ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠠᠯᠠᠱ᠌ᠠ ᠠᠢ᠌ᠮᠠᠭ᠎ᠲᠤ ᠰᠢᠨ᠎ᠠ᠎ᠪᠠᠷ 11 ᠤᠨᠴᠠᠭ᠋ᠠᠢ ᠠᠷᠠᠳ ᠨᠡᠮᠡᠭᠳᠡᠪᠡ
ᠨᠡᠶᠢᠲᠡᠯᠡᠭᠰᠡᠨ ᠴᠠᠭ᠄ 2018-12-27


      ᠣᠢ᠌ᠷ᠎ᠡ᠎ᠳᠤ ᠠᠯᠠᠱ᠌ᠠ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠳᠤᠪᠴᠢᠶ᠎ᠠ ᠪᠤᠯᠤᠨ ᠠᠢ᠌ᠮᠠᠭ᠎ᠤᠨ ᠳᠤᠰᠠᠯᠠᠮᠵᠢ ᠵᠢᠨ ᠦᠷᠳᠡᠭᠡᠨ᠎ᠤ ᠵᠤᠬᠢᠴᠠᠭᠤᠯᠭ᠎ᠠ᠎ᠪᠠᠷ᠂ ᠠᠯᠠᠱ᠌ᠠ ᠠᠢ᠌ᠮᠠᠭ᠎ᠤᠨ ᠳᠤᠰᠠᠯᠠᠮᠵᠢ ᠵᠢᠨ ᠦᠷᠳᠡᠭᠡᠨ᠎ᠳᠤ ᠤᠷᠳᠤ ᠬᠤᠭᠤᠴᠠᠭ᠎ᠠ᠎ᠪᠠᠷ ᠦᠯᠡᠳᠡᠵᠤ ᠪᠠᠢ᠌ᠭᠰᠠᠨ ᠠᠮᠢᠳᠤᠷᠠᠯ᠎ᠤᠨ ᠢᠷᠡᠯᠳᠡ ᠦᠭᠡᠢ 11 ᠳᠡᠨᠦᠬᠦᠴᠢᠯᠡᠨ ᠪᠠᠳᠢᠷᠯᠠᠭᠰᠠᠳ᠎ᠢ ᠠᠯᠠᠱ᠌ᠠ ᠠᠢ᠌ᠮᠠᠭ᠎ᠤᠨ ᠠᠰᠠᠷᠠᠮᠵᠢ ᠵᠢᠨ ᠬᠦᠷᠢᠶᠡᠯᠡᠩ᠎ᠤᠨ ᠬᠠᠮᠳᠤ ᠵᠢᠨ ᠠ᠋ᠷᠦᠭᠡ ᠠᠮᠠᠨ ᠳᠠᠩᠰᠠᠨ᠎ᠳᠤ ᠤᠷᠤᠭᠤᠯᠵᠤ᠂ ᠳᠡᠳᠡᠨ᠎ᠢ ᠪᠦᠷ ᠦᠪᠡᠷ᠎ᠤᠨ ᠨᠡᠷ᠎ᠡ ᠪᠡ ᠪᠡᠶ᠎ᠡ ᠵᠢᠨ ᠦᠨᠡᠮᠯᠡᠯ᠎ᠲᠠᠢ ᠪᠤᠯᠭ᠋ᠠᠨ᠂ ᠠᠯᠠᠱ᠌ᠠ ᠠᠢ᠌ᠮᠠᠭ᠎ᠤᠨ ᠰᠠᠭᠤᠭ᠋ᠠᠯᠢ ᠠᠷᠠᠳ ᠪᠤᠯᠭ᠋ᠠᠪᠠ᠃
      ᠤᠢ᠌ᠷ᠎ᠡ ᠵᠢᠨ ᠵᠢᠯ᠎ᠠᠴᠠ ᠨᠠᠭ᠋ᠠᠰᠢ᠂ ᠠᠯᠠᠱ᠌ᠠ ᠠᠢ᠌ᠮᠠᠭ᠎ᠤᠨ ᠳᠤᠰᠠᠯᠠᠮᠵᠢ ᠵᠢᠨ ᠦᠷᠳᠡᠭᠡᠨ᠎ᠳᠤ 13 ᠳᠡᠨᠦᠬᠦᠴᠢᠯᠠᠨ ᠪᠠᠳᠢᠷᠯᠠᠭᠰᠠᠳ ᠤᠷᠳᠤ ᠬᠤᠭᠤᠴᠠᠭ᠎ᠠ᠎ᠪᠠᠷ ᠦᠯᠡᠳᠡᠨ᠂ ᠠ᠋ᠳᠡᠭᠡᠷ᠎ᠨᠢ ᠴᠦᠮ ᠳᠦᠷᠦᠯᠬᠢ ᠵᠢᠨ ᠮᠡᠨᠡᠭ ᠪᠤᠶᠤ ᠤᠶᠤᠨ ᠮᠠᠳᠡᠷᠡᠯ᠎ᠤᠨ ᠡᠪᠡᠳᠴᠢᠨ᠎ᠲᠠᠢ ᠬᠦᠮᠦᠰ ᠪᠡᠢ᠌ᠵᠤ᠂ ᠦᠭᠡ ᠶᠠᠷᠢᠶ᠎ᠠ ᠤᠯᠤᠯᠴᠠᠬᠤ ᠦᠭᠡᠢ ᠪᠠᠢ᠌ᠪᠠ᠃ ᠳᠤᠰᠠᠯᠠᠮᠵᠢ ᠵᠢᠨ ᠦᠷᠳᠡᠭᠡᠨ᠎ᠤ ᠠᠵᠢᠯᠳᠠᠨ ᠳᠤᠳᠤᠭ᠋ᠠᠳᠤ ᠵᠢ ᠬᠠᠮᠠᠭ᠋ᠠᠯᠠᠬᠤ ᠰᠠᠯᠠᠭ᠎ᠠ ᠮᠦᠴᠢᠷ᠎ᠲᠠᠢ ᠬᠠᠮᠵᠢᠯᠴᠠᠨ ᠠ᠋ᠳᠡᠭᠡᠷ ᠬᠦᠮᠦᠨ᠎ᠤ ᠮᠡᠳᠡᠭᠡ ᠵᠠᠩᠬᠢ ᠵᠢ ᠬᠠᠷᠭᠤᠭᠤᠯᠬᠤ ᠵᠡᠷᠭᠡ ᠤᠯᠠᠨ ᠠᠷᠭ᠎ᠠ᠎ᠪᠠᠷ ᠨᠤᠳᠤᠭ ᠤᠷᠤᠨ ᠪᠤᠯᠤᠨ ᠳᠦᠷᠦᠯ ᠰᠠᠳᠤᠨ᠎ᠢ᠎ᠨᠢ ᠠ᠋ᠷᠢᠵᠡᠢ᠃ ᠨᠡᠯᠢᠶᠡᠳ ᠬᠤᠭᠤᠴᠠᠭ᠋ᠠᠨ᠎ᠤ ᠴᠢᠷᠮᠠᠢ᠌ᠯᠭ᠎ᠠ᠎ᠪᠠᠷ ᠳᠠᠮᠵᠢᠨ 2 ᠬᠦᠮᠦᠨ᠎ᠤ ᠨᠤᠳᠤᠭ ᠤᠷᠤᠨ᠎ᠢ ᠠ᠋ᠷᠢᠨ ᠤᠯᠵᠤ ᠬᠦᠷᠭᠡᠵᠤ ᠦᠭᠴᠡᠢ᠃ ᠤᠳᠤ ᠵᠢᠨ ᠪᠠᠢ᠌ᠭ᠎ᠠ ᠨᠤᠳᠤᠭ ᠤᠷᠤᠨ᠎ᠨᠢ ᠤᠯᠳᠠᠭᠰᠠᠨ ᠦᠭᠡᠢ 11 ᠬᠦᠮᠦᠨ ᠳᠤᠰᠠᠯᠠᠮᠵᠢ ᠵᠢᠨ ᠦᠷᠳᠡᠭᠡᠨ᠎ᠳᠤ ᠢᠷᠡᠭᠡᠳ ᠨᠠᠭ᠋ᠠᠳᠤ ᠵᠠᠬ᠎ᠠ᠎ᠳᠤ᠎ᠪᠠᠨ 3 ᠰᠠᠷ᠎ᠠ᠂ ᠬᠠᠮᠤᠭ ᠤᠷᠳᠤ᠎ᠨᠢ 7 ᠵᠢᠯ ᠪᠤᠯᠤᠭᠰᠠᠨ ᠪᠠᠢ᠌ᠨ᠎ᠠ᠃
      ᠳᠤᠰᠠᠯᠠᠮᠵᠢ ᠵᠢᠨ ᠦᠷᠳᠡᠭᠡᠨ᠎ᠳᠤ ᠤᠷᠳᠤ ᠬᠤᠭᠤᠴᠠᠭ᠎ᠠ᠎ᠪᠠᠷ ᠦᠯᠡᠳᠡᠭᠰᠡᠨ 11 ᠳᠡᠨᠦᠬᠦᠴᠢᠯᠠᠨ ᠪᠠᠳᠢᠷᠯᠠᠭᠰᠠᠳ᠎ᠢ ᠠ᠋ᠷᠦᠭᠡ ᠠᠮᠠᠨ ᠳᠠᠩᠰᠠ᠎ᠳᠤ ᠤᠷᠭᠤᠯᠤᠭᠰᠠᠨ᠎ᠨᠢ ᠠᠯᠠᠱ᠌ᠠ ᠠᠢ᠌ᠮᠠᠭ᠎ᠤᠨ ᠤᠷᠳᠤ ᠬᠤᠭᠤᠴᠠᠭ᠎ᠠ᠎ᠪᠠᠷ ᠦᠯᠡᠳᠡᠭᠰᠡᠨ ᠬᠦᠮᠦᠰ᠎ᠢ ᠳᠦᠪᠬᠢᠨᠡᠬᠦᠯᠬᠦ ᠳᠦᠷᠦ ᠵᠢᠨ ᠪᠤᠳᠤᠯᠭ᠎ᠠ ᠪᠤᠳᠠᠳᠤ ᠠᠬᠢᠯᠳᠠ᠎ᠲᠠᠢ ᠪᠤᠯᠤᠭᠰᠠᠨ᠎ᠢ ᠬᠠᠷᠠᠭᠤᠯᠤᠭᠰᠠᠨ ᠪᠠᠢ᠌ᠨ᠎ᠠ᠃ ᠳᠠᠷᠠᠭ᠋ᠠᠴᠢ ᠵᠢᠨ ᠠᠯᠬᠤᠮ᠎ᠳᠤ᠂ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠳᠤᠪᠴᠢᠶ᠎ᠠ᠎ᠨᠢ ᠳᠤᠰᠬᠠᠢ ᠬᠤᠷᠠᠯ ᠬᠢᠵᠤ᠂ ᠠ᠋ᠨᠡ 11 ᠬᠦᠮᠦᠨ᠎ᠢ ᠨᠡᠢ᠌ᠭᠡᠮ᠎ᠤᠨ ᠠᠰᠠᠷᠠᠮᠵᠢ ᠵᠢᠨ ᠬᠦᠷᠢᠶᠡᠯᠡᠩ᠎ᠳᠤ ᠬᠦᠷᠭᠡᠵᠤ᠂ ᠤᠨᠴᠠ ᠬᠦᠴᠢᠷᠳᠡᠯ᠎ᠲᠠᠢ ᠬᠦᠮᠤᠰ᠎ᠢ ᠠᠰᠠᠷᠠᠨ ᠬᠠᠷᠠᠭ᠋ᠠᠯᠵᠠᠬᠤ ᠭᠡᠪᠴᠢᠶᠠᠨ᠎ᠳᠤ ᠤᠷᠤᠭᠤᠯᠬᠤ᠎ᠪᠠᠷ ᠪᠠᠢ᠌ᠨ᠎ᠠ᠃

ᠢᠷᠡᠯᠲᠡ᠄
          
ᠬᠠᠮᠢᠶ᠎ᠡ ᠪᠦᠬᠦᠢ ᠰᠣᠨᠢᠨ
ᠬᠦᠯᠦᠨ ᠪᠤᠢ᠌ᠷ ᠬᠤᠳᠠ ᠨᠠᠰᠤᠳᠠᠢ᠌ᠴᠤᠳ᠎ᠢ ᠠ᠋ᠨᠳᠡᠭᠳᠡᠯ᠎ᠤᠨ ᠳᠠᠭ᠋ᠠᠳᠬᠠᠯ᠎ᠳᠤ ᠤᠷᠤᠭᠤᠯᠬᠤ ᠵᠢ ᠢᠳᠡᠪᠬᠢᠳᠡᠢ ᠠᠬᠢᠭᠤᠯᠵᠤ ᠪᠠᠢ᠌ᠨ᠎ᠠ
ᠬᠦᠯᠦᠨ ᠪᠤᠢ᠌ᠷ ᠬᠤᠳᠠ ᠵᠢᠨ ᠠᠷᠠᠳ᠎ᠤᠨ ᠶᠠᠪᠤᠳᠠᠯ᠎ᠤᠨ ᠳᠤᠪᠴᠢᠶᠠᠨ᠎ᠤ ᠨᠠᠮ᠎ᠤᠨ ᠤᠳᠤᠷᠢᠳᠬᠤ ᠳᠤᠭᠤᠢ᠌ᠯᠠᠩ ᠳᠤᠭᠤᠷᠢᠨ ᠪᠠᠢ᠌ᠴᠠᠭ᠋ᠠᠵᠤ ᠴᠡᠭᠴᠡᠯᠡᠨ ᠵᠠᠰᠠᠭᠰᠠᠨ ᠳᠤᠰᠬᠠᠢ ᠰᠡᠳᠤᠪᠳᠤ ᠠᠷᠠᠳᠴᠢᠯᠠᠯ᠎ᠤᠨ ᠠᠮᠢᠳᠤᠷᠠᠯ᠎ᠤᠨ ᠬᠤᠷᠠᠯ ᠬᠢᠪᠠ
ᠤᠯᠠᠭ᠋ᠠᠨᠴᠠᠪ᠎ᠤᠨ ᠠᠷᠠᠳ᠎ᠤᠨ ᠶᠠᠪᠤᠳᠠᠯ᠎ᠤᠨ ᠳᠤᠪᠴᠢᠶ᠎ᠠ ᠬᠠᠷ᠎ᠠ ᠪᠦᠯᠦᠭᠳᠡᠨ ᠬᠠᠷᠬᠢᠰ ᠬᠦᠴᠦᠨ᠎ᠢ ᠠᠷᠢᠯᠭ᠋ᠠᠬᠤ ᠳᠤᠰᠬᠠᠢ ᠳᠡᠮᠡᠴᠠᠯ᠎ᠢ ᠠᠬᠢᠭᠤᠯᠬᠤ ᠬᠤᠷᠠᠯ ᠬᠢᠪᠡ
ᠪᠤᠭᠤᠳᠤ ᠵᠢᠨ ᠠᠷᠠᠳ᠎ᠤᠨ ᠶᠠᠪᠤᠳᠠᠯ᠎ᠤᠨ ᠳᠤᠪᠴᠢᠶ᠎ᠠ ᠠᠷᠠᠳ᠎ᠠᠴᠠ ᠠ᠋ᠷᠬᠢᠯᠡᠭᠰᠡᠨ ᠨᠠᠰᠤᠲᠠᠳ᠎ᠢ ᠠᠰᠠᠷᠠᠬᠤ ᠪᠠᠢ᠌ᠭᠤᠯᠤᠮᠵᠢ᠎ᠳᠤ ᠪᠠᠢ᠌ᠴᠠᠭ᠋ᠠᠨ ᠰᠤᠳᠤᠯᠤᠯᠳᠠ ᠬᠢᠪᠡ
ᠳᠦᠩᠯᠢᠶᠤᠤ ᠬᠤᠳᠠ ᠵᠢᠨ ᠠᠷᠠᠳ᠎ᠤᠨ ᠶᠠᠪᠤᠳᠠᠯ᠎ᠤᠨ ᠳᠤᠪᠴᠢᠶ᠎ᠠ ᠬᠠᠷ᠎ᠡ ᠪᠦᠯᠦᠭᠳᠡᠨ ᠬᠠᠷᠬᠢᠰ ᠬᠦᠴᠦᠨ᠎ᠢ ᠠᠷᠢᠯᠭ᠋ᠠᠬᠤ ᠳᠤᠰᠬᠠᠢ ᠳᠡᠮᠡᠴᠡᠯ᠎ᠢ ᠠᠬᠢᠭᠤᠯᠬᠤ ᠬᠤᠷᠠᠯ ᠬᠢᠪᠠ
 
            