8 ᠳ᠋ᠤᠭ᠋ᠠᠷ ᠰᠠᠷ᠎ᠠ ᠵᠢᠨ 4᠎ᠤ ᠠ᠋ᠳᠤᠷ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ ᠰᠢᠩᠭ᠋ᠠᠫᠤᠷ᠎ᠲᠤ ᠬᠤᠷᠠᠯᠳᠤᠭᠰᠠᠨ ᠳᠤᠷᠤᠨᠠᠳᠤ ᠠᠽᠢᠶ᠎ᠠ ᠵᠢᠨ ᠬᠠᠮᠳᠤᠷᠠᠯᠴᠠᠭ᠋ᠠᠨ᠎ᠤ ᠰᠢᠷᠢᠰ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ᠎ᠤᠨ ᠬᠤᠷᠠᠯ᠎ᠤᠨ ᠬᠤᠭᠤᠴᠠᠭ᠋ᠠᠨ᠎ᠳᠤ ᠪᠷᠦᠢ᠍ᠨ᠋ᠸᠢ ᠵᠢᠨ ᠭᠠᠳᠠᠭ᠋ᠠᠳᠤ ᠶᠠᠪᠤᠳᠠᠯ ᠪᠠ ᠠᠷᠠᠯᠵᠢᠶᠠᠨ᠎ᠤ ᠶᠠᠮᠤᠨ᠎ᠤ ᠬᠤᠶᠠᠳᠤᠭ᠋ᠠᠷ ᠰᠠᠢ᠌ᠳ ᠠᠢ᠌ᠷᠦᠢ᠌ᠸᠠᠨᠲᠠᠢ ᠠᠭᠤᠯᠵᠠᠪᠠ᠃
ᠸᠠᠩ ᠢ᠎ᠠᠴᠠ ᠳᠤᠮᠳᠠᠳᠤ ᠪᠷᠦᠢ᠍ᠨ᠋ᠸᠢ ᠬᠤᠶᠠᠷ ᠤᠯᠤᠰ ᠪᠤᠯ ᠨᠦᠬᠦᠷᠰᠡᠭ ᠬᠦᠷᠰᠢ ᠵᠡᠷᠭᠡᠯᠡᠳᠡᠭᠡ ᠤᠯᠤᠰ ᠪᠤᠯᠬᠤ ᠪᠦᠭᠡᠳ ᠳᠤᠳᠤᠨᠤᠰᠤᠭ ᠬᠠᠨᠢᠳᠠᠨ᠂ ᠬᠤᠶᠠᠷ ᠤᠯᠤᠰ᠎ᠤᠨ ᠤᠳᠤᠷᠢᠳᠬᠤ ᠬᠦᠮᠤᠰ ᠦᠨᠡᠨᠴᠢ ᠭᠤᠤᠯᠴᠢ ᠨᠦᠬᠦᠷᠯᠡᠯ᠎ᠢ ᠪᠠᠢ᠌ᠭᠤᠯᠵᠠᠢ᠂ ᠳᠤᠮᠳᠠᠳᠤ ᠪᠷᠦᠢ᠍ᠨ᠋ᠸᠢ ᠬᠤᠶᠠᠷ ᠤᠯᠤᠰ᠎ᠤᠨ ᠬᠠᠷᠢᠴᠠᠭ᠎ᠠ᠎ᠨᠢ ᠶᠡᠭᠡ ᠪᠠᠭ᠎ᠠ ᠤᠯᠤᠰ ᠬᠠᠷᠢᠯᠴᠠᠨ ᠠ᠋ᠷᠭᠡ ᠳᠡᠭᠰᠢ᠂ ᠠ᠋ᠶ᠎ᠡ ᠡᠪᠳᠡᠢ᠎ᠪᠠᠷ ᠬᠠᠮᠳᠤ ᠤᠷᠤᠰᠢᠭᠰᠠᠨ ᠦᠯᠢᠭᠡᠷ ᠳᠠᠭᠤᠷᠢᠶᠠᠯ ᠪᠤᠯᠬᠤ ᠶᠤᠮ᠃ ᠬᠤᠶᠠᠷ ᠤᠯᠤᠰ ᠪᠤᠯ ᠠ᠋ᠮᠤᠨᠡᠳᠤ ᠳᠠᠯᠠᠢ ᠵᠢᠨ ᠳᠡᠢ᠌ᠪᠤᠩ ᠳᠤᠭᠳᠠᠭᠤᠨ᠎ᠢ ᠬᠠᠮᠳᠤ᠎ᠪᠠᠷ ᠬᠠᠮᠠᠭ᠋ᠠᠯᠠᠨ᠂ ᠭᠠᠵᠠᠷ ᠤᠷᠤᠨ᠎ᠤ ᠵᠢᠭᠤᠷᠠᠯᠳᠤᠭ᠋ᠠᠨ᠎ᠢ ᠳᠤᠬᠢᠳᠠᠢ ᠰᠢᠢ᠍ᠳᠪᠤᠷᠢᠯᠡᠵᠤ᠂ ᠭᠠᠷ ᠬᠤᠯᠪᠤᠨ ᠬᠠᠮᠳᠤᠷᠠᠨ ᠠᠵᠢᠯᠯᠠᠭᠰᠠᠨ ᠵᠢᠱ᠌ᠢᠶ᠎ᠠ ᠪᠤᠯᠬᠤ ᠶᠤᠮ᠃ ᠳᠤᠮᠳᠠᠳᠤ ᠵᠢᠨ᠎ᠬᠢᠨ ᠳᠤᠷᠠᠳᠠᠶ᠎ᠠ ᠪᠷᠦᠢ᠍ᠨ᠋ᠸᠢ᠎ᠲᠠᠢ ᠳᠡᠭᠡᠳᠤ ᠳᠠᠪᠬᠤᠷᠭ᠋ᠠᠨ᠎ᠤ ᠶᠠᠪᠤᠯᠴᠠᠭ᠎ᠠ᠎ᠪᠠᠨ ᠪᠠᠷᠢᠮᠳᠠᠯᠠᠵᠤ᠂ 《ᠨᠢᠭᠡ ᠪᠦᠰᠡ ᠨᠢᠭᠡ ᠵᠠᠮ》᠎ᠤᠨ ᠰᠠᠨᠠᠭ᠋ᠠᠴᠢᠯᠠᠭ᠎ᠠ ᠪᠤᠯᠤᠨ ᠪᠷᠦᠢ᠍ᠨ᠋ᠸᠢ ᠵᠢᠨ 《2035 ᠬᠤᠷᠸ᠎ᠠ ᠬᠦᠰᠡᠯ》᠎ᠢ ᠠᠪᠴᠠᠯᠳᠤᠭᠤᠯᠤᠨ᠂ ᠬᠤᠶᠠᠷ ᠤᠯᠤᠰ᠎ᠤᠨ ᠬᠠᠮᠳᠤᠷᠠᠨ ᠠᠵᠢᠯᠯᠠᠬᠤ ᠬᠦᠷᠢᠶ᠎ᠠ ᠴᠠᠷᠠᠭ᠎ᠠ᠎ᠪᠠᠨ ᠦᠷᠭᠡᠳᠭᠡᠵᠤ᠂ ᠳᠠᠯᠠᠢ ᠳᠡᠭᠡᠷᠡᠬᠢ ᠬᠠᠮᠳᠤᠷᠠᠯᠴᠠᠭ᠎ᠠ᠎ᠪᠠᠨ ᠯᠠᠪᠳᠠᠭᠤᠨ ᠵᠶ᠋ᠡᠷ ᠠᠬᠢᠭᠤᠯᠤᠨ᠂ ᠪᠷᠦᠢ᠍ᠨ᠋ᠸᠢ ᠵᠢᠨ ᠠᠵᠤ ᠠᠬᠤᠢ ᠵᠢᠨ ᠤᠯᠠᠨ ᠠ᠋ᠰᠢᠵᠢᠯᠳᠡ ᠵᠢ ᠠᠬᠢᠭᠤᠯᠬᠤ ᠵᠢ ᠳᠡᠮᠵᠢᠨ᠎ᠠ᠃ ᠬᠤᠶᠠᠷ ᠳᠠᠯ᠎ᠠ᠎ᠪᠠᠷ ᠵᠶ᠋ᠡᠨ ᠳᠤᠮᠳᠠᠳᠤ ᠤᠯᠤᠰ — ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ ᠵᠢᠨ ᠵᠡᠬᠦᠨ ᠪᠡᠶ᠎ᠡ ᠵᠢᠨ ᠦᠰᠦᠯᠳᠡ ᠵᠢᠨ ᠤᠷᠤᠨ᠎ᠤ ᠬᠠᠮᠳᠤᠷᠠᠯᠴᠠᠭ᠎ᠠ᠎ᠪᠠᠨ ᠨᠢᠬᠳᠠᠷᠠᠭᠤᠯᠬᠤ ᠵᠢ ᠪᠠᠷᠢᠮᠳᠠᠯᠠᠵᠤ᠂ ᠤᠨᠴᠠᠯᠢᠬᠳᠤ ᠤᠷᠤᠨ᠎ᠤ ᠬᠠᠮᠳᠤᠷᠠᠯᠴᠠᠭ᠋ᠠᠨ᠎ᠤ ᠰᠢᠨ᠎ᠠ ᠵᠠᠬ᠍ᠪᠤᠷ᠎ᠢ ᠠ᠋ᠬᠦᠳᠤᠨ᠂ ᠳᠤᠮᠳᠠᠳᠤ ᠪᠷᠦᠢ᠍ᠨ᠋ᠸᠢ ᠵᠢᠨ ᠬᠠᠷᠢᠴᠠᠭ᠋ᠠᠨ᠎ᠤ ᠰᠢᠨ᠎ᠠ ᠬᠦᠭᠵᠢᠯᠳᠡ ᠵᠢ ᠠᠬᠢᠭᠤᠯᠤᠨ᠎ᠠ ᠭᠡᠵᠤ ᠢᠯᠡᠷᠭᠡᠢ᠌ᠯᠡᠪᠡ᠃
ᠠᠢ᠌ᠷᠦᠢ᠌ᠸᠠᠨᠠᠴᠠ ᠪᠷᠦᠢ᠍ᠨ᠋ᠸᠢ ᠳᠤᠮᠳᠠᠳᠤ ᠵᠢᠨ ᠬᠠᠷᠢᠴᠠᠭ᠎ᠠ ᠳᠤᠩ ᠰᠠᠢ᠌ᠨ ᠶᠤᠮ᠃ ᠪᠷᠦᠢ᠍ᠨ᠋ᠸᠢ ᠵᠢᠨ᠎ᠬᠢᠨ ᠬᠤᠶᠠᠷ ᠤᠯᠤᠰ᠎ᠤᠨ ᠳᠡᠭᠡᠳᠤ ᠳᠠᠪᠬᠤᠷᠭ᠋ᠠᠨ᠎ᠤ ᠬᠠᠷᠢᠯᠴᠠᠨ ᠠᠢ᠌ᠯᠴᠢᠯᠠᠬᠤ᠂ ᠡᠯ᠎ᠠ ᠬᠦᠷᠢᠶ᠎ᠡ ᠴᠠᠷᠠᠭ᠎ᠠ ᠵᠢᠨ ᠪᠤᠳᠠᠳᠠᠢ ᠵᠢ ᠠ᠋ᠷᠭᠢᠮᠯᠡᠭᠰᠡᠨ ᠬᠠᠷᠢᠴᠠᠭ᠎ᠠ᠎ᠪᠠᠨ ᠴᠢᠩᠭ᠋ᠠᠳᠬᠠᠬᠤ᠂ ᠤᠯᠠᠨ ᠤᠯᠤᠰ᠂ ᠭᠠᠵᠠᠷ ᠤᠷᠤᠨ᠎ᠤ ᠠᠰᠠᠭᠤᠳᠠᠯ᠎ᠢ ᠵᠦᠪᠳᠡᠨ ᠤᠯᠤᠯᠴᠠᠬᠤ ᠵᠢ ᠬᠦᠰᠡᠵᠤ ᠪᠠᠢ᠌ᠨ᠎ᠠ᠃ ᠪᠷᠦᠢ᠍ᠨ᠋ᠸᠢ ᠵᠢᠨ᠎ᠬᠢᠨ ᠳᠤᠮᠳᠠᠳᠤ ᠤᠯᠤᠰ᠎ᠤᠨ ᠵᠡᠬᠦᠨ ᠠ᠋ᠮᠤᠨᠡᠳᠤ ᠠᠽᠢᠶ᠎ᠠ ᠵᠢᠨ ᠬᠠᠮᠳᠤ ᠵᠢᠨ ᠴᠤᠭᠴᠠ ᠵᠢᠨ ᠪᠦᠳᠦᠭᠡᠨ ᠪᠠᠢ᠌ᠭᠤᠯᠤᠯᠳᠠ ᠵᠢ ᠳᠡᠮᠵᠢᠬᠦ ᠵᠤᠷᠢᠭ ᠰᠠᠨᠠᠭ᠎ᠠ ᠵᠢ ᠪᠠᠬᠠᠷᠬᠠᠵᠤ᠂ ᠳᠤᠮᠳᠠᠳᠤ ᠤᠯᠤᠰ — ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ ᠵᠢᠨ ᠵᠡᠬᠦᠨ ᠪᠡᠶ᠎ᠡ ᠵᠢᠨ ᠦᠰᠦᠯᠳᠡ ᠵᠢᠨ ᠤᠷᠤᠨ᠎ᠤ ᠬᠠᠮᠳᠤᠷᠠᠯᠴᠠᠭ᠎ᠠ᠎ᠨᠢ ᠪᠠᠢ᠌ᠯᠳᠤᠬᠤ ᠪᠤᠳᠤᠯᠭ᠎ᠠ ᠵᠢᠨ ᠠᠴᠢ ᠬᠤᠯᠪᠤᠭᠳᠠᠯ᠎ᠲᠠᠢ ᠪᠦᠭᠡᠳ ᠵᠡᠬᠦᠨ ᠠ᠋ᠮᠤᠨᠡᠳᠤ ᠠᠽᠢᠶ᠎ᠠ ᠵᠢᠨ ᠬᠤᠯᠪᠤᠭ᠋ᠠᠨ᠎ᠤ ᠤᠯᠤᠰ᠎ᠤᠨ ᠠᠵᠤ ᠠᠬᠤᠢ ᠵᠢᠨ ᠬᠦᠭᠵᠢᠯᠳᠡ ᠵᠢ ᠠᠬᠢᠭᠤᠯᠬᠤ᠎ᠳᠤ ᠳᠤᠰᠠ᠎ᠲᠠᠢ ᠮᠦᠷᠳᠡᠭᠡᠨ ᠪᠷᠦᠢ᠍ᠨ᠋ᠸᠢ ᠳᠤᠮᠳᠠᠳᠤ ᠵᠢᠨ ᠬᠠᠷᠢᠴᠠᠭ᠎ᠠ ᠵᠢ ᠤᠯᠠᠮ ᠵᠶ᠋ᠡᠷ ᠬᠦᠭᠵᠢᠬᠦᠯᠬᠦ᠎ᠳᠤ ᠠᠰᠢᠭᠲᠠᠢ ᠭᠡᠵᠤ ᠦᠵᠡᠵᠤ ᠪᠤᠢ᠃ ᠪᠷᠦᠢ᠍ᠨ᠋ᠸᠢ ᠵᠢᠨ᠎ᠬᠢᠨ ᠳᠤᠷᠠᠳᠠᠶ᠎ᠠ ᠳᠤᠮᠳᠠᠳᠤ ᠤᠯᠤᠰ᠎ᠲᠠᠢ ᠬᠠᠮᠳᠤ᠎ᠪᠠᠷ ᠴᠢᠷᠮᠠᠢ᠌ᠵᠤ ᠪᠷᠦᠢ᠍ᠨ᠋ᠸᠢ ᠳᠤᠮᠳᠠᠳᠤ ᠪᠤᠯᠤᠨ ᠵᠠᠬᠦᠨ ᠠ᠋ᠮᠤᠨᠡᠳᠤ ᠠᠽᠢᠶ᠎ᠠ ᠵᠢᠨ ᠬᠤᠯᠪᠤᠭ᠎ᠠ — ᠳᠤᠮᠳᠠᠳᠤ ᠤᠯᠤᠰ᠎ᠤᠨ ᠬᠠᠷᠢᠴᠠᠭ᠎ᠠ ᠵᠢ ᠨᠡᠩ ᠰᠠᠢ᠌ᠨ ᠠᠬᠢᠭᠤᠯᠤᠨ᠎ᠠ ᠭᠡᠵᠤ ᠢᠯᠡᠷᠭᠡᠢ᠌ᠯᠡᠪᠡ᠃