9 ᠳ᠋ᠤᠭᠡᠷ ᠰᠠᠷ᠎ᠡ ᠵᠢᠨ 28᠎ᠤ ᠠ᠋ᠳᠤᠷ᠂ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ ᠨᠢᠦ᠋ ᠶᠤᠷᠺ᠎ᠳᠠᠬᠢ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠵᠢᠨ ᠶᠡᠷᠦᠩᠭᠡᠢ ᠵᠠᠬᠢᠷᠭ᠎ᠠ᠎ᠳᠤ ᠬᠢᠭᠰᠡᠨ ᠳᠠᠯᠠᠨ ᠭᠤᠷᠪᠠᠳᠤᠭ᠋ᠠᠷ ᠬᠤᠭᠤᠴᠠᠭ᠋ᠠᠨ᠎ᠤ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠵᠢᠨ ᠶᠡᠭᠡ ᠬᠤᠷᠠᠯ᠎ᠤᠨ ᠠ᠋ᠩ᠎ᠤᠨ ᠮᠠᠷᠭᠤᠯᠳᠤᠭ᠋ᠠᠨ᠎ᠳᠤ ᠤᠷᠤᠯᠴᠠᠭᠰᠠᠨ ᠪᠦᠭᠡᠳ 《ᠤᠯᠠᠨ ᠳᠠᠯᠠᠳᠤ ᠦᠵᠡᠯ᠎ᠢ ᠪᠠᠷᠢᠮᠳᠠᠯᠠᠵᠤ ᠨᠠᠢ᠌ᠷᠠᠮᠳᠠᠯ ᠵᠶ᠋ᠡᠷ ᠬᠦᠭᠵᠢᠬᠦ ᠵᠢ ᠬᠠᠮᠳᠤ᠎ᠪᠠᠷ ᠪᠤᠳᠤᠯᠬᠢᠯᠠᠬᠤ᠎ᠨᠢ》 ᠭᠡᠬᠦ ᠰᠡᠳᠤᠪ ᠵᠶ᠋ᠡᠷ ᠶᠠᠷᠢᠶ᠎ᠠ ᠳᠠᠯᠪᠢᠪᠠ᠃
ᠸᠠᠩ ᠢ᠂ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠪᠠᠢ᠌ᠭᠤᠯᠤᠭᠰᠠᠨ᠎ᠢ ᠤᠳᠤ ᠦᠶ᠎ᠡ ᠵᠢᠨ ᠳᠡᠯᠡᠭᠡᠢ ᠨᠡᠢ᠌ᠳᠡ ᠵᠢᠨ ᠠ᠋ᠮᠬᠢ ᠵᠢᠷᠤᠮᠳᠤ ᠰᠠᠭᠤᠷᠢ ᠳᠠᠯᠪᠢᠵᠤ᠂ ᠰᠠᠭᠤᠷᠢ ᠴᠢᠯᠠᠭᠤ᠎ᠨᠢ 《ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠵᠢᠨ ᠦᠨᠳᠦᠰᠤᠨ ᠬᠠᠤᠯᠢ》 ᠵᠢᠨ ᠵᠤᠷᠢᠯᠳᠠ ᠪᠠ ᠵᠠᠷᠴᠢᠮ᠂ ᠳᠤᠯᠭ᠋ᠠᠭᠤᠷᠢᠯᠠᠯ᠎ᠨᠢ ᠤᠯᠠᠨ ᠳᠠᠯᠠᠳᠤ ᠦᠵᠡᠯ᠎ᠤᠨ ᠤᠢ᠌ᠯᠠᠭ᠋ᠠᠬᠳᠠᠬᠤᠨ ᠪᠤᠯᠤᠨ ᠦᠢ᠍ᠯᠡᠳᠦᠯᠭᠡ ᠪᠤᠯᠤᠨ᠎ᠠ᠃ ᠠ᠋ᠨᠡᠬᠦ ᠠ᠋ᠮᠬᠢ ᠵᠢᠷᠤᠮ᠎ᠨᠢ 70 ᠭᠠᠷᠤᠢ ᠵᠢᠯ᠎ᠤᠨ ᠶᠡᠷᠦᠩᠭᠡᠢ᠌ᠯᠡᠭᠰᠡᠨ ᠡᠪ ᠨᠡᠢ᠌ᠷᠠᠮᠳᠠᠯ ᠪᠤᠯᠤᠨ ᠬᠦᠭᠵᠢᠯᠳᠡ ᠵᠢ ᠠᠪᠴᠢᠢ᠍ᠷᠠᠪᠠ᠃ ᠤᠳᠤᠬᠠᠨ᠎ᠤ ᠳᠡᠯᠡᠭᠡᠢ ᠳ᠋ᠡᠬᠢᠨᠤ ᠠ᠋ᠷᠬᠢᠨ ᠳᠤᠭᠤᠷᠢᠨ᠎ᠢ ᠪᠠᠷᠠᠯᠠᠬᠤᠶ᠎ᠠ᠂ ᠳᠡᠯᠡᠭᠡᠢ ᠨᠡᠢ᠌ᠳᠡ ᠵᠢᠨ ᠳᠦᠷᠢᠮ ᠳᠤᠭᠳᠠᠭ᠋ᠠᠯ ᠳᠠᠭ᠋ᠠᠷᠢᠯᠳᠠ᠎ᠳᠤ ᠤᠴᠠᠷᠠᠵᠤ᠂ ᠤᠯᠠᠨ ᠳᠠᠯᠠᠳᠤ ᠳᠤᠭᠳᠠᠴᠠ ᠦᠷᠢᠰᠦᠯᠳᠦᠭᠡᠨ᠎ᠳᠤ ᠳᠤᠯᠭ᠋ᠠᠷᠠᠨ᠂ ᠤᠯᠠᠨ ᠤᠯᠤᠰ᠎ᠤᠨ ᠪᠠᠢ᠌ᠳᠠᠯ ᠳᠤᠭᠳᠠᠪᠤᠷᠢ ᠦᠭᠡᠢ ᠪᠦᠭᠡᠳ ᠮᠠᠭ᠋ᠠᠳᠯᠠᠬᠤᠶᠠ ᠪᠡᠷᠭᠡ ᠪᠠᠢ᠌ᠳᠠᠯ᠎ᠲᠠᠢ ᠪᠤᠯᠵᠤ ᠪᠤᠢ ᠭᠡᠵᠤ ᠢᠯᠡᠷᠭᠡᠢ᠌ᠯᠡᠪᠡ᠃
ᠸᠠᠩ ᠢ᠂ ᠳᠤᠮᠳᠠᠳᠤ ᠤᠯᠤᠰ ᠪᠣᠯ ᠳᠡᠯᠡᠭᠡᠢ ᠨᠡᠢ᠌ᠳᠡ ᠵᠢᠨ ᠠ᠋ᠮᠬᠢ ᠵᠢᠷᠤᠮ᠎ᠤᠨ ᠬᠠᠮᠠᠭ᠋ᠠᠯᠠᠭᠴᠢ ᠪᠦᠭᠡᠳ ᠤᠯᠠᠨ ᠳᠠᠯᠠᠳᠤ ᠦᠵᠡᠯ᠎ᠤᠨ ᠭᠡᠷᠡᠭᠵᠢᠬᠦᠯᠦᠭᠴᠢ ᠪᠤᠯᠤᠭᠰᠠᠭ᠋ᠠᠷ ᠢᠷᠡᠪᠡ᠃ 2015 ᠤᠨ᠎ᠳᠤ ᠳᠡᠷᠢᠬᠦᠯᠡᠭᠴᠢ ᠰᠢ ᠵᠢᠨ ᠫᠢᠩ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠵᠢᠨ ᠶᠠᠷᠢᠶᠠᠨ᠎ᠤ ᠳᠠᠪᠴᠠᠩ ᠳᠡᠭᠡᠷ᠎ᠠ ᠬᠦᠮᠦᠨ ᠳᠦᠷᠦᠯᠬᠢᠳᠡᠨ᠎ᠤ ᠬᠤᠪᠢ ᠵᠠᠶᠠᠭ᠋ᠠᠨ᠎ᠤ ᠬᠠᠮᠳᠤ ᠵᠢᠨ ᠴᠤᠭᠴᠠ ᠵᠢ ᠬᠠᠮᠳᠤ᠎ᠪᠠᠷ ᠪᠠᠢ᠌ᠭᠤᠯᠬᠤ ᠴᠢᠬᠤᠯᠠ ᠶᠡᠭᠡ ᠰᠠᠨᠠᠭ᠋ᠠᠴᠢᠯᠠᠭ᠎ᠠ ᠵᠢ ᠳᠤᠷᠠᠳᠤᠨ ᠭᠠᠷᠭ᠋ᠠᠪᠠ᠃ ᠳᠤᠮᠳᠠᠳᠤ ᠤᠯᠤᠰ᠎ᠤᠨ᠎ᠬᠢᠨ ᠰᠢᠨ᠎ᠠ ᠴᠠᠭ ᠦᠶ᠎ᠡ ᠵᠢᠨ ᠤᠯᠠᠨ ᠳᠠᠯᠠᠳᠤ ᠦᠵᠡᠯ᠎ᠤᠨ ᠳᠤᠤᠷᠠᠬᠢ ᠮᠠᠳᠤ ᠵᠠᠷᠴᠢᠮ᠎ᠢ ᠠ᠋ᠷᠡᠰ ᠪᠠᠷᠢᠮᠳᠠᠯᠠᠨ᠎ᠠ᠂ ᠳᠠᠷᠤᠢ᠄
ᠨᠢᠭᠡ᠎ᠳᠤ᠂ ᠬᠠᠮᠳᠤᠷᠠᠯᠴᠠᠵᠤ ᠬᠠᠮᠳᠤ᠎ᠪᠠᠷ ᠠᠰᠢᠭ ᠤᠯᠬᠤ᠎ᠪᠠᠷ ᠵᠤᠷᠢᠯᠳᠠ ᠪᠤᠯᠭ᠋ᠠᠬᠤ ᠵᠢ ᠪᠠᠷᠢᠮᠳᠠᠯᠠᠨ᠎ᠠ᠃
ᠬᠤᠶᠠᠷ᠎ᠲᠤ᠂ ᠳᠦᠷᠢᠮ ᠳᠤᠭᠳᠠᠭ᠋ᠠᠯ ᠠ᠋ᠮᠬᠢ ᠵᠢᠷᠤᠮ ᠵᠶ᠋ᠡᠷ ᠰᠠᠭᠤᠷᠢ ᠪᠤᠯᠭ᠋ᠠᠬᠤ ᠵᠢ ᠪᠠᠷᠢᠮᠳᠠᠯᠠᠨ᠎ᠠ᠃
ᠭᠤᠷᠪᠠ᠎ᠳᠤ᠂ ᠭᠤᠤᠯᠴᠢ ᠰᠢᠳᠤᠷᠭᠤ᠎ᠪᠠᠷ ᠭᠤᠤᠯ ᠵᠤᠷᠢᠯᠭ᠎ᠠ ᠪᠤᠯᠭ᠋ᠠᠬᠤ ᠵᠢ ᠪᠠᠷᠢᠮᠳᠠᠯᠠᠨ᠎ᠠ᠃
ᠳᠦᠷᠪᠡ᠎ᠳᠤ᠂ ᠪᠦᠳᠦᠮᠵᠢᠳᠤ ᠠᠵᠢᠯᠯᠠᠭ᠎ᠠ᠎ᠪᠠᠷ ᠵᠢᠯᠤᠭᠤᠳᠤᠮᠵᠢ ᠪᠤᠯᠭ᠋ᠠᠬᠤ ᠵᠢ ᠪᠠᠷᠢᠮᠳᠠᠯᠠᠨ᠎ᠠ ᠭᠡᠵᠤ ᠵᠢᠭ᠋ᠠᠵᠤ ᠭᠠᠷᠭ᠋ᠠᠪᠠ᠃
ᠸᠠᠩ ᠢ᠂ ᠳᠤᠮᠳᠠᠳᠤ ᠤᠯᠤᠰ ᠬᠠᠷᠢᠭᠤᠴᠠᠯᠭ᠎ᠠ᠎ᠲᠠᠢ ᠳᠤᠮᠤ ᠤᠯᠤᠰ ᠪᠤᠯᠤᠭᠰᠠᠨ᠎ᠤ ᠬᠤᠪᠢ᠎ᠳᠤ ᠨᠠᠢ᠌ᠷᠠᠮᠳᠠᠯ ᠵᠶ᠋ᠡᠷ ᠬᠦᠭᠵᠢᠬᠦ ᠵᠠᠮ ᠵᠶ᠋ᠡᠷ ᠠ᠋ᠷᠡᠰ ᠵᠠᠮᠨᠠᠨ᠂ ᠡᠯ᠎ᠡ ᠤᠯᠤᠰ᠎ᠲᠠᠢ ᠬᠠᠮᠳᠤ᠎ᠪᠠᠷ ᠳᠡᠯᠡᠭᠡᠢ ᠵᠢᠨ ᠠ᠋ᠩᠭᠡ ᠳᠠᠢ᠌ᠪᠤᠩ ᠬᠢᠭᠡᠳ ᠠᠮᠤᠷ ᠳᠦᠪᠰᠢᠨ᠎ᠳᠤ ᠦᠵᠡᠬᠦᠯᠪᠡᠰᠤ ᠵᠤᠬᠢᠬᠤ ᠬᠤᠪᠢ ᠨᠡᠮᠡᠷᠢ᠎ᠪᠠᠨ ᠦᠵᠡᠬᠦᠯᠦᠨ᠎ᠡ ᠭᠡᠵᠤ ᠢᠯᠡᠷᠭᠡᠢ᠌ᠯᠡᠪᠡ᠃ ᠸᠠᠩ ᠢ᠂ ᠰᠤᠯᠤᠩᠭᠤᠰ ᠬᠤᠢ᠌ᠭ᠎ᠤᠨ ᠪᠠᠢ᠌ᠳᠠᠯ᠂ ᠢᠷᠡᠨ᠎ᠤ ᠴᠦᠮ᠎ᠠ᠂ ᠫᠠᠺᠢᠰᠲ᠋ᠠᠨ᠂ ᠪᠢᠷᠮᠠ ᠵᠡᠷᠭᠡ ᠵᠢᠨ ᠠᠰᠠᠭᠤᠳᠠᠯ᠎ᠤᠨ ᠳᠤᠬᠠᠢ ᠳᠤᠮᠳᠠᠳᠤ ᠤᠯᠤᠰ᠎ᠤᠨ ᠦᠵᠡᠯᠳᠡ ᠵᠤᠬᠰᠤᠯᠳᠠ᠎ᠪᠠᠨ ᠳᠤᠳᠤᠷᠬᠠᠢ᠌ᠯᠠᠵᠤ᠂ ᠰᠤᠯᠤᠩᠭᠤᠰ ᠬᠤᠢ᠌ᠭ᠎ᠤᠨ ᠠᠰᠠᠭᠤᠳᠠᠯ᠎ᠢ ᠰᠢᠢ᠍ᠳᠪᠤᠷᠢᠯᠡᠬᠦ ᠪᠦᠳᠦᠮᠵᠢᠳᠡᠢ ᠠᠷᠭ᠎ᠠ᠎ᠨᠢ ᠰᠤᠯᠤᠩᠭᠤᠰ ᠬᠤᠢ᠌ᠭᠲᠤ ᠴᠦᠮ᠎ᠠ ᠦᠭᠡᠢ ᠪᠤᠯᠭ᠋ᠠᠬᠤ ᠵᠢ ᠪᠡᠶᠡᠯᠡᠬᠦᠯᠬᠦ ᠵᠢᠨ ᠬᠠᠮᠳᠤ ᠰᠤᠯᠤᠩᠭᠤᠰ ᠬᠤᠢ᠌ᠭ᠎ᠤᠨ ᠨᠡᠢ᠌ᠷᠠᠮᠳᠠᠯᠤᠨ ᠳᠤᠭᠳᠠᠴᠠ ᠵᠢ ᠪᠠᠢ᠌ᠭᠤᠯᠬᠤ᠎ᠳᠤ ᠪᠤᠢ ᠭᠡᠵᠤ ᠢᠯᠡᠷᠭᠡᠢ᠌ᠯᠡᠪᠡ᠃ ᠳᠤᠮᠳᠠᠳᠤ ᠤᠯᠤᠰ ᠡᠯ᠎ᠡ ᠳᠠᠯ᠎ᠠ ᠵᠢᠨ᠎ᠬᠢᠨ᠎ᠢ ᠱᠠᠭ᠋ᠠᠷᠳᠠᠨ ᠢᠷᠡᠨ᠎ᠤ ᠴᠦᠮ᠎ᠠ ᠵᠢᠨ ᠠᠰᠠᠭᠤᠳᠠᠯ᠎ᠤᠨ ᠪᠦᠬᠦ ᠳᠠᠯ᠎ᠠ ᠵᠢᠨ ᠵᠦᠪᠳᠡᠯᠴᠡᠭᠡᠷ᠎ᠢ ᠵᠢᠷᠤᠮᠯᠠᠨ ᠭᠡᠷᠡᠭᠵᠢᠬᠦᠯᠬᠦ ᠵᠢ ᠠᠬᠢᠭᠤᠯᠤᠨ᠎ᠠ᠃ ᠫᠠᠺᠢᠰᠲ᠋ᠠᠨ᠎ᠤ ᠠᠰᠠᠭᠤᠳᠠᠯ᠎ᠢ ᠬᠠᠶᠠᠭ᠋ᠠᠨ᠎ᠳᠤ᠎ᠨᠢ ᠬᠠᠶᠠᠬᠤ ᠦᠭᠡᠢ ᠪᠠᠢ᠌ᠵᠤ ᠰᠢᠨ᠎ᠠ ᠴᠢᠷᠮᠠᠢ᠌ᠯᠭ᠎ᠠ ᠭᠠᠷᠭ᠋ᠠᠪᠠᠯ ᠵᠤᠬᠢᠨ᠎ᠠ ᠭᠡᠪᠡ᠃
ᠸᠠᠩ ᠢ᠂ ᠬᠦᠭᠵᠢᠬᠦᠯᠬᠦ᠎ᠨᠢ ᠤᠳᠤᠬᠠᠨ᠎ᠤ ᠳᠡᠯᠡᠭᠡᠢ ᠳ᠋ᠡᠬᠢᠨ᠎ᠳᠤ ᠳᠦᠢ᠍ᠯ᠎ᠤᠨ ᠴᠢᠬᠤᠯᠠᠲᠠᠢ᠃ ᠤᠯᠤᠰ ᠪᠦᠷᠢ ᠦᠪᠡᠷ᠎ᠤᠨ ᠤᠯᠤᠰ᠎ᠤᠨ ᠪᠠᠢ᠌ᠳᠠᠯ᠎ᠳᠤ᠎ᠪᠠᠨ ᠳᠤᠬᠢᠷᠠᠭᠰᠠᠨ ᠬᠦᠭᠵᠢᠯᠳᠡ ᠵᠢᠨ ᠵᠠᠮ᠎ᠢ ᠠ᠋ᠷᠢᠬᠦ ᠠ᠋ᠷᠭᠡ᠎ᠲᠠᠢ᠃ ᠡᠯ᠎ᠡ ᠤᠯᠤᠰ᠎ᠤᠨ᠎ᠬᠢᠨ ᠠᠵᠤ ᠠᠬᠤᠢ ᠳᠡᠯᠡᠭᠡᠢ᠌ᠵᠢᠭᠰᠡᠨ ᠶᠡᠭᠡ ᠪᠠᠢ᠌ᠳᠠᠯ᠎ᠳᠤ ᠵᠤᠬᠢᠴᠠᠬᠤ ᠵᠢᠨ ᠬᠠᠮᠳᠤ ᠨᠡᠭᠡᠭᠡᠯᠳᠡ᠎ᠲᠠᠢ᠂ ᠪᠠᠭᠳᠠᠭ᠋ᠠᠮᠵᠢᠳᠠᠢ᠂ ᠨᠡᠢ᠌ᠳᠡᠮ ᠠᠰᠢᠭ ᠬᠦᠷᠳᠡᠬᠦ᠂ ᠳᠡᠩᠴᠡᠬᠦᠷᠢᠳᠡᠢ᠂ ᠬᠠᠮᠳᠤ᠎ᠪᠠᠷ ᠠᠰᠢᠭ ᠤᠯᠬᠤ ᠴᠢᠭᠯᠡᠯᠳᠡ᠎ᠳᠤ ᠵᠤᠬᠢᠴᠠᠨ᠂ ᠤᠯᠤᠰ ᠪᠦᠷᠢ ᠵᠢᠴᠢ ᠬᠦᠮᠦᠨ ᠪᠦᠬᠦᠨ᠎ᠳᠤ ᠦᠨᠡᠨᠬᠦ ᠠᠰᠢᠭ ᠬᠦᠷᠳᠡᠭᠡᠬᠦ᠎ᠪᠠᠷ ᠴᠢᠷᠮᠠᠢ᠌ᠬᠤ ᠭᠡᠷᠡᠭᠳᠡᠢ᠃ ᠤᠯᠠᠨ ᠤᠯᠤᠰ᠎ᠤᠨ ᠠᠷᠠᠯᠵᠢᠶᠠᠨ᠎ᠤ ᠮᠦᠨ ᠴᠢᠨᠠᠷ᠎ᠨᠢ ᠳᠠᠪᠠᠭᠤᠯᠢᠭ ᠵᠶ᠋ᠡᠨ ᠬᠠᠷᠢᠯᠴᠠᠨ ᠨᠦᠬᠦᠪᠤᠷᠢᠯᠠᠵᠤ ᠬᠠᠷᠢᠯᠴᠠᠨ ᠠᠰᠢᠭᠲᠠᠢ ᠬᠠᠮᠳᠤ᠎ᠪᠠᠷ ᠠᠰᠢᠭ ᠤᠯᠬᠤ᠎ᠳᠤ ᠪᠤᠢ᠃ ᠳᠤᠮᠳᠠᠳᠤ ᠤᠯᠤᠰ᠎ᠤᠨ᠎ᠬᠢᠨ ᠠᠷᠠᠯᠵᠢᠶᠠᠨ᠎ᠤ ᠵᠦᠷᠢᠯᠳᠦᠭᠡᠨ᠎ᠳᠤ ᠴᠢᠭᠯᠡᠬᠦᠯᠦᠨ ᠠ᠋ᠷᠭᠡ ᠳᠡᠭᠰᠢ᠎ᠪᠠᠷ ᠶᠠᠷᠢᠯᠴᠠᠬᠤ ᠬᠢᠭᠡᠳ ᠵᠦᠪᠳᠡᠯᠴᠡᠬᠦ ᠵᠢ ᠪᠠᠷᠢᠮᠳᠠᠯᠠᠵᠤ᠂ ᠳᠤᠭᠳᠠᠭ᠋ᠠᠯ ᠪᠠ ᠬᠠᠮᠳᠤ ᠵᠢᠨ ᠳᠠᠨᠢᠯᠳᠠ ᠵᠢ ᠵᠢᠷᠤᠮᠯᠠᠨ ᠵᠤᠬᠢᠰᠳᠠᠢ ᠰᠢᠢ᠍ᠳᠪᠤᠷᠢᠯᠡᠭᠰᠡᠭᠡᠷ ᠢᠷᠡᠪᠡ᠃ ᠳᠤᠮᠳᠠᠳᠤ ᠤᠯᠤᠰ ᠬᠢᠬᠠᠵᠤ ᠰᠦᠷᠳᠡᠬᠦᠯᠵᠤ ᠳᠠᠷᠤᠯᠳᠠ ᠦᠭᠬᠦ ᠵᠢ ᠬᠦᠯᠢᠶᠡᠬᠦ ᠦᠭᠡᠢ᠃ ᠳᠤᠮᠳᠠᠳᠤ ᠤᠯᠤᠰ᠎ᠤᠨ᠎ᠬᠢᠨ ᠳᠤᠰ ᠪᠡᠶ᠎ᠡ ᠵᠢᠨ ᠳᠦᠪ ᠶᠤᠰᠤᠨ᠎ᠤ ᠠ᠋ᠷᠭᠡ ᠠᠰᠢᠭ ᠵᠶ᠋ᠡᠨ ᠬᠠᠮᠠᠭ᠋ᠠᠯᠠᠬᠤ᠎ᠪᠠᠷ ᠪᠠᠷᠠᠬᠤ ᠦᠭᠡᠢ ᠴᠢᠯᠦᠭᠡᠳᠤ ᠠᠷᠠᠯᠵᠢᠶᠠᠨ᠎ᠤ ᠰᠢᠰᠲᠸᠮ᠎ᠢ ᠬᠠᠮᠠᠭ᠋ᠠᠯᠠᠬᠤ᠂ ᠤᠯᠠᠨ ᠤᠯᠤᠰ᠎ᠤᠨ ᠳᠦᠷᠢᠮ ᠶᠤᠰᠤ ᠠ᠋ᠮᠬᠢ ᠵᠢᠷᠤᠮ᠎ᠢ ᠬᠠᠮᠠᠭ᠋ᠠᠯᠠᠬᠤ᠂ ᠳᠡᠯᠡᠭᠡᠢ ᠵᠢᠨ ᠠᠵᠤ ᠠᠬᠤᠢ ᠵᠢᠨ ᠰᠡᠷᠬᠦᠯᠳᠡ ᠵᠢᠨ ᠠᠯᠤᠰ᠎ᠤᠨ ᠳᠦᠯᠦᠪᠢ ᠬᠠᠮᠠᠭ᠋ᠠᠯᠠᠬᠤ᠂ ᠳᠡᠯᠡᠭᠡᠢ ᠵᠢᠨ ᠡᠯ᠎ᠡ ᠤᠯᠤᠰ᠎ᠤᠨ ᠬᠠᠮᠳᠤ ᠵᠢᠨ ᠠᠰᠢᠭ ᠳᠤᠰᠠ ᠵᠢ ᠬᠠᠮᠠᠭ᠋ᠠᠠᠯᠬᠤ ᠵᠤᠬᠰᠤᠯᠳᠠ ᠵᠢ ᠪᠠᠷᠢᠮᠳᠠᠯᠠᠨ᠎ᠠ ᠭᠡᠵᠤ ᠴᠢᠬᠤᠯᠠᠴᠢᠯᠠᠪᠠ᠃
ᠸᠠᠩ ᠢ᠂ ᠠ᠋ᠨᠡ ᠵᠢᠯ ᠪᠤᠯ ᠳᠤᠮᠳᠠᠳᠤ ᠤᠯᠤᠰ᠎ᠤᠨ ᠦᠭᠡᠷᠡᠴᠢᠯᠡᠯᠳᠡ ᠨᠡᠭᠡᠭᠡᠯᠳᠡ ᠬᠢᠭᠰᠡᠨ 40 ᠵᠢᠯ᠎ᠤᠨ ᠤᠢ ᠪᠤᠯᠤᠨ᠎ᠠ᠃ 40 ᠵᠢᠯ᠎ᠤᠨ ᠳᠤᠷᠰᠢᠳᠠ ᠪᠢᠳᠠ ᠳᠤᠮᠳᠠᠳᠤ ᠤᠯᠤᠰ᠎ᠤᠨ ᠤᠨᠴᠠᠯᠢᠭ᠎ᠲᠠᠢ ᠨᠡᠢ᠌ᠭᠡᠮ ᠵᠢᠷᠤᠮ᠎ᠤᠨ ᠵᠠᠮ ᠵᠶ᠋ᠡᠷ ᠵᠠᠮᠨᠠᠪᠠ᠂ ᠠ᠋ᠨᠡᠬᠦ ᠵᠠᠮ᠎ᠨᠢ ᠳᠤᠮᠳᠠᠳᠤ ᠤᠯᠤᠰ᠎ᠲᠤ ᠠᠤᠭ᠎ᠠ ᠶᠡᠭᠡ ᠬᠤᠪᠢᠷᠠᠯᠳᠠ ᠵᠢ ᠠᠪᠴᠢᠷᠠᠵᠤ᠂ ᠳᠡᠯᠡᠭᠡᠢ ᠳ᠋ᠡᠬᠢᠨ᠎ᠳᠤ ᠬᠠᠮᠳᠤ᠎ᠪᠠᠷ ᠬᠦᠭᠵᠢᠬᠦ ᠠᠵᠠ ᠳᠤᠬᠢᠶᠠᠯ ᠤᠯᠭᠤᠪᠠ᠃ ᠳᠤᠮᠳᠠᠳᠤ ᠤᠯᠤᠰ ᠠ᠋ᠬᠦᠳᠡ᠎ᠪᠠᠨ ᠳᠦᠭᠵᠢᠵᠤ ᠬᠤᠢ᠌ᠰᠢ ᠤᠬᠤᠷᠢᠬᠤ ᠦᠭᠡᠢ᠂ ᠨᠡᠭᠡᠭᠡᠯᠳᠡ ᠵᠢᠨ ᠠ᠋ᠬᠦᠳᠡ᠎ᠪᠠᠨ ᠨᠡᠭᠡᠭᠡᠬᠦ ᠳᠤᠳᠤᠮ ᠶᠡᠭᠡ ᠪᠤᠯᠭ᠋ᠠᠬᠤ ᠶᠤᠮ᠃ ᠳᠡᠷᠢᠬᠦᠯᠡᠭᠴᠢ ᠰᠢ ᠵᠢᠨ ᠫᠢᠩ᠎ᠤᠨ ᠳᠤᠷᠠᠳᠤᠨ ᠭᠠᠷᠭ᠋ᠠᠭᠰᠠᠨ 《ᠨᠢᠭᠡ ᠪᠦᠰᠡ ᠨᠢᠭᠡ ᠵᠠᠮ》᠎ᠢ ᠬᠠᠮᠳᠤ᠎ᠪᠠᠷ ᠪᠠᠢ᠌ᠭᠤᠯᠬᠤ ᠰᠠᠨᠠᠭ᠋ᠠᠴᠢᠯᠠᠭ᠎ᠠ ᠪᠤᠯ ᠳᠤᠮᠳᠠᠳᠤ ᠤᠯᠤᠰ᠎ᠠᠴᠠ ᠳᠡᠯᠡᠭᠡᠢ ᠨᠡᠢ᠌ᠳᠡ᠎ᠳᠤ ᠬᠠᠩᠭ᠋ᠠᠬᠤ ᠨᠡᠢ᠌ᠳᠡ ᠵᠢᠨ ᠪᠦᠳᠦᠭᠡᠭᠳᠡᠬᠦᠨ ᠪᠠᠢ᠌ᠵᠤ᠂ ᠳᠡᠷᠡ᠎ᠨᠢ ᠨᠢᠭᠡᠨᠳᠡ ᠭᠡᠪᠴᠢᠶ᠎ᠠ᠎ᠪᠠᠷ ᠬᠠᠮᠤᠭ ᠶᠡᠭᠡ ᠤᠯᠠᠨ ᠤᠯᠤᠰ᠎ᠤᠨ ᠬᠠᠮᠳᠤᠷᠠᠯᠴᠠᠭ᠋ᠠᠨ᠎ᠤ ᠳᠠᠪᠴᠠᠩ ᠪᠤᠯᠤᠭᠰᠠᠨ ᠭᠡᠵᠤ ᠢᠯᠡᠷᠭᠡᠢ᠌ᠯᠡᠪᠡ᠃
ᠸᠠᠩ ᠢ᠂ ᠦᠩᠭᠡᠷᠡᠭᠰᠡᠨ᠎ᠳᠤ ᠴᠤ᠌ ᠳᠡᠷᠡ᠂ ᠤᠳᠤᠬᠠᠨ᠎ᠳᠤ ᠪᠠ ᠢᠷᠡᠭᠡᠳᠦᠢ᠎ᠳᠤ ᠴᠤ᠌ ᠳᠡᠷᠡ᠂ ᠬᠦᠭᠵᠢᠵᠤ ᠪᠠᠢ᠌ᠭ᠎ᠠ ᠤᠯᠤᠰ᠎ᠤᠨ ᠪᠦᠯᠬᠦᠮᠳᠡᠯ ᠬᠠᠮᠳᠤᠷᠠᠯᠴᠠᠠᠭᠠ ᠵᠢ ᠦᠷᠭᠡᠳᠭᠡᠨ ᠴᠢᠩᠭ᠋ᠠᠳᠬᠠᠬᠤ᠎ᠨᠢ ᠳᠤᠮᠳᠠᠳᠤ ᠤᠯᠤᠰ᠎ᠤᠨ ᠭᠠᠳᠠᠭ᠋ᠠᠳᠤ ᠬᠠᠷᠢᠴᠠᠭ᠋ᠠᠨ᠎ᠤ ᠠ᠋ᠷᠡᠰ ᠭᠣᠢ᠌ᠪᠢᠰᠢ ᠦᠭᠡᠢ ᠪᠠᠷᠢᠮᠳᠠᠠᠯᠬᠤ ᠪᠠᠢ᠌ᠯᠳᠤᠬᠤ ᠪᠤᠳᠤᠯᠭ᠎ᠠ ᠵᠢᠨ ᠰᠤᠩᠭᠤᠯᠳᠠ ᠪᠤᠯᠤᠨ᠎ᠠ ᠭᠡᠵᠤ ᠴᠢᠬᠤᠯᠠᠴᠢᠯᠠᠪᠠ᠃
ᠸᠠᠩ ᠢ᠂ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠪᠤᠯ ᠤᠯᠠᠨ ᠳᠠᠯᠠᠳᠤ ᠦᠵᠡᠯ᠎ᠢ ᠳᠡᠮᠵᠢᠬᠦ ᠪᠡ ᠭᠡᠷᠡᠭᠵᠢᠬᠦᠯᠬᠦ ᠬᠠᠮᠤᠭ ᠴᠢᠬᠤᠯᠠ ᠳᠠᠪᠴᠠᠩ ᠪᠤᠯᠤᠨ᠎ᠠ᠃ ᠳᠡᠯᠡᠭᠡᠢ ᠨᠡᠢ᠌ᠳᠡ᠎ᠪᠠᠷ ᠵᠶ᠋ᠡᠨ ᠭᠠᠷ ᠬᠤᠯᠪᠤᠯᠴᠠᠨ᠂ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠵᠢᠨ ᠤᠯᠠᠨ ᠤᠯᠤᠰ᠎ᠤᠨ ᠭᠡᠷᠡᠭ ᠶᠠᠪᠤᠳᠠᠯ᠎ᠳᠤ ᠭᠤᠤᠯ ᠦᠢ᠍ᠯᠡᠳᠤᠯ ᠵᠶ᠋ᠡᠨ ᠪᠠᠳᠠᠷᠠᠭᠤᠯᠬᠤ ᠵᠢ ᠳᠡᠮᠵᠢᠵᠤ᠂ ᠡᠯ᠎ᠡ ᠤᠯᠤᠰ᠎ᠤᠨ ᠠᠷᠠᠳ ᠳᠦᠮᠡᠨ ᠰᠡᠳᠬᠢᠯ ᠨᠢᠭᠡᠳᠤᠨ ᠬᠠᠮᠳᠤ᠎ᠪᠠᠷ ᠴᠢᠷᠮᠠᠢ᠌ᠵᠤ᠂ ᠬᠦᠮᠦᠨ ᠳᠦᠷᠦᠯᠬᠢᠳᠡᠨ᠎ᠤ ᠬᠤᠪᠢ ᠵᠠᠶᠠᠭ᠋ᠠᠨ᠎ᠤ ᠬᠠᠮᠳᠤ ᠵᠢᠨ ᠴᠤᠭᠴᠠ ᠵᠢ ᠬᠠᠮᠳᠤ᠎ᠪᠠᠷ ᠪᠠᠢ᠌ᠭᠤᠯᠬᠤ ᠵᠢ ᠬᠦᠰᠡᠵᠤ ᠪᠠᠢ᠌ᠨ᠎ᠠ ᠭᠡᠵᠤ ᠢᠯᠡᠷᠭᠡᠢ᠌ᠯᠡᠪᠡ᠃