ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
《ᠡᠭᠡᠯ ᠪᠣᠷᠣᠭᠵᠢᠭᠤᠨ ᠦᠭᠡ — ᠰᠢ ᠵᠢᠨ ᠫᠢᠩ᠎ᠤᠨ ᠪᠠᠭ᠍ᠠᠷᠬᠠᠳᠠᠭ ᠡᠷᠲᠡᠨ᠎ᠤ ᠰᠣᠩᠭᠤᠳᠠᠭ ᠬᠡᠯᠡᠯᠭᠡ》 (ᠤᠯᠠᠨ ᠤᠯᠤᠰ᠎ᠤᠨ ᠬᠡᠪᠯᠡᠯ) ᠵᠢ ᠣᠷᠣᠰ᠎ᠤᠨ ᠵᠠᠭᠤᠴᠢᠯᠠᠭᠤᠷ᠎ᠲᠤ ᠨᠡᠪᠲᠡᠷᠡᠭᠦᠯᠪᠡ
ᠨᠡᠶᠢᠲᠡᠯᠡᠭᠰᠡᠨ ᠴᠠᠭ᠄ 2025-05-23

   ᠰᠢᠨᠬᠤᠸᠠ ᠬᠤᠷᠢᠶ᠎ᠠ ᠵᠢᠨ ᠮᠣᠰᠺᠸᠠ ᠵᠢᠨ 5 ᠰᠠᠷ᠎ᠠ ᠵᠢᠨ 7᠎ᠤ ᠴᠠᠭᠢᠯᠭ᠋ᠠᠨ ᠮᠡᠳᠡᠭᠡ ᠲᠤᠬᠠᠢ ᠵᠢᠨ ᠭᠠᠵᠠᠷ᠎ᠤᠨ ᠴᠠᠭ ᠵᠶ᠋ᠠᠷ 5 ᠰᠠᠷ᠎ᠠ ᠵᠢᠨ 7᠎ᠤ ᠡᠳᠦᠷ᠂ ᠳᠤᠮᠳᠠᠳᠤ ᠤᠯᠤᠰ᠎ᠤᠨ ᠲᠥᠪ᠎ᠤᠨ ᠷᠠᠳᠢᠣ᠋ ᠲᠧᠯᠸᠢᠰ᠎ᠤᠨ ᠶᠡᠷᠦᠩᠬᠡᠢ ᠬᠤᠷᠢᠶ᠎ᠠ᠎ᠠᠴᠠ ᠦᠢ᠍ᠯᠡᠳᠦᠭᠰᠡᠨ 《ᠡᠭᠡᠯ ᠪᠣᠷᠣᠭᠵᠢᠭᠤᠨ ᠦᠭᠡ — ᠰᠢ ᠵᠢᠨ ᠫᠢᠩ᠎ᠤᠨ ᠪᠠᠭ᠍ᠠᠷᠬᠠᠳᠠᠭ ᠡᠷᠲᠡᠨ᠎ᠤ ᠰᠣᠩᠭᠤᠳᠠᠭ ᠬᠡᠯᠡᠯᠭᠡ》 (ᠣᠯᠠᠨ ᠤᠯᠤᠰ᠎ᠤᠨ ᠬᠡᠪᠯᠡᠯ) ᠵᠢ ᠡᠬᠢᠯᠡᠨ ᠨᠡᠪᠲᠡᠷᠡᠭᠦᠯᠬᠦ ᠶᠣᠰᠣᠯᠠᠯ ᠮᠣᠰᠺᠸᠠ᠎ᠳᠤ ᠶᠠᠪᠤᠭᠳᠠᠪᠠ᠃ ᠤᠷᠤᠰ ᠳᠤᠮᠳᠠᠳᠤ ᠬᠤᠶᠠᠷ ᠤᠯᠤᠰ᠎ᠤᠨ ᠤᠯᠤᠰ ᠲᠦᠷᠦ᠂ ᠠᠵᠤ ᠠᠬᠤᠢ᠂ ᠰᠣᠶᠣᠯ᠂ ᠵᠠᠭᠤᠴᠢᠯᠠᠭᠤᠷ᠂ ᠰᠤᠷᠭ᠋ᠠᠨ ᠬᠥᠮᠦᠵᠢᠯ ᠵᠡᠷᠭᠡ ᠡᠯ᠎ᠡ ᠡᠲᠡᠭᠡᠳ᠎ᠤᠨ ᠨᠡᠷᠡᠳᠤ ᠬᠥᠮᠥᠰ᠎ᠢ ᠪᠠᠭᠲᠠᠭ᠋ᠠᠭᠰᠠᠨ 200 ᠭᠠᠷᠤᠢ ᠬᠦᠨᠳᠦᠲᠦ ᠵᠣᠴᠢᠨ ᠠᠵᠢᠯᠯᠠᠭ᠎ᠠ᠎ᠳᠤ ᠣᠷᠣᠯᠴᠠᠪᠠ᠃ ᠲᠣᠰ ᠫᠷᠣᠭ᠌ᠷᠠᠮ᠎ᠢ ᠲᠣᠰ ᠡᠳᠦᠷ᠎ᠠᠴᠠ ᠡᠬᠢᠯᠡᠨ ᠣᠷᠣᠰ᠎ᠤᠨ ᠪᠦᠭᠦ ᠣᠷᠣᠰ ᠤᠯᠤᠰ᠎ᠤᠨ ᠲᠧᠯᠸᠢᠰ ᠷᠠᠳᠢᠣ᠋ ᠨᠡᠪᠲᠡᠷᠡᠭᠦᠯᠭᠡ ᠵᠢᠨ ᠺᠤᠮᠫᠠᠨᠢ᠂ ᠣᠷᠣᠰ᠎ᠤᠨ ᠵᠠᠰᠠᠭ᠎ᠤᠨ ᠣᠷᠳᠣᠨ᠎ᠤ ᠪᠠᠶ᠋ᠢᠭᠤᠯᠭ᠎ᠠ ᠵᠢᠨ ᠰᠣᠨᠢᠨ 《ᠣᠷᠣᠰ ᠰᠣᠨᠢᠨ》᠎ᠤ ᠠᠯᠪᠠᠨ ᠰᠦᠯᠵᠢᠶ᠎ᠡ᠂ ᠣᠷᠣᠰ᠎ᠤᠨ ᠪᠠᠶ᠋ᠢᠭ᠋ᠠᠯᠢ ᠵᠢᠨ ᠰᠢᠲᠠᠮᠠᠬᠠᠢ ᠬᠡᠢ ᠵᠢᠨ ᠵᠠᠭᠤᠴᠢᠯᠠᠭᠤᠷ᠎ᠤᠨ ᠬᠤᠪᠢ ᠡᠵᠡᠮᠳᠡᠭᠰᠡᠨ ᠬᠤᠪᠢᠴᠠᠭ᠋ᠠᠳᠤ ᠺᠤᠮᠫᠠᠨᠢ᠂ ᠣᠷᠣᠰ᠎ᠤᠨ ᠶᠡᠭᠡ ᠠᠽᠢᠶ᠎ᠠ ᠲᠧᠯᠸᠢᠰ ᠬᠤᠷᠢᠶ᠎ᠠ ᠵᠡᠷᠭᠡ ᠣᠯᠠᠨ ᠲᠠᠪᠴᠠᠩ᠎ᠳᠤ ᠨᠡᠪᠲᠡᠷᠡᠭᠦᠯᠬᠦ ᠪᠣᠯᠣᠨ᠎ᠠ᠃
    《ᠡᠭᠡᠯ ᠪᠣᠷᠣᠭᠵᠢᠭᠤᠨ ᠦᠭᠡ — ᠰᠢ ᠵᠢᠨ ᠫᠢᠩ᠎ᠤᠨ ᠪᠠᠭ᠍ᠠᠷᠬᠠᠳᠠᠭ ᠡᠷᠲᠡᠨ᠎ᠤ ᠰᠣᠩᠭᠤᠳᠠᠭ ᠬᠡᠯᠡᠯᠭᠡ》 (ᠤᠯᠠᠨ ᠤᠯᠤᠰ᠎ᠤᠨ ᠬᠡᠪᠯᠡᠯ)᠎ᠨᠢ ᠲᠡᠷᠢᠭᠦᠯᠡᠭᠴᠢ ᠰᠢ ᠵᠢᠨ ᠫᠢᠩ᠎ᠤᠨ ᠴᠢᠬᠤᠯᠠ ᠶᠠᠷᠢᠶ᠎ᠠ᠂ ᠵᠣᠬᠢᠶᠠᠯ ᠪᠣᠯᠣᠨ ᠶᠠᠷᠢᠯᠴᠠᠭ᠎ᠠ᠎ᠳᠤ ᠡᠰᠢᠯᠡᠨ ᠬᠡᠷᠡᠭᠯᠡᠭᠰᠡᠨ ᠳᠤᠮᠳᠠᠳᠤ ᠤᠯᠤᠰ᠎ᠤᠨ ᠡᠷᠲᠡᠨ᠎ᠤ ᠨᠣᠮ ᠪᠢᠴᠢᠭ ᠪᠣᠯᠣᠨ ᠰᠣᠩᠭᠤᠳᠠᠭ ᠨᠡᠷᠡᠲᠦ ᠥᠭᠦᠯᠡᠪᠦᠷᠢ᠎ᠠᠴᠠ ᠨᠠᠷᠢᠨ ᠨᠢᠮᠪᠠᠢ ᠰᠣᠩᠭᠤᠵᠤ᠂ ᠰᠢᠨ᠎ᠡ ᠵᠢ ᠡᠭᠦᠳᠦᠨ ᠬᠥᠭᠵᠢᠬᠦ᠂ ᠰᠣᠶᠣᠯ᠎ᠤᠨ ᠴᠡᠴᠡᠭᠯᠡᠯ᠂ ᠪᠣᠯᠪᠠᠰᠤᠨ᠎ᠤ ᠤᠯᠠᠨ ᠶᠠᠩᠵᠤᠲᠤ ᠴᠢᠨᠠᠷ ᠪᠣᠯᠣᠨ ᠰᠣᠯᠢᠯᠴᠠᠭ᠎ᠠ ᠲᠣᠯᠢᠳᠠᠯ᠂ ᠭᠡᠷ ᠪᠦᠯᠢ ᠵᠢᠨ ᠬᠥᠮᠦᠵᠢᠯ ᠵᠡᠷᠭᠡ ᠭᠤᠣᠯ ᠰᠡᠳᠦᠪ᠎ᠲᠤ ᠠᠩᠬᠠᠷᠤᠯ ᠵᠶ᠋ᠠᠨ ᠲᠥᠪᠯᠡᠷᠡᠭᠦᠯᠵᠦ᠂ ᠲᠡᠷᠢᠭᠦᠯᠡᠭᠴᠢ ᠰᠢ ᠵᠢᠨ ᠫᠢᠩ᠎ᠤᠨ ᠭᠠᠷᠮᠠᠭ᠋ᠠᠢ ᠤᠯᠤᠰ ᠲᠦᠷᠦ ᠵᠢᠨ ᠤᠶᠤᠨ ᠤᠬᠠᠭ᠋ᠠᠨ᠂ ᠭᠦᠨ ᠤᠬᠠᠭ᠋ᠠᠨ᠎ᠤ ᠲᠤᠬᠠᠢ ᠭᠦᠨᠵᠡᠭᠡᠢ ᠪᠣᠯᠪᠠᠰᠤᠷᠠᠯ ᠪᠣᠯᠣᠨ ᠡᠷᠬᠢᠮ ᠳᠡᠭᠡᠳᠦ ᠰᠣᠶᠣᠯ ᠢᠷᠭᠡᠨᠰᠢᠯ᠎ᠤᠨ ᠬᠠᠶ᠋ᠢᠷ᠎ᠠ ᠰᠡᠳᠬᠢᠯᠭᠡ ᠵᠢ ᠭᠤᠶ᠋ᠢᠳᠠ ᠰᠠᠶ᠋ᠢᠬᠠᠨ ᠢᠯᠡᠷᠡᠭᠦᠯᠪᠡ᠃
   

ᠢᠷᠡᠯᠲᠡ᠄ ᠥᠪᠥᠷ ᠮᠣᠩᠭᠤᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠰᠢ ᠵᠢᠨ ᠫᠢᠩ᠎ᠤᠨ 《ᠳᠤᠮᠳᠠᠳᠤ ᠵᠢᠨ ᠪᠥᠬᠦ ᠤᠯᠤᠰ᠎ᠤᠨ ᠠᠵᠢᠯᠴᠢᠨ᠎ᠤ ᠶᠡᠷᠦᠩᠬᠡᠢ ᠡᠪᠯᠡᠯ ᠪᠠᠶ᠋ᠢᠭᠤᠯᠤᠭᠳᠠᠭᠰᠠᠨ 100 ᠵᠢᠯ᠎ᠤᠨ ᠣᠢ ᠵᠢ ᠪᠡᠯᠡᠭᠯᠡᠬᠦ ᠵᠢᠴᠢ ᠪᠥᠬᠦ ᠤᠯᠤᠰ᠎ᠤᠨ ᠬᠥᠳᠡᠯᠮᠦᠷᠢ ᠵᠢᠨ ᠵᠢᠱ᠌ᠢᠶᠡᠴᠢ ᠪᠣᠯᠣᠨ ᠲᠡᠷᠢᠭᠦᠨ᠎ᠤ ᠠᠵᠢᠯᠲᠠᠨ᠎ᠢ ᠬᠥᠬᠢᠭᠦᠯᠦᠨ ᠰᠠᠶ᠋ᠢᠰᠢᠶᠠᠬᠤ ᠶᠡᠭᠡ ᠬᠤᠷᠠᠯ ᠳᠡᠭᠡᠷᠡᠬᠢ ᠶᠠᠷᠢᠶ᠎ᠠ》 ᠵᠢᠨ ᠲᠤᠰᠬᠠᠢ ᠳᠡᠪᠲᠡᠷ ᠬᠡᠪᠯᠡᠭᠳᠡᠪᠡ
ᠰᠢ ᠵᠢᠨ ᠫᠢᠩ ᠤᠷᠤᠰ᠎ᠤᠨ ᠶᠡᠷᠦᠩᠬᠡᠶ᠋ᠢᠯᠡᠭᠴᠢ ᠫᠦᠲ᠋ᠢᠨ᠎ᠲᠠᠢ ᠬᠠᠮᠲᠤ᠎ᠪᠠᠷ ᠰᠤᠷᠪᠤᠯᠵᠢᠯᠠᠬ᠍ᠴᠢᠳ᠎ᠲᠠᠢ ᠠᠭᠤᠯᠵᠠᠪᠠ
ᠰᠢ ᠵᠢᠨ ᠫᠢᠩ ᠣᠷᠣᠰ᠎ᠤᠨ ᠶᠡᠷᠦᠩᠬᠡᠶ᠋ᠢᠯᠡᠭᠴᠢ ᠫᠦᠲ᠋ᠢᠨ᠎ᠲᠠᠢ ᠴᠠᠢ ᠵᠢᠨ ᠵᠣᠭᠤᠭ ᠳᠡᠯᠭᠡᠪᠡ
ᠰᠢ ᠵᠢᠨ ᠫᠢᠩ ᠤᠷᠤᠰ᠎ᠤᠨ ᠶᠡᠷᠦᠩᠬᠡᠶ᠋ᠢᠯᠡᠭᠴᠢ ᠫᠦᠲ᠋ᠢᠨ᠎ᠲᠠᠢ ᠬᠡᠯᠡᠯᠴᠡᠭᠡ ᠬᠢᠪᠡ
ᠤᠷᠤᠰ᠎ᠲᠤ ᠲᠦᠷᠦ ᠵᠢᠨ ᠶᠠᠪᠤᠳᠠᠯ᠎ᠤᠨ ᠠᠶ᠋ᠢᠯᠴᠢᠯᠠᠯᠲᠠ ᠬᠢᠬᠦ ᠵᠢᠨ ᠬᠠᠮᠲᠤ ᠵᠥᠪᠯᠡᠯᠲᠦ ᠵᠢᠨ ᠠᠭᠤᠤ ᠶᠡᠭᠡ ᠤᠯᠤᠰ ᠵᠶ᠋ᠠᠨ ᠬᠠᠮᠠᠭ᠋ᠠᠯᠠᠬᠤ ᠲᠠᠶ᠋ᠢᠨ ᠢᠯᠠᠯᠲᠠ ᠣᠯᠣᠭᠰᠠᠨ 80 ᠵᠢᠯ᠎ᠤᠨ ᠤᠢ ᠵᠢ ᠳᠤᠷᠠᠰᠬᠠᠬᠤ ᠪᠠᠶᠠᠷ᠎ᠤᠨ ᠶᠣᠰᠣᠯᠠᠯ᠎ᠳᠤ ᠣᠷᠤᠯᠴᠠᠬᠤ ᠠᠵᠢᠯᠯᠠᠭ᠎ᠠ᠎ᠪᠠᠨ ᠲᠡᠭᠦᠰᠬᠡᠭᠡᠳ ᠰᠢ ᠵᠢᠨ ᠫᠢᠩ ᠪᠡᠭᠡᠵᠢᠩ᠎ᠳᠤ ᠪᠤᠴᠠᠵᠤ ᠢᠷᠡᠪᠡ
 
            