ᠰᠡᠳᠭᠢᠯ ᠳᠤ ᠬᠣᠨᠣᠭᠰᠢᠭᠰᠠᠨ ᠦᠯᠢᠭᠡᠷ᠄ ᠰᠢᠯᠢ ᠵᠢᠨ ᠭᠣᠣᠯ ᠠᠢ᠌ᠮᠠᠭ᠎ᠤᠨ ᠠᠬᠠᠮᠠᠳ ᠲᠣᠮᠣᠭ᠋ᠠᠲᠠᠨ 《ᠭᠣᠷᠪᠠᠨ ᠮᠢᠩᠭ᠋ᠠᠨ ᠥᠨᠥᠴᠢᠨ ᠬᠡᠦᠬᠡᠳ᠎ᠢ ᠦᠷᠡᠴᠢᠯᠡᠨ ᠲᠡᠵᠢᠭᠡᠭᠰᠡᠨ》 ᠲᠣᠬᠠᠢ ᠨᠠᠷᠢᠯᠢᠭ ᠳᠣᠷᠠᠳᠬᠠᠯ
ᠯᠢᠦ ᠪᠣᠦ ᠬᠣᠸᠠ ᠵᠣᠬᠢᠶᠠᠪᠠ
ᠴᠢᠨ ᠶᠦᠨ ᠤᠷᠴᠢᠭᠤᠯᠪᠠ
1960 ᠣᠨ᠎ᠤ ᠤᠷᠢᠳ ᠬᠣᠵᠢᠳ᠂ ᠰᠢᠨ᠎ᠡ ᠳᠣᠮᠳᠠᠳᠣ ᠣᠯᠣᠰ᠎ᠲᠤ ᠬᠦᠨᠳᠦ ᠬᠡᠴᠡᠭᠦᠦ ᠪᠠᠢ᠌ᠭ᠋ᠠᠯᠢ ᠵᠢᠨ ᠭᠠᠮᠰᠢᠭ ᠲᠣᠬᠢᠶᠠᠯᠳᠣᠨ᠂ ᠱᠠᠩᠬᠠᠢ᠂ ᠠᠨᠾᠦ᠋ᠢ᠂ ᠵᠢᠶᠠᠩᠰᠤ ᠵᠡᠷᠭᠡ ᠭᠠᠵᠠᠷ᠎ᠤᠨ ᠥᠨᠥᠴᠢᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ᠎ᠳᠤ ᠥᠨᠥᠴᠢᠨ ᠬᠡᠦᠭᠡᠳ ᠵᠶ᠋ᠡᠷ ᠳᠦᠭᠦᠷᠴᠦ᠂ ᠥᠯᠥᠰᠭᠦᠯᠡᠩ ᠭᠠᠴᠢᠭ ᠴᠠᠭ ᠢᠮᠠᠭᠲᠠ ᠠᠮᠢ ᠨᠠᠰᠤ ᠵᠢ᠎ᠨᠢ ᠰᠦᠷᠲᠡᠭᠦᠯᠵᠦ ᠪᠠᠢ᠌ᠯ᠎ᠠ᠃ ᠵᠸᠦ ᠡᠸᠨ ᠯᠠᠢ᠂ ᠺᠠᠩ ᠺᠸ ᠴᠢᠩ ᠂ ᠣᠯᠠᠭ᠋ᠠᠨᠬᠦᠦ ᠵᠡᠷᠭᠡ ᠨᠠᠮ ᠲᠥᠷᠥ ᠵᠢᠨ ᠣᠳᠣᠷᠢᠳᠣᠯᠭ᠎ᠠ ᠨᠠᠷ᠎ᠤᠨ ᠬᠠᠯᠠᠮᠵᠢᠯᠠᠯ ᠵᠶ᠋ᠠᠷ᠂ ᠭᠣᠷᠪᠠᠨ ᠮᠢᠩᠭ᠋ᠠᠨ ᠡᠮᠦᠨᠡᠲᠦ ᠣᠷᠣᠨ᠎ᠤ ᠥᠨᠥᠴᠢᠨ ᠬᠡᠦᠭᠡᠳ ᠥᠪᠥᠷ ᠮᠣᠩᠭᠣᠯ᠎ᠤᠨ ᠲᠠᠯ᠎ᠠ ᠨᠣᠲᠣᠭ᠎ᠲᠤ ᠬᠦᠷᠭᠡᠭᠳᠡᠨ ᠢᠷᠡᠵᠦ᠂ ᠮᠠᠯᠴᠢᠳ᠎ᠲᠤ ᠦᠷᠡᠴᠢᠯᠡᠭᠳᠡᠨ ᠲᠡᠵᠢᠭᠡᠭᠳᠡᠵᠦ᠂ ᠮᠠᠯᠴᠢᠳ ᠳᠡᠳᠡᠨ᠎ᠢ ᠪᠠᠨ《ᠣᠯᠣᠰ᠎ᠤᠨ ᠬᠡᠦᠭᠡᠳ》 ᠭᠡᠵᠦ ᠲᠣᠳᠣᠨᠣᠴᠢᠯᠠᠨ ᠳᠠᠭᠣᠳᠠᠭᠰᠠᠨ ᠪᠢᠯᠡ᠃
ᠲᠡᠷᠡ ᠥᠶ᠎ᠡ᠎ᠳᠤ ᠰᠢᠯᠢ ᠵᠢᠨ ᠭᠣᠣᠯ ᠠᠢ᠌ᠮᠠᠭ᠎ᠤᠨ ᠠᠪᠠᠭ᠎ᠠ ᠬᠣᠰᠢᠭᠣᠨ᠎ᠤ ᠡᠮᠨᠡᠯᠭᠡ ᠵᠢᠨ ᠬᠣᠷᠢᠶᠠᠨ᠎ᠤ ᠳᠠᠷᠣᠭ᠎ᠠ ᠪᠠᠢ᠌ᠭᠰᠠᠨ ᠵᠢᠶᠠᠩ ᠶᠦᠩ ᠯᠦ᠍ ᠪᠣᠯ《ᠭᠣᠷᠪᠠᠨ ᠮᠢᠩᠭ᠋ᠠᠨ ᠥᠨᠥᠴᠢᠨ ᠬᠡᠦᠭᠡᠳ᠎ᠢ ᠦᠷᠡᠴᠢᠯᠡᠨ ᠲᠡᠵᠢᠭᠡᠭᠰᠡᠨ》 ᠰᠠᠢ᠌ᠬᠠᠨ ᠦᠯᠢᠭᠡᠷ᠎ᠢ ᠪᠡᠶ᠎ᠡ᠎ᠪᠠᠷ ᠵᠶ᠋ᠠᠨ ᠲᠣᠭᠣᠯᠵᠣ ᠦᠩᠭᠡᠷᠡᠭᠦᠯᠦᠭᠰᠡᠨ ᠬᠦᠮᠦᠨ ᠶᠣᠮᠰᠠᠨ᠃1958 ᠣᠨ᠎ᠳᠤ ᠲᠡᠷᠡ᠎ᠪᠠᠷ ᠠᠨᠾᠦ᠋ᠢ ᠮᠤᠵᠢ ᠵᠢᠨ ᠥᠨᠥᠴᠢᠨ ᠬᠡᠦᠭᠡᠳ᠎ᠢ ᠦᠪᠦᠷ ᠮᠣᠩᠭᠣᠯ᠎ᠳᠤ ᠢᠷᠡᠭᠰᠡᠨ᠎ᠤ ᠳᠠᠷᠠᠭ᠋ᠠᠬᠢ ᠠᠪᠣᠷᠠᠨ ᠲᠡᠩᠬᠡᠷᠡᠭᠦᠯᠬᠦ ᠠᠵᠢᠯ᠎ᠳᠤ ᠪᠠᠶᠡᠴᠢᠯᠡᠨ ᠣᠷᠣᠯᠴᠠᠪᠠ᠃1960 ᠣᠨ᠎ᠳᠤ ᠲᠡᠷᠡ ᠲᠣᠰᠴᠣ ᠵᠦᠭᠡᠭᠡᠪᠦᠷᠢᠯᠡᠬᠦ ᠪᠠᠭ᠎ᠠ ᠳᠣᠭᠣᠢ᠌ᠯᠠᠩ ᠵᠶ᠋ᠠᠨ ᠳᠠᠭ᠋ᠠᠭᠣᠯᠣᠨ ᠱᠠᠩᠬᠠᠢ ᠳᠤ ᠬᠦᠷᠴᠦ ᠳᠠᠬᠢᠨ 300 ᠥᠨᠥᠴᠢᠨ ᠬᠡᠦᠭᠡᠳ᠎ᠢ ᠲᠣᠰᠣᠨ ᠠᠪᠴᠢᠷᠠᠭᠰᠠᠨ ᠶᠤᠮ᠃ ᠴᠠᠭ ᠮᠦᠴᠡ ᠣᠷᠣᠰ᠎ᠤᠨ ᠦᠩᠭᠡᠷᠡᠭᠡᠳ᠂ ᠵᠢᠶᠠᠩ ᠶᠦᠩ ᠯᠦ᠍ ᠭᠣᠸᠠᠢ ᠣᠳᠤ ᠨᠢᠭᠡᠨᠲᠡ ᠶᠡᠷᠡ ᠰᠢᠬᠠᠭᠰᠠᠨ ᠨᠠᠰᠤᠳᠠᠨ ᠪᠣᠯᠴᠢᠬᠠᠯ᠎ᠠ ᠃ ᠵᠢᠶᠠᠩ ᠨᠠᠰᠤᠲᠠᠨ ᠦᠩᠭᠡᠷᠡᠵᠦ ᠣᠳᠣᠭᠰᠠᠨ ᠡᠳᠦᠷ ᠬᠣᠨᠣᠭ᠎ᠤᠳ ᠵᠶ᠋ᠠᠨ ᠳᠣᠷᠠᠳᠬᠠᠨ ᠪᠠᠢ᠌ᠵᠣ᠂ ᠲᠡᠷᠡ ᠬᠦ᠌ ᠰᠠᠢ᠌ᠬᠠᠨ ᠭᠦᠨ ᠭᠦᠨᠵᠡᠭᠡᠢ ᠲᠡᠦᠬᠡᠨ ᠠᠴᠢ ᠬᠣᠯᠪᠣᠭᠳᠠᠯ᠎ᠲᠠᠢ ᠰᠡᠳᠭᠢᠯ᠎ᠳᠤ ᠬᠣᠨᠤᠭᠰᠢᠮᠠ ᠦᠯᠢᠭᠡᠷ ᠵᠶ᠋ᠡᠨ ᠮᠠᠨᠣᠰ᠎ᠲᠤ ᠶᠠᠷᠢᠵᠣ ᠦᠭᠭᠦᠯ᠎ᠡ᠃
ᠨᠢᠭᠡᠨ ᠴᠢᠬᠣᠯᠠ ᠶᠡᠬᠡ ᠬᠣᠷᠠᠯ
ᠬᠡᠳᠦᠢ᠌ᠪᠡᠷ ᠵᠢᠷᠠᠨ ᠵᠢᠯ ᠦᠩᠭᠡᠷᠡᠯ᠎ᠡ ᠴᠦ᠍ ᠭᠡᠰᠡᠨ᠂ ᠵᠢᠶᠠᠩ ᠶᠦᠩ ᠯᠦ᠍ ᠨᠠᠰᠣᠲᠠᠨ1960 ᠣᠨ᠎ᠤ ᠴᠠᠭ᠋ᠠᠨ ᠰᠠᠷ᠎ᠠ ᠵᠢᠨ ᠡᠮᠦᠨ᠎ᠡ ᠬᠣᠢ᠌ᠨᠠᠬᠢ《ᠡᠮᠦᠨᠡᠲᠦ ᠣᠷᠣᠨ᠎ᠤ ᠥᠨᠥᠴᠢᠨ ᠬᠡᠦᠭᠡᠳ᠎ᠢ ᠦᠷᠡᠴᠢᠯᠡᠨ ᠲᠡᠵᠢᠭᠡᠬᠦ》᠎ᠲᠠᠢ ᠬᠣᠯᠪᠣᠭᠳᠠᠭᠰᠠᠨ ᠨᠢᠭᠡᠨ ᠣᠳᠠᠭ᠋ᠠᠨ᠎ᠤ ᠬᠣᠷᠠᠯ ᠵᠶ᠋ᠠᠨ ᠳᠣᠷᠠᠳᠬᠣᠯᠠᠷ ᠮᠦᠨ ᠭᠦᠨ ᠰᠠᠭᠣᠭᠳᠠᠯᠲᠠᠢ ᠪᠠᠢ᠌ᠭᠰᠠᠭ᠋ᠠᠷ ᠠᠵᠢ᠃
ᠲᠡᠭᠦᠨ᠎ᠤ ᠳᠣᠷᠠᠳᠬᠠᠨ ᠶᠠᠷᠢᠬᠣ᠎ᠪᠠᠷ᠄《1959 ᠣᠨ᠎ᠤ ᠰᠡᠭᠦᠯᠴᠢ᠎ᠪᠠᠷ ᠦᠪᠡᠷᠲᠡᠭᠡᠨ ᠵᠠᠰᠠᠬᠣ ᠣᠷᠣᠨ᠎ᠠᠴᠠ ᠵᠣᠬᠢᠶᠠᠨ ᠪᠠᠢ᠌ᠭᠣᠯᠵᠣ ᠬᠣᠷᠠᠯᠳᠣᠭᠣᠯᠣᠭᠰᠠᠨ ᠡᠷᠡᠭᠦᠯ ᠬᠠᠮᠠᠭ᠋ᠠᠯᠠᠯ᠎ᠤᠨ ᠰᠢᠰᠲᠸᠮ᠎ᠤᠨ ᠳᠦᠷᠪᠡᠳᠦᠭᠡᠷ ᠳᠡᠰ᠎ᠤᠨ ᠺᠠᠳ᠋ᠷ᠎ᠤᠨ ᠬᠣᠷᠠᠯ᠎ᠤᠨ ᠬᠠᠮᠣᠭ᠎ᠤᠨ ᠴᠢᠬᠣᠯᠠ ᠨᠢᠭᠡᠨ ᠵᠦᠪᠯᠡᠬᠦ ᠵᠦᠢ᠍ᠯ᠎ᠨᠢ ᠳᠠᠷᠣᠢ〈ᠡᠮᠦᠨᠡᠲᠦ ᠣᠷᠣᠨ᠎ᠠᠴᠠ ᠨᠢᠭᠡ ᠪᠦᠯᠦᠭ ᠬᠡᠦᠭᠡᠳ᠎ᠢ ᠲᠣᠰᠣᠨ ᠠᠪᠴᠢᠷᠠᠬᠣ〉 ᠶᠠᠪᠣᠳᠠᠯ᠂ ᠡᠨᠡ᠎ᠨᠢ ᠠᠯᠢ ᠰᠠᠯᠠᠭ᠎ᠠ ᠮᠦᠴᠢᠷ᠎ᠠᠴᠠ ᠣᠳᠣᠷᠢᠳᠣᠨ ᠳᠠᠭ᠋ᠠᠭᠣᠯᠵᠣ᠂ ᠬᠡᠦᠭᠡᠳ᠎ᠢ ᠲᠣᠰᠴᠣ ᠠᠪᠴᠢᠷᠠᠭᠰᠠᠨ᠎ᠤ ᠳᠠᠷᠠᠭ᠎ᠠ ᠬᠡᠷᠬᠢᠨ ᠦᠷᠡᠴᠢᠯᠡᠨ ᠲᠡᠵᠢᠭᠡᠬᠦ ᠵᠡᠷᠭᠡ ᠠᠰᠠᠭᠣᠳᠠᠯᠤᠳᠲᠠᠢ ᠬᠣᠯᠪᠣᠭᠳᠠᠨ᠎ᠠ᠃ ᠴᠠᠭ᠋ᠠᠨ ᠰᠠᠷ᠎ᠠ ᠵᠢᠨ ᠳᠠᠷᠠᠭ᠎ᠠ ᠳᠠᠬᠢᠨ ᠪᠦᠭᠦᠳᠡᠭᠡᠷ ᠬᠣᠷᠠᠯᠳᠣᠭᠰᠠᠨᠤᠪᠠᠨ ᠬᠣᠢ᠌ᠨ᠎ᠠ〈ᠨᠢᠭᠡ ᠬᠡᠦᠭᠡᠳ ᠢ ᠲᠣᠰᠴᠣ ᠠᠪᠴᠢᠷᠠᠪᠠᠯ᠂ ᠨᠢᠭᠡ ᠬᠡᠦᠭᠡᠳ᠎ᠢ ᠡᠳᠡᠭᠡᠭᠡᠵᠦ᠂ ᠨᠢᠭᠡ ᠬᠡᠦᠭᠡᠳ᠎ᠢ ᠭᠦᠢ᠍ᠴᠡᠳ ᠲᠡᠩᠭᠡᠷᠡᠭᠦᠯᠬᠦ〉᠎ᠪᠠᠷ ᠠᠨᠳᠠᠭ᠋ᠠᠢ᠌ᠯᠠᠭᠰᠠᠨ ᠶᠤᠮ᠃》
ᠡᠭᠦᠨ᠎ᠤ ᠳᠠᠷᠣᠢ᠌ᠬᠠᠨ᠂ ᠰᠢᠯᠢ ᠵᠢᠨ ᠭᠣᠣᠯ ᠠᠢ᠌ᠮᠠᠭ᠎ᠤᠨ᠎ᠬᠢᠨ ᠡᠮᠦᠨᠡᠲᠦ ᠣᠷᠣᠨ᠎ᠤ ᠥᠨᠥᠴᠢᠨ ᠬᠡᠦᠭᠡᠳ᠎ᠢ ᠲᠣᠰᠴᠣ ᠠᠪᠴᠢᠷᠠᠬᠣ ᠪᠡᠯᠡᠳᠭᠡᠯ ᠠᠵᠢᠯ ᠵᠶ᠋ᠠᠨ ᠬᠢᠵᠦ ᠡᠬᠢᠯᠡᠪᠡ᠃ ᠡᠭᠦᠨ᠎ᠳᠤ᠂ ᠲᠣᠰᠬᠠᠢ ᠵᠦᠪᠯᠡᠯ ᠪᠠᠢ᠌ᠭᠣᠯᠬᠣ᠂ ᠲᠠᠪᠤᠨ ᠬᠡᠦᠭᠡᠳ ᠠᠰᠠᠷᠠᠬᠣ ᠬᠦᠷᠢᠶᠡᠯᠡᠩ᠎ᠢ ᠪᠦᠲᠦᠭᠡᠨ ᠪᠠᠢ᠌ᠭᠣᠯᠬᠣ᠂ ᠬᠡᠦᠭᠡᠳ ᠠᠰᠠᠷᠠᠭᠴᠢ ᠡᠯᠰᠡᠨ ᠬᠦᠮᠦᠵᠢᠭᠦᠯᠬᠦ᠂ ᠬᠡᠦᠭᠡᠳ᠎ᠤᠨ ᠬᠣᠪᠴᠠᠰᠣ ᠬᠤᠨᠠᠷ ᠪᠠ ᠡᠳ᠋ ᠬᠡᠷᠡᠭᠰᠡᠯ᠎ᠢ ᠠᠮᠵᠢᠨ ᠲᠣᠬᠢᠷᠠᠭᠣᠯᠬᠣ ᠵᠡᠷᠭᠡ ᠠᠵᠢᠯ ᠪᠣᠢ᠃
ᠡᠮᠦᠨᠡᠲᠦ ᠣᠷᠣᠨ᠎ᠤ ᠥᠨᠥᠴᠢᠨ ᠬᠡᠦᠭᠡᠳ ᠣᠮᠠᠷᠠᠰᠢ ᠮᠣᠷᠳᠠᠬᠣ ᠭᠠᠯᠲᠤ ᠲᠡᠷᠭᠡᠨ᠎ᠳᠤ ᠭᠠᠷᠣᠯ᠎ᠠ
1960 ᠣᠨ᠎ᠤ 9 ᠰᠠᠷ᠎ᠠ᠎ᠳᠤ᠂ ᠵᠢᠶᠠᠩ ᠶᠦᠩ ᠯᠦ᠍ ᠮᠡᠳᠡᠭᠳᠡᠯ᠎ᠢ ᠲᠣᠰᠴᠣ᠂ ᠲᠣᠰ ᠮᠡᠳᠡᠭᠳᠡᠯ᠎ᠳᠤ᠂ ᠲᠡᠭᠦᠨ ᠢ ᠰᠢᠯᠢ ᠵᠢᠨ ᠭᠣᠣᠯ ᠠᠢ᠌ᠮᠠᠭ᠎ᠤᠨ ᠡᠮᠦᠨᠡᠲᠦ ᠣᠷᠣᠨ᠎ᠤ ᠥᠨᠥᠴᠢᠨ ᠬᠡᠦᠭᠡᠳ᠎ᠢ ᠲᠣᠰᠴᠣ ᠵᠦᠭᠡᠭᠡᠪᠦᠷᠢᠯᠡᠬᠦ ᠪᠠᠭ᠎ᠠ ᠳᠣᠭᠣᠢ᠌ᠯᠠᠩ᠎ᠤᠨ ᠳᠠᠭ᠋ᠠᠭᠣᠯᠣᠭᠴᠢ ᠪᠠᠷ ᠱᠠᠩᠬᠠᠢ᠎ᠳᠤ ᠬᠦᠷᠴᠦ ᠦᠨᠦᠴᠢᠨ ᠬᠡᠦᠭᠡᠳ ᠤᠳ᠎ᠢ ᠲᠣᠰᠣᠭᠣᠯᠬᠣᠪᠠᠷ ᠱᠠᠭ᠋ᠠᠷᠳᠠᠭᠰᠠᠨ ᠠᠵᠢ᠃《 ᠮᠠᠨᠣᠰ ᠨᠡᠢ᠌ᠲᠡ16 ᠬᠦᠮᠦᠨ ᠣᠴᠢᠵᠠᠢ᠂ ᠡᠮᠴᠢ ᠰᠣᠪᠢᠯᠠᠭᠴᠢ ᠬᠢᠭᠡᠳ ᠠᠰᠠᠷᠠᠭᠴᠢ ᠪᠦᠷ ᠪᠣᠢ》 ᠭᠡᠵᠦ ᠲᠡᠷᠡ᠎ᠪᠠᠷ ᠶᠠᠷᠢᠵᠤ ᠭᠠᠷᠣᠨ᠎ᠠ᠃
《ᠱᠠᠩᠬᠠᠢ᠎ᠳᠤ ᠬᠦᠷᠦᠭᠡᠳ ᠬᠡᠦᠭᠡᠳᠤᠳᠢ ᠦᠵᠡᠭᠰᠡᠨ ᠴᠢᠨᠢ ᠪᠦᠷ ᠭᠡᠳᠡᠰᠦ᠎ᠨᠢ ᠬᠠᠮᠰᠢᠢ᠍ᠨ᠂ ᠶᠠᠰᠣᠨ ᠭᠣᠵᠣᠩ ᠪᠣᠯᠴᠢᠬᠠᠵᠣ᠂ ᠲᠠᠮᠢᠷ ᠲᠡᠩᠭᠡᠭᠡ᠎ᠪᠠᠷ ᠠᠨᠠᠢ ᠪᠠᠢ᠌ᠵᠣ᠂ ᠪᠢ ᠲᠣᠬᠠᠢ ᠵᠢᠨ ᠦᠶᠡᠰ ᠮᠠᠰᠢ ᠶᠡᠬᠡ ᠰᠠᠨᠠᠭ᠎ᠠ ᠪᠣᠯᠵᠤ ᠪᠠᠢ᠌ᠭᠰᠠᠨ ᠶᠤᠮ》 ᠭᠡᠵᠦ ᠵᠢᠶᠠᠩ ᠶᠦᠩ ᠯᠦ᠍ ᠨᠠᠰᠣᠲᠠᠨ ᠡᠷᠭᠢᠴᠡᠭᠦᠯᠦᠨ᠎ᠡ᠃ ᠭᠡᠪᠡᠴᠦ ᠳᠡᠳᠡᠨ᠎ᠤ ᠲᠣᠰᠴᠣ ᠵᠦᠭᠡᠭᠡᠪᠦᠷᠢᠯᠡᠬᠦ ᠪᠠᠭ᠎ᠠ ᠳᠣᠭᠣᠢ᠌ᠯᠠᠩ᠎ᠤᠨ᠎ᠬᠢᠨ ᠳᠠᠷᠣᠢ᠌ᠬᠠᠨ ᠠᠵᠢᠯ ᠵᠶ᠋ᠠᠨ ᠦᠷᠨᠢᠭᠦᠯᠵᠦ᠂ ᠠᠰᠠᠷᠠᠭᠴᠢ ᠠᠨᠢᠶ᠎ᠠ᠎ᠠᠴᠠ ᠲᠣᠷᠰᠢᠨ ᠰᠣᠷᠣᠯᠴᠠᠬᠣ ᠵᠢᠨ ᠵᠡᠷᠭᠡ᠎ᠪᠠᠷ ᠨᠢᠭᠡ ᠪᠦᠯᠦᠭ ᠡᠮ ᠲᠠᠩ ᠪᠣᠯᠣᠨ ᠬᠦᠴᠢᠯᠳᠦᠢ᠍ᠷᠦᠭᠴᠢ ᠵᠢᠨ ᠯᠣᠩᠬᠣ ᠵᠡᠷᠭᠡ ᠵᠠᠪᠠᠯ ᠪᠡᠯᠡᠳᠭᠡᠬᠦ ᠡᠮ ᠡᠮᠨᠡᠯᠭᠡ ᠵᠢᠨ ᠪᠠᠭ᠋ᠠᠵᠢ ᠬᠡᠷᠡᠭᠰᠡᠯᠤᠳᠢ ᠬᠣᠳᠠᠯᠳᠣᠨ ᠠᠪᠴᠣ᠂ ᠵᠣᠬᠢᠬᠣ ᠪᠡᠯᠡᠳᠭᠡᠯ ᠵᠶ᠋ᠡᠨ ᠰᠠᠢ᠌ᠲᠣᠷ ᠠᠮᠵᠢᠨ ᠬᠢᠵᠡᠭᠡᠯ᠎ᠡ᠃
《ᠡᠳᠡᠭᠡᠷ ᠬᠡᠦᠭᠡᠳ᠎ᠤᠨ ᠳᠣᠳᠣᠷ᠎ᠠ᠂ ᠬᠠᠮᠣᠭ᠎ᠤᠨ ᠶᠡᠬᠡ᠎ᠨᠢ ᠳᠣᠯᠣᠭ᠎ᠠ ᠨᠠᠢ᠍ᠮᠠᠨ ᠨᠠᠰᠣᠲᠠᠢ᠂ ᠬᠠᠮᠣᠭ᠎ᠤᠨ ᠪᠠᠭ᠎ᠠ᠎ᠨᠢ ᠰᠠᠶᠢ ᠬᠡᠳᠦᠬᠡᠨ ᠰᠠᠷ᠎ᠠ ᠪᠤᠯᠵᠤ ᠪᠠᠢ᠌ᠪᠠ ᠃ ᠲᠡᠮᠦᠷ ᠵᠠᠮ᠎ᠤᠨ ᠰᠠᠯᠠᠭ᠎ᠠ ᠮᠦᠴᠢᠷ᠎ᠠᠴᠠ ᠲᠣᠰᠬᠠᠢ᠌ᠯᠠᠨ ᠭᠠᠯᠲᠤ ᠲᠡᠷᠭᠡᠨ᠎ᠤ ᠬᠠᠮᠣᠭ᠎ᠤᠨ ᠰᠡᠭᠦᠯ᠎ᠤᠨ ᠬᠣᠶᠠᠷ ᠸᠠᠭᠣᠨ᠎ᠢ ᠮᠠᠨᠣᠰ᠎ᠲᠤ ᠲᠣᠬᠢᠷᠠᠭᠣᠯᠣᠨ ᠥᠭᠴᠦ᠂ ᠠᠶᠠᠨ᠎ᠤ ᠳᠣᠮᠳᠠ ᠲᠡᠮᠦᠷ ᠵᠠᠮ᠎ᠤᠨ ᠦᠢ᠍ᠯᠡᠴᠢᠯᠡᠭᠴᠢ᠎ᠠᠴᠠ ᠤᠰᠤ᠂ ᠰᠢᠩᠬᠡᠨ ᠪᠣᠳᠠᠭ᠎ᠠ ᠬᠦᠷᠭᠡᠨ᠂ ᠨᠢᠭᠡ ᠵᠠᠮ ᠰᠠᠢ᠌ᠬᠠᠨ ᠬᠠᠷᠠᠭ᠋ᠠᠯᠵᠠᠭᠰᠠᠨ ᠶᠤᠮ᠃ ᠭᠠᠯᠲᠤ ᠲᠡᠷᠭᠡᠨ᠎ᠳᠤ ᠰᠠᠭᠣᠳᠠᠯ ᠲᠣᠭ᠋ᠠᠲᠠᠢ ᠲᠤᠯᠠ ᠪᠢᠳᠡ ᠭᠡᠦᠭᠡᠳ ᠤᠳ᠎ᠢ ᠰᠠᠭᠣᠳᠠᠯ ᠳᠡᠭᠡᠷ᠎ᠡ ᠲᠠᠯᠪᠢᠵᠦ᠂ ᠮᠠᠨᠣᠰ᠎ᠤᠨ ᠠᠵᠢᠯᠳᠠᠨ ᠨᠠᠷ ᠪᠦᠷ ᠸᠠᠭᠣᠨ᠎ᠤ ᠱᠠᠯᠠᠨ ᠳᠡᠭᠡᠷ᠎ᠡ ᠬᠡᠪᠲᠡᠳᠡᠭ ᠶᠤᠮ》 ᠭᠡᠮᠡᠨ ᠵᠢᠶᠠᠩ ᠶᠦᠩ ᠯᠦ᠍ ᠨᠠᠰᠤᠳᠠᠨ ᠬᠠᠭᠣᠴᠢᠯᠠᠨᠠ᠃
ᠲᠠᠯ᠎ᠠ ᠨᠤᠲᠤᠭ ᠲᠤ᠎ᠪᠠᠨ ᠡᠩᠬᠡ ᠲᠣᠩᠬᠠ ᠦᠰᠴᠦ ᠲᠣᠷᠨᠢᠭᠰᠠᠨ᠎ᠨᠢ
ᠡᠮᠦᠨ᠎ᠡ᠎ᠨᠢ 1958 ᠣᠨ᠎ᠳᠤ ᠠᠨᠾᠦ᠋ᠢ ᠮᠤᠵᠢ ᠵᠢᠨ ᠥᠨᠥᠴᠢᠨ ᠬᠡᠦᠭᠡᠳ ᠦᠪᠦᠷ ᠮᠣᠩᠭᠣᠯ᠎ᠳᠤ ᠢᠷᠡᠭᠡᠳ ᠴᠠᠭ ᠠᠭᠤᠷ ᠵᠣᠬᠢᠴᠠᠬᠣ ᠦᠬᠡᠢ᠎ᠠᠴᠠ ᠪᠤᠯᠵᠤ᠂ ᠭᠡᠨᠡᠳᠲᠡ᠎ᠪᠠᠷ ᠡᠪᠡᠳᠴᠢᠯᠡᠵᠡᠭᠡᠭᠰᠡᠨ ᠲᠣᠷᠰᠢᠯᠭ᠎ᠠ ᠰᠣᠷᠭ᠋ᠠᠮᠵᠢ᠎ᠲᠠᠢ ᠪᠤᠯᠬᠤᠷ᠂ ᠡᠨᠡ ᠣᠳᠠᠭ᠎ᠠ ᠬᠡᠦᠭᠡᠳ ᠤᠳ ᠦᠪᠦᠷ ᠮᠣᠩᠭᠣᠯ᠎ᠳᠤ ᠢᠷᠡᠭᠰᠡᠨ᠎ᠤ ᠳᠠᠷᠠᠭ᠎ᠠ ᠳᠡᠳᠡᠨ᠎ᠢ ᠬᠠᠮᠣᠭ᠎ᠤᠨ ᠲᠦᠷᠦᠭᠦᠨ᠎ᠳᠤ ᠡᠮᠨᠡᠯᠭᠡ᠎ᠳᠤ ᠠᠪᠠᠴᠢᠨ ᠪᠡᠶ᠎ᠡ ᠵᠢ᠎ᠨᠢ ᠪᠠᠢ᠌ᠴᠠᠭ᠋ᠠᠨ ᠡᠮᠨᠡᠨ ᠵᠠᠰᠠᠭᠰᠠᠨ᠎ᠤ ᠰᠡᠭᠦᠯᠡᠷ ᠰᠠᠶᠢ ᠠᠰᠠᠷᠠᠮᠵᠢ ᠵᠢᠨ ᠬᠦᠷᠢᠶᠡᠯᠡᠩ᠎ᠳᠤ ᠠᠪᠠᠴᠢᠨ ᠲᠡᠩᠭᠡᠷᠡᠭᠦᠯᠦᠭᠰᠡᠨᠤ ᠳᠠᠷᠠᠭ᠎ᠠ ᠰᠠᠶᠢ ᠮᠠᠯᠴᠢᠳ᠎ᠲᠤ ᠦᠭᠴᠦ ᠲᠡᠵᠢᠭᠡᠯᠭᠡᠭᠰᠡᠨ ᠠᠵᠢ᠃
ᠡᠳᠡᠭᠡᠷ《ᠣᠯᠣᠰ᠎ᠤᠨ ᠬᠡᠦᠭᠡᠳ》 ᠠᠰᠠᠷᠠᠮᠵᠢ ᠵᠢᠨ ᠬᠦᠷᠢᠶᠡᠯᠡᠩ᠎ᠳᠤ ᠪᠠᠢ᠌ᠭᠰᠠᠨ ᠨᠢᠭᠡ ᠵᠢᠯ᠎ᠳᠤ᠎ᠪᠠᠨ ᠨᠡᠢ᠌ᠭᠡᠮ᠎ᠤᠨ ᠡᠯ᠎ᠡ ᠡᠲᠡᠭᠡᠳ᠎ᠤᠨ᠎ᠬᠢᠨ᠎ᠤ ᠬᠠᠢ᠌ᠷ᠎ᠠ ᠬᠠᠯᠠᠮᠵᠢ ᠵᠢ ᠶᠡᠬᠡᠬᠡᠨ ᠬᠦᠷᠳᠡᠭᠰᠡᠨ ᠶᠤᠮ᠃ ᠵᠢᠶᠠᠩ ᠶᠦᠩ ᠯᠦ᠍ ᠨᠠᠰᠣᠲᠠᠨ᠎ᠳᠤ ᠬᠠᠮᠣᠭ᠎ᠤᠨ ᠭᠦᠨ ᠰᠠᠭᠣᠭᠳᠠᠭᠰᠠᠨᠨᠢ ᠨᠢᠭᠡᠨ ᠮᠠᠯᠴᠢᠨ᠎ᠤ《 ᠬᠦᠯᠳᠡᠭᠦᠦ ᠰᠦ ᠭᠦᠷᠭᠡᠨ ᠭᠠᠴᠢᠭ᠎ᠠᠴᠠ ᠠᠪᠣᠷᠠᠭᠰᠠᠨ》 ᠶᠠᠪᠣᠳᠠᠯ ᠪᠣᠯᠣᠨ᠎ᠠ᠃1960 ᠣᠨ᠎ᠤ ᠡᠪᠦᠯ ᠠᠰᠠᠷᠠᠮᠵᠢ ᠵᠢᠨ ᠬᠦᠷᠢᠶᠡᠯᠡᠩ᠎ᠳᠤ ᠰᠦᠨ ᠲᠠᠯᠬ᠎ᠠ ᠳᠣᠲᠠᠭᠳᠠᠭᠰᠠᠨ ᠪᠠᠢ᠌ᠵᠠᠢ᠃《ᠶᠠᠭ ᠪᠢᠳᠡᠨ᠎ᠢ ᠭᠠᠷ ᠮᠣᠬᠣᠷᠳᠠᠵᠣ ᠮᠠᠯᠴᠢᠨ ᠢ ᠡᠷᠢᠵᠦ ᠬᠠᠪᠰᠣᠷᠣᠭᠣᠯᠬᠣᠪᠠᠷ ᠪᠠᠵᠠᠭ᠋ᠠᠵᠤ ᠪᠠᠢ᠌ᠭ᠎ᠠ᠎ᠳᠤ ᠨᠢᠭᠡᠨ ᠨᠤᠲᠤᠭ᠎ᠤᠨ ᠮᠠᠯᠴᠢᠨ ᠬᠠᠰᠠᠭ ᠲᠡᠷᠭᠡ᠎ᠪᠠᠨ ᠭᠡᠯᠢᠭᠡᠳ ᠢᠷᠡᠯ᠎ᠡ᠃ ᠲᠡᠷᠭᠡᠨ ᠳᠡᠭᠡᠷ᠎ᠡ᠎ᠨᠢ ᠢᠰᠡᠭᠡᠢ᠎ᠪᠠᠷ ᠪᠣᠭᠣᠭᠰᠠᠨ ᠬᠦᠯᠳᠡᠭᠦᠦ ᠰᠦ ᠠᠴᠢᠵᠤ᠂ ᠵᠠᠷᠢᠮ᠎ᠨᠢ ᠠᠶᠠᠭ᠋ᠠᠨ ᠬᠢᠷᠢ᠂ ᠵᠠᠷᠢᠮ᠎ᠨᠢ ᠶᠣᠰᠣᠲᠠᠢ ᠲᠣᠭᠣᠭ᠋ᠠᠨ᠎ᠤ ᠬᠢᠷᠢ ᠲᠣᠮᠣ᠃ ᠦᠵᠡᠬᠦ᠎ᠳᠤ᠂ ᠣᠯᠠᠨ ᠭᠡᠷ ᠬᠤᠲᠠᠯᠠᠭ᠋ᠠᠷᠤᠨᠬᠢᠨ ᠴᠣᠭᠯᠠᠭᠣᠯᠵᠣ ᠬᠠᠨᠳᠢᠪᠯᠠᠭᠰᠠᠨ᠎ᠨᠢ ᠢᠯᠡᠬᠡᠨ》 ᠭᠡᠵᠦ ᠵᠢᠶᠠᠩ ᠨᠠᠰᠣᠲᠠᠨ ᠰᠡᠳᠭᠢᠯ ᠳᠣᠭᠳᠣᠯᠣᠩᠭᠣᠢ ᠶᠠᠷᠢᠬᠣ ᠶᠤᠮ᠃
ᠡᠭᠦᠨ᠎ᠳᠤ᠂ ᠵᠢᠶᠠᠩ ᠶᠦᠩ ᠯᠦ᠍ ᠠᠯᠠᠰᠬᠢᠨ ᠪᠠᠶᠠᠷᠯᠠᠵᠤ᠂ ᠬᠦᠯᠳᠡᠭᠦᠦ ᠰᠦ ᠵᠢ᠎ᠨᠢ ᠲᠡᠷᠭᠡᠨ᠎ᠠᠴᠠ᠎ᠨᠢ ᠪᠠᠭᠣᠯᠭ᠋ᠠᠵᠤ ᠠᠪᠣᠭ᠋ᠠᠳ᠂ ᠮᠠᠯᠴᠢᠨ᠎ᠳᠤ ᠲᠣᠭ᠋ᠠᠴᠠᠭ᠎ᠠ ᠬᠢᠬᠦ ᠭᠡᠬᠦᠯᠡᠷ᠂ ᠴᠠᠭ᠋ᠠᠳᠣᠬᠢᠨᠢ ᠬᠠᠷᠢᠨ ᠠᠭᠣᠷᠯᠠᠵᠣ᠄《 ᠡᠳᠡ ᠨᠠᠷ ᠴᠢᠨᠢ〈ᠤᠯᠤᠰ᠎ᠤᠨ ᠬᠡᠦᠭᠡᠳ〉ᠪᠢᠰᠢ ᠦᠦ᠂ ᠡᠨᠡ ᠬᠦᠯᠳᠡᠭᠦᠦ ᠰᠦ ᠵᠢ ᠪᠣᠯ ᠣᠯᠠᠨ ᠵᠶ᠋ᠠᠷ ᠵᠶ᠋ᠠᠨ ᠨᠠᠳᠠ᠎ᠳᠤ ᠨᠠᠢ᠌ᠳᠠᠨ〈ᠤᠯᠤᠰ᠎ᠤᠨ ᠬᠡᠦᠭᠡᠳ〉᠎ᠲᠤ ᠬᠦᠷᠭᠡᠯᠭᠡᠭᠰᠡᠨ ᠶᠤᠮ᠂ ᠶᠠᠮᠠᠷ ᠬᠣᠳᠠᠯᠳᠣᠬᠣ᠎ᠪᠠᠷ ᠢᠷᠡᠭᠰᠡᠨ ᠪᠢᠰᠢ ᠰᠢᠦ!》 ᠭᠡᠯᠡ᠃
ᠨᠢᠭᠡ ᠵᠢᠯ᠎ᠤᠨ ᠳᠠᠷᠠᠭ᠎ᠠ᠃ ᠬᠡᠦᠭᠡᠳ᠎ᠤᠳ᠎ᠤᠨ ᠪᠡᠶ᠎ᠡ ᠬᠡᠪᠲᠤᠪᠠᠨ ᠣᠷᠣᠭ᠋ᠠᠳ᠂ ᠮᠠᠯᠴᠢᠳ᠎ᠲᠤ ᠦᠷᠡᠴᠢᠯᠡᠭᠳᠡᠨ ᠲᠡᠵᠢᠭᠡᠭᠳᠡᠵᠦ ᠡᠬᠢᠯᠡᠯ᠎ᠡ᠃《ᠦᠷᠡᠴᠢᠯᠡᠵᠦ ᠲᠡᠵᠢᠭᠡᠬᠦ᠎ᠳᠤᠨᠢ ᠮᠦᠨ ᠮᠠᠰᠢ ᠴᠢᠩᠭ᠎ᠠ ᠨᠦᠬᠦᠴᠡᠯ ᠪᠣᠢ᠂ ᠶᠠᠭᠣᠨᠤ ᠡᠮᠦᠨ᠎ᠡ ᠬᠡᠦᠭᠡᠳ ᠦᠬᠡᠢ ᠮᠠᠯᠴᠢᠳ ᠰᠠᠶᠢ ᠡᠷᠡᠮᠡᠯᠵᠡᠯᠡᠵᠦ ᠪᠣᠯᠣᠨ᠎ᠠ᠃ ᠳᠠᠷᠠᠭ᠎ᠠ᠎ᠳᠤ᠎ᠨᠢ᠂ ᠦᠷᠡᠴᠢᠯᠡᠨ ᠲᠡᠵᠢᠭᠡᠬᠦ ᠨᠦᠬᠦᠴᠡᠯ ᠰᠠᠢ᠌ᠲᠠᠢ ᠪᠠᠢ᠌ᠬᠣ ᠭᠡᠷᠡᠭᠳᠡᠢ᠂ ᠦᠷᠡᠴᠢᠯᠡᠨ ᠲᠡᠵᠢᠭᠡᠭᠰᠡᠨ᠎ᠤ ᠳᠠᠷᠠᠭ᠎ᠠ ᠬᠠᠮᠢᠶ᠎ᠠ ᠪᠦᠬᠦᠢ ᠰᠠᠯᠠᠭ᠎ᠠ ᠮᠦᠴᠢᠷ᠎ᠠᠴᠠ ᠬᠡᠦᠭᠡᠳ᠎ᠤᠳ᠎ᠤᠨ ᠠᠮᠢᠳᠣᠷᠠᠯ ᠠᠬᠣᠢ ᠵᠢ᠎ᠨᠢ ᠮᠦᠷᠳᠡᠨ ᠰᠣᠷᠠᠭᠯᠠᠳᠠᠭ》 ᠭᠡᠵᠦ ᠵᠢᠶᠠᠩ ᠨᠠᠰᠣᠲᠠᠨ ᠬᠠᠭᠣᠴᠢ ᠳᠡᠯᠭᠡᠨ᠎ᠡ᠃
ᠮᠣᠩᠭᠣᠯ᠂ ᠬᠢᠲᠠᠳ ᠦᠨᠳᠦᠰᠦᠳᠡᠨ᠎ᠤ ᠬᠠᠢ᠌ᠷ᠎ᠠ ᠰᠡᠳᠭᠢᠯᠭᠡ ᠭᠦᠨ᠎ᠠᠴᠠ ᠭᠦᠨ
ᠶᠡᠬᠡ ᠬᠠᠢ᠌ᠷ᠎ᠠ ᠵᠢᠨ ᠲᠤᠤᠯᠢ ᠬᠠᠢ᠌ᠯᠠᠨ ᠬᠠᠢ᠌ᠯᠠᠭᠳᠠᠨᠠ
《ᠣᠳᠣ ᠳᠣᠷᠠᠳᠬᠠᠪᠠᠯ᠂ ᠮᠠᠨᠣᠰ᠎ᠤᠨ ᠡᠮᠦᠨᠡᠲᠦ ᠣᠷᠣᠨ᠎ᠤ ᠦᠨᠦᠴᠢᠨ ᠬᠡᠦᠭᠡᠳ᠎ᠢ ᠦᠷᠡᠴᠢᠯᠡᠨ ᠲᠡᠵᠢᠭᠡᠭᠰᠡᠨ ᠨᠢ ᠠᠮᠵᠢᠯᠲᠠ ᠪᠦᠲᠦᠮᠵᠢᠲᠠᠢᠳᠤᠪᠠᠨ ᠲᠣᠭ᠋ᠠᠴᠠᠭᠳᠠᠨ᠎ᠠ᠂ ᠡᠳᠡᠭᠡᠷ ᠬᠡᠦᠭᠡᠳ ᠡᠷᠡᠭᠦᠯ ᠡᠩᠭᠡ ᠲᠣᠩᠬᠠ ᠦᠭᠡᠯᠡᠢ ᠪᠣᠯᠣᠭᠰᠠᠨ ᠤ ᠬᠣᠢ᠌ᠨ᠎ᠠ᠂ ᠴᠡᠷᠢᠭ᠎ᠲᠤ ᠮᠣᠷᠳᠠᠭᠰᠠᠨᠤ ᠪᠠᠢ᠌ᠨ᠎ᠠ᠂ ᠡᠮᠴᠢ ᠰᠣᠪᠢᠯᠠᠭᠴᠢ ᠪᠣᠯᠣᠭᠰᠠᠨ᠎ᠤ ᠪᠠᠢ᠌ᠨ᠎ᠠ᠂ ᠢᠨᠵᠸᠨ᠋ᠸᠷ ᠪᠣᠯᠣᠭᠰᠠᠨ᠎ᠤ ᠪᠠᠢ᠌ᠨ᠎ᠠ᠂ ᠵᠠᠷᠢᠮ᠎ᠨᠢ ᠮᠠᠯᠴᠢᠨ ᠪᠣᠯᠵᠤ ᠲᠠᠯ᠎ᠠ ᠨᠣᠲᠣᠭᠲᠤᠪᠠᠨ ᠠᠮᠢᠳᠣᠷᠠᠭᠰᠠᠨ ᠴᠦ᠍ ᠪᠠᠢ᠌ᠨ᠎ᠠ》 ᠭᠡᠴᠢᠬᠡᠭᠡᠳ ᠵᠢᠶᠠᠩ ᠶᠦᠩ ᠯᠦ᠍ ᠨᠠᠰᠣᠲᠠᠨ ᠪᠣᠰᠣᠳ᠎ᠲᠠᠢ ᠠᠳᠠᠯᠢᠬᠠᠨ ᠵᠶ᠋ᠠᠷ ᠦᠨᠦᠴᠢᠨ ᠬᠡᠦᠭᠡᠳ᠎ᠤᠳ᠎ᠤᠨ ᠠᠵᠢᠯ ᠠᠮᠢᠳᠣᠷᠠᠯ᠎ᠢ ᠬᠠᠯᠠᠮᠵᠢᠯᠠᠭᠰᠠᠭ᠋ᠠᠷ ᠪᠦᠭᠡᠳ ᠲᠡᠳᠡ ᠨᠠᠷ᠎ᠤᠨ ᠵᠶ᠋ᠠᠨ ᠡᠮᠦᠨ᠎ᠡ᠎ᠠᠴᠠ ᠪᠠᠶᠠᠷᠯᠠᠨ ᠣᠮᠣᠭᠰᠢᠭᠰᠠᠭ᠋ᠠᠷ ᠢᠷᠡᠵᠠᠢ᠃
ᠦᠪᠦᠷ ᠮᠣᠩᠭᠣᠯ᠎ᠳᠤ᠎ᠪᠠᠨ ᠬᠠᠮᠣᠭ᠎ᠤᠨ ᠡᠷᠲᠡ ᠡᠮᠦᠨᠡᠲᠦ ᠣᠷᠣᠨ᠎ᠤ ᠦᠨᠦᠴᠢᠨ ᠬᠡᠦᠭᠡᠳ᠎ᠢ ᠬᠦᠯᠢᠶᠡᠨ ᠠᠪᠣᠭᠰᠠᠨ ᠭᠠᠵᠠᠷ ᠣᠷᠣᠨ ᠪᠣᠯᠣᠭᠰᠠᠨ᠎ᠤ ᠬᠤᠪᠢ᠎ᠳᠤ᠂ ᠰᠢᠯᠢ ᠵᠢᠨ ᠭᠣᠣᠯ ᠠᠢ᠌ᠮᠠᠭ ᠤᠷᠢᠳ ᠬᠣᠷᠢᠳ ᠭᠣᠷᠪᠠᠨ ᠮᠢᠩᠭ᠋ᠠᠨ ᠦᠨᠦᠴᠢᠨ ᠬᠡᠦᠭᠡᠳ᠎ᠤᠨ ᠨᠠᠢ᠍ᠮᠠᠨ ᠵᠠᠭᠣ ᠢᠯᠡᠭᠦᠦ ᠵᠢ᠎ᠨᠢ ᠬᠦᠯᠢᠶᠡᠨ ᠠᠪᠴᠣ ᠦᠷᠡᠴᠢᠯᠡᠨ ᠲᠡᠵᠢᠭᠡᠭᠰᠡᠨ ᠶᠤᠮ᠃ ᠤᠯᠤᠰ ᠭᠡᠷ ᠣᠨᠴᠠᠭ᠋ᠠᠢ ᠬᠦᠴᠢᠷᠳᠡᠯ᠎ᠳᠤ ᠲᠣᠯᠭ᠋ᠠᠷᠠᠭᠰᠠᠨ ᠦᠶ᠎ᠡ᠎ᠳᠤ᠂ ᠲᠠᠯ᠎ᠠ ᠨᠤᠲᠤᠭ ᠬᠠᠨᠠᠭ᠋ᠠᠷ ᠶᠡᠬᠡ ᠥᠷᠥᠴᠡ᠎ᠪᠠᠨ ᠳᠡᠯᠭᠡᠨ ᠡᠳᠡᠭᠡᠷ ᠡᠮᠦᠨ᠎ᠡ ᠣᠷᠣᠨ᠎ᠤ ᠦᠨᠦᠴᠢᠨ ᠬᠡᠦᠭᠡᠳ᠎ᠲᠤ ᠥᠶᠥᠭ ᠳᠣᠯᠠᠭ᠋ᠠᠨ ᠭᠡᠷ ᠣᠯᠭᠣᠪᠠ᠂ ᠡᠨᠡ ᠪᠣᠯ ᠨᠢᠭᠡᠨ ᠠᠮᠢ ᠨᠠᠰᠤᠨ᠎ᠤ ᠢᠷᠠᠭᠣ ᠳᠠᠭᠣᠯᠠᠯ ᠮᠦᠷᠲᠡᠭᠡᠨ ᠦᠨᠳᠦᠰᠦᠳᠡᠨ᠎ᠤ ᠪᠦᠯᠬᠦᠮᠳᠡᠯ᠎ᠤᠨ ᠰᠣᠨᠣᠷ ᠮᠢᠯᠢᠶᠠᠭᠰᠠᠨ ᠰᠠᠢ᠌ᠬᠠᠨ ᠦᠯᠢᠭᠡᠷ ᠪᠣᠯᠣᠨ᠎ᠠ᠃
ᠬᠡᠳᠦᠢ᠌ᠪᠡᠷ ᠲᠣᠬᠠᠢ ᠵᠢᠨ ᠵᠢᠯ᠎ᠤᠨ ᠦᠨᠦᠴᠢᠨ ᠬᠡᠦᠭᠡᠳ᠎ᠤᠳ ᠣᠳᠤ ᠨᠠᠰᠤ ᠪᠦᠷ ᠵᠢᠷᠠ ᠵᠢ ᠵᠣᠭᠣᠭᠯᠠᠵᠤ᠂ ᠡᠳᠡᠭᠡᠷ ᠬᠡᠦᠭᠡᠳ᠎ᠢ ᠬᠠᠪᠰᠣᠷᠣᠨ ᠳᠡᠳᠭᠦᠵᠦ ᠲᠡᠵᠢᠭᠡᠨ ᠦᠷᠡᠴᠢᠯᠡᠭᠰᠡᠨ《ᠳᠣᠲᠣᠨᠣ ᠬᠦᠮᠦᠰ》᠎ᠨᠢ ᠨᠠᠰᠤ ᠠᠬᠢᠵᠤ ᠵᠠᠭ᠋ᠠᠯ ᠪᠣᠭᠣᠷᠣᠯ ᠪᠣᠯᠣᠭᠰᠠᠨ ᠴᠦ᠍᠂ ᠡᠨᠡ ᠬᠦ᠌ ᠴᠢᠰᠣᠨ ᠲᠦᠷᠦᠯ᠂ ᠭᠠᠵᠠᠷ ᠣᠷᠣᠨ᠂ ᠴᠠᠭ ᠬᠣᠭᠣᠴᠠᠭ᠎ᠠ ᠵᠢ ᠬᠡᠳᠦᠢ᠌ᠳᠦᠨ ᠳᠠᠪᠠᠭᠰᠠᠨ ᠠᠭᠣᠣ ᠶᠡᠬᠡ ᠬᠠᠢ᠌ᠷ᠎ᠠ ᠰᠡᠳᠭᠢᠯᠭᠡ᠎ᠨᠢ ᠥᠨᠢ ᠮᠦᠩᠭᠡ ᠮᠢᠯᠠᠷᠠᠨ ᠪᠠᠯᠠᠷᠠᠰᠢ ᠦᠬᠡᠢ ᠂ ᠡᠨᠡ ᠬᠦ᠌《ᠮᠣᠩᠭᠣᠯ᠂ ᠬᠢᠲᠠᠳ ᠦᠨᠳᠦᠰᠦᠳᠡᠨ ᠨᠢᠭᠡ ᠭᠡᠷ᠎ᠤᠨ ᠬᠢᠨ ᠮᠡᠲᠦ ᠣᠢ᠌ᠷ᠎ᠠ ᠲᠣᠳᠣᠨᠣ》 ᠪᠠᠢ᠌ᠬᠣ ᠢᠷᠠᠭᠣ ᠲᠠᠩᠰᠤᠭ ᠲᠣᠣᠯᠢᠰ᠎ᠨᠢ ᠦᠨᠢᠳᠡ ᠬᠠᠢ᠌ᠯᠠᠭᠳᠠᠭᠰᠠᠭ᠋ᠠᠷ ᠪᠠᠢ᠌ᠬᠣ ᠪᠣᠯᠣᠨ᠎ᠠ᠃
ᠣᠷᠴᠢᠭᠣᠯᠣᠭᠴᠢ ᠵᠢᠨ ᠬᠠᠶᠢᠭ᠄ ᠬᠦᠬᠡᠬᠣᠲᠠ ᠵᠢᠨ ᠰᠠᠢ᠌ᠬᠠᠨ ᠲᠣᠭᠣᠷᠢᠭ