ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠬᠠᠨ ᠵᠸᠩ ᠭᠤᠸᠠᠩᠳᠦᠢ᠍ᠩ᠎ᠳᠤ ᠪᠠᠢ᠌ᠴᠠᠭ᠋ᠠᠨ ᠰᠤᠳᠤᠯᠤᠯᠳᠠ ᠬᠢᠪᠠ
ᠨᠡᠶᠢᠲᠡᠯᠡᠭᠰᠡᠨ ᠴᠠᠭ᠄ 2018-07-16


      ᠰᠢᠨᠬᠤᠸᠠ ᠬᠤᠷᠢᠶᠠᠨ᠎ᠤ ᠭᠤᠸᠠᠩᠵᠸᠤ ᠵᠢᠨ 5 ᠳ᠋ᠤᠭ᠋ᠠᠷ ᠰᠠᠷ᠎ᠠ ᠵᠢᠨ 23᠎ᠤ ᠠ᠋ᠳᠤᠷ᠎ᠤᠨ ᠴᠠᠬᠢᠯᠭ᠋ᠠᠨ ᠮᠡᠳᠡᠭᠡ (ᠰᠤᠷᠪᠤᠯᠵᠢᠯᠠᠭᠴᠢ ᠵᠤᠤ ᠴᠣᠣ) 5 ᠳ᠋ᠤᠭ᠋ᠠᠷ ᠰᠠᠷ᠎ᠠ ᠵᠢᠨ 20᠎ᠤ ᠠ᠋ᠳᠤᠷ᠎ᠠᠴᠠ 22᠎ᠤᠨ ᠠ᠋ᠳᠤᠷ ᠪᠤᠯᠳᠠᠯ᠎ᠠ᠂ ᠨᠠᠮ᠎ᠤᠨ ᠳᠦᠪ ᠬᠤᠷᠢᠶᠠᠨ᠎ᠤ ᠤᠯᠤᠰ ᠳᠦᠷᠦ ᠵᠢᠨ ᠳᠤᠪᠴᠢᠶᠠᠨ᠎ᠤ ᠪᠠᠢ᠌ᠩᠭᠤ ᠵᠢᠨ ᠭᠡᠰᠢᠬᠦᠨ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠳᠡᠳ᠋ ᠶᠡᠷᠦᠩᠭᠡᠢ ᠰᠠᠢ᠌ᠳ ᠬᠠᠨ ᠵᠸᠩ ᠭᠤᠸᠠᠩᠳᠦᠢ᠍ᠩ᠎ᠤᠨ ᠴᠢᠯᠦᠭᠡᠳᠤ ᠠᠷᠠᠯᠵᠢᠶᠠᠨ᠎ᠤ ᠳᠤᠷᠰᠢᠯᠳᠠ ᠵᠢᠨ ᠤᠷᠤᠨ᠎ᠤ ᠪᠦᠳᠦᠭᠡᠨ ᠪᠠᠢ᠌ᠭᠤᠯᠤᠯᠳᠠ᠂ ᠭᠤᠸᠠᠩᠳᠦᠢ᠍ᠩ ᠮᠤᠵᠢ ᠪᠤᠯᠤᠨ ᠰᠢᠶᠠᠩᠭ᠋ᠠᠩ ᠤᠤᠮᠸᠨ᠎ᠤ ᠬᠤᠷᠰᠢᠯᠴᠠᠭ᠎ᠠ ᠵᠢ ᠭᠦᠨᠵᠡᠭᠡᠢ᠌ᠷᠡᠭᠦᠯᠬᠦ ᠵᠡᠷᠭᠡ ᠠᠵᠢᠯ᠎ᠢ ᠪᠠᠢ᠌ᠴᠠᠭ᠋ᠠᠨ ᠰᠤᠳᠤᠯᠪᠠ᠃
      ᠬᠠᠨ ᠵᠸᠩ ᠤᠷᠢᠳ ᠬᠤᠵᠢᠳ ᠭᠤᠸᠠᠩᠳᠦᠢ᠍ᠩ᠎ᠤᠨ ᠴᠢᠯᠦᠭᠡᠳᠤ ᠠᠷᠠᠯᠵᠢᠶᠠᠨ᠎ᠤ ᠳᠤᠷᠰᠢᠯᠳᠠ ᠵᠢᠨ ᠤᠷᠤᠨ᠎ᠤ ᠵᠦᠬᠠᠢ ᠵᠢᠨ ᠬᠤᠸᠠᠩ ᠴᠢᠨ ᠳᠤᠭᠤᠷᠢᠭ᠂ ᠭᠤᠸᠠᠩᠵᠸᠤ ᠵᠢᠨ ᠨᠠᠨ ᠱᠠ ᠳᠤᠭᠤᠷᠢᠭ᠂ ᠱᠸᠨᠵᠸᠨ᠎ᠤ ᠴᠢᠶᠠᠨ ᠬᠠᠢ ᠱᠸ ᠺᠸᠤ ᠳᠤᠭᠤᠷᠢᠭ ᠵᠶ᠋ᠡᠷ ᠬᠦᠷᠴᠤ᠂ ᠴᠢᠯᠦᠭᠡᠳᠤ ᠠᠷᠠᠯᠵᠢᠶᠠᠨ᠎ᠤ ᠳᠤᠭᠤᠷᠢᠭ᠎ᠤᠨ ᠳᠦᠯᠦᠪᠵᠢᠬᠦᠯᠭᠡ ᠪᠦᠳᠦᠭᠡᠨ ᠪᠠᠢ᠌ᠭᠤᠯᠤᠯᠳᠠ ᠬᠦᠭᠵᠢᠯᠳᠡ ᠵᠢᠨ ᠪᠠᠢ᠌ᠳᠠᠯ᠎ᠢ ᠪᠠᠢ᠌ᠴᠠᠭ᠋ᠠᠨ ᠰᠤᠳᠤᠯᠪᠠ᠃ ᠬᠠᠨ ᠵᠸᠩ ᠰᠢᠶᠠᠩᠭ᠋ᠠᠩ ᠵᠦᠬᠠᠢ ᠤᠤᠮᠸᠨ᠎ᠤ ᠳᠤᠮᠤ ᠬᠦᠬᠦᠷᠭᠡ ᠵᠢᠨ ᠪᠦᠳᠦᠭᠡᠨ ᠪᠠᠢ᠌ᠭᠤᠯᠤᠯᠳᠠ ᠵᠢᠨ ᠳᠤᠬᠠᠢ ᠵᠢᠨ ᠳᠠᠯᠠᠪᠠᠢ᠎ᠳᠤ ᠪᠠᠢ᠌ᠴᠠᠭ᠋ᠠᠨ ᠰᠤᠳᠤᠯᠬᠤ ᠵᠢᠨ ᠬᠠᠮᠳᠤ ᠬᠦᠬᠦᠷᠭᠡ ᠨᠡᠪᠳᠡᠷᠡᠬᠦ ᠪᠡᠯᠡᠳᠭᠡᠯ ᠠᠵᠢᠯ᠎ᠤᠨ ᠪᠠᠢ᠌ᠳᠠᠯ᠎ᠢ ᠠᠰᠠᠭᠤᠨ ᠤᠢ᠌ᠯᠠᠭ᠋ᠠᠪᠠ᠃ ᠭᠤᠸᠠᠩᠳᠦᠢ᠍ᠩ ᠤᠤᠮᠸᠨ᠎ᠤ ᠬᠤᠷᠰᠢᠭᠰᠠᠨ ᠬᠢᠳᠡᠳ ᠡᠮ ᠠ᠋ᠮᠨᠡᠯᠭᠡ ᠵᠢᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠠᠵᠤ ᠦᠢ᠍ᠯᠡᠰ᠎ᠤᠨ ᠬᠦᠷᠢᠶᠡᠯᠡᠩ᠂ ᠱᠸᠨᠵᠸᠨ ᠰᠢᠶᠠᠩᠭ᠋ᠠᠩ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠠ ᠵᠢ ᠠ᠋ᠬᠦᠳᠬᠦ ᠤᠨᠴᠠᠭ᠋ᠠᠢ ᠬᠤᠷᠰᠢᠭᠰᠠᠨ ᠳᠤᠭᠤᠷᠢᠭ ᠵᠶ᠋ᠡᠷ ᠬᠦᠷᠴᠤ ᠪᠦᠳᠦᠭᠡᠨ ᠪᠠᠢ᠌ᠭᠤᠯᠤᠯᠳᠠ ᠪᠤᠯᠤᠨ ᠬᠦᠭᠵᠢᠯᠳᠡ ᠵᠢᠨ ᠢᠷᠡᠭᠡᠳᠦᠢ ᠵᠢ ᠤᠢ᠌ᠯᠠᠭ᠋ᠠᠪᠠ; ᠴᠢᠶᠡᠨ ᠬᠠᠢ ᠵᠢᠨ e ᠦᠷᠳᠡᠭᠡᠨ᠎ᠤ ᠨᠡᠪᠳᠡᠷᠡᠯᠭᠡ ᠦᠢ᠍ᠯᠡᠴᠢᠯᠡᠭᠡᠨ᠎ᠤ ᠳᠦᠪ᠎ᠲᠤ ᠬᠦᠷᠴᠤ ᠦᠢ᠍ᠯᠡᠴᠢᠯᠡᠭᠡᠨ᠎ᠤ ᠴᠤᠩᠬᠤ ᠪᠠ ᠦᠭᠡᠷᠡᠴᠢᠯᠡᠯᠳᠡ ᠵᠢᠨ ᠪᠦᠬᠦ ᠪᠠᠢ᠌ᠳᠠᠯ᠎ᠢ ᠪᠠᠢ᠌ᠴᠠᠭ᠋ᠠᠨ ᠦᠵᠡᠭᠰᠡᠨ ᠪᠦᠭᠡᠳ ᠬᠤᠸᠠ ᠸᠸᠢ ᠮᠡᠷᠭᠡᠵᠢᠯ᠎ᠤᠨ ᠬᠢᠵᠠᠭ᠋ᠠᠷᠳᠤ ᠬᠠᠷᠢᠭᠤᠴᠠᠯᠭ᠋ᠠᠳᠤ ᠺᠤᠮᠫᠠᠨᠢ᠎ᠳᠤ ᠬᠦᠷᠴᠤ ᠠᠵᠤ ᠠᠬᠤᠢ᠌ᠯᠠᠯ᠎ᠤᠨ ᠭᠤᠤᠯᠯᠠᠭᠴᠢ ᠮᠡᠷᠭᠡᠵᠢᠯ᠎ᠤᠨ ᠰᠤᠳᠤᠯᠤᠨ ᠬᠦᠭᠵᠢᠬᠦᠯᠦᠭᠰᠡᠨ ᠪᠠᠢ᠌ᠳᠠᠯ ᠪᠠ ᠲᠣᠭ᠋ᠠᠴᠢᠯᠠᠯᠲᠠ ᠤᠷᠤᠭᠤ ᠰᠢᠯᠵᠢᠭᠦᠯᠤᠭ᠌ᠰᠡᠨ ᠪᠠᠢ᠌ᠳᠠᠯ᠎ᠢ ᠤᠢ᠌ᠯᠠᠭ᠋ᠠᠪᠠ᠃ ᠬᠠᠨ ᠵᠸᠩ ᠴᠢᠶᠡᠨ ᠬᠠᠢ ᠵᠢᠨ ᠱᠸᠨᠵᠸᠨ ᠰᠢᠶᠠᠩᠭ᠋ᠠᠩ᠎ᠤᠨ ᠵᠠᠯᠠᠭᠤᠴᠤᠳ᠎ᠤᠨ ᠦᠢ᠍ᠯᠡᠰ ᠪᠤᠰᠬᠠᠨ ᠰᠢᠨ᠎ᠠ ᠵᠢ ᠠ᠋ᠬᠦᠳᠬᠦ ᠪᠦᠯᠬᠦᠮ᠎ᠲᠠᠢ ᠰᠠᠨᠠᠯ ᠵᠶ᠋ᠡᠨ ᠰᠤᠯᠢᠯᠴᠠᠵᠤ᠂ ᠳᠦᠷᠦᠯ ᠵᠦᠢ᠍ᠯ᠎ᠢ ᠰᠤᠳᠤᠯᠤᠨ ᠬᠦᠭᠵᠢᠬᠦᠯᠵᠤ ᠪᠠᠢ᠌ᠭ᠎ᠠ ᠪᠠᠢ᠌ᠳᠠᠯ᠂ ᠵᠠᠬ᠎ᠠ ᠳᠡᠯᠭᠡᠬᠦᠷ᠎ᠤᠨ ᠠᠯᠤᠰ ᠢᠷᠡᠭᠡᠳᠦᠢ᠂ ᠳᠦᠷᠦ ᠵᠢᠨ ᠪᠤᠳᠤᠯᠭ᠎ᠠ ᠵᠢᠨ ᠳᠡᠮᠵᠢᠯᠭᠡ ᠵᠡᠷᠭᠡ ᠵᠢᠨ ᠪᠠᠢ᠌ᠳᠠᠯ᠎ᠢ ᠨᠠᠷᠢᠨ ᠤᠢ᠌ᠯᠠᠭ᠋ᠠᠪᠠ᠃
     22᠎ᠤᠨ ᠦᠳᠡ ᠵᠢᠨ ᠬᠤᠢ᠌ᠨ᠎ᠠ ᠬᠠᠨ ᠵᠸᠩ ᠱᠸᠨᠵᠸᠨ᠎ᠳᠤ ᠨᠡᠭᠡᠭᠡᠯᠳᠡ ᠵᠢ ᠦᠷᠭᠡᠳᠬᠦ ᠠᠵᠢᠯ᠎ᠤᠨ ᠶᠠᠷᠢᠯᠴᠠᠬᠤ ᠬᠤᠷᠠᠯ᠎ᠢ ᠠ᠋ᠷᠬᠢᠯᠡᠨ ᠬᠤᠷᠠᠯᠳᠤᠭᠤᠯᠤᠭᠰᠠᠨ ᠪᠦᠭᠡᠳ ᠶᠠᠷᠢᠶ᠎ᠠ ᠳᠠᠯᠪᠢᠪᠠ᠃ ᠬᠠᠨ ᠵᠸᠩ᠂ ᠭᠤᠸᠠᠩᠳᠦᠢ᠍ᠩ᠎ᠤᠨ ᠴᠢᠯᠦᠭᠡᠳᠤ ᠠᠷᠠᠯᠵᠢᠶᠠᠨ᠎ᠤ ᠳᠤᠷᠰᠢᠯᠳᠠ ᠵᠢᠨ ᠤᠷᠤᠨ᠎ᠤ ᠪᠦᠳᠦᠭᠡᠨ ᠪᠠᠢ᠌ᠭᠤᠯᠤᠯᠳᠠ᠎ᠨᠢ ᠳᠦᠷᠢᠮ ᠵᠶ᠋ᠠᠨ ᠰᠢᠨᠡᠴᠢᠯᠡᠬᠦ ᠠ᠋ᠨᠡᠬᠦ ᠭᠤᠤᠯᠯᠠᠭᠴᠢ ᠠ᠋ᠬᠦᠷᠭᠡ ᠵᠢ ᠴᠢᠩᠭ᠎ᠠ ᠠᠳᠬᠤᠨ᠂ ᠮᠠᠰᠢ ᠤᠯᠠᠨ ᠳᠠᠭᠤᠷᠢᠶᠠᠵᠤ ᠳᠡᠯᠭᠡᠷᠡᠬᠦᠯᠵᠤ ᠪᠤᠯᠬᠤᠢ᠌ᠴᠠ ᠳᠦᠷᠢᠮ ᠪᠡ ᠦᠷ᠎ᠠ ᠪᠦᠲᠤᠭᠡᠯ᠎ᠢ ᠪᠤᠢ ᠪᠤᠯᠭ᠋ᠠᠬᠤ ᠭᠡᠷᠡᠭᠳᠡᠢ᠃ ᠪᠦᠳᠦᠭᠡᠨ ᠪᠠᠢ᠌ᠭᠤᠯᠤᠯᠳᠠ ᠵᠢᠨ ᠳᠤᠮᠳᠠ ᠪᠠ ᠳᠠᠷᠠᠭ᠋ᠠᠬᠢ ᠬᠢᠨᠠᠨ ᠬᠠᠮᠢᠶᠠᠷᠤᠯᠳᠠ᠎ᠪᠠᠨ ᠴᠢᠩᠭ᠋ᠠᠳᠬᠠᠵᠤ᠂ ᠢᠳᠡᠭᠡᠮᠵᠢ ᠵᠢᠨ ᠰᠢᠰᠲᠸᠮ᠎ᠢ ᠪᠠᠢ᠌ᠭᠤᠯᠤᠨ᠂ ᠦᠨᠳᠤᠷ ᠪᠠᠷᠢᠮᠵᠢᠶᠠᠨ᠎ᠤ᠂ ᠳᠡᠯᠡᠭᠡᠢ᠌ᠵᠢᠭᠰᠡᠨ᠂ ᠬᠠᠤᠯᠢᠵᠢᠭᠰᠠᠨ᠂ ᠳᠦᠬᠦᠮᠴᠢᠯᠡᠭᠰᠡᠨ ᠠᠷᠠᠯᠵᠢᠶ᠎ᠠ ᠬᠤᠳᠠᠯᠳᠤᠭ᠋ᠠᠨ᠎ᠤ ᠡᠵᠡᠩᠨᠡᠯᠳᠡ ᠵᠢᠨ ᠤᠷᠴᠢᠨ ᠳᠤᠭᠤᠷᠢᠨ᠎ᠢ ᠪᠤᠢ ᠪᠤᠯᠭ᠋ᠠᠬᠤ ᠭᠡᠷᠡᠭᠳᠡᠢ᠃ ᠪᠤᠭᠤᠮᠳᠠ᠎ᠪᠠᠷ ᠦᠩᠭᠡᠷᠡᠬᠦ ᠵᠢ ᠨᠢᠭᠡ ᠴᠤᠭᠴᠠᠵᠢᠭᠤᠯᠬᠤ ᠦᠭᠡᠷᠡᠴᠢᠯᠡᠯᠳᠡ ᠵᠢ ᠠᠬᠢᠭᠤᠯᠵᠤ᠂ ᠤᠶᠤᠨᠴᠢ ᠪᠤᠭᠤᠮᠳᠠ ᠵᠢ ᠪᠠᠢ᠌ᠭᠤᠯᠤᠨ᠂ ᠤᠯᠤᠰ᠎ᠤᠨ ᠠ᠋ᠬᠦᠳᠡ ᠵᠢ ᠨᠡᠩ ᠠᠮᠤᠷ ᠳᠦᠪᠰᠢᠨ᠂ ᠪᠤᠭᠤᠮᠳᠠ ᠦᠩᠭᠡᠷᠡᠬᠦ᠎ᠳᠤ ᠨᠡᠩ ᠳᠦᠬᠦᠮ ᠲᠦᠳᠡ ᠪᠤᠯᠭ᠋ᠠᠬᠤ ᠭᠡᠷᠡᠭᠳᠡᠢ ᠭᠡᠵᠤ ᠢᠯᠡᠷᠭᠡᠢ᠌ᠯᠡᠪᠡ᠃
      ᠬᠠᠨ ᠵᠸᠩ ᠭᠤᠸᠠᠩᠳᠦᠢ᠍ᠩ ᠮᠤᠵᠢ ᠪᠤᠯᠤᠨ ᠰᠢᠶᠠᠩᠭ᠋ᠠᠩ ᠤᠤᠮᠸᠨ᠎ᠤ ᠪᠤᠯᠤᠩ᠎ᠤᠨ ᠤᠷᠤᠨ᠎ᠤ ᠪᠦᠳᠦᠭᠡᠨ ᠪᠠᠢ᠌ᠭᠤᠯᠤᠯᠳᠠ ᠪᠤᠯ ᠶᠡᠷᠦᠩᠭᠡᠢ ᠱᠦᠵᠢ ᠰᠢ ᠵᠢᠨ ᠫᠢᠩ ᠦᠪᠡᠷ᠎ᠤᠨ ᠪᠠᠶ᠎ᠠ᠎ᠪᠠᠷ ᠵᠶ᠋ᠡᠨ ᠳᠦᠯᠦᠪᠯᠡᠨ ᠤᠬᠠᠭ᠋ᠠᠯᠠᠵᠤ ᠪᠠᠢ᠌ᠷᠢᠯᠠᠭᠤᠯᠤᠭᠰᠠᠨ ᠤᠯᠤᠰ᠎ᠤᠨ ᠪᠠᠢ᠌ᠯᠳᠤᠬᠤ ᠪᠤᠳᠤᠯᠭ᠎ᠠ ᠪᠤᠯᠤᠨ᠎ᠠ᠃ ᠭᠤᠷᠪᠠᠨ ᠭᠠᠵᠠᠷ᠎ᠤᠨ ᠳᠠᠪᠠᠭᠤᠯᠢᠭ᠎ᠲᠤ ᠳᠦᠰᠢᠭᠯᠡᠨ᠂ ᠭᠤᠷᠪᠠᠨ ᠭᠠᠵᠠᠷ᠎ᠤᠨ ᠬᠠᠮᠳᠤᠷᠠᠯᠴᠠᠭ᠎ᠠ ᠵᠢ ᠴᠢᠩᠭ᠋ᠠᠳᠬᠠᠵᠤ᠂ ᠴᠢᠨᠠᠷᠯᠢᠭ ᠪᠠ ᠦᠨᠳᠦᠷ ᠠ᠋ᠬᠢᠯᠡᠯᠳᠡ ᠵᠢᠨ ᠴᠡᠭ᠎ᠢ ᠪᠠᠷᠢᠮᠳᠠᠯᠠᠨ ᠪᠤᠯᠤᠩ᠎ᠤᠨ ᠤᠷᠤᠨ᠎ᠤ ᠳᠦᠯᠦᠪᠵᠢᠬᠦᠯᠭᠡ ᠪᠦᠳᠦᠭᠡᠨ ᠪᠠᠢ᠌ᠭᠤᠯᠤᠯᠳᠠ ᠵᠢ ᠰᠠᠢ᠌ᠳᠤᠷ ᠬᠢᠵᠤ᠂ ᠳᠡᠯᠡᠭᠡᠢ᠎ᠳᠤ ᠳᠦᠷᠦᠬᠦᠯᠡᠬᠦ ᠪᠤᠯᠤᠩ᠎ᠤᠨ ᠤᠷᠤᠨ ᠪᠠ ᠳᠡᠯᠡᠭᠡᠢ ᠵᠢᠨ ᠳᠡᠰ᠎ᠤᠨ ᠬᠤᠳᠠ ᠵᠢᠨ ᠰᠦᠷᠦᠭᠵᠢᠯ᠎ᠢ ᠪᠠᠢ᠌ᠭᠤᠯᠬᠤ ᠭᠡᠷᠡᠭᠳᠡᠢ᠃ ᠠᠵᠤ ᠦᠢ᠍ᠯᠡᠰ᠎ᠤᠨ ᠪᠠᠢ᠌ᠷᠢᠰᠢᠯ᠎ᠢ ᠰᠢᠯᠢᠳᠡᠭᠵᠢᠬᠦᠯᠵᠤ᠂ ᠪᠡᠶᠡᠲᠤ ᠠᠵᠤ ᠠᠬᠤᠢ᠂ ᠳᠡᠭᠡᠳᠤ ᠰᠢᠨ᠎ᠠ ᠮᠡᠷᠭᠡᠵᠢᠯ᠎ᠤᠨ ᠠᠵᠤ ᠦᠢ᠍ᠯᠡᠰ᠂ ᠤᠳᠤ ᠦᠶ᠎ᠡ ᠵᠢᠨ ᠦᠢ᠍ᠯᠡᠴᠢᠯᠡᠭᠡᠨ᠎ᠤ ᠦᠢ᠍ᠯᠡᠰ᠎ᠢ ᠬᠦᠭᠵᠢᠬᠦᠯᠬᠦ ᠭᠡᠷᠡᠭᠳᠡᠢ᠃ ᠰᠢᠨ᠎ᠠ ᠵᠢ ᠠ᠋ᠬᠦᠳᠬᠦ ᠠ᠋ᠯᠸᠮᠸᠨ᠋ᠲ᠎ᠤᠨ ᠳᠦᠬᠦᠮ ᠲᠦᠳᠡ ᠦᠳᠲᠡᠷ ᠠ᠋ᠷᠭᠢᠯᠲᠡ ᠵᠢ ᠠᠬᠢᠭᠤᠯᠤᠨ᠂ ᠳᠡᠯᠡᠭᠡᠢ ᠵᠢᠨ ᠰᠢᠨ᠎ᠠ ᠵᠢ ᠠ᠋ᠬᠦᠳᠬᠦ ᠠ᠋ᠬᠢ ᠪᠠᠶᠠᠯᠢᠭ᠎ᠢ ᠴᠤᠭᠯᠠᠭᠤᠯᠵᠤ᠂ ᠳᠡᠯᠡᠭᠡᠢ ᠵᠢᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠠ ᠵᠢ ᠠ᠋ᠬᠦᠳᠬᠦ ᠳᠦᠪ᠎ᠢ ᠪᠠᠢ᠌ᠭᠤᠯᠬᠤ ᠭᠡᠷᠡᠭᠳᠡᠢ᠃ ᠠᠮᠢ ᠠᠬᠤᠢ ᠵᠢᠨ ᠤᠷᠴᠢᠨ ᠳᠤᠭᠤᠷᠢᠨ᠎ᠤ ᠪᠦᠳᠦᠭᠡᠨ ᠪᠠᠢ᠌ᠭᠤᠯᠤᠯᠳᠠ ᠵᠢ ᠪᠦᠬᠦ ᠳᠠᠯ᠎ᠠ᠎ᠪᠠᠷ ᠴᠢᠩᠭ᠋ᠠᠳᠬᠠᠵᠤ᠂ ᠤᠰᠤᠨ᠎ᠤ ᠪᠤᠬᠢᠷᠳᠤᠯ᠎ᠢ ᠵᠠᠰᠠᠬᠤ ᠠᠵᠢᠯ᠎ᠢ ᠭᠤᠤᠯᠳᠠᠯᠭ᠎ᠠ᠎ᠲᠠᠢ ᠠᠬᠢᠭᠤᠯᠤᠨ᠂ 2019 ᠤᠨ ᠪᠤᠯᠬᠤ᠎ᠳᠤ ᠱᠸᠨᠵᠸᠨ ᠬᠤᠳᠠ ᠵᠢᠨ ᠪᠤᠬᠢᠷᠳᠤᠵᠤ ᠦᠮᠦᠭᠡᠢ᠌ᠷᠡᠭᠰᠡᠨ ᠤᠰᠤ ᠵᠢ ᠠᠷᠢᠯᠭ᠋ᠠᠵᠤ᠂ 2020 ᠤᠨ ᠪᠤᠯᠬᠤ᠎ᠳᠤ ᠭᠤᠸᠠᠩᠳᠦᠢ᠍ᠩ ᠮᠤᠵᠢ ᠵᠢᠨ ᠳᠤᠰᠬᠠᠢ ᠤᠷᠤᠨ᠎ᠠᠴᠠ ᠳᠡᠭᠡᠭᠰᠢᠬᠢ ᠬᠤᠳᠠ ᠵᠢᠨ ᠪᠤᠬᠢᠷᠳᠤᠵᠤ ᠦᠮᠦᠭᠡᠢ᠌ᠷᠡᠭᠰᠡᠨ ᠤᠰᠤ ᠵᠢ ᠦᠨᠳᠦᠰᠦᠨ᠎ᠳᠤ᠎ᠪᠠᠨ ᠠᠷᠢᠯᠭ᠋ᠠᠬᠤ ᠭᠡᠷᠡᠭᠳᠡᠢ ᠭᠡᠵᠤ ᠱᠠᠭ᠋ᠠᠷᠳᠠᠪᠠ᠃
      ᠬᠠᠨ ᠵᠸᠩ ᠠ᠋ᠨᠡ ᠵᠢᠯ ᠪᠤᠯ ᠦᠭᠡᠷᠡᠴᠢᠯᠡᠯᠳᠡ ᠨᠡᠭᠡᠭᠡᠯᠳᠡ ᠬᠢᠭᠰᠡᠨ 40 ᠵᠢᠯ᠎ᠤᠨ ᠤᠢ ᠪᠤᠯᠤᠨ᠎ᠠ᠂ ᠭᠤᠸᠠᠩᠳᠦᠢ᠍ᠩ ᠮᠤᠵᠢ ᠳᠠᠭ᠋ᠠᠭᠤᠯᠤᠭᠴᠢ᠂ ᠲᠦᠷᠤᠭᠦᠯᠡᠭᠴᠢ᠂ ᠳᠤᠷᠰᠢᠯᠳᠠ ᠵᠢᠨ ᠤᠷᠤᠨ᠎ᠤ ᠦᠢ᠍ᠯᠡᠳᠤᠯ ᠵᠶ᠋ᠡᠨ ᠰᠠᠢ᠌ᠳᠤᠷ ᠪᠠᠳᠠᠷᠠᠭᠤᠯᠬᠤ ᠭᠡᠷᠡᠭᠳᠡᠢ᠃ ᠨᠠᠮ᠎ᠤᠨ ᠰᠤᠷᠳᠠᠯ ᠪᠠ ᠴᠢᠭᠡᠴᠢ ᠵᠠᠰᠠᠭ᠎ᠤᠨ ᠪᠠᠢ᠌ᠭᠤᠯᠤᠯᠳᠠ ᠪᠤᠯᠤᠨ ᠺᠠᠳ᠋ᠷ᠎ᠤᠨ ᠠ᠋ᠩᠨᠡᠭᠡᠨ᠎ᠤ ᠪᠦᠳᠦᠭᠡᠨ ᠪᠠᠢ᠌ᠭᠤᠯᠤᠯᠳᠠ ᠵᠢ ᠴᠢᠩᠭ᠋ᠠᠳᠬᠠᠵᠤ᠂ ᠠ᠋ᠷᠴᠢ ᠵᠤᠷᠢᠭ ᠵᠶ᠋ᠡᠨ ᠬᠦᠪᠴᠢᠯᠡᠨ ᠬᠦᠴᠦᠯᠡᠨ ᠴᠢᠷᠮᠠᠢ᠌ᠵᠤ᠂ ᠨᠠᠮ᠎ᠤᠨ ᠳᠦᠪ ᠬᠤᠷᠢᠶ᠎ᠠ᠎ᠠᠴᠠ ᠳᠠᠭ᠋ᠠᠭ᠋ᠠᠯᠭ᠋ᠠᠭᠰᠠᠨ ᠡᠯ᠎ᠡ ᠵᠦᠢ᠍ᠯ᠎ᠤᠨ ᠠ᠋ᠬᠦᠷᠭᠡ᠎ᠪᠠᠨ ᠪᠦᠳᠦᠮᠵᠢᠳᠡᠢ ᠪᠡᠶᠡᠯᠡᠬᠦᠯᠦᠨ᠂ ᠰᠢᠨ᠎ᠠ ᠠᠮᠵᠢᠯᠳᠠ ᠪᠦᠲᠤᠭᠡᠯ ᠤᠯᠬᠤ᠎ᠪᠠᠷ ᠳᠠᠰᠤᠷᠠᠯᠳᠠ ᠦᠭᠡᠢ ᠴᠢᠷᠮᠠᠢ᠌ᠬᠤ ᠭᠡᠷᠡᠭᠳᠡᠢ ᠭᠡᠪᠠ᠃
      ᠨᠠᠮ᠎ᠤᠨ ᠳᠦᠪ ᠬᠤᠷᠢᠶᠠᠨ᠎ᠤ ᠤᠯᠤᠰ ᠳᠦᠷᠦ ᠵᠢᠨ ᠳᠤᠪᠴᠢᠶᠠᠨ᠎ᠤ ᠭᠡᠰᠢᠬᠦᠨ᠂ ᠭᠤᠸᠠᠩᠳᠦᠢ᠍ᠩ ᠮᠤᠵᠢ ᠵᠢᠨ ᠨᠠᠮ᠎ᠤᠨ ᠬᠤᠷᠢᠶᠠᠨ᠎ᠤ ᠱᠦᠵᠢ ᠯᠢ ᠰᠢ ᠳᠡᠭᠡᠷᠡᠬᠢ ᠠᠵᠢᠯᠯᠠᠭ᠎ᠠ᠎ᠳᠤ ᠤᠷᠤᠯᠴᠠᠵᠠᠢ᠃


ᠢᠷᠡᠯᠲᠡ᠄ ᠦᠪᠤᠷ ᠮᠤᠩᠭᠤᠯ᠎ᠤᠨ ᠠᠷᠠᠤᠨ᠎ᠤᠨ ᠶᠠᠪᠤᠳᠠᠯ᠎ᠤᠨ ᠲᠢᠩᠭ᠊ ᠵᠮ᠎ᠤᠨ ᠭᠢᠳᠠᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠯᠢ ᠺᠸ ᠴᠢᠶᠠᠩ ᠬᠤᠳᠠᠯᠳᠤᠭ᠋ᠠᠨ᠎ᠤ ᠶᠠᠪᠤᠳᠠᠯ᠎ᠤᠨ ᠶᠠᠮᠤᠨ ᠪᠤᠭᠤᠮᠳᠠ ᠵᠢᠨ ᠶᠡᠷᠦᠩᠭᠡᠢ ᠵᠠᠬᠢᠷᠭ᠎ᠠ᠎ᠳᠤ ᠰᠢᠨᠵᠢᠯᠠᠨ ᠪᠠᠢ᠌ᠴᠠᠭ᠋ᠠᠵᠤ ᠶᠠᠷᠢᠯᠴᠠᠬᠤ ᠬᠤᠷᠠᠯ ᠬᠢᠪᠠ
ᠯᠢ ᠺᠸ ᠴᠢᠶᠠᠩ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠢ᠌ᠩᠭᠤ ᠵᠢᠨ ᠬᠤᠷᠠᠯ᠎ᠢ ᠠ᠋ᠷᠬᠢᠯᠡᠨ ᠬᠤᠷᠠᠯᠳᠤᠭᠤᠯᠵᠤ ᠬᠦᠴᠢᠷᠳᠡᠯ᠎ᠲᠠᠢ ᠤᠷᠤᠨ ᠪᠤᠯᠤᠨ ᠪᠠᠭᠤᠷᠠᠢ ᠭᠣᠭᠴᠣᠭ᠎ᠠ᠎ᠳᠠᠬᠢ ᠰᠤᠷᠭ᠋ᠠᠨ ᠬᠦᠮᠦᠵᠢᠯ᠎ᠤᠨ ᠪᠡᠯᠡ ᠤᠷᠤᠭᠤᠯᠤᠯᠳᠠ ᠵᠢ ᠨᠡᠮᠡᠭᠳᠡᠬᠦᠯᠬᠦ᠎ᠪᠠᠷ ᠳᠤᠭᠳᠠᠵᠠᠢ
ᠦᠪᠡᠷᠳᠡᠭᠡᠨ ᠵᠠᠰᠠᠬᠤ ᠤᠷᠤᠨ᠎ᠤ ᠵᠠᠰᠠᠭ᠎ᠤᠨ ᠤᠷᠳᠤᠨ᠎ᠤ ᠰᠤᠨᠢᠨ ᠮᠡᠳᠡᠭᠡᠨ᠎ᠤ ᠠᠯᠪᠠᠨ ᠭᠡᠷ᠎ᠠᠴᠠ 《ᠤᠨᠴᠠ ᠬᠦᠴᠢᠷᠳᠡᠯ᠎ᠲᠠᠢ ᠬᠦᠮᠦᠰ᠎ᠢ ᠨᠣᠲᠠᠯᠠᠨ ᠳᠤᠭᠳᠠᠭ᠋ᠠᠬᠤ ᠠᠷᠭ᠎ᠠ》 ᠵᠢ ᠳᠠᠢ᠌ᠯᠪᠤᠷᠢᠯᠠᠬᠤ ᠰᠤᠨᠢᠨ ᠮᠡᠳᠡᠭᠡ ᠨᠡᠢ᠌ᠳᠡᠯᠡᠬᠦ ᠬᠤᠷᠠᠯ ᠬᠢᠵᠡᠢ
ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠳᠢᠩᠬᠢᠮ᠂ ᠦᠢ᠍ᠯᠡᠳᠪᠤᠷᠢ ᠬᠤᠳᠠᠯᠳᠤᠭ᠋ᠠᠨ᠎ᠤ ᠬᠠᠮᠢᠶᠠᠷᠤᠯᠳᠠ ᠵᠢᠨ ᠳᠤᠪᠴᠢᠶ᠎ᠠ᠎ᠠᠴᠠ 《ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠨᠡᠢ᠌ᠭᠡᠮ᠎ᠤᠨ ᠠᠪᠤᠷᠠᠨ ᠳᠤᠰᠠᠯᠠᠯᠲᠠ ᠵᠢᠨ ᠭᠡᠷ ᠪᠦᠯᠢ ᠵᠢᠨ ᠪᠦᠷᠢᠯᠳᠦᠬᠦᠨ᠎ᠤ ᠦᠢ᠍ᠯᠡᠳᠪᠤᠷᠢ ᠬᠤᠳᠠᠯᠳᠤᠭ᠋ᠠᠨ᠎ᠳᠤ ᠳᠠᠩᠰᠠᠯᠠᠭᠤᠯᠤᠭᠰᠠᠨ ᠮᠡᠳᠡᠭᠡ ᠵᠠᠩᠬᠢ ᠵᠢᠨ ᠬᠠᠷᠭᠤᠭᠤᠯᠬᠤ ᠠᠷᠭ᠎ᠠ》 ᠵᠢ ᠭᠡᠪᠯᠡᠨ ᠳᠠᠷᠬᠠᠭ᠋ᠠᠪᠠ
ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠳᠢᠩᠬᠢᠮ ᠤᠷᠤᠨ ᠰᠠᠭᠤᠴᠠ ᠪᠤᠯᠤᠨ ᠬᠤᠳᠠ ᠬᠦᠳᠡᠭᠡ ᠵᠢᠨ ᠪᠦᠳᠦᠭᠡᠨ ᠪᠠᠢ᠌ᠭᠤᠯᠤᠯᠳᠠ ᠵᠢᠨ ᠳᠢᠩᠬᠢᠮ᠎ᠤᠨ ᠨᠡᠢ᠌ᠭᠡᠮ᠎ᠤᠨ ᠠᠪᠤᠷᠠᠨ ᠳᠤᠰᠠᠯᠠᠯᠲᠠ ᠵᠢᠨ ᠭᠡᠷ ᠪᠦᠯᠢ ᠵᠢᠨ ᠤᠷᠤᠨ ᠰᠠᠭᠤᠴᠠ ᠵᠢᠨ ᠨᠡᠢ᠌ᠳᠡ ᠵᠢᠨ ᠬᠤᠷᠠᠮᠳᠤᠯᠭ᠎ᠠ ᠵᠢᠨ ᠮᠦᠩᠬᠦ᠂ ᠤᠷᠤᠨ ᠰᠠᠭᠤᠴᠠ ᠵᠢᠨ ᠪᠠᠳᠤᠯᠠᠪᠤᠷᠢ᠂ ᠤᠷᠤᠨ ᠰᠠᠭᠤᠴᠠ ᠵᠢᠨ ᠠᠷᠠᠯᠵᠢᠶ᠎ᠠ ᠵᠡᠷᠭᠡ ᠵᠢᠨ ᠮᠡᠳᠡᠭᠡ ᠵᠠᠩᠬᠢ ᠵᠢᠨ ᠬᠠᠷᠭᠤᠭᠤᠯᠬᠤ ᠠᠵᠢᠯ᠎ᠤᠨ ᠳᠤᠬᠠᠢ ᠮᠡᠳᠡᠭᠳᠡᠯ
 
            