ᠳᠤᠬᠠᠢ ᠵᠢᠨ ᠭᠠᠵᠠᠷ᠎ᠤᠨ ᠴᠠᠭ ᠵᠶ᠋ᠡᠷ 12 ᠳ᠋ᠤᠭ᠋ᠠᠷ ᠰᠠᠷ᠎ᠠ ᠵᠢᠨ 1᠎ᠤ ᠤᠷᠤᠢ᠂ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ ᠪᠦᠶᠸᠨᠤᠰ ᠠᠢ᠌ᠷᠸᠰᠲᠤ ᠳᠤᠮᠳᠠᠳᠤ ᠭᠠᠳᠠᠭ᠋ᠠᠳᠤ ᠵᠢᠨ ᠰᠤᠷᠪᠤᠯᠵᠢᠯᠠᠭᠴᠢ ᠵᠢᠨ ᠬᠤᠷᠠᠯ ᠬᠢᠵᠤ᠂ ᠰᠠᠶᠢᠬᠠᠨ ᠳᠡᠬᠦᠰᠦᠭᠰᠡᠨ ᠳᠤᠮᠳᠠᠳᠤ ᠠᠮᠸᠷᠢᠺᠠ ᠵᠢᠨ ᠳᠡᠷᠢᠬᠦᠨ᠎ᠤ ᠠᠭᠤᠯᠵᠠᠯᠳᠠ ᠵᠢᠨ ᠪᠠᠢ᠌ᠳᠠᠯ᠎ᠢ ᠳᠠᠨᠢᠯᠴᠠᠭᠤᠯᠪᠠ᠃
ᠸᠠᠩ ᠢ᠂ 12 ᠳ᠋ᠤᠭ᠋ᠠᠷ ᠰᠠᠷ᠎ᠠ ᠵᠢᠨ 1᠎ᠤ ᠤᠷᠤᠢ ᠳᠤᠮᠳᠠᠳᠤ ᠤᠯᠤᠰ᠎ᠤᠨ ᠤᠯᠤᠰ᠎ᠤᠨ ᠳᠡᠷᠢᠬᠦᠯᠡᠭᠴᠢ ᠰᠢ ᠵᠢᠨ ᠫᠢᠩ ᠤᠷᠢᠯᠭ᠎ᠠ᠎ᠪᠠᠷ ᠠᠮᠸᠷᠢᠺᠠ ᠵᠢᠨ ᠶᠡᠷᠦᠩᠭᠡᠢ᠌ᠯᠡᠭᠴᠢ ᠲᠸᠷᠡᠮᠫᠦ᠋ᠲᠠᠢ ᠪᠦᠶᠸᠨᠤᠰ ᠠᠢ᠌ᠷᠸᠰᠲᠤ ᠬᠠᠮᠳᠤ᠎ᠪᠠᠷ ᠤᠷᠤᠢ ᠵᠢᠨ ᠬᠤᠭᠤᠯᠠ ᠢᠳᠡᠭᠰᠡᠨ ᠪᠦᠭᠡᠳ ᠠᠭᠤᠯᠵᠠᠯᠳᠠ ᠬᠢᠪᠠ᠃ ᠠ᠋ᠨᠡ ᠤᠳᠠᠭ᠋ᠠᠨ᠎ᠤ ᠠᠭᠤᠯᠵᠠᠯᠳᠠ ᠪᠤᠯ ᠳᠤᠮᠳᠠᠳᠤ ᠠᠮᠸᠷᠢᠺᠠ ᠬᠤᠶᠠᠷ ᠤᠯᠤᠰ᠎ᠤᠨ ᠳᠡᠷᠢᠬᠦᠨ᠎ᠤ ᠨᠢᠳᠤᠨᠤᠨ ᠵᠢᠯ᠎ᠤᠨ 11 ᠳ᠋ᠤᠭᠡᠷ ᠰᠠᠷ᠎ᠠ ᠵᠢᠨ ᠪᠡᠭᠡᠵᠢᠩ᠎ᠳᠠᠬᠢ ᠠᠭᠤᠯᠵᠠᠯᠳᠠ ᠵᠢᠨ ᠳᠠᠷᠠᠭ᠋ᠠᠬᠢ ᠬᠤᠶᠠᠳᠠᠭᠴᠢ ᠠᠭᠤᠯᠵᠠᠯᠳᠠ ᠪᠤᠯᠤᠨ᠎ᠠ᠃ ᠬᠤᠶᠠᠷ ᠤᠯᠤᠰ᠎ᠤᠨ ᠳᠡᠷᠢᠬᠦᠨ ᠦᠨᠡᠨᠴᠢ ᠨᠦᠬᠦᠷᠰᠡᠭ ᠪᠠᠢ᠌ᠳᠠᠯ ᠳᠤᠮᠳᠠ ᠬᠤᠶᠠᠷ ᠴᠠᠭ ᠭᠠᠷᠤᠢ ᠬᠦᠨᠵᠡᠭᠡᠢ ᠶᠠᠷᠢᠯᠴᠠᠨ ᠰᠠᠨᠠᠯ ᠵᠶ᠋ᠡᠨ ᠰᠤᠯᠢᠯᠴᠠᠵᠤ᠂ ᠤᠤᠯ᠎ᠤᠨ ᠳᠦᠰᠦᠪᠯᠡᠭᠰᠡᠨ ᠬᠤᠭᠤᠴᠠᠭ᠎ᠠ᠎ᠠᠴᠠ᠎ᠪᠠᠨ ᠬᠤᠯᠠ ᠳᠠᠪᠠᠭᠰᠠᠨ ᠪᠠᠢ᠌ᠨ᠎ᠠ᠃ ᠠ᠋ᠨᠡ ᠤᠳᠠᠭ᠎ᠠ ᠵᠢᠨ ᠠᠭᠤᠯᠵᠠᠯᠳᠠ ᠳᠦᠢ᠍ᠯ᠎ᠤᠨ ᠠᠮᠵᠢᠯᠳᠠ᠎ᠲᠠᠢ ᠪᠤᠯᠵᠤ᠂ ᠴᠢᠬᠤᠯᠠ ᠬᠠᠮᠳᠤ ᠵᠢᠨ ᠳᠠᠨᠢᠯᠳᠠ᠎ᠲᠠᠢ ᠪᠤᠯᠪᠠ᠂ ᠠ᠋ᠬᠦᠨ᠎ᠠᠴᠠ ᠬᠤᠢ᠌ᠰᠢ᠎ᠬᠢ ᠭᠡᠰᠡᠭ ᠬᠤᠭᠤᠴᠠᠭ᠋ᠠᠨ᠎ᠤ ᠳᠤᠮᠳᠠᠳᠤ ᠠᠮᠸᠷᠢᠺᠠ ᠵᠢᠨ ᠬᠠᠷᠢᠯᠴᠠᠭ᠋ᠠᠨ᠎ᠤ ᠴᠢᠭᠯᠡᠯ᠎ᠢ ᠳᠤᠳᠤᠷᠬᠠᠢ ᠵᠢᠭ᠋ᠠᠵᠤ ᠦᠭᠴᠡᠢ ᠭᠡᠵᠤ ᠭᠡᠯᠡᠪᠡ᠃
ᠸᠠᠩ ᠢ᠂ ᠳᠡᠷᠢᠬᠦᠯᠡᠭᠴᠢ ᠰᠢ ᠵᠢᠨ ᠫᠢᠩ ᠠᠭᠤᠯᠵᠠᠯᠳᠠ᠎ᠳᠤ᠎ᠪᠠᠨ᠂ ᠳᠤᠮᠳᠠᠳᠤ ᠠᠮᠸᠷᠢᠺᠠ ᠬᠤᠶᠠᠷ ᠤᠯᠤᠰ ᠶᠡᠭᠡ ᠤᠯᠤᠰ ᠪᠤᠯᠤᠭᠰᠠᠨ᠎ᠤ ᠬᠤᠪᠢ᠎ᠳᠤ᠂ ᠳᠡᠯᠡᠭᠡᠢ ᠵᠢᠨ ᠠ᠋ᠩᠭᠡ ᠳᠡᠢ᠌ᠪᠤᠩ ᠬᠢᠭᠡᠳ ᠬᠦᠭᠵᠢᠯ ᠴᠡᠴᠡᠭᠯᠡᠯ᠎ᠳᠤ ᠬᠠᠮᠳᠤ᠎ᠪᠠᠷ ᠠ᠋ᠬᠦᠷᠭᠡᠯᠡᠬᠦ ᠬᠠᠷᠢᠭᠤᠴᠠᠯᠭ᠎ᠠ ᠤᠯᠠᠮ ᠬᠦᠨᠳᠤ ᠪᠤᠯᠵᠤ ᠪᠤᠢ᠂ ᠬᠠᠮᠳᠤᠷᠠᠯᠴᠠᠭ᠎ᠠ ᠪᠤᠯ ᠬᠤᠶᠠᠷ ᠳᠠᠯ᠎ᠠ ᠵᠢᠨ᠎ᠬᠢᠨ᠎ᠤ ᠬᠠᠮᠤᠭ᠎ᠤᠨ ᠰᠠᠢ᠌ᠨ ᠰᠤᠩᠭᠤᠯᠳᠠ ᠪᠤᠯᠤᠨ᠎ᠠ ᠭᠡᠵᠤ ᠵᠢᠭ᠋ᠠᠵᠤ ᠭᠠᠷᠭ᠋ᠠᠵᠠᠢ᠃ ᠬᠤᠶᠠᠷ ᠤᠯᠤᠰ᠎ᠤᠨ ᠳᠡᠷᠢᠬᠦᠨ᠎ᠠᠴᠠ ᠳᠤᠮᠳᠠᠳᠤ ᠠᠮᠸᠷᠢᠺᠠ ᠵᠢᠨ ᠬᠠᠷᠢᠯᠴᠠᠭ᠎ᠠ ᠵᠢ ᠠ᠋ᠷᠭᠡᠪᠰᠢ ᠰᠠᠢ᠌ᠵᠢᠷᠠᠭᠤᠯᠬᠤ ᠭᠡᠷᠡᠭᠳᠡᠢ ᠮᠦᠷᠳᠡᠭᠡᠨ ᠰᠠᠢ᠌ᠨ ᠪᠤᠯᠭ᠋ᠠᠵᠤ ᠴᠢᠳᠠᠬᠤ ᠵᠢ ᠵᠦᠪᠰᠢᠶᠡᠷᠡᠪᠡ᠃ ᠬᠤᠶᠠᠷ ᠳᠠᠯ᠎ᠠ᠎ᠪᠠᠷ ᠵᠶ᠋ᠡᠨ ᠵᠤᠬᠢᠴᠠᠭᠤᠯᠭ᠎ᠠ᠂ ᠬᠠᠮᠳᠤᠷᠠᠯᠴᠠᠭ᠎ᠠ᠂ ᠳᠤᠭᠳᠠᠭᠤᠨ ᠵᠶ᠋ᠡᠷ ᠰᠠᠭᠤᠷᠢ ᠨᠦᠬᠦᠴᠡᠯ ᠪᠤᠯᠭ᠋ᠠᠭᠰᠠᠨ ᠳᠤᠮᠳᠠᠳᠤ ᠠᠮᠸᠷᠢᠺᠠ ᠵᠢᠨ ᠬᠠᠷᠢᠯᠴᠠᠭ᠎ᠠ ᠵᠢ ᠠᠬᠢᠭᠤᠯᠬᠤ ᠵᠢ ᠵᠦᠪᠰᠢᠶᠡᠷᠡᠪᠡ᠃ ᠬᠤᠶᠠᠷ ᠤᠯᠤᠰ᠎ᠤᠨ ᠳᠡᠷᠢᠬᠦᠨ ᠠᠢ᠌ᠯᠴᠢᠯᠠᠬᠤ᠂ ᠠᠭᠤᠯᠵᠠᠬᠤ᠂ ᠤᠳᠠᠰᠤ᠎ᠪᠠᠷ ᠶᠠᠷᠢᠯᠴᠠᠬᠤ᠂ ᠵᠠᠬᠢᠳᠠᠯ ᠨᠡᠪᠳᠡᠷᠡᠬᠦ ᠵᠡᠷᠭᠡ ᠭᠡᠯᠪᠡᠷᠢ᠎ᠪᠠᠷ ᠨᠢᠭ᠍ᠳᠡ ᠶᠠᠪᠤᠯᠴᠠᠭ᠎ᠠ᠎ᠪᠠᠨ ᠪᠠᠳᠤᠯᠠᠵᠤ᠂ ᠳᠤᠮᠳᠠᠳᠤ ᠠᠮᠸᠷᠢᠺᠠ ᠵᠢᠨ ᠬᠠᠷᠢᠯᠴᠠᠭ᠎ᠠ ᠵᠢᠨ ᠬᠦᠭᠵᠢᠯᠳᠡ ᠵᠢᠨ ᠴᠢᠭᠯᠡᠯ᠎ᠢ ᠬᠠᠮᠳᠤ᠎ᠪᠠᠷ ᠬᠦᠳᠦᠯᠦᠨ ᠳᠠᠭ᠋ᠠᠭᠤᠯᠬᠤ ᠪᠤᠯᠤᠨ᠎ᠠ᠃ ᠬᠤᠶᠠᠷ ᠳᠠᠯ᠎ᠠ᠎ᠪᠠᠷ ᠵᠶ᠋ᠡᠨ ᠳᠤᠬᠢᠷᠠᠮᠵᠢᠳᠡᠢ ᠦᠶ᠎ᠡ᠎ᠳᠤ ᠳᠠᠬᠢᠨᠳᠠ ᠬᠠᠷᠢᠯᠴᠠᠨ ᠠᠢ᠌ᠯᠴᠢᠯᠠᠯᠳᠠ ᠬᠢᠨ᠎ᠠ᠃ ᠬᠤᠶᠠᠷ ᠳᠠᠯ᠎ᠠ᠎ᠪᠠᠷ ᠵᠶ᠋ᠡᠨ ᠳᠤᠷᠠᠳᠠᠶ᠎ᠠ ᠬᠠᠮᠳᠤ᠎ᠪᠠᠷ ᠴᠢᠷᠮᠠᠢ᠌ᠵᠤ ᠪᠠᠢ᠌ᠭ᠋ᠠᠳ ᠬᠤᠶᠠᠷ ᠤᠯᠤᠰ᠎ᠤᠨ ᠡᠯ᠎ᠡ ᠬᠦᠷᠢᠶ᠎ᠡ ᠴᠠᠷᠠᠭ᠎ᠠ᠎ᠳᠠᠬᠢ ᠰᠤᠯᠢᠯᠴᠠᠭ᠎ᠠ ᠬᠠᠮᠳᠤᠷᠠᠯᠴᠠᠠᠭᠠ ᠨᠡᠩ ᠤᠯᠠᠨ ᠠᠮᠵᠢᠯᠳᠠ ᠤᠯᠬᠤ ᠵᠢ ᠠᠬᠢᠭᠤᠯᠤᠨ᠎ᠠ ᠭᠡᠵᠡᠢ᠃
ᠸᠠᠩ ᠢ᠂ ᠬᠤᠶᠠᠷ ᠳᠠᠯ᠎ᠠ᠎ᠪᠠᠷ ᠵᠶ᠋ᠡᠨ ᠠᠵᠤ ᠠᠬᠤᠢ ᠠᠷᠠᠯᠵᠢᠶ᠎ᠠ ᠵᠢᠨ ᠠᠰᠠᠭᠤᠳᠠᠯ᠎ᠤᠨ ᠳᠤᠬᠠᠢ ᠮᠠᠰᠢ ᠢᠳᠡᠪᠬᠢᠳᠡᠢ ᠶᠠᠷᠢᠯᠴᠠᠵᠤ᠂ ᠠ᠋ᠯᠪᠡᠭ ᠪᠠᠶᠠᠯᠢᠭ ᠪᠦᠳᠦᠭᠡᠯᠴᠢ ᠴᠢᠨᠠᠷᠲᠠᠢ ᠪᠤᠯᠪᠠ᠃ ᠬᠤᠶᠠᠷ ᠤᠯᠤᠰ᠎ᠤᠨ ᠳᠡᠷᠢᠬᠦᠨ ᠬᠠᠮᠳᠤ ᠵᠢᠨ ᠳᠠᠨᠢᠯᠳᠠ᠎ᠲᠠᠢ ᠪᠤᠯᠵᠤ᠂ ᠬᠠᠷᠢᠯᠴᠠᠨ ᠰᠢᠨ᠎ᠠ᠎ᠪᠠᠷ ᠪᠤᠭᠤᠮᠳᠠ ᠵᠢᠨ ᠭᠠᠢ᠌ᠯᠢ ᠨᠡᠮᠡᠵᠤ ᠳᠠᠳᠠᠪᠤᠷᠢᠯᠠᠬᠤ᠎ᠪᠠᠨ ᠵᠤᠬᠰᠤᠭ᠋ᠠᠵᠠᠢ᠃ ᠬᠤᠶᠠᠷ ᠳᠠᠯ᠎ᠠ᠎ᠪᠠᠷ ᠵᠶ᠋ᠡᠨ ᠤᠷᠤᠰᠢᠵᠤ ᠪᠠᠢ᠌ᠭ᠎ᠠ ᠵᠦᠷᠢᠯᠳᠦᠭᠡᠨ ᠪᠤᠯᠤᠨ ᠠᠰᠠᠭᠤᠳᠠᠯ᠎ᠢ ᠭᠡᠷᠬᠢᠨ ᠳᠤᠬᠢᠷᠠᠮᠵᠢᠳᠠᠢ ᠰᠢᠢ᠍ᠳᠪᠤᠷᠢᠯᠡᠬᠦ ᠳᠤᠬᠠᠢ ᠠᠯᠢ ᠤᠯᠠᠨ ᠪᠦᠳᠦᠭᠡᠯᠴᠢ ᠴᠢᠨᠠᠷᠲᠠᠢ ᠳᠦᠰᠦᠯ ᠳᠤᠷᠠᠳᠤᠭᠰᠠᠨ ᠪᠠᠢ᠌ᠨ᠎ᠠ᠃ ᠳᠤᠮᠳᠠᠳᠤ ᠵᠢᠨ᠎ᠬᠢᠨ ᠳᠤᠷᠠᠳᠠᠶ᠎ᠠ ᠤᠯᠤᠰ᠎ᠤᠨ ᠳᠤᠳᠤᠭ᠋ᠠᠳᠤ ᠵᠢᠨ ᠵᠠᠬ᠎ᠠ ᠳᠡᠯᠭᠡᠬᠦᠷ ᠪᠤᠯᠤᠨ ᠠᠷᠠᠳ ᠳᠦᠮᠡᠨ᠎ᠤ ᠭᠡᠷᠡᠭᠴᠡᠭᠡᠢ ᠦᠨᠳᠦᠰᠦᠯᠡᠨ ᠭᠠᠳᠠᠭ᠋ᠠᠳᠤ᠎ᠠᠴᠠ ᠤᠷᠤᠭᠤᠯᠬᠤ᠎ᠪᠠᠨ ᠦᠷᠭᠡᠳᠭᠡᠨ᠎ᠡ᠂ ᠠ᠋ᠬᠦᠨ᠎ᠳᠤ ᠠᠮᠸᠷᠢᠺᠠ᠎ᠠᠴᠠ ᠪᠤᠷᠤᠯᠠᠭᠤᠯᠭ᠎ᠠ ᠰᠠᠢ᠌ᠳᠠᠢ ᠳᠠᠸᠠᠷ ᠬᠤᠳᠠᠯᠳᠤᠨ ᠤᠷᠤᠭᠤᠯᠵᠤ ᠠᠷᠠᠯᠵᠢᠶᠠᠨ᠎ᠤ ᠳᠠᠩᠴᠡᠬᠦᠷᠢ ᠦᠭᠡᠢ ᠠᠰᠠᠭᠤᠳᠠᠯ᠎ᠢ ᠠᠯᠬᠤᠮ ᠠᠯᠬᠤᠮ ᠵᠶ᠋ᠡᠷ ᠨᠠᠮᠳᠠᠭᠤᠯᠬᠤ ᠶᠠᠪᠤᠳᠠᠯ ᠪᠠᠭᠳᠠᠵᠤ ᠪᠤᠢ᠃ ᠬᠤᠶᠠᠷ ᠳᠠᠯ᠎ᠠ᠎ᠪᠠᠷ ᠵᠶ᠋ᠡᠨ ᠵᠠᠬ᠎ᠠ ᠳᠡᠯᠭᠡᠬᠦᠷ᠎ᠢ ᠬᠠᠷᠢᠯᠴᠠᠨ ᠨᠡᠭᠡᠭᠡᠯᠳᠡ᠎ᠲᠠᠢ ᠪᠤᠯᠭ᠋ᠠᠬᠤ ᠵᠢ ᠵᠦᠪᠰᠢᠶᠡᠷᠡᠵᠤ᠂ ᠳᠤᠮᠳᠠᠳᠤ ᠤᠯᠤᠰ ᠰᠢᠨ᠎ᠠ ᠨᠢᠭᠡᠨ ᠠ᠋ᠭᠡᠯᠵᠢ ᠵᠢᠨ ᠦᠭᠡᠷᠡᠴᠢᠯᠡᠯᠳᠡ ᠨᠡᠭᠡᠭᠡᠯᠳᠡ ᠵᠢ ᠠᠬᠢᠭᠤᠯᠬᠤ ᠶᠠᠪᠤᠴᠠ᠎ᠳᠤ᠎ᠪᠠᠨ ᠠᠮᠸᠷᠢᠺᠠ ᠵᠢᠨ ᠵᠦᠢ ᠵᠤᠬᠢᠰᠳᠠᠢ ᠠᠩᠬᠠᠷᠤᠯ᠎ᠢ ᠠᠯᠬᠤᠮ ᠠᠯᠬᠤᠮ ᠵᠶ᠋ᠡᠷ ᠰᠢᠢ᠍ᠳᠪᠤᠷᠢᠯᠡᠨ᠎ᠠ᠃ ᠬᠤᠶᠠᠷ ᠳᠠᠯ᠎ᠠ ᠵᠢᠨ ᠠᠵᠢᠯ᠎ᠤᠨ ᠪᠦᠯᠬᠦᠮ᠎ᠤᠨ᠎ᠬᠢᠨ ᠬᠤᠶᠠᠷ ᠤᠯᠤᠰ᠎ᠤᠨ ᠳᠡᠷᠢᠬᠦᠨ᠎ᠤ ᠳᠤᠬᠢᠷᠠᠯᠴᠠᠭᠰᠠᠨ ᠵᠠᠷᠴᠢᠮ ᠪᠤᠯᠤᠨ ᠬᠠᠮᠳᠤ ᠵᠢᠨ ᠳᠠᠨᠢᠯᠳᠠ ᠶᠤᠰᠤᠭ᠋ᠠᠷ᠂ ᠪᠤᠢ ᠪᠦᠬᠦᠢ ᠪᠤᠭᠤᠮᠳᠠ ᠵᠢᠨ ᠭᠠᠢ᠌ᠯᠢ ᠨᠡᠮᠡᠵᠤ ᠳᠠᠳᠠᠪᠤᠷᠢᠯᠠᠬᠤ ᠵᠢ ᠵᠤᠭᠰᠤᠭ᠋ᠠᠬᠤ ᠴᠢᠭᠯᠡᠯ ᠵᠶ᠋ᠡᠷ ᠱᠠᠯᠠᠪᠳᠠᠨ ᠵᠦᠪᠳᠡᠯᠴᠡᠵᠤ᠂ ᠬᠠᠷᠢᠯᠴᠠᠨ ᠠᠰᠢᠭᠳᠠᠢ ᠬᠠᠮᠳᠤ᠎ᠪᠠᠷ ᠠᠰᠢᠭ ᠬᠦᠷᠳᠡᠬᠦ ᠪᠤᠳᠠᠳᠠᠢ ᠵᠦᠪᠳᠡᠯᠴᠡᠭᠡᠷ᠎ᠢ ᠠ᠋ᠷᠳᠡᠭᠡᠨ ᠳᠤᠬᠢᠷᠠᠯᠴᠠᠨᠠ᠃
ᠬᠤᠶᠠᠷ ᠳᠠᠯ᠎ᠠ᠎ᠪᠠᠷ ᠵᠶ᠋ᠡᠨ ᠪᠦᠷ ᠳᠡᠭᠡᠷ᠎ᠡ ᠳᠤᠷᠠᠳᠤᠭᠰᠠᠨ ᠵᠠᠷᠴᠢᠮ᠎ᠤᠨ ᠴᠢᠨᠠᠷᠲᠠᠢ ᠬᠠᠮᠳᠤ ᠵᠢᠨ ᠳᠠᠨᠢᠯᠳᠠ᠎ᠨᠢ ᠴᠢᠬᠤᠯᠠ ᠶᠡᠭᠡ ᠠᠴᠢ ᠬᠤᠯᠪᠤᠭᠳᠠᠯ᠎ᠲᠠᠢ ᠶᠤᠮ᠂ ᠠ᠋ᠨᠡ᠎ᠨᠢ ᠠᠵᠤ ᠠᠬᠤᠢ ᠠᠷᠠᠯᠵᠢᠶᠠᠨ᠎ᠤ ᠮᠦᠷᠬᠦᠯᠳᠦᠭᠡᠨ ᠤᠯᠠᠮ ᠴᠢᠨᠠᠭᠰᠢᠳᠠ ᠦᠷᠭᠡᠳᠬᠦ ᠵᠢ ᠪᠦᠳᠦᠮᠵᠢᠳᠡᠢ ᠬᠤᠷᠢᠭᠯᠠᠭᠰᠠᠨ ᠵᠶ᠋ᠡᠷ ᠪᠠᠷᠠᠬᠤ ᠦᠭᠡᠢ᠂ ᠪᠠᠰᠠ ᠬᠤᠶᠠᠷ ᠳᠠᠯ᠎ᠠ᠎ᠪᠠᠷ ᠵᠶ᠋ᠡᠨ ᠬᠠᠮᠳᠤᠷᠠᠯᠴᠠᠵᠤ ᠬᠠᠮᠳᠤ᠎ᠪᠠᠷ ᠠᠰᠢᠭ ᠬᠦᠷᠳᠡᠬᠦ᠎ᠳᠤ ᠰᠢᠨ᠎ᠠ ᠠᠯᠤᠰ᠎ᠤᠨ ᠳᠦᠯᠦᠪᠢ ᠳᠤᠭᠳᠠᠭ᠋ᠠᠭᠰᠠᠨ ᠪᠠᠢ᠌ᠨ᠎ᠠ; ᠠ᠋ᠨᠡ᠎ᠨᠢ ᠳᠤᠮᠳᠠᠳᠤ ᠠᠮᠸᠷᠢᠺᠠ ᠬᠤᠶᠠᠷ ᠤᠯᠤᠰ᠎ᠤᠨ ᠳᠤᠰ ᠳᠤᠰᠤᠨ ᠬᠦᠭᠵᠢᠯᠳᠡ ᠪᠤᠯᠤᠨ ᠠᠷᠠᠳ ᠳᠦᠮᠡᠨ᠎ᠤ ᠠᠵᠠ ᠵᠢᠷᠭ᠋ᠠᠯᠳᠤ ᠠᠰᠢᠭᠳᠠᠢ᠎ᠪᠠᠷ ᠪᠠᠷᠠᠬᠤ ᠦᠭᠡᠢ᠂ ᠪᠠᠰᠠ ᠳᠡᠯᠡᠭᠡᠢ ᠵᠢᠨ ᠠᠵᠤ ᠠᠬᠤᠢ ᠵᠢᠨ ᠳᠤᠭᠳᠠᠭᠤᠨ ᠨᠡᠮᠡᠭᠳᠡᠯ᠎ᠳᠤ ᠠᠰᠢᠭᠳᠠᠢ ᠮᠦᠷᠳᠡᠭᠡᠨ ᠡᠯ᠎ᠡ ᠤᠯᠤᠰ᠎ᠤᠨ ᠠᠰᠢᠭ ᠳᠤᠰᠠ᠎ᠳᠤ ᠨᠡᠢ᠌ᠴᠡᠨᠠ᠃ ᠳᠤᠮᠳᠠᠳᠤ ᠠᠮᠸᠷᠢᠺᠠ ᠵᠢᠨ ᠬᠤᠭᠤᠷᠤᠨᠳᠤᠬᠢ ᠬᠠᠮᠳᠤ ᠵᠢᠨ ᠠᠰᠢᠭ ᠳᠤᠰᠠ᠎ᠨᠢ ᠵᠦᠷᠢᠯᠳᠦᠭᠡᠨ᠎ᠠᠴᠠ ᠶᠡᠭᠡ ᠪᠠᠢ᠌ᠵᠤ᠂ ᠬᠠᠮᠳᠤᠷᠠᠯᠴᠠᠭ᠎ᠠ ᠵᠢᠨ ᠭᠡᠷᠡᠭᠴᠡᠭᠡ᠎ᠨᠢ ᠵᠦᠷᠢᠯᠳᠦᠭᠡᠨ᠎ᠠᠴᠠ ᠶᠡᠭᠡ ᠪᠠᠢ᠌ᠨ᠎ᠠ᠃ ᠬᠤᠶᠠᠷ ᠳᠠᠯ᠎ᠠ᠎ᠪᠠᠷ ᠵᠶ᠋ᠡᠨ ᠬᠠᠷᠢᠯᠴᠠᠨ ᠬᠦᠨᠳᠦᠳᠭᠡᠬᠦ ᠵᠤᠷᠢᠭ ᠰᠠᠨᠠᠭ᠎ᠠ᠎ᠪᠠᠷ᠂ ᠬᠡᠨ ᠠᠯᠢᠨ᠎ᠤ᠎ᠪᠠᠨ ᠠᠩᠬᠠᠷᠴᠤ ᠪᠠᠢ᠌ᠭ᠎ᠠ ᠠᠰᠠᠭᠤᠳᠠᠯ᠎ᠢ ᠠ᠋ᠷᠭᠡ ᠳᠡᠭᠰᠢ ᠤᠪᠤᠷ ᠵᠶ᠋ᠡᠷ ᠨᠠᠷᠢᠨ ᠬᠢᠨᠠᠮᠠᠭ᠋ᠠᠢ ᠶᠠᠷᠢᠯᠴᠠᠳᠠᠭ ᠯᠡ ᠶᠤᠮ ᠪᠤᠯ ᠬᠠᠮᠳᠤᠷᠠᠯᠴᠠᠵᠤ ᠬᠠᠮᠳᠤ᠎ᠪᠠᠷ ᠠᠰᠢᠭ ᠬᠦᠷᠳᠡᠬᠦ ᠠᠰᠠᠭᠤᠳᠠᠯ᠎ᠢ ᠰᠢᠢ᠍ᠳᠪᠤᠷᠢᠯᠡᠬᠦ ᠠᠷᠭ᠎ᠠ ᠵᠠᠮ᠎ᠢ ᠠ᠋ᠷᠢᠵᠤ ᠤᠯᠵᠤ ᠪᠤᠯᠬᠤ ᠵᠢ ᠪᠤᠳᠠᠳᠤ ᠶᠠᠪᠤᠳᠠᠯ ᠭᠡᠷᠡᠴᠢᠯᠡᠵᠤ ᠪᠠᠢ᠌ᠨ᠎ᠠ ᠭᠡᠵᠤ ᠦᠵᠡᠵᠡᠢ᠃
ᠬᠤᠶᠠᠷ ᠳᠠᠯ᠎ᠠ᠎ᠪᠠᠷ ᠵᠶ᠋ᠡᠨ ᠪᠠᠰᠠ ᠢᠳᠡᠪᠬᠢᠳᠡᠢ᠎ᠪᠠᠷ ᠬᠠᠤᠯᠢ ᠭᠡᠷᠡᠭᠵᠢᠬᠦᠯᠬᠦ᠂ ᠬᠤᠤᠷ ᠴᠠᠭ᠋ᠠᠵᠠᠯᠠᠬᠤ ᠬᠠᠮᠳᠤᠷᠠᠯᠴᠠᠭ᠎ᠠ᠎ᠪᠠᠨ ᠴᠢᠩᠭ᠋ᠠᠳᠬᠠᠬᠤ ᠵᠢ ᠵᠦᠪᠰᠢᠶᠡᠷᠡᠪᠡ᠃ ᠠ᠋ᠬᠦᠨ᠎ᠳᠤ ᠹᠸᠨᠲ᠋ᠠᠢ᠌ᠨᠢᠤᠨ ᠳᠦᠷᠦᠯ ᠪᠤᠳᠠᠰ᠎ᠢ ᠬᠠᠮᠢᠶᠠᠷᠤᠨ ᠡᠵᠡᠮᠳᠡᠬᠦ ᠶᠠᠪᠤᠳᠠᠯ᠎ᠢ ᠪᠠᠭᠳᠠᠭ᠋ᠠᠵᠤ ᠪᠤᠢ᠃ ᠳᠤᠮᠳᠠᠳᠤ ᠤᠯᠤᠰ᠎ᠤᠨ ᠶᠡᠷᠤ ᠵᠢᠨ ᠭᠡᠷᠡᠭᠵᠢᠬᠦᠯᠵᠤ ᠪᠠᠢ᠌ᠭ᠎ᠠ ᠠᠷᠭ᠎ᠠ ᠭᠡᠮᠵᠢᠶ᠎ᠡ᠎ᠨᠢ ᠠᠮᠸᠷᠢᠺᠠ ᠵᠢ ᠪᠠᠭᠳᠠᠭ᠋ᠠᠭᠰᠠᠨ ᠳᠡᠯᠡᠬᠡᠢ ᠨᠡᠢ᠌ᠲᠡ ᠵᠢᠨ ᠬᠦᠢ᠍ᠴᠡᠳ ᠨᠤᠳᠠᠯᠠᠯᠳᠠ ᠵᠢ ᠤᠯᠪᠠ᠃ ᠳᠤᠮᠳᠠᠳᠤ ᠵᠢᠨ᠎ᠬᠢᠨ ᠹᠸᠨᠲ᠋ᠠᠢ᠌ᠨᠢᠤᠨ ᠳᠦᠷᠦᠯ ᠪᠤᠳᠠᠰ᠎ᠢ ᠳᠦᠷᠦᠯ ᠬᠤᠪᠢᠶᠠᠨ ᠬᠠᠮᠢᠶᠠᠷᠬᠤ᠎ᠪᠠᠷ ᠪᠤᠯᠤᠭᠰᠠᠨ ᠮᠦᠷᠳᠡᠭᠡᠨ ᠬᠤᠯᠪᠤᠭᠳᠠᠯ ᠪᠦᠬᠦᠢ ᠬᠠᠤᠯᠢ ᠳᠦᠷᠢᠮ᠎ᠳᠤ ᠳᠤᠬᠢᠷᠠᠭᠤᠯᠤᠯᠳᠠ ᠬᠢᠬᠦ ᠳᠡᠰ ᠳᠠᠷᠠᠭ᠋ᠠᠯᠠᠯ ᠵᠶ᠋ᠠᠨ ᠠ᠋ᠬᠢᠯᠡᠬᠦᠯᠪᠡ ᠭᠡᠵᠤ ᠭᠡᠯᠡᠪᠡ᠃
ᠸᠠᠩ ᠢ᠂ ᠳᠤᠮᠳᠠᠳᠤ ᠵᠢᠨ᠎ᠬᠢᠨ ᠳᠠᠢ᠌ᠸᠠᠨ᠎ᠤ ᠠᠰᠠᠭᠤᠳᠠᠯ ᠳᠡᠭᠡᠷᠡᠬᠢ ᠵᠠᠷᠴᠢᠮ᠎ᠳᠤ ᠵᠤᠭᠰᠤᠯᠳᠠ᠎ᠪᠠᠨ ᠳᠠᠬᠢᠨ ᠢᠯᠡᠷᠭᠡᠢ᠌ᠯᠡᠵᠤ᠂ ᠠᠮᠸᠷᠢᠺᠠ ᠵᠢᠨ᠎ᠬᠢᠨ ᠨᠢᠭᠡ ᠳᠤᠮᠳᠠᠳᠤ ᠤᠯᠤᠰ᠎ᠤᠨ ᠳᠦᠷᠦ ᠵᠢᠨ ᠪᠤᠳᠤᠯᠭ᠎ᠠ ᠵᠢ ᠦᠷᠬᠦᠯᠵᠢᠯᠡᠨ ᠭᠡᠷᠡᠭᠵᠢᠬᠦᠯᠦᠨ᠎ᠡ ᠭᠡᠵᠤ ᠢᠯᠡᠳᠭᠡᠪᠡ᠃ ᠬᠤᠶᠠᠷ ᠳᠠᠯ᠎ᠠ᠎ᠪᠠᠷ ᠵᠶ᠋ᠡᠨ ᠰᠤᠯᠤᠩᠭᠤᠰ ᠬᠤᠢ᠌ᠭ᠎ᠤᠨ ᠠᠰᠠᠭᠤᠳᠠᠯ᠎ᠤᠨ ᠳᠤᠬᠠᠢ ᠰᠠᠨᠠᠯ ᠵᠶ᠋ᠡᠨ ᠰᠤᠯᠢᠯᠴᠠᠵᠤ᠂ ᠳᠤᠮᠳᠠᠳᠤ ᠵᠢᠨ᠎ᠬᠢᠨ ᠠᠮᠸᠷᠢᠺᠠ ᠰᠤᠯᠤᠩᠭᠤᠰ᠎ᠤᠨ ᠤᠳᠤᠷᠢᠳᠬᠤ ᠬᠦᠮᠦᠨ᠎ᠤ ᠳᠠᠬᠢᠨᠳᠠ ᠠᠭᠤᠯᠵᠠᠬᠤ ᠵᠢ ᠳᠡᠮᠵᠢᠵᠤ᠂ ᠠᠮᠸᠷᠢᠺᠠ ᠰᠤᠯᠤᠩᠭᠤᠰ᠎ᠤᠨ ᠬᠤᠶᠠᠷ ᠳᠠᠯ᠎ᠠ ᠠᠳᠠᠯᠢ ᠴᠢᠭᠯᠡᠯ ᠵᠶ᠋ᠡᠷ ᠴᠢᠷᠮᠠᠢ᠌ᠨ᠂ ᠳᠤᠰ ᠳᠤᠰᠤᠨ ᠠᠩᠬᠠᠷᠴᠤ ᠪᠠᠢ᠌ᠭ᠎ᠠ ᠠᠰᠠᠭᠤᠳᠠᠯ᠎ᠢ ᠵᠣᠬᠢᠴᠠᠭᠤᠯᠵᠤ᠂ ᠰᠤᠯᠤᠩᠭᠤᠰ ᠬᠤᠢ᠌ᠭᠲᠤ ᠴᠦᠮ᠎ᠠ ᠵᠢᠨ ᠵᠡᠪᠰᠡᠭ ᠦᠭᠡᠢ ᠪᠤᠯᠭ᠋ᠠᠬᠤ ᠠ᠋ᠩᠭᠡ ᠳᠡᠢ᠌ᠪᠤᠩ᠎ᠤᠨ ᠳᠤᠭᠳᠠᠴᠠ ᠵᠢ ᠵᠡᠷᠭᠡ᠎ᠪᠡᠷ ᠠᠬᠢᠭᠤᠯᠬᠤ ᠵᠢ ᠬᠦᠰᠡᠵᠤ ᠪᠠᠢ᠌ᠨ᠎ᠠ᠃ ᠠᠮᠸᠷᠢᠺᠠ ᠵᠢᠨ᠎ᠬᠢᠨ ᠳᠤᠮᠳᠠᠳᠤ ᠵᠢᠨ ᠦᠵᠡᠬᠦᠯᠦᠭᠰᠡᠨ ᠢᠳᠡᠪᠬᠢᠳᠡᠢ ᠦᠢ᠍ᠯᠡᠳᠤᠯ᠎ᠢ ᠮᠠᠭᠳᠠᠨ ᠰᠠᠢ᠌ᠰᠢᠶᠠᠵᠤ᠂ ᠠ᠋ᠨᠡ ᠳᠠᠯ᠎ᠠ᠎ᠪᠠᠷ ᠳᠤᠮᠳᠠᠳᠤ ᠤᠯᠤᠰ᠎ᠲᠠᠢ ᠰᠤᠯᠢᠯᠴᠠᠭ᠎ᠠ ᠵᠤᠬᠢᠴᠠᠭᠤᠯᠭ᠎ᠠ᠎ᠪᠠᠨ ᠪᠠᠷᠢᠮᠳᠠᠯᠠᠬᠤ ᠵᠢ ᠬᠦᠰᠡᠪᠡ ᠭᠡᠵᠤ ᠢᠯᠡᠳᠭᠡᠪᠡ᠃
ᠸᠠᠩ ᠢ ᠬᠠᠮᠤᠭ᠎ᠤᠨ ᠰᠡᠬᠦᠯ᠎ᠳᠤ᠂ ᠳᠤᠰ ᠤᠳᠠᠭ᠎ᠠ ᠵᠢᠨ ᠴᠢᠬᠤᠯᠠ ᠠᠭᠤᠯᠵᠠᠯᠳᠠ᠎ᠪᠠᠷ ᠳᠠᠮᠵᠢᠨ᠂ ᠬᠤᠶᠠᠷ ᠤᠯᠤᠰ᠎ᠤᠨ ᠳᠡᠷᠢᠬᠦᠨ ᠳᠤᠮᠳᠠᠳᠤ ᠠᠮᠸᠷᠢᠺᠠ ᠬᠤᠶᠠᠷ ᠤᠯᠤᠰ᠎ᠤᠨ ᠬᠤᠭᠤᠷᠤᠨᠳᠤ ᠤᠷᠤᠰᠢᠵᠤ ᠪᠠᠢ᠌ᠭ᠎ᠠ ᠠᠰᠠᠭᠤᠳᠠᠯ᠎ᠢ ᠵᠤᠬᠢᠰᠳᠠᠢ ᠰᠢᠢ᠍ᠳᠪᠤᠷᠢᠯᠡᠵᠤ᠂ ᠳᠤᠮᠳᠠᠳᠤ ᠠᠮᠸᠷᠢᠺᠠ ᠵᠢᠨ ᠬᠠᠷᠢᠯᠴᠠᠭ᠎ᠠ ᠵᠢ ᠠᠬᠢᠭᠤᠯᠬᠤ᠎ᠳᠤ ᠳᠦᠯᠦᠪᠯᠡᠭᠡ ᠳᠤᠭᠳᠠᠭ᠋ᠠᠨ᠂ ᠴᠢᠭᠯᠡᠯ᠎ᠢ ᠳᠤᠳᠤᠷᠬᠠᠢ᠌ᠯᠠᠪᠠ᠃ ᠬᠤᠶᠠᠷ ᠳᠠᠯ᠎ᠠ᠎ᠪᠠᠷ ᠵᠶ᠋ᠡᠨ ᠬᠤᠶᠠᠷ ᠤᠯᠤᠰ᠎ᠤᠨ ᠳᠡᠷᠢᠬᠦᠨ᠎ᠤ ᠳᠤᠬᠢᠷᠠᠯᠴᠠᠭᠰᠠᠨ ᠵᠠᠷᠴᠢᠮ ᠪᠤᠯᠤᠨ ᠴᠢᠭᠯᠡᠯ ᠶᠤᠰᠤᠭ᠋ᠠᠷ ᠢᠳᠡᠪᠬᠢᠳᠡᠢ ᠠᠵᠢᠯᠯᠠᠨ᠂ ᠠᠳᠠᠯᠢ ᠴᠢᠭᠯᠡᠯ ᠵᠶ᠋ᠡᠷ ᠴᠢᠷᠮᠠᠢ᠌ᠵᠤ᠂ ᠬᠠᠷᠢᠯᠴᠠᠨ ᠬᠦᠨᠳᠦᠳᠭᠡᠵᠤ᠂ ᠬᠠᠮᠳᠤᠷᠠᠯᠴᠠᠭ᠎ᠠ ᠵᠢ ᠠ᠋ᠷᠬᠢᠮᠯᠡᠨ᠂ ᠵᠦᠷᠢᠯᠳᠦᠭᠡᠨ ᠵᠶ᠋ᠡᠨ ᠬᠠᠮᠢᠶᠠᠷᠤᠨ ᠡᠵᠡᠮᠳᠡᠵᠤ᠂ ᠳᠤᠮᠳᠠᠳᠤ ᠠᠮᠸᠷᠢᠺᠠ ᠵᠢᠨ ᠬᠠᠷᠢᠯᠴᠠᠭ᠎ᠠ ᠤᠷᠳᠤ ᠬᠤᠭᠤᠴᠠᠭ᠎ᠠ᠎ᠪᠠᠷ ᠠ᠋ᠷᠡᠬᠦᠯ ᠪᠦᠭᠡᠳ ᠳᠤᠭᠳᠠᠭᠤᠨ ᠵᠶ᠋ᠡᠷ ᠬᠦᠭᠵᠢᠬᠦ ᠵᠢ ᠠᠬᠢᠭᠤᠯᠤᠨ᠂ ᠬᠤᠶᠠᠷ ᠤᠯᠤᠰ᠎ᠤᠨ ᠠᠷᠠᠳ ᠳᠦᠮᠡᠨ ᠪᠤᠯᠤᠨ ᠳᠡᠯᠡᠭᠡᠢ ᠵᠢᠨ ᠠᠷᠠᠳ ᠳᠦᠮᠡᠨ᠎ᠳᠤ ᠨᠡᠩ ᠤᠯᠠᠨ᠂ ᠨᠡᠩ ᠰᠠᠢ᠌ᠨ ᠪᠤᠶᠠᠨ ᠦᠢ᠍ᠯᠡᠳᠤᠨᠠ ᠭᠡᠵᠤ ᠵᠢᠭ᠋ᠠᠵᠤ ᠭᠠᠷᠭ᠋ᠠᠪᠠ᠃