ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠸᠠᠩ ᠢ ᠳᠤᠮᠳᠠᠳᠤ ᠠᠹᠷᠢᠺᠠ ᠵᠢᠨ ᠬᠠᠮᠳᠤᠷᠠᠯᠴᠠᠭ᠋ᠠᠨ᠎ᠤ ᠶᠠᠷᠢᠶᠠᠨ᠎ᠤ ᠳᠠᠪᠴᠠᠩ᠎ᠤᠨ ᠪᠡᠭᠡᠵᠢᠩ᠎ᠳᠠᠬᠢ ᠳᠦᠷᠦᠬᠦᠴᠤᠳ᠎ᠤᠨ ᠬᠤᠷᠡᠯ᠎ᠤᠨ ᠦᠷ᠎ᠡ ᠪᠦᠳᠦᠮᠵᠢ ᠵᠢ ᠳᠦᠰᠦᠭᠡᠯᠡᠪᠡ
ᠨᠡᠶᠢᠲᠡᠯᠡᠭᠰᠡᠨ ᠴᠠᠭ᠄ 2018-11-08

                                   
      ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ 8 ᠳ᠋ᠤᠭ᠋ᠠᠷ ᠰᠠᠷ᠎ᠠ ᠵᠢᠨ 22᠎ᠤᠨ ᠠ᠋ᠳᠤᠷ ᠭᠠᠳᠠᠭ᠋ᠠᠳᠤ ᠶᠠᠪᠤᠳᠠᠯ᠎ᠤᠨ ᠶᠠᠮᠤᠨ᠎ᠳᠤ ᠬᠢᠭᠰᠡᠨ ᠳᠤᠮᠳᠠᠳᠤ ᠭᠠᠳᠠᠭ᠋ᠠᠳᠤ ᠵᠢᠨ ᠰᠤᠨᠢᠨ ᠮᠡᠳᠡᠭᠡᠨ᠎ᠤ ᠵᠠᠭᠤᠴᠢᠯᠠᠭᠤᠷ᠎ᠤᠨ ᠪᠠᠢ᠌ᠳᠠᠯ ᠮᠡᠳᠡᠭᠳᠡᠬᠦ ᠬᠤᠷᠠᠯ ᠳᠡᠭᠡᠷ᠎ᠡ᠂ ᠪᠢᠳᠡ ᠳᠤᠮᠳᠠᠳᠤ ᠠᠹᠷᠢᠺᠠ ᠵᠢᠨ ᠬᠠᠮᠳᠤᠷᠠᠯᠴᠠᠭ᠋ᠠᠨ᠎ᠤ ᠶᠠᠷᠢᠶᠠᠨ᠎ᠤ ᠳᠠᠪᠴᠠᠩ᠎ᠤᠨ ᠪᠡᠭᠡᠵᠢᠩ᠎ᠳᠠᠬᠢ ᠳᠦᠷᠦᠬᠦᠴᠤᠳ᠎ᠤᠨ ᠬᠤᠷᠠᠯ ᠳᠤᠤᠷᠠᠬᠢ ᠮᠡᠳᠤ ᠳᠦᠷᠪᠡᠨ ᠳᠠᠯ᠎ᠠ ᠵᠢᠨ ᠴᠢᠬᠤᠯᠠ ᠦᠷ᠎ᠡ ᠪᠦᠳᠦᠮᠵᠢ ᠤᠯᠬᠤ ᠵᠢ ᠬᠦᠰᠡᠨ ᠠ᠋ᠷᠡᠮᠡᠯᠵᠠᠯᠠᠵᠤ ᠪᠠᠢ᠌ᠨ᠎ᠠ᠄ ᠨᠢᠭᠡ᠎ᠳᠤ ᠨᠡᠩ ᠨᠢᠬᠳᠠ ᠳᠤᠮᠳᠠᠳᠤ ᠠᠹᠷᠢᠺᠠ ᠵᠢᠨ ᠬᠤᠪᠢ ᠵᠠᠶᠠᠭ᠋ᠠᠨ᠎ᠤ ᠬᠠᠮᠳᠤ ᠵᠢᠨ ᠴᠤᠭᠴᠠ ᠵᠢ ᠪᠠᠢ᠌ᠭᠤᠯᠬᠤ ᠰᠢᠨ᠎ᠠ ᠤᠷᠢᠶ᠎ᠠ ᠵᠢ ᠳᠤᠷᠠᠳᠬᠤ ᠪᠤᠯᠤᠨ᠎ᠠ; ᠬᠤᠶᠠᠷ᠎ᠲᠤ 《ᠨᠢᠭᠡ ᠪᠦᠰᠡ ᠨᠢᠭᠡ ᠵᠠᠮ》᠎ᠤᠨ ᠪᠠᠢ᠌ᠭᠤᠯᠤᠯᠳᠠ᠎ᠨᠢ ᠠᠹᠷᠢᠺᠠ ᠳᠢᠪ᠎ᠤᠨ ᠬᠦᠭᠵᠢᠯᠳᠡ ᠵᠢᠨ ᠰᠢᠨ᠎ᠠ ᠠᠶᠠᠰ᠎ᠢ ᠴᠢᠪᠬᠠᠳᠠᠬᠤ ᠪᠤᠯᠤᠨ᠎ᠠ; ᠭᠤᠷᠪᠠ᠎ᠳᠤ ᠳᠤᠮᠳᠠᠳᠤ ᠠᠹᠷᠢᠺᠠ ᠵᠢᠨ ᠬᠠᠮᠳᠤᠷᠠᠯᠴᠠᠭ᠎ᠠ᠎ᠨᠢ ᠳᠡᠭᠡᠳᠤ ᠳᠦᠪᠰᠢᠨ ᠪᠦᠬᠦᠢ ᠰᠢᠨ᠎ᠠ ᠵᠠᠮ ᠳᠡᠰᠢ ᠬᠦᠭᠵᠢᠬᠦ ᠵᠢ ᠳᠤᠭᠳᠠᠭ᠋ᠠᠬᠤ ᠪᠤᠯᠤᠨ᠎ᠠ; ᠳᠦᠷᠪᠡ᠎ᠳᠤ ᠳᠤᠮᠳᠠᠳᠤ ᠠᠹᠷᠢᠺᠠ ᠵᠢᠨ ᠠᠷᠠᠳ ᠳᠦᠮᠡᠨ᠎ᠤ ᠭᠠᠷ ᠬᠤᠯᠪᠤᠨ ᠰᠡᠳᠬᠢᠯ ᠨᠢᠭᠡᠳᠤᠨ ᠨᠢᠭᠡ ᠭᠡᠷ ᠮᠡᠳᠤ ᠪᠤᠯᠬᠤ ᠰᠢᠨ᠎ᠠ ᠵᠢᠷᠤᠭ᠎ᠢ ᠵᠢᠷᠤᠭᠯᠠᠬᠤ ᠪᠤᠯᠤᠨ᠎ᠠ᠃ ᠳᠦᠷᠦᠬᠦᠴᠤᠳ᠎ᠤᠨ ᠬᠤᠷᠠᠯ᠎ᠠᠴᠠ 《ᠳᠤᠮᠳᠠᠳᠤ ᠠᠹᠷᠢᠺᠠ ᠵᠢᠨ ᠬᠤᠪᠢ ᠵᠠᠶᠠᠭ᠋ᠠᠨ᠎ᠤ ᠨᠡᠩ ᠨᠢᠬᠳᠠ ᠬᠠᠮᠳᠤ ᠵᠢᠨ ᠴᠤᠭᠴᠠ ᠵᠢ ᠪᠠᠢ᠌ᠭᠤᠯᠬᠤ ᠳᠤᠬᠠᠢ ᠪᠡᠭᠡᠵᠢᠩ᠎ᠤᠨ ᠳᠤᠩᠬᠠᠭ》 ᠪᠠ 《ᠳᠤᠮᠳᠠᠳᠤ ᠠᠹᠷᠢᠺᠠ ᠵᠢᠨ ᠬᠠᠮᠳᠤᠷᠠᠯᠴᠠᠭ᠋ᠠᠨ᠎ᠤ ᠶᠠᠷᠢᠶᠠᠨ᠎ᠤ ᠳᠠᠪᠴᠠᠩ — ᠪᠡᠭᠡᠵᠢᠩ᠎ᠤᠨ ᠠᠵᠢᠯᠯᠠᠭ᠋ᠠᠨ᠎ᠤ ᠳᠦᠯᠦᠪᠯᠡᠭᠡ ( 2019 — 2021)》 ᠵᠢ ᠪᠠᠳᠤᠯᠠᠵᠤ᠂ ᠬᠤᠶᠠᠷ ᠳᠠᠯ᠎ᠠ ᠵᠢᠨ ᠰᠢᠷᠢᠰ ᠬᠠᠮᠳᠤᠷᠠᠯᠴᠠᠭ᠋ᠠᠨ᠎ᠤ ᠵᠦᠪᠳᠡᠯᠴᠡᠭᠡᠷ᠎ᠢ ᠳᠤᠭᠳᠠᠭ᠋ᠠᠨ᠂ ᠬᠤᠢ᠌ᠰᠢᠳᠠ ᠵᠢᠨ 3 ᠵᠢᠯ ᠵᠢᠴᠢ ᠬᠤᠵᠢᠮ᠎ᠤᠨ ᠨᠢᠭᠡ ᠬᠤᠭᠤᠴᠠᠭ᠋ᠠᠨ᠎ᠤ ᠳᠤᠮᠳᠠᠳᠤ ᠠᠹᠷᠢᠺᠠ ᠵᠢᠨ ᠬᠠᠮᠳᠤᠷᠠᠯᠴᠠᠭ᠎ᠠ ᠵᠢ ᠪᠦᠬᠦ ᠳᠠᠯ᠎ᠠ᠎ᠪᠠᠷ ᠳᠦᠯᠦᠪᠵᠢᠬᠦᠯᠵᠤ᠂ ᠢᠯᠠᠩᠭᠤᠶ᠎ᠠ ᠠᠹᠷᠢᠺᠠ ᠳᠢᠪ᠎ᠤᠨ ᠠᠷᠠᠳ᠎ᠤᠨ ᠠᠮᠢᠳᠤᠷᠠᠯ ᠬᠢᠭᠡᠳ ᠠᠵᠢᠯ ᠤᠯᠭᠤᠯᠳᠠ᠂ ᠠᠹᠷᠢᠺᠠ ᠳᠢᠪ᠎ᠤᠨ ᠠᠵᠤ ᠠᠬᠤᠢ ᠵᠢᠨ ᠭᠡᠯᠪᠡᠷᠢ᠎ᠪᠠᠨ ᠬᠤᠪᠢᠷᠠᠭᠤᠯᠵᠤ ᠳᠡᠰ ᠳᠡᠪᠰᠢᠬᠦᠯᠬᠦ ᠪᠤᠯᠤᠨ ᠴᠢᠭᠯᠡᠯ ᠬᠠᠨᠳᠤᠰᠢ ᠵᠢ ᠵᠤᠬᠢᠴᠠᠭᠤᠯᠵᠤ᠂ ᠠᠹᠷᠢᠺᠠ ᠳᠢᠪ᠎ᠤᠨ ᠪᠡᠶ᠎ᠡ᠎ᠪᠠᠨ ᠳᠠᠭ᠋ᠠᠭ᠋ᠠᠵᠤ ᠬᠦᠭᠵᠢᠬᠦ ᠵᠢ ᠳᠡᠮᠵᠢᠬᠦ᠂ ᠠᠵᠤ ᠦᠢ᠍ᠯᠡᠳᠪᠤᠷᠢᠵᠢᠯᠳᠠ ᠵᠢ ᠳᠦᠷᠭᠡᠳᠭᠡᠬᠦ ᠵᠡᠷᠭᠡ ᠵᠢ ᠠᠬᠢᠭᠤᠯᠬᠤ ᠪᠤᠯᠤᠨ᠎ᠠ ᠭᠡᠵᠤ ᠢᠯᠡᠷᠭᠡᠢ᠌ᠯᠡᠭᠰᠡᠨ ᠪᠠᠢ᠌ᠨ᠎ᠠ᠃

ᠢᠷᠡᠯᠲᠡ᠄ ᠦᠪᠤᠷ ᠮᠤᠩᠭᠤᠯ᠎ᠤᠨ ᠠᠷᠠᠤᠨ᠎ᠤᠨ ᠶᠠᠪᠤᠳᠠᠯ᠎ᠤᠨ ᠲᠢᠩᠭᠢᠮ᠎ᠤᠨ ᠭᠢᠳᠠᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠸᠠᠩ ᠢ ᠳᠤᠮᠳᠠᠳᠤ ᠤᠯᠤᠰ ᠪᠤᠯᠤᠨ ᠰᠠᠯᠸᠠᠳᠤᠷ ᠤᠯᠤᠰ ᠭᠠᠳᠠᠭ᠋ᠠᠳᠤ ᠬᠠᠷᠢᠴᠠᠭ᠎ᠠ ᠪᠠᠢ᠌ᠭᠤᠯᠤᠭᠰᠠᠨ ᠳᠤᠬᠠᠢ ᠶᠠᠷᠢᠭᠰᠠᠨ᠎ᠨᠢ
ᠬᠤ᠌ ᠴᠦᠨ ᠬᠤᠸᠠ ᠤᠷᠤᠰ᠎ᠤᠨ ᠳᠡᠳ᠋ ᠶᠡᠷᠦᠩᠭᠡᠢ ᠰᠠᠢ᠌ᠳ ᠲᠸᠷᠦᠲᠸᠨᠢᠶᠸᠹ᠎ᠲᠠᠢ ᠬᠠᠮᠳᠤᠪᠠᠷ ᠳᠤᠮᠳᠠᠳᠤ ᠵᠢᠨ ᠵᠡᠬᠦᠨ ᠬᠤᠢ᠌ᠳᠤ ᠤᠷᠤᠨ ᠪᠤᠯᠤᠨ ᠤᠷᠤᠰ᠎ᠤᠨ ᠠᠯᠤᠰ ᠳᠤᠷᠤᠨᠠᠳᠤ ᠵᠢᠴᠢ ᠪᠠᠢ᠌ᠭ᠋ᠠᠯ ᠭᠠᠵᠠᠷ ᠤᠷᠤᠨ᠎ᠤ ᠵᠠᠰᠠᠭ᠎ᠤᠨ ᠤᠷᠳᠤᠨ᠎ᠤ ᠬᠠᠮᠳᠤᠷᠠᠯᠴᠠᠭ᠋ᠠᠨ᠎ᠤ ᠵᠦᠪᠯᠡᠯ᠎ᠤᠨ ᠬᠤᠶᠠᠳᠤᠭ᠋ᠠᠷ ᠤᠳᠠᠭ᠋ᠠᠨ᠎ᠤ ᠬᠤᠷᠠᠯ᠎ᠢ ᠠ᠋ᠷᠬᠢᠯᠡᠨ ᠬᠤᠷᠠᠯᠳᠤᠭᠤᠯᠵᠠᠢ
ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ ᠪᠤᠯᠤᠨ ᠪᠦᠬᠦᠳᠡ ᠨᠠᠢ᠌ᠷᠠᠮᠳᠠᠬᠤ ᠰᠠᠯᠸᠠᠳᠤᠷ ᠤᠯᠤᠰ ᠭᠠᠳᠠᠭ᠋ᠠᠳᠤ ᠬᠠᠷᠢᠴᠠᠭ᠎ᠠ ᠪᠠᠢ᠌ᠭᠤᠯᠪᠠ
ᠬᠤ᠌ ᠴᠦᠨ ᠬᠤᠸᠠ 2019 ᠤᠨ᠎ᠤ ᠪᠡᠭᠡᠵᠢᠩ᠎ᠤᠨ ᠳᠡᠯᠡᠭᠡᠢ ᠵᠢᠨ ᠴᠡᠴᠡᠷᠯᠢᠭ᠎ᠤᠨ ᠦᠵᠡᠰᠬᠦᠯᠡᠩ᠎ᠤᠨ ᠴᠤᠭᠯᠠᠭ᠋ᠠᠨ᠎ᠢ ᠵᠤᠬᠢᠶᠠᠨ ᠪᠠᠢ᠌ᠭᠤᠯᠬᠤ ᠵᠦᠪᠯᠡᠯ᠎ᠤᠨ ᠭᠤᠷᠪᠠᠳᠤᠭ᠋ᠠᠷ ᠤᠳᠠᠭ᠋ᠠᠨ᠎ᠤ ᠬᠤᠷᠠᠯ᠎ᠢ ᠠ᠋ᠷᠬᠢᠯᠡᠨ ᠭᠡᠪᠡ
ᠯᠢ ᠺᠸ ᠴᠢᠶᠠᠩ᠄ ᠠᠷᠠᠳ᠎ᠤᠨ ᠪᠡᠯᠡ ᠬᠦᠷᠦᠩᠭᠡ ᠵᠢᠨ ᠰᠲ᠋ᠤᠺ ᠡᠵᠡᠮᠳᠡᠯ᠎ᠢ ᠢᠳᠡᠪᠬᠢᠳᠡᠢ ᠵᠤᠷᠢᠭᠵᠢᠭᠤᠯᠤᠨ᠎ᠠ
 
            