ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠯᠢ ᠺᠸ ᠴᠢᠶᠠᠩ ᠡᠯ᠎ᠡ ᠠᠷᠠᠳᠴᠢᠯᠠᠬᠰᠠᠨ ᠨᠠᠮ ᠪᠦᠯᠦᠭ ᠪᠦᠬᠦ ᠤᠯᠤᠰ᠎ᠤᠨ ᠦᠢ᠍ᠯᠡᠳᠪᠤᠷᠢ ᠬᠤᠳᠠᠯᠳᠤᠭ᠋ᠠᠨ᠎ᠤ ᠬᠤᠯᠪᠤᠭ᠎ᠠ ᠵᠢᠨ ᠬᠠᠷᠢᠭᠤᠴᠠᠯᠭ᠋ᠠᠳᠠᠨ ᠪᠤᠯᠤᠨ ᠨᠠᠮ ᠪᠦᠯᠦᠭ᠎ᠤᠨ ᠪᠤᠰᠤ ᠬᠦᠮᠦᠰ᠎ᠤᠨ ᠶᠠᠷᠢᠯᠴᠠᠬᠤ ᠬᠤᠷᠠᠯ᠎ᠢ ᠠ᠋ᠷᠬᠢᠯᠡᠨ ᠬᠢᠵᠤ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠤᠨ ᠳᠤᠬᠠᠢ ᠰᠠᠨᠠᠯ ᠵᠦᠪᠯᠡᠯᠭᠡ ᠵᠢ ᠰᠤᠨᠤᠰᠪᠠ
ᠨᠡᠶᠢᠲᠡᠯᠡᠭᠰᠡᠨ ᠴᠠᠭ᠄ 2019-01-24

             
     1 ᠳ᠋ᠤᠭᠡᠷ ᠰᠠᠷ᠎ᠠ ᠵᠢᠨ 17᠎ᠤ ᠠ᠋ᠳᠤᠷ᠂ ᠨᠠᠮ᠎ᠤᠨ ᠳᠦᠪ ᠬᠤᠷᠢᠶᠠᠨ᠎ᠤ ᠤᠯᠤᠰ ᠳᠦᠷᠦ ᠵᠢᠨ ᠳᠤᠪᠴᠢᠶᠠᠨ᠎ᠤ ᠪᠠᠢ᠌ᠩᠭᠤ ᠵᠢᠨ ᠭᠡᠰᠢᠬᠦᠨ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠶᠡᠷᠦᠩᠭᠡᠢ ᠰᠠᠢ᠌ᠳ ᠯᠢ ᠺᠸ ᠴᠢᠶᠠᠩ ᠶᠠᠷᠢᠯᠴᠠᠬᠤ ᠬᠤᠷᠠᠯ ᠬᠢᠵᠤ᠂ ᠡᠯ᠎ᠡ ᠠᠷᠠᠳᠴᠢᠯᠠᠬᠰᠠᠨ ᠨᠠᠮ ᠪᠦᠯᠦᠭ᠎ᠤᠨ ᠳᠦᠪ ᠬᠤᠷᠢᠶ᠎ᠠ᠂ ᠪᠦᠬᠦ ᠤᠯᠤᠰ᠎ᠤᠨ ᠦᠢ᠍ᠯᠡᠳᠪᠤᠷᠢ ᠬᠤᠳᠠᠯᠳᠤᠭ᠋ᠠᠨ᠎ᠤ ᠬᠤᠯᠪᠤᠭ᠎ᠠ ᠵᠢᠨ ᠬᠠᠷᠢᠭᠤᠴᠠᠯᠭ᠋ᠠᠳᠠᠨ ᠪᠤᠯᠤᠨ ᠨᠠᠮ ᠪᠦᠯᠦᠭ᠎ᠤᠨ ᠪᠤᠰᠤ ᠬᠦᠮᠦᠰ᠎ᠤᠨ ᠳᠦᠯᠦᠭᠡᠯᠡᠭᠴᠢᠳ᠎ᠤᠨ 《ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ (ᠰᠠᠨᠠᠯ ᠬᠤᠷᠢᠶᠠᠬᠤ ᠠ᠋ᠭᠡ ᠨᠤᠤᠷᠠᠭ)》᠎ᠤᠨ ᠳᠤᠬᠠᠢ ᠰᠠᠨᠠᠯ ᠵᠦᠪᠯᠡᠯᠭᠡ ᠵᠢ ᠰᠤᠨᠤᠰᠪᠠ᠃
      ᠨᠠᠮ᠎ᠤᠨ ᠳᠦᠪ ᠬᠤᠷᠢᠶᠠᠨ᠎ᠤ ᠤᠯᠤᠰ ᠳᠦᠷᠦ ᠵᠢᠨ ᠳᠤᠪᠴᠢᠶᠠᠨ᠎ᠤ ᠭᠡᠰᠢᠬᠦᠨ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠳᠡᠳ᠋ ᠶᠡᠷᠦᠩᠭᠡᠢ ᠰᠠᠢ᠌ᠳ ᠬᠠᠨ ᠵᠸᠩ ᠶᠠᠷᠢᠯᠴᠠᠬᠤ ᠬᠤᠷᠠᠯ᠎ᠳᠤ ᠤᠷᠤᠯᠴᠠᠪᠠ᠃
      ᠯᠢ ᠺᠸ ᠴᠢᠶᠠᠩ᠂ ᠡᠯ᠎ᠡ ᠠᠷᠠᠳᠴᠢᠯᠠᠭᠰᠠᠨ ᠨᠠᠮ ᠪᠦᠯᠦᠭ᠎ᠤᠨ ᠳᠦᠪ ᠬᠤᠷᠢᠶ᠎ᠠ᠂ ᠪᠦᠬᠦ ᠤᠯᠤᠰ᠎ᠤᠨ ᠦᠢ᠍ᠯᠡᠳᠪᠤᠷᠢ ᠬᠤᠳᠠᠯᠳᠤᠭ᠋ᠠᠨ᠎ᠤ ᠬᠤᠯᠪᠤᠭ᠎ᠠ ᠵᠢᠨ ᠬᠠᠷᠢᠭᠤᠴᠠᠯᠭ᠋ᠠᠳᠠᠨ ᠪᠤᠯᠤᠨ ᠨᠠᠮ ᠪᠦᠯᠦᠭ᠎ᠤᠨ ᠪᠤᠰᠤ ᠬᠦᠮᠦᠨ᠎ᠤ ᠳᠦᠯᠦᠭᠡᠯᠡᠭᠴᠢ ᠵᠢ ᠤᠷᠢᠨ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠤᠨ ᠳᠤᠬᠠᠢ ᠰᠠᠨᠠᠯ ᠵᠦᠪᠯᠡᠯᠭᠡ ᠵᠢ ᠰᠤᠨᠤᠰᠬᠤ᠎ᠨᠢ ᠳᠤᠮᠳᠠᠳᠤ ᠤᠯᠤᠰ᠎ᠤᠨ ᠡᠪ ᠬᠠᠮᠳᠤ ᠨᠠᠮ᠎ᠤᠨ ᠤᠳᠤᠷᠢᠳᠤᠭᠰᠠᠨ ᠤᠯᠠᠨ ᠨᠠᠮ᠎ᠤᠨ ᠬᠠᠮᠳᠤᠷᠠᠯᠴᠠᠭ᠎ᠠ ᠪᠤᠯᠤᠨ ᠤᠯᠤᠰ ᠳᠦᠷᠦ ᠵᠢᠨ ᠵᠦᠪᠯᠡᠯᠭᠡᠨ᠎ᠤ ᠳᠦᠷᠢᠮ᠎ᠤᠨ ᠴᠢᠬᠤᠯᠠ ᠢᠯᠡᠷᠡᠯ ᠪᠤᠯᠬᠤ ᠪᠦᠭᠡᠳ ᠳᠦᠷᠦ ᠵᠢᠨ ᠶᠠᠪᠤᠳᠠᠯ᠎ᠤᠨ ᠬᠣᠷᠢᠶᠠᠨ᠎ᠤ ᠠᠷᠠᠳᠴᠢᠯᠠᠯ᠎ᠤᠨ ᠬᠢᠨᠠᠨ ᠬᠠᠮᠢᠶᠠᠷᠤᠯᠳᠠ ᠵᠢ ᠬᠦᠯᠢᠶᠡᠬᠦ ᠴᠢᠬᠤᠯᠠ ᠶᠠᠪᠤᠴᠠ ᠪᠤᠯᠤᠨ᠎ᠠ᠃ ᠤᠯᠠᠨ ᠵᠶ᠋ᠡᠷ ᠵᠶ᠋ᠡᠨ ᠪᠤᠳᠤᠭᠰᠠᠨ ᠰᠠᠨᠠᠭᠰᠠᠨ ᠵᠶ᠋ᠡᠨ ᠪᠦᠬᠦᠳᠡ ᠵᠢ ᠶᠠᠷᠢᠭ᠋ᠠᠷᠠᠢ ᠭᠡᠪᠡ᠃
      ᠳᠤᠮᠳᠠᠳᠤ ᠤᠯᠤᠰ᠎ᠤᠨ ᠭᠤᠮᠢᠨᠳᠠᠩ ᠨᠠᠮ᠎ᠤᠨ ᠬᠤᠪᠢᠰᠬᠠᠯᠳᠤ ᠬᠤᠷᠢᠶᠠᠨ᠎ᠤ ᠳᠦᠪ ᠬᠤᠷᠢᠶᠠᠨ᠎ᠤ ᠳᠡᠷᠢᠬᠦᠯᠡᠭᠴᠢ ᠸᠠᠨ ᠠ᠋ᠸ ᠰᠢᠶᠠᠩ ᠤᠯᠤᠰ᠎ᠤᠨ ᠳᠤᠳᠤᠭ᠋ᠠᠳᠤ ᠵᠢᠨ ᠵᠠᠬ᠎ᠠ ᠳᠡᠯᠭᠡᠬᠦᠷ᠎ᠢ ᠦᠷᠭᠡᠳᠭᠡᠵᠤ ᠬᠦᠴᠦᠷᠭᠡᠭᠵᠢᠬᠦᠯᠬᠦ᠂ ᠭᠠᠳᠠᠭ᠋ᠠᠳᠤ ᠨᠡᠭᠡᠭᠡᠯᠳᠡ ᠵᠢ ᠦᠷᠭᠡᠳᠭᠡᠬᠦ ᠵᠡᠷᠭᠡ ᠳᠡᠯ᠎ᠡ᠎ᠪᠠᠷ ᠰᠠᠨᠠᠯ ᠵᠦᠪᠯᠡᠯᠭᠡ ᠦᠭᠪᠡ᠃ ᠠᠷᠠᠳᠴᠢᠯᠠᠭᠰᠠᠨ ᠬᠤᠯᠪᠤᠭ᠎ᠠ ᠵᠢᠨ ᠳᠦᠪ ᠬᠤᠷᠢᠶᠠᠨ᠎ᠤ ᠳᠡᠷᠢᠬᠦᠯᠡᠭᠴᠢ ᠳ᠋ᠢᠩ ᠵᠦᠩ ᠯᠢ ᠦᠷᠢ ᠦᠭᠴᠡᠭᠡ᠂ ᠮᠦᠩᠬᠦᠨ ᠬᠦᠢ᠍ᠯᠭᠡᠭᠡᠨ᠎ᠤ ᠠᠶᠤᠯ ᠳᠦᠭᠰᠢᠬᠦᠷᠢ ᠵᠢ ᠰᠡᠷᠭᠡᠢ᠌ᠯᠡᠵᠤ᠂ ᠨᠡᠢ᠌ᠭᠡᠮ᠎ᠤᠨ ᠪᠠᠳᠤᠯᠠᠪᠤᠷᠢ ᠵᠢᠨ ᠰᠢᠰᠲᠸᠮ᠎ᠤᠨ ᠴᠢᠨᠠᠷ᠎ᠢ ᠳᠡᠭᠡᠭᠰᠢᠯᠡᠬᠦᠯᠬᠦ ᠵᠢᠨ ᠳᠤᠭᠤᠷᠢᠨ᠎ᠳᠤ ᠦᠵᠡᠯᠳᠡ᠎ᠪᠠᠨ ᠶᠡᠷᠢᠪᠡ᠃ ᠠᠷᠠᠳᠴᠢᠯᠠᠯ ᠵᠶ᠋ᠡᠷ ᠤᠯᠤᠰ ᠵᠶ᠋ᠡᠨ ᠪᠠᠢ᠌ᠭᠤᠯᠬᠤ ᠬᠤᠷᠠᠯ᠎ᠤᠨ ᠳᠦᠪ ᠬᠤᠷᠢᠶᠠᠨ᠎ᠤ ᠳᠡᠷᠢᠬᠦᠯᠡᠭᠴᠢ ᠬᠤᠤ ᠮᠢᠩ ᠵᠢᠨ ᠰᠢᠨ᠎ᠠ ᠬᠠᠭᠤᠴᠢᠨ ᠬᠦᠳᠡᠯᠭᠡᠬᠦ ᠬᠦᠴᠦᠨ᠎ᠤ ᠴᠢᠳᠠᠪᠤᠷᠢ ᠵᠢ ᠵᠤᠬᠢᠰᠳᠠᠢ᠎ᠪᠠᠷ ᠬᠤᠪᠢᠷᠠᠭᠤᠯᠤᠨ᠂ ᠢᠳᠡᠪᠬᠢᠳᠡᠢ ᠪᠦᠭᠡᠳ ᠳᠤᠭᠳᠠᠭᠤᠨ ᠵᠶ᠋ᠡᠷ ᠠᠬᠢᠭᠤᠯᠵᠤ᠂ ᠬᠦᠭᠡ ᠮᠦᠷᠡᠨ᠎ᠤ ᠤᠷᠤᠰᠬᠠᠯ ᠳᠠᠭ᠋ᠠᠤ ᠠᠵᠤ ᠠᠬᠤᠢ ᠵᠢᠨ ᠪᠦᠰᠡ ᠵᠢᠨ ᠤᠯᠠᠨ ᠠ᠋ᠰᠢᠵᠢᠭ᠌ᠰᠡᠨ ᠠᠮᠢ ᠠᠬᠤᠢ ᠵᠢᠨ ᠨᠦᠬᠦᠪᠤᠷᠢ ᠵᠢᠨ ᠳᠤᠭᠳᠠᠴᠠ ᠵᠢ ᠪᠠᠢ᠌ᠭᠤᠯᠬᠤ ᠳᠤᠬᠠᠢ ᠰᠠᠨᠠᠯ ᠵᠶ᠋ᠡᠨ ᠳᠤᠷᠠᠳᠪᠠ᠃ ᠠᠷᠠᠳᠴᠢᠯᠠᠯ ᠵᠶ᠋ᠡᠷ ᠠᠬᠢᠭᠤᠯᠬᠤ ᠬᠤᠷᠠᠯ᠎ᠤᠨ ᠳᠦᠪ ᠬᠤᠷᠢᠶᠠᠨ᠎ᠤ ᠳᠡᠷᠢᠬᠦᠯᠡᠭᠴᠢ ᠼᠠᠢ ᠳ᠋ᠠ ᠹᠸᠩ ᠠᠵᠢᠯ ᠤᠯᠭᠤᠬᠤ ᠠᠵᠠ ᠳᠤᠬᠢᠶᠠᠯ᠎ᠢ ᠨᠡᠮᠡᠭᠳᠡᠬᠦᠯᠵᠤ᠂ ᠵᠠᠰᠠᠭ ᠵᠠᠬᠢᠷᠭ᠋ᠠᠨ᠎ᠤ ᠦᠢ᠍ᠯᠡᠳᠤᠯ ᠴᠢᠳᠠᠯ᠎ᠢ ᠳᠡᠭᠡᠭᠰᠢᠯᠡᠬᠦᠯᠬᠦ ᠳᠤᠬᠠᠢ ᠰᠠᠨᠠᠯ ᠵᠦᠪᠯᠡᠯᠭᠡ ᠦᠭᠪᠡ᠃ ᠳᠠᠷᠢᠶᠠᠴᠢᠨ ᠠᠵᠢᠯᠴᠢᠨ᠎ᠤ ᠠᠷᠠᠳᠴᠢᠯᠠᠭᠰᠠᠨ ᠨᠠᠮ᠎ᠤᠨ ᠳᠦᠪ ᠬᠤᠷᠢᠶᠠᠨ᠎ᠤ ᠳᠡᠷᠢᠬᠦᠯᠡᠭᠴᠢ ᠴᠸᠨ ᠵᠤ᠌ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠠ ᠵᠢ ᠠ᠋ᠬᠦᠳᠬᠦ ᠪᠡ ᠰᠢᠨ᠎ᠠ ᠬᠦᠳᠡᠯᠭᠡᠬᠦ ᠬᠦᠴᠦᠨ᠎ᠢ ᠴᠢᠩᠭ᠋ᠠᠳᠬᠠᠵᠤ᠂ ᠠᠷᠠᠳ᠎ᠤᠨ ᠠᠮᠢᠳᠤᠷᠠᠯ᠎ᠤᠨ ᠪᠠᠳᠤᠯᠠᠪᠤᠷᠢ ᠪᠤᠯᠤᠨ ᠰᠠᠢ᠌ᠵᠢᠷᠠᠭᠤᠯᠤᠯᠳᠠ᠎ᠳᠤ ᠶᠡᠭᠡᠭᠡᠨ ᠬᠦᠴᠦ ᠤᠷᠤᠭᠤᠯᠬᠤ ᠳᠤᠬᠠᠢ ᠰᠠᠨᠠᠯ ᠵᠦᠪᠯᠡᠯᠭᠡ ᠦᠭᠪᠡ᠃ ᡁᠢᠬᠦᠩᠳᠠᠩ ᠨᠠᠮ᠎ᠤᠨ ᠳᠦᠪ ᠬᠤᠷᠢᠶᠠᠨ᠎ᠤ ᠳᠡᠷᠢᠬᠦᠯᠡᠭᠴᠢ ᠸᠠᠨ ᠭᠠᠩ ᠬᠤᠷᠸ᠎ᠠ ᠳᠤᠬᠢᠷᠠᠭᠤᠯᠭ᠎ᠠ ᠵᠢᠨ ᠰᠢᠨ᠎ᠠ ᠵᠢ ᠠ᠋ᠬᠦᠳᠬᠦ ᠪᠡ ᠳᠡᠬᠦᠯᠳᠡᠷᠵᠢᠬᠦᠯᠬᠦ᠂ ᠠᠷᠠᠯᠵᠢᠶ᠎ᠠ ᠬᠤᠳᠠᠯᠳᠤᠭ᠋ᠠᠨ᠎ᠤ ᠡᠵᠡᠩᠨᠡᠯᠳᠡ ᠵᠢᠨ ᠤᠷᠴᠢᠨ ᠳᠤᠭᠤᠷᠢᠨ᠎ᠢ ᠰᠢᠯᠢᠳᠡᠭᠵᠢᠬᠦᠯᠬᠦ ᠵᠡᠷᠭᠡ ᠳᠡᠯ᠎ᠡ᠎ᠪᠠᠷ ᠰᠠᠨᠠᠯ ᠵᠦᠪᠯᠡᠯᠭᠡ ᠦᠭᠴᠤ᠂ 《9.3》 ᠠ᠋ᠷᠳᠡᠮ ᠰᠢᠨᠵᠢᠯᠡᠭᠡᠨ᠎ᠤ ᠨᠡᠢ᠌ᠭᠡᠮᠯᠢᠭ᠎ᠤᠨ ᠳᠦᠪ ᠬᠤᠷᠢᠶᠠᠨ᠎ᠤ ᠳᠡᠷᠢᠬᠦᠯᠡᠭᠴᠢ ᠡᠤ ᠸᠸᠢ ᠬᠤᠸᠠ ᠤᠯᠤᠰ᠎ᠤᠨ ᠮᠡᠷᠭᠡᠵᠢᠯ᠎ᠤᠨ ᠰᠢᠨ᠎ᠠ ᠵᠢ ᠠ᠋ᠬᠦᠳᠬᠦ ᠳᠦᠪ᠎ᠤᠨ ᠪᠦᠳᠦᠭᠡᠨ ᠪᠠᠢ᠌ᠭᠤᠯᠤᠯᠳᠠ᠂ ᠳᠤᠮᠤ ᠶᠡᠭᠡ ᠰᠢᠨᠵᠢᠯᠡᠬᠦ ᠤᠬᠠᠭ᠋ᠠᠨ᠎ᠤ ᠳᠤᠨᠤᠭ ᠳᠦᠬᠦᠭᠡᠷᠦᠮᠵᠢ ᠵᠢᠨ ᠪᠠᠢ᠌ᠭᠤᠯᠤᠯᠳᠠ ᠵᠢ ᠴᠢᠩᠭ᠋ᠠᠳᠬᠠᠬᠤ ᠬᠢᠭᠡᠳ ᠨᠡᠭᠡᠭᠡᠨ ᠬᠦᠭᠵᠢᠬᠦᠯᠵᠤ ᠬᠠᠮᠳᠤ᠎ᠪᠠᠷ ᠠᠰᠢᠭ ᠬᠦᠷᠳᠡᠬᠦ ᠳᠤᠬᠠᠢ ᠦᠵᠡᠯᠳᠡ᠎ᠪᠠᠨ ᠶᠠᠷᠢᠪᠠ᠃ ᠳᠠᠢ᠌ᠸᠠᠨ᠎ᠤ ᠠᠷᠠᠳᠴᠢᠯᠠᠯ ᠵᠶ᠋ᠡᠷ ᠦᠪᠡᠷᠳᠡᠭᠡᠨ ᠵᠠᠰᠠᠬᠤ ᠬᠤᠯᠪᠤᠭ᠎ᠠ ᠵᠢᠨ ᠳᠡᠷᠢᠬᠦᠯᠡᠭᠴᠢ ᠰᠤ᠌ ᠬᠤᠢ ᠦᠮᠴᠢᠯᠡᠯ᠎ᠤᠨ ᠠ᠋ᠷᠭᠡ᠂ ᠪᠡᠯᠡ ᠬᠤᠷᠠᠮᠳᠤᠭᠤᠯᠬᠤ ᠰᠢᠰᠲᠸᠮ᠎ᠤᠨ ᠪᠠᠢ᠌ᠭᠤᠯᠤᠯᠳᠠ ᠵᠢ ᠳᠡᠬᠦᠯᠳᠡᠷᠵᠢᠬᠦᠯᠬᠦ᠂ ᠳᠠᠢ᠌ᠸᠠᠨ᠎ᠤ ᠳᠤᠬᠠᠢ ᠬᠠᠷᠠᠭ᠋ᠠᠯᠵᠠᠯ᠎ᠤᠨ ᠳᠦᠷᠦ ᠵᠢᠨ ᠪᠤᠳᠤᠯᠭ᠎ᠠ ᠵᠢ ᠳᠡᠬᠦᠯᠳᠡᠷᠵᠢᠬᠦᠯᠦᠨ ᠨᠠᠢ᠌ᠳᠠᠪᠤᠷᠢᠵᠢᠭᠤᠯᠬᠤ ᠬᠠᠮᠢᠶ᠎ᠠ᠎ᠲᠠᠢ ᠰᠠᠨᠠᠯ ᠵᠦᠪᠯᠡᠯᠭᠡ ᠦᠭᠴᠤ᠂ ᠪᠦᠬᠦ ᠤᠯᠤᠰ᠎ᠤᠨ ᠦᠢ᠍ᠯᠡᠳᠪᠤᠷᠢ ᠬᠤᠳᠠᠯᠳᠤᠭ᠋ᠠᠨ᠎ᠤ ᠬᠤᠯᠪᠤᠭ᠎ᠠ ᠵᠢᠨ ᠳᠡᠷᠢᠬᠦᠯᠡᠭᠴᠢ ᠭᠤᠤ ᠶᠦᠨ ᠯᠦᠩ ᠠᠷᠠᠳ᠎ᠤᠨ ᠡᠵᠡᠩᠨᠡᠯᠳᠡ ᠵᠢᠨ ᠠᠵᠤ ᠠᠬᠤᠢ ᠵᠢᠨ ᠬᠦᠭᠵᠢᠯᠳᠡ ᠵᠢ ᠳᠡᠮᠵᠢᠬᠦ ᠳᠦᠷᠦ ᠵᠢᠨ ᠪᠤᠳᠤᠯᠭ᠎ᠠ ᠵᠢ ᠨᠠᠢ᠌ᠳᠠᠪᠤᠷᠢᠵᠢᠭᠤᠯᠵᠤ᠂ ᠠᠷᠠᠳ᠎ᠤᠨ ᠡᠵᠡᠩᠨᠡᠯᠳᠡ ᠵᠢᠨ ᠠᠵᠤ ᠠᠬᠤᠢ᠌ᠯᠠᠯ᠎ᠤᠨ ᠦᠷᠢ ᠦᠭᠴᠡᠭᠡ ᠵᠢᠨ ᠠᠰᠠᠭᠤᠳᠠᠯ᠎ᠢ ᠴᠡᠪᠡᠷᠯᠡᠬᠦ ᠳᠤᠬᠠᠢ ᠰᠠᠨᠠᠯ ᠵᠦᠪᠯᠡᠯᠭᠡ ᠦᠭᠴᠤ᠂ ᠨᠠᠮ ᠪᠦᠯᠦᠭ᠎ᠤᠨ ᠪᠤᠰᠤ ᠬᠦᠮᠦᠰ᠎ᠤᠨ ᠳᠦᠯᠦᠭᠡᠯᠡᠭᠴᠢ ᠯᠢᠦᠢ ᠵᠢᠶᠠᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠦᠨᠡᠯᠡᠯᠲᠡ ᠵᠢᠨ ᠰᠢᠰᠲᠸᠮ᠎ᠤᠨ ᠦᠭᠡᠷᠡᠴᠢᠯᠡᠯᠳᠡ ᠵᠢ ᠠᠬᠢᠭᠤᠯᠵᠤ᠂ ᠠᠵᠤ ᠠᠬᠤᠢ᠌ᠯᠠᠯ᠎ᠤᠨ ᠡᠵᠡᠩᠨᠡᠯᠳᠡ ᠵᠢᠨ ᠦᠪᠡᠷ᠎ᠤᠨ ᠦᠷᠳᠡᠭ᠎ᠢ ᠪᠠᠭᠤᠷᠠᠭᠤᠯᠬᠤ ᠳᠤᠬᠠᠢ ᠰᠠᠨᠠᠯ ᠵᠦᠪᠯᠡᠯᠭᠡ ᠦᠭᠴᠡᠢ᠃
      ᠯᠢ ᠺᠸ ᠴᠢᠶᠠᠩ᠂ ᠤᠷᠳᠤ ᠬᠤᠭᠤᠴᠠᠭ᠋ᠠᠨ᠎ᠤ ᠳᠤᠷᠰᠢ ᠵᠠᠰᠠᠭ᠎ᠤᠨ ᠤᠷᠳᠤᠨ᠎ᠤ ᠠᠵᠢᠯ᠎ᠳᠤ ᠰᠡᠳᠬᠢᠯ ᠳᠠᠯᠪᠢᠵᠤ ᠳᠡᠮᠵᠢᠭᠰᠡᠭᠡᠷ ᠢᠷᠡᠭᠰᠡᠨ ᠡᠯ᠎ᠡ ᠠᠷᠠᠳᠴᠢᠯᠠᠭᠰᠠᠨ ᠨᠠᠮ ᠪᠦᠯᠦᠭ᠎ᠤᠨ ᠳᠦᠪ ᠬᠤᠷᠢᠶ᠎ᠠ᠂ ᠪᠦᠬᠦ ᠤᠯᠤᠰ᠎ᠤᠨ ᠦᠢ᠍ᠯᠡᠳᠪᠤᠷᠢ ᠬᠤᠳᠠᠯᠳᠤᠭ᠋ᠠᠨ᠎ᠤ ᠬᠤᠯᠪᠤᠭ᠎ᠠ ᠵᠢᠨ ᠬᠠᠷᠢᠭᠤᠴᠠᠯᠭ᠋ᠠᠳᠠᠨ ᠪᠤᠯᠤᠨ ᠨᠠᠮ ᠪᠦᠯᠦᠭ᠎ᠤᠨ ᠪᠤᠰᠤ ᠬᠦᠮᠦᠨ᠎ᠤ ᠳᠦᠯᠦᠭᠡᠯᠡᠭᠴᠢ᠎ᠳᠤ ᠳᠠᠯᠠᠷᠬᠠᠵᠤ ᠪᠠᠢ᠌ᠬᠤ᠎ᠪᠠᠨ ᠢᠯᠡᠳᠭᠡᠪᠡ᠃ ᠯᠢ ᠺᠸ ᠴᠢᠶᠠᠩ᠂ ᠤᠯᠠᠨ᠎ᠤ ᠰᠠᠨᠠᠯ ᠵᠦᠪᠯᠡᠯᠭᠡ᠎ᠨᠢ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠳᠤ ᠵᠠᠰᠠᠪᠤᠷᠢ ᠤᠷᠤᠭᠤᠯᠬᠤ᠂ ᠵᠠᠰᠠᠭ᠎ᠤᠨ ᠤᠷᠳᠤᠨ᠎ᠤ ᠠᠵᠢᠯ᠎ᠢ ᠰᠠᠢ᠌ᠳᠤᠷ ᠬᠢᠬᠦ᠎ᠳᠤ ᠳᠤᠩ ᠶᠡᠭᠡ ᠳᠡᠮᠵᠢᠯᠭᠡ ᠪᠤᠯᠬᠤ ᠶᠤᠮ᠂ ᠳᠦᠷᠦ ᠵᠢᠨ ᠶᠠᠪᠤᠳᠠᠯ᠎ᠤᠨ ᠬᠤᠷᠢᠶ᠎ᠠ ᠨᠠᠷᠢᠨ ᠬᠢᠨᠠᠮᠠᠭ᠋ᠠᠢ ᠰᠤᠳᠤᠯᠤᠨ ᠠᠰᠢᠭᠯᠠᠨ᠎ᠠ᠃ ᠠ᠋ᠨᠡ ᠵᠢᠯ ᠮᠠᠨ᠎ᠤ ᠤᠯᠤᠰ᠎ᠤᠨ ᠬᠦᠭᠵᠢᠯᠳᠡ ᠮᠦᠨ ᠬᠦᠴᠢᠷᠳᠡᠯ ᠪᠡ ᠬᠠᠳᠠᠭᠤ ᠴᠢᠩᠭ᠎ᠠ ᠦᠷᠢᠰᠦᠯᠳᠦᠭᠡᠨ᠎ᠳᠤ ᠳᠤᠯᠭ᠋ᠠᠷᠠᠵᠤ ᠪᠠᠢ᠌ᠨ᠎ᠠ᠃ ᠰᠢ ᠵᠢᠨ ᠫᠢᠩ᠎ᠤᠨ ᠰᠢᠨ᠎ᠠ ᠴᠠᠭ ᠦᠶ᠎ᠡ ᠵᠢᠨ ᠳᠤᠮᠳᠠᠳᠤ ᠤᠯᠤᠰ᠎ᠤᠨ ᠤᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠤᠭᠤᠳᠤᠯᠭ᠎ᠠ ᠪᠤᠯᠭ᠋ᠠᠨ᠂ ᠳᠤᠭᠳᠠᠭᠤᠨ᠎ᠤ ᠳᠤᠮᠳᠠ ᠳᠠᠪᠰᠢᠨ ᠤᠷᠤᠭᠰᠢᠯᠠᠬᠤ ᠵᠢ ᠪᠠᠷᠢᠮᠳᠠᠯᠠᠵᠤ᠂ ᠢᠳᠡᠪᠬᠢᠳᠡᠢ ᠠ᠋ᠳ᠋᠎ᠤᠨ ᠵᠠᠰᠠᠭ᠎ᠤᠨ ᠳᠦᠷᠦ ᠵᠢᠨ ᠪᠤᠳᠤᠯᠭ᠎ᠠ ᠪᠤᠯᠤᠨ ᠳᠤᠭᠳᠠᠭᠤᠨ ᠵᠤᠭᠤᠰᠤᠨ ᠳᠦᠷᠦ ᠵᠢᠨ ᠪᠤᠳᠤᠯᠭ᠎ᠠ ᠵᠢ ᠦᠷᠬᠦᠯᠵᠢᠯᠡᠨ ᠭᠡᠷᠡᠭᠵᠢᠬᠦᠯᠦᠨ᠎ᠡ᠃ ᠪᠢᠳᠡ ᠨᠢᠭᠡᠨᠳᠡ ᠵᠤᠭᠤᠰ ᠮᠦᠩᠬᠦ ᠵᠢ ᠭᠠᠵᠠᠷ ᠪᠤᠯᠭ᠋ᠠᠨ᠎ᠳᠤ ᠰᠠᠴᠤᠬᠤ ᠦᠭᠡᠢ ᠪᠡᠢ᠌ᠬᠤ ᠳᠤᠷᠰᠢᠯᠭ᠎ᠠ᠎ᠲᠠᠢ ᠪᠤᠯᠵᠤ᠂ ᠰᠢᠨ᠎ᠠ ᠵᠢ ᠠ᠋ᠬᠦᠳᠬᠦ ᠪᠡ ᠬᠤᠷᠸ᠎ᠠ ᠳᠤᠬᠢᠷᠠᠭᠤᠯᠤᠯᠳᠠ ᠵᠢ ᠳᠡᠬᠦᠯᠳᠡᠷᠵᠢᠬᠦᠯᠬᠦ᠎ᠪᠠᠷ ᠳᠠᠮᠵᠢᠭᠤᠯᠤᠨ ᠬᠦᠭᠵᠢᠯᠳᠡ ᠵᠢᠨ ᠠᠷᠭ᠎ᠠ ᠭᠡᠯᠪᠡᠷᠢ᠎ᠪᠠᠨ ᠬᠤᠪᠢᠷᠠᠭᠤᠯᠬᠤ ᠶᠠᠪᠤᠴᠠ᠎ᠳᠤ ᠠᠵᠤ ᠠᠬᠤᠢ ᠵᠢᠨ ᠠ᠋ᠷᠬᠢᠯᠳᠡ ᠵᠢ ᠵᠤᠬᠢᠰᠳᠠᠢ ᠭᠡᠪᠴᠢᠶᠠᠨ᠎ᠳᠤ ᠪᠠᠢ᠌ᠯᠭ᠋ᠠᠬᠤ ᠵᠢ ᠪᠠᠳᠤᠯᠠᠨ᠂ ᠠᠵᠢᠯ ᠤᠯᠭᠤᠯᠳᠠ ᠵᠢ ᠳᠤᠭᠳᠠᠪᠤᠷᠢᠵᠢᠭᠤᠯᠵᠤ᠂ ᠤᠷᠤᠯᠭ᠎ᠠ ᠵᠢ ᠳᠠᠰᠤᠷᠠᠯᠲᠠ ᠦᠭᠡᠢ ᠨᠡᠮᠡᠭᠳᠡᠬᠦᠯᠤᠨ᠂ ᠤᠷᠴᠢᠨ ᠳᠤᠭᠤᠷᠢᠨ᠎ᠢ ᠦᠷᠬᠦᠯᠵᠢᠯᠡᠨ ᠰᠠᠢ᠌ᠵᠢᠷᠠᠭᠤᠯᠪᠠ᠃ ᠦᠭᠡᠷᠡᠴᠢᠯᠡᠯᠳᠡ ᠨᠡᠭᠡᠭᠡᠯᠳᠡ ᠵᠢ ᠬᠦᠨᠵᠡᠭᠡᠢ᠌ᠷᠡᠬᠦᠯᠬᠦ᠂ ᠠᠷᠠᠯᠵᠢᠶ᠎ᠠ ᠬᠤᠳᠠᠯᠳᠤᠭ᠋ᠠᠨ᠎ᠤ ᠡᠵᠡᠩᠨᠡᠯᠳᠡ ᠵᠢᠨ ᠤᠷᠴᠢᠨ ᠳᠤᠭᠤᠷᠢᠨ᠎ᠢ ᠰᠢᠯᠢᠳᠡᠭᠵᠢᠬᠦᠯᠬᠦ᠎ᠪᠠᠷ ᠳᠠᠮᠵᠢᠭᠤᠯᠤᠨ ᠵᠠᠬ᠎ᠠ ᠳᠡᠯᠭᠡᠬᠦᠷ᠎ᠤᠨ ᠠᠮᠢᠵᠢᠷᠠᠯ᠎ᠤᠨ ᠬᠦᠴᠦᠨ᠎ᠢ ᠬᠦᠭᠵᠢᠭᠡᠵᠤ᠂ ᠤᠯᠠᠨ ᠵᠦᠢ᠍ᠯ᠎ᠤᠨ ᠠᠷᠭ᠎ᠠ ᠭᠡᠮᠵᠢᠶ᠎ᠡ᠎ᠪᠠᠷ ᠠᠵᠤ ᠠᠬᠤᠢ᠌ᠯᠠᠯ ᠢᠯᠠᠩᠭᠤᠶ᠎ᠠ ᠪᠠᠭ᠎ᠠ ᠵᠢᠵᠢᠭ ᠠᠵᠤ ᠠᠬᠤᠢ᠌ᠯᠠᠯ᠎ᠤᠨ ᠳᠠᠷᠤᠭ᠋ᠠᠰᠤ ᠵᠢ ᠦᠨᠡᠨ ᠪᠤᠳᠠᠳᠠᠢ ᠬᠦᠩᠭᠡᠷᠡᠬᠦᠯᠪᠡ᠃ ᠦᠢ᠍ᠯᠡᠰ ᠪᠤᠰᠬᠠᠵᠤ ᠰᠢᠨ᠎ᠠ ᠵᠢ ᠠ᠋ᠬᠦᠳᠬᠦ ᠵᠢ ᠳᠡᠮᠵᠢᠬᠦ᠎ᠪᠠᠷ ᠳᠠᠮᠵᠢᠭᠤᠯᠤᠨ ᠰᠢᠨ᠎ᠠ ᠬᠦᠳᠡᠯᠭᠡᠬᠦ ᠬᠦᠴᠦᠨ᠎ᠤ ᠪᠤᠢ᠌ᠵᠢᠯᠳᠠ ᠪᠠ ᠤᠯᠠᠮᠵᠢᠯᠯᠠᠳᠤ ᠬᠦᠳᠡᠯᠭᠡᠬᠦ ᠬᠦᠴᠦᠨ᠎ᠢ ᠦᠭᠡᠷᠡᠴᠢᠯᠡᠨ ᠳᠡᠰ ᠳᠡᠪᠰᠢᠬᠦᠯᠬᠦ ᠵᠢ ᠳᠦᠷᠭᠡᠳᠭᠡᠪᠡ᠃ ᠠᠷᠠᠳ᠎ᠤᠨ ᠦᠨᠳᠦᠰᠤᠨ ᠠᠮᠢᠳᠤᠷᠠᠯ᠎ᠢ ᠪᠠᠳᠤᠯᠠᠬᠤ ᠵᠢ ᠤᠯᠠᠮ ᠵᠶ᠋ᠡᠷ ᠴᠢᠬᠤᠯᠠᠴᠢᠯᠠᠨ᠂ ᠠᠷᠠᠳ᠎ᠤᠨ ᠠᠮᠢᠳᠤᠷᠠᠯ᠎ᠤᠨ ᠬᠦᠴᠢᠷᠳᠡᠯ᠎ᠢ ᠠᠯᠬᠤᠮ ᠠᠯᠬᠤᠮ ᠵᠶ᠋ᠡᠷ ᠰᠢᠢ᠍ᠳᠪᠤᠷᠢᠯᠡᠪᠡ᠃ ᠵᠠᠰᠠᠭ᠎ᠤᠨ ᠤᠷᠳᠤᠨ ᠬᠢᠭᠡᠳ ᠡᠯ᠎ᠡ ᠠᠷᠠᠳᠴᠢᠯᠠᠭᠰᠠᠨ ᠨᠠᠮ ᠪᠦᠯᠦᠭ᠎ᠤᠨ ᠳᠦᠪ ᠬᠤᠷᠢᠶ᠎ᠠ᠂ ᠪᠦᠬᠦ ᠤᠯᠤᠰ᠎ᠤᠨ ᠦᠢ᠍ᠯᠡᠳᠪᠤᠷᠢ ᠬᠤᠳᠠᠯᠳᠤᠭ᠋ᠠᠨ᠎ᠤ ᠬᠤᠯᠪᠤᠭ᠎ᠠ ᠵᠢᠨ ᠬᠠᠷᠢᠭᠤᠴᠠᠯᠭ᠋ᠠᠳᠠᠨ ᠪᠤᠯᠤᠨ ᠨᠠᠮ ᠪᠦᠯᠦᠭ᠎ᠤᠨ ᠪᠤᠰᠤ ᠬᠦᠮᠦᠨ᠎ᠤ ᠳᠦᠯᠦᠭᠡᠯᠡᠭᠴᠢ᠎ᠲᠠᠢ ᠰᠡᠳᠬᠢᠯ ᠨᠢᠭᠡᠳᠤᠨ ᠬᠠᠮᠵᠢᠯᠴᠠᠵᠤ᠂ ᠬᠠᠳᠠᠭᠤ ᠪᠡᠷᠭᠡᠰᠢᠶᠠᠯ᠎ᠢ ᠬᠠᠮᠳᠤ᠎ᠪᠠᠷ ᠳᠤᠭᠤᠯᠤᠨ᠂ ᠠᠵᠤ ᠠᠬᠤᠢ ᠨᠡᠢ᠌ᠭᠡᠮ᠎ᠤᠨ ᠦᠷᠬᠦᠯᠵᠢᠯᠡᠭᠰᠡᠨ ᠠ᠋ᠷᠡᠬᠦᠯ ᠬᠦᠭᠵᠢᠯᠳᠡ ᠵᠢ ᠠᠬᠢᠭᠤᠯᠤᠨ᠎ᠠ ᠭᠡᠵᠤ ᠭᠡᠯᠡᠪᠡ᠃
      ᠳᠦᠷᠦ ᠵᠢᠨ ᠶᠠᠪᠤᠳᠠᠯ᠎ᠤᠨ ᠬᠤᠷᠢᠶᠠᠨ᠎ᠤ ᠳᠡᠳ᠋ ᠶᠠᠷᠦᠩᠭᠡᠢ ᠰᠠᠢ᠌ᠳ ᠰᠦᠨ ᠴᠦᠨ ᠯᠠᠨ᠂ ᠬᠤ᠌ ᠴᠦᠨ ᠬᠤᠸᠠ᠂ ᠳᠦᠷᠦ ᠵᠢᠨ ᠶᠠᠪᠤᠳᠠᠯ᠎ᠤᠨ ᠭᠡᠰᠢᠬᠦᠨ ᠸᠸᠢ ᠹᠸᠩ ᠠ᠋ᠾᠸ᠂ ᠸᠠᠩ ᠶᠦᠩ᠂ ᠸᠠᠩ ᠢ᠂ ᠰᠢᠶᠤᠤ ᠵᠢᠶᠸ᠂ ᠳᠦᠪ᠎ᠤᠨ ᠨᠢᠭᠡᠳᠤᠮᠠᠯ ᠹᠷᠦᠨᠲ᠎ᠤᠨ ᠭᠡᠯᠳᠡᠰ᠎ᠤᠨ ᠳᠠᠷᠤᠭ᠎ᠠ ᠶᠢᠦ ᠴᠢᠦᠸᠠᠨ ᠶᠠᠷᠢᠯᠴᠠᠬᠤ ᠬᠤᠷᠠᠯ᠎ᠳᠤ ᠤᠷᠤᠯᠴᠠᠵᠠᠢ᠃






ᠢᠷᠡᠯᠲᠡ᠄
          
ᠬᠠᠮᠢᠶ᠎ᠡ ᠪᠦᠬᠦᠢ ᠰᠣᠨᠢᠨ
ᠯᠢ ᠺᠸ ᠴᠢᠶᠠᠩ᠄ ᠰᠠᠨᠠᠭᠰᠠᠨ ᠪᠤᠳᠤᠭᠰᠠᠨ ᠵᠶ᠋ᠡᠨ ᠠ᠋ᠷᠢᠶᠡᠯᠡᠯ ᠦᠭᠡᠢ ᠭᠡᠯᠡᠭᠡᠷᠡᠢ ᠭᠡᠪᠡ
ᠬᠠᠨ ᠵᠸᠩ ᠠ᠋ᠮᠴᠢᠯᠡᠭᠡᠨ᠎ᠤ ᠪᠠᠳᠤᠯᠠᠭ᠎ᠠ ᠵᠢᠨ ᠬᠤᠷᠠᠯ᠎ᠳᠤ ᠤᠷᠤᠯᠴᠠᠵᠤ ᠶᠠᠷᠢᠶ᠎ᠠ ᠳᠠᠯᠪᠢᠪᠠ
ᠯᠢ ᠺᠸ ᠴᠢᠶᠠᠩ ᠳᠤᠮᠳᠠᠳᠤ ᠤᠯᠤᠰ᠎ᠤᠨ ᠪᠠᠩᠬᠢ ᠳᠤᠮᠳᠠᠳᠤ ᠤᠯᠤᠰ᠎ᠤᠨ ᠦᠢ᠍ᠯᠡᠳᠪᠤᠷᠢ ᠬᠤᠳᠠᠯᠳᠤᠭ᠋ᠠᠨ᠎ᠤ ᠪᠠᠩᠬᠢ ᠳᠤᠮᠳᠠᠳᠤ ᠤᠯᠤᠰ᠎ᠤᠨ ᠪᠦᠳᠦᠭᠡᠨ ᠪᠠᠢ᠌ᠭᠤᠯᠤᠯᠳᠠ ᠵᠢᠨ ᠪᠠᠩᠬᠢ᠎ᠳᠤ ᠰᠢᠨᠵᠢᠯᠠᠨ ᠪᠠᠢ᠌ᠴᠠᠭ᠋ᠠᠭᠰᠠᠨ ᠪᠦᠭᠡᠳ ᠶᠠᠷᠢᠯᠴᠠᠬᠤ ᠬᠤᠷᠠᠯ ᠬᠢᠵᠡᠢ
ᠤᠯᠤᠰ᠎ᠤᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠦᠬᠢᠬᠦᠯᠦᠨ ᠱᠠᠩᠨᠠᠬᠤ ᠶᠡᠭᠡ ᠬᠤᠷᠠᠯ ᠳᠡᠭᠡᠷᠡᠬᠢ ᠶᠠᠷᠢᠶ᠎ᠠ (ᠳᠦᠬᠦᠮᠴᠢᠯᠠᠪᠠ)
ᠯᠢ ᠺᠸ ᠴᠢᠶᠠᠩ ᠪᠦᠬᠦ ᠤᠯᠤᠰ᠎ᠤᠨ ᠠᠶᠤᠯᠬᠦᠢ ᠦᠢ᠍ᠯᠡᠳᠪᠤᠷᠢᠯᠡᠯ᠎ᠤᠨ ᠲᠸᠯᠸᠢᠰ ᠤᠳᠠᠰᠤᠳᠤ ᠬᠤᠷᠠᠯ᠎ᠳᠤ ᠴᠢᠬᠤᠯᠠ ᠴᠤᠬᠤᠯᠠᠪᠤᠷᠢ ᠬᠢᠪᠡ
 
            