ᠪᠸᠷᠯᠢᠨᠤ ᠳᠤᠬᠠᠢ ᠵᠢᠨ ᠭᠠᠵᠠᠷ᠎ᠤᠨ ᠴᠠᠭ ᠵᠶ᠋ᠡᠷ 7 ᠳ᠋ᠤᠭ᠋ᠠᠷ ᠰᠠᠷ᠎ᠠ ᠵᠢᠨ 9᠎ᠤ ᠰᠦᠨᠢ᠂ ᠷᠦᠲᠸᠷ ᠬᠤᠷᠢᠶ᠎ᠠ 《ᠳᠦᠪᠯᠡᠷᠡᠯ᠎ᠤᠨ ᠴᠡᠭ᠄ ᠳᠤᠮᠳᠠᠳᠤ ᠭ᠋ᠸᠷᠮᠡᠨᠤ ᠰᠢᠷᠢᠰ ᠬᠠᠮᠳᠤᠷᠠᠯᠴᠠᠭ᠋ᠠᠨ᠎ᠤ ᠵᠦᠪᠳᠡᠯᠴᠡᠭᠡᠷ᠎ᠲᠤ ᠭᠠᠷᠤᠨ ᠦᠰᠦᠭ ᠵᠢᠷᠤᠵᠤ᠂ ᠪᠦᠬᠦ ᠳᠡᠯᠡᠭᠡᠢ ᠵᠢᠨ ᠤᠯᠠᠨ ᠳᠠᠯᠠᠳᠤ ᠴᠢᠯᠦᠭᠡᠳᠤ ᠠᠷᠠᠯᠵᠢᠶᠠᠨ᠎ᠤ ᠰᠢᠰᠲᠸᠮ᠎ᠢ ᠬᠠᠮᠠᠭ᠋ᠠᠯᠠᠬᠤ᠎ᠪᠠᠷ ᠠᠮᠠᠯᠳᠠᠪᠠ》 ᠭᠡᠬᠦ ᠰᠡᠳᠤᠪ ᠵᠶ᠋ᠡᠷ ᠳᠤᠮᠳᠠᠳᠤ ᠭ᠋ᠸᠷᠮᠡᠨ ᠬᠤᠶᠠᠷ ᠤᠯᠤᠰ᠎ᠤᠨ ᠶᠡᠷᠦᠩᠭᠡᠢ ᠰᠠᠢ᠌ᠳ᠎ᠤᠨ ᠴᠢᠯᠦᠭᠡᠳᠤ ᠠᠷᠠᠯᠵᠢᠶ᠎ᠠ ᠵᠢ ᠬᠠᠮᠠᠭ᠋ᠠᠯᠠᠬᠤ ᠤᠪᠤᠷ᠎ᠢ ᠳᠤᠳᠤᠷᠬᠠᠢ ᠮᠡᠳᠡᠭᠡᠯᠡᠭᠰᠡᠨ ᠪᠠᠢ᠌ᠨ᠎ᠠ᠃
ᠳᠤᠰ ᠠ᠋ᠳᠤᠷ ᠳᠤᠮᠳᠠᠳᠤ ᠤᠯᠤᠰ᠎ᠤᠨ ᠳᠦᠷᠦ ᠵᠢᠨ ᠶᠠᠪᠤᠳᠠᠯ᠎ᠤᠨ ᠬᠤᠷᠢᠶᠠᠨ᠎ᠤ ᠶᠡᠷᠦᠩᠭᠡᠢ ᠰᠠᠢ᠌ᠳ ᠯᠢ ᠺᠸ ᠴᠢᠶᠠᠩ ᠪᠤᠯᠤᠨ ᠭ᠋ᠸᠷᠮᠡᠨᠤ ᠶᠡᠷᠦᠩᠭᠡᠢ ᠰᠠᠢ᠌ᠳ ᠮᠤᠺᠸᠷ ᠭ᠋ᠸᠷᠮᠡᠨᠤ ᠶᠠᠷᠦᠩᠭᠡᠢ ᠰᠠᠢ᠌ᠳ᠎ᠤᠨ ᠤᠷᠳᠤᠨ᠎ᠳᠤ ᠠᠭᠤᠯᠵᠠᠨ ᠶᠠᠷᠢᠯᠴᠠᠵᠤ᠂ ᠳᠠᠪᠤ᠎ᠳᠠᠬᠢ ᠠ᠋ᠭᠡᠯᠵᠢ ᠵᠢᠨ ᠳᠤᠮᠳᠠᠳᠤ ᠭ᠋ᠸᠷᠮᠡᠨᠤ ᠵᠠᠰᠠᠭ᠎ᠤᠨ ᠤᠷᠳᠤᠨ᠎ᠤ ᠵᠦᠪᠳᠡᠯᠴᠡᠭᠡᠷ᠎ᠢ ᠬᠠᠮᠳᠤ᠎ᠪᠠᠷ ᠠ᠋ᠷᠬᠢᠯᠡᠵᠡᠢ᠃ ᠯᠢ ᠺᠸ ᠴᠢᠶᠠᠩ ᠶᠡᠷᠦᠩᠭᠡᠢ ᠰᠠᠢ᠌ᠳ ᠳᠤᠰᠢᠶᠠᠯ᠎ᠳᠤ ᠭᠠᠷᠤᠭᠰᠠᠨ᠎ᠤ ᠳᠠᠷᠠᠭ᠎ᠠ ᠮᠤᠺᠸᠷ᠎ᠲᠠᠢ ᠶᠢᠰᠦ ᠤᠳᠠᠭ᠎ᠠ ᠠᠭᠤᠯᠵᠠᠵᠤ ᠭ᠋ᠸᠷᠮᠡᠨᠳᠤ ᠳᠦᠷᠪᠡ ᠤᠳᠠᠭ᠎ᠠ ᠠᠢ᠌ᠯᠴᠢᠯᠠᠪᠠ᠃ ᠠ᠋ᠨᠡ ᠤᠳᠠᠭ᠋ᠠᠨ᠎ᠤ ᠠᠭᠤᠯᠵᠠᠯᠳᠠ᠎ᠨᠢ ᠳᠡᠯᠡᠭᠡᠢ ᠵᠢᠨ ᠵᠠᠭᠤᠴᠢᠯᠠᠭᠤᠷ᠎ᠤᠨ ᠠᠩᠬᠠᠷᠤᠯ᠎ᠢ ᠳᠠᠳᠠᠭᠰᠠᠨ᠎ᠨᠢ ᠬᠤᠶᠠᠷ ᠤᠯᠤᠰ᠎ᠤᠨ ᠶᠡᠷᠦᠩᠭᠡᠢ ᠰᠠᠢ᠌ᠳ ᠬᠠᠮᠳᠤᠷᠠᠨ ᠴᠢᠯᠦᠭᠡᠳᠤ ᠠᠷᠠᠯᠵᠢᠶ᠎ᠠ ᠵᠢ ᠬᠠᠮᠠᠭ᠋ᠠᠯᠠᠬᠤ᠎ᠳᠤ ᠪᠠᠢ᠌ᠭ᠎ᠠ ᠶᠤᠮ ᠪᠠᠢ᠌ᠨ᠎ᠠ᠃
ᠷᠦᠲᠸᠷ ᠬᠤᠷᠢᠶ᠎ᠠ 《ᠯᠢ ᠺᠸ ᠴᠢᠶᠠᠩ ᠶᠡᠷᠦᠩᠭᠡᠢ ᠰᠠᠢ᠌ᠳ ᠬᠠᠮᠠᠭ᠋ᠠᠯᠠᠬᠤ ᠦᠵᠡᠯ᠎ᠢ ᠠ᠋ᠰᠡᠷᠬᠦᠴᠡᠬᠦ ᠵᠢᠨ ᠴᠢᠬᠤᠯᠠ ᠴᠢᠨᠠᠷ᠎ᠢ ᠳᠤᠷᠠᠳᠴᠤ᠂ ᠳᠤᠮᠳᠠᠳᠤ ᠤᠯᠤᠰ᠎ᠤᠨ ᠬᠦᠭᠵᠢᠯᠳᠡ ᠠ᠋ᠩᠭᠡ ᠳᠠᠢ᠌ᠪᠤᠩ ᠠᠮᠤᠷ ᠳᠤᠭᠳᠠᠭᠤᠨ ᠤᠷᠴᠢᠨ ᠳᠤᠭᠤᠷᠢᠨ᠎ᠢ ᠱᠠᠭ᠋ᠠᠷᠳᠠᠨ᠎ᠠ ᠭᠡᠵᠤ ᠭᠡᠯᠡᠪᠡ᠃ ᠳᠡᠷᠡ ᠪᠠᠰᠠ᠂ ᠪᠢᠳᠠ ᠭᠠᠭᠴᠠ ᠳᠠᠯᠠᠳᠤ ᠦᠵᠡᠯ᠎ᠢ ᠠ᠋ᠰᠡᠷᠭᠦᠴᠡᠵᠤ᠂ ᠴᠢᠯᠦᠭᠡᠳᠤ ᠠᠷᠠᠯᠵᠢᠶ᠎ᠠ ᠵᠢ ᠳᠡᠮᠵᠢᠨ᠎ᠡ ᠭᠡᠵᠤ ᠴᠢᠬᠤᠯᠠᠴᠢᠯᠠᠪᠠ》 ᠭᠡᠮᠡᠨ ᠮᠡᠳᠡᠭᠡᠯᠡᠵᠡᠢ᠃
ᠬᠤᠶᠠᠷ ᠤᠯᠤᠰ᠎ᠤᠨ ᠶᠡᠷᠦᠩᠭᠡᠢ ᠰᠠᠢ᠌ᠳ᠎ᠤᠨ ᠠᠭᠤᠯᠵᠠᠯᠳᠠ ᠶᠠᠷᠢᠯᠴᠠᠭ᠎ᠠ ᠵᠢᠴᠢ ᠵᠠᠰᠠᠭ᠎ᠤᠨ ᠤᠷᠳᠤᠨ᠎ᠤ ᠵᠦᠪᠳᠡᠯᠴᠡᠭᠡᠷ ᠳᠡᠬᠦᠰᠦᠭᠰᠡᠨ 24 ᠴᠠᠭ᠎ᠤᠨ ᠳᠤᠳᠤᠷ᠎ᠠ ᠷᠦᠲᠸᠷ ᠬᠤᠷᠢᠶ᠎ᠠ᠂ ᠪᠯᠦ᠋ᠮᠪᠸᠭ ᠭᠡᠪᠯᠡᠯ ᠮᠡᠳᠡᠭᠡᠯᠡᠯ᠂ ᠭ᠋ᠸᠷᠮᠡᠨ ᠤᠯᠤᠰ᠎ᠤᠨ 《ᠬᠤᠳᠠᠯᠳᠤᠭ᠋ᠠᠨ᠎ᠤ ᠰᠤᠨᠢᠨ》᠂ ᠭ᠋ᠸᠷᠮᠡᠨᠤ ᠳᠠᠭᠤᠨ᠂ ᠰᠢᠩᠭ᠋ᠠᠹᠤᠷᠤᠨ 《ᠬᠤᠯᠪᠤᠭ᠋ᠠᠳᠤ ᠦᠷᠯᠦᠭᠡ ᠵᠢᠨ ᠰᠤᠨᠢᠨ》 ᠵᠡᠷᠭᠡ ᠰᠤᠨᠢᠨ ᠮᠡᠳᠡᠭᠡᠨ᠎ᠤ ᠵᠠᠭᠤᠴᠢᠯᠠᠭᠤᠷ ᠳᠤᠰ ᠳᠤᠰ 《ᠳᠤᠮᠳᠠᠳᠤ ᠭ᠋ᠸᠷᠮᠡᠨᠤ ᠶᠠᠷᠦᠩᠭᠡᠢ ᠰᠠᠢ᠌ᠳ ᠬᠠᠮᠳᠤᠷᠠᠨ ᠴᠢᠯᠦᠭᠡᠳᠤ ᠠᠷᠠᠯᠵᠢᠶ᠎ᠠ ᠵᠢ ᠬᠠᠮᠠᠭ᠋ᠠᠯᠠᠭᠰᠠᠨ᠎ᠨᠢ》 ᠭᠡᠬᠦ ᠭᠤᠤᠯ ᠰᠡᠳᠤᠪ᠎ᠤᠨ ᠳᠤᠭᠤᠷᠢᠨ᠎ᠳᠤ ᠮᠡᠳᠡᠭᠡᠯᠡᠭᠰᠡᠨ ᠪᠠᠢ᠌ᠨ᠎ᠠ᠃ ᠦᠨᠡᠨ᠎ᠳᠤ᠎ᠪᠠᠨ ᠠᠭᠤᠯᠵᠠᠨ ᠶᠠᠷᠢᠯᠴᠠᠬᠤ᠎ᠠᠴᠠ ᠠ᠋ᠮᠤᠨ᠎ᠠ ᠭᠡᠳᠤᠨ ᠴᠠᠭ᠎ᠲᠤ ᠠᠩᠭ᠍ᠯᠢ ᠵᠢᠨ 《ᠮᠦᠩᠬᠦᠨ ᠬᠦᠢ᠍ᠯᠭᠡᠭᠡᠨ᠎ᠤ ᠴᠠᠭ᠎ᠤᠨ ᠰᠤᠨᠢᠨ》᠎ᠤ ᠬᠢᠳᠠᠳ ᠭᠡᠯᠡᠨ᠎ᠤ ᠰᠦᠯᠵᠢᠶᠡᠨ ᠳᠡᠭᠡᠷ᠎ᠠ 5 ᠳ᠋ᠤᠭ᠋ᠠᠷ ᠰᠠᠷ᠎ᠠ ᠵᠢᠨ 24᠎ᠤ ᠠ᠋ᠳᠤᠷ ᠮᠤᠺᠸᠷᠢ ᠳᠤᠮᠳᠠᠳᠤ ᠤᠯᠤᠰ᠎ᠲᠤ ᠠᠢ᠌ᠯᠴᠢᠯᠠᠬᠤ ᠦᠶ᠎ᠡ᠎ᠳᠤ ᠯᠢ ᠺᠸ ᠴᠢᠶᠠᠩ ᠠᠷᠠᠳ᠎ᠤᠨ ᠶᠠᠭᠡ ᠬᠤᠷᠠᠯ᠎ᠤᠨ ᠳᠢᠩᠬᠢᠮ᠎ᠤᠨ ᠠ᠋ᠬᠦᠳᠡᠨ᠎ᠳᠤ ᠤᠭᠳᠤᠬᠤ ᠶᠤᠰᠤᠯᠠᠯ ᠶᠠᠪᠤᠭᠤᠯᠵᠤ᠂ ᠬᠤᠶᠠᠷ ᠤᠯᠤᠰ᠎ᠤᠨ ᠶᠡᠷᠦᠩᠭᠡᠢ ᠰᠠᠢ᠌ᠳ ᠮᠦᠷᠦ ᠵᠡᠷᠭᠡᠴᠡᠨ ᠠᠯᠬᠤᠵᠤ ᠪᠠᠢ᠌ᠭ᠎ᠠ ᠨᠢᠭᠡᠨ ᠵᠢᠷᠤᠭ᠎ᠢ ᠨᠡᠢ᠌ᠳᠡᠯᠡᠭᠰᠡᠨ ᠪᠠᠢ᠌ᠪᠠ᠃
ᠹᠷᠠᠨᠼᠢ ᠵᠢᠨ ᠤᠯᠠᠨ ᠤᠯᠤᠰ᠎ᠤᠨ ᠷᠠᠳᠢᠤ᠋ ᠬᠤᠷᠢᠶ᠎ᠠ ᠴᠤ᠌ ᠠ᠋ᠨᠡ ᠤᠳᠠᠭ᠋ᠠᠨ᠎ᠤ ᠵᠦᠪᠳᠡᠯᠴᠡᠭᠡᠷ᠎ᠤᠨ ᠬᠤᠭᠤᠴᠠᠭ᠋ᠠᠨ᠎ᠳᠤ ᠳᠤᠮᠳᠠᠳᠤ ᠭ᠋ᠸᠷᠮᠡᠨ ᠬᠤᠶᠠᠷ ᠤᠯᠤᠰ᠎ᠤᠨ ᠵᠠᠰᠠᠭ᠎ᠤᠨ ᠤᠷᠳᠤᠨ ᠰᠢᠨᠵᠢᠯᠡᠬᠦ ᠤᠬᠠᠭ᠋ᠠᠨ ᠮᠡᠷᠭᠡᠵᠢᠯ ᠪᠤᠯᠤᠨ ᠳ᠋ᠠᠢ᠌ᠲ᠋ᠠ ᠵᠢᠨ ᠬᠦᠷᠢᠶ᠎ᠡ ᠴᠠᠷᠠᠭ᠎ᠠ᠎ᠳᠠᠬᠢ ᠬᠠᠮᠳᠤᠷᠠᠯᠴᠠᠭ᠎ᠠ᠂ ᠪᠡᠯᠡ ᠤᠷᠤᠭᠤᠯᠤᠯᠳᠠ ᠵᠢᠨ ᠵᠠᠮ ᠱᠤᠭᠤᠮ᠎ᠢ ᠦᠷᠭᠡᠳᠭᠡᠬᠦ ᠵᠡᠷᠭᠡ ᠤᠯᠠᠨ ᠵᠦᠢ᠍ᠯ᠎ᠤᠨ ᠵᠦᠪᠳᠡᠯᠴᠡᠭᠡᠷ ᠵᠢᠴᠢ ᠰᠠᠨᠠᠮᠵᠢ ᠵᠢᠨ ᠪᠢᠴᠢᠭ᠎ᠲᠤ ᠭᠠᠷᠤᠨ ᠦᠰᠦᠭ ᠵᠢᠷᠤᠭᠰᠠᠨ᠎ᠢ ᠠᠩᠬᠠᠷᠤᠯ᠎ᠳᠤ᠎ᠪᠠᠨ ᠠᠪᠤᠭᠰᠠᠨ ᠪᠠᠢ᠌ᠨ᠎ᠠ᠃
ᠷᠦᠲᠸᠷ ᠬᠤᠷᠢᠶ᠎ᠠ᠎ᠨᠢ ᠯᠢ ᠺᠸ ᠴᠢᠶᠠᠩ᠎ᠤᠨ ᠭᠠᠳᠠᠭ᠋ᠠᠳᠤ ᠤᠯᠤᠰ᠎ᠤᠨ ᠪᠡᠯᠡ ᠤᠷᠤᠭᠤᠯᠤᠭᠴᠢ᠎ᠳᠤ ᠤᠪᠤᠷ ᠵᠶ᠋ᠡᠨ ᠢᠯᠡᠳᠭᠡᠭᠰᠡᠨᠢ ᠠᠩᠬᠠᠷᠤᠯ᠎ᠳᠤ᠎ᠪᠠᠨ ᠠᠪᠤᠭᠰᠠᠨ ᠪᠦᠭᠡᠳ ᠳᠤᠮᠳᠠᠳᠤ ᠤᠯᠤᠰ ᠮᠡᠳᠡᠯᠭᠡ ᠵᠢᠨ ᠪᠦᠲᠤᠭᠡᠭᠳᠡᠭᠦᠨᠤ ᠦᠮᠴᠢᠯᠡᠯ᠎ᠤᠨ ᠠ᠋ᠷᠭᠡ ᠵᠢ ᠬᠠᠮᠠᠭ᠋ᠠᠯᠠᠬᠤ ᠵᠢ ᠦᠷᠬᠦᠯᠵᠢᠯᠡᠨ ᠴᠢᠩᠭ᠋ᠠᠳᠬᠠᠵᠤ᠂ ᠮᠡᠷᠭᠡᠵᠢᠯ᠎ᠢ ᠠᠯᠪᠠᠳᠠᠯᠭ᠎ᠠ᠎ᠪᠠᠷ ᠰᠢᠯᠵᠢᠬᠦᠯᠬᠦ ᠦᠭᠡᠢ ᠭᠡᠵᠤ ᠢᠯᠡᠷᠭᠡᠢ᠌ᠯᠡᠭᠰᠡᠨᠢ ᠮᠡᠳᠡᠭᠡᠯᠡᠵᠡᠢ᠃
ᠭ᠋ᠸᠷᠮᠡᠨᠤ 《ᠠ᠋ᠳᠤᠷ ᠪᠦᠷᠢ ᠵᠢᠨ ᠳᠤᠯᠢ ᠰᠤᠨᠢᠨ》᠎ᠨᠢ ᠮᠡᠳᠡᠭᠡᠯᠡᠯ᠎ᠳᠤ᠎ᠪᠠᠨ ᠭ᠋ᠸᠷᠮᠡᠨᠤ ᠠᠵᠤ ᠠᠬᠤᠢ ᠵᠢᠨ᠎ᠬᠢᠨ 《ᠳᠤᠮᠳᠠᠳᠤ ᠭ᠋ᠸᠷᠮᠡᠨ ᠬᠤᠶᠠᠷ ᠤᠯᠤᠰ ᠴᠢᠯᠦᠭᠡᠳᠤ ᠠᠷᠠᠯᠵᠢᠶ᠎ᠠ ᠵᠢ ᠳᠡᠮᠵᠢᠬᠦ ᠳᠡᠯ᠎ᠡ᠎ᠪᠠᠷ ᠦᠵᠡᠯᠳᠡ ᠨᠢᠭᠡᠳᠠᠢ ᠪᠤᠯᠬᠤ ᠵᠢ ᠬᠦᠰᠡᠵᠤ ᠪᠠᠢ᠌ᠭ᠎ᠠ》 ᠵᠢ ᠳᠤᠰᠬᠠᠵᠤ᠂ ᠭ᠋ᠸᠷᠮᠡᠨᠤ ᠠᠽᠢᠶ᠎ᠠ ᠳᠢᠪ ᠨᠤᠮᠤᠬᠠᠨ ᠳᠠᠯᠠᠢ ᠵᠢᠨ ᠤᠷᠤᠨ᠎ᠤ ᠠᠵᠤ ᠠᠬᠤᠢ ᠵᠢᠨ ᠵᠦᠪᠯᠡᠯ᠎ᠤᠨ (APA) ᠳᠡᠷᠢᠬᠦᠯᠡᠭᠴᠢ 《ᠴᠠᠭ ᠦᠶ᠎ᠠ ᠵᠢᠨ ᠰᠤᠨᠢᠨ》᠎ᠤ ᠰᠤᠷᠪᠤᠯᠵᠢᠯᠠᠬ᠍ᠴᠢ᠎ᠳᠤ᠄ 《ᠭ᠋ᠸᠷᠮᠡᠨ ᠪᠤᠯᠤᠨ ᠳᠤᠮᠳᠠᠳᠤ ᠤᠯᠤᠰ ᠪᠤᠯ ᠳᠡᠯᠡᠭᠡᠢ ᠳᠡᠭᠡᠷᠡᠬᠢ ᠭᠠᠳᠠᠭ᠋ᠠᠳᠤ ᠭᠠᠷᠭ᠋ᠠᠯᠳᠠ᠎ᠪᠠᠷ ᠬᠠᠮᠤᠭ᠎ᠤᠨ ᠶᠡᠭᠡ ᠤᠯᠤᠰ ᠪᠤᠯᠤᠨ᠎ᠠ᠃ ᠠ᠋ᠨᠡ ᠤᠳᠠᠭ᠋ᠠᠨ᠎ᠤ ᠶᠠᠷᠢᠯᠴᠠᠭ᠎ᠠ ᠵᠦᠪᠳᠡᠯᠴᠡᠭᠡᠷ᠎ᠨᠢ ᠠᠮᠸᠷᠢᠺᠠ ᠵᠢ ᠠᠶᠤᠯᠭ᠋ᠠᠨ ᠰᠦᠷᠳᠡᠬᠦᠯᠵᠤ ᠪᠠᠢ᠌ᠭ᠎ᠠ ᠪᠤᠰᠤ᠂ ᠬᠠᠷᠢᠨ ᠴᠢᠯᠦᠭᠡᠳᠤ ᠠᠷᠠᠯᠵᠢᠶ᠎ᠠ ᠵᠢ ᠳᠡᠮᠵᠢᠬᠦ ᠤᠪᠤᠷ ᠵᠶ᠋ᠡᠨ ᠬᠠᠮᠳᠤ᠎ᠪᠠᠷ ᠢᠯᠡᠳᠭᠡᠵᠤ ᠪᠠᠢ᠌ᠭ᠎ᠠ ᠶᠠᠪᠤᠳᠠᠯ ᠪᠤᠯᠬᠤ ᠶᠤᠮ》 ᠭᠡᠵᠤ ᠢᠯᠡᠷᠭᠡᠢ᠌ᠯᠡᠵᠡᠢ᠃
ᠰᠢᠩᠭ᠋ᠠᠹᠤᠷᠤᠨ 《ᠬᠤᠯᠪᠤᠭ᠋ᠠᠳᠤ ᠦᠷᠯᠦᠭᠡ ᠵᠢᠨ ᠰᠤᠨᠢᠨ》᠎ᠨᠢ ᠳᠤᠮᠳᠠᠳᠤ ᠭ᠋ᠸᠷᠮᠡᠨᠤ ᠰᠢᠨ᠎ᠠ ᠨᠢᠭᠡᠨ ᠬᠤᠭᠤᠴᠠᠭ᠋ᠠᠨ᠎ᠤ ᠵᠠᠰᠠᠭ᠎ᠤᠨ ᠤᠷᠳᠤᠨ ᠪᠠᠢ᠌ᠭᠤᠯᠤᠭᠳᠠᠭᠰᠠᠨ᠎ᠠᠴᠠ ᠨᠠᠭ᠋ᠠᠰᠢᠬᠢ ᠬᠠᠷᠢᠯᠴᠠᠨ ᠶᠠᠪᠤᠯᠴᠠᠭ᠎ᠠ᠎ᠪᠠᠨ ᠴᠢᠩᠭ᠋ᠠᠳᠬᠠᠵᠤ ᠪᠠᠢ᠌ᠭ᠎ᠠ ᠵᠢ ᠠᠩᠬᠠᠷᠤᠯ᠎ᠳᠤ᠎ᠪᠠᠨ ᠠᠪᠴᠤ᠂ 《ᠳᠤᠮᠳᠠᠳᠤ ᠭ᠋ᠸᠷᠮᠡᠨᠤ ᠰᠢᠨ᠎ᠠ ᠨᠢᠭᠡᠨ ᠬᠤᠭᠤᠴᠠᠭ᠋ᠠᠨ᠎ᠤ ᠵᠠᠰᠠᠭ᠎ᠤᠨ ᠤᠷᠳᠤᠨ ᠪᠠᠢ᠌ᠭᠤᠯᠤᠭᠳᠠᠭ᠋ᠠᠳ ᠬᠠᠭ᠋ᠠᠰ ᠵᠢᠯ ᠪᠤᠯᠤᠭ᠎ᠠ ᠦᠭᠡᠢ᠎ᠪᠠᠷ ᠬᠤᠶᠠᠷ ᠤᠯᠤᠰ᠎ᠤᠨ ᠶᠡᠷᠦᠩᠭᠡᠢ ᠰᠠᠢ᠌ᠳ ᠬᠠᠷᠢᠯᠴᠠᠨ ᠠᠢ᠌ᠯᠴᠢᠯᠠᠪᠠ᠃ ᠠ᠋ᠨᠡ᠎ᠨᠢ ᠳᠤᠮᠳᠠᠳᠤ ᠭ᠋ᠸᠷᠮᠡᠨᠤ ᠬᠤᠭᠤᠷᠤᠨᠳᠤᠬᠢ ᠰᠠᠢ᠌ᠨ ᠰᠠᠢ᠌ᠬᠠᠨ ᠬᠠᠷᠢᠴᠠᠭ᠎ᠠ ᠪᠤᠯᠤᠨ ᠬᠠᠮᠳᠤᠷᠠᠯᠴᠠᠭ᠎ᠠ᠎ᠪᠠᠨ ᠴᠢᠩᠭ᠋ᠠᠳᠬᠠᠬᠤ ᠬᠠᠮᠳᠤ ᠵᠢᠨ ᠬᠦᠰᠡᠯ᠎ᠢ ᠬᠦᠢ᠍ᠴᠡᠳ ᠬᠠᠷᠠᠭᠤᠯᠪᠠ》 ᠭᠡᠵᠤ ᠮᠡᠳᠡᠭᠡᠯᠡᠵᠡᠢ᠃
《ᠠᠢ᠌ᠷᠯᠠᠨᠳ᠋ᠤᠨ ᠴᠠᠭ᠎ᠤᠨ ᠰᠤᠨᠢᠨ》᠎ᠨᠢ ᠯᠢ ᠺᠸ ᠴᠢᠶᠠᠩ᠎ᠤᠨ 《ᠳᠤᠮᠳᠠᠳᠤ ᠤᠯᠤᠰ᠎ᠤᠨ ᠪᠡᠯᠡ ᠤᠷᠤᠭᠤᠯᠤᠯᠳᠠ᠎ᠨᠢ ᠠ᠋ᠸᠦᠢ᠍ᠷᠦᠫᠠ ᠵᠢᠨ ᠬᠤᠯᠪᠤᠭ᠋ᠠᠨ᠎ᠳᠤ ᠰᠦᠷᠳᠡᠬᠦᠯᠦᠯ ᠪᠤᠯᠬᠤ ᠦᠭᠡᠢ》 ᠭᠡᠰᠡᠨ ᠢᠯᠡᠷᠭᠡᠢ᠌ᠯᠡᠯᠢ ᠠᠩᠬᠠᠷᠤᠯ᠎ᠳᠤ᠎ᠪᠠᠨ ᠠᠪᠴᠣ᠂ ᠯᠢ ᠺᠸ ᠴᠢᠶᠠᠩ᠎ᠤᠨ ᠦᠭᠡ᠎ᠪᠠᠷ ᠠ᠋ᠰᠢ ᠳᠡᠳᠡᠨ 《ᠳᠤᠮᠳᠠᠳᠤ ᠠ᠋ᠸᠦᠢ᠍ᠷᠦᠫᠠ ᠪᠦᠯᠬᠦᠮᠳᠡᠨ ᠬᠠᠮᠵᠢᠯᠴᠠᠬᠤ᠎ᠨᠢ ᠳᠡᠯᠡᠭᠡᠢ ᠵᠢᠨ ᠠ᠋ᠩᠭᠡ ᠳᠡᠢ᠌ᠪᠤᠩ ᠪᠤᠯᠤᠨ ᠠᠮᠤᠷ ᠳᠤᠭᠳᠠᠭᠤᠨ᠎ᠢ ᠬᠠᠮᠠᠭ᠋ᠠᠯᠠᠬᠤ᠎ᠳᠤ ᠠᠰᠢᠭᠳᠠᠢ᠃ ᠳᠤᠮᠳᠠᠳᠤ ᠤᠯᠤᠰ ᠠ᠋ᠸᠦᠢ᠍ᠷᠦᠫᠠ ᠵᠢᠨ ᠬᠤᠯᠪᠤᠭ᠎ᠠ ᠵᠢᠨ ᠨᠢᠭᠡ ᠴᠤᠭᠴᠠᠵᠢᠬᠤ ᠵᠢ ᠳᠡᠮᠵᠢᠵᠤ ᠪᠠᠢ᠌ᠨ᠎ᠠ᠃ ᠤᠴᠢᠷ᠎ᠨᠢ ᠳᠤᠮᠳᠠᠳᠤ ᠤᠯᠤᠰ᠎ᠤᠨ᠎ᠬᠢᠨ ᠠ᠋ᠸᠦᠢ᠍ᠷᠦᠫᠠ ᠵᠢᠨ ᠬᠤᠯᠪᠤᠭ᠎ᠠ ᠪᠤᠯ ᠤᠯᠠᠨ ᠤᠯᠤᠰ᠎ᠤᠨ ᠬᠦᠭᠵᠢᠯ ᠴᠡᠴᠡᠭᠯᠡᠯ ᠪᠤᠯᠤᠨ ᠠ᠋ᠩᠭᠡ ᠳᠠᠢ᠌ᠪᠤᠩ᠎ᠤᠨ ᠴᠢᠬᠤᠯᠠ ᠬᠦᠴᠦᠨ ᠪᠤᠯᠬᠤ ᠵᠢ ᠪᠠᠳᠤ ᠢᠳᠡᠭᠡᠵᠤ ᠪᠠᠢ᠌ᠭ᠎ᠠ ᠶᠤᠮ》 ᠭᠡᠵᠤ ᠮᠡᠳᠡᠭᠡᠯᠡᠪᠡ᠃
