ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ 8 ᠳ᠋ᠤᠭ᠋ᠠᠷ ᠰᠠᠷ᠎ᠠ ᠵᠢᠨ 2᠎ᠤᠨ ᠠ᠋ᠳᠤᠷ ᠰᠢᠩᠭ᠋ᠠᠫᠤᠷ᠎ᠲᠤ ᠬᠤᠷᠠᠯᠳᠤᠭᠰᠠᠨ ᠳᠤᠮᠳᠠᠳᠤ ᠤᠯᠤᠰ — ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ ᠵᠢᠨ (10+1) ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ᠎ᠤᠨ ᠬᠤᠷᠠᠯ᠎ᠳᠤ ᠤᠷᠤᠯᠴᠠᠭᠰᠠᠨ᠎ᠤ ᠳᠠᠷᠠᠭ᠎ᠠ ᠳᠤᠮᠳᠠᠳᠤ ᠭᠠᠳᠠᠭ᠋ᠠᠳᠤ ᠵᠢᠨ ᠰᠤᠷᠪᠤᠯᠵᠢᠯᠠᠭᠴᠢ᠎ᠳᠤ ᠪᠠᠢ᠌ᠳᠠᠯ ᠮᠡᠳᠡᠭᠳᠡᠬᠦ ᠬᠤᠷᠠᠯ ᠬᠢᠪᠠ᠃ ᠰᠤᠷᠪᠤᠯᠵᠢᠯᠠᠬ᠍ᠴᠢ᠎ᠠᠴᠠ᠄ ᠠᠮᠸᠷᠢᠺᠠ ᠵᠢᠨ ᠠᠷᠠᠯᠵᠢᠶᠠᠨ᠎ᠤ ᠮᠦᠷᠬᠦᠯᠳᠦᠭᠡᠨ᠎ᠨᠢ ᠬᠤᠶᠠᠷ ᠳᠠᠯ᠎ᠠ ᠵᠢᠨ ᠰᠤᠯᠤᠩᠭᠤᠰ ᠬᠤᠢ᠌ᠭ᠎ᠤᠨ ᠠᠰᠠᠭᠤᠳᠠᠯ᠎ᠤᠨ ᠳᠤᠬᠠᠢ ᠬᠠᠮᠳᠤᠷᠠᠯᠴᠠᠭ᠋ᠠᠨᠳᠤ ᠨᠦᠯᠦᠭᠡ ᠪᠤᠯᠬᠤ ᠤᠤ? ᠭᠡᠵᠤ ᠠᠰᠠᠭᠤᠪᠠ᠃
ᠸᠠᠩ ᠢ᠎ᠠᠴᠠ ᠳᠤᠮᠳᠠᠳᠤ ᠤᠯᠤᠰ ᠪᠤᠯ ᠬᠠᠷᠢᠭᠤᠴᠠᠯᠭ᠎ᠠ᠎ᠲᠠᠢ ᠤᠯᠤᠰ ᠶᠤᠮ᠂ ᠭᠠᠳᠠᠭ᠋ᠠᠳᠤ ᠶᠠᠪᠤᠳᠠᠯ᠎ᠤᠨ ᠠᠰᠠᠭᠤᠳᠠᠯ᠎ᠢ ᠰᠢᠢ᠍ᠳᠪᠤᠷᠢᠯᠡᠬᠦ᠎ᠳᠤ᠎ᠪᠠᠨ ᠵᠠᠷᠴᠢᠮ᠎ᠢ ᠪᠠᠷᠢᠮᠳᠠᠯᠠᠬᠤ᠎ᠠᠴᠠ ᠪᠢᠰᠢ ᠠᠷᠠᠯᠵᠢᠶ᠎ᠠ ᠬᠢᠬᠦ ᠦᠭᠡᠢ᠃ ᠪᠢᠳᠡ ᠨᠢᠭᠡ ᠤᠴᠢᠷ᠂ ᠨᠢᠭᠡ ᠠᠰᠠᠭᠤᠳᠠᠯ᠎ᠤᠨ ᠳᠤᠰ ᠪᠡᠶ᠎ᠠ ᠵᠢᠨ ᠵᠦᠪ ᠪᠤᠷᠤᠭᠤ ᠵᠢ ᠦᠨᠳᠦᠰᠦᠯᠡᠵᠤ ᠵᠤᠬᠰᠤᠯᠳᠠ᠎ᠪᠠᠨ ᠳᠤᠭᠳᠠᠭ᠋ᠠᠨ᠎ᠠ᠃ ᠪᠢᠳᠡ ᠤᠯᠠᠨ ᠤᠯᠤᠰ᠎ᠤᠨ ᠳᠦᠪ ᠶᠤᠰᠤ ᠵᠢ ᠪᠠᠷᠢᠮᠳᠠᠯᠠᠨ᠂ ᠤᠯᠠᠨ ᠤᠯᠤᠰ᠎ᠤᠨ ᠬᠠᠷᠢᠴᠠᠭ᠋ᠠᠨ᠎ᠤ ᠦᠨᠳᠦᠰᠤᠨ ᠵᠠᠷᠴᠢᠮ᠎ᠢ ᠪᠠᠷᠢᠮᠳᠠᠯᠠᠨ᠎ᠠ᠃ ᠳᠤᠮᠳᠠᠳᠤ ᠤᠯᠤᠰ ᠶᠡᠷᠦ᠎ᠠᠴᠠ ᠰᠤᠯᠤᠩᠭᠤᠰ ᠬᠤᠢ᠌ᠭ᠎ᠤᠨ ᠠᠰᠠᠭᠤᠳᠠᠯ᠎ᠢ ᠰᠢᠢ᠍ᠳᠪᠤᠷᠢᠯᠡᠬᠦ ᠵᠦᠪ ᠠᠷᠭ᠎ᠠ ᠵᠠᠮ ᠪᠤᠯ ᠨᠢᠭᠡ ᠳᠡᠯ᠎ᠡ᠎ᠪᠠᠷ ᠰᠤᠯᠤᠩᠭᠤᠰ ᠬᠤᠢ᠌ᠭᠲᠤ ᠪᠦᠷᠢᠮᠦᠰᠦᠨ ᠴᠦᠮ᠎ᠠ ᠦᠭᠡᠢ ᠪᠣᠯᠭ᠋ᠠᠬᠤ᠂ ᠨᠦᠬᠦᠭᠡ ᠳᠠᠯ᠎ᠠ᠎ᠪᠠᠷ ᠰᠤᠯᠤᠩᠭᠤᠰ ᠬᠤᠢ᠌ᠭ᠎ᠤᠨ ᠠ᠋ᠩᠭᠡ ᠳᠡᠢ᠌ᠪᠤᠩ᠎ᠤᠨ ᠳᠤᠭᠳᠠᠴᠠ ᠵᠢ ᠪᠠᠢ᠌ᠭᠤᠯᠤᠨ᠎ᠠ᠂ ᠠ᠋ᠨᠡ ᠬᠤᠶᠠᠷ᠎ᠤᠨ ᠠᠯᠢ᠎ᠨᠢ ᠴᠤ᠌ ᠳᠤᠳᠠᠭᠳᠠᠵᠤ ᠪᠤᠯᠬᠤ ᠦᠭᠡᠢ ᠬᠡᠮᠡᠨ ᠦᠵᠡᠳᠡᠭ ᠭᠡᠵᠤ ᠢᠯᠡᠷᠭᠡᠢ᠌ᠯᠡᠪᠡ᠃