7 ᠳ᠋ᠤᠭ᠋ᠠᠷ ᠰᠠᠷ᠎ᠠ ᠵᠢᠨ 16᠎ᠤ ᠠ᠋ᠳᠤᠷ᠎ᠤᠨ ᠦᠳᠡ ᠵᠢᠨ ᠠ᠋ᠮᠤᠨ᠎ᠠ᠂ ᠶᠡᠷᠦᠩᠭᠡᠢ ᠰᠠᠢ᠌ᠳ ᠯᠢ ᠺᠸ ᠴᠢᠶᠠᠩ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠭᠡᠷᠡᠭ ᠠ᠋ᠷᠬᠢᠯᠡᠭᠴᠢᠳ᠎ᠤᠨ ᠬᠤᠷᠠᠯ᠎ᠤᠨ ᠳᠡᠷᠢᠬᠦᠯᠡᠭᠴᠢ ᠳᠦᠰᠺᠸ᠂ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠵᠦᠪᠯᠡᠯ᠎ᠤᠨ ᠲᠡᠷᠢᠬᠦᠯᠡᠭᠴᠢ ᠷᠦᠩᠺᠸ᠎ᠲᠠᠢ ᠬᠠᠮᠳᠤ᠎ᠪᠠᠷ ᠬᠤᠷᠢᠳᠤᠭ᠋ᠠᠷ ᠤᠳᠠᠭ᠎ᠠ ᠵᠢᠨ ᠳᠤᠮᠳᠠᠳᠤ ᠤᠯᠤᠰ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠤᠳᠤᠷᠢᠳᠬᠤ ᠬᠦᠮᠦᠰ᠎ᠤᠨ ᠠᠭᠤᠯᠵᠠᠯᠳᠠ ᠵᠢ ᠠ᠋ᠷᠬᠢᠯᠡᠭᠰᠡᠨᠤ ᠳᠠᠷᠠᠭ᠎ᠠ᠂ ᠦᠨᠦᠳᠦᠷ ᠳᠤᠮᠳᠠᠳᠤ ᠠ᠋ᠸᠦᠢ᠍ᠷᠦᠫᠠ ᠬᠤᠶᠠᠷ ᠳᠠᠯ᠎ᠠ᠎ᠪᠠᠷ ᠵᠶ᠋ᠡᠨ ᠪᠡᠯᠡ ᠤᠷᠤᠭᠤᠯᠤᠯᠳᠠ ᠵᠢᠨ ᠨᠠᠷᠢᠨ ᠳᠠᠩᠰᠠ᠎ᠪᠠᠨ ᠰᠤᠯᠢᠯᠴᠠᠪᠠ᠃ ᠠ᠋ᠨᠡ᠎ᠨᠢ ᠳᠤᠮᠳᠠᠳᠤ ᠠ᠋ᠸᠦᠢ᠍ᠷᠦᠫᠠ ᠵᠢᠨ ᠪᠡᠯᠡ ᠤᠷᠤᠭᠤᠯᠤᠯᠳᠠ ᠵᠢᠨ ᠵᠦᠪᠳᠡᠯᠴᠡᠭᠡᠷ (BIT) ᠰᠢᠨ᠎ᠠ ᠱᠠᠳᠤᠨ᠎ᠳᠤ ᠤᠷᠤᠭᠰᠠᠨ᠎ᠢ ᠭᠡᠷᠡᠴᠢᠯᠠᠵᠤ ᠪᠠᠢ᠌ᠭ᠎ᠠ ᠶᠤᠮ ᠭᠡᠵᠤ ᠨᠡᠢ᠌ᠳᠡᠯᠡᠪᠡ᠃ ᠯᠢ ᠺᠸ ᠴᠢᠶᠠᠩ᠂ ᠤᠳᠤᠬᠠᠨ᠎ᠤ ᠭᠠᠭᠴᠠ ᠳᠠᠯᠠᠳᠤ ᠦᠵᠡᠯ᠂ ᠬᠠᠮᠠᠭ᠋ᠠᠯᠠᠬᠤ ᠦᠵᠡᠯ ᠳᠤᠯᠤᠭ᠋ᠠᠢ ᠦᠨᠳᠡᠢ᠌ᠵᠤ ᠪᠠᠢ᠌ᠭ᠎ᠠ ᠪᠠᠢ᠌ᠳᠠᠯ ᠳᠤᠤᠷ᠎ᠠ ᠤᠯᠠᠨ ᠳᠠᠯᠠᠳᠤ ᠦᠵᠡᠯ᠂ ᠴᠢᠯᠦᠭᠡᠳᠤ ᠠᠷᠠᠯᠵᠢᠶ᠎ᠠ ᠵᠢ ᠬᠠᠮᠠᠭ᠋ᠠᠯᠠᠬᠤ᠎ᠨᠢ ᠵᠦᠪᠭᠡᠨ 《ᠭᠡᠯᠡᠬᠦ》 ᠳᠡᠳᠤᠢ ᠪᠢᠰᠢ᠂ ᠬᠠᠷᠢᠨ 《ᠬᠢᠬᠦ》 ᠴᠢᠬᠤᠯᠠᠲᠠᠢ ᠪᠤᠯᠤᠭ᠋ᠠᠳ ᠪᠤᠢ᠂ ᠳᠤᠮᠳᠠᠳᠤ ᠠ᠋ᠸᠦᠢ᠍ᠷᠦᠫᠠ ᠵᠢᠨ ᠪᠡᠯᠡ ᠤᠷᠤᠭᠤᠯᠤᠯᠳᠠ ᠵᠢᠨ ᠵᠦᠪᠳᠡᠯᠴᠡᠭᠡᠷ᠎ᠤᠨ ᠠᠬᠢᠯᠳᠠ᠎ᠨᠢ ᠳᠠᠷᠤᠢ 《ᠬᠢᠵᠤ》 ᠪᠠᠢ᠌ᠭ᠎ᠠ ᠶᠠᠪᠤᠳᠠᠯ ᠪᠤᠯᠬᠤ ᠶᠤᠮ᠃ ᠳᠤᠮᠳᠠᠳᠤ ᠠ᠋ᠸᠦᠢ᠍ᠷᠦᠫᠠ ᠬᠤᠶᠠᠷ ᠳᠠᠯ᠎ᠠ᠎ᠪᠠᠷ ᠵᠶ᠋ᠡᠨ ᠳᠤᠮᠳᠠᠳᠤ ᠠ᠋ᠸᠦᠢ᠍ᠷᠦᠫᠠ ᠵᠢᠨ ᠪᠡᠯᠡ ᠤᠷᠤᠭᠤᠯᠤᠯᠳᠠ ᠵᠢᠨ ᠵᠦᠪᠳᠡᠯᠴᠡᠭᠡᠷ᠎ᠢ ᠬᠠᠮᠤᠭ ᠳᠡᠷᠢᠬᠦᠨ᠎ᠳᠤ ᠪᠡᠶᠡᠯᠡᠬᠦᠯᠬᠦ ᠵᠦᠢ᠍ᠯ ᠪᠤᠯᠭ᠋ᠠᠵᠤ᠂ ᠠ᠋ᠷᠳᠡ ᠨᠢᠭᠡᠨ ᠠ᠋ᠳᠤᠷ ᠰᠠᠨᠠᠯ ᠨᠢᠭᠡᠳᠤᠨ᠂ ᠳᠡᠬᠦᠨᠴᠢᠯᠠᠨ ᠠ᠋ᠨᠡᠬᠦ ᠰᠠᠭᠤᠷᠢᠨ ᠳᠡᠭᠡᠷ᠎ᠠ ᠳᠤᠮᠳᠠᠳᠤ ᠠ᠋ᠸᠦᠢ᠍ᠷᠦᠫᠠ ᠵᠢᠨ ᠴᠢᠯᠦᠭᠡᠳᠤ ᠠᠷᠠᠯᠵᠢᠶᠠᠨ᠎ᠤ ᠤᠷᠤᠨ᠎ᠤ ᠠᠰᠠᠭᠤᠳᠠᠯ᠎ᠢ ᠠ᠋ᠳᠤᠷ ᠳᠤᠳᠤᠮ᠎ᠤᠨ ᠵᠦᠪᠯᠡᠬᠦ ᠵᠦᠢ᠍ᠯ᠎ᠳᠤ ᠤᠷᠤᠭᠤᠯᠵᠤ᠂ ᠳᠤᠮᠳᠠᠳᠤ ᠠ᠋ᠸᠦᠢ᠍ᠷᠦᠫᠠ ᠵᠢᠨ ᠠᠵᠤ ᠠᠬᠤᠢ᠌ᠯᠠᠯ᠎ᠤᠨ ᠬᠠᠮᠳᠤᠷᠠᠯᠴᠠᠭ᠋ᠠᠨ᠎ᠤ ᠢᠳᠡᠭᠡᠯ ᠵᠤᠷᠢᠭ᠎ᠢ ᠤᠯᠠᠮ ᠵᠶ᠋ᠡᠷ ᠪᠠᠳᠤᠳᠬᠠᠨ᠎ᠠ ᠭᠡᠵᠤ ᠢᠯᠡᠷᠭᠡᠢ᠌ᠯᠡᠪᠡ᠃
ᠳᠤᠮᠳᠠᠳᠤ ᠠ᠋ᠸᠦᠢ᠍ᠷᠦᠫᠠ ᠵᠢᠨ ᠤᠳᠤᠷᠢᠳᠬᠤ ᠬᠦᠮᠦᠰ᠎ᠤᠨ ᠠᠭᠤᠯᠵᠠᠯᠳᠠ ᠭᠤᠷᠪᠠᠨ ᠵᠢᠯ ᠠᠯᠤᠰᠯᠠᠭ᠋ᠠᠳ ᠳᠠᠬᠢᠨ ᠬᠠᠮᠳᠤᠷᠠᠭᠰᠠᠨ ᠢᠯᠡᠷᠭᠡᠢ᠌ᠯᠡᠯᠳᠡ ᠨᠡᠢ᠌ᠳᠡᠯᠡᠪᠡ
7 ᠳ᠋ᠤᠭ᠋ᠠᠷ ᠰᠠᠷ᠎ᠠ ᠵᠢᠨ 16᠎ᠤ ᠠ᠋ᠳᠤᠷ᠎ᠤᠨ ᠦᠳᠡ ᠵᠢᠨ ᠠ᠋ᠮᠤᠨ᠎ᠠ᠂ ᠶᠡᠷᠦᠩᠭᠡᠢ ᠰᠠᠢ᠌ᠳ ᠯᠢ ᠺᠸ ᠴᠢᠶᠠᠩ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠭᠡᠷᠡᠭ ᠠ᠋ᠷᠬᠢᠯᠡᠭᠴᠢᠳ᠎ᠤᠨ ᠬᠤᠷᠠᠯ᠎ᠤᠨ ᠳᠡᠷᠢᠬᠦᠯᠡᠭᠴᠢ ᠳᠦᠰᠺᠸ᠂ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠵᠦᠪᠯᠡᠯ᠎ᠤᠨ ᠳᠡᠷᠢᠬᠦᠯᠡᠭᠴᠢ ᠷᠦᠩᠺᠸ᠎ᠲᠠᠢ ᠬᠠᠮᠳᠤ᠎ᠪᠠᠷ ᠬᠤᠷᠢᠳᠤᠭ᠋ᠠᠷ ᠤᠳᠠᠭ᠎ᠠ ᠵᠢᠨ ᠳᠤᠮᠳᠠᠳᠤ ᠤᠯᠤᠰ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠤᠳᠤᠷᠢᠳᠬᠤ ᠬᠦᠮᠦᠰ᠎ᠤᠨ ᠠᠭᠤᠯᠵᠠᠯᠳᠠ ᠵᠢ ᠠ᠋ᠷᠬᠢᠯᠡᠭᠰᠡᠨᠤ ᠳᠠᠷᠠᠭ᠎ᠠ᠂ ᠬᠤᠶᠠᠷ ᠳᠠᠯ᠎ᠠ᠎ᠪᠠᠷ ᠵᠶ᠋ᠡᠨ 《ᠬᠤᠷᠢᠳᠤᠭ᠋ᠠᠷ ᠤᠳᠠᠭ᠎ᠠ ᠵᠢᠨ ᠳᠤᠮᠳᠠᠳᠤ ᠤᠯᠤᠰ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠤᠳᠤᠷᠢᠳᠬᠤ ᠬᠦᠮᠦᠰ᠎ᠤᠨ ᠠᠭᠤᠯᠵᠠᠯᠳᠠ ᠵᠢᠨ ᠬᠠᠮᠳᠤᠷᠠᠭᠰᠠᠨ ᠢᠯᠡᠷᠭᠡᠢ᠌ᠯᠡᠯᠳᠡ》 ᠨᠡᠢ᠌ᠳᠡᠯᠡᠪᠡ᠃ ᠠ᠋ᠨᠡ᠎ᠨᠢ ᠭᠤᠷᠪᠠᠨ ᠵᠢᠯ ᠠᠯᠤᠰᠯᠠᠭᠰᠠᠨᠤ ᠳᠠᠷᠠᠭ᠋ᠠᠬᠢ ᠳᠤᠮᠳᠠᠳᠤ ᠠ᠋ᠸᠦᠢ᠍ᠷᠦᠫᠠ ᠵᠢᠨ ᠤᠳᠤᠷᠢᠳᠬᠤ ᠬᠦᠮᠦᠰ᠎ᠤᠨ ᠠᠭᠤᠯᠵᠯᠠᠳᠠ ᠵᠢᠨ ᠬᠠᠮᠳᠤᠷᠠᠭᠰᠠᠨ ᠢᠯᠡᠷᠭᠡᠢ᠌ᠯᠡᠯᠳᠡ ᠪᠤᠯᠬᠤ ᠶᠤᠮ᠃ ᠯᠢ ᠺᠸ ᠴᠢᠶᠠᠩ ᠪᠤᠯᠤᠨ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠤᠳᠤᠷᠢᠳᠬᠤ ᠬᠦᠮᠦᠰ ᠬᠠᠮᠳᠤ᠎ᠪᠠᠷ ᠰᠤᠷᠪᠤᠯᠵᠢᠯᠠᠭᠴᠢ᠎ᠲᠠᠢ ᠠᠭᠤᠯᠵᠠᠬᠤ᠎ᠳᠤ ᠬᠢᠭᠰᠡᠨ ᠠ᠋ᠨᠡᠬᠦ ᠢᠯᠡᠷᠭᠡᠢ᠌ᠯᠡᠯᠳᠡᠳᠤᠪᠠᠨ ᠳᠤᠮᠳᠠᠳᠤ ᠠ᠋ᠸᠦᠢ᠍ᠷᠦᠫᠠ ᠵᠢᠨ ᠤᠯᠠᠨ ᠬᠦᠷᠢᠶ᠎ᠠ ᠴᠠᠷᠠᠭ᠎ᠠ ᠵᠢᠨ ᠬᠠᠮᠳᠤᠷᠠᠯᠴᠠᠭ᠎ᠠ ᠪᠠ ᠭᠤᠷᠪᠠᠨ ᠵᠢᠯ᠎ᠤᠨ ᠳᠤᠷᠰᠢᠬᠢ ᠬᠤᠶᠠᠷ ᠳᠠᠯ᠎ᠠ ᠵᠢᠨ ᠬᠠᠮᠳᠤᠷᠠᠯᠴᠠᠭ᠋ᠠᠨ᠎ᠤ ᠦᠷ᠎ᠠ ᠪᠦᠳᠦᠮᠵᠢ ᠵᠢ ᠪᠠᠭᠳᠠᠭ᠋ᠠᠭᠰᠠᠨ ᠪᠦᠭᠡᠳ ᠵᠠᠷᠢᠮ ᠵᠦᠷᠢᠶᠡᠨ᠎ᠲᠠᠢ ᠵᠦᠢ᠍ᠯ᠎ᠢ ᠰᠢᠢ᠍ᠳᠪᠤᠷᠢᠯᠡᠬᠦ ᠠᠷᠭ᠎ᠠ ᠵᠠᠮ᠎ᠢ ᠤᠯᠵᠤ᠂ ᠳᠤᠮᠳᠠᠳᠤ ᠠ᠋ᠸᠦᠢ᠍ᠷᠦᠫᠠ ᠵᠢᠨ ᠠᠵᠤ ᠠᠬᠤᠢ ᠠᠷᠠᠯᠵᠢᠶᠠᠨ᠎ᠤ ᠬᠠᠮᠳᠤᠷᠠᠯᠴᠠᠭ᠋ᠠᠨ᠎ᠤ ᠳᠦᠯᠦᠪᠵᠢᠬᠦᠯᠭᠡ ᠵᠢ ᠳᠤᠳᠤᠷᠬᠠᠢ᠌ᠯᠠᠪᠠ ᠭᠡᠵᠤ ᠢᠯᠡᠷᠭᠡᠢ᠌ᠯᠡᠪᠡ᠃
ᠯᠢ ᠺᠸ ᠴᠢᠶᠠᠩ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠤᠳᠤᠷᠢᠳᠬᠤ ᠬᠦᠮᠦᠰ᠎ᠲᠠᠢ ᠶᠠᠮᠠᠷ ᠬᠠᠮᠳᠤ ᠵᠢᠨ ᠳᠠᠨᠢᠯᠳᠠ᠎ᠲᠠᠢ ᠪᠤᠯᠤᠭᠰᠠᠨ ᠪᠤᠢ
7 ᠳ᠋ᠤᠭ᠋ᠠᠷ ᠰᠠᠷ᠎ᠠ ᠵᠢᠨ 16᠎ᠤ ᠠ᠋ᠳᠤᠷ᠎ᠤᠨ ᠦᠳᠡ ᠵᠢᠨ ᠠ᠋ᠮᠤᠨ᠎ᠠ᠂ ᠶᠡᠷᠦᠩᠭᠡᠢ ᠰᠠᠢ᠌ᠳ ᠯᠢ ᠺᠸ ᠴᠢᠶᠠᠩ ᠬᠤᠷᠢᠳᠤᠭ᠋ᠠᠷ ᠤᠳᠠᠭ᠎ᠠ ᠵᠢᠨ ᠳᠤᠮᠳᠠᠳᠤ ᠤᠯᠤᠰ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠤᠳᠤᠷᠢᠳᠬᠤ ᠬᠦᠮᠦᠰ᠎ᠤᠨ ᠠᠭᠤᠯᠵᠠᠯᠳᠠ ᠵᠢᠨ ᠳᠠᠷᠠᠭ᠎ᠠ᠂ ᠳᠤᠮᠳᠠᠳᠤ ᠠ᠋ᠸᠦᠢ᠍ᠷᠦᠫᠠ ᠵᠢᠨ ᠤᠳᠤᠷᠢᠳᠬᠤ ᠬᠦᠮᠦᠰ ᠤᠳᠤᠬᠠᠨ᠎ᠤ ᠨᠠᠷᠢᠨ ᠪᠤᠳᠤᠯᠢᠶᠠᠨᠳᠠᠢ ᠳᠡᠯᠡᠭᠡᠢ ᠵᠢᠨ ᠪᠠᠢ᠌ᠳᠠᠯ ᠳᠤᠤᠷ᠎ᠠ ᠳᠤᠮᠳᠠᠳᠤ ᠤᠯᠤᠰ ᠪᠤᠯᠤᠨ ᠠ᠋ᠸᠦᠢ᠍ᠷᠦᠫᠠ ᠵᠢᠨ ᠬᠤᠯᠪᠤᠭ᠎ᠠ᠎ᠨᠢ ᠳᠡᠯᠡᠭᠡᠢ ᠵᠢᠨ ᠬᠤᠶᠠᠷ ᠶᠡᠭᠡ ᠳᠤᠭᠳᠠᠭᠤᠨ ᠬᠦᠴᠦᠨ ᠪᠠ ᠬᠤᠶᠠᠷ ᠶᠡᠭᠡ ᠴᠢᠬᠤᠯᠠ ᠠᠵᠤ ᠠᠬᠤᠢ ᠵᠢᠨ ᠴᠤᠭᠴᠠ ᠪᠤᠯᠤᠭᠰᠠᠨ᠎ᠤ ᠬᠤᠪᠢ᠎ᠳᠤ ᠬᠠᠮᠳᠤ᠎ᠪᠠᠷ ᠤᠯᠠᠨ ᠳᠠᠯᠠᠳᠤ ᠦᠵᠡᠯ᠎ᠢ ᠬᠠᠮᠠᠭ᠋ᠠᠯᠠᠨ᠂ ᠳᠡᠯᠡᠭᠡᠢ ᠵᠢᠨ ᠤᠯᠠᠨ ᠳᠦᠢ᠍ᠯᠰᠢᠷᠡᠯᠢ ᠠᠬᠢᠭᠤᠯᠵᠤ᠂ ᠴᠢᠯᠦᠭᠡᠳᠤ ᠠᠷᠠᠯᠵᠢᠶᠠᠨ᠎ᠤ ᠳᠦᠷᠢᠮ᠎ᠢ ᠬᠠᠮᠠᠭ᠋ᠠᠯᠠᠵᠤ᠂ ᠳᠡᠯᠡᠭᠡᠢ ᠵᠢᠨ ᠠᠵᠤ ᠠᠬᠤᠢ ᠵᠢᠨ ᠰᠡᠷᠬᠦᠯᠳᠡ ᠵᠢ ᠪᠠᠳᠤᠯᠠᠬᠤ ᠳᠡᠭᠡᠷ᠎ᠠ ᠰᠠᠨᠠᠯ ᠨᠢᠭᠡᠳᠪᠡᠯ ᠵᠤᠬᠢᠨ᠎ᠠ᠃ ᠬᠤᠶᠠᠷ ᠳᠠᠯ᠎ᠠ᠎ᠪᠠᠷ ᠵᠶ᠋ᠡᠨ ᠳᠤᠮᠳᠠᠳᠤ ᠠ᠋ᠸᠦᠢ᠍ᠷᠦᠫᠠ ᠵᠢᠨ ᠠᠵᠤ ᠠᠬᠤᠢ ᠠᠷᠠᠯᠵᠢᠶᠠᠨ᠎ᠤ ᠬᠠᠮᠳᠤᠷᠠᠯᠴᠠᠭ᠎ᠠ ᠵᠢ ᠢᠳᠡᠪᠬᠢᠳᠡᠢ ᠳᠠᠮᠵᠢᠵᠤ᠂ ᠬᠠᠷᠢᠯᠴᠠᠨ ᠬᠤᠯᠪᠤᠭ᠋ᠠᠯᠠᠬᠤ᠂ ᠬᠦᠮᠦᠰ᠎ᠤᠨ ᠶᠠᠪᠤᠯᠴᠠᠭ᠎ᠠ ᠬᠠᠷᠢᠯᠴᠠᠭ᠎ᠠ ᠪᠤᠯᠤᠨ ᠬᠦᠮᠦᠨ ᠨᠡᠢ᠌ᠭᠡᠮ᠎ᠤᠨ ᠰᠤᠯᠢᠯᠴᠠᠭ᠎ᠠ᠂ ᠤᠯᠠᠨ ᠳᠠᠯ᠎ᠠ ᠵᠢᠨ ᠬᠠᠮᠳᠤᠷᠠᠯᠴᠠᠭ᠎ᠠ ᠵᠢ ᠴᠢᠩᠭ᠋ᠠᠳᠬᠠᠬᠤ ᠵᠡᠷᠭᠡ ᠦᠷᠭᠡᠨ ᠭᠡᠪᠴᠢᠶᠠᠨ᠎ᠤ ᠬᠠᠮᠳᠤ ᠵᠢᠨ ᠳᠠᠨᠢᠯᠳᠠ᠎ᠲᠠᠢ ᠪᠤᠯᠤᠭᠰᠠᠨ ᠪᠠᠢ᠌ᠨ᠎ᠠ ᠭᠡᠵᠤ ᠢᠯᠡᠷᠭᠡᠢ᠌ᠯᠡᠪᠡ᠃ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠭᠡᠷᠡᠭ ᠠ᠋ᠷᠬᠢᠯᠡᠭᠴᠢᠳ᠎ᠤᠨ ᠬᠤᠷᠠᠯ᠎ᠤᠨ ᠳᠡᠷᠢᠬᠦᠯᠡᠭᠴᠢ ᠳᠦᠰᠺᠸ᠂ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠵᠦᠪᠯᠡᠯ᠎ᠤᠨ ᠳᠡᠷᠢᠬᠦᠯᠡᠭᠴᠢ ᠷᠦᠩᠺᠸ᠂ ᠠ᠋ᠸᠦᠢ᠍ᠷᠦᠫᠠ ᠳᠤᠮᠳᠠᠳᠤ ᠬᠤᠶᠠᠷ ᠳᠠᠯ᠎ᠠ᠎ᠪᠠᠷ ᠵᠶ᠋ᠡᠨ ᠬᠠᠮᠳᠤ᠎ᠪᠠᠷ ᠬᠠᠷᠢᠭᠤᠴᠠᠯᠭ᠎ᠠ ᠠ᠋ᠬᠦᠷᠭᠡᠯᠡᠵᠤ᠂ ᠬᠠᠮᠠᠭ᠋ᠠᠯᠠᠬᠤ ᠦᠵᠡᠯ ᠪᠤᠯᠤᠨ ᠭᠠᠭᠴᠠ ᠳᠠᠯᠠᠳᠤ ᠦᠵᠡᠯ᠎ᠢ ᠬᠤᠷᠢᠭᠯᠠᠨ᠂ ᠨᠡᠢ᠌ᠳᠡ᠎ᠪᠠᠷ ᠮᠡᠳᠡᠷᠡᠵᠤ ᠪᠠᠢ᠌ᠭ᠎ᠠ ᠤᠯᠠᠨ ᠤᠯᠤᠰ᠎ᠤᠨ ᠳᠦᠷᠢᠮ᠎ᠢ ᠬᠦᠨᠳᠦᠳᠭᠡᠵᠤ᠂ ᠳᠡᠤᠭᠡ ᠵᠢᠨ ᠳᠤᠷᠰᠢᠯᠭ᠎ᠠ᠎ᠠᠴᠠ ᠰᠤᠷᠭ᠋ᠠᠮᠵᠢ ᠠᠪᠴᠤ᠂ ᠮᠦᠷᠬᠦᠯᠳᠦᠭᠡᠨ ᠪᠤᠯᠤᠨ ᠦᠢ᠍ᠮᠡᠭᠡᠨ ᠳᠡᠪᠵᠢᠶᠡᠨ ᠭᠠᠷᠬᠤ᠎ᠠᠴᠠ ᠵᠠᠢ᠌ᠯᠠᠰᠬᠢᠨ᠂ ᠳᠡᠯᠡᠭᠡᠢ ᠵᠢᠨ ᠠ᠋ᠩᠭᠡ ᠳᠠᠢ᠌ᠪᠤᠩᠢ ᠬᠠᠮᠠᠭ᠋ᠠᠯᠠᠨ᠎ᠠ ᠭᠡᠵᠤ ᠢᠯᠡᠷᠭᠡᠢ᠌ᠯᠡᠪᠡ᠃
ᠯᠢ ᠺᠸ ᠴᠢᠶᠠᠩ᠄ ᠳᠤᠮᠳᠠᠳᠤ ᠤᠯᠤᠰ ᠤᠯᠤᠰ ᠠᠷᠠᠳ᠎ᠤᠨ ᠠᠮᠢᠳᠤᠷᠠᠯ᠎ᠳᠤ ᠨᠢᠭ᠍ᠳᠡ ᠬᠤᠯᠪᠤᠭᠳᠠᠬᠤ ᠬᠦᠷᠢᠶ᠎ᠠ ᠴᠠᠷᠠᠭ᠎ᠠ ᠵᠢᠨ ᠨᠡᠭᠡᠭᠡᠯᠳᠡ᠎ᠪᠠᠨ ᠤᠯᠠᠮ ᠵᠶ᠋ᠡᠷ ᠦᠷᠭᠡᠳᠭᠡᠨ᠎ᠠ
7 ᠳ᠋ᠤᠭ᠋ᠠᠷ ᠰᠠᠷ᠎ᠠ ᠵᠢᠨ 16᠎ᠤ ᠠ᠋ᠳᠤᠷ᠎ᠤᠨ ᠦᠳᠡ ᠵᠢᠨ ᠠ᠋ᠮᠤᠨ᠎ᠠ᠂ ᠶᠡᠷᠦᠩᠭᠡᠢ ᠰᠠᠢ᠌ᠳ ᠯᠢ ᠺᠸ ᠴᠢᠶᠠᠩ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠭᠡᠷᠡᠭ ᠠ᠋ᠷᠬᠢᠯᠡᠭᠴᠢᠳ᠎ᠤᠨ ᠬᠤᠷᠠᠯ᠎ᠤᠨ ᠳᠡᠷᠢᠬᠦᠯᠡᠭᠴᠢ ᠳᠦᠰᠺᠸ᠂ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠵᠦᠪᠯᠡᠯ᠎ᠤᠨ ᠳᠡᠷᠢᠬᠦᠯᠡᠭᠴᠢ ᠷᠦᠩᠺᠸ᠎ᠲᠠᠢ ᠬᠠᠮᠳᠤ᠎ᠪᠠᠷ ᠬᠤᠷᠢᠳᠤᠭ᠋ᠠᠷ ᠤᠳᠠᠭ᠎ᠠ ᠵᠢᠨ ᠳᠤᠮᠳᠠᠳᠤ ᠤᠯᠤᠰ ᠠ᠋ᠸᠦᠢ᠍ᠷᠦᠫᠠ ᠳᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠤᠳᠤᠷᠢᠳᠬᠤ ᠬᠦᠮᠦᠰ᠎ᠤᠨ ᠠᠭᠤᠯᠵᠠᠯᠳᠠ ᠵᠢᠨ ᠳᠠᠷᠠᠭ᠎ᠠ᠂ ᠳᠤᠮᠳᠠᠳᠤ ᠤᠯᠤᠰ ᠶᠠᠭ ᠰᠠᠢ᠌ᠬᠠᠨ ᠰᠢᠨ᠎ᠠ ᠨᠢᠭᠡᠨ ᠠ᠋ᠭᠡᠯᠵᠢ ᠵᠢᠨ ᠨᠡᠭᠡᠭᠡᠯᠳᠡ ᠵᠢ ᠠᠬᠢᠭᠤᠯᠵᠤ ᠪᠤᠢ᠃ ᠣᠢ᠌ᠷ᠎ᠠ᠎ᠳᠤ ᠭᠠᠳᠠᠭ᠋ᠠᠳᠤ ᠪᠠᠯᠡ ᠤᠷᠤᠭᠤᠯᠤᠯᠳᠠ ᠵᠢᠨ ᠰᠢᠨ᠎ᠠ ᠨᠠᠵᠠᠭ᠋ᠠᠢ ᠳᠠᠯ᠎ᠠ ᠵᠢᠨ ᠨᠠᠷᠢᠨ ᠳᠠᠩᠰᠠ ᠵᠢ ᠨᠡᠢ᠌ᠳᠡᠯᠡᠵᠤ᠂ ᠵᠠᠬ᠎ᠠ ᠳᠡᠯᠭᠡᠬᠦᠷ᠎ᠲᠤ ᠤᠷᠤᠬᠤ ᠵᠦᠪᠰᠢᠶᠡᠷᠡᠯ᠎ᠢ ᠠᠭᠤᠵᠢᠭᠤ ᠪᠤᠯᠭ᠋ᠠᠨ᠂ ᠮᠠᠰᠢᠨ ᠳᠡᠷᠭᠡ᠂ ᠠ᠋ᠳᠤᠷ ᠳᠤᠳᠤᠮ᠎ᠤᠨ ᠭᠡᠷᠡᠭᠯᠡᠭᠡᠨ᠎ᠤ ᠵᠦᠢ᠍ᠯ᠂ ᠡᠮ ᠵᠡᠷᠭᠡ ᠵᠢᠨ ᠭᠠᠳᠠᠭ᠋ᠠᠳᠤ᠎ᠠᠴᠠ ᠤᠷᠤᠭᠤᠯᠬᠤ ᠪᠤᠭᠤᠮᠳᠠ ᠵᠢᠨ ᠭᠠᠢ᠌ᠯᠢ ᠵᠢ ᠪᠠᠭᠤᠷᠠᠭᠤᠯᠪᠠ᠃ ᠳᠠᠷᠠᠭ᠎ᠠ ᠠᠯᠬᠤᠮ᠎ᠳᠤ ᠠᠷᠠᠳ ᠢᠷᠭᠡᠳ᠎ᠤᠨ ᠠᠮᠢᠳᠤᠷᠠᠯ᠎ᠳᠤ ᠨᠢᠭ᠍ᠳᠡ ᠬᠤᠯᠪᠤᠭᠳᠠᠬᠤ ᠠ᠋ᠳᠤᠷ ᠳᠤᠳᠤᠮ᠎ᠤᠨ ᠭᠡᠷᠡᠭᠯᠡᠭᠡᠨ᠎ᠤ ᠵᠦᠢ᠍ᠯ ᠵᠡᠷᠭᠡ ᠵᠢᠨ ᠬᠦᠷᠢᠶ᠎ᠠ ᠴᠠᠷᠠᠭ᠎ᠠ ᠵᠢᠨ ᠨᠡᠭᠡᠭᠡᠯᠳᠡ᠎ᠪᠠᠨ ᠤᠯᠠᠮ ᠵᠶ᠋ᠡᠷ ᠦᠷᠭᠡᠳᠭᠡᠵᠤ᠂ ᠵᠠᠬ᠎ᠠ ᠳᠡᠯᠭᠡᠬᠦᠷ᠎ᠢ ᠤᠯᠠᠮ ᠴᠢᠯᠦᠭᠡᠳᠡᠢ ᠢᠯᠡ ᠳᠤᠳᠤ᠂ ᠦᠷᠢᠰᠦᠯᠳᠦᠭᠡᠨ᠎ᠢ ᠤᠯᠠᠮ ᠠ᠋ᠷᠭᠡ ᠳᠡᠭᠰᠢ ᠪᠤᠯᠭ᠋ᠠᠵᠤ᠂ ᠤᠯᠤᠰ᠎ᠤᠨ ᠳᠤᠳᠤᠭ᠋ᠠᠳᠤ ᠵᠢᠨ ᠭᠡᠷᠡᠭᠯᠡᠭᠴᠢᠳ᠎ᠲᠤ ᠨᠡᠩ ᠤᠯᠠᠨ ᠰᠤᠩᠭᠤᠯᠳᠠ ᠬᠢᠬᠦ ᠵᠠᠪᠰᠢᠶᠠᠨ ᠤᠯᠭᠤᠨ᠂ ᠤᠯᠤᠰ᠎ᠤᠨ ᠳᠤᠳᠤᠭ᠋ᠠᠳᠤ ᠵᠢᠨ ᠭᠡᠷᠡᠭᠯᠡᠭᠡᠨ᠎ᠤ ᠵᠦᠢ᠍ᠯ᠎ᠤᠨ ᠴᠢᠨᠠᠷ᠎ᠢ ᠳᠡᠭᠡᠭᠰᠢᠯᠡᠬᠦᠯᠵᠤ ᠳᠡᠰ ᠳᠡᠪᠰᠢᠬᠦᠯᠤᠨ᠎ᠠ ᠭᠡᠵᠤ ᠢᠯᠡᠷᠭᠡᠢ᠌ᠯᠡᠪᠡ᠃



