠎ᠶᠢ ᠠᠬᠢᠭᠤᠯᠵᠤ᠂ ᠭᠤᠸᠠᠨᠭᠳᠦᠢ᠍ᠩ ᠰᠢᠶᠠᠩᠭᠠᠩ ᠣᠣᠮᠧᠨ᠎ᠦ ᠳᠤᠮᠤ ᠪᠤᠯᠤᠩ᠎ᠤᠨ ᠣᠷᠣᠨ᠎ᠦ ᠪᠦᠲᠦᠭᠡᠨ ᠪᠠᠢᠭᠤᠯᠤᠯᠲᠠ᠎ᠳᠤ ᠢᠳᠡᠪᠬᠢᠲᠡᠢ ᠣᠷᠣᠯᠴᠠᠵᠤ᠂ ᠡᠯ᠎ᠡ ᠵᠦᠢᠯ᠎ᠦᠨ ᠠᠵᠢᠯ ᠦᠢᠯᠡᠰ ᠰᠢᠨ᠎ᠡ ᠳᠠᠪᠰᠢᠯᠲᠠ᠎ᠲᠠᠢ ᠪᠣᠯᠪᠠ᠃ ᠲᠥᠪ᠎ᠡᠴᠡ ᠵᠠᠰᠠᠭ ᠵᠠᠬᠢᠷᠭᠠᠨ᠎ᠤ ᠳᠠᠷᠤᠭ᠎ᠠ ᠼᠧᠨ ᠬᠤᠤ ᠬᠤᠢ ᠪᠣᠯᠣᠨ ᠣᠨᠴᠠᠭᠠᠶ ᠵᠠᠰᠠᠭ ᠵᠠᠬᠢᠷᠭᠠᠨ᠎ᠤ ᠣᠷᠣᠨ᠎ᠤ ᠵᠠᠰᠠᠭ᠎ᠤᠨ ᠣᠷᠳᠣᠨ᠎ᠤ ᠠᠵᠢᠯ᠎ᠢ ᠭᠦᠢᠴᠡᠳ ᠨᠤᠲᠠᠯᠠᠵᠤ ᠪᠠᠢᠨ᠎ᠠ ᠭᠡᠵᠤ ᠢᠯᠡᠳᠬᠡᠪᠡ᠃
ᠰᠢ᠎ᠶᠢᠨ ᠫᠢᠩ᠂ ᠳᠣᠮᠳᠠᠳᠦ ᠤᠯᠤᠰ᠎ᠤᠨ ᠡᠪ ᠬᠠᠮᠳᠦ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠣᠷᠢᠶ᠎ᠡ ᠵᠢᠨ ᠳᠥᠷᠪᠡᠳᠦᠭᠡᠷ ᠪᠦᠭᠦᠳᠡ ᠬᠤᠷᠠᠯ᠎ᠡᠴᠡ 《ᠠᠷᠪᠠᠨ ᠲᠠᠪᠤᠳᠤᠭᠠᠷ ᠲᠠᠪᠤᠨ ᠵᠢᠯ》᠎ᠤᠨ ᠬᠤᠭᠤᠴᠠᠭᠠᠨ᠎ᠳᠠᠬᠢ ᠤᠯᠤᠰ᠎ᠤᠨ ᠠᠵᠤ ᠠᠬᠤᠢ ᠨᠡᠢᠭᠡᠮ᠎ᠦᠨ ᠬᠥᠭᠵᠢᠯᠲᠡ᠎ᠶᠢᠨ ᠲᠤᠬᠠᠢ ᠪᠠᠢᠯᠳᠤᠬᠤ ᠪᠣᠳᠣᠯᠭ᠎ᠠ᠎ᠶᠢᠨ ᠵᠢᠷᠤᠭ ᠲᠦᠰᠦᠪ ᠬᠢᠵᠤ᠂ 《ᠨᠢᠭᠡ ᠤᠯᠤᠰ᠎ᠲᠤ ᠬᠣᠶᠠᠷ ᠪᠠᠢᠭᠤᠯᠤᠯ᠎ᠢ ᠬᠡᠷᠡᠭᠵᠢᠭᠦᠯᠬᠦ》᠂ 《ᠣᠣᠮᠧᠨᠴᠤᠳ ᠣᠣᠮᠧᠨ ᠵᠢᠡᠨ ᠵᠠᠰᠠᠬᠤ》᠂ ᠳᠡᠭᠡᠳᠦ ᠬᠡᠮᠵᠢᠶ᠎ᠡ᠎ᠪᠡᠷ ᠥᠪᠡᠷᠲᠡᠭᠡᠨ ᠵᠠᠰᠠᠬᠤ ᠴᠢᠭᠯᠡᠯᠲᠡ᠎ᠶᠢ ᠡᠷᠡᠰ ᠭᠤᠢᠪᠢᠰᠢ ᠦᠭᠡᠢ᠎ᠪᠡᠷ ᠲᠤᠭᠤᠰᠢᠯᠠᠭᠤᠯᠵᠤ᠂ ᠣᠣᠮᠧᠨ᠎ᠦ ᠤᠷᠲᠤ ᠬᠤᠭᠤᠴᠠᠭᠠᠨ᠎ᠤ ᠴᠡᠴᠡᠭᠯᠡᠯ ᠬᠥᠭᠵᠢᠯ ᠲᠤᠭᠲᠠᠭᠤᠨ᠎ᠢ ᠠᠬᠢᠭᠤᠯᠬᠤ᠎ᠶᠢ ᠴᠢᠬᠤᠯᠠᠴᠢᠯᠠᠪᠠ᠃ ᠣᠨᠴᠠᠭᠠᠶ ᠵᠠᠰᠠᠭ ᠵᠠᠬᠢᠷᠭᠠᠨ᠎ᠤ ᠣᠷᠣᠨ᠎ᠤ ᠵᠠᠰᠠᠭ᠎ᠤᠨ ᠣᠷᠳᠣᠨ ᠤᠯᠤᠰ ᠤᠨ《ᠠᠷᠪᠠᠨ ᠲᠠᠪᠤᠳᠤᠭᠠᠷ ᠲᠠᠪᠤᠨ ᠵᠢᠯ》᠎ᠤᠨ ᠲᠥᠯᠦᠪᠵᠢᠭᠦᠯᠭᠡ ᠲᠠᠢ ᠰᠠᠨᠠᠭᠠᠴᠢᠯᠠᠭ᠎ᠠ᠎ᠡᠴᠡ᠎ᠪᠠᠨ ᠵᠣᠯᠭᠠᠭᠤᠯᠵᠤ᠂ ᠵᠠᠰᠠᠭ ᠵᠠᠬᠢᠷᠭᠠᠨ᠎ᠦ ᠤᠳᠤᠷᠢᠳᠤᠮᠵᠢ᠎ᠶᠢ ᠪᠠᠷᠢᠮᠲᠠᠯᠠᠨ ᠲᠡᠭᠦᠯᠳᠡᠷᠵᠢᠭᠦᠯᠵᠦ᠂ ᠠᠵᠤ ᠠᠬᠤᠢ᠎ᠶᠢᠨ ᠵᠣᠬᠢᠰᠲᠠᠢ ᠤᠯᠠᠨ ᠡᠰᠢᠵᠢᠭᠰᠡᠨ ᠬᠥᠭᠵᠢᠯᠲᠡ᠎ᠶᠢ ᠯᠠᠪᠳᠠᠭᠤᠨ᠎ᠢᠶᠠᠷ ᠠᠬᠢᠭᠤᠯᠵᠤ᠂ ᠵᠠᠰᠠᠯᠲᠠ ᠶᠢᠨ ᠦᠷ᠎ᠡ ᠪᠦᠲᠦᠮᠵᠢ᠎ᠶᠢ ᠲᠠᠰᠤᠷᠠᠯᠳᠠ ᠦᠭᠡᠢ ᠳᠡᠭᠡᠭᠰᠢᠯᠡᠭᠦᠯᠵᠦ᠂ ᠤᠯᠤᠰ ᠤᠨ ᠬᠥᠭᠵᠢᠯᠲᠡ ᠶᠢᠨ ᠶᠡᠬᠡ ᠲᠠᠯ᠎ᠠ᠎ᠳᠤ ᠨᠡᠩ ᠰᠠᠢᠨ ᠠᠭᠤᠰᠤᠯᠴᠠᠨ ᠦᠢᠯᠡᠴᠢᠯᠡᠬᠦ ᠬᠡᠷᠡᠭᠲᠡᠢ ᠭᠡᠵᠤ ᠵᠢᠭᠠᠵᠤ ᠭᠠᠷᠭᠠᠵᠠᠢ᠃
ᠯᠢ ᠴᠢᠶᠠᠩ᠂ ᠼᠠᠢ ᠴᠢ᠂ ᠳ᠋ᠢᠩ ᠰᠢᠦᠸᠠᠢ ᠰᠢᠶᠠᠩ᠂ ᠯᠢ ᠭᠠᠨ ᠵᠢᠶᠸ᠂ ᠴᠧᠨ ᠸᠸᠨ ᠴᠢᠩ᠂ ᠰᠢᠶᠠ ᠪᠦᠦ ᠯᠦᠩ ᠨᠠᠷ ᠠᠭᠤᠯᠵᠠᠯᠲᠠ᠎ᠳᠤ ᠣᠷᠣᠯᠴᠠᠵᠠᠢ᠃
ᠱᠢᠨᠬᠤᠸᠠ ᠬᠣᠷᠢᠶ᠎ᠠ᠎ᠶᠢᠨ ᠪᠡᠭᠡᠵᠢᠩ᠎ᠦᠨ 12 ᠰᠠᠷ᠎ᠠ᠎ᠶ᠋ᠢᠨ 16᠎ᠦ ᠴᠠᠬᠢᠯᠭᠠᠨ ᠮᠡᠳᠡᠭᠡ
ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ