ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠯᠢ ᠺᠸ ᠴᠢᠶᠠᠩ ᠬᠤᠷᠠᠯ ᠬᠢᠵᠤ 《ᠬᠠᠴᠢᠨ ᠵᠢᠭ᠌ᠲᠠᠢ ᠭᠡᠷᠡᠴᠢ》᠎ᠤᠨ ᠴᠡᠭᠴᠡᠯᠠᠨ ᠵᠠᠰᠠᠬᠤ ᠵᠢ ᠰᠤᠳᠤᠯᠤᠨ ᠶᠠᠷᠢᠯᠴᠠᠪᠠ
ᠨᠡᠶᠢᠲᠡᠯᠡᠭᠰᠡᠨ ᠴᠠᠭ᠄ 2018-11-27

             
     9 ᠳ᠋ᠤᠭᠡᠷ ᠰᠠᠷ᠎ᠠ ᠵᠢᠨ 12᠎ᠤᠨ ᠠ᠋ᠳᠤᠷ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠢ᠌ᠩᠭᠤ ᠵᠢᠨ ᠬᠤᠷᠠᠯ ᠳᠡᠭᠡᠷ᠎ᠠ᠂ ᠶᠡᠷᠦᠩᠭᠡᠢ ᠰᠠᠢ᠌ᠳ ᠯᠢ ᠺᠸ ᠴᠢᠶᠠᠩ ᠵᠠᠭᠤᠴᠢᠯᠠᠭᠤᠷ᠎ᠤᠨ ᠮᠡᠳᠡᠭᠡᠯᠡᠭᠰᠡᠨ 《ᠬᠠᠴᠢᠨ ᠵᠢᠭ᠌ᠲᠠᠢ ᠭᠡᠷᠡᠴᠢ》᠎ᠪᠠᠷ ᠵᠢᠱ᠌ᠢᠶᠠᠯᠠᠵᠤ᠂ ᠡᠯ᠎ᠡ ᠵᠦᠢ᠍ᠯ᠎ᠤᠨ ᠭᠡᠷᠡᠴᠢ ᠵᠢ ᠴᠡᠪᠡᠷᠯᠠᠨ᠂ ᠠᠷᠠᠳ ᠤᠯᠠᠨ᠎ᠤ ᠤᠴᠢᠷ ᠶᠠᠪᠤᠳᠠᠯ ᠬᠦᠢ᠍ᠴᠡᠳᠭᠡᠬᠦ᠎ᠳᠤ ᠳᠦᠬᠦᠮ ᠪᠤᠯᠭ᠋ᠠᠬᠤ ᠭᠡᠷᠡᠭᠳᠡᠢ ᠭᠡᠵᠤ ᠱᠠᠭ᠋ᠠᠷᠳᠠᠵᠠᠢ᠃
      ᠯᠢ ᠺᠸ ᠴᠢᠶᠠᠩ᠄ 《ᠶᠡᠭᠡ ᠰᠠᠯᠬᠢᠨ᠎ᠳᠤ ᠬᠤᠭᠤᠷᠴᠤ ᠤᠨᠠᠭᠰᠠᠨ ᠮᠤᠳᠤ ᠮᠡᠰᠢᠨ ᠳᠡᠷᠭᠡ ᠵᠢ ᠳᠠᠷᠤᠭᠰᠠᠨ᠎ᠳᠤ ᠴᠠᠭ ᠠᠭᠤᠷ᠎ᠤᠨ ᠰᠠᠯᠠᠭ᠎ᠠ ᠮᠦᠴᠢᠷ᠎ᠠᠴᠠ 〈ᠰᠠᠯᠬᠢᠨ ᠬᠦᠴᠦᠨ᠎ᠤ ᠳᠤᠬᠠᠢ ᠴᠠᠭ ᠠᠭᠤᠷ᠎ᠤᠨ ᠭᠡᠷᠡᠴᠢ〉 ᠠᠪᠴᠤ᠂ ᠪᠠᠩᠬᠢ᠎ᠳᠤ ᠤᠴᠢᠵᠤ ᠬᠠᠭᠤᠴᠢᠷᠠᠵᠤ ᠰᠤᠢ᠌ᠳᠤᠭ᠌ᠰᠡᠨ ᠵᠤᠭᠤᠰ᠎ᠢ ᠰᠤᠯᠢᠬᠤ᠎ᠳᠤ ᠭᠤᠷᠪᠠᠳᠤᠭ᠋ᠠᠷ ᠳᠠᠯ᠎ᠠ ᠵᠢᠨ 〈ᠵᠤᠷᠢᠭᠤᠳᠠ᠎ᠪᠠᠷ ᠤᠷᠠᠵᠤ ᠬᠤᠬᠢᠷᠠᠭᠤᠯᠤᠭᠰᠠᠨ ᠪᠤᠰᠤ ᠭᠡᠬᠦ ᠭᠡᠷᠡᠴᠢ〉 ᠠᠪᠳᠠᠭ ᠪᠤᠯᠵᠤ᠂ ᠤᠯᠠᠨ ᠳᠦᠮᠡᠨ ᠤᠴᠢᠷ ᠶᠠᠪᠤᠳᠠᠯ ᠬᠦᠢ᠍ᠴᠡᠳᠭᠡᠬᠦ᠎ᠳᠤ᠎ᠪᠠᠨ ᠠᠷᠪᠢᠨ ᠭᠠᠵᠠᠷ ᠬᠦᠷᠴᠤ᠂ ᠤᠯᠠᠨ ᠬᠦᠮᠦᠨ᠎ᠢ ᠭᠤᠶᠤᠬᠤ ᠪᠤᠯᠵᠠᠢ᠃ ᠪᠢᠳᠡ ᠪᠦᠳᠦᠮᠵᠢᠳᠡᠢ ᠠᠷᠭ᠎ᠠ ᠭᠡᠮᠵᠢᠶ᠎ᠡ ᠳᠤᠭᠳᠠᠭ᠋ᠠᠵᠤ᠂ ᠳᠦᠷᠢᠮ᠎ᠤᠨ ᠳᠠᠯ᠎ᠠ᠎ᠪᠠᠷ ᠠ᠋ᠳᠡᠭᠡᠷ 〈ᠬᠠᠴᠢᠨ ᠵᠢᠭᠳᠡᠢ ᠭᠡᠷᠡᠴᠢ〉 ᠵᠢ ᠴᠡᠭᠴᠡᠯᠠᠨ ᠵᠠᠰᠠᠵᠤ ᠪᠤᠯᠬᠤ ᠦᠭᠡᠢ ᠭᠡᠵᠤ ᠤᠤ?》 ᠭᠡᠵᠤ ᠭᠡᠯᠡᠪᠡ᠃
      ᠳᠤᠰ ᠠ᠋ᠳᠤᠷ᠎ᠤᠨ ᠬᠤᠷᠠᠯ᠎ᠠᠴᠠ᠂ ᠡᠯ᠎ᠡ ᠭᠠᠵᠠᠷ᠂ ᠡᠯ᠎ᠡ ᠰᠠᠯᠠᠭ᠎ᠠ ᠮᠦᠴᠢᠷ᠎ᠤᠨ᠎ᠬᠢᠨ᠎ᠢ ᠠ᠋ᠳᠡᠭᠡᠷ ᠬᠠᠴᠢᠨ ᠵᠢᠭᠳᠡᠢ ᠭᠡᠷᠡᠴᠢ ᠵᠢ ᠠᠷᠢᠯᠭ᠋ᠠᠨ ᠴᠡᠪᠡᠷᠯᠡᠬᠦ ᠠᠵᠢᠯ᠎ᠤᠨ ᠠ᠋ᠬᠢᠨ᠎ᠤ ᠬᠤᠭᠤᠴᠠᠭ᠋ᠠᠨ᠎ᠤ ᠠᠮᠵᠢᠯᠳᠠ ᠵᠢᠨ ᠰᠠᠭᠤᠷᠢᠨ ᠳᠡᠭᠡᠷ᠎ᠠ᠂ ᠭᠡᠷᠡᠴᠢ ᠠᠪᠬᠤ᠎ᠪᠠᠷ ᠱᠠᠭ᠋ᠠᠷᠳᠠᠭᠰᠠᠨ ᠨᠢᠭᠡᠴᠢ ᠵᠢ ᠳᠠᠷᠠᠭ᠎ᠠ ᠠᠯᠬᠤᠮ᠎ᠤᠨ ᠴᠡᠭᠴᠡᠯᠡᠨ ᠵᠠᠰᠠᠬᠤ ᠭᠤᠤᠯᠳᠠᠯᠭ᠎ᠠ᠎ᠲᠠᠢ ᠨᠢᠭᠡᠴᠢ ᠪᠤᠯᠭ᠋ᠠᠵᠤ᠂ ᠠ᠋ᠬᠢᠨ᠎ᠠᠴᠠ᠎ᠨᠢ ᠵᠠᠰᠠᠵᠤ᠂ ᠭᠡᠷᠡᠴᠢ ᠠᠪᠬᠤ ᠵᠦᠢ᠍ᠯ᠎ᠢ ᠴᠦᠭᠡᠳᠭᠡᠬᠦ ᠭᠡᠷᠡᠭᠳᠡᠢ ᠭᠡᠵᠤ ᠱᠠᠭ᠋ᠠᠷᠳᠠᠵᠠᠢ᠃
      ᠠ᠋ᠳᠡᠭᠡᠷ ᠪᠠᠢ᠌ᠳᠠᠯ᠎ᠳᠤ ᠵᠤᠷᠢᠭᠤᠯᠤᠠᠨ ᠯᠢ ᠺᠸ ᠴᠢᠶᠠᠩ ᠭᠤᠷᠪᠠᠨ ᠵᠦᠢ᠍ᠯ᠎ᠤᠨ ᠱᠠᠭ᠋ᠠᠷᠳᠠᠯᠭ᠎ᠠ ᠳᠤᠷᠠᠳᠴᠠᠢ᠄ ᠨᠢᠭᠡ᠎ᠳᠤ᠂ ᠤᠯᠠᠨ ᠳᠦᠮᠡᠨ ᠭᠡᠷᠡᠭ ᠶᠠᠪᠤᠳᠠᠯ ᠬᠦᠢ᠍ᠴᠡᠳᠭᠡᠬᠦ᠎ᠳᠤ ᠬᠠᠤᠯᠢ ᠳᠦᠷᠢᠮ᠎ᠳᠤ ᠳᠤᠭᠳᠠᠭ᠋ᠠᠭᠰᠠᠨ᠎ᠠᠴᠠ ᠭᠠᠳᠠᠨ᠎ᠠ ᠦᠭᠡᠷ᠎ᠡ ᠶᠠᠮᠠᠷᠪᠠ ᠭᠡᠷᠡᠴᠢ ᠠᠪᠴᠤ ᠪᠤᠯᠬᠤ ᠦᠭᠡᠢ; ᠬᠤᠶᠠᠷ᠎ᠲᠤ᠂ ᠬᠠᠤᠯᠢ᠎ᠳᠤ ᠳᠤᠭᠳᠠᠭ᠋ᠠᠭᠰᠠᠨ᠎ᠠᠴᠠ ᠭᠠᠳᠠᠨᠠᠬᠢ ᠵᠠᠷᠢᠮ ᠵᠦᠢ᠍ᠯ᠎ᠠᠴᠠ ᠭᠡᠷᠡᠴᠢ ᠠᠪᠬᠤ ᠴᠢᠬᠤᠯᠠ᠎ᠲᠠᠢ ᠪᠤᠯ ᠭᠡᠷᠡᠴᠢ ᠠᠪᠬᠤ᠎ᠪᠠᠷ ᠱᠠᠭ᠋ᠠᠷᠳᠠᠭᠰᠠᠨ ᠨᠢᠭᠡᠴᠢ᠎ᠨᠢ ᠵᠦᠪ ᠳᠠᠯ᠎ᠠ ᠵᠢᠨ ᠨᠠᠷᠢᠨ ᠳᠠᠩᠰᠠ ᠪᠠᠢ᠌ᠭᠤᠯᠤᠨ ᠬᠠᠤᠯᠢ ᠴᠠᠭ᠋ᠠᠵᠠ ᠵᠢᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠵᠶ᠋ᠡᠷ ᠬᠢᠨᠠᠨ ᠵᠦᠪᠰᠢᠶᠡᠷᠡᠬᠦᠯᠬᠦ ᠭᠡᠷᠡᠭᠳᠡᠢ; ᠭᠤᠷᠪᠠ᠎ᠳᠤ᠂ ᠵᠦᠪ ᠳᠠᠯ᠎ᠠ ᠵᠢᠨ ᠨᠠᠷᠢᠨ ᠳᠠᠩᠰᠠ᠎ᠳᠤ ᠵᠢᠬᠰᠠᠭ᠋ᠠᠭᠰᠠᠨ᠎ᠠᠴᠠ ᠭᠠᠳᠠᠨ᠎ᠠ ᠦᠭᠡᠷ᠎ᠡ ᠶᠠᠮᠠᠷᠪᠠ ᠰᠢᠨ᠎ᠠ ᠭᠡᠷᠡᠴᠢ ᠠᠪᠴᠤ ᠪᠤᠯᠬᠤ ᠦᠭᠡᠢ ᠭᠡᠵᠡᠢ᠃
      ᠯᠢ ᠺᠸ ᠴᠢᠶᠠᠩ᠂ ᠤᠷᠳᠤ ᠬᠤᠭᠤᠴᠠᠭ᠋ᠠᠨ᠎ᠤ ᠳᠤᠷᠰᠢ᠂ ᠡᠯ᠎ᠡ ᠵᠦᠢ᠍ᠯ᠎ᠤᠨ ᠬᠠᠴᠢᠨ ᠵᠢᠭ᠌ᠳᠠᠢ ᠭᠡᠷᠡᠴᠢ ᠠᠪᠬᠤ ᠶᠠᠪᠤᠳᠠᠯ ᠳᠠᠰᠤᠷᠠᠯᠳᠠ ᠦᠭᠡᠢ ᠭᠠᠷᠴᠤ ᠠᠷᠠᠳ ᠤᠯᠠᠨ᠎ᠳᠤ ᠮᠠᠰᠢ ᠤᠯᠠᠨ ᠶᠠᠷᠰᠢᠭ ᠳᠦᠪᠡᠭ ᠤᠴᠠᠷᠠᠭᠤᠯᠵᠤ᠂ ᠠᠷᠠᠳ ᠤᠯᠠᠨ᠎ᠤ ᠤᠴᠢᠷ ᠶᠠᠪᠤᠳᠠᠯ ᠬᠦᠢ᠍ᠴᠡᠳᠭᠡᠬᠦ ᠵᠢᠨ ᠳᠦᠷᠢᠮ᠎ᠤᠨ ᠴᠢᠨᠠᠷ᠎ᠲᠠᠢ ᠦᠪᠡᠷ᠎ᠤᠨ ᠦᠷᠳᠡᠭ᠎ᠢ ᠶᠡᠭᠡᠪᠡᠷ ᠨᠡᠮᠡᠭᠳᠡᠬᠦᠯᠦᠭᠰᠡᠨ ᠵᠶ᠋ᠡᠷ ᠪᠠᠷᠠᠬᠤ ᠦᠭᠡᠢ ᠢᠯᠵᠡᠷᠡᠯ᠎ᠤᠨ ᠤᠷᠤᠨ ᠵᠠᠢ ᠵᠢ ᠪᠤᠢ ᠪᠤᠯᠭ᠋ᠠᠵᠠᠢ ᠭᠡᠵᠤ ᠭᠡᠯᠡᠪᠡ᠃
      ᠯᠢ ᠺᠸ ᠴᠢᠶᠠᠩ᠂ ᠠ᠋ᠷᠭᠡᠪᠰᠢ ᠭᠡᠷᠡᠴᠢᠯᠡᠬᠦ ᠴᠢᠬᠤᠯᠠ᠎ᠲᠠᠢ ᠵᠣᠢ᠌ᠯ᠎ᠢ ᠤᠯᠠᠨ᠎ᠠ ᠵᠠᠷᠯᠠᠨ ᠮᠡᠳᠡᠭᠳᠡᠵᠤ᠂ ᠠᠮᠠᠯᠠᠯᠳᠠ᠎ᠪᠠᠷ ᠰᠢᠭᠤᠳ ᠵᠦᠪᠰᠢᠶᠡᠷᠡᠬᠦ ᠳᠦᠷᠢᠮ᠎ᠢ ᠭᠡᠷᠡᠭᠵᠢᠬᠦᠯᠵᠤ᠂ ᠳᠤᠷ᠎ᠠ ᠳᠠᠪᠠ᠎ᠪᠠᠷ ᠵᠶ᠋ᠡᠨ ᠭᠡᠷᠡᠴᠢ ᠠᠪᠬᠤ ᠵᠢ ᠠ᠋ᠷᠡᠰ ᠵᠠᠯᠠᠷᠠᠭᠤᠯᠤᠨ᠂ ᠤᠯᠠᠨ ᠳᠦᠮᠡᠨ᠎ᠤ ᠤᠴᠢᠷ ᠶᠠᠪᠤᠳᠠᠯ ᠬᠦᠢ᠍ᠴᠡᠳᠭᠡᠬᠦ᠎ᠳᠤ ᠬᠦᠴᠢᠷᠳᠡᠬᠦ ᠠᠰᠠᠭᠤᠳᠠᠯ᠎ᠢ ᠦᠨᠡᠨᠬᠦ ᠰᠢᠢ᠍ᠳᠪᠤᠷᠢᠯᠡᠬᠦ ᠭᠡᠷᠡᠭᠳᠡᠢ ᠭᠡᠵᠤ ᠴᠢᠬᠤᠯᠠᠴᠢᠯᠠᠵᠠᠢ᠃

ᠢᠷᠡᠯᠲᠡ᠄ ᠦᠪᠤᠷ ᠮᠤᠩᠭᠤᠯ᠎ᠤᠨ ᠠᠷᠠᠤᠨ᠎ᠤᠨ ᠶᠠᠪᠤᠳᠠᠯ᠎ᠤᠨ ᠲᠢᠩᠭᠢᠮ᠎ᠤᠨ ᠭᠢᠳᠠᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠯᠢ ᠺᠸ ᠴᠢᠶᠠᠩ᠄ ᠠ᠋ᠳ᠋᠎ᠤᠨ ᠵᠠᠰᠠᠭ ᠠ᠋ᠨᠡᠬᠦ ᠵᠠᠷᠤᠳᠠᠯ᠎ᠢ ᠵᠠᠷᠤᠬᠤ᠎ᠨᠢ ᠵᠤᠬᠢᠰᠳᠠᠢ ᠭᠡᠪᠡ
ᠬᠤ᠌ ᠴᠦᠨ ᠬᠤᠸᠠ ᠬᠦᠮᠦᠨ᠎ᠤ ᠬᠦᠴᠦ᠎ᠪᠠᠷ ᠴᠠᠭ ᠠᠭᠤᠷ᠎ᠢ ᠨᠦᠯᠦᠭᠡᠯᠡᠬᠦ ᠠᠵᠢᠯ᠎ᠤᠨ ᠶᠠᠷᠢᠯᠴᠠᠬᠤ ᠬᠤᠷᠠᠯ᠎ᠳᠤ ᠤᠷᠤᠯᠴᠠᠭᠰᠠᠨ ᠪᠦᠭᠡᠳ ᠶᠡᠷᠢᠶ᠎ᠡ ᠳᠠᠯᠪᠢᠵᠠᠢ
ᠯᠢ ᠺᠸ ᠴᠢᠶᠠᠩ ᠹᠷᠠᠨᠼᠢ ᠵᠢᠨ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠯᠸᠳ᠋ᠸᠯᠢᠠᠠᠩ᠎ᠲᠠᠢ ᠠᠭᠤᠯᠵᠠᠪᠠ
ᠯᠢ ᠺᠸ ᠴᠢᠶᠠᠩ ᠸᠸᠨ᠋ᠸᠽᠦᠢ᠍ᠸᠯᠠ ᠵᠢᠨ ᠶᠡᠷᠦᠩᠭᠡᠢ᠌ᠯᠡᠭᠴᠢ ᠮᠠᠳᠦᠢ᠍ᠷᠦ᠋᠎ᠲᠠᠢ ᠠᠭᠤᠯᠵᠠᠪᠠ
ᠯᠢ ᠺᠸ ᠴᠢᠶᠠᠩ᠄ ᠵᠠᠬ᠎ᠠ ᠳᠡᠯᠭᠡᠬᠦᠷ᠎ᠲᠤ ᠳᠤᠰᠢᠶᠠᠬᠤ ᠵᠢ᠎ᠨᠢ ᠪᠦᠷᠢᠮᠦᠰᠤᠨ ᠳᠤᠰᠢᠶᠠᠨ ᠦᠭᠴᠤ ᠵᠠᠰᠠᠭ᠎ᠤᠨ ᠤᠷᠳᠤᠨ ᠬᠠᠮᠢᠶᠠᠷᠬᠤ ᠵᠢ᠎ᠨᠢ ᠰᠠᠢ᠌ᠳᠤᠷ ᠬᠠᠮᠢᠶᠠᠷᠬᠤ ᠭᠡᠷᠡᠭᠳᠡᠢ ᠭᠡᠪᠡ
 
            